ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠳᠤᠮᠳᠠᠲᠤ᠎ᠶᠢᠨ ᠦᠨᠳᠦᠰᠦᠲᠡᠨ᠎ᠤ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤᠳᠬᠠᠶ᠎ᠠ
ᠨᠠᠰᠤᠨᠳᠠᠯᠠᠢ᠄ ᠠᠷᠠᠳ᠎ᠤᠨ ᠶᠠᠪᠤᠳᠠᠯ᠎ᠢ ᠤᠬᠠᠭᠤᠯᠬᠤ ᠪᠤᠯ 《ᠨᠡᠢ᠌ᠬᠡᠮ》 ᠰᠡᠳᠬᠦᠯ᠎ᠤᠨ ᠲᠠᠷᠬᠠᠨ ᠡᠬᠦᠷᠬᠡ
ᠨᠡᠶᠢᠲᠡᠯᠡᠭᠰᠡᠨ ᠴᠠᠭ᠄ 2022-02-18

 

                      ᠰᠠᠢ᠌᠊ · ᠰᠡᠴᠡᠨᠪᠠᠭ᠋ᠠᠳᠤᠷ ᠰᠤᠷᠪᠤᠯᠵᠢᠯᠠᠪᠠ

      ᠤᠤᠯ᠎ᠤᠨ 《ᠤᠷᠤᠭ ᠬᠡᠷ ᠪᠦᠯᠢ ᠨᠡᠢ᠌ᠬᠡᠮ》 ᠰᠡᠳᠬᠦᠯ᠎ᠢ ᠡᠬᠦᠰᠬᠡᠨ ᠪᠠᠢ᠌ᠭᠤᠯᠤᠬ᠍ᠴᠢ ᠂ ᠲᠤᠰ ᠰᠡᠳᠭᠦᠯ᠎ᠤᠨ ᠤᠤᠭ᠋ᠠᠨ ᠶᠡᠷᠦᠩᠬᠡᠢ ᠨᠠᠢ᠌ᠷᠠᠭᠤᠯᠤᠭᠴᠢ ᠨᠠᠰᠤᠨᠳᠠᠯᠠᠢ᠂ 1948 ᠤᠨ᠎ᠤ 12 ᠳ᠋ᠤᠭ᠋ᠠᠷ ᠰᠠᠷ᠎ᠠ᠎ᠳᠤ  ᠤᠤᠯ᠎ᠤᠨ ᠶᠡᠬᠡ ᠵᠣᠣ ᠠᠢ᠌ᠮᠠᠭ᠎ᠤᠨ ᠦᠤᠰᠢᠨ ᠬᠤᠰᠢᠭᠤᠨ᠎ᠤ ᠱᠠᠷᠯᠢᠭ ᠰᠤᠮᠤᠨ᠎ᠳᠤ ᠲᠦᠷᠤᠵᠡᠢ᠃ ᠶᠡᠬᠡ ᠰᠤᠷᠭ᠋ᠠᠭᠤᠯᠢ ᠵᠢᠨ ᠰᠤᠷᠤᠯᠭ᠎ᠠ ᠵᠢᠨ ᠨᠠᠮᠳᠠᠷ᠎ᠲᠠᠢ᠂ 1968 ᠤᠨ᠎ᠳᠤ ᠠᠵᠢᠯ᠎ᠳᠤ ᠤᠷᠤᠵᠤ᠂ 1970 ᠤᠨ᠎ᠳᠤ ᠲᠤᠮᠳᠠᠳᠤ ᠤᠯᠤᠰ᠎ᠤᠨ ᠡᠪ ᠬᠠᠮᠳᠤ ᠨᠠᠮ᠎ᠳᠤ ᠡᠯᠰᠡᠭᠳᠡᠪᠡ᠃ 1968 ᠤᠨ᠎ᠠᠴᠠ 1973 ᠤᠨ᠎ᠤ ᠬᠤᠭᠤᠷᠤᠨᠳᠤ ᠴᠡᠷᠢᠭ᠎ᠤᠨ ᠠᠯᠪᠠ ᠬᠠᠭ᠋ᠠᠵᠤ᠂ 1973 ᠤᠨ᠎ᠠᠴᠠ 1976 ᠤᠨ᠎ᠤ ᠬᠤᠭᠤᠷᠤᠨᠳᠤ ᠦᠪᠤᠷ ᠮᠤᠡᠭᠭᠤᠯ᠎ᠤᠨ ᠪᠠᠬᠰᠢ ᠵᠢᠨ ᠶᠡᠬᠡ ᠰᠤᠷᠭ᠋ᠠᠭᠤᠯᠢ᠎ᠳᠤ ᠰᠤᠷᠤᠯᠴᠠᠵᠠᠢ᠃ 1976 ᠤᠨ᠎ᠠᠴᠠ1981 ᠤᠨ ᠪᠤᠯᠳᠠᠯ᠎ᠠ ᠤᠯᠠᠭ᠋ᠠᠨᠴᠠᠪ ᠠᠢ᠌ᠮᠠᠭ᠎ᠤᠨ ᠲᠦᠷᠪᠡᠳ ᠬᠤᠰᠢᠭᠤᠨ ᠎ᠤ ᠰᠤᠶᠤᠯ ᠰᠤᠷᠭ᠋ᠠᠨ ᠬᠦᠮᠤᠵᠢᠯ᠎ᠤᠨ ᠲᠤᠪᠴᠢᠶᠠᠨ᠎ᠳᠤ ᠠᠵᠢᠯᠯᠠᠵᠤ᠂ 1981 ᠤᠨ᠎ᠠᠴᠠ 1983 ᠤᠨ ᠪᠤᠯᠳᠠᠯ᠎ᠠ ᠦᠪᠤᠷ ᠮᠤᠡᠭᠭᠤᠯ᠎ᠤᠨ ᠠᠷᠠᠳ᠎ᠤᠨ ᠶᠠᠪᠤᠳᠠᠯ᠎ᠤᠨ ᠲᠢᠡᠭᠭᠢᠮ᠎ᠤᠨ  ᠴᠡᠷᠢᠭ᠎ᠠᠴᠠ ᠬᠠᠯᠠᠭᠳᠠᠭᠰᠠᠳ᠎ᠢ  ᠲᠣᠬᠢᠷᠠᠭᠤᠯᠬᠤ ᠠᠯᠪᠠᠨ ᠭᠡᠷ᠎ᠲᠤ  ᠠᠵᠢᠯᠯᠠᠪᠠ ᠃ 1983  ᠤᠨ᠎ᠠᠴᠠ 1986 ᠤᠨ ᠪᠤᠯᠳᠠᠯ᠎ᠠ ᠦᠪᠤᠷ ᠮᠤᠡᠭᠭᠤᠯ᠎ᠤᠨ ᠠᠷᠠᠳ᠎ᠤᠨ ᠶᠠᠪᠤᠳᠠᠯ᠎ᠤᠨ ᠲᠢᠡᠭᠭᠢᠮ᠎ᠤᠨ ᠠᠷᠠᠳ᠎ᠤᠨ ᠶᠠᠪᠤᠳᠠᠯ᠎ᠤᠨ ᠭᠠᠵᠠᠷ᠎ᠤᠨ ᠲᠡᠳ᠋  ᠳᠠᠷᠤᠭ᠎ᠠ᠎ᠪᠠᠷ  ᠠᠵᠢᠯ ᠡᠷᠬᠢᠯᠡᠵᠦ ᠪᠠᠢ᠌ᠬᠰᠠᠨ ᠵᠶ᠋ᠡᠨ 1986 ᠤᠨ᠎ᠠᠴᠠ1999 ᠤᠨ ᠪᠤᠯᠳᠠᠯ᠎ᠠ ᠤᠷᠢᠳ ᠬᠤᠵᠢᠳ ᠦᠪᠤᠷ ᠮᠤᠡᠭᠭᠤᠯ᠎ᠤᠨ ᠠᠷᠠᠳ᠎ᠤᠨ ᠶᠠᠪᠤᠳᠠᠯ᠎ᠤᠨ ᠲᠢᠡᠭᠭᠢᠮ᠎ᠤᠨ ᠠᠷᠠᠳ᠎ᠤᠨ ᠶᠠᠪᠤᠳᠠᠯ᠎ᠤᠨ ᠭᠠᠵᠠᠷ᠂ ᠵᠠᠰᠠᠭ ᠵᠠᠬᠢᠷᠭ᠋ᠠᠨ᠎ᠤ ᠤᠷᠤᠨ ᠬᠤᠪᠢᠶᠠᠷᠢᠯᠠᠯ᠎ᠤᠨ ᠭᠠᠵᠠᠷ᠂ ᠨᠡᠢ᠌ᠬᠡᠮ᠎ᠤᠨ ᠪᠦᠯᠬᠦᠮ᠎ᠤᠨ ᠭᠠᠵᠠᠷ᠂ ᠦᠨᠳᠤᠰᠤᠨ ᠱᠠᠳᠤᠨ᠎ᠤ ᠵᠠᠰᠠᠭ᠎ᠤᠨ ᠡᠷᠬᠡ ᠵᠢᠨ ᠭᠠᠵᠠᠷ᠂ ᠨᠡᠢ᠌ᠬᠡᠮ᠎ᠤᠨ ᠶᠠᠪᠤᠳᠠᠯ᠎ᠤᠨ ᠭᠠᠵᠠᠷ᠂ ᠬᠦᠳᠡᠬᠡ ᠲᠤᠰᠬᠤᠨ ᠮᠠᠯᠵᠢᠬᠤ ᠤᠷᠤᠨ᠎ᠤ ᠨᠠᠰᠤᠵᠢᠯ᠎ᠤᠨ ᠲᠠᠭ᠋ᠠᠳᠬᠠᠯ᠎ᠤᠨ ᠭᠠᠵᠠᠷ᠎ᠤᠨ ᠲᠠᠷᠤᠭ᠎ᠠ ᠪᠠ 《ᠤᠷᠤᠭ ᠬᠡᠷ ᠪᠦᠯᠢ ᠨᠡᠢ᠌ᠬᠡᠮ》 ᠰᠡᠳᠬᠦᠯ᠎ᠤᠨ ᠶᠡᠷᠤᠡᠭᠭᠡᠢ ᠨᠠᠢ᠌ᠷᠠᠭᠤᠯᠤᠬ᠍ᠴᠢ ᠵᠢᠨ ᠲᠣᠰᠢᠶᠠᠯ᠎ᠢ ᠡᠬᠦᠷᠬᠡᠯᠡᠭᠰᠡᠨ ᠪᠠᠢ᠌ᠨ᠎ᠠ᠃ 1999 ᠤᠨ᠎ᠠᠴᠠ 2007 ᠤᠨ ᠪᠤᠯᠳᠠᠯ᠎ᠠ ᠦᠪᠤᠷ ᠮᠤᠡᠭᠭᠤᠯ᠎ᠤᠨ ᠦᠪᠡᠷᠳᠡᠬᠡᠨ ᠵᠠᠰᠠᠬᠤ ᠤᠷᠤᠨ᠎ᠤ ᠬᠦᠮᠦᠨ᠎ᠤ ᠬᠦᠴᠤᠨ᠎ᠤ ᠡᠬᠢ ᠪᠠᠶᠠᠯᠢᠭ ᠪᠠ ᠨᠡᠢ᠌ᠬᠡᠮ᠎ᠤᠨ ᠪᠠᠳᠤᠯᠠᠭ᠎ᠠ ᠵᠢᠨ ᠲᠢᠡᠭᠬᠢᠮ᠎ᠤᠨ ᠠᠵᠢᠯᠳᠠᠨ᠎ᠤ ᠶᠠᠪᠤᠳᠠᠯ ᠎ᠤᠨ ᠰᠤᠷᠭ᠋ᠠᠨᠨ ᠬᠦᠮᠤᠵᠢᠯ᠎ᠤᠨ ᠭᠠᠵᠠᠷ᠎ᠤᠨ ᠲᠠᠷᠤᠭ᠎ᠠ᠎ᠪᠠᠷ ᠠᠵᠢᠯᠯᠠᠵᠤ᠂ 2007 ᠤᠨ᠎ᠠᠴᠠ 2010 ᠤᠨ ᠪᠤᠯᠳᠠᠯ᠎ᠠ ᠦᠪᠤᠷ ᠮᠤᠡᠭᠭᠤᠯ᠎ᠤᠨ ᠰᠠᠬᠢᠯᠭ᠎ᠠ ᠪᠠᠳᠤ ᠪᠠᠢ᠌ᠴᠠᠭ᠋ᠠᠬᠤ  ᠬᠣᠷᠢᠶ᠎ᠠ ᠵᠢᠨ  ᠬᠦᠮᠦᠨ᠎ᠤ ᠬᠦᠴᠤᠨ᠎ᠤ ᠡᠬᠢ ᠪᠠᠶᠠᠯᠢᠭ ᠪᠠ ᠨᠡᠢ᠌ᠬᠡᠮ᠎ᠤᠨ ᠪᠠᠳᠤᠯᠠᠭ᠎ᠠ ᠵᠢᠨ ᠲᠢᠡᠭᠬᠢᠮ᠎ᠳᠤ ᠰᠠᠭᠤᠭ᠎ᠠ ᠰᠠᠬᠢᠯᠭ᠎ᠠ ᠪᠠᠳᠤ ᠪᠠᠢ᠌ᠴᠠᠭ᠋ᠠᠬᠤ ᠲᠤᠭᠤᠢ᠌ᠯᠠᠡᠭ᠎ᠤᠨ ᠲᠡᠳ᠋ ᠲᠠᠷᠤᠭ᠎ᠠ ᠪᠠ ᠪᠠᠢ᠌ᠴᠠᠭ᠋ᠠᠬᠤ ᠲᠠᠰᠤᠭ᠎ᠤᠨ ᠡᠷᠬᠢᠯᠡᠭᠴᠢ ᠵᠢᠨ ᠲᠤᠰᠢᠶᠠᠯ᠎ᠢ ᠬᠠᠪᠰᠤᠷᠭ᠋ᠠᠨ ᠬᠠᠷᠢᠭᠤᠴᠠᠪᠠ᠃ 2010 ᠤᠨ᠎ᠳᠤ ᠠᠵᠢᠯ᠎ᠠᠴᠠ᠎ᠪᠠᠨ ᠲᠠᠷᠬᠠᠯᠠᠬᠳᠠᠬᠰᠠᠨ᠎ᠤ ᠬᠤᠢ᠌ᠨ᠎ᠠ ᠦᠪᠤᠷ ᠮᠤᠡᠭᠭᠤᠯ᠎ᠤᠨ ᠰᠤᠶᠤᠯ ᠺᠢᠨᠣ᠋ ᠲᠸᠯᠸᠢᠰ ᠤᠷᠠᠯᠢᠭ᠎ᠤᠨ  ᠨᠡᠢ᠌ᠭᠡᠮᠯᠢᠭ᠎ᠤᠨ ᠪᠠᠢ᠌ᠡᠭᠭᠤ ᠵᠢᠨ ᠲᠡᠳ᠋ ᠬᠡᠷᠡᠭ  ᠳᠠᠷᠤᠭ᠎ᠠ ᠪᠠ ᠨᠠᠢ᠌ᠷᠠᠭᠤᠯᠬᠤ  ᠺᠣᠮᠢᠰ᠎ᠤᠨ ᠲᠡᠳ᠋ ᠡᠷᠬᠢᠯᠡᠭᠴᠢ᠂ ᠦᠪᠤᠷ ᠮᠤᠡᠭᠭᠤᠯ᠎ᠤᠨ ᠎ᠤ ᠬᠦᠳᠡᠯᠮᠤᠷᠢ ᠵᠢᠨ ᠪᠠᠳᠤᠯᠠᠭ᠎ᠠ ᠵᠢᠨ ᠨᠡᠢ᠌ᠬᠡᠮᠯᠢᠭ᠎ᠤᠨ ᠲᠡᠳ᠋ ᠨᠠᠷᠢᠨ ᠪᠢᠴᠢᠭ᠎ᠤᠨ ᠲᠠᠷᠤᠭ᠎ᠠ ᠪᠠ 《ᠦᠪᠤᠷ ᠮᠤᠡᠭᠭᠤᠯ᠎ᠤᠨ ᠬᠦᠳᠡᠯᠮᠤᠷᠢ ᠵᠢᠨ ᠪᠠᠳᠤᠯᠠᠭ᠎ᠠ》 ᠰᠡᠳᠬᠦᠯ᠎ᠤᠨ ᠲᠡᠳ᠋ ᠶᠡᠷᠤᠡᠭᠭᠡᠢ ᠨᠠᠢ᠌ᠷᠠᠭᠤᠯᠤᠬ᠍ᠴᠢ ᠵᠢᠨ ᠲᠤᠰᠢᠶᠠᠯ᠎ᠢ ᠬᠠᠪᠰᠤᠷᠭ᠋ᠠᠨ ᠬᠠᠷᠢᠭᠤᠴᠠᠪᠡ᠃

     ᠰᠠᠢ᠌᠊ · ᠰᠡᠴᠡᠨᠪᠠᠭ᠋ᠠᠳᠤᠷ᠄ ᠨᠠᠰᠤᠳᠠᠨ ᠲᠠ ᠰᠠᠢ᠌ᠬᠠᠨ ᠡᠪᠤᠯᠵᠢᠵᠤ ᠪᠠᠢ᠌ᠨ᠎ᠠ ᠤᠤ? ᠦᠨᠤ ᠵᠢᠯ ᠮᠠᠨ᠎ᠤ 《ᠨᠡᠢ᠌ᠬᠡᠮ》 ᠰᠡᠳᠬᠦᠯ᠎ᠳᠤ ᠲᠤᠭᠤᠷᠭ᠎ᠠ᠎ᠪᠠᠨ ᠪᠤᠰᠬᠠᠨ ᠲᠤᠯᠭ᠎ᠠ᠎ᠪᠠᠨ ᠮᠠᠨᠠᠬᠰᠠᠨ ᠪᠦᠳᠤᠨ ᠭᠤᠴᠢᠨ ᠵᠢᠯ᠎ᠤᠨ ᠤᠢ ᠲᠤᠬᠢᠶᠠᠵᠤ ᠪᠠᠢ᠌ᠭ᠎ᠠ ᠵᠢ ᠲᠠ ᠠᠨᠳᠠᠬᠤ ᠦᠬᠡᠢ ᠮᠡᠳᠡᠨ᠎ᠡ ᠳ᠋ᠠ᠃ ᠦᠨᠤᠳᠤᠷ 《ᠨᠡᠢ᠌ᠬᠡᠮ》 ᠰᠡᠳᠬᠦᠯ᠎ᠤᠨ ᠬᠤᠷᠢᠶᠠᠨ ᠲᠠᠷᠤᠭ᠎ᠠ᠂ ᠶᠡᠷᠤᠡᠭᠭᠡᠢ ᠨᠠᠢ᠌ᠷᠠᠭᠤᠯᠤᠬ᠍ᠴᠢ ᠬᠠᠢ ᠹᠸᠡᠭ ᠨᠦᠬᠦᠷ᠎ᠲᠠᠢ ᠬᠠᠮᠳᠤ ᠲᠠᠨ᠎ᠢ ᠪᠤᠯᠭᠤᠭ᠋ᠠᠨ ᠲᠤᠬᠤᠨᠢᠭᠤᠯᠬᠤ᠎ᠪᠠᠷ ᠢᠷᠡᠭᠰᠡᠨ ᠲᠠᠰᠢᠷᠠᠮ ᠵᠶ᠋ᠡᠷ ᠭᠤᠴᠢᠨ ᠵᠢᠯ᠎ᠤᠨ ᠡᠮᠤᠨᠡᠬᠢ ᠪᠠᠢ᠌ᠳᠠᠯ᠎ᠢ ᠲᠠᠨ᠎ᠠᠴᠠ ᠤᠢ᠌ᠯᠠᠭ᠋ᠠᠬᠤ ᠬᠦᠰᠡᠯ᠎ᠲᠠᠢ ᠢᠷᠡᠭᠰᠡᠨ ᠶᠤᠮ ᠳ᠋ᠠ᠃
   ᠨᠠᠰᠤᠨᠳᠠᠯᠠᠢ᠄ ᠪᠤᠯᠤᠯ ᠦᠬᠡᠢ ᠶᠠᠭ᠋ᠠᠬᠢᠬᠤ ᠪᠤᠢ? ᠴᠠᠭ ᠬᠤᠭᠤᠴᠠᠭ᠎ᠠ ᠭᠡᠵᠤ ᠦᠨᠡᠬᠡᠷ ᠬᠠᠷᠪᠤᠬᠰᠠᠨ ᠰᠤᠮᠤ ᠮᠡᠳᠤ ᠲᠦᠷᠬᠡᠨ ᠶᠤᠮ ᠪᠠᠢ᠌ᠨ᠎ᠠ᠃ ᠨᠢᠬᠡ ᠮᠡᠳᠡᠬᠦᠯ᠎ᠡ 《ᠤᠷᠤᠭ ᠬᠡᠷ ᠪᠦᠯᠢ ᠨᠡᠢ᠌ᠬᠡᠮ》 ᠰᠡᠳᠬᠦᠯ ᠭᠤᠴᠢᠨ ᠨᠠᠰᠤᠯᠠᠴᠢᠬᠠᠬᠰᠠᠨ ᠠᠵᠢ᠃  ᠪᠣᠳᠣᠪᠠᠯ ᠪᠢ ᠴᠢᠨᠢ ᠠᠵᠢᠯ᠎ᠠᠴᠠ ᠲᠠᠷᠬᠠᠯᠠᠬᠳᠠᠭ᠋ᠠᠳ ᠪᠠᠰᠨ ᠪᠦᠳᠤᠨ ᠠᠷᠪᠠᠨ ᠵᠢᠯ ᠪᠤᠯᠴᠢᠬᠠᠯ᠎ᠠ᠃
     1987 ᠤᠨ᠎ᠳᠤ ᠠᠯᠠᠱᠨ ᠠᠢ᠌ᠮᠠᠭ᠎ᠠᠴᠠ ᠦᠪᠤᠷ ᠮᠤᠡᠭᠭᠤᠯ᠎ᠤᠨ ᠠᠷᠠᠳ᠎ᠤᠨ ᠶᠠᠪᠤᠳᠠᠯ᠎ᠤᠨ ᠲᠢᠡᠭᠭᠢᠮ᠎ᠳᠤ ᠠᠵᠢᠯ ᠰᠢᠯᠵᠢᠵᠤ ᠢᠷᠡᠭᠰᠡᠨ ᠲᠢᠡᠭᠭᠢᠮ᠎ᠤᠨ ᠲᠠᠷᠤᠭ᠎ᠠ ᠯᠢᠤ ᠰᠢᠶᠤᠤ ᠸᠠᠡᠭ ᠨᠢᠬᠡ ᠤᠳᠠᠭ᠎ᠠ ᠨᠠᠳᠠ᠎ᠳᠤ᠄ 《ᠬᠦᠮᠦᠰ᠎ᠤᠨ ᠠᠡᠭᠬᠠᠷᠤᠯ ᠲᠠᠯᠪᠢᠳᠠᠭ ᠤᠷᠤᠭ ᠬᠡᠷ ᠪᠦᠯᠢ ᠨᠡᠢ᠌ᠬᠡᠮ᠎ᠤᠨ ᠬᠠᠮᠢᠶ᠎ᠠ᠎ᠲᠠᠢ ᠠᠭᠤᠯᠭ᠎ᠠ ᠵᠢ ᠪᠠᠬᠳᠠᠭ᠋ᠠᠬᠰᠠᠨ ᠮᠠᠯᠴᠢᠨ ᠲᠠᠷᠢᠶᠠᠴᠢᠨ᠎ᠳᠤ ᠬᠠᠨᠳᠤᠭᠤᠯᠤᠬᠰᠠᠨ ᠮᠤᠡᠭᠭᠤᠯ ᠰᠡᠳᠬᠦᠯ ᠭᠠᠷᠭ᠋ᠠᠪᠠᠯ ᠶᠠᠮᠠᠷ?》 ᠬᠡᠰᠡᠨ ᠰᠠᠨᠠᠭᠤᠯᠭ᠎ᠠ ᠲᠠᠯᠪᠢᠪᠠ᠃ ᠢᠡᠭᠭᠢᠬᠡᠳ ᠯᠨ ᠮᠠᠨ᠎ᠤ ᠰᠡᠳᠬᠦᠯ ᠡᠷᠬᠢᠯᠡᠬᠦ ᠠᠶᠠᠨ ᠎ᠤ ᠭᠠᠷᠤᠭ᠎ᠠ ᠡᠬᠢᠯᠡᠵᠢ ᠪᠢᠯᠨ᠃
    ᠲᠡᠷᠨ ᠦᠶ᠎ᠡ᠎ᠳᠤ ᠰᠡᠳᠬᠦᠯ᠎ᠤᠨ ᠳ᠋ᠤᠭ᠋ᠠᠷ ᠤᠯᠬᠤ ᠵᠢ ᠪᠠᠢ᠌ᠴᠢᠬ᠎ᠠ᠂ ᠵᠠᠷᠢᠮ ᠰᠤᠨᠢᠨ ᠰᠡᠳᠬᠦᠯ᠎ᠢ ᠬᠠᠰᠤᠬᠤ ᠵᠢ᠎ᠨᠢ ᠬᠠᠰᠤᠵᠤ ᠨᠡᠢ᠌ᠯᠡᠬᠦᠯᠬᠦ ᠵᠢ ᠨᠡᠢ᠌ᠯᠡᠬᠦᠯᠵᠤ ᠪᠠᠢ᠌ᠬᠰᠠᠨ ᠦᠶ᠎ᠡ ᠪᠤᠯᠬᠤᠷ ᠰᠡᠳᠬᠦᠯ ᠡᠷᠬᠢᠯᠡᠬᠦ ᠡᠷᠬᠡ ᠵᠢ ᠤᠯᠬᠤ ᠎ᠳᠤ ᠲᠡᠢ᠌ᠮᠤ ᠠᠮᠠᠷ ᠦᠬᠡᠢ᠃ ᠤᠭ᠎ᠨᠢ ᠦᠪᠤᠷ ᠮᠤᠡᠭᠭᠤᠯ᠎ᠤᠨ ᠦᠪᠡᠷᠳᠡᠬᠡᠨ ᠵᠠᠰᠠᠬᠤ ᠤᠷᠤᠨ ᠵᠦᠪᠰᠢᠶᠷᠡᠬᠦ ᠡᠷᠬᠡ᠎ᠲᠠᠢ ᠪᠠᠢ᠌ᠬᠰᠠᠨ ᠪᠤᠯᠪᠠᠴᠤ ᠲᠡᠷᠨ ᠦᠶ᠎ᠡ᠎ᠳᠤ ᠲᠦᠪ᠎ᠤᠨ ᠰᠤᠨᠢᠨ ᠮᠡᠳᠡᠬᠡ ᠬᠡᠪᠯᠡᠯ᠎ᠤᠨ ᠶᠡᠷᠤᠡᠭᠭᠡᠢ ᠵᠠᠬᠢᠷᠭ᠎ᠠ᠎ᠠᠴᠠ ᠵᠦᠪᠰᠢᠶᠡᠷᠡᠯ ᠠᠪᠳᠠᠭ ᠪᠤᠯᠵᠠᠢ᠃ ᠡᠬᠢᠯᠡᠬᠡᠳ ᠦᠪᠤᠷ ᠮᠤᠡᠭᠭᠤᠯ᠎ᠤᠨ ᠦᠪᠡᠷᠳᠡᠬᠡᠨ ᠵᠠᠰᠠᠬᠤ ᠤᠷᠤᠨ᠎ᠤ ᠠᠷᠠᠳ᠎ᠤᠨ ᠶᠠᠪᠤᠳᠠᠯ᠎ᠤᠨ ᠲᠢᠡᠭᠭᠢᠮ ᠵᠶ᠋ᠡᠷ ᠵᠦᠪᠰᠢᠶᠷᠡᠬᠦᠯᠵᠤ᠂ ᠦᠪᠤᠷ ᠮᠤᠡᠭᠭᠤᠯ᠎ᠤᠨ ᠠᠷᠠᠳ᠎ᠤᠨ ᠵᠠᠰᠠᠭ᠎ᠤᠨ ᠤᠷᠳᠤᠨ᠎ᠳᠤ ᠮᠡᠳᠡᠬᠦᠯᠦᠭᠰᠡᠨ᠎ᠳᠤ ᠠᠵᠤ ᠠᠬᠤᠢ ᠵᠢᠨ ᠵᠠᠷᠤᠳᠠᠯ ᠪᠠ ᠤᠷᠤᠨ ᠲᠤᠭ᠎ᠠ ᠵᠢ ᠰᠢᠢ᠍ᠳᠪᠤᠷᠢᠯᠡᠵᠤ ᠲᠡᠢ᠌ᠯᠬᠦ ᠦᠬᠡᠢ᠂ ᠬᠡᠪᠡᠴᠤ ᠵᠦᠪᠰᠢᠶᠡᠷᠡᠬᠦᠯᠦᠬᠡᠳ ᠦᠪᠡᠷ ᠵᠶ᠋ᠡᠨ ᠬᠢᠵᠤ ᠪᠤᠯᠤᠨ᠎ᠠ ᠬᠡᠪᠡ᠃ ᠢᠡᠭᠭᠢᠬᠡᠳ ᠦᠪᠤᠷ ᠮᠤᠡᠭᠭᠤᠯ᠎ᠤᠨ ᠰᠤᠨᠢᠨ ᠮᠡᠳᠡᠬᠡ ᠬᠡᠪᠯᠡᠯ᠎ᠤᠨ  ᠳᠣᠪᠴᠢᠶ᠎ᠠ᠎ᠪᠠᠷ ᠵᠦᠪᠰᠢᠶᠡᠷᠡᠬᠦᠯᠦᠭᠰᠡᠨ᠎ᠤ ᠲᠠᠷᠠᠭ᠎ᠠ ᠦᠪᠤᠷ ᠮᠤᠡᠭᠭᠤᠯ᠎ᠤᠨ ᠨᠠᠮ᠎ᠤᠨ ᠬᠤᠷᠢᠶᠠᠨ᠎ᠤ ᠤᠬᠠᠭᠤᠯᠬᠤ ᠬᠡᠯᠳᠡᠰ᠎ᠤᠨ ᠵᠦᠪᠰᠢᠶᠡᠷᠡᠯ᠎ᠢ ᠠᠪᠤᠭ᠋ᠠᠳ ᠰᠤᠨᠢᠨ ᠮᠡᠳᠡᠬᠡ ᠬᠡᠪᠯᠡᠯ᠎ᠤᠨ  ᠶᠡᠷᠦᠩᠬᠡᠢ ᠵᠠᠬᠢᠷᠭ᠎ᠠ᠎ᠳᠤ ᠬᠡᠳᠤᠨᠳᠡ ᠬᠦᠶᠤᠵᠤ ᠪᠠᠢ᠌ᠮᠠᠨ ᠵᠦᠪᠰᠢᠶᠡᠷᠡᠬᠦᠯᠵᠤ᠂ ᠰᠡᠳᠬᠦᠯ᠎ᠤᠨ ᠳ᠋ᠤᠭ᠋ᠠᠷ᠎ᠢ ᠤᠯᠤᠬᠰᠠᠨ ᠶᠤᠮ᠃
    ᠠᠡᠭᠬᠠᠨ᠎ᠤ ᠳ᠋ᠤᠭ᠋ᠠᠷ᠎ᠢ ᠲᠦᠰᠦᠪᠯᠡᠨ ᠬᠢᠬᠦ ᠶᠠᠪᠤᠴᠨ᠎ᠳᠤ ᠪᠢ ᠭᠠᠵᠠᠷ᠎ᠤᠨ ᠲᠠᠷᠤᠭ᠎ᠠ ᠪᠠᠢ᠌ᠬᠰᠠᠨ ᠪᠤᠯᠬᠤᠷ ᠰᠡᠳᠬᠦᠯ᠎ᠤᠨ ᠠᠵᠢᠯ᠎ᠢ ᠭᠠᠷᠳᠠᠵᠤ ᠬᠢᠬᠦ ᠵᠠᠪ ᠠᠯᠠᠭ᠎ᠠ ᠲᠤᠯᠨ ᠦᠪᠤᠷ ᠮᠤᠡᠭᠭᠤᠯ ᠎ᠤᠨ ᠤᠳᠬ᠎ᠠ ᠤᠷᠠᠯᠢᠭ᠎ᠤᠨ᠎ᠬᠢᠨ᠎ᠤ ᠬᠤᠯᠪᠤᠭ᠎ᠠ᠎ᠠᠴᠠ ᠮᠦᠡᠭᠭᠡᠨᠠᠰᠤᠨ᠎ᠢ  ᠵᠢᠭᠡᠯᠡᠨ ᠠᠪᠴᠢᠷᠠᠵᠤ ᠵᠠᠷᠤᠪᠠ᠃ ᠬᠡᠬᠦ᠎ᠳᠤ᠎ᠪᠠᠨ ᠶᠠᠮᠠᠷ ᠶᠠᠮᠠᠷ ᠪᠤᠯᠤᠡᠭ ᠭᠠᠷᠭ᠋ᠠᠬᠤ᠂ ᠪᠤᠯᠤᠡᠭ᠎ᠤᠨ ᠠᠭᠤᠯᠭ᠎ᠠ ᠵᠢ ᠬᠡᠷᠬᠢᠨ ᠲᠤᠬᠢᠷᠠᠭᠤᠯᠬᠤ᠂ ᠨᠢᠭᠤᠷ  ᠬᠠᠪᠢᠰᠦ ᠵᠢ ᠶᠠᠭ᠋ᠠᠬᠢᠵᠤ ᠬᠢᠬᠦ  ᠠᠵᠢᠯ᠎ᠳᠤ ᠪᠢ ᠪᠡᠶᠡᠳᠡᠨ ᠤᠷᠤᠯᠴᠠᠬᠰᠠᠨ ᠪᠦᠬᠡᠳ ᠰᠡᠳᠬᠦᠯ᠎ᠤᠨ ᠭᠠᠳᠠᠷ  ᠬᠠᠪᠢᠰᠤ ᠵᠢ ᠦᠪᠤᠷ ᠮᠤᠡᠭᠭᠤᠯ᠎ᠤᠨ ᠪᠠᠬᠰᠢ ᠵᠢᠨ ᠶᠡᠬᠡ ᠰᠤᠷᠭ᠋ᠠᠭᠤᠯᠢ ᠵᠢᠨ ᠬᠮᠠᠳᠤ ᠰᠤᠷᠤᠬ᠍ᠴᠢ᠂ ᠲᠤᠬᠠᠢ ᠵᠢᠨ ᠦᠶ᠎ᠡ᠎ᠳᠤ 《ᠦᠪᠤᠷ ᠮᠤᠡᠭᠭᠤᠯ᠎ᠤᠨ ᠡᠳᠤᠷ᠎ᠤᠨ ᠰᠤᠨᠢᠨ》᠎ᠤ ᠬᠤᠷᠢᠶᠠᠨ᠎ᠤ ᠵᠢᠷᠤᠭ᠎ᠤᠨ ᠨᠠᠢ᠌ᠷᠠᠭᠤᠯᠤᠬ᠍ᠴᠢ ᠪᠠᠢ᠌ᠬᠰᠠᠨ ᠮᠦᠡᠭᠭᠡᠨᠠᠰᠤᠨ ᠵᠶ᠋ᠡᠷ ᠬᠢᠯᠭᠡᠭᠰᠡᠨ ᠶᠤᠮ᠃
     ᠰᠡᠳᠬᠦᠯ ᠡᠷᠬᠢᠯᠡᠬᠦ ᠲᠤᠰᠬᠠᠢ ᠪᠡᠯᠨ ᠮᠦᠡᠭᠭᠦ ᠦᠬᠡᠢ᠂ ᠠᠵᠢᠯᠳᠠᠨ᠎ᠤ ᠤᠷᠤᠨ ᠲᠤᠭ᠎ᠠ ᠦᠬᠡᠢ ᠨᠦᠬᠦᠴᠡᠯ ᠪᠠᠢ᠌ᠳᠠᠯ ᠲᠤᠤᠷ᠎ᠠ᠂ 1991᠎ᠳᠤ 《ᠤᠷᠤᠭ ᠬᠡᠷ ᠪᠦᠯᠢ ᠨᠡᠢ᠌ᠬᠡᠮ》 ᠬᠡᠮᠡᠬᠦ ᠰᠡᠳᠬᠦᠯ᠎ᠤᠨ ᠤᠤᠭ᠋ᠠᠨ ᠳ᠋ᠤᠭ᠋ᠠᠷ ᠤᠡᠭᠰᠢᠬ᠍ᠴᠢᠳ᠎ᠲᠠᠢ ᠵᠤᠯᠭ᠋ᠠᠯ᠎ᠠ᠃ ᠲᠦᠮᠡᠨ ᠠᠯᠬᠤᠮ᠎ᠤᠨ ᠲᠦᠷᠤᠬᠦᠤ ᠠᠯᠬᠤᠮ ᠬᠡᠴᠡᠬᠦᠤ ᠪᠤᠯᠪᠠᠴᠤ ᠤᠯᠠᠨ᠎ᠤ ᠬᠦᠴᠤᠨ᠎ᠳᠤ ᠤᠪᠤᠭ᠎ᠠ ᠪᠤᠰᠤᠨ᠎ᠠ ᠬᠡᠳᠡᠭ ᠡᠨᠡ ᠳ᠋ᠠ᠃
      ᠰᠠᠢ᠌᠊ · ᠰᠡᠴᠡᠨᠪᠠᠭ᠋ᠠᠳᠤᠷ᠄ 《ᠤᠷᠤᠭ ᠬᠡᠷ ᠪᠦᠯᠢ ᠨᠡᠢ᠌ᠬᠡᠮ》 ᠰᠡᠳᠬᠦᠯ ᠮᠠᠨᠢ ᠤᠳᠤ 《ᠨᠡᠢ᠌ᠬᠡᠮ》 ᠬᠡᠬᠦ ᠲᠦᠬᠦᠮ ᠠᠪᠰᠠᠷᠬᠠᠨ ᠨᠡᠷ᠎ᠡ᠎ᠲᠠᠢ ᠪᠤᠯᠵᠤ᠂ ᠠᠷᠪᠠᠭ᠋ᠠᠳ ᠬᠦᠮᠦᠨ᠎ᠲᠠᠢ ᠪᠤᠯᠵᠤ ᠴᠠᠭ ᠦᠶ᠎ᠡ᠎ᠲᠠᠢ ᠠᠯᠬᠤᠭ᠎ᠠ ᠨᠡᠢ᠌ᠯᠡᠨ ᠤᠷᠤᠬᠰᠢᠯᠠᠵᠤ ᠪᠠᠢ᠌ᠨ᠎ᠠ᠃ ᠶᠠᠷᠢᠬᠤ᠎ᠠᠴᠠ ᠠᠷᠪᠠᠭ᠋ᠠᠳ ᠬᠦᠮᠦᠨ ᠪᠤᠯᠤᠨ ᠬᠦᠭᠵᠢᠳᠡᠯ᠎ᠡ ᠶᠠᠭᠤ ᠵᠢ ᠲᠤᠭᠤᠯᠪᠠ?
      ᠨᠠᠰᠤᠨᠳᠠᠯᠠᠢ᠄ 1991 ᠤᠨ᠎ᠤ ᠶᠢᠰᠤᠨ ᠰᠠᠷ᠎ᠠ᠎ᠳᠤ ᠮᠢᠨᠤ ᠲᠠᠷᠠᠭ᠎ᠠ ᠶᠡᠷᠤᠡᠭᠭᠡᠢ ᠨᠠᠢ᠌ᠷᠠᠭᠤᠯᠤᠬ᠍ᠴᠢ ᠪᠤᠯᠤᠬᠰᠠᠨ ᠮᠦᠡᠭᠭᠡᠨᠠᠰᠤᠨ᠎ᠢ ᠦᠪᠤᠷ ᠮᠤᠡᠭᠭᠤᠯ᠎ᠤᠨ ᠤᠳᠬ᠎ᠠ ᠤᠷᠠᠯᠢᠭ᠎ᠤᠨ᠎ᠬᠢᠨ᠎ᠤ ᠬᠤᠯᠪᠤᠭ᠎ᠠ᠎ᠠᠴᠠ ᠠᠵᠢᠯ ᠰᠢᠯᠵᠢᠬᠦᠯᠵᠤ ᠠᠪᠴᠢᠷᠠᠬᠰᠠᠨ᠃ ᠲᠠᠷᠠᠭ᠎ᠠ᠎ᠨᠢ ᠪᠡᠰᠤᠳᠠᠢ ᠬᠠᠰᠪᠢᠯᠢᠭ᠌ ᠴᠦ᠍ ᠮᠠᠨ᠎ᠤ ᠡᠨᠳᠡ ᠠᠵᠢᠯ ᠬᠤᠪᠢᠶᠠᠬᠳᠠᠵᠤ ᠢᠷᠡᠭᠰᠡᠨ᠃ ᠪᠢ ᠬᠡᠳᠦᠢ᠌ᠪᠡᠷ ᠶᠡᠷᠤᠡᠭᠭᠡᠢ ᠨᠠᠢ᠌ᠷᠠᠭᠤᠯᠤᠬ᠍ᠴᠢ ᠪᠤᠯᠪᠠᠴᠤ ᠡᠨᠡ ᠬᠤᠶᠠᠷ ᠵᠠᠯᠠᠭᠤ ᠶᠡᠬᠡ ᠴᠢᠷᠮᠠᠢ᠌ᠬᠰᠠᠨ᠃ ᠮᠡᠷᠬᠡᠵᠢᠯ᠎ᠨᠢ ᠨᠠᠳᠠ᠎ᠠᠴᠠ ᠦᠨᠳᠤᠷ ᠲᠤᠯᠨ ᠭᠤᠤᠯ᠎ᠨᠢ ᠲᠡᠷᠨ ᠬᠤᠶᠠᠷ᠎ᠢ ᠲᠦᠰᠢᠭᠯᠡᠵᠤ ᠪᠠᠢ᠌ᠪᠠ᠃  ᠳᠡᠭᠡᠷ᠎ᠡ ᠵᠠᠭᠤᠨ᠎ᠤ ᠶᠡᠷᠡᠬᠡᠳ ᠤᠨ᠎ᠳᠤ ᠤᠯᠵᠤ ᠠᠯᠳᠠᠬᠤ᠎ᠪᠠᠨ ᠦᠪᠡᠷ ᠵᠶ᠋ᠡᠨ ᠬᠠᠷᠢᠭᠤᠴᠠᠵᠤ ᠪᠠᠢ᠌ᠬᠰᠠᠨ ᠪᠤᠯᠬᠤᠷ ᠰᠡᠳᠬᠦᠯ᠎ᠤᠨ ᠲᠠᠷᠬᠠᠭ᠋ᠠᠯᠳᠠ ᠬᠠᠮᠤᠭ  ᠤᠯᠠᠨ᠎ᠳᠤ ᠎ᠪᠠᠨ ᠬᠤᠶᠠᠷ ᠲᠦᠮᠨ ᠰᠢᠬᠠᠵᠤ ᠪᠠᠢ᠌ᠯ᠎ᠠ ᠰᠢᠤ᠃ ᠮᠤᠡᠭᠭᠤᠯ ᠰᠡᠳᠬᠦᠯ᠎ᠤᠨ ᠬᠤᠪᠢ᠎ᠳᠤ ᠡᠨᠡ ᠪᠤᠯ ᠮᠤᠨᠳᠠᠭ ᠲᠤᠭ᠎ᠠ᠃ ᠰᠡᠬᠦᠯᠡᠷ᠎ᠨᠢ ᠰᠡᠴᠡᠡᠭᠭᠤᠸ᠎ᠠ᠂ ᠰᠡᠴᠡᠨ ᠬᠤᠶᠠᠷ ᠢᠷᠡᠬᠡᠳ ᠮᠥᠨ ᠰᠠᠢ᠌ᠨ ᠠᠵᠢᠯᠯᠠᠬᠰᠠᠨ ᠶᠤᠮ ᠳ᠋ᠠ᠃
      ᠬᠡᠨ ᠬᠡᠨ ᠶᠠᠭ᠋ᠠᠬᠢᠵᠤ ᠴᠢᠷᠮᠠᠢ᠌ᠯ᠎ᠠ ᠭᠡᠵᠤ ᠬᠡᠯᠡᠬᠦ ᠵᠢᠨ ᠴᠠᠭ᠋ᠠᠨ᠎ᠠ ᠨᠠᠮ ᠵᠠᠰᠠᠭ᠂ ᠤᠳᠤᠷᠢᠳᠤᠯᠭ᠎ᠠ ᠵᠢᠨ ᠲᠡᠮᠵᠢᠯᠬᠡ ᠵᠢ ᠶᠠᠷᠢᠬᠤ ᠦᠬᠡᠢ ᠪᠠᠢ᠌ᠵᠤ ᠪᠤᠯᠬᠤ ᠦᠬᠡᠢ ᠰᠢᠤ᠃ ᠮᠠᠨ᠎ᠤ ᠰᠡᠳᠬᠦᠯ ᠪᠤᠯ ᠨᠠᠮ᠎ᠤᠨ ᠦᠨᠳᠤᠰᠤᠳᠡᠨ᠎ᠤ ᠲᠦᠷᠤ ᠵᠢᠨ ᠪᠤᠳᠤᠯᠭ᠎ᠠ ᠵᠢᠨ ᠲᠤᠶᠠᠭ᠋ᠠᠯᠠᠯ ᠲᠤᠤᠷ᠎ᠠ ᠮᠡᠨᠳᠤᠯᠡᠭᠰᠡᠨ ᠶᠤᠮ ᠡ᠃
      ᠰᠠᠢ᠌᠊ · ᠰᠡᠴᠡᠨᠪᠠᠭ᠋ᠠᠳᠤᠷ᠄ ᠲᠠ ᠴᠠᠭ ᠵᠠᠪ ᠵᠶ᠋ᠡᠷ ᠵᠶ᠋ᠡᠨ 《ᠨᠡᠢ᠌ᠬᠡᠮ》 ᠰᠡᠳᠬᠦᠯ ᠵᠶ᠋ᠡᠨ ᠤᠡᠭᠰᠢᠵᠤ ᠪᠠᠢ᠌ᠨ᠎ᠠ ᠤᠤ?
     ᠨᠠᠰᠤᠨᠳᠠᠯᠠᠢ᠄ ᠬᠠᠭᠤᠳᠠᠰᠤ ᠲᠠᠷᠠᠭ᠋ᠠᠯᠠᠨ ᠤᠡᠭᠰᠢᠵᠤ ᠪᠠᠢ᠌ᠨ᠎ᠠ ᠬᠡᠪᠡᠯ ᠬᠤᠳᠠᠯ ᠦᠬᠡ᠃ ᠬᠡᠬᠦ᠎ᠳᠤ ᠤᠯᠳᠠᠬᠤ ᠵᠢᠨ ᠬᠢᠷᠢ᠎ᠪᠠᠷ ᠤᠷᠪᠠᠭᠤᠯᠵᠤ ᠯᠨ ᠪᠠᠢ᠌ᠨ᠎ᠠ᠃ ᠰᠡᠳᠬᠦᠯ᠎ᠤᠨ ᠦᠡᠭᠭᠡ ᠲᠦᠷᠰᠤ᠂ ᠠᠭᠤᠯᠭ᠎ᠠ᠎ᠠᠴᠠ ᠡᠬᠢᠯᠡᠬᠡᠳ ᠶᠡᠬᠡᠬᠡᠨ ᠬᠤᠪᠢᠷᠠᠯᠳᠠ᠎ᠲᠠᠢ ᠪᠦᠬᠡᠳ ᠠᠷᠠᠳ᠎ᠤᠨ ᠶᠠᠪᠤᠳᠠᠯ᠎ᠲᠠᠢ ᠶᠠᠪᠤᠬᠤ ᠲᠤᠳᠤᠮ ᠤᠢ᠌ᠷ᠎ᠠ ᠰᠢᠳᠠᠷ ᠪᠤᠯᠵᠤ ᠪᠠᠢ᠌ᠨ᠎ᠠ᠂ ᠡᠨᠡ ᠲᠠᠭ᠋ᠠᠷᠠᠨ᠎ᠠ᠃ ᠰᠡᠳᠬᠦᠯ᠎ᠳᠤ ᠦᠪᠡᠷ ᠦᠪᠡᠷ᠎ᠤᠨ ᠤᠨᠴᠠᠯᠢᠭ ᠰᠢᠨᠵᠢ᠂ ᠪᠠᠢ᠌ᠷᠢ ᠲᠤᠬᠳᠠᠭ᠋ᠠᠯᠳᠠ ᠪᠠᠢ᠌ᠬᠤ ᠬᠡᠷᠡᠭᠳᠡᠢ᠂ ᠵᠢᠱ᠌ᠢᠶᠡᠯᠡᠬᠡᠳ ᠬᠡᠯᠡᠬᠦ᠎ᠳᠤ 《ᠦᠪᠤᠷ ᠮᠤᠡᠭᠭᠤᠯ ᠵᠢᠨ ᠮᠠᠯ ᠠᠵᠤ ᠠᠬᠤᠢ》 ᠮᠠᠯ ᠠᠵᠤ ᠠᠬᠤᠢ ᠵᠢ ᠤᠬᠠᠭᠤᠯᠤᠭ᠂ ᠪᠢᠳᠡ ᠬᠠᠷᠢᠨ ᠠᠷᠠᠳ᠎ᠤᠨ ᠶᠠᠪᠤᠳᠠᠯ᠎ᠲᠠᠢ ᠬᠤᠯᠪᠤᠬᠳᠠᠬᠰᠠᠨ ᠵᠦᠢ᠍ᠯ᠎ᠢ ᠭᠤᠤᠯ ᠪᠤᠯᠭ᠋ᠠᠬᠤ᠎ᠨᠢ ᠴᠢᠬᠤᠯᠨ᠃ ᠠᠷᠠᠳ᠎ᠤᠨ ᠶᠠᠪᠤᠳᠠᠯ᠎ᠢ ᠤᠬᠠᠭᠤᠯᠬᠤ ᠪᠤᠯ 《ᠨᠡᠢ᠌ᠬᠡᠮ》 ᠰᠡᠳᠬᠦᠯ᠎ᠤᠨ ᠲᠠᠷᠬᠠᠨ ᠡᠬᠦᠷᠬᠡ  ᠶᠤᠮ ᠃
     ᠲᠠᠰᠢᠷᠠᠮ᠎ᠳᠤ ᠵᠦᠪᠯᠡᠬᠦ᠎ᠳᠤ᠄ ᠮᠠᠯᠴᠢᠨ ᠲᠠᠷᠢᠶᠠᠴᠢᠨ᠎ᠳᠤ ᠠᠷᠠᠳ᠎ᠤᠨ ᠶᠠᠪᠤᠳᠠᠯ᠎ᠲᠠᠢ ᠬᠤᠯᠪᠤᠬᠳᠠᠬᠰᠠᠨ ᠲᠦᠷᠤ ᠵᠢᠨ ᠪᠤᠳᠤᠯᠭ᠎ᠠ ᠵᠢᠨ ᠬᠠᠷᠠᠭ᠋ᠠᠯᠵᠠᠯ᠂ ᠨᠦᠬᠦᠪᠤᠷᠢ ᠵᠢᠨ ᠵᠦᠢ᠍ᠯ᠎ᠢ ᠲᠠᠨᠢᠯᠴᠠᠭᠤᠯᠬᠤ᠎ᠠᠴᠠ ᠭᠠᠳᠠᠨ᠎ᠠ᠂ ᠬᠡᠷ ᠪᠦᠯᠢ ᠵᠢᠨ ᠬᠦᠮᠤᠵᠢᠯ᠂ ᠬᠡᠷ ᠪᠦᠯᠢ ᠵᠢᠨ ᠬᠠᠮᠢᠶᠠᠷᠤᠯᠳᠠ᠂ ᠬᠡᠷ ᠪᠦᠯᠢ ᠵᠢᠨ ᠡᠵᠡᠡᠭᠨᠡᠯᠳᠡ᠂ ᠬᠡᠷ ᠪᠦᠯᠢ ᠵᠢᠨ ᠬᠦᠮᠦᠰ᠎ᠤᠨ ᠬᠤᠭᠤᠷᠤᠨᠳᠤᠬᠢ ᠬᠠᠷᠢᠴᠠᠭ᠎ᠠ᠂ ᠡᠬᠦᠨ᠎ᠠᠴᠠ ᠠᠬᠢᠭᠤᠯᠤᠭ᠋ᠠᠳ ᠪᠠᠢ᠌ᠭ᠋ᠠᠯᠢ ᠠᠬᠤᠢ᠎ᠪᠠᠨ ᠬᠠᠮᠠᠭ᠋ᠠᠯᠠᠬᠤ ᠲᠤᠬᠠᠢ ᠪᠠᠭ᠎ᠠ ᠰᠠᠭ᠎ᠠ ᠴᠦ᠍ ᠪᠤᠯᠪᠠ ᠤᠬᠠᠭᠤᠯᠵᠤ ᠪᠠᠢ᠌ᠭ᠋ᠠᠷᠠᠢ᠂ ᠠᠭ᠋ᠠᠵᠢᠮ᠎ᠳᠤ᠎ᠪᠠᠨ ᠶᠡᠬᠡ ᠶᠠᠭᠤᠮ᠎ᠠ ᠪᠤᠯᠤᠨ᠎ᠠ᠃
       ᠰᠠᠢ᠌᠊ · ᠰᠡᠴᠡᠨᠪᠠᠭ᠋ᠠᠳᠤᠷ᠄ ᠴᠠᠭ ᠤᠷᠤᠢ ᠪᠤᠯᠵᠤ ᠪᠠᠢ᠌ᠭ᠎ᠠ ᠤᠴᠢᠷ᠎ᠠᠴᠠ ᠰᠤᠷᠪᠤᠯᠵᠢᠯᠠᠭ᠎ᠠ᠎ᠪᠠᠨ ᠡᠨᠳᠡ ᠬᠦᠷᠤᠬᠡᠳ ᠦᠨᠳᠤᠷᠯᠡᠬᠦᠯᠤᠶ᠎ᠡ᠃ ᠤᠯᠳᠤᠢ ᠰᠤᠷᠪᠤᠯᠵᠢᠯᠠᠭ᠎ᠠ ᠵᠢ ᠮᠠᠨᠨᠢ ᠬᠦᠯᠢᠶᠡᠭᠰᠡᠨ ᠲᠠᠨ᠎ᠳᠤ ᠮᠠᠰᠢᠳᠠ ᠪᠠᠶᠠᠷᠯᠠᠯ᠎ᠠ᠃ ᠲᠠᠨ᠎ᠤ ᠪᠡᠶ᠎ᠡ ᠵᠢᠨ  ᠯᠠᠭᠱ᠌ᠠᠨ᠂ ᠪᠢᠯᠢᠭ᠎ᠤᠨ ᠰᠠᠷᠠᠭᠤᠯ᠎ᠢ ᠲᠠᠭ᠋ᠠᠳᠬᠠᠶ᠎ᠠ᠃
ᠨᠠᠰᠤᠨᠳᠠᠯᠠᠢ᠄ ᠵᠠ᠂ ᠪᠠᠶᠠᠷᠯᠠᠯ᠎ᠠ᠃ ᠰᠡᠳᠬᠦᠯ᠎ᠤᠨ ᠴᠠᠭ᠋ᠠᠨ ᠪᠤᠶᠠᠨ ᠲᠡᠯᠬᠡᠷᠡᠨ ᠲᠡᠯᠬᠡᠷᠡᠬᠦ ᠪᠤᠯᠳᠤᠭ᠋ᠠᠢ!

    2021 ᠤᠨ᠎ᠤ 12 ᠳ᠋ᠤᠭ᠋ᠠᠷ ᠰᠠᠷ᠎ᠠ ᠵᠢᠨ 17᠎ᠤ ᠦᠳᠡ ᠵᠢᠨ ᠬᠤᠢ᠌ᠨ᠎ᠠ 

 

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠸᠠᠩ ᠶᠠᠨ᠄ ᠠᠷᠠᠳ ᠲᠦᠮᠡᠨ᠎ᠳᠤ᠎ᠪᠠᠨ ᠦᠢ᠍ᠯᠡᠴᠢᠯᠡᠵᠤ ᠯᠨ ᠪᠠᠢ᠌ᠶ᠎ᠠ
ᠯᠧᠢ ᠹᠧᠩ᠎ᠤᠨ ᠵᠣᠷᠢᠭ ᠰᠠᠨᠠᠭ᠎ᠠ ᠵᠢ ᠪᠠᠳᠠᠷᠠᠭᠤᠯᠵᠤ ᠰᠠᠢ᠌ᠨ ᠳᠤᠷ᠎ᠠ ᠵᠢᠨ ᠦᠢ᠍ᠯᠡᠴᠢᠯᠡᠭᠡ ᠵᠢ ᠬᠦᠨᠵᠡᠬᠡᠢ᠌ᠷᠡᠬᠦᠯᠪᠡ
ᠤᠷᠠᠳ᠎ᠤᠨ ᠲᠠᠯ᠎ᠠ ᠨᠤᠲᠤᠭ᠎ᠤᠨ 《ᠯᠧᠢ ᠹᠧᠩ》 — ᠪᠤᠶᠠᠨᠳᠡᠯᠬᠡᠷ ᠪᠣᠯᠣᠨ 《ᠪᠤᠶᠠᠨ》 ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠨᠡᠢ᠌ᠭᠡᠮᠯᠢᠭ᠎ᠤᠨ᠎ᠬᠢᠨ
ᠬᠦᠴᠢᠷᠳᠡᠯᠲᠠᠢ ᠵᠡᠮᠳᠡᠭᠴᠦᠳ᠎ᠤᠨ ᠠᠯᠬᠤᠬᠤ ᠬᠦᠰᠡᠯ᠎ᠢ ᠲᠡᠷᠭᠡᠯᠰᠢᠭᠦᠯᠦᠶ᠎ᠡ
ᠨᠠᠰᠤ᠎ᠪᠠᠷ ᠵᠶ᠋ᠠᠨ ᠬᠢᠯᠢ ᠬᠠᠮᠠᠭ᠋ᠠᠯᠠᠭᠰᠠᠨ ᠠᠳᠢᠶ᠎ᠠ ᠭᠤᠸᠠᠢ
 
            