ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠳᠤᠮᠳᠠᠲᠤ᠎ᠶᠢᠨ ᠦᠨᠳᠦᠰᠦᠲᠡᠨ᠎ᠤ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤᠳᠬᠠᠶ᠎ᠠ
ᠤᠷᠠᠳ᠎ᠤᠨ ᠲᠠᠯ᠎ᠠ ᠨᠤᠲᠤᠭ᠎ᠤᠨ 《ᠯᠧᠢ ᠹᠧᠩ》 — ᠪᠤᠶᠠᠨᠳᠡᠯᠬᠡᠷ ᠪᠣᠯᠣᠨ 《ᠪᠤᠶᠠᠨ》 ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠨᠡᠢ᠌ᠭᠡᠮᠯᠢᠭ᠎ᠤᠨ᠎ᠬᠢᠨ
ᠨᠡᠶᠢᠲᠡᠯᠡᠭᠰᠡᠨ ᠴᠠᠭ᠄ 2023-03-09

    《  ᠨᠠᠮ᠎ᠠ ᠵᠢ ᠲᠢᠶᠠᠨᠬᠤᠸᠠᠷ ᠭᠡᠳᠡᠭ᠂ ᠮᠠᠨ᠎ᠤ ᠡᠪᠡᠰᠤᠨ ᠤᠪᠤᠭ᠋ᠠᠨ᠎ᠳᠤ ᠭᠠᠯ ᠭᠠᠷᠴᠤ᠂ 4 ᠦᠬᠡᠷ ᠰᠢᠳᠠᠵᠤ ᠦᠬᠦᠬᠡᠳ ᠪᠤᠭᠤᠵᠢ᠎ᠲᠠᠢ ᠡᠪᠡᠰᠤ ᠰᠢᠳᠠᠵᠤ ᠲᠠᠭᠤᠰᠪᠠ᠃ ᠡᠷ᠎ᠡ ᠨᠥᠬᠥᠷ ᠮᠠᠨᠢ ᠠᠭᠤᠰᠬᠢᠨ᠎ᠤ ᠡᠪᠡᠳᠴᠢᠨ ᠤᠯᠤᠭ᠋ᠠᠳ ᠬᠦᠨᠳᠦ ᠠᠵᠢᠯ ᠬᠢᠵᠦ ᠲᠡᠢ᠌ᠯᠬᠦ ᠦᠬᠡᠢ ᠵᠢᠨ ᠲᠡᠬᠡᠷ᠎ᠡ᠂ ᠭᠠᠯ᠎ᠤᠨ ᠠᠶᠤᠯ᠎ᠠᠴᠠ ᠪᠤᠯᠤᠭ᠋ᠠᠳ ᠠᠢ᠌ᠯ ᠪᠦᠯᠢ ᠰᠦᠢ᠍ᠳᠦᠭᠳᠡᠵᠤ ᠬᠦᠢ᠍ᠴᠡᠭᠰᠡᠨ᠎ᠳᠤ ᠪᠢ ᠠᠮᠢᠳᠤᠷᠠᠬᠤ ᠲᠤᠷ᠎ᠠ ᠦᠬᠡᠢ ᠪᠤᠯᠪᠠ》 ᠭᠡᠵᠦ ᠬᠡᠯᠡᠵᠤ ᠪᠠᠢ᠌ᠯ᠎ᠠ᠃ ᠤᠷᠠᠳ᠎ᠤᠨ ᠬᠣᠢ᠌ᠲᠤ ᠬᠣᠰᠢᠭᠤᠨ᠎ᠤ ᠴᠤᠬᠠᠦ᠋ᠨᠳᠤᠷ ᠪᠠᠯᠭ᠋ᠠᠰᠤᠨ᠎ᠤ  ᠪᠤᠶᠠᠨᠳᠡᠯᠬᠡᠷ ᠨᠢᠬᠡ ᠡᠳᠤᠷ ᠴᠤᠬᠠᠦ᠋ᠨᠳᠤᠷ ᠪᠠᠯᠭ᠋ᠠᠰᠤᠨ᠎ᠤ ᠬᠠᠷᠠᠴᠢᠯᠠᠭᠤ ᠭᠠᠴᠠᠭ᠋ᠠᠨ᠎ᠤ ᠲᠢᠶᠠᠨᠬᠤᠸᠠᠷ᠎ᠤᠨ ᠲᠤᠰᠠᠯᠠᠮᠵᠢ ᠭᠤᠶᠤᠬᠤ ᠵᠠᠬᠢᠳᠠᠯ᠎ᠢ ᠲᠤᠰᠴᠠᠢ᠃

W020230308360017953275.png

      ᠲᠠᠯ᠎ᠠ ᠨᠤᠲᠤᠭ᠎ᠤᠨ ᠮᠤᠲ᠋ᠤᠷᠳᠤ ᠴᠠᠭᠳᠠᠭ᠎ᠠ ᠪᠤᠶᠠᠨᠳᠡᠯᠬᠡᠷ
     ᠪᠤᠶᠠᠨᠳᠡᠯᠬᠡᠷ ᠪᠣᠯ ᠤᠷᠠᠳ᠎ᠤᠨ ᠬᠣᠢ᠌ᠲᠤ ᠬᠣᠰᠢᠭᠤᠨ᠎ᠤ ᠴᠠᠭᠳᠠᠭ᠎ᠠ ᠶᠤᠮ᠂ ᠪᠦᠭᠦ ᠤᠯᠤᠰ᠎ᠤᠨ ᠲᠡᠷᠢᠭᠦᠨ᠎ᠤ᠎ᠬᠢ ᠵᠢ ᠡᠭᠦᠳᠴᠦ ᠰᠢᠯᠢᠳᠡᠭ ᠪᠣᠯᠬᠤ᠎ᠪᠠᠷ ᠴᠢᠷᠮᠠᠢ᠌ᠬᠰᠠᠨ ᠰᠢᠯᠢᠳᠡᠭ ᠡᠪ ᠬᠠᠮᠲᠤ ᠨᠠᠮ᠎ᠤᠨ ᠭᠡᠰᠢᠭᠦᠨ᠎ᠤ ᠢᠷᠠᠭᠤ ᠠᠯᠳᠠᠷ᠎ᠢ ᠬᠦᠢ᠍ᠷᠲᠠᠵᠤ ᠥᠩᠭᠡᠷᠡᠵᠡᠢ᠃ 《ᠬᠠᠯᠠᠭᠤᠨ ᠰᠡᠳᠬᠢᠯ᠎ᠲᠠᠢ᠂ ᠪᠤᠰᠤᠳ᠎ᠢ ᠬᠠᠪᠰᠤᠷᠬᠤ ᠳᠤᠷᠠᠲᠠᠢ》 ᠬᠡᠳᠡᠭ ᠪᠤᠯ ᠲᠤᠬᠠᠢ ᠵᠢᠨ ᠨᠤᠳᠤᠭ᠎ᠤᠨ᠎ᠬᠢᠨ᠎ᠤ  ᠪᠤᠶᠠᠨᠳᠡᠯᠬᠡᠷ᠎ᠲᠤ ᠥᠭᠭᠦᠭᠰᠡᠨ ᠦᠨᠡᠯᠡᠯᠲᠡ ᠪᠣᠯᠣᠨ᠎ᠠ᠃ ᠪᠤᠶᠠᠨᠳᠡᠯᠬᠡᠷ ᠡᠳᠦᠷ ᠪᠦᠷᠢ ᠮᠣᠲ᠋ᠣᠷ ᠤᠨᠤᠵᠤ ᠲᠠᠯ᠎ᠠ ᠨᠤᠲᠤᠭ᠂ ᠬᠥᠳᠡᠭᠡ ᠲᠣᠰᠬᠣᠨ᠂ ᠨᠡᠢ᠌ᠭᠡᠮ ᠲᠣᠭᠣᠷᠢᠭ ᠵᠶ᠋ᠠᠷ ᠰᠦᠯᠵᠢᠵᠤ᠂ ᠬᠠᠮᠢᠭ᠎ᠠ ᠬᠦᠴᠢᠷ ᠪᠡᠷᠬᠡᠰᠢᠶᠡᠯ ᠪᠠᠢ᠌ᠪᠠᠯ ᠲᠡᠨᠳᠡ ᠬᠠᠷᠠᠭᠳᠠᠳᠠᠭ ᠪᠦᠬᠡᠳ ᠥᠨᠥᠳᠥᠷ  ᠡᠬᠦᠨ᠎ᠢ᠎ᠨᠢ ᠬᠠᠪᠰᠤᠷᠳᠠᠯ᠎ᠠ ᠮᠠᠷᠭ᠋ᠠᠰᠢ ᠨᠦᠬᠦᠬᠡ ᠵᠢ᠎ᠨᠢ ᠬᠠᠪᠰᠤᠷᠳᠠᠭ᠎ᠠᠴᠠ ᠮᠣᠲ᠋ᠣᠷ ᠵᠶ᠋ᠡᠷ ᠲᠠᠪᠬᠢᠭᠤᠯᠤᠨ ᠠᠷᠠᠳ᠎ᠤᠨ ᠬᠦᠴᠢᠷ ᠵᠣᠪᠠᠯᠠᠩ᠎ᠢ ᠰᠢᠢ᠍ᠳᠪᠦᠷᠢᠯᠡᠵᠦ ᠥᠭᠲᠡᠭ  ᠪᠤᠶᠠᠨᠳᠡᠯᠬᠡᠷ᠎ᠢ ᠬᠦᠮᠤᠰ 《ᠮᠤᠲ᠋ᠤᠷᠳᠤ ᠴᠠᠭᠳᠠᠭ᠎ᠠ》 ᠭᠡᠵᠦ ᠳᠠᠭᠤᠳᠠᠳᠠᠭ ᠪᠤᠯᠪᠠ᠃  ᠪᠤᠶᠠᠨᠳᠡᠯᠬᠡᠷ᠎ᠤᠨ ᠪᠤᠶᠠᠨᠰᠠᠭ ᠦᠢ᠍ᠯᠨ ᠵᠢ ᠬᠠᠷᠠᠬᠰᠠᠨ ᠪᠤᠯᠭ᠋ᠠᠨ  ᠪᠠᠬᠠᠳᠤᠨ ᠪᠢᠰᠢᠷᠡᠬᠦ᠎ᠳᠤ᠎ᠪᠠᠨ 《ᠳᠠᠭ᠋ᠠᠭᠤᠯᠤᠭᠴᠢ》 ᠵᠢ ᠳᠠᠭ᠋ᠠᠵᠤ ᠯᠧᠢ ᠹᠧᠩ᠎ᠠᠴᠠ ᠰᠤᠷᠤᠯᠴᠠᠵᠤ ᠰᠠᠢ᠌ᠨ ᠶᠠᠪᠤᠳᠠᠯ ᠬᠢᠬᠦ ᠰᠠᠨᠠᠭ᠎ᠠ ᠤᠷᠤᠵᠠᠭ᠋ᠠᠪᠠ᠃ ᠡᠢ᠌ᠨ ᠬᠦ᠌ ᠪᠤᠶᠠᠨᠳᠡᠯᠬᠡᠷ᠎ᠤᠨ ᠨᠦᠯᠤᠬᠡᠯᠡᠯ ᠲᠠᠭ᠋ᠠᠭᠤᠯᠭ᠎ᠠ᠎ᠪᠠᠷ ᠨᠡᠡᠭ ᠤᠯᠠᠨ ᠬᠦᠮᠦᠰ ᠰᠠᠢ᠌ᠨ ᠲᠤᠷ᠎ᠠ ᠵᠢᠨ ᠦᠢ᠍ᠯᠡᠴᠢᠯᠡᠬᠡᠨ᠎ᠤ ᠵᠠᠮ ᠵᠶ᠋ᠡᠷ ᠵᠠᠮᠨᠠᠬᠰᠠᠨ ᠪᠦᠬᠡᠳ 《ᠪᠤᠶᠠᠨ》 ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠨᠡᠢ᠌ᠭᠡᠮᠯᠢᠭ᠎ᠢ ᠪᠠᠢ᠌ᠭᠤᠯᠤᠭᠰᠠᠨ ᠪᠠᠢ᠌ᠨ᠎ᠠ᠃ ᠨᠡᠢ᠌ᠭᠡᠮᠯᠢᠭ᠎ᠤᠨ ᠭᠡᠰᠢᠭᠦᠳ᠎ᠤᠨ ᠳᠣᠲᠣᠷ᠎ᠠ ᠶᠡᠬᠡ ᠰᠤᠷᠭ᠋ᠠᠭᠤᠯᠢ  ᠵᠢᠨ ᠰᠤᠷᠤᠯᠭ᠎ᠠ᠎ᠪᠠᠨ ᠲᠡᠬᠦᠰᠬᠡᠬᠡᠳ ᠬᠠᠷᠢᠵᠤ ᠢᠷᠡᠭᠰᠡᠨ ᠤᠶᠤᠳᠠᠨ᠂ ᠪᠠᠬᠰᠢ᠂ ᠡᠮᠴᠢ᠂ ᠠᠯᠪᠠᠨ ᠠᠵᠢᠯᠳᠠᠳ ᠪᠤᠯᠤᠨ ᠲᠡᠳᠬᠦᠪᠤᠷᠢ᠎ᠳᠤ ᠭᠠᠷᠤᠬᠰᠠᠨ ᠺᠠᠳ᠋ᠷ ᠠᠵᠢᠯᠲᠠᠨ ᠠᠵᠢᠯᠴᠢᠨ ᠪᠤᠢ ᠪᠤᠯᠪᠠᠴᠤ᠂ ᠨᠤᠳᠤᠭ ᠤᠰᠤᠨ᠎ᠤ ᠮᠠᠯᠴᠢᠳ ᠨᠡᠡᠭ ᠤᠯᠠᠨ ᠶᠤᠮ᠃ ᠲᠡᠳᠡᠨ᠎ᠤ  ᠰᠡᠳᠬᠢᠯ᠎ᠢ ᠪᠦᠯᠢᠶᠡᠴᠡᠬᠦᠯᠦᠭᠰᠡᠨ ᠨᠠᠨᠳᠢᠨ ᠲᠤᠰᠠᠯᠠᠮᠵᠢ᠎ᠨᠤᠭᠤᠳ ᠯᠧᠢ ᠹᠧᠩ᠎ᠤᠨ ᠵᠣᠷᠢᠭ ᠰᠠᠨᠠᠭ᠎ᠠ ᠵᠢ ᠵᠠᠯᠭ᠋ᠠᠮᠵᠢᠯᠠᠵᠤ᠂ ᠴᠠᠭ ᠦᠶ᠎ᠡ ᠵᠢᠨ ᠰᠢᠨ᠎ᠡ ᠰᠤᠷᠲᠠᠯ᠎ᠢ ᠪᠤᠶ ᠪᠤᠯᠭ᠋ᠠᠨ᠂ ᠣᠯᠠᠨ ᠲᠦᠮᠡᠨ᠎ᠤ ᠮᠠᠭᠲᠠᠭ᠋ᠠᠯ ᠰᠠᠢ᠌ᠰᠢᠶᠠᠯ᠎ᠢ ᠣᠯᠣᠭᠰᠠᠨ ᠪᠠᠢ᠌ᠨ᠎ᠠ᠃

W020230308360018153532.png


     《ᠪᠤᠶᠠᠨ》 ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠨᠡᠢ᠌ᠭᠡᠮᠯᠢᠭ᠎ᠤᠨ᠎ᠬᠢᠨ ᠮᠠᠯᠴᠢᠳ᠎ᠤᠨ ᠡᠪᠡᠰᠦ ᠪᠣᠷᠳᠣᠭ᠎ᠠ ᠵᠢ ᠵᠥᠭᠡᠭᠡᠪᠦᠷᠢᠯᠡᠵᠦ ᠦᠭᠴᠤ ᠪᠠᠢ᠌ᠭ᠎ᠠ᠎ᠨᠢ
     ᠲᠢᠶᠠᠨᠬᠤᠸᠠᠷ ᠬᠠᠪᠰᠤᠷᠤᠯᠭ᠎ᠠ ᠭᠤᠶᠤᠬᠰᠠᠨ ᠵᠠᠬᠢᠳᠠᠯ᠎ᠢ ᠣᠯᠣᠭᠰᠠᠨ᠎ᠤ ᠲᠠᠷᠠᠭ᠎ᠠ᠂ ᠪᠠᠴᠢᠮᠳᠠᠨ ᠰᠠᠨᠳᠤᠷᠤᠭᠰᠠᠨ ᠪᠤᠶᠠᠨᠳᠡᠯᠬᠡᠷ 《ᠪᠤᠶᠠᠨ》 ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠨᠡᠢ᠌ᠭᠡᠮᠯᠢᠭ᠎ᠤᠨ ᠸᠢᠴᠠᠲ ᠵᠶ᠋ᠡᠷ ᠲᠡᠷᠡ ᠳᠠᠷᠤᠢ᠎ᠳᠤ᠎ᠨᠢ ᠨᠡᠢ᠌ᠭᠡᠮ᠎ᠤᠨ ᠡᠯ᠎ᠡ ᠡᠲᠡᠭᠡᠳ᠎ᠲᠤ ᠵᠣᠭᠣᠰ ᠮᠦᠡᠭᠭᠦ ᠬᠠᠨᠳᠢᠪᠯᠠᠭᠤᠯᠬᠤ ᠰᠠᠨᠠᠭ᠋ᠠᠴᠢᠯᠠᠭ᠎ᠠ ᠭᠠᠷᠭ᠋ᠠᠵᠤ᠂ ᠨᠡᠢ᠌ᠭᠡᠮᠯᠢᠭ᠎ᠤᠨ ᠭᠡᠰᠢᠭᠦᠨ ᠪᠣᠯᠣᠨ ᠨᠡᠢ᠌ᠭᠡᠮ᠎ᠤᠨ ᠡᠯ᠎ᠡ ᠡᠲᠡᠭᠡᠳ᠎ᠤᠨ ᠪᠤᠶᠠᠨᠰᠠᠭ ᠬᠥᠮᠥᠰ᠎ᠤᠨ ᠬᠦᠴᠦᠲᠡᠢ ᠳᠡᠮᠵᠢᠯᠭᠡ᠎ᠪᠠᠷ ᠬᠤᠶᠠᠷ ᠬᠤᠨᠤᠭ ᠪᠤᠯᠤᠭ᠎ᠠ ᠦᠬᠡᠢ᠎ᠪᠠᠷ 6400 ᠲᠥᠭᠥᠷᠢᠭ᠎ᠤᠨ ᠬᠠᠨᠳᠢᠪ ᠴᠤᠭᠯᠠᠭᠤᠯᠵᠤ᠂ ᠲᠢᠶᠠᠨᠬᠤᠸᠠᠷ᠎ᠤᠨ ᠨᠢᠳᠤᠨ ᠡᠮᠦᠨᠡᠬᠢ ᠬᠦᠴᠢᠷᠳᠡᠯ᠎ᠢ᠎ᠨᠢ ᠰᠢᠢ᠍ᠳᠪᠤᠷᠢᠯᠡᠭᠰᠡᠨ ᠪᠠᠢ᠌ᠯ᠎ᠠ᠃ 
    2022 ᠣᠨ᠎ᠤ 12 ᠳ᠋ᠤᠭ᠋ᠠᠷ ᠰᠠᠷ᠎ᠠ ᠵᠢᠨ 13 ᠎ᠤ ᠡᠳᠦᠷ᠂ ᠭᠠᠨᠰᠤ ᠨᠤᠲᠤᠭ᠎ᠲᠠᠢ ᠬᠥᠯᠥᠰᠦᠨ ᠠᠵᠢᠯᠴᠢᠨ ᠵᠠᠩ ᡁᠢ ᠴᠧᠩ ᠨᠢᠭᠡᠨ ᠲᠡᠵᠢᠭᠡᠨ ᠦᠷᠡᠵᠢᠭᠦᠯᠬᠦ ᠲᠠᠯᠠᠪᠠᠢ᠎ᠳᠤ ᠠᠵᠢᠯᠯᠠᠵᠤ ᠪᠠᠢ᠌ᠬᠤ᠎ᠳᠤ᠎ᠪᠠᠨ ᠰᠠᠨᠠᠮᠰᠠᠷ ᠦᠭᠡᠢ ᠲᠣᠯᠣᠭ᠋ᠠᠢ᠎ᠪᠠᠨ ᠰᠢᠷᠬᠠᠲᠤᠭᠤᠯᠤᠭ᠋ᠠᠳ ᠮᠡᠳᠡᠭᠡ ᠠᠯᠳᠠᠵᠠᠢ᠃ 《ᠪᠤᠶᠠᠨ》 ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠨᠡᠢ᠌ᠭᠡᠮᠯᠢᠭ᠎ᠤᠨ ᠭᠡᠰᠢᠭᠦᠨ᠂ ᠰᠢᠷᠠᠨᠠᠭᠤᠷ ᠭᠠᠴᠠᠭ᠎ᠠ ᠵᠢᠨ  ᠬᠦᠳᠡᠷ 120 ᠲᠦᠷᠭᠡᠨ ᠠᠪᠤᠷᠠᠯᠳᠠ ᠵᠢᠨ᠎ᠬᠢᠨ᠎ᠲᠠᠢ ᠲᠡᠷᠤᠢ ᠬᠠᠷᠢᠯᠴᠠᠵᠤ᠂ ᠵᠠᠩ ᡁᠢ ᠴᠧᠩ᠎ᠢ ᠬᠠᠮᠤᠭ᠎ᠤᠨ ᠣᠢ᠌ᠷ᠎ᠠ ᠵᠢᠨ ᠡᠮᠨᠡᠯᠭᠡ ᠵᠢᠨ ᠬᠣᠷᠢᠶ᠎ᠠ᠎ᠳᠤ ᠬᠦᠷᠭᠡᠭᠰᠡᠨ᠎ᠤ ᠲᠠᠷᠠᠭ᠎ᠠ ᠲᠠᠬᠢᠨᠳᠠ ᠦᠬᠡᠷ᠎ᠡ ᠡᠮᠨᠡᠯᠭᠡ ᠎ᠳᠤ ᠰᠢᠯᠵᠢᠬᠦᠯᠤᠨ ᠲᠠᠷᠢᠬᠢᠨ᠎ᠤ ᠮᠡᠰᠡ ᠵᠠᠰᠠᠯ ᠬᠢᠯᠬᠡᠬᠦ ᠴᠢᠬᠤᠯᠨ᠎ᠲᠠᠢ ᠪᠤᠯᠤᠬᠰᠠᠨ ᠪᠠᠢ᠌ᠳᠠᠯ ᠲᠤᠤᠷ᠎ᠠ ᠮᠡᠰᠡ ᠵᠠᠰᠠᠯ᠎ᠤᠨ ᠵᠠᠷᠤᠳᠠᠯ ᠪᠣᠯᠣᠨ ᠰᠡᠭᠦᠯᠴᠢ ᠵᠢᠨ ᠬᠤᠭᠤᠴᠠᠭ᠋ᠠᠨ᠎ᠤ ᠵᠠᠷᠤᠳᠠᠯ᠎ᠤᠨ ᠡᠮᠦᠨ᠎ᠡ᠂ ᠠᠮᠢᠳᠤᠷᠠᠯ᠎ᠨᠢ ᠬᠦᠴᠢᠷᠲᠡᠢ ᠵᠠᠩ ᡁᠢ ᠴᠧᠩ ᠭᠠᠷ ᠨᠤᠬᠤᠯᠤᠨ ᠭᠠᠴᠢᠬᠳᠠᠭ᠋ᠠᠳ᠂ ᠡᠮᠨᠡᠯᠬᠡ᠎ᠠᠴᠠ ᠶᠠᠪᠤᠵᠤ ᠬᠤᠪᠢ ᠵᠠᠶᠠᠭ᠎ᠠ᠎ᠪᠠᠨ ᠬᠦᠯᠢᠶᠡᠬᠦ ᠪᠤᠳᠤᠯ ᠤᠷᠤᠵᠤ ᠦᠡᠭᠭᠡᠷᠡᠭᠰᠡᠨ ᠪᠠᠢ᠌ᠯ᠎ᠠ᠃ 2023 ᠣᠨ᠎ᠤ 1 ᠳ᠋ᠤᠬᠡᠷ ᠰᠠᠷ᠎ᠠ ᠵᠢᠨ 11᠎ᠤ ᠡᠳᠦᠷ᠂ ᠤᠷᠠᠳ᠎ᠤᠨ ᠬᠣᠢ᠌ᠲᠤ ᠬᠣᠰᠢᠭᠤᠨ᠎ᠤ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ ᠵᠢᠨ ᠴᠤᠬᠠᠦ᠋ᠨᠳᠤᠷ ᠪᠠᠯᠭ᠋ᠠᠰᠤᠨ᠎ᠤ ᠲᠣᠮᠢᠯᠠᠭᠰᠠᠨ ᠰᠠᠯᠪᠤᠷᠢ ᠵᠢᠨ ᠨᠠᠮ᠎ᠤᠨ ᠡᠭᠦᠷ᠎ᠤᠨ ᠱᠦᠵᠢ᠂  ᠲᠤᠮᠢᠯᠠᠬᠰᠠᠨ ᠰᠠᠯᠪᠤᠷᠢ ᠵᠢᠨ ᠳᠠᠷᠤᠭ᠎ᠠ ᠬᠤ᠌ ᠭᠦᠸᠧ ᠴᠢᠩ ᠴᠠᠭᠳᠠᠭ᠎ᠠ ᠪᠣᠯᠣᠨ 《ᠪᠤᠶᠠᠨ》 ᠰᠠᠢ᠌ᠨ ᠳᠤᠷ᠎ᠠ ᠵᠢᠨ ᠦᠢ᠍ᠯᠡᠴᠢᠯᠡᠬᠡᠨ᠎ᠤ ᠨᠡᠢ᠌ᠬᠡᠮᠯᠢᠭ᠎ᠤᠨ ᠰᠠᠢ᠌ᠨ ᠲᠤᠷᠠᠴᠤᠤᠯ᠎ᠢ ᠳᠠᠭ᠋ᠠᠭᠤᠯᠤᠨ ᠵᠠᠩ ᡁᠢ ᠴᠧᠩ᠎ᠢ ᠪᠣᠯᠭᠣᠭ᠋ᠠᠨ ᠦᠵᠡᠪᠡ᠃ ᠴᠤᠬᠠᠦ᠋ᠨᠳᠤᠷ ᠪᠠᠯᠭ᠋ᠠᠰᠤᠨ᠎ᠤ ᠲᠣᠮᠢᠯᠠᠭᠰᠠᠨ ᠰᠠᠯᠪᠤᠷᠢ ᠵᠢᠨ᠎ᠬᠢᠨ ᠨᠠᠮ᠎ᠤᠨ ᠭᠡᠰᠢᠭᠦᠨ ᠠᠷᠠᠳ᠎ᠤᠨ ᠴᠠᠭᠳᠠᠭ᠎ᠠ ᠪᠣᠯᠣᠨ ᠨᠠᠮ᠎ᠤᠨ ᠭᠡᠰᠢᠭᠦᠨ ᠰᠠᠢ᠌ᠨ  ᠲᠤᠷᠠᠴᠤᠤᠯ᠎ᠢ ᠵᠣᠬᠢᠶᠠᠨ ᠪᠠᠢ᠌ᠭᠤᠯᠤᠨ ᠵᠠᠩ ᡁᠢ ᠴᠧᠩ᠎ᠳᠤ ᠬᠠᠨᠳᠢᠪ ᠡᠷᠬᠦᠵᠤ᠂ ᠰᠡᠬᠦᠯᠴᠢ ᠵᠢᠨ ᠬᠤᠭᠤᠴᠠᠭ᠋ᠠᠨ᠎ᠤ ᠡᠮᠴᠢᠯᠡᠬᠡᠨ᠎ᠤ ᠵᠠᠷᠤᠳᠠᠯ ᠪᠤᠯᠤᠨ ᠬᠠᠷᠢᠬᠤ ᠵᠠᠷᠤᠳᠠᠯ᠎ᠢ ᠪᠡᠯᠡᠳᠴᠤ ᠦᠭᠭᠦᠭᠰᠡᠨ ᠵᠶ᠋ᠡᠷ ᠪᠠᠷᠠᠬᠤ ᠦᠬᠡᠢ᠂ ᠡᠷᠤᠬᠡ ᠠᠮᠨ᠎ᠪᠠᠨ ᠬᠡᠭᠡᠭᠰᠡᠨ ᠬᠡᠷᠡᠴᠢ ᠪᠢᠴᠢᠵᠤ ᠦᠭᠭᠦᠬᠡᠳ ᠬᠡᠷ᠎ᠲᠤ᠎ᠪᠠᠨ ᠬᠠᠷᠢᠬᠤ ᠵᠢ᠎ᠨᠢ ᠲᠤᠰᠠᠯᠠᠬᠰᠠᠨ ᠶᠤᠮ᠃

W020230308360018172299.png


     《ᠪᠤᠶᠠᠨ》 ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠨᠡᠢ᠌ᠭᠡᠮᠯᠢᠭ᠎ᠤᠨ᠎ᠬᠢᠨ ᠶᠠᠳᠠᠭᠤ ᠬᠦᠴᠢᠷᠳᠡᠯᠲᠡᠢ ᠤᠯᠠᠨ ᠲᠦᠮᠡᠨ᠎ᠢ  ᠬᠠᠪᠰᠤᠷᠠᠤ ᠪᠠᠢ᠌ᠭ᠎ᠠ᠎ᠨᠢ
    《ᠪᠤᠶᠠᠨ》 ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠨᠡᠢ᠌ᠭᠡᠮᠯᠢᠭ᠎ᠤᠨ᠎ᠬᠢᠨ  ᠲᠤᠰᠠᠯᠠᠵᠤ ᠲᠡᠮᠵᠢᠭᠰᠡᠨ ᠡᠢ᠌ᠮᠤᠷᠬᠦᠤ   ᠵᠢᠱ᠌ᠢᠶ᠎ᠡ ᠵᠢ ᠲᠤᠭ᠋ᠠᠴᠢᠭ᠋ᠠᠳ ᠪᠠᠷᠠᠰᠢ ᠦᠬᠡᠢ᠃
     ᠪᠦᠷᠢᠨ ᠪᠤᠰᠤ ᠪᠦᠷᠢᠳᠬᠡᠯ᠎ᠢ ᠦᠨᠳᠦᠰᠦᠯᠡᠪᠡᠯ᠂ 《ᠪᠤᠶᠠᠨ》 ᠰᠠᠢ᠌ᠨ ᠲᠤᠷ᠎ᠠ ᠵᠢᠨ ᠦᠢ᠍ᠯᠡᠴᠢᠯᠡᠭᠡᠨ᠎ᠤ ᠨᠡᠢ᠌ᠭᠡᠮᠯᠢᠭ᠎ᠤᠨ᠎ᠬᠢᠨ 2022 ᠣᠨ᠎ᠤ ᠰᠡᠭᠦᠯᠴᠢ ᠪᠣᠯᠲᠠᠯ᠎ᠠ  200 ᠭᠠᠷᠤᠢ ᠬᠡᠰᠢᠬᠦᠨ᠎ᠲᠠᠢ ᠪᠣᠯᠵᠤ᠂ 3752 ᠤᠳᠠᠭ᠎ᠠ ᠵᠢᠨ ᠨᠡᠶ᠋ᠢᠲᠡ ᠵᠢᠨ ᠠᠰᠠᠷᠠᠮᠵᠢ ᠵᠢᠨ ᠠᠵᠢᠯᠯᠠᠭ᠎ᠠ ᠥᠷᠨᠢᠭᠦᠯᠵᠦ᠂ ᠬᠦᠴᠢᠷᠳᠡᠯᠲᠡᠢ ᠤᠯᠠᠨ ᠲᠦᠮᠡᠨ᠎ᠳᠤ 13 ᠲᠦᠮᠡ ᠭᠠᠷᠤᠢ ᠲᠥᠭᠥᠷᠢᠭ ᠬᠨᠨᠳᠢᠪᠯᠠᠬᠤ ᠵᠢᠨ ᠬᠠᠮᠳᠤ ᠳᠣᠲᠣᠭ᠋ᠠᠳᠤ ᠵᠢ ᠬᠠᠮᠠᠭ᠋ᠠᠯᠠᠬᠤ ᠪᠠᠢ᠌ᠭᠤᠯᠭ᠎ᠠ ᠵᠢᠨ᠎ᠬᠢᠨ᠎ᠲᠠᠢ ᠬᠠᠮᠵᠢᠯᠴᠠᠨ ᠠᠮᠤᠷ᠎ᠢ ᠬᠠᠮᠠᠭ᠋ᠠᠯᠠᠵᠤ ᠴᠠᠭᠳᠠᠬᠤ᠂ ᠵᠥᠷᠢᠴᠡᠯ᠎ᠢ ᠡᠶᠡᠳᠡᠭᠦᠯᠬᠦ᠂ ᠬᠠᠤᠯᠢ ᠴᠠᠭ᠋ᠠᠵᠠ ᠵᠢᠨ ᠶᠡᠷᠦ ᠵᠢᠨ ᠮᠡᠳᠡᠯᠭᠡ ᠵᠢ ᠲᠦᠭᠡᠮᠡᠯᠵᠢᠭᠦᠯᠬᠦ ᠤᠬᠠᠭᠤᠯᠭ᠎ᠠ ᠵᠢ ᠦᠷᠨᠢᠬᠦᠯᠤᠨ᠂ ᠦᠨᠳᠦᠰᠦᠨ ᠱᠠᠲᠤᠨ᠎ᠤ ᠨᠡᠢ᠌ᠭᠡᠮ᠎ᠤᠨ ᠵᠠᠰᠠᠯᠲᠠ᠎ᠳᠤ ᠦᠢ᠍ᠯᠡᠳᠦᠯ ᠦᠵᠡᠭᠦᠯᠵᠦ ᠪᠠᠢ᠌ᠨ᠎ᠠ᠃ ᠣᠨᠴᠠ ᠢᠷᠠᠭᠤ ᠠᠯᠳᠠᠷ᠎ᠢ ᠤᠯᠠᠨᠳᠠ ᠭᠥᠷᠳᠡᠭᠰᠡᠨ ᠲᠠᠯ᠎ᠠ ᠨᠤᠲᠤᠭ᠎ᠤᠨ ᠮᠤᠲ᠋ᠤᠷᠳᠤ ᠴᠠᠭᠳᠠᠭ᠎ᠠ ᠪᠤᠶᠠᠨᠳᠡᠯᠬᠡᠷ ᠮᠣᠲ᠋ᠣᠷ ᠤᠨᠤᠭ᠋ᠠᠳ ᠭᠣᠪᠢ ᠨᠤᠲᠤᠭ ᠵᠶ᠋ᠠᠷ  ᠲᠠᠪᠬᠢᠭᠤᠯᠤᠨ᠂ 《ᠨᠠᠮ ᠵᠶ᠋ᠠᠨ ᠬᠠᠢ᠌ᠷᠠᠯᠠᠵᠤ᠂ ᠠᠷᠠᠳ ᠵᠶ᠋ᠠᠨ ᠬᠠᠢ᠌ᠷᠠᠯᠠᠵᠤ᠂ ᠨᠤᠲᠤᠭ ᠤᠰᠤ᠎ᠪᠠᠨ ᠬᠠᠢ᠌ᠷᠠᠯᠠᠬᠤ》 ᠠᠨᠳᠠᠭ᠋ᠠᠢ᠎ᠪᠠᠨ ᠦᠢ᠍ᠯᠡᠳᠦᠯᠭᠡᠵᠢᠭᠦᠯᠦᠭᠰᠡᠭᠡᠷ ᠪᠠᠢ᠌ᠨ᠎ᠠ᠃ 




ᠢᠷᠡᠯᠲᠡ᠄ ᠦᠪᠤᠷ ᠮᠤᠡᠭᠭᠤᠯ᠎ᠤᠨ ᠦᠪᠡᠷᠳᠡᠬᠡᠨ ᠵᠠᠰᠠᠬᠤ ᠤᠷᠤᠨ᠎ᠤ ᠠᠷᠠᠳ᠎ᠤᠨ ᠶᠠᠪᠤᠳᠠᠯ᠎ᠤᠨ ᠲᠢᠡᠭᠭᠢᠮ᠎ᠤᠨ ᠬᠢᠳᠡᠳ ᠰᠦᠯᠵᠢᠶ᠎ᠡ
          
ᠬᠠᠮᠢᠶ᠎ᠡ ᠪᠦᠬᠦᠢ ᠰᠣᠨᠢᠨ
ᠬᠦᠴᠢᠷᠳᠡᠯᠲᠠᠢ ᠵᠡᠮᠳᠡᠭᠴᠦᠳ᠎ᠤᠨ ᠠᠯᠬᠤᠬᠤ ᠬᠦᠰᠡᠯ᠎ᠢ ᠲᠡᠷᠭᠡᠯᠰᠢᠭᠦᠯᠦᠶ᠎ᠡ
ᠨᠠᠰᠤ᠎ᠪᠠᠷ ᠵᠶ᠋ᠠᠨ ᠬᠢᠯᠢ ᠬᠠᠮᠠᠭ᠋ᠠᠯᠠᠭᠰᠠᠨ ᠠᠳᠢᠶ᠎ᠠ ᠭᠤᠸᠠᠢ
ᠪᠣᠶᠠᠨᠰᠠᠭ ᠠᠵᠢᠯᠯᠠᠭ᠎ᠠ᠎ᠪᠠᠷ ᠵᠡᠮᠳᠡᠭᠴᠦᠳ᠎ᠤᠨ ᠰᠡᠳᠬᠢᠯ᠎ᠢ ᠳᠤᠯᠠᠭ᠋ᠠᠯᠠᠯ᠎ᠠ
ᠵᠡᠮᠳᠡᠭ ᠬᠡᠦᠬᠡᠳ᠎ᠢ ᠬᠠᠯᠠᠮᠵᠢᠯᠠᠵᠦ ᠡᠷᠡᠭᠦᠯ ᠵᠶ᠋ᠡᠷ ᠦᠰᠦᠨ ᠲᠤᠷᠨᠢᠬᠤ᠎ᠳᠤ᠎ᠨᠢ ᠬᠦᠴᠦᠨ ᠨᠡᠮᠡᠷᠢᠯᠡᠶ᠎ᠡ
《ᠪᠦᠰ ᠤᠭᠤᠳᠠ᠎ᠲᠠᠢ ᠴᠠᠬᠳᠠᠭ᠎ᠠ》 ᠴᠸᠨ ᠨᠤᠮᠢᠨ᠄ ᠪᠦᠰ ᠤᠭᠤᠳᠠ ᠪᠠᠭ᠎ᠠ ᠪᠤᠯᠪᠠᠴᠦ ᠦᠢ᠍ᠯᠡᠳᠦᠯ᠎ᠨᠢ ᠶᠡᠭᠡ
 
            