ᠳ᠋ᠤᠸᠠᠨ ᠬᠤᠢ ᠯᠢᠨ᠂ ᠷᠧᠨ ᠯᠢᠩ ᠴᠢ ᠰᠤᠷᠪᠤᠯᠵᠢᠯᠠᠪᠠ
ᠭᠠᠷᠠᠭ᠎ᠤᠨ ᠲᠠᠪᠤᠨ᠎ᠤ ᠤᠷᠤᠢ ᠪᠠᠶᠠᠨᠨᠠᠭᠤᠷ ᠬᠣᠲᠠ ᠵᠢᠨ ᠤᠷᠠᠳ᠎ᠤᠨ ᠬᠣᠢ᠌ᠲᠤ ᠬᠣᠰᠢᠭᠤᠨ᠎ᠤ ᠡᠮᠡᠭᠲᠡᠢ᠌ᠴᠦᠳ᠎ᠤᠨ ᠬᠤᠯᠪᠤᠭ᠎ᠠ ᠵᠢᠨ ᠲᠡᠷᠢᠭᠦᠯᠡᠭᠴᠢ ᠸᠠᠩ ᠶᠠᠨ᠂ 《ᠥᠬᠢᠨ》 ᠶᠣᠣ ᠶᠣᠣ᠎ᠪᠠᠨ ᠲᠤᠰᠬᠤ᠎ᠪᠠᠷ ᠰᠤᠷᠭ᠋ᠠᠭᠤᠯᠢ ᠡᠬᠦᠳᠡᠨ᠎ᠳᠤ ᠢᠷᠡᠪᠡ᠂ ᠸᠠᠡᠭ ᠶᠠᠨ 《ᠭᠠᠷᠠᠭ᠎ᠤᠨ ᠰᠡᠭᠦᠯᠴᠢ ᠵᠢᠨ ᠡᠵᠢ》 ᠵᠢᠨ ᠠᠵᠢᠯᠯᠠᠭ᠎ᠠ᠎ᠪᠠᠷ ᠶᠤᠤ ᠶᠤᠤ᠎ᠲᠠᠢ 《ᠡᠵᠢ》 《ᠦᠬᠢᠨ》 ᠪᠤᠯᠤᠯᠴᠠᠬᠰᠠᠨ ᠶᠤᠮ ᠃ ᠸᠠᠡᠭ ᠶᠠᠨ ᠵᠠᠮ ᠲᠤᠵᠢ ᠬᠡᠦᠬᠡᠳ᠎ᠤᠨ ᠵᠶ᠋ᠡᠨ ᠰᠤᠷᠤᠯᠭ᠎ᠠ᠂ ᠠᠮᠢᠳᠤᠷᠠᠯ᠎ᠤᠨ ᠨᠠᠷᠢᠨ ᠵᠦᠢ᠍ᠯᠡᠰ᠎ᠢ ᠬᠠᠯᠠᠮᠵᠢᠯᠠᠨ ᠠᠰᠠᠭᠤᠵᠤ ᠯᠨ ᠪᠠᠢ᠌ᠯ᠎ᠠ᠃
ᠵᠢᠷᠭᠤᠭ᠋ᠠᠨ ᠵᠢᠯ᠎ᠤᠨ ᠡᠮᠦᠨ᠎ᠡ᠂ ᠸᠠᠩ ᠶᠠᠨ 《ᠭᠠᠷᠠᠭ᠎ᠤᠨ ᠰᠡᠭᠦᠯᠴᠢ᠎ᠤᠨ ᠡᠵᠢ᠂ ᠭᠠᠷᠠᠭ᠎ᠤᠨ ᠰᠡᠬᠦᠯᠴᠢ ᠵᠢᠨ ᠡᠯᠢᠬᠡᠰᠡᠭ ᠬᠡᠷ ᠪᠦᠯᠢ ᠨᠠᠬᠢᠶ᠎ᠠ ᠪᠦᠪᠠᠢ ᠵᠢ ᠬᠠᠯᠠᠮᠵᠢᠯᠠᠬᠤ》 ᠠᠵᠢᠯᠯᠠᠭ᠎ᠠ᠎ᠪᠠᠷ ᠲᠠᠮᠵᠢᠨ ᠶᠤᠤ ᠶᠤᠤ ᠵᠢ ᠬᠠᠪᠰᠤᠷᠬᠤ ᠡᠬᠦᠷᠬᠡ ᠵᠢ ᠬᠦᠯᠢᠶᠡᠨ ᠠᠪᠤᠬᠰᠠᠨ ᠵᠶ᠋ᠡᠷ ᠶᠤᠤ ᠶᠤᠤ ᠸᠠᠡᠭ ᠶᠠᠨ᠎ᠤ ᠠᠮᠢᠳᠤᠷᠠᠯ᠎ᠳᠤ ᠢᠳᠡᠬᠡᠰᠢᠭᠰᠡᠨ ᠶᠤᠮ᠃
ᠶᠣᠣ ᠶᠣᠣ ᠵᠢᠨ ᠠᠪᠤ ᠬᠤ᠌ ᠰᠢᠶᠦᠢ᠌ᠩ ᠸᠧᠢ ᠰᠤᠷᠪᠤᠯᠵᠢᠯᠠᠭ᠎ᠠ ᠬᠦᠯᠢᠶᠡᠬᠦ᠎ᠳᠤ᠎ᠪᠠᠨ᠄ 《ᠬᠡᠦᠬᠡᠳ ᠣᠲᠣ ᠡᠭᠡᠨᠡᠭᠲᠡ ᠡᠵᠢ᠎ᠲᠠᠢ ᠪᠣᠯᠣᠯ᠎ᠠ ᠭᠡᠵᠦ ᠪᠤᠳᠤᠬᠤ ᠪᠤᠯᠵᠤ ᠪᠠᠢ᠌ᠨ᠎ᠠ᠂ ᠭᠠᠷᠠᠭ᠎ᠤᠨ ᠰᠡᠭᠦᠯᠴᠢ ᠪᠣᠯᠭ᠋ᠠᠨ ᠸᠠᠩ ᠶᠠᠨ᠎ᠢ ᠡᠷᠳᠡᠬᠡᠨ ᠢᠷᠡᠬᠡᠰᠡᠢ ᠭᠡᠵᠤ ᠬᠦᠰᠡᠨ ᠬᠦᠯᠢᠶᠡᠵᠤ᠂ ᠸᠠᠩ ᠶᠠᠨ᠎ᠢ ᠢᠷᠡᠵᠦ ᠳᠡᠶ᠋ᠢᠯᠬᠦ ᠦᠭᠡᠢ ᠦᠶ᠎ᠡ᠎ᠳᠤ 《ᠭᠠᠷᠠᠭ᠎ᠤᠨ ᠰᠡᠭᠦᠯᠴᠢ ᠵᠢᠨ ᠡᠵᠢ》ᠲᠠᠢ᠎ᠪᠠᠨ ᠸᠢᠳᠢᠤ᠋᠎ᠪᠠᠷ ᠵᠤᠭᠤᠬᠳᠠᠳᠠᠭ ᠪᠤᠯᠬᠤᠷ ᠦᠬᠢᠨ ᠮᠢᠨᠢ ᠢᠳᠡᠭ ᠢᠳᠡᠭ ᠵᠶ᠋ᠡᠷ ᠪᠡᠶ᠎ᠡ᠎ᠳᠤ᠎ᠪᠠᠨ ᠢᠳᠡᠬᠡᠯ᠎ᠲᠠᠢ᠂ ᠴᠤᠪᠤᠭᠤ ᠲᠡᠭᠵᠢᠨ ᠪᠤᠯᠵᠠᠢ》 ᠭᠡᠵᠤ ᠶᠠᠷᠢ᠎ᠵᠢ ᠪᠢᠯᠨ᠃
ᠤᠷᠠᠳ᠎ᠤᠨ ᠬᠣᠢ᠌ᠲᠤ ᠬᠣᠰᠢᠭᠤᠨ᠎ᠳᠤ᠂ ᠸᠠᠩ ᠶᠠᠨ ᠪᠣᠯᠣᠨ ᠶᠣᠣ ᠶᠣᠣ ᠮᠡᠲᠦ ᠵᠢᠨ ᠬᠤᠯᠪᠤᠭ᠎ᠠ ᠪᠠᠷᠢᠯᠳᠤᠬᠰᠠᠨ ᠭᠡᠷ ᠪᠦᠯᠢ 147 ᠪᠠᠢ᠌ᠵᠤ᠂ ᠡᠭᠦᠨ᠎ᠳᠤ ᠬᠢᠲᠠᠳ ᠦᠨᠳᠦᠰᠦᠲᠡᠨ᠂ ᠮᠣᠩᠭᠣᠯ ᠦᠨᠳᠦᠰᠦᠲᠡᠨ᠂ ᠬᠣᠲᠣᠩ ᠦᠨᠳᠦᠰᠦᠲᠡᠨ ᠬᠤᠭᠤᠷᠤᠨᠳᠤ᠎ᠪᠠᠨ ᠬᠤᠯᠪᠤᠭ᠎ᠠ ᠪᠠᠷᠢᠯᠳᠤᠬᠰᠠᠨ ᠭᠡᠷ ᠪᠦᠯᠢ 75 ᠬᠣᠣᠰ ᠪᠠᠢ᠌ᠳᠠᠭ᠃
ᠤᠷᠠᠳ᠎ᠤᠨ ᠬᠣᠢ᠌ᠲᠤ ᠬᠣᠰᠢᠭᠤᠨ᠎ᠤ ᠨᠤᠲᠤᠭ ᠳᠡᠪᠢᠰᠬᠡᠷ ᠥᠷᠭᠡᠨ ᠠᠭᠤᠳᠠᠮ᠂ 2.1 ᠲᠦᠮᠡᠨ ᠲᠡᠭᠰᠢ ᠳᠥᠷᠪᠡᠯᠵᠢᠨ ᠺᠢᠯᠣᠮᠧᠲᠷ ᠠᠭᠤᠯᠠᠨ᠎ᠤ ᠠᠷᠤ ᠵᠢᠨ ᠮᠠᠯᠵᠢᠬᠤ ᠣᠷᠣᠨ᠎ᠳᠤ ᠰᠤᠷᠭ᠋ᠠᠭᠤᠯᠢ ᠵᠢᠨ ᠨᠠᠰᠤᠨ᠎ᠤ ᠬᠡᠦᠬᠡᠳ 1400 ᠭᠠᠷᠤᠢ ᠪᠠᠢ᠌ᠨ᠎ᠠ᠃ ᠬᠢᠯᠢ ᠬᠢᠵᠠᠭ᠋ᠠᠷ ᠣᠷᠣᠨ᠎ᠤ ᠬᠡᠦᠬᠡᠳ ᠭᠡᠷ᠎ᠠᠴᠠ᠎ᠪᠠᠨ ᠰᠤᠷᠭ᠋ᠠᠭᠤᠯᠢ ᠬᠦᠷᠲᠡᠯ᠎ᠡ ᠬᠠᠮᠤᠭ᠎ᠤᠨ ᠬᠣᠯᠠᠳᠤᠪᠠᠨ 260 ᠭᠠᠷᠤᠢ ᠺᠢᠯᠣᠮᠧᠲᠷ ᠵᠠᠮᠨᠠᠳᠠᠭ ᠪᠤᠯᠬᠤᠷ ᠤᠯᠠᠡᠭᠭᠢ ᠬᠡᠦᠬᠡᠳ ᠭᠠᠷᠠᠭ᠎ᠤᠨ ᠰᠡᠬᠦᠯ᠎ᠳᠤ ᠭᠡᠷ᠎ᠲᠤ᠎ᠪᠠᠨ ᠬᠠᠷᠢᠵᠤ ᠳᠡᠶ᠋ᠢᠯᠬᠦ ᠦᠭᠡᠢ ᠪᠠᠢ᠌ᠳᠠᠭ᠃ ᠡᠢ᠌ᠮᠤ ᠨᠦᠬᠦᠴᠡᠯ ᠪᠠᠢ᠌ᠳᠠᠯ ᠲᠤᠤᠷ᠎ᠠ ᠬᠡᠦᠬᠡᠳ᠎ᠲᠤ ᠭᠠᠷᠠᠭ᠎ᠤᠨ ᠰᠡᠭᠦᠯᠴᠢ ᠵᠢᠨ ᠣᠷᠣᠨ ᠰᠠᠭᠤᠴᠠ ᠪᠠ ᠭᠡᠷ ᠪᠦᠯᠢ ᠵᠢᠨ ᠬᠠᠯᠠᠭᠤᠨ ᠳᠤᠯᠠᠭ᠋ᠠᠨ᠎ᠢ ᠣᠯᠭᠣᠬᠤ ᠵᠢᠨ ᠲᠥᠯᠥᠭᠡ 《ᠭᠠᠷᠠᠭ᠎ᠤᠨ ᠰᠡᠭᠦᠯᠴᠢ᠎ᠤᠨ ᠡᠵᠢ᠂ ᠭᠠᠷᠠᠭ᠎ᠤᠨ ᠰᠡᠬᠦᠯᠴᠢ ᠵᠢᠨ ᠡᠯᠢᠬᠡᠰᠡᠭ ᠬᠡᠷ ᠪᠦᠯᠢ ᠨᠠᠬᠢᠶ᠎ᠠ ᠪᠦᠪᠠᠢ ᠵᠢ ᠬᠠᠯᠠᠮᠵᠢᠯᠠᠬᠤ》 ᠠᠵᠢᠯᠯᠠᠭ᠎ᠠ ᠡᠬᠢᠯᠡᠭᠰᠡᠨ ᠶᠤᠮ᠃
ᠸᠠᠩ ᠶᠠᠨ᠄ 《ᠬᠡᠦᠬᠡᠳ᠎ᠤᠳ ᠬᠦᠮᠦᠨ ᠬᠠᠷ᠎ᠠ᠎ᠲᠠᠢ ᠬᠠᠪᠢᠳᠠᠬᠤ ᠲᠤᠷ᠎ᠠ ᠦᠬᠡᠢ᠂ ᠪᠦᠷᠦᠭ ᠢᠴᠢᠮᠡᠳᠡᠬᠡᠢ ᠪᠠᠢ᠌ᠬᠰᠠᠨ᠎ᠠᠴᠠ ᠢᠳᠡᠭ ᠢᠳᠡᠭ ᠵᠶ᠋ᠡᠷ ᠴᠤᠪᠤᠭᠤ ᠬᠦᠬᠡᠷᠤᠬᠦᠨ ᠪᠤᠯᠤᠬᠰᠠᠨ᠎ᠢ ᠦᠵᠡᠭᠡᠳ᠂ ᠠᠮᠵᠢᠯᠲᠠ ᠲᠦᠬᠦᠷᠡᠡᠭ ᠰᠠᠨᠠᠬᠳᠠᠬᠤ ᠶᠤᠮ᠃ 〈ᠭᠠᠷᠠᠭ᠎ᠤᠨ ᠰᠡᠭᠦᠯᠴᠢ ᠵᠢᠨ ᠡᠵᠢ〉 ᠨᠠᠷ ᠨᠠᠰᠤ ᠵᠢᠯ᠂ ᠠᠵᠢᠯ ᠲᠥᠷᠥᠯ᠎ᠤᠨ ᠢᠯᠭ᠋ᠠᠯ ᠦᠭᠡᠢ᠂ ᠵᠢᠵᠢᠭ ᠰᠠᠵᠢᠭ ᠶᠠᠪᠤᠳᠠᠯ᠎ᠠᠴᠠ ᠡᠬᠢᠯᠡᠨ ᠬᠢᠵᠦ᠂ ᠬᠡᠤᠬᠡᠳ ᠪᠤᠯᠭ᠋ᠠᠨ᠎ᠳᠤ ᠠᠳᠠᠯᠢᠬᠠᠨ ᠬᠠᠨᠳᠤᠳᠠᠭ》 ᠭᠡᠵᠤ ᠰᠤᠷᠪᠤᠯᠵᠢᠯᠠᠬ᠍ᠴᠢ᠎ᠳᠤ ᠶᠠᠷᠢᠪᠠ᠃
ᠸᠠᠩ ᠶᠠᠨ ᠶᠢᠰᠦᠨ ᠵᠢᠯ ᠭᠠᠷᠤᠢ ᠵᠢᠨ ᠬᠤᠭᠤᠴᠠᠭ᠋ᠠᠨ᠎ᠳᠤ ᠡᠮᠡᠭᠲᠡᠢ᠌ᠴᠦᠳ ᠬᠡᠦᠬᠡᠳ᠎ᠢ ᠬᠠᠯᠠᠮᠵᠢᠯᠠᠨ ᠬᠠᠢ᠌ᠷᠠᠯᠠᠬᠤ ᠪᠠ ᠬᠠᠮᠠᠭ᠋ᠠᠯᠠᠬᠤ ᠵᠡᠷᠭᠡ ᠡᠯ᠎ᠡ ᠲᠦᠷᠦᠯ᠎ᠤᠨ ᠠᠵᠢᠯ᠎ᠳᠤ ᠪᠦᠬᠦ ᠰᠡᠳᠬᠢᠯ ᠪᠦᠬᠦ ᠵᠤᠷᠢᠭ ᠵᠶ᠋ᠡᠷ ᠣᠷᠣᠯᠴᠠᠵᠤ᠂ ᠠᠵᠢᠯ ᠵᠶ᠋ᠠᠨ ᠨᠡᠩ ᠰᠠᠢ᠌ᠨ ᠥᠷᠨᠢᠭᠦᠯᠬᠦ ᠵᠢᠨ ᠲᠥᠯᠥᠭᠡ ᠪᠦᠬᠦ ᠬᠣᠰᠢᠭᠤᠨ᠎ᠤ 50 ᠭᠠᠴᠠᠭ᠎ᠠ ᠲᠣᠰᠬᠣᠨ᠎ᠳᠤ ᠲᠤᠭᠤᠷᠢᠨ ᠪᠠᠢ᠌ᠴᠠᠭ᠋ᠠᠬᠤ᠎ᠳᠤ᠎ᠪᠠᠨ 30 ᠲᠡᠮᠳᠡᠭᠯᠡᠯ ᠬᠢᠭᠰᠡᠨ ᠶᠤᠮ᠃ ᠮᠠᠯᠵᠢᠬᠤ ᠲᠠᠷᠢᠶᠠᠯᠠᠬᠤ ᠣᠷᠣᠨ᠎ᠤ ᠡᠮᠡᠭᠲᠡᠢ᠌ᠴᠦᠳ᠎ᠤᠨ ᠠᠵᠢᠯ ᠣᠯᠵᠤ ᠣᠷᠣᠯᠭ᠎ᠠ᠎ᠪᠠᠨ ᠨᠡᠮᠡᠭᠳᠡᠭᠦᠯᠬᠦ ᠬᠦᠴᠢᠷ ᠠᠰᠠᠭᠤᠳᠠᠯ᠎ᠢ ᠰᠢᠢ᠍ᠳᠪᠦᠷᠢᠯᠡᠬᠦ ᠵᠢᠨ ᠲᠥᠯᠥᠭᠡ ᠲᠡᠷᠡ 120 ᠭᠠᠷᠤᠢ ᠬᠤᠭᠤᠴᠠᠭ᠋ᠠᠨ᠎ᠤ ᠪᠣᠯᠪᠠᠰᠤᠷᠠᠯ᠎ᠤᠨ ᠠᠩᠭᠢ᠎ᠪᠠᠨ ᠮᠠᠯᠵᠢᠬᠤ ᠲᠠᠷᠢᠶᠠᠯᠠᠬᠤ ᠣᠷᠣᠨ᠎ᠳᠤ ᠡᠷᠬᠢᠯᠡᠵᠦ᠂ ᠪᠣᠳᠠᠲᠤ ᠬᠡᠷᠡᠭᠯᠡᠭᠡᠨ᠎ᠤ ᠮᠡᠷᠭᠡᠵᠢᠯ᠎ᠢ ᠨᠢᠭᠤᠷᠳᠠᠨ ᠵᠢᠭ᠋ᠠᠵᠤ᠂ 4800 ᠭᠠᠷᠤᠢ ᠡᠮᠡᠭᠲᠡᠢ᠌ᠴᠦᠳ᠎ᠢ ᠪᠣᠯᠪᠠᠰᠤᠷᠠᠭᠤᠯᠵᠠᠢ᠃
《ᠭᠡᠷ ᠪᠦᠯᠢ ᠵᠢᠨ ᠬᠦᠴᠦᠷᠬᠡᠭᠯᠡᠯ᠎ᠢ ᠡᠰᠡᠷᠭᠦᠴᠡᠬᠦ ᠬᠠᠤᠯᠢ》 ᠵᠢᠨ ᠮᠡᠳᠡᠯᠭᠡ ᠵᠢ ᠲᠦᠭᠡᠮᠡᠯᠵᠢᠭᠦᠯᠵᠦ᠂ ᠥᠮᠡᠨ ᠡᠪᠡᠳᠴᠢᠨ᠎ᠳᠤ ᠨᠡᠷᠪᠡᠭᠳᠡᠭᠰᠡᠨ ᠬᠤᠶᠠᠷ ᠡᠵᠢ ᠵᠢ ᠬᠠᠯᠠᠮᠵᠢᠯᠠᠨ᠂ ᠭᠡᠷ᠎ᠲᠤ᠎ᠪᠠᠨ ᠬᠣᠴᠣᠷᠤᠭᠰᠠᠨ ᠪᠠ ᠥᠨᠥᠴᠢᠨ ᠥᠷᠥᠭᠡᠰᠦᠨ ᠭᠡᠷ ᠪᠦᠯᠢ ᠵᠢᠨ ᠬᠡᠦᠬᠡᠳ᠎ᠢ ᠬᠠᠯᠠᠮᠵᠢᠯᠠᠪᠠ᠃ ᠠᠷᠠᠳ᠎ᠤᠨ ᠠᠮᠢᠳᠤᠷᠠᠯ᠎ᠳᠤ ᠬᠣᠯᠪᠣᠭᠳᠠᠭᠰᠠᠨ ᠡᠳᠡᠬᠡᠷ ᠵᠢᠵᠢᠭ ᠰᠠᠵᠢᠭ ᠶᠠᠪᠤᠳᠠᠯ᠎ᠤᠳ᠎ᠠᠴᠠ ᠪᠢᠳᠡ ᠸᠠᠩ ᠶᠠᠨ᠎ᠤ ᠠᠷᠠᠳ᠎ᠤᠨ ᠲᠥᠯᠥᠭᠡ ᠪᠣᠳᠠᠲᠠᠢ ᠠᠵᠢᠯ ᠬᠢᠬᠦ ᠴᠢᠩ ᠦᠨᠡᠨᠴᠢ ᠰᠡᠳᠬᠢᠯ᠎ᠢ ᠤᠯᠵᠤ ᠬᠠᠷᠠᠬᠤ ᠲᠡᠳᠤᠢ ᠦᠬᠡᠢ ᠲᠡᠬᠦᠨ᠎ᠤ ᠣᠯᠠᠨ ᠲᠦᠮᠡᠨ᠎ᠳᠤ ᠡᠷᠬᠦᠭᠰᠡᠨ ᠭᠦᠨ ᠵᠤᠵᠠᠭ᠋ᠠᠨ ᠬᠠᠢ᠌ᠷ᠎ᠠ ᠰᠡᠳᠬᠢᠯᠭᠡ ᠪᠠ ᠬᠠᠷᠢᠭᠤᠴᠠᠯᠭ᠎ᠠ ᠡᠭᠦᠷᠭᠡᠯᠡᠯᠤᠨᠬᠢᠨᠢ ᠪᠤᠳᠠᠳᠤ ᠢᠯᠡᠷᠡᠯ ᠶᠤᠮ᠃ ᠲᠡᠷᠡ᠎ᠪᠠᠷ ᠪᠦᠬᠦ ᠤᠯᠤᠰ᠂ ᠥᠪᠡᠷᠲᠡᠭᠡᠨ ᠵᠠᠰᠠᠬᠤ ᠣᠷᠣᠨ ᠪᠣᠯᠣᠨ ᠪᠠᠶᠠᠨᠨᠠᠭᠤᠷ ᠬᠤᠳᠠ ᠵᠢᠨ ᠬᠥᠬᠢᠭᠦᠯᠦᠯ᠎ᠢ ᠣᠯᠠᠨᠲᠠ ᠬᠦᠷᠳᠡᠭᠰᠡᠨ ᠪᠦᠬᠡᠳ ᠲᠦᠷᠤᠬᠦᠬᠡᠨ ᠪᠠᠰᠨ ᠪᠦᠬᠦ ᠤᠯᠤᠰ᠎ᠤᠨ 《ᠬᠠᠮᠤᠭ᠎ᠤᠨ ᠰᠤᠳᠤᠨ ᠠᠯᠪᠠᠳᠠᠨ》᠎ᠤ ᠴᠣᠯᠠ ᠵᠢ ᠬᠦᠷᠲᠡᠵᠡᠢ᠃ ᠲᠡᠷᠨ᠄ 《ᠪᠢ ᠠᠷᠠᠳ ᠲᠦᠮᠡᠨ᠎ᠳᠤ ᠦᠢ᠍ᠯᠡᠴᠢᠯᠡᠬᠦ ᠤᠭ ᠰᠠᠨᠠᠭ᠎ᠠ ᠵᠢ ᠡᠪᠦᠷᠯᠡᠵᠦ᠂ ᠦᠨᠳᠦᠰᠦᠨ ᠱᠠᠲᠤᠨ᠎ᠳᠤ ᠦᠨᠳᠤᠰᠤ ᠬᠠᠳᠬᠤᠵᠤ᠂ ᠡᠮᠡᠭᠲᠡᠢ᠌ᠴᠦᠳ ᠬᠡᠦᠬᠡᠳ᠎ᠢ ᠬᠠᠯᠠᠮᠵᠢᠯᠠᠨ ᠬᠠᠢ᠌ᠷᠠᠯᠠᠬᠤ ᠪᠠ ᠬᠠᠮᠠᠭ᠋ᠠᠯᠠᠬᠤ ᠵᠡᠷᠭᠡ ᠡᠯ᠎ᠡ ᠵᠦᠢ᠍ᠯ᠎ᠤᠨ ᠠᠵᠢᠯ᠎ᠢ ᠴᠢᠷᠮᠠᠢ᠌ᠨ ᠠᠬᠢᠭᠤᠯᠤᠨ᠎ᠠ》 ᠭᠡᠵᠤ ᠬᠡᠯᠡᠵᠢ ᠪᠢᠯᠨ᠃
ᠵᠣᠬᠢᠶᠠᠭᠴᠢ ᠵᠢᠨ ᠬᠠᠶᠢᠭ᠄ ᠪᠠᠶᠠᠨᠨᠠᠭᠤᠷ᠎ᠤᠨ ᠷᠠᠳᠢᠣ᠋ ᠲᠧᠯᠸᠢᠰ ᠬᠣᠷᠢᠶ᠎ᠠ