ᠰ᠊ · ᠪᠤᠶᠠᠨᠲᠣᠭᠲᠠᠬᠣ ᠵᠣᠬᠢᠶᠠᠪᠠ
ᠭᠣᠪᠢ᠃
ᠨᠠᠰᠣᠲᠠᠢ᠌ᠴᠣᠳ ᠪᠡᠯᠭᠡᠰᠢᠶᠡᠵᠦ ᠶᠠᠷᠢᠳᠠᠭ ᠭᠣᠷᠪᠠᠨ ᠰᠣᠨᠢᠨᠠᠴᠠ ᠣᠰᠤᠨ ᠵᠡᠷᠭᠡᠯᠭᠡᠨ᠂ ᠰᠢᠷᠠ ᠲᠣᠭᠣᠷᠣᠮ ᠁ ᠪᠠᠰᠠ ᠴᠠᠭ᠋ᠠᠨᠠᠨᠢ ᠠᠯᠢᠲᠠᠢ ᠨᠠᠪᠳᠠᠭ ᠰᠠᠪᠳᠠᠭ᠂ ᠡᠵᠡᠨ ᠣᠩᠭᠣᠳ ᠤᠷᠣᠰᠢᠳᠠᠭᠢ ᠰᠡᠳᠭᠢᠯ ᠵᠶ᠋ᠡᠷ ᠢᠲᠡᠭᠡᠵᠣ ᠢᠷᠡᠪᠡ ᠃
《ᠪᠠᠢ᠌ᠨᠠ ᠦᠦ?》
《ᠪᠠᠢ᠌ᠨᠠ!》 ᠭᠡᠵᠣ ᠬᠠᠭᠤᠴᠢᠯᠠᠭᠰᠠᠨ ᠶᠤᠮ᠃ ᠲᠡᠷᠡ ᠬᠣᠯᠠᠠᠴᠠ ᠬᠤᠨᠤ ᠥᠳᠦ ᠨᠠᠮᠢᠷᠠᠨ ᠢᠷᠡᠭᠡ ᠮᠡᠳᠦ ᠲᠠᠰᠣᠷᠬᠠᠢ ᠴᠠᠭ᠋ᠠᠨ ᠡᠭᠦᠯᠡ ᠬᠡᠢ᠌ᠰᠣᠨ ᠠᠢ᠌ᠰᠣᠢ᠃ ᠲᠣᠯᠢ ᠰᠢᠭ᠋ ᠬᠠᠷᠠᠭᠳᠠᠪᠠ᠃ ᠬᠦᠦᠪᠠᠨ ᠰᠠᠨᠠᠭᠰᠠᠨ ᠡᠵᠢ ᠵᠢᠨ ᠨᠢᠯᠪᠤᠰᠣᠨᠤ ᠪᠡᠯᠬᠢᠬᠡ᠂ ᠠᠷᠣᠨᠠᠴᠠᠨᠢ ᠡᠷᠭᠦᠭᠰᠡᠨ ᠰᠠᠴᠣᠯᠢ ᠵᠢᠨ ᠰᠠᠷᠠᠯ ᠲᠤᠶᠠᠭᠠ ᠮᠡᠯᠲᠡᠭᠡᠨᠡᠬᠦ ᠮᠡᠲᠣ᠃ ᠲᠡᠮᠡᠭᠡᠲᠠᠢ ᠬᠦᠮᠦᠨ ᠥᠪᠡᠷᠤᠨ ᠠᠯᠢ ᠵᠦᠭᠠᠴᠠ ᠢᠷᠡᠭᠰᠡᠨ ᠵᠶ᠋ᠡᠨ ᠰᠠᠨᠠᠵᠣ ᠣᠯᠬᠣ ᠦᠬᠡᠢ ᠬᠡᠰᠡᠭ ᠮᠠᠬᠡᠢ᠌ᠷᠡᠪᠡ᠃ ᠡᠪᠦᠭᠡ ᠪᠠᠨ ᠰᠠᠨᠠᠨ ᠨᠢᠳᠦᠨᠤ ᠵᠠᠢᠳᠤ ᠪᠠᠭᠲᠠᠬᠣ ᠦᠬᠡᠢ ᠡᠮᠬᠡᠨᠢᠯᠲᠠᠢ ᠰᠠᠨᠠᠭᠳᠠᠨᠠ᠃ ᠲᠡᠷᠡ ᠭᠠᠵᠠᠷ ᠱᠠᠭ᠋ᠠᠢ᠌ᠵᠣ ᠴᠢᠯᠠᠭᠣᠨᠤ ᠵᠠᠪᠰᠠᠷ ᠨᠢᠭᠡᠨ ᠴᠢᠭᠯᠡᠯ ᠵᠶ᠋ᠡᠷ ᠰᠢᠷᠦᠢ ᠬᠡᠢ᠌ᠰᠦᠭᠰᠡᠨ ᠭᠣᠪᠢ ᠵᠢᠨ ᠡᠯᠡᠰᠣᠨᠤ ᠠᠷᠢ ᠰᠢᠨᠵᠢᠪᠠ᠃ ᠭᠣᠪᠢᠳᠤ ᠬᠣᠢ᠌ᠨᠠᠠᠴᠠ ᠰᠠᠯᠬᠢᠯᠡᠳᠠᠭᠢ ᠰᠠᠨᠠᠵᠣ ᠰᠢᠷᠦᠢ ᠬᠡᠢ᠌ᠰᠭᠡᠵᠦ ᠵᠦᠭ ᠵᠶ᠋ᠠᠨ ᠲᠤᠳᠣᠷᠠᠭᠣᠯᠪᠠ᠃ ᠬᠥᠬᠡ ᠰᠡᠷᠳᠢᠭ᠋ᠲᠠᠢ ᠭᠠᠵᠠᠢ ᠰᠢᠩᠭᠡᠷᠡᠭᠡᠳ᠂ ᠴᠢᠨᠠᠭᠰᠢ ᠦᠬᠢᠷᠡᠭᠰᠡᠨ ᠪᠤᠲᠠᠲᠠᠢ᠂ ᠬᠠᠶᠠ ᠭᠠᠭᠴᠠ ᠬᠣᠶᠠᠷ ᠵᠠᠭᠤᠨ ᠬᠤᠵᠢᠭᠤᠤᠯᠠᠲᠠᠢ ᠭᠠᠵᠠᠷ ᠲᠤᠬᠢᠶᠠᠯᠳᠣᠨᠠ᠃ ᠲᠡᠭᠦᠨᠠᠴᠠ ᠴᠠᠭ᠋ᠠᠰᠢ ᠲᠠᠪᠤᠨ ᠮᠦᠰᠡᠤ ᠬᠢᠷᠢ ᠵᠠᠢᠲᠠᠢ ᠶᠠᠪᠤᠪᠠᠯ ᠴᠠᠭ᠋ᠠᠨ ᠰᠠᠷᠳᠢᠭᠲᠠᠢ ᠭᠠᠵᠠᠷ ᠬᠦᠷᠦᠨᠡ ᠭᠡᠵᠣ ᠢᠲᠡᠭᠡᠨᠡ᠃
ᠲᠡᠷᠡ ᠴᠠᠭ᠋ᠠᠨ ᠰᠠᠷᠳᠢᠭᠲᠠᠢ ᠭᠠᠵᠠᠷ ᠰᠣᠨᠢᠨ ᠶᠠᠭᠣᠮᠠ ᠬᠠᠷᠠᠭᠳᠠᠳᠠᠭᠢ ᠡᠪᠦᠭᠡᠨᠢ ᠶᠠᠷᠢᠳᠠᠭ ᠪᠠᠢ᠌ᠪᠠ᠃ ᠡᠭᠦᠯᠡᠨᠤ ᠲᠠᠰᠣᠷᠬᠠᠢ ᠪᠦᠷᠭᠦᠳᠤᠨ ᠰᠡᠭᠦᠳᠡᠷ ᠰᠢᠭ ᠭᠠᠵᠠᠷ ᠠᠷᠴᠢᠨ ᠲᠣᠰᠬᠣᠳᠤ ᠰᠡᠳᠭᠢᠯ ᠵᠢᠷᠦᠬᠡᠨ ᠳᠤᠪᠠᠨ ᠡᠪᠦᠭᠡ ᠵᠢᠨ ᠶᠠᠷᠢᠭᠰᠠᠨᠢ ᠬᠠᠳᠠᠭ᠋ᠠᠯᠠᠵᠣ ᠵᠤᠯᠠ ᠪᠤᠯᠭ᠋ᠠᠨ ᠠᠰᠠᠭ᠋ᠠᠨᠠ᠃ ᠰᠦᠨᠢ ᠵᠢᠨ ᠵᠡᠭᠦᠳᠦᠨᠳᠤᠪᠠᠨ᠂ ᠡᠳᠦᠷᠤᠨ ᠪᠠᠷᠠᠪᠠᠷ ᠡᠭᠦᠯᠨ ᠦᠬᠡᠢ ᠲᠡᠭᠷᠢ ᠵᠢᠨ ᠭᠠᠢ᠌ᠬᠠᠮᠰᠢᠭᠢ ᠲᠡᠷᠡ ᠯᠠ ᠵᠢᠭ᠋ᠠᠭᠰᠠᠨ ᠭᠠᠵᠠᠷ ᠳᠤᠨᠢ ᠬᠠᠷᠠᠬᠣ ᠭᠡᠵᠦ ᠠᠶᠠᠨ ᠵᠠᠮᠳᠤ ᠶᠠᠪᠤᠬᠣ ᠳᠤᠪᠠᠨ ᠰᠠᠨᠠᠵᠤ ᠰᠠᠷᠪᠠᠢ᠌ᠬᠤ ᠬᠦᠮᠦᠨᠲᠠᠢᠪᠠᠨ ᠵᠤᠯᠭ᠋ᠠᠯᠬᠤᠠᠴᠠ ᠲᠤᠲᠠᠭᠤ ᠦᠬᠡᠢ ᠬᠦᠰᠡᠯ ᠠᠴᠢᠨ ᠰᠡᠳᠭᠢᠯ ᠵᠶ᠋ᠡᠨ ᠴᠢᠩᠭ᠋ᠠᠯᠠᠵᠣ ᠲᠡᠷᠡ ᠵᠦᠭ ᠰᠢᠭᠣᠳᠬᠠᠨ ᠢᠷᠡᠭᠰᠡᠨ ᠶᠤᠮ᠃ ᠭᠣᠪᠢ ᠵᠢᠨ ᠬᠦᠨᠳᠡᠢᠳᠤ ᠡᠪᠦᠭᠡᠨᠢ ᠬᠡᠯᠡᠳᠡᠭ 《ᠰᠣᠨᠢᠨ ᠰᠠᠢ᠌ᠬᠠᠨ》 ᠶᠠᠭᠣᠮᠠ ᠪᠠᠢ᠌ᠳᠠᠭᠢ ᠮᠡᠳᠡᠬᠦ ᠭᠡᠵᠣ ᠲᠡᠷᠡ ᠬᠦᠮᠦᠨ ᠰᠢᠨᠳᠠᠷᠠᠭᠠ ᠦᠬᠡᠢ ᠵᠣᠷᠢᠭ᠋ᠠᠳ ᠪᠠᠢ᠌ᠪᠠ᠃ ᠰᠡᠭᠦᠯᠤᠨ ᠦᠶᠡᠳᠤ ᠡᠭᠦᠯᠡ ᠪᠤᠷᠣᠭᠠ᠂ ᠠᠶᠤᠩᠭᠠ ᠴᠠᠬᠢᠯᠭ᠋ᠠᠨ ᠳᠣᠣᠭ᠋ᠠᠷᠬᠣ ᠵᠢ ᠰᠣᠨᠣᠰᠣᠭᠠ ᠦᠬᠡᠢ ᠭᠣᠪᠢ ᠵᠢᠨ ᠬᠡᠦᠬᠡᠳ ᠵᠦᠩᠳᠡᠭᠡᠨ ᠪᠠᠢ᠌ᠭᠠ ᠶᠤᠮ ᠴᠢᠨᠢ! ᠭᠣᠪᠢᠳᠤ ᠶᠠᠪᠤᠭᠰᠠᠨ ᠬᠦᠮᠦᠨ 《ᠲᠡᠢ᠌ᠮᠦ ᠶᠠᠭᠣᠮᠠ ᠬᠠᠷᠠᠭᠳᠠᠭᠠ ᠦᠬᠡᠢ》 ᠭᠡᠳᠡᠭ᠃
ᠡᠪᠦᠭᠡ ᠵᠢᠨ ᠶᠠᠷᠢᠭᠰᠠᠨᠨᠢ ᠦᠨᠡᠨ ᠪᠤᠯᠬᠣ ᠵᠢ ᠬᠦᠰᠡᠨᠡ᠃ ᠲᠡᠨᠳᠡᠪᠠᠨ ᠪᠠᠢ᠌ᠳᠠᠭ ᠯᠠ ᠶᠠᠭᠣᠮᠠ ᠬᠠᠷᠠᠭᠳᠠᠬᠣ ᠶᠤᠰᠣᠲᠠᠢ ᠭᠡᠳᠡᠭᠢ ᠲᠡᠷᠡ ᠬᠦᠮᠦᠨ ᠪᠠᠲᠣᠲᠠᠢ ᠪᠤᠳᠣᠨᠠ᠃ ᠭᠡᠪᠡᠴᠦ ᠲᠠᠩᠴᠦ ᠶᠠᠳᠠᠷᠠᠵᠣ ᠶᠠᠪᠤᠭ᠋ᠠᠳ ᠡᠨᠳᠡ ᠢᠷᠡᠬᠦᠳᠤ ᠲᠡᠩᠬᠡᠯ ᠲᠠᠰᠣᠷᠠᠨ ᠲᠤᠯᠣᠭ᠋ᠠᠢ ᠲᠦᠢ᠍ᠨᠡᠷᠡᠨ ᠪᠠᠢ᠌ᠭᠰᠠᠨ ᠵᠶ᠋ᠠᠨ ᠮᠠᠭᠤᠵᠢᠷᠠᠵᠤ ᠤᠴᠢᠯᠠ᠃ ᠳᠣᠲᠤᠷᠠᠨᠢ ᠮᠠᠭᠣᠬᠠᠢ᠌ᠷᠠᠵᠣ ᠪᠦᠭᠡᠯᠵᠢᠬᠦ ᠭᠡᠳ ᠣᠭᠰᠢᠭᠣᠯᠵᠣ᠂ ᠭᠠᠵᠠᠷ ᠦᠳᠬᠢᠨ ᠤᠢ᠌ᠴᠢᠵᠣ ᠮᠡᠳᠡᠭᠡ ᠰᠡᠬᠡᠬᠡ ᠦᠬᠡᠢ ᠬᠡᠪᠲᠡᠪᠡ᠃ ᠲᠤᠯᠤᠭ᠋ᠠᠢᠪᠠᠷ ᠵᠶ᠋ᠠᠨ ᠭᠠᠵᠠᠷ ᠰᠢᠭ᠋ᠠᠨ ᠰᠢᠷᠬᠠᠳᠣᠵᠠᠢ᠃ ᠬᠡᠳᠦᠢ ᠣᠳᠠᠭᠰᠠᠨ ᠢ ᠪᠦᠦ ᠮᠡᠳᠡ᠂ ᠪᠦᠦᠷ ᠲᠦᠦᠷ ᠰᠡᠬᠡᠵᠦ ᠡᠬᠢᠯᠡᠪᠡ᠃ ᠳᠡᠩᠳᠡᠭᠦᠦ ᠶᠡᠬᠡ ᠭᠠᠩᠳᠠᠵᠣ ᠶᠠᠳᠠᠷᠠᠭᠰᠠᠨ ᠳᠤᠪᠠᠨ ᠮᠡᠳᠡᠷᠡᠯ ᠮᠠᠭᠣᠳᠠᠭᠰᠠᠨ ᠪᠢᠯᠡ ᠦᠦ ᠭᠡᠵᠣ ᠢᠲᠡᠭᠡᠵᠤ ᠶᠠᠳᠠᠨ ᠦᠪᠡᠷᠢᠪᠠᠨ ᠬᠢᠮᠣᠰᠣᠯᠠᠵᠣ ᠦᠵᠡᠪᠡ᠃ ᠲᠤᠯᠣᠭ᠋ᠠᠢᠠᠴᠠᠨᠢ ᠢᠯᠡᠭᠦᠦ ᠮᠡᠳᠡᠷᠡᠮᠵᠢᠲᠠᠢ ᠮᠠᠩᠨᠠᠢ ᠵᠢᠨ ᠲᠡᠨᠳᠡ ᠬᠦᠨᠳᠦᠬᠡᠨ ᠡᠪᠡᠳᠬᠦᠨᠢ ᠮᠡᠳᠡᠷᠡᠭᠳᠡᠵᠦ ᠪᠡᠢ᠌ᠪᠠ᠃ ᠬᠠᠷᠠᠴᠠᠨ ᠳᠤᠨᠢ ᠬᠥᠬᠡ ᠲᠡᠭᠷᠢ᠂ ᠴᠠᠭ᠋ᠠᠨ ᠡᠭᠦᠯᠡ ᠰᠣᠯᠢᠭᠳᠠᠵᠣ᠂ ᠣᠯᠠᠭ᠋ᠠᠨ ᠲᠡᠭᠷᠢ᠂ ᠣᠯᠠᠭ᠋ᠠᠨ ᠡᠭᠦᠯᠡ ᠦᠵᠡᠭᠳᠡᠪᠡ᠃ ᠨᠢᠳᠦᠨ ᠳᠤᠨᠢ ᠴᠢᠰᠦ ᠨᠥᠵᠢᠲᠠᠢ ᠪᠠᠢ᠌ᠭᠰᠠᠨ ᠠᠵᠠᠢ᠃ ᠭᠣᠪᠢ ᠵᠢᠨ ᠬᠠᠲᠠᠭᠣ ᠱᠠᠯᠠᠠᠴᠠ ᠰᠠᠷᠳᠢᠭ ᠠᠷᠠᠢ ᠵᠦᠭᠡᠯᠡᠨ ᠪᠠᠢ᠌ᠭᠰᠠᠨ ᠶᠤᠮ ᠦᠦ ᠭᠡᠵᠣ ᠰᠠᠮᠠᠴᠢᠬᠣᠳᠤ ᠨᠡᠭᠡᠷᠡᠨ ᠭᠠᠷᠨᠢ ᠱᠠᠭ᠋ᠠᠷᠠᠵᠣ ᠪᠠᠢ᠌ᠪᠠ᠃ ᠤᠢ᠌ᠴᠢᠭᠰᠠᠨ ᠭᠠᠵᠠᠷ ᠬᠠᠲᠠᠭᠣ ᠴᠦ᠍ ᠨᠡᠬᠡᠢ ᠰᠢᠭ ᠵᠦᠭᠡᠯᠡᠨ ᠰᠠᠨᠠᠭᠳᠠᠪᠠ᠃ ᠭᠣᠪᠢ ᠵᠢᠨ ᠬᠦᠨᠳᠡᠢᠳᠤ ᠮᠣᠷᠢ ᠣᠨᠣᠭ᠋ᠠᠨᠠᠴᠠ ᠴᠣᠬᠢᠭᠣᠯᠵᠣ ᠤᠢ᠌ᠴᠢᠭᠰᠠᠨ ᠭᠠᠵᠠᠷ ᠶᠡᠷᠦᠠᠴᠠ ᠡᠢ᠌ᠮᠦᠷᠬᠦᠣ ᠵᠦᠭᠡᠯᠡᠨ ᠰᠠᠨᠠᠭᠳᠠᠳᠠᠭ ᠪᠠᠢ᠌ᠭᠰᠠᠨ ᠲᠡᠭᠦᠨᠳᠤ ᠥᠷᠦ ᠵᠢᠷᠦᠬᠡᠨᠢ ᠦᠮᠦᠷᠡᠵᠦ ᠨᠢᠯᠪᠦᠰᠦ ᠤᠷᠣᠰᠪᠠ᠃ ᠲᠡᠷᠡ ᠦᠭᠦᠯᠢ ᠪᠤᠳᠣᠵᠣ ᠤᠬᠢᠯᠠᠭᠰᠠᠨ ᠪᠢᠰᠢ ᠭᠡᠳᠡᠭ ᠵᠶ᠋ᠡᠨ ᠢᠲᠡᠭᠡᠯ ᠵᠣᠷᠢᠭᠲᠠᠢ ᠮᠡᠳᠡᠷᠡᠪᠡ ᠃ ᠴᠠᠩᠭ᠋ᠠᠵᠤ ᠬᠠᠲᠠᠵᠣ ᠶᠠᠪᠤᠭᠰᠠᠨ ᠲᠡᠬᠦᠨᠳᠤ ᠶᠠᠭᠤᠨ ᠶᠠᠬᠡ ᠨᠢᠯᠪᠤᠰᠣ ᠪᠠᠢ᠌ᠭᠰᠠᠨ ᠭᠡᠯᠡᠢ᠂ ᠵᠢᠷᠦᠬᠡᠪᠠᠷ ᠵᠶ᠋ᠡᠨ ᠲᠡᠪᠳᠣᠬᠦᠪᠠᠷ ᠡᠯᠢᠭᠡ ᠬᠠᠢ᠌ᠯᠠᠳᠠᠭ ᠭᠡᠵᠣ ᠡᠵᠢᠨᠢ ᠶᠠᠷᠢᠳᠠᠭ ᠪᠠᠢ᠌ᠪᠠ᠃ ᠨᠢᠳᠦᠪᠠᠨ ᠠᠷᠠᠢ᠌ᠬᠢᠵᠣ ᠨᠡᠭᠡᠭᠡᠵᠤ᠂ ᠬᠥᠬᠡ ᠲᠡᠭᠷᠢ᠂ ᠴᠠᠭ᠋ᠠᠨ ᠡᠭᠦᠯᠡ ᠳᠠᠬᠢᠨ ᠬᠠᠷᠠᠭᠳᠠᠪᠠ᠃ ᠬᠡᠯᠡᠨᠢ ᠬᠠᠭᠤᠷᠠᠢ᠌ᠲᠠᠭ᠋ᠠᠳ ᠬᠠᠲᠠᠭᠰᠠᠨ ᠠᠷᠭ᠋ᠠᠯ ᠠᠮᠠᠨ ᠳᠤᠨᠢ ᠤᠷᠣᠭᠰᠠᠨ ᠰᠢᠭ᠋ ᠲᠤᠷᠴᠢᠬᠢᠨᠠᠵᠤ ᠪᠠᠢ᠌ᠪᠠ᠃ ᠣᠰᠤ ᠣᠣᠭᠣᠶᠠ ᠭᠡᠵᠣ ᠦᠨᠳᠡᠢ᠌ᠬᠦᠳᠤ ᠲᠡᠮᠡᠭᠡᠨᠢ ᠠᠯᠠᠭᠠ᠂ ᠪᠤᠷᠲᠣᠭᠣ ᠪᠠᠨ ᠬᠠᠮᠢᠭᠠ ᠭᠡᠭᠡᠭᠰᠡᠨ ᠵᠶ᠋ᠡᠨ ᠰᠠᠨᠠᠬᠣ ᠦᠬᠡᠢ ᠪᠠᠢ᠌ᠪᠠ᠃ ᠪᠦᠷ ᠶᠠᠳᠠᠪᠠᠯ ᠲᠡᠮᠡᠭᠡᠨᠤ ᠰᠤᠳᠠᠰᠤ ᠬᠠᠨᠠᠬᠤ ᠭᠡᠳᠡᠭᠨᠢ ᠬᠤᠭᠤᠰᠣᠨ ᠪᠣᠯᠪᠠ᠃ ᠲᠡᠭᠦᠨᠳᠤ ᠴᠢᠰᠣᠨᠤ ᠦᠨᠦᠷᠲᠤ ᠦᠩᠭᠢᠨᠡᠭᠰᠡᠨ ᠢᠯᠠᠭᠠ ᠪᠠᠲᠠᠭ᠋ᠠᠨᠠ ᠵᠢ ᠬᠦᠭᠡᠭᠡᠬᠦ ᠲᠡᠩᠬᠡᠯ ᠠᠯᠠᠭᠠ᠃ 《ᠣᠰᠤ᠂ ᠤᠰᠣ!》 ᠭᠡᠳ ᠪᠠᠢ᠌ᠨ ᠪᠠᠢ᠌ᠨ ᠣᠬᠠᠭ᠋ᠠᠨ ᠮᠠᠭᠤᠵᠢᠷᠠᠨᠠ᠃ ᠳᠠᠬᠢᠭ᠋ᠠᠳ ᠰᠡᠷᠡᠬᠦᠳᠤ ᠡᠯᠢᠭᠡᠨᠢ ᠰᠢᠲᠠᠵᠣ ᠨᠣᠴᠣᠮᠠᠷ ᠰᠢᠬᠠᠨᠠ᠃ 《ᠪᠢ ᠰᠠᠶᠢ ᠶᠠᠭᠤ ᠪᠣᠯᠪᠠ? ᠡᠪᠦᠭᠡ ᠵᠢᠨ ᠬᠤᠢ᠌ᠨᠠᠠᠴᠠ ᠶᠠᠪᠤᠬᠣ ᠴᠠᠭᠨᠢ ᠲᠤᠯᠪᠠ ᠦᠦ? ᠡᠷᠭᠢᠯᠲᠡ ᠦᠬᠡᠢ ᠶᠠᠪᠤᠬᠣ ᠴᠠᠭ ᠢᠷᠡᠭᠰᠡᠨ ᠪᠣᠯ ᠢᠩᠬᠢᠭᠡᠳ ᠵᠤᠪᠠᠭ᠋ᠠᠳ ᠴᠦ᠍ ᠶᠠᠭ᠋ᠠᠬᠢᠬᠤ ᠪᠣᠢ? ᠡᠷᠲᠡᠬᠡᠨ ᠶᠠᠪᠤᠵᠣ ᠦᠵᠡᠶᠡ᠃ ᠮᠠᠷᠭ᠋ᠠᠰᠢ ᠪᠤᠯᠬᠣᠳᠤ ᠢᠯᠠᠭᠠ ᠪᠠᠲᠠᠭ᠋ᠠᠨᠠ ᠂ ᠥᠲᠦ ᠬᠤᠷᠣᠬᠠᠢ ᠵᠢᠨ ᠲᠡᠵᠢᠭᠡᠯ ᠪᠤᠯᠵᠣ ᠦᠮᠡᠬᠡᠢ᠌ᠷᠡᠨᠡ ᠪᠠᠢ᠌ᠬᠠ᠃ ᠪᠤᠷᠣ ᠰᠢᠰᠢ ᠵᠢᠨ ᠢᠳᠡᠰᠢ ᠪᠤᠯᠵᠣ ᠨᠢᠳᠦ ᠴᠢᠬᠢ ᠬᠠᠮᠠᠷ ᠠᠮᠠ ᠦᠬᠡᠢ᠂ ᠰᠡᠲᠡᠷᠬᠡᠢ ᠰᠢᠳᠦ ᠣᠩᠭᠣᠷᠬᠠᠢ ᠤᠷᠣᠭᠣᠯᠲᠠᠢ ᠳᠠᠭᠤᠰᠬᠣ ᠪᠤᠯᠣᠨᠠ᠃ ᠨᠢᠳᠦ ᠠᠨᠢᠬᠤᠳᠤ ᠬᠤᠮᠣᠷᠠᠵᠣ ᠢᠷᠡᠭᠰᠡᠨ ᠲᠡᠳᠡᠨᠣᠰᠤᠨ ᠬᠠᠢ᠌ᠷᠠ ᠲᠤᠷᠠᠯᠠᠯ᠂ ᠬᠡᠷᠡᠭᠦᠯ ᠵᠤᠳᠣᠭ᠋ᠠᠨᠤ ᠠᠯᠢ ᠵᠢ ᠤᠯᠵᠣ ᠬᠠᠷᠠᠬᠣ ᠦᠬᠡᠢ ᠰᠡᠭ ᠪᠤᠯᠣᠨᠠ᠃ ᠠᠯᠢ ᠪᠦᠬᠦᠨᠢ ᠲᠠᠲᠠᠵᠤ ᠭᠠᠷᠭ᠋ᠠᠭ᠋ᠠᠳ ᠤᠷᠣᠯᠠᠩ ᠰᠢᠭ᠋ ᠭᠠᠵᠠᠷ ᠲᠡᠢ᠌ᠷᠣᠨ ᠪᠦᠭᠰᠡᠪᠠᠷ ᠵᠶ᠋ᠡᠨ ᠬᠤᠢ᠌ᠰᠢ ᠰᠠᠭᠣᠵᠣ ᠲᠥᠷᠪᠡᠨ ᠮᠦᠴᠢᠠᠴᠠ ᠴᠢᠩᠭ᠋ᠠᠭ᠋ᠠᠨᠠ᠂ ᠰᠡᠭᠴᠢᠭᠦᠯᠦᠨᠡ᠂ ᠲᠠᠰᠣᠳᠠᠭᠣᠯᠣᠨᠠ᠃ ᠲᠡᠭᠡᠬᠦ ᠵᠢᠨ ᠤᠷᠣᠨᠳᠤ ᠡᠯᠢᠶᠡ᠂ ᠪᠦᠷᠭᠦᠳ ᠰᠢᠪᠠᠭᠤ ᠨᠠᠮᠠ ᠵᠢ ᠭᠣᠯᠣᠬᠤ ᠦᠬᠡᠢ ᠴᠡᠪᠡᠷᠬᠡᠨ ᠲᠡᠭᠦᠵᠦ ᠰᠢᠩᠭᠡᠭᠡᠬᠦ ᠪᠤᠯᠲᠣᠭ᠋ᠠᠢ᠂ ᠬᠣᠭ ᠦᠬᠡᠢ ᠴᠡᠪᠡᠷᠬᠡᠨ ᠶᠠᠪᠤᠨᠠ! ᠪᠢᠰᠢ ᠳ᠋ᠠ᠂ ᠶᠠᠭᠤ ᠶᠠᠭᠣᠨᠢ ᠠᠮᠵᠢᠬᠣᠠᠴᠠ ᠤᠷᠢᠳᠤ ᠠᠩ ᠠᠮᠢᠲᠠᠨᠤ ᠬᠣᠭᠣᠯᠠ ᠪᠤᠯᠵᠣ ᠳᠦᠭᠦᠷᠬᠦ ᠪᠤᠢ᠃ ᠠᠯᠢ ᠨᠢᠭᠡᠨ ᠡᠳᠦᠷ ᠮᠢᠨᠦ ᠠᠷᠣᠨᠠᠴᠠ ᠰᠠᠢ᠌ᠨ ᠡᠷᠡ ᠵᠢᠨ ᠳᠠᠢ᠌ᠲᠠᠢ ᠬᠠᠢ᠌ᠵᠣ ᠢᠷᠡᠭᠰᠡᠨ ᠬᠦᠮᠦᠰ ᠲᠡᠪᠡᠯᠤᠨ ᠲᠤᠪᠴᠢ ᠰᠢᠯᠪᠢ᠂ ᠭᠣᠳᠣᠯᠤᠨ ᠲᠦᠷᠡᠢ ᠵᠢ ᠦᠵᠡᠭᠡᠳ 《ᠰᠠᠢ᠌ᠨ ᠡᠷᠡ ᠵᠢᠨ ᠴᠢᠰᠦ᠂ ᠮᠠᠭᠣ ᠡᠷᠡ ᠵᠢᠨ ᠨᠢᠰᠣ᠂ ᠪᠠᠰᠠ ᠨᠢᠭᠡ ᠤᠯᠢᠭ ᠦᠬᠡᠢ ᠡᠷᠡ ᠡᠨᠳᠡ ᠬᠡᠪᠲᠡᠵᠡᠢ ᠭᠡᠵᠣ ᠮᠠᠭᠤᠴᠢᠯᠠᠬᠣ ᠪᠤᠢ》 ᠭᠡᠵᠣ ᠪᠤᠳᠣᠨ ᠪᠠᠢ᠌ᠬᠤᠳᠤ ᠭᠠᠷ ᠲᠤᠨᠢ ᠨᠣᠢ᠌ᠲᠠᠨ ᠶᠠᠭᠣᠮᠡ ᠲᠡᠮᠲᠡᠷᠢᠭᠳᠡᠬᠦ ᠰᠡᠷᠡᠯ ᠢᠷᠡᠪᠡ᠃ ᠪᠤᠷᠲᠣᠭᠤᠲᠠᠢ ᠣᠰᠤ ᠯᠠᠪ ᠪᠢᠰᠢ ᠪᠠᠢ᠌ᠪᠠ᠃ ᠲᠠᠰᠣᠲᠠᠵᠣ ᠦᠵᠡᠬᠦᠳᠤ ᠪᠦᠦᠷ ᠲᠦᠦᠷ ᠨᠤᠭᠣᠭ᠋ᠠᠨ ᠶᠠᠭᠤᠮᠠ ᠬᠠᠷᠠᠭᠳᠠᠪᠠ᠃ ᠠᠵᠠᠪᠠᠷ ᠲᠠᠯᠪᠠᠭ᠋ᠠᠷ ᠲᠣᠮᠣ ᠨᠠᠪᠴᠢᠲᠠᠢ ᠭᠣᠪᠢ ᠵᠢᠨ ᠪᠠᠵᠢᠭᠤᠨᠠ ᠪᠠᠢ᠌ᠯᠠ᠃ 《ᠪᠢ ᠬᠠᠲᠠᠵᠣ ᠦᠬᠦᠬᠦ ᠪᠤᠯᠣᠭᠠ ᠦᠬᠡᠢ》 ᠭᠡᠳ ᠰᠢᠷᠦᠢ ᠲᠤᠭᠤᠰᠣᠲᠠᠢᠨᠢ ᠬᠤᠮᠢᠵᠣ ᠠᠮᠠᠨᠳᠠᠭᠠᠨ ᠵᠠᠵᠢᠯᠬᠤᠳᠤ ᠠᠢ᠌ᠷᠠᠭᠤᠨ ᠰᠢᠷᠠ ᠤᠰᠣ ᠰᠢᠭ᠋ ᠢᠰᠬᠦᠯᠡᠩ ᠰᠢᠭᠦᠰᠦ ᠬᠤᠭᠤᠯᠠᠢ ᠤᠷᠣᠭᠣ ᠤᠷᠣᠰᠣᠨ ᠤᠷᠣᠪᠠ᠃ ᠭᠣᠪᠢᠳᠤ ᠣᠷᠭᠣᠳᠠᠭ ᠣᠷᠭᠣᠮᠠᠯ ᠲᠡᠳᠦᠢ᠌ᠭᠡᠨ ᠴᠢᠬᠢᠭ ᠵᠶ᠋ᠡᠷ ᠠᠮᠢ ᠨᠠᠰᠣᠪᠠᠨ ᠵᠠᠯᠭ᠋ᠠᠭᠣᠯᠵᠣ ᠢᠷᠡᠭᠰᠡᠨ ᠶᠤᠮ᠃ ᠲᠡᠷᠡ ᠬᠦᠮᠦᠨ ᠦᠨᠳᠡᠢ᠌ᠵᠦ ᠨᠦᠭᠦᠭᠡ ᠬᠤᠶᠠᠷ ᠨᠠᠪᠴᠢ ᠵᠢ ᠲᠠᠰᠣᠲᠠᠵᠣ ᠠᠮᠠᠨ ᠳᠤᠪᠠᠨ ᠬᠢᠪᠡ᠃ ᠲᠡᠷᠡ ᠭᠠᠵᠠᠷ ᠨᠢᠷᠦᠭᠣᠳᠠᠨ ᠣᠳᠠᠭ᠋ᠠᠨ ᠬᠡᠪᠳᠡᠯᠠ᠃ ᠣᠬᠠᠭ᠋ᠠᠨ ᠪᠤᠳᠣᠯᠨᠢ ᠴᠦ᠍ ᠠᠭ᠋ᠠᠵᠢᠮ ᠵᠶ᠋ᠠᠷ ᠪᠤᠴᠠᠨ ᠢᠷᠡᠵᠦ ᠳᠣᠲᠤᠷᠠᠨᠢ ᠣᠩᠭᠣᠢ᠌ᠯᠠ᠃ ᠪᠤᠭᠣᠷᠣᠯ ᠭᠣᠪᠢᠳᠤ ᠲᠤᠳᠤᠷᠠᠭ᠋ᠠᠳ ᠪᠠᠢ᠌ᠳᠠᠭ ᠵᠡᠷᠭᠡᠯᠭᠡᠨ᠂ ᠲᠣᠭᠣᠷᠣᠮ᠂ ᠨᠠᠷᠠ ᠭᠤᠷᠪᠠ ᠠᠯᠢ ᠠᠯᠢ ᠵᠢ ᠬᠤᠯᠠᠳᠠᠵᠣ ᠡᠭᠦᠯᠡᠰᠢᠷᠡᠵᠣ ᠪᠠᠢ᠌ᠬᠣ ᠵᠢ ᠤᠢ᠌ᠯᠠᠭ᠋ᠠᠵᠠᠢ᠃ ᠭᠣᠪᠢᠳᠤ ᠳᠠᠩᠴᠦ ᠬᠤᠪᠤᠷ ᠲᠤᠬᠢᠶᠠᠯᠳᠣᠬᠣ ᠨᠣᠢ᠌ᠲᠠᠨ ᠴᠢᠬᠢᠭ ᠰᠡᠷ ᠰᠡᠷ ᠵᠢᠪᠡᠷᠯᠡᠨᠡ᠂ ᠮᠡᠷ ᠮᠡᠷ ᠦᠯᠢᠶᠡᠨᠡ ᠃
ᠤᠨᠣᠭ᠋ᠠᠨᠤ ᠲᠡᠮᠡᠭᠡ ᠪᠠᠷᠢᠭᠳᠠᠬᠣ ᠵᠢ ᠪᠦᠦ ᠬᠡᠯᠡ᠂ ᠪᠠᠷᠠᠨᠢ ᠴᠦ᠍ ᠦᠬᠡᠢ ᠪᠤᠯᠵᠠᠢ᠃ ᠬᠡᠳᠦᠨ ᠬᠣᠨᠣᠭ ᠬᠤᠭᠤᠰᠣᠨ ᠬᠤᠨᠣᠭᠣᠯᠵᠣ ᠦᠯᠦᠰᠴᠦ ᠴᠠᠩᠭ᠋ᠠᠭᠰᠠᠨ ᠬᠢᠷᠢᠨᠢ ᠤᠶᠠᠭᠠ ᠠᠯᠳᠠᠭᠣᠯᠣᠭᠰᠠᠨ ᠨᠢ ᠲᠡᠭᠦᠨᠤ ᠪᠤᠷᠣᠭᠣ ᠪᠢᠰᠢ᠃ ᠲᠡᠮᠡᠭᠡ ᠬᠦᠳᠡᠭᠡ ᠵᠢᠨ ᠠᠮᠢᠲᠠᠨ᠃ ᠡᠯᠡᠰᠣᠨᠳᠤ ᠰᠣᠯᠢ᠂ ᠪᠤᠳᠠᠷᠭ᠋ᠠᠨᠠ᠂ ᠵᠠᠭ ᠲᠤᠤᠷᠯᠠᠭ ᠵᠶ᠋ᠠᠨ ᠬᠠᠢ᠌ᠵᠣ ᠶᠠᠪᠤᠭᠰᠠᠨᠨᠢ ᠲᠠᠭ᠋ᠠᠷᠠᠨᠠ᠃ ᠲᠡᠭᠡᠭᠡᠳ ᠠᠢ᠌ᠯᠤᠨ ᠤᠰᠣᠨᠳᠤ ᠤᠴᠢᠨᠠ᠃ ᠠᠯᠳᠠᠭᠣᠯᠤᠨ ᠲᠡᠮᠡᠭᠡ ᠬᠦᠮᠦᠨᠳᠤ ᠬᠠᠷᠠᠭᠳᠠᠪᠠᠯ ᠵᠢᠰᠦᠪᠠᠷᠨᠢ ᠲᠠᠨᠢᠵᠣ ᠡᠷᠢᠵᠦ ᠢᠷᠡᠬᠦ ᠶᠠᠭᠣ ᠴᠢᠭ ᠪᠠᠢ᠌ᠬᠤ ᠪᠣᠢ ᠭᠡᠵᠣ ᠭᠤᠷᠢᠳᠠᠨᠠ᠃ ᠤᠳᠣ ᠶᠠᠪᠠᠭ᠋ᠠᠨ ᠭᠦᠶᠦᠬᠦᠠᠴᠠ ᠥᠭᠡᠷᠡ ᠶᠠᠮᠠᠷ ᠴᠦ᠍ ᠠᠷᠭᠠ ᠦᠬᠡᠢ ᠪᠠᠢ᠌ᠪᠠ᠃ ᠲᠡᠷᠡ ᠵᠣᠷᠢᠭ ᠬᠠᠷᠢᠭᠰᠠᠨ ᠦᠭᠡᠢ᠂ ᠬᠣᠣᠷ ᠢᠳᠡᠭᠰᠡᠨ ᠢᠮᠠᠭᠠ ᠮᠡᠲᠦ ᠲᠡᠭᠡᠷᠡ ᠲᠤᠤᠷᠡ ᠭᠢᠰᠬᠢᠵᠦ ᠴᠠᠭ᠋ᠠᠷᠠ ᠬᠠᠨᠳᠣᠨ ᠶᠠᠪᠤᠯᠠ᠃ ᠴᠢᠯᠠᠭᠤ ᠳᠡᠭᠦᠵᠢᠯᠡᠭᠰᠡᠨ ᠮᠡᠲᠦ ᠲᠠᠮᠢᠷ ᠰᠣᠯᠠᠷᠠᠭᠰᠠᠨ ᠬᠤᠶᠠᠷ ᠬᠥᠯ ᠵᠶ᠋ᠡᠨ ᠵᠦᠭᠡᠭᠡᠵᠣ ᠶᠠᠳᠠᠨ ᠲᠠᠬᠢᠨ ᠤᠢ᠌ᠴᠢᠪᠠ᠃ ᠮᠤᠬᠣᠷᠳᠠᠯᠤᠨ ᠬᠠᠷᠠᠴᠠᠪᠠᠷ ᠬᠠᠵᠠᠭᠤ ᠬᠠᠶᠠᠭᠠᠪᠠᠷ ᠨᠢᠳᠦ ᠪᠡᠯᠴᠢᠭᠡᠨ ᠬᠡᠰᠡᠭ ᠬᠠᠷᠠᠵᠣ ᠭᠡᠪᠲᠡᠪᠡ᠃ ᠲᠡᠷᠡ ᠴᠠᠭ᠋ᠠᠨᠠᠬᠠᠨ ᠨᠢᠭᠡ ᠲᠦᠭᠳᠦᠢ᠌ᠭᠰᠡᠨ ᠶᠠᠭᠣᠮᠠ ᠨᠢᠳᠦᠨᠳᠤ ᠲᠣᠰᠪᠠ᠃ ᠦᠪᠡᠷᠤᠨ ᠬᠢᠨᠢ ᠣᠨᠣᠭᠠᠨᠢ ᠬᠠᠷᠠᠩᠭ᠋ᠠᠯᠠᠭ᠋ᠠᠳ ᠣᠨᠠᠴᠢᠬᠠᠪᠠ ᠦᠦ ᠭᠡᠵᠣ ᠨᠢᠭᠡ ᠪᠤᠳᠣᠪᠠ᠃ ᠲᠡᠷᠭᠡᠳᠡᠨᠢ ᠬᠦᠷᠬᠦᠪᠠᠷ ᠶᠣᠯᠳᠣᠷᠠᠪᠠ᠃ ᠠᠮᠢ ᠲᠡᠮᠡᠴᠡᠨ ᠤᠷᠣᠭᠰᠢ ᠮᠦᠯᠬᠦᠭᠡᠳ ᠪᠠᠢ᠌ᠯᠠ ᠁ ᠲᠦᠬᠦᠵᠦ ᠥᠭᠬᠦ ᠦᠬᠡᠢ ᠲᠠᠷᠴᠢᠯᠠᠭ᠋ᠠᠨ ᠪᠠᠢ᠌ᠪᠠ᠃ ᠲᠣᠬᠣᠢᠠᠴᠠᠨᠢ ᠴᠢᠰᠦ ᠨᠡᠪᠴᠢᠵᠣ ᠣᠯᠠᠢ᠌ᠵᠠᠢ᠃ ᠶᠠᠬᠡ ᠤᠢ᠌ᠷᠬᠠᠨ ᠲᠤᠯᠵᠣ ᠤᠴᠢᠯᠠ᠃ ᠴᠢᠯᠠᠭᠤ ᠪᠢᠰᠢ᠂ ᠵᠠᠭ ᠶᠤᠮ ᠦᠦ ᠭᠡᠵᠣ ᠭᠠᠢ᠌ᠬᠠᠭ᠋ᠠᠳ ᠪᠠᠢ᠌ᠯᠠ᠃ ᠶᠠᠭᠣᠨ ᠰᠣᠨᠢᠨ ᠪᠤᠢ? ᠬᠦᠮᠦᠨ ᠬᠡᠪᠳᠡᠵᠣ ᠪᠠᠢ᠌ᠬᠣ ᠰᠢᠭ᠋ ᠬᠠᠷᠠᠭᠳᠠᠪᠠ᠃ ᠠᠮᠢᠲᠠᠨ ᠴᠦ᠍ ᠪᠢᠰᠢ ᠪᠤᠯᠣᠯᠲᠠᠢ ᠬᠦᠳᠡᠯᠬᠦ ᠦᠭᠡᠢ ᠲᠡᠷᠡᠢ᠌ᠵᠦ ᠪᠠᠢ᠌ᠪᠠ ᠃ ᠨᠠᠳᠠ ᠰᠢᠭ᠋ ᠤᠢ᠌ᠴᠢᠭᠰᠠᠨ ᠬᠦᠮᠦᠨ ᠶᠠᠭᠣ ᠮᠠᠭ᠋ᠠᠳ ᠭᠡᠳ ᠪᠤᠰᠬᠣ ᠭᠡᠳ ᠴᠢᠳᠠᠭᠰᠠᠨ ᠦᠬᠡᠢ᠃ ᠭᠠᠷ ᠲᠤ ᠪᠠᠷᠢᠭᠳᠠᠭᠰᠠᠨ ᠴᠢᠯᠠᠭᠤ ᠵᠢ ᠲᠡᠭᠦᠵᠦ ᠰᠢᠳᠡᠭᠰᠡᠨ ᠴᠢᠨᠢ ᠦᠪᠡᠷᠤᠨ ᠬᠠᠮᠠᠷ ᠵᠶ᠋ᠠᠨ ᠠᠷᠠᠢ ᠴᠣᠬᠢᠭᠰᠠᠨ ᠦᠬᠡᠢ᠃ ᠦᠷᠭᠦᠭᠡᠵᠦ ᠦᠵᠡᠯᠡ᠂ ᠬᠦᠳᠡᠯᠬᠦ ᠶᠠᠩᠵᠣ ᠦᠬᠡᠢ ᠪᠠᠢ᠌ᠭᠠ ᠬᠡᠪ ᠵᠶ᠋ᠡᠷ ᠬᠠᠷᠠᠭᠳᠠᠨᠠ᠃ ᠦᠪᠡᠷ ᠵᠶ᠋ᠡᠨ ᠡᠢ᠌ᠨ ᠬᠦ᠌ ᠲᠠᠯᠴᠢᠯᠡᠭᠰᠡᠭᠡᠷ ᠶᠠᠳᠠᠷᠠᠵᠠᠢ᠃ ᠲᠡᠷᠡ ᠲᠡᠨᠡᠭ ᠬᠦᠮᠦᠨ ᠰᠢᠭ ᠤᠷᠣᠭᠰᠢ ᠣᠠᠠᠭᠢᠭ᠋ᠠᠳ ᠪᠠᠢ᠌ᠪᠠ᠃ ᠳᠡᠷᠭᠡᠳᠡᠨᠢ ᠲᠤᠯᠵᠣ ᠤᠴᠢᠪᠠ᠃ ᠮᠡᠯᠬᠡᠢ᠌ᠭᠰᠡᠨ ᠬᠥᠭᠡ ᠴᠢᠯᠠᠭᠤ ᠪᠠᠢ᠌ᠨᠠ᠃ ᠦᠵᠦᠭᠦᠷᠨᠢ ᠬᠤᠭᠤᠷᠠᠭᠰᠠᠨ ᠭᠤᠵᠤᠭᠤᠷ ᠮᠦᠷᠲᠡᠭᠡᠨ ᠭᠢᠯᠡᠭ᠋ᠠᠷ ᠴᠢᠯᠠᠭᠣ ᠭᠡᠪᠲᠡᠨᠡ ᠃ ᠴᠢᠯᠠᠭᠤ ᠵᠢ ᠮᠡᠳᠡᠭᠰᠡᠨ ᠪᠣᠯ ᠶᠡᠭᠣᠨᠳᠤ ᠢᠩᠬᠢᠵᠤ ᠬᠦᠴᠦ ᠳᠠᠢ᠌ᠲᠠᠢ ᠡᠭᠦᠨᠳᠤ ᠵᠢᠳᠬᠦᠵᠣ ᠢᠷᠡᠪᠡ ᠭᠡᠳ ᠲᠡᠷᠡ ᠴᠢᠯᠠᠭᠤ ᠲᠥᠰᠢᠵᠦ ᠭᠡᠰᠡᠭ ᠠᠮᠠᠷᠠᠪᠠ᠃ ᠳᠡᠭᠡᠭᠡᠳ ᠬᠡᠰᠡᠭ ᠰᠠᠭᠣᠵᠣ ᠪᠠᠢ᠌ᠭᠰᠠᠨᠠᠴᠠ ᠡᠨᠡ ᠭᠣᠪᠢ ᠤᠨ ᠬᠦᠨᠳᠡᠢᠳᠤ ᠶᠠᠭ᠋ᠠᠬᠢᠭᠰᠠᠨ ᠲᠤᠮᠤ ᠴᠢᠯᠠᠭᠤ ᠡᠨᠳᠡ ᠪᠠᠢ᠌ᠳᠠᠭ ᠭᠡᠭᠴᠢ ᠵᠢ ᠭᠠᠢ᠌ᠬᠠᠵᠣ ᠳᠡᠭᠡᠷᠡᠠᠴᠠᠨᠢ ᠦᠩᠭᠡᠢ᠌ᠵᠦ ᠬᠠᠷᠠᠪᠠ᠃
ᠭᠣᠪᠢ᠃
ᠲᠡᠭᠷᠢ ᠴᠠᠬᠢᠯᠠᠪᠠ᠃ ᠪᠤᠷᠣᠭᠠ ᠴᠦ᠍ ᠠᠷᠠᠴᠢᠭᠠ ᠦᠬᠡᠢ ᠤᠷᠣᠬᠤ ᠶᠠᠩᠵᠣᠲᠠᠢ ᠢᠪᠡᠷ ᠰᠢᠪᠡᠷ ᠲᠣᠰᠤᠯᠠᠵᠣ ᠡᠬᠢᠯᠡᠪᠡ᠃ ᠣᠳᠠᠯ ᠦᠬᠡᠢ ᠭᠣᠪᠢ ᠵᠢᠨ ᠬᠦᠨᠳᠡᠢᠳᠤ ᠴᠠᠢ᠌ᠷᠠᠭ᠋ᠠᠳ ᠣᠰᠤᠨ ᠬᠣᠢ ᠲᠠᠳᠠᠨ ᠱᠠᠭᠢᠲᠠᠯᠠ ᠴᠢᠳᠬᠣᠯᠠᠪᠠ᠃ ᠬᠡᠳᠦᠢ ᠪᠤᠯᠳᠠᠯᠠ ᠪᠤᠷᠣᠭᠠ ᠤᠷᠣᠭᠰᠠᠨᠢ ᠬᠡᠨ ᠴᠦ᠍ ᠮᠡᠳᠡᠬᠦ ᠦᠬᠡᠢ ᠭᠣᠪᠢ ᠲᠤᠭ᠋ᠠᠯᠠᠨᠠ᠃ ᠴᠢᠯᠠᠭᠣᠨ ᠤ ᠲᠡᠷᠭᠡᠳᠡ ᠭᠡᠪᠳᠡᠭᠰᠡᠨ ᠲᠡᠷᠡ ᠬᠦᠮᠦᠨᠤ ᠬᠥᠯᠨᠢ ᠠᠲᠢᠭᠢᠨᠠᠪᠠ᠃
《ᠪᠠᠢ᠌ᠨᠠ ᠦᠦ?》
《ᠪᠠᠢ᠌ᠨᠠ!》 ᠭᠡᠳᠡᠭ ᠪᠣᠯ ᠶᠠᠭᠣᠮᠠ ᠪᠦᠬᠦᠨᠢ ᠪᠠᠭᠲᠠᠭ᠋ᠠᠭᠰᠠᠨ ᠪᠡᠯᠭᠡ ᠳᠡᠮᠪᠡᠷᠡᠯᠤᠨ ᠰᠠᠩ ᠶᠤᠮ!
ᠦᠦᠷ ᠤᠨ ᠦᠨᠡᠭᠡᠨ ᠬᠠᠷᠠᠩᠭᠣᠢ ᠵᠢᠨ ᠵᠢᠯᠢᠪ ᠲᠠᠲᠠᠬᠤ ᠵᠢᠨ ᠵᠠᠪᠰᠠᠷ ᠴᠠᠢ᠌ᠷᠠᠵᠣ ᠨᠠᠷᠠ ᠰᠣᠶᠣᠭ᠋ᠠᠯᠠᠨ ᠮᠠᠨᠳᠣᠪᠠ᠃ ᠡᠯᠡᠰᠣᠨᠠᠴᠠ ᠭᠠᠷᠴᠦ ᠢᠷᠡᠭᠰᠡᠨ ᠠᠯᠳᠠᠭᠣᠯᠤᠨ ᠪᠤᠲᠣᠭᠣᠲᠠᠢ ᠢᠩᠭᠡ᠂ ᠲᠠᠢ᠌ᠯᠣᠭ ᠬᠤᠷᠢᠭ᠋ᠠᠳ ᠲᠡᠮᠡᠭᠡ ᠭᠣᠪᠢ ᠵᠢ ᠲᠣᠭᠣᠯᠣᠨ ᠮᠠᠨᠠᠨᠤ ᠲᠣᠮᠳᠠᠭᠣᠷ ᠲᠡᠪᠬᠡᠢ᠌ᠨ ᠨᠠᠭ᠋ᠠᠰᠢᠯᠠᠨᠠ᠃ ᠪᠣᠭᠣᠷᠣᠯ ᠡᠪᠦᠭᠡ ᠵᠢ ᠬᠤᠪᠤᠳᠠᠯᠠᠭᠰᠠᠨ ᠬᠥᠬᠡ ᠰᠠᠷᠳᠢᠭᠢ ᠲᠤᠭᠤᠯᠣᠨ ᠢᠷᠡᠭᠰᠡᠨ ᠴᠡᠩᠬᠡᠷ ᠬᠠᠳᠠᠨᠤ ᠦᠵᠦᠭᠦᠷᠲᠤ ᠴᠠᠭ᠋ᠠᠨᠠᠠᠴᠠ ᠪᠠᠷᠠᠲᠠᠢ ᠢᠷᠡᠭᠰᠡᠨ ᠲᠡᠮᠡᠭᠡ ᠪᠠᠢ᠌ᠷᠢᠨᠳᠤᠪᠠᠨ ᠬᠤᠷᠠᠨ ᠵᠣᠭᠰᠣᠵᠣ ᠨᠠᠭ᠋ᠠᠰᠢᠪᠠᠨ ᠰᠦᠷᠡᠬᠡᠢ ᠬᠠᠷᠠᠵᠣ ᠪᠠᠢ᠌ᠯᠠ᠃ 《ᠰᠠᠨᠠᠭᠠ ᠮᠠᠭᠤᠲᠣ ᠶᠠᠪᠤᠨ ᠭᠣᠳᠣᠨᠠ ᠂ ᠰᠡᠳᠭᠢᠯ ᠰᠠᠢ᠌ᠲᠦ ᠢᠷᠡᠨ ᠤᠭᠲᠣᠨᠠ》 ᠭᠡᠵᠣ ᠡᠪᠦᠭᠡᠳᠤᠨ ᠲᠤᠮᠣᠭᠯᠠᠵᠣ ᠶᠠᠷᠢᠵᠣ ᠪᠠᠢ᠌ᠭᠰᠠᠨᠨᠢ ᠰᠢᠪᠡᠨᠡᠬᠦ ᠮᠡᠲᠦ 《ᠣᠳᠤ ᠯᠠ ᠨᠠᠷᠠᠨᠤ ᠰᠡᠭᠦᠳᠡᠷ ᠵᠦᠭᠲᠤ ᠯᠠ ᠰᠠᠢ᠌ᠨ ᠬᠠᠷᠠ! ᠶᠠᠭᠣᠮᠠ ᠬᠠᠷᠠᠭᠳᠠᠨᠠ ᠳ᠋ᠠ》 ᠭᠡᠵᠣ ᠡᠯᠡᠢ ᠪᠠᠯᠠᠢ ᠬᠡᠢ ᠰᠣᠨᠣᠰᠳᠠᠨᠠ᠃ ᠠᠯᠢᠪᠠ ᠶᠠᠷᠣ ᠪᠤᠰᠣ ᠵᠢᠨ ᠰᠣᠨᠢᠨ ᠰᠠᠢ᠌ᠬᠠᠨᠳᠤ ᠨᠢᠭᠡ ᠠᠪᠲᠠᠬᠤᠪᠠᠷ ᠵᠶ᠋ᠠᠨ ᠡᠳᠦᠷᠤᠨ ᠪᠤᠳᠣᠯ ᠰᠦᠨᠢ ᠵᠢᠨ ᠵᠡᠭᠦᠳᠦ ᠪᠤᠯᠭ᠋ᠠᠳᠠᠭ ᠵᠠᠩ ᠵᠶ᠋ᠠᠷ ᠬᠡᠳᠦᠢ ᠪᠦᠳᠦᠰᠢ ᠦᠭᠡᠢ ᠵᠢ ᠴᠦ᠍ ᠬᠦᠰᠡᠨ ᠮᠦᠷᠦᠭᠡᠳᠬᠦ ᠵᠢᠨ ᠵᠢᠷᠭ᠋ᠠᠯ ᠡᠪᠦᠷᠲᠦᠯᠡᠨ ᠶᠡᠬᠡ ᠵᠣᠷᠢᠭ ᠪᠠᠷᠢᠨ ᠶᠠᠪᠤᠭᠰᠠᠨ ᠲᠤᠯᠠ ᠬᠦᠴᠦ ᠲᠠᠮᠢᠷ ᠭᠠᠩᠳᠠᠭᠠ ᠦᠬᠡᠢ ᠵᠤᠷᠢᠨᠠ᠃
ᠬᠥᠪ ᠬᠥᠬᠡ ᠲᠡᠭᠷᠢ ! ᠡᠭᠦᠯᠡ ᠦᠬᠡᠢ ᠴᠡᠩᠭᠡᠷ ᠵᠶ᠋ᠡᠷ ᠮᠠᠩᠨᠠᠢ ᠵᠢᠨ ᠤᠷᠣᠢ ᠳᠡᠭᠡᠷᠡ ᠪᠢᠨᠳᠣᠷᠶᠠ ᠠᠰᠬᠠᠷᠠᠨᠠ᠃ ᠦᠨᠡᠭᠡᠷ ᠡᠪᠦᠭᠡ ᠵᠢᠨ ᠶᠠᠷᠢᠳᠠᠭ ᠳᠣᠮᠣᠭᠲᠣ ᠴᠠᠭ᠋ᠠᠨ ᠰᠣᠯᠦᠩᠭᠠ ᠪᠤᠭᠣᠷᠣᠯ ᠭᠣᠪᠢᠳᠤ ᠮᠡᠯᠮᠡᠢ ᠪᠠᠶᠠᠰᠬᠠᠨ ᠲᠡᠭᠷᠢ ᠭᠠᠵᠠᠷᠢ ᠬᠣᠯᠪᠣᠨ ᠲᠠᠲᠠᠯᠠ! ᠰᠠᠴᠣᠯᠢ ᠵᠢᠨ ᠤᠶᠠᠩᠭ᠋ᠠᠷᠠᠯᠲᠠᠢ ᠴᠠᠪ ᠴᠠᠭ᠋ᠠᠨ ᠰᠣᠯᠣᠩᠭᠠ ᠁
(ᠲᠡᠬᠦᠰᠪᠡ)