ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠨᠡᠶ᠋ᠢᠭᠡᠮ ᠰᠡᠳᠬᠦᠯ
ᠵᠠᠯᠠᠭᠤ ᠽᠠᠨᠳᠠᠨ ᠨᠠᠰᠤ᠎ᠪᠠᠨ ᠦᠳᠡᠭᠡᠷᠦᠯ ᠦᠬᠡᠢ ᠰᠢᠨ᠎ᠡ ᠴᠠᠭ ᠦᠶ᠎ᠡ ᠵᠢᠨ ᠬᠢᠷᠢ ᠲᠡᠩᠴᠡᠭᠰᠡᠨ ᠠᠷᠠᠳ᠎ᠤᠨ ᠶᠠᠪᠤᠳᠠᠯ᠎ᠤᠨ᠎ᠬᠢᠨ ᠪᠣᠯᠬᠣ᠎ᠪᠠᠷ ᠴᠢᠷᠮᠠᠢ᠌ᠶ᠎ᠠ
ᠨᠡᠶᠢᠲᠡᠯᠡᠭᠰᠡᠨ ᠴᠠᠭ᠄ 2021-11-05

ᠵᠠᠯᠠᠭᠤ ᠽᠠᠨᠳᠠᠨ ᠨᠠᠰᠤ᠎ᠪᠠᠨ ᠦᠳᠡᠭᠡᠷᠦᠯ ᠦᠬᠡᠢ ᠰᠢᠨ᠎ᠡ ᠴᠠᠭ ᠦᠶ᠎ᠡ ᠵᠢᠨ ᠬᠢᠷᠢ ᠲᠡᠩᠴᠡᠭᠰᠡᠨ ᠠᠷᠠᠳ᠎ᠤᠨ ᠶᠠᠪᠤᠳᠠᠯ᠎ᠤᠨ᠎ᠬᠢᠨ ᠪᠣᠯᠬᠣ᠎ᠪᠠᠷ ᠴᠢᠷᠮᠠᠢ᠌ᠶ᠎ᠠ
      ᠦᠪᠡᠷᠲᠡᠭᠡᠨ ᠵᠠᠰᠠᠬᠣ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠤᠨ ᠠᠵᠢᠯ᠎ᠠᠴᠠ ᠎ᠪᠠᠨ ᠠᠮᠠᠷᠠᠭᠰᠠᠳ᠎ᠤᠨ ᠠᠵᠢᠯ᠎ᠤᠨ ᠭᠠᠵᠠᠷ ᠎ᠤᠨ   ᠳ᠋ᠢ   ᠨᠠ ᠵᠤᠬᠢᠶᠠᠪᠠ
              ᠴᠢᠨ ᠶᠦᠨ ᠣᠷᠴᠢᠭᠤᠯᠪᠠ

    2021 ᠣᠨ᠎ᠳᠤ᠂ ᠳᠤᠮᠳᠠᠳᠤ ᠤᠯᠤᠰ᠎ᠤᠨ ᠡᠪ ᠬᠠᠮᠲᠤ ᠨᠠᠮ ᠪᠠᠢ᠌ᠭᠤᠯᠤᠭᠳᠠᠭᠰᠠᠨ 100 ᠵᠢᠯ᠎ᠤᠨ ᠣᠢ ᠵᠢ ᠣᠭᠲᠤᠨ ᠠᠪᠴᠢᠷᠠᠯ᠎ᠠ᠃ ᠥᠨᠦ ᠵᠢᠯ᠎ᠳᠤ᠂ ᠳᠤᠮᠳᠠᠳᠤ   ᠤᠯᠤᠰ ᠪᠣᠯᠣᠨ ᠠᠮᠸᠷᠢᠺᠠ ᠵᠢᠨ ᠳᠡᠭᠡᠳᠦ ᠳᠠᠪᠬᠤᠷᠭ᠎ᠠ ᠵᠢᠨ ᠪᠠᠢ᠌ᠯᠳᠤᠬᠤ ᠪᠣᠳᠣᠯᠭ᠎ᠠ ᠵᠢᠨ ᠶᠠᠷᠢᠯᠴᠠᠯᠭ᠎ᠠ ᠳᠡᠭᠡᠷ᠎ᠡ   ᠭᠠᠳᠠᠭ᠋ᠠᠳᠤ ᠬᠠᠷᠢᠯᠴᠠᠭ᠋ᠠᠨ᠎ᠤ ᠠᠵᠢᠯᠲᠠᠨ᠎ᠠᠴᠠ《ᠲᠠᠨᠤᠰ ᠎ᠲᠤ   ᠪᠤᠲᠠᠲᠤ ᠬᠦᠴᠦᠨ᠎ᠠᠴᠠ᠎ᠪᠠᠨ ᠡᠭᠦᠰᠴᠦ ᠳᠤᠮᠳᠠᠳᠤ ᠤᠯᠤᠰ ᠎ᠲᠠᠢ ᠶᠠᠷᠢᠯᠴᠠᠵᠤ ᠪᠠᠢ᠌ᠨ᠎ᠠ ᠭᠡᠵᠦ ᠬᠡᠯᠡᠬᠦ ᠬᠢᠷᠢ ᠭᠡᠮ ᠦᠬᠡᠢ》 ᠭᠡᠵᠦ ᠬᠦᠴᠦᠲᠠᠢ ᠲᠤᠩᠬᠠᠭᠯᠠᠭᠰᠠᠨ ᠶᠤᠮ᠃   ᠬᠤᠶᠠᠷ ᠵᠢᠷᠠᠨ ᠤᠷᠴᠢᠨ   ᠡᠭᠡᠯᠵᠢᠯᠡᠭᠡᠳ ᠪᠠᠰᠠ ᠬᠦ᠌ ᠴᠠᠭ᠋ᠠᠭᠴᠢᠨ ᠦᠬᠡᠷ ᠵᠢᠯ   ᠪᠤᠯᠤᠯ᠎ᠠ᠂ ᠪᠢᠳᠡ ᠲᠡᠷᠡ ᠬᠦ᠌ ᠬᠦᠮᠦᠨ ᠪᠣᠯᠭ᠋ᠠᠨ᠎ᠳᠤ   ᠳᠠᠷᠤᠯᠠᠭᠳᠠᠳᠠᠭ ᠤᠯᠤᠰ ᠭᠦᠷᠦᠨ ᠪᠢᠰᠢ ᠪᠣᠯᠵᠠᠢ᠃ ᠥᠨᠦ ᠵᠢᠯ᠎ᠳᠤ᠂ ᠪᠢᠳᠡ ᠴᠢᠨᠡᠭᠡᠯᠢᠭ ᠨᠡᠢ᠌ᠭᠡᠮ᠎ᠢ ᠪᠦᠬᠦ ᠲᠠᠯ᠎ᠠ᠎ᠪᠠᠷ ᠪᠠᠢ᠌ᠭᠣᠯᠤᠭᠰᠠᠨ ᠵᠶ᠋ᠠᠨ ᠵᠢᠩᠬᠢᠨᠢ᠎ᠪᠠᠷ   ᠲᠤᠩᠬᠠᠭᠯᠠᠪᠠ᠃ 《  ᠵᠣᠪᠠᠭᠤᠷᠢᠯᠠᠨ ᠵᠦᠳᠡᠷᠡᠭᠰᠡᠨ ᠠᠷᠠᠳ ᠢᠷᠭᠡᠳ ᠠᠮᠤᠷ ᠵᠢᠷᠭ᠋ᠠᠯ᠎ᠢ ᠡᠳ᠋ᠯᠡᠬᠦ》 ᠪᠣᠯ ᠤᠯᠠᠨ ᠮᠢᠩᠭ᠋ᠠᠨ ᠵᠢᠯ᠎ᠤᠨ ᠲᠤᠷᠰᠢᠬᠢ ᠳᠤᠮᠳᠠᠳᠤ ᠵᠢᠨ ᠬᠦᠮᠦᠨ᠎ᠤ ᠰᠡᠳᠭᠢᠯ᠎ᠳᠤ᠎ᠬᠢ ᠬᠦᠰᠡᠯᠡᠩᠲᠦ ᠨᠡᠢ᠌ᠭᠡᠮ ᠪᠠᠢ᠌ᠭᠰᠠᠨ ᠶᠤᠮ᠃ ᠳᠤᠮᠳᠠᠳᠤ ᠤᠯᠤᠰ᠎ᠤᠨ ᠡᠪ ᠬᠠᠮᠲᠤ ᠨᠠᠮ ᠪᠠᠢ᠌ᠭᠤᠯᠤᠭᠳᠠᠭᠰᠠᠨ 100 ᠵᠢᠯ᠎ᠤᠨ ᠣᠢ ᠵᠢᠨ ᠦᠶ᠎ᠡ᠎ᠳᠤ ᠶᠠᠭ ᠠᠷᠠᠳ ᠲᠦᠮᠡᠨ᠎ᠳᠤ ᠥᠭᠭᠦᠭᠰᠡᠨ   ᠰᠦᠷ ᠵᠢᠪᠬᠤᠯᠠᠩᠲᠤ ᠠᠮᠠᠯᠠᠯᠲᠠ᠎ᠪᠠᠨ ᠪᠡᠶᠡᠯᠡᠭᠦᠯᠦᠭᠰᠡᠨ ᠪᠠᠢ᠌ᠨ᠎ᠠ᠃ ᠥᠨᠦ ᠵᠢᠯ᠎ᠳᠤ᠂ ᠵᠸᠩᠵᠸᠦ ᠬᠣᠪᠤᠷ ᠳᠤᠬᠢᠶᠠᠯᠳᠤᠳᠠᠭ ᠠᠭ᠋ᠠᠳᠠᠷ ᠪᠣᠷᠤᠭ᠋ᠠᠨ᠎ᠳᠤ   ᠳᠠᠭ᠋ᠠᠷᠢᠭᠳᠠᠬᠤ᠎ᠳᠤ᠂   ᠠᠬ᠎ᠠ ᠳᠡᠭᠦᠦ ᠮᠤᠵᠢ ᠬᠤᠲᠠ᠎ᠨᠤᠭᠤᠳ ᠲᠤᠰᠠᠯᠠᠨ ᠳᠡᠮᠵᠢᠵᠦ᠂   ᠴᠡᠷᠢᠭ   ᠠᠩᠭᠢ ᠡᠮᠦᠨ᠎ᠡ ᠹᠷᠣᠨᠲ᠎ᠲᠤ ᠭᠠᠪᠰᠢᠭ᠋ᠠᠢ᠌ᠯᠠᠨ ᠣᠷᠣᠪᠠ᠃ ᠠᠷᠠᠳ ᠲᠦᠮᠡᠨ᠎ᠤ ᠠᠰᠢᠭ ᠲᠤᠰᠠ ᠡᠬᠦᠷᠢᠳᠡ ᠨᠢᠭᠡᠳᠦᠭᠡᠷ ᠪᠠᠢ᠌ᠷᠢᠨ᠎ᠳᠤ   ᠪᠠᠢ᠌ᠵᠤ᠂ ᠮᠠᠨ᠎ᠤ ᠨᠠᠮ ᠢᠮᠠᠭᠲᠠ ᠠᠷᠠᠳ ᠲᠦᠮᠡᠨ᠎ᠤ ᠵᠤᠭᠰᠤᠯᠲᠠ  ᠎ᠳᠤ ᠵᠤᠭᠰᠤᠵᠤ ᠪᠠᠢ᠌ᠳᠠᠭ᠃ ᠳᠤᠮᠳᠠᠳᠤ ᠤᠯᠤᠰ᠎ᠤᠨ ᠡᠪ ᠬᠠᠮᠲᠤ ᠨᠠᠮ ᠢᠮᠠᠭᠲᠠ ᠴᠠᠭ ᠦᠶ᠎ᠡ᠎ᠲᠠᠢ᠎ᠪᠠᠨ ᠠᠯᠬᠤᠭ᠎ᠠ᠎ᠪᠠᠨ ᠨᠢᠭᠡᠳᠭᠡᠵᠦ᠂ ᠠᠷᠠᠳ ᠲᠦᠮᠡᠨ᠎ᠲᠠᠢ᠎ᠪᠠᠨ ᠬᠤᠪᠢ ᠵᠠᠶᠠᠭ᠎ᠠ᠎ᠪᠠᠨ   ᠬᠠᠮᠲᠤᠳᠬᠠᠵᠠᠢ᠃ ᠡᠢ᠌ᠮᠦᠷᠬᠦᠦ ᠴᠠᠭ ᠦᠶ᠎ᠡ  ᠎ᠳᠤ ᠦᠰᠴᠦ ᠪᠣᠢ᠌ᠵᠢᠨ᠂ ᠨᠢᠭᠡᠨ ᠡᠪ ᠬᠠᠮᠲᠤ ᠨᠠᠮ᠎ᠤᠨ ᠬᠡᠰᠢᠭᠦᠨ   ᠪᠤᠯᠵᠤ᠂ ᠨᠠᠮ᠎ᠤᠨ ᠤᠳᠤᠷᠢᠳᠤᠯᠭ᠎ᠠ ᠳᠤᠤᠷ᠎ᠠ ᠠᠵᠢᠯᠯᠠᠬᠤ ᠭᠡᠭᠴᠢ ᠬᠡᠴᠢᠨᠡᠬᠡᠨ ᠠᠵᠠ ᠵᠠᠶᠠᠭ᠎ᠠ᠎ᠲᠠᠢ   ᠶᠠᠪᠤᠳᠠᠯ ᠪᠢᠯᠡ᠃
    2021 ᠣᠨ᠎ᠨᠢ ᠨᠠᠳᠠ᠎ᠳᠤ ᠠᠪᠴᠣ ᠬᠡᠯᠡᠪᠡᠯ ᠮᠦᠨ ᠬᠦ᠌ ᠣᠨᠴᠠᠭ᠋ᠠᠢ ᠠᠴᠢ ᠬᠣᠯᠪᠣᠭᠳᠠᠯ᠎ᠲᠠᠢ᠂   ᠮᠢᠨᠦ ᠳᠤᠮᠳᠠᠳᠤ ᠤᠯᠤᠰ᠎ᠤᠨ ᠡᠪ ᠬᠠᠮᠲᠤ ᠨᠠᠮ᠎ᠳᠤ   ᠡᠯᠰᠡᠭᠳᠡᠭᠰᠡᠨ ᠨᠢᠭᠡ ᠵᠢᠯ᠎ᠤᠨ ᠣᠢ᠂ ᠠᠷᠠᠳ᠎ᠤᠨ ᠶᠠᠪᠤᠳᠠᠯ᠎ᠤᠨ   ᠶᠡᠬᠡ ᠭᠡᠷ ᠪᠦᠯᠢ᠎ᠳᠤ ᠪᠠᠭᠲᠠᠯᠴᠠᠭᠰᠠᠨ ᠨᠢᠭᠡ ᠵᠢᠯ᠎ᠤᠨ ᠣᠢ ᠪᠠᠢ᠌ᠵᠤ᠂ ᠰᠢᠨ᠎ᠡ   ᠪᠡᠶ᠎ᠡ ᠭᠠᠷᠤᠯ᠂ ᠰᠢᠨ᠎ᠡ ᠠᠵᠢᠯ᠎ᠤᠨ ᠪᠠᠢ᠌ᠷᠢ᠎ᠨᠢ ᠨᠠᠳᠠ  ᠎ᠳᠤ ᠰᠢᠨ᠎ᠡ ᠬᠠᠷᠢᠭᠣᠴᠠᠯᠭ᠎ᠠ ᠪᠠ ᠡᠭᠦᠷᠭᠡ ᠵᠢ   ᠰᠣᠶᠣᠷᠬᠠᠵᠠᠢ᠃ ᠪᠢ ᠮᠦᠨ ᠰᠢᠨ᠎ᠡ ᠴᠠᠭ ᠦᠶ᠎ᠡ ᠵᠢᠨ ᠠᠷᠠᠳ᠎ᠤᠨ ᠶᠠᠪᠤᠳᠠᠯ᠎ᠤᠨ ᠺᠠᠳ᠋ᠷ ᠪᠣᠯᠣᠭᠰᠠᠨ᠎ᠤ ᠬᠤᠪᠢ᠎ᠳᠤ ᠪᠢᠳᠡ ᠴᠣᠬᠣᠮ ᠶᠠᠭᠤ   ᠬᠢᠪᠡᠯ ᠵᠣᠬᠢᠯᠲᠠᠢ᠂ ᠶᠠᠭ᠋ᠠᠬᠢᠵᠤ   ᠬᠢᠪᠡᠯ ᠰᠠᠶᠢ ᠵᠠᠯᠠᠭᠤ ᠽᠠᠨᠳᠠᠨ ᠨᠠᠰᠤ᠎ᠪᠠᠨ ᠦᠳᠡᠭᠡᠷᠦᠯ ᠦᠬᠡᠢ᠂ ᠡᠭᠦᠷᠭᠡ ᠬᠠᠷᠢᠭᠤᠴᠠᠯᠭ᠎ᠠ᠎ᠪᠠᠨ ᠭᠤᠲᠤᠭ᠋ᠠᠬᠤ ᠦᠬᠡᠢ ᠪᠠᠢ᠌ᠬᠤ ᠲᠤᠬᠠᠢ ᠢᠳᠡᠪᠬᠢᠲᠡᠢ᠎ᠪᠠᠷ ᠰᠡᠳᠭᠢᠨ ᠪᠣᠳᠤᠯᠬᠢᠯᠠᠵᠤ ᠪᠠᠢ᠌ᠨᠠᠮ᠃
    ᠠᠷᠠᠳ᠎ᠤᠨ ᠶᠠᠪᠤᠳᠠᠯ᠎ᠤᠨ᠎ᠬᠢᠨ ᠶᠠᠭᠤ ᠬᠢᠵᠦ ᠪᠠᠢ᠌ᠨ᠎ᠠ ᠪᠣᠢ?
    ᠠᠷᠠᠳ᠎ᠤᠨ ᠶᠠᠪᠤᠳᠠᠯ᠎ᠤᠨ᠎ᠬᠢᠨ᠎ᠤ ᠰᠢᠨ᠎ᠡ ᠪᠠᠢ᠌ᠯᠳᠤᠭᠴᠢ ᠪᠣᠯᠣᠭᠰᠠᠨ᠎ᠤ ᠬᠤᠪᠢ᠎ᠳᠤ᠂ ᠨᠢᠭᠡ ᠵᠢᠯ ᠭᠠᠷᠤᠢ ᠵᠢᠨ ᠲᠤᠷᠰᠢ᠂ ᠪᠢ   ᠰᠣᠨᠣᠰᠬᠤ  ᠂   ᠬᠠᠷᠠᠬᠤ᠂   ᠪᠣᠳᠣᠯᠬᠢᠯᠠᠬᠤ᠎ᠪᠠᠷ ᠳᠠᠮᠵᠢᠨ᠂ ᠠᠷᠠᠳ ᠎ᠤᠨ ᠶᠠᠪᠤᠳᠠᠯ᠎ᠤᠨ ᠠᠵᠢᠯ᠎ᠤᠨ ᠲᠤᠬᠠᠢ ᠠᠯᠬᠤᠮ ᠠᠯᠬᠤᠮ ᠵᠶ᠋ᠠᠷ ᠳᠣᠳᠣᠷᠬᠠᠢ ᠲᠠᠨᠢᠯᠲᠠ ᠣᠢ᠌ᠯᠠᠭ᠋ᠠᠯᠲᠠ᠎ᠲᠠᠢ ᠪᠣᠯᠵᠠᠢ᠃
    ᠮᠢᠨᠦ ᠰᠣᠨᠣᠰᠤᠭᠰᠠᠨ ᠠᠷᠠᠳ᠎ᠤᠨ ᠶᠠᠪᠤᠳᠠᠯ᠃   ᠠᠷᠠᠳ᠎ᠤᠨ ᠶᠠᠪᠤᠳᠠᠯ᠎ᠤᠨ ᠲᠢᠩᠬᠢᠮ᠎ᠳᠤ ᠢᠷᠡᠵᠦ ᠠᠵᠢᠯᠯᠠᠬᠤ᠎ᠠᠴᠠ ᠡᠮᠦᠨ᠎ᠡ᠂ ᠭᠡᠷ᠎ᠲᠤ᠎ᠬᠢ ᠨᠠᠰᠤᠲᠠᠨ᠎ᠠᠴᠠ ᠨᠠᠳᠠ  ᠎ᠳᠤ᠂ ᠠᠷᠠᠳ᠎ᠤᠨ ᠶᠠᠪᠤᠳᠠᠯ᠎ᠤᠨ᠎ᠬᠢᠨ᠎ᠤ ᠬᠢᠳᠡᠭ ᠠᠵᠤ᠎ᠨᠢ   ᠪᠤᠶᠠᠨ ᠦᠢ᠍ᠯᠡᠳᠳᠡᠭ ᠰᠠᠢ᠌ᠨ   ᠶᠠᠪᠤᠳᠠᠯ ᠰᠢᠦ᠂ ᠣᠴᠢᠭᠰᠠᠨ᠎ᠤ ᠬᠣᠢ᠌ᠨ᠎ᠠ᠎ᠪᠠᠨ ᠰᠠᠢ᠌ᠨ ᠠᠵᠢᠯᠯᠠ ᠭᠡᠵᠦ ᠵᠠᠬᠢᠭᠰᠠᠨ ᠶᠤᠮ᠃ ᠣᠢ᠌ᠷ᠎ᠠ ᠬᠠᠪᠢ ᠵᠢᠨ ᠨᠦᠬᠦᠳ᠎ᠤᠨ ᠶᠠᠷᠢᠬᠤ᠎ᠪᠠᠷ᠂ ᠠᠷᠠᠳ᠎ᠤᠨ ᠶᠠᠪᠤᠳᠠᠯ᠎ᠤᠨ ᠠᠵᠢᠯ᠎ᠤᠨ   ᠬᠠᠮᠤᠷᠬᠤ ᠬᠡᠪᠴᠢᠶ᠎ᠡ᠎ᠨᠢ   ᠦᠷᠭᠡᠨ᠂ ᠤᠴᠢᠷ ᠶᠠᠪᠤᠳᠠᠯ᠎ᠨᠢ ᠪᠣᠳᠤᠯᠢᠶᠠᠨᠲᠠᠢ᠂ ᠵᠦᠷᠢᠴᠡᠯ ᠲᠦᠪᠯᠡᠷᠡᠯ᠎ᠨᠢ ᠣᠯᠠᠨ᠂ ᠬᠢᠬᠦ᠎ᠳᠤ ᠠᠮᠠᠷ ᠪᠢᠰᠢ ᠭᠡᠳᠡᠭ᠃ ᠡᠨᠡ ᠬᠦ᠌ ᠴᠣ᠋ ᠰᠢᠨ᠎ᠡ ᠠᠵᠢᠯ᠎ᠤᠨ ᠪᠠᠢ᠌ᠷᠢ   ᠨᠠᠮ᠎ᠠ ᠵᠢ   ᠰᠡᠳᠭᠢᠯ ᠠᠮᠤᠷ ᠦᠬᠡᠢ   ᠪᠣᠯᠭ᠋ᠠᠭᠰᠠᠨ ᠬᠡᠳᠦᠢ ᠴᠤ᠌ ᠤᠷᠮ᠎ᠠ ᠬᠦᠴᠦᠨ᠎ᠢ ᠬᠦᠭᠵᠢᠭᠡᠵᠦ ᠪᠠᠢ᠌ᠯ᠎ᠠ᠃
    ᠮᠢᠨᠦ ᠬᠠᠷᠠᠭᠰᠠᠨ ᠠᠷᠠᠳ᠎ᠤᠨ ᠶᠠᠪᠤᠳᠠᠯ᠃ ᠠᠵᠢᠯ᠎ᠤᠨ ᠭᠠᠷᠤᠭ᠎ᠠ᠎ᠪᠠᠨ   ᠠᠪᠤᠭᠰᠠᠨ   ᠦᠶ᠎ᠡ᠎ᠳᠤ᠎ᠪᠠᠨ  ᠂ ᠬᠠᠷᠠᠭ᠎ᠠ᠎ᠪᠠᠨ ᠠᠯᠳᠠᠭᠰᠠᠳ᠎ᠤᠨ ᠪᠣᠯᠪᠠᠰᠤᠷᠠᠯ᠎ᠤᠨ ᠲᠥᠪ᠎ᠤᠨ ᠪᠠᠭᠰᠢ᠎ᠲᠠᠢ ᠵᠣᠭᠣᠭᠳᠠᠬᠤ᠎ᠪᠠᠷ ᠳᠠᠮᠵᠢᠨ᠂   ᠵᠡᠮᠳᠡᠭ ᠬᠦᠮᠦᠨ ᠬᠢᠮᠡᠯ ᠮᠦᠴᠢ ᠲᠤᠷᠰᠢᠨ   ᠲᠠᠭ᠋ᠠᠷᠠᠭᠤᠯᠤᠭᠰᠠᠨ᠎ᠤ ᠳᠠᠷᠠᠭ᠋ᠠᠬᠢ ᠡᠷᠡᠭᠦᠯᠵᠢᠯ᠎ᠤᠨ ᠮᠦᠷ ᠤᠯᠪᠠᠭ᠎ᠠ᠎ᠠᠴᠠ᠂ ᠪᠢ ᠠᠷᠠᠳ᠎ᠤᠨ ᠶᠠᠪᠤᠳᠠᠯ᠎ᠤᠨ᠎ᠬᠢᠨ᠎ᠤ ᠡᠭᠦᠷᠭᠡ ᠳᠠᠷᠤᠭ᠋ᠠᠰᠤ ᠮᠠᠰᠢ ᠬᠦᠨᠳᠦ ᠪᠣᠯᠬᠤ ᠵᠢ ᠬᠠᠮᠤᠭ ᠠᠩᠬ᠎ᠠ ᠮᠡᠳᠡᠷᠡᠵᠦ᠂ ᠠᠷᠠᠳ᠎ᠤᠨ ᠶᠠᠪᠤᠳᠠᠯ᠎ᠤᠨ ᠠᠵᠢᠯ᠎ᠤᠨ ᠲᠤᠬᠠᠢ ᠰᠢᠭᠤᠳ ᠰᠡᠷᠡᠭᠳᠡᠯ᠎ᠲᠠᠢ ᠪᠤᠯᠵᠣ᠂ ᠮᠠᠨ᠎ᠤ ᠬᠢᠵᠦ ᠪᠠᠢ᠌ᠭ᠎ᠠ ᠠᠵᠢᠯ᠎ᠨᠢ ᠬᠡᠮᠡᠷᠯᠢᠭ ᠳᠡᠭᠡᠷ᠎ᠡ ᠴᠡᠴᠡᠭ ᠬᠠᠳᠬᠤᠮᠠᠯᠯᠠᠵᠤ ᠪᠠᠢ᠌ᠭ᠎ᠠ ᠪᠤᠰᠤ᠂ ᠬᠠᠷᠢᠨ ᠳᠠᠭ᠋ᠠᠷᠠᠭᠰᠠᠨ ᠬᠦᠮᠦᠨ᠎ᠳᠤ ᠳᠠᠬᠤ ᠭᠦᠷᠭᠡᠵᠦ ᠪᠠᠢ᠌ᠭ᠎ᠠ   ᠠᠵᠤ ᠪᠣᠯᠬᠣ ᠵᠢ ᠮᠡᠳᠡᠭᠰᠡᠨ ᠶᠤᠮ᠃ ᠠᠷᠠᠳ᠎ᠤᠨ ᠶᠠᠪᠤᠳᠠᠯ᠎ᠤᠨ᠎ᠬᠢᠨ᠎ᠨᠢ   ᠨᠢᠭᠡᠨ ᠵᠤᠷᠪᠤᠰ ᠭᠡᠷᠡᠯ ᠭᠡᠭᠡ   ᠪᠠᠢ᠌ᠵᠤ᠂ ᠬᠠᠷᠠᠭ᠎ᠠ᠎ᠪᠠᠨ ᠠᠯᠳᠠᠭᠰᠠᠳ᠎ᠤᠨ ᠬᠠᠷᠠᠩᠭᠤᠢ ᠶᠢᠷᠳᠢᠨᠴᠦ ᠵᠢ᠎ᠨᠢ ᠲᠤᠶᠠᠭ᠋ᠠᠷᠠᠲᠠᠯ᠎ᠠ ᠭᠡᠢ᠌ᠭᠦᠯᠵᠦ᠂ ᠲᠡᠳᠡᠨ᠎ᠳᠤ ᠠᠮᠢᠨ ᠵᠢᠭᠤᠯᠭ᠎ᠠ ᠵᠢᠨ ᠤᠷ᠎ᠠ ᠴᠢᠳᠠᠪᠤᠷᠢ ᠣᠯᠭᠣᠳᠠᠭ᠃ ᠪᠢᠳᠡ ᠵᠡᠮᠳᠡᠭᠴᠦᠳ᠎ᠤᠨ ᠲᠤᠰᠠᠯᠠᠬᠤ ᠪᠠᠭ᠋ᠠᠵᠢ᠎ᠨᠢ   ᠪᠠᠢ᠌ᠵᠤ᠂ ᠲᠡᠳᠡᠨ᠎ᠢ   ᠬᠤᠷᠸ᠎ᠠ ᠳᠡᠯᠡᠬᠡᠢ᠎ᠳᠤ   ᠴᠢᠯᠦᠭᠡᠲᠡᠢ ᠵᠤᠷᠴᠢᠭᠤᠯᠵᠤ᠂ ᠰᠠᠢ᠌ᠨ ᠰᠠᠢ᠌ᠬᠠᠨ ᠠᠮᠢᠳᠤᠷᠠᠯ᠎ᠢ ᠡᠳ᠋ᠯᠡᠭᠦᠯᠳᠡᠭ᠃   ᠪᠢᠳᠡ ᠮᠦᠨ《ᠦᠲᠡᠯᠦᠭᠡ ᠨᠠᠰᠤᠲᠠᠨ ᠬᠡᠦᠭᠡᠳ ᠨᠢᠯᠬᠠᠰ》᠎ᠤᠨ ᠭᠡᠷ᠎ᠤᠨ ᠬᠦᠮᠦᠨ   ᠪᠠ ᠬᠦᠴᠢᠷᠳᠡᠯᠲᠡᠢ ᠣᠯᠠᠨ ᠲᠦᠮᠡᠨ᠎ᠤ ᠳᠣᠲᠤᠨᠤ ᠬᠦᠮᠦᠨ᠎ᠨᠢ ᠪᠠᠢ᠌ᠵᠤ᠂ ᠲᠡᠳᠡᠨ᠎ᠳᠤ ᠲᠠᠢ᠌ᠳᠬᠤᠷᠠᠭᠤᠯᠤᠯ ᠪᠠ ᠦᠶᠦᠭ ᠳᠤᠯᠠᠭ᠋ᠠᠨ᠎ᠢ   ᠬᠦᠷᠲᠡᠭᠡᠳᠡᠭ᠃ ᠪᠢᠳᠡᠨ᠎ᠤ ᠬᠢᠵᠦ ᠳᠡᠢ᠌ᠯᠬᠦ ᠶᠠᠪᠤᠳᠠᠯ   ᠪᠠᠰᠠ ᠤᠯᠠᠨ᠎ᠠᠴᠠ ᠣᠯᠠᠨ ᠪᠠᠢ᠌ᠭ᠎ᠠ ᠶᠤᠮ᠃
    ᠮᠢᠨᠦ ᠰᠡᠳᠭᠢᠯ᠎ᠳᠤ᠎ᠬᠢ ᠠᠷᠠᠳ᠎ᠤᠨ ᠶᠠᠪᠤᠳᠠᠯ᠃ ᠠᠷᠠᠳ᠎ᠤᠨ ᠶᠠᠪᠤᠳᠠᠯ᠎ᠤᠨ ᠦᠢ᠍ᠯᠡᠰ᠎ᠨᠢ ᠠᠷᠠᠳ᠎ᠤᠨ ᠠᠮᠢᠳᠤᠷᠠᠯ᠎ᠲᠠᠢ ᠬᠤᠯᠪᠤᠭᠳᠠᠵᠤ᠂ ᠠᠷᠠᠳ᠎ᠤᠨ ᠰᠡᠳᠭᠢᠯ᠎ᠲᠠᠢ ᠨᠡᠪᠲᠡᠷᠡᠯᠴᠡᠨ᠂ ᠨᠡᠢ᠌ᠭᠡᠮ᠎ᠤᠨ ᠪᠦᠲᠦᠭᠡᠨ ᠪᠠᠢ᠌ᠭᠤᠯᠤᠯᠲᠠ ᠵᠢᠨ ᠦᠨᠳᠦᠰᠦᠨ ᠪᠠᠲᠤᠯᠠᠭ᠎ᠠ ᠵᠢᠨ ᠴᠢᠨᠠᠷᠲᠠᠢ᠂ ᠰᠠᠭᠤᠷᠢ ᠴᠢᠨᠠᠷᠲᠠᠢ ᠠᠵᠢᠯ ᠪᠣᠯᠣᠨ᠎ᠠ᠃   ᠪᠢᠳᠡ ᠬᠠᠮᠤᠭ ᠦᠨᠳᠦᠰᠦᠨ ᠱᠤᠭᠤᠮ᠎ᠤᠨ ᠠᠷᠠᠳ᠎ᠤᠨ ᠠᠮᠢᠳᠤᠷᠠᠯ᠎ᠤᠨ ᠪᠠᠲᠤᠯᠠᠭ᠎ᠠ ᠵᠢ ᠬᠠᠷᠢᠭᠣᠴᠠᠵᠤ᠂ ᠳᠤᠤᠷ᠎ᠠ   ᠣᠷᠤᠯᠭ᠎ᠠ᠎ᠲᠠᠢ ᠶᠠᠳᠠᠭᠤ ᠬᠦᠴᠢᠷᠳᠡᠯᠲᠡᠢ ᠣᠯᠠᠨ ᠲᠦᠮᠡᠨ᠂ ᠦᠨᠦᠴᠢᠨ ᠬᠡᠦᠭᠡᠳ ᠬᠠᠶᠠᠭᠳᠠᠭᠰᠠᠨ ᠬᠡᠦᠭᠡᠳ   ᠵᠡᠷᠭᠡ ᠣᠨᠴᠠᠭ᠋ᠠᠢ ᠬᠦᠴᠢᠷᠳᠡᠯᠳᠡᠢ ᠬᠦᠮᠦᠰ᠎ᠤᠨ ᠢᠳᠡᠵᠦ ᠡᠮᠦᠰᠬᠦ ᠪᠠ ᠬᠠᠯᠠᠭᠤᠨ ᠳᠤᠯᠠᠭ᠋ᠠᠨ᠎ᠢ᠎ᠨᠢ ᠪᠠᠲᠤᠯᠠᠳᠠᠭ᠃ ᠪᠢᠳᠡ ᠬᠠᠮᠤᠭ᠎ᠤᠨ   ᠦᠨᠳᠦᠰᠦᠨ ᠨᠡᠢ᠌ᠭᠡᠮ᠎ᠤᠨ ᠦᠢ᠍ᠯᠡᠴᠢᠯᠡᠭᠡ ᠵᠢ ᠬᠠᠩᠭ᠋ᠠᠵᠤ᠂ ᠨᠠᠰᠤᠵᠢᠯ᠎ᠤᠨ ᠦᠢ᠍ᠯᠡᠴᠢᠯᠡᠭᠡ᠂ ᠣᠷᠣᠭ ᠳᠠᠩᠰᠠᠯᠠᠬᠤ ᠦᠢ᠍ᠯᠡᠴᠢᠯᠡᠭᠡ᠂ ᠣᠷᠤᠰᠢᠭᠤᠯᠭ᠎ᠠ ᠵᠢᠨ ᠬᠠᠮᠢᠶᠠᠷᠤᠯᠲᠠ ᠵᠢᠨ ᠦᠢ᠍ᠯᠡᠴᠢᠯᠡᠭᠡ   ᠵᠡᠷᠭᠡ᠎ᠨᠢ ᠭᠡᠷ ᠪᠦᠯᠢ ᠪᠦᠷᠢ ᠵᠢᠨ ᠬᠦᠷᠲᠡᠮᠵᠢ ᠵᠢᠨ ᠲᠦᠷᠦᠭᠳᠡᠯ᠂ ᠵᠣᠯ ᠵᠢᠷᠭ᠋ᠠᠯᠲᠦ ᠲᠦᠷᠦᠭᠳᠡᠯ᠂ ᠠᠮᠤᠷ ᠠᠮᠤᠭᠤᠯᠠᠩ ᠲᠦᠷᠦᠭᠳᠡᠯ᠎ᠲᠠᠢ ᠬᠤᠯᠪᠤᠭ᠎ᠠ᠎ᠲᠠᠢ ᠪᠠᠢ᠌ᠳᠠᠭ᠃ ᠪᠢᠳᠡ ᠬᠠᠮᠤᠭ᠎ᠤᠨ   ᠦᠨᠳᠦᠰᠦ ᠰᠠᠭᠤᠷᠢ   ᠪᠣᠯᠬᠤ ᠨᠡᠢ᠌ᠭᠡᠮ᠎ᠤᠨ ᠵᠠᠰᠠᠯᠲᠠ ᠵᠢ ᠦᠷᠨᠢᠭᠦᠯᠵᠦ᠂   ᠦᠨᠳᠦᠰᠦᠨ ᠱᠠᠲᠤᠨ᠎ᠤ ᠠᠷᠠᠳᠴᠢᠯᠠᠯ ᠤᠯᠤᠰ ᠲᠥᠷᠦ ᠵᠢᠨ ᠪᠦᠲᠦᠭᠡᠨ ᠪᠠᠢ᠌ᠭᠤᠯᠤᠯᠲᠠ ᠵᠢ ᠠᠬᠢᠭᠤᠯᠵᠤ᠂ ᠨᠡᠢ᠌ᠭᠡᠮ᠎ᠤᠨ ᠵᠠᠰᠠᠯᠲᠠ ᠎ᠳᠤ ᠬᠠᠮᠤᠭ᠎ᠤᠨ ᠦᠨᠳᠦᠰᠦ ᠰᠠᠭᠤᠷᠢ ᠵᠢᠨ ᠴᠢᠨᠠᠷᠲᠠᠢ   ᠲᠤᠯᠭ᠋ᠠᠭᠤᠷᠢᠯᠠᠬᠤ ᠦᠢ᠍ᠯᠡᠳᠦᠯ ᠵᠶ᠋ᠡᠨ ᠪᠠᠳᠠᠷᠠᠭ᠋ᠠᠵᠤ ᠪᠠᠢ᠌ᠳᠠᠭ᠃ ᠪᠢᠳᠡ ᠬᠠᠮᠤᠭ᠎ᠤᠨ ᠥᠨᠢ ᠤᠳᠠᠭ᠋ᠠᠨ ᠲᠤᠰᠬᠠᠢ ᠲᠦᠷᠦᠯ᠎ᠤᠨ ᠵᠠᠰᠠᠭ ᠵᠠᠬᠢᠷᠭ᠋ᠠᠨ᠎ᠤ ᠬᠠᠮᠢᠶᠠᠷᠤᠯᠲᠠ ᠵᠢ   ᠵᠠᠯᠭ᠋ᠠᠮᠵᠢᠯᠠᠨ᠂ ᠵᠠᠰᠠᠭ ᠵᠠᠬᠢᠷᠭ᠋ᠠᠨ᠎ᠤ ᠣᠷᠣᠨ ᠬᠤᠪᠢᠶᠠᠷᠢᠯᠠᠯ ᠂ ᠭᠠᠵᠠᠷ᠎ᠤᠨ ᠨᠡᠷ᠎ᠡ᠂ ᠵᠠᠰᠠᠭ ᠵᠠᠬᠢᠷᠭ᠋ᠠᠨ᠎ᠤ ᠣᠷᠣᠨ ᠨᠤᠲᠤᠭ᠎ᠤᠨ ᠵᠠᠭ᠋ᠠᠭ᠎ᠤᠨ ᠬᠠᠮᠢᠶᠠᠷᠤᠯᠲᠠ ᠵᠡᠷᠭᠡ᠎ᠨᠢ ᠳᠤᠮᠳᠠᠳᠤ ᠵᠢᠨ ᠦᠨᠳᠦᠰᠦᠳᠡᠨ᠎ᠤ ᠬᠡᠳᠦᠨ ᠮᠢᠩᠭ᠋ᠠᠨ ᠵᠢᠯ᠎ᠤᠨ ᠴᠢᠬᠤᠯᠠ ᠢᠮ ᠲᠠᠮᠠᠭ᠎ᠠ ᠪᠠ ᠰᠢᠨᠵᠢ ᠲᠡᠮᠳᠡᠭ᠎ᠢ ᠦᠷᠭᠦᠯᠵᠢᠯᠡᠭᠦᠯᠵᠦ   ᠪᠠᠢ᠌ᠭ᠎ᠠ ᠶᠤᠮ᠃
ᠠᠷᠠᠳ᠎ᠤᠨ ᠶᠠᠪᠤᠳᠠᠯ᠎ᠤᠨ ᠦᠢ᠍ᠯᠡᠰ᠎ᠨᠢ ᠨᠠᠮ᠎ᠤᠨ ᠤᠳᠤᠷᠢᠳᠤᠯᠭ᠎ᠠ ᠵᠢᠨ ᠳᠤᠤᠷ᠎ᠠ᠂ ᠲᠠᠰᠤᠷᠠᠯᠲᠠ ᠦᠬᠡᠢ ᠰᠢᠪᠲᠤᠯᠤᠯᠲᠠ ᠭᠠᠷᠭ᠋ᠠᠨ᠂   ᠦᠷᠭᠦᠯᠵᠢᠯᠡᠨ ᠬᠦᠭᠵᠢᠵᠦ᠂ ᠡᠭᠦᠷᠭᠡ ᠴᠢᠳᠠᠮᠵᠢ ᠵᠢᠨ ᠣᠷᠣᠨ ᠳᠣᠭᠲᠠᠭ᠋ᠠᠯᠲᠠ᠎ᠨᠢ ᠨᠡᠩ ᠢᠯᠡᠭᠦᠦ ᠲᠣᠳᠤᠷᠬᠠᠢ   ᠪᠣᠯᠣᠨ᠂ ᠣᠨᠣᠯ ᠦᠢ᠍ᠯᠡᠳᠦᠯᠭᠡ᠎ᠨᠢ ᠭᠦᠨᠵᠡᠭᠡᠢ᠌ᠷᠡᠵᠦ᠂ ᠬᠠᠤᠯᠢ ᠳᠦᠷᠢᠮ ᠲᠥᠷᠦ ᠵᠢᠨ ᠪᠣᠳᠣᠯᠭ᠎ᠠ᠎ᠨᠢ ᠲᠡᠭᠦᠯᠳᠡᠷᠵᠢᠨ᠂ ᠪᠠᠢ᠌ᠭᠤᠯᠤᠮᠵᠢ ᠲᠣᠭᠳᠠᠯᠴᠠᠭ᠎ᠠ᠎ᠨᠢ ᠪᠦᠷᠢᠨᠰᠢᠵᠦ᠂ ᠨᠠᠮ ᠪᠠ ᠤᠯᠤᠰ᠎ᠤᠨ ᠦᠢ᠍ᠯᠡᠰ᠎ᠤᠨ ᠬᠦᠭᠵᠢᠯᠲᠡ᠎ᠳᠤ ᠢᠳᠡᠪᠬᠢᠲᠡᠢ ᠬᠤᠪᠢ ᠨᠡᠮᠡᠷᠢ᠎ᠪᠠᠨ ᠬᠠᠨᠳᠢᠪᠯᠠᠭᠰᠠᠨ ᠶᠤᠮ᠃ ᠡᠨᠡ ᠪᠣᠯ ᠳᠠᠷᠤᠢ ᠮᠢᠨᠦ   ᠭᠠᠪᠰᠢᠭ᠋ᠠᠢ᠌ᠯᠠᠨ   ᠬᠢᠬᠦ᠎ᠪᠠᠷ ᠪᠠᠢ᠌ᠭ᠎ᠠ ᠬᠠᠯᠠᠭᠤᠨ ᠬᠠᠢ᠌ᠷᠠᠲᠠᠢ   ᠠᠵᠢᠯ ᠦᠢ᠍ᠯᠡᠰ ᠮᠦᠨ᠃
    ᠠᠷᠠᠳ᠎ᠤᠨ ᠶᠠᠪᠤᠳᠠᠯ ᠶᠠᠭ᠋ᠠᠬᠢᠵᠦ ᠬᠢᠪᠡᠯ ᠵᠣᠬᠢᠯᠲᠠᠢ ᠪᠢᠯᠡ?
    ᠨᠢᠭᠡ ᠦᠶ᠎ᠡ ᠵᠢᠨ᠎ᠬᠢᠨ᠎ᠳᠤ ᠨᠢᠭᠡ ᠦᠶ᠎ᠡ ᠵᠢᠨ᠎ᠬᠢᠨ᠎ᠤ ᠤᠷᠳᠤ ᠠᠶᠠᠨ ᠪᠠᠢ᠌ᠵᠤ᠂ ᠨᠢᠭᠡ ᠦᠶ᠎ᠡ ᠵᠢᠨ᠎ᠬᠢᠨ᠎ᠳᠤ ᠨᠢᠭᠡ ᠦᠶ᠎ᠡ ᠵᠢᠨ᠎ᠬᠢᠨ᠎ᠤ ᠡᠭᠦᠷᠭᠡᠯᠡᠯ ᠪᠠᠢ᠌ᠳᠠᠭ ᠶᠤᠮ᠃ ᠰᠢᠨ᠎ᠡ ᠴᠠᠭ ᠦᠶ᠎ᠡ ᠵᠢᠨ ᠠᠷᠠᠳ᠎ᠤᠨ ᠶᠠᠪᠤᠳᠠᠯ᠎ᠤᠨ ᠵᠠᠯᠠᠭᠤ ᠠᠵᠢᠯᠲᠠᠨ ᠪᠣᠯᠣᠭᠰᠠᠨ᠎ᠤ ᠬᠤᠪᠢ᠎ᠳᠤ᠂ ᠪᠢᠳᠡ ᠡᠭᠦᠷᠭᠡ ᠬᠠᠷᠢᠭᠤᠴᠠᠯᠭ᠎ᠠ᠎ᠪᠠᠨ ᠮᠦᠷᠦᠨ᠎ᠳᠤ᠎ᠪᠠᠨ ᠡᠭᠦᠷᠭᠡᠯᠡᠵᠦ᠂ ᠠᠵᠢᠯ᠎ᠤᠨ ᠪᠠᠢ᠌ᠷᠢᠨ᠎ᠳᠤ ᠪᠠᠲᠤ ᠵᠤᠭᠰᠤᠨ   ᠬᠤᠪᠢ ᠨᠡᠮᠡᠷᠢ  ᠎ᠪᠠᠨ ᠬᠠᠨᠳᠢᠪᠯᠠᠵᠤ᠂ ᠦᠪᠡᠷ᠎ᠤᠨ ᠴᠢᠷᠮᠠᠢ᠌ᠯᠭ᠎ᠠ ᠲᠡᠮᠡᠴᠡᠯ ᠵᠶ᠋ᠡᠨ ᠤᠯᠤᠰ ᠦᠨᠳᠦᠰᠦᠲᠡᠨ᠎ᠤ ᠪᠠᠢ᠌ᠨ ᠬᠦᠭᠵᠢᠯᠲᠡ᠎ᠲᠠᠢ   ᠲᠦᠷᠢᠯᠭᠡ ᠨᠡᠢ᠌ᠯᠡᠭᠦᠯᠦᠨ ᠪᠠᠢ᠌ᠵᠤ᠂   ᠬᠤᠪᠢᠨ᠎ᠤ ᠵᠡᠭᠦᠳᠦ᠂ ᠭᠡᠷ ᠪᠦᠯᠢ ᠵᠢᠨ ᠵᠡᠭᠦᠳᠦ᠎ᠪᠠᠨ ᠪᠡᠶᠡᠯᠡᠭᠦᠯᠬᠦ᠎ᠪᠠᠨ ᠣᠯᠣᠰ ᠭᠡᠷ᠎ᠤᠨ ᠵᠡᠭᠦᠳᠦ᠂ ᠦᠨᠳᠦᠰᠦᠲᠡᠨ᠎ᠤ ᠵᠡᠭᠦᠳᠦ ᠵᠢ ᠪᠡᠶᠡᠯᠡᠭᠦᠯᠬᠦ᠎ᠲᠠᠢ ᠠᠭᠤᠰᠤᠯᠴᠠᠭᠤᠯᠤᠨ᠎ᠠ᠃
    ᠬᠦᠰᠡᠯᠡᠩ ᠢᠲᠡᠭᠡᠯ ᠵᠶ᠋ᠡᠨ ᠢᠮᠠᠭᠲᠠ ᠪᠠᠲᠤᠳᠬᠠᠬᠤ ᠬᠡᠷᠡᠭᠲᠡᠢ᠃ ᠨᠠᠮ᠎ᠤᠨ ᠲᠡᠦᠬᠡ ᠵᠢᠨ ᠰᠣᠷᠣᠯᠴᠠᠯᠭ᠎ᠠ᠎ᠠᠴᠠ ᠤᠶᠤᠨ ᠤᠬᠠᠭ᠋ᠠᠨ ᠪᠣᠯᠣᠨ ᠬᠦᠴᠦᠨ ᠴᠢᠳᠠᠯ ᠬᠦᠷᠲᠡᠵᠦ᠂   ᠲᠡᠦᠬᠡ ᠵᠢᠨ ᠠᠬᠤᠢ ᠪᠠᠢ᠌ᠳᠠᠯ᠎ᠢ   ᠮᠡᠳᠡᠷᠡᠮᠵᠢᠯᠡᠨ᠂   ᠲᠡᠦᠬᠡᠨ ᠬᠦᠭᠵᠢᠯᠲᠡ ᠵᠢᠨ ᠰᠤᠳᠠᠯ ᠱᠤᠭᠤᠮ ᠎ᠢ   ᠡᠵᠡᠮᠰᠢᠬᠦ ᠳᠤᠮᠳᠠ᠎ᠪᠠᠨ ᠡᠪ ᠬᠠᠮᠲᠤ ᠨᠠᠮ᠎ᠤᠨ ᠬᠡᠰᠢᠭᠦᠨ᠎ᠤ ᠵᠣᠷᠢᠭ ᠰᠠᠨᠠᠭ᠋ᠠᠨ᠎ᠤ ᠴᠠᠳᠢᠭ᠎ᠢ ᠨᠡᠩ ᠭᠦᠨᠵᠡᠭᠡᠢ ᠣᠢ᠌ᠯᠠᠭ᠋ᠠᠵᠤ᠂   ᠠᠭᠤᠤ ᠶᠡᠬᠡ ᠨᠠᠮ ᠪᠠᠢ᠌ᠭᠤᠯᠬᠤ ᠵᠣᠷᠢᠭ ᠰᠠᠨᠠᠭ᠎ᠠ ᠵᠢ ᠤᠯᠠᠮᠵᠢᠯᠠᠨ᠂   ᠬᠤᠪᠢᠰᠬᠠᠯᠲᠤ ᠤᠳᠤᠮᠰᠢᠯ᠎ᠢ ᠵᠠᠯᠭ᠋ᠠᠮᠵᠢᠯᠠᠵᠤ᠂ ᠨᠠᠮ᠎ᠤᠨ ᠲᠡᠦᠬᠡ ᠵᠢ ᠰᠣᠷᠣᠯᠴᠠᠵᠣ ᠶᠤᠰᠤ ᠤᠴᠢᠷ᠎ᠢ ᠣᠢ᠌ᠯᠠᠭ᠋ᠠᠵᠤ᠂ ᠨᠠᠮ᠎ᠤᠨ ᠲᠡᠦᠬᠡ ᠵᠢ ᠰᠣᠷᠣᠯᠴᠠᠵᠣ   ᠢᠲᠡᠭᠡᠯ ᠵᠶ᠋ᠡᠨ ᠨᠡᠮᠡᠭᠳᠡᠭᠦᠯᠵᠦ᠂ ᠨᠠᠮ᠎ᠤᠨ ᠲᠡᠦᠬᠡ ᠵᠢ ᠰᠣᠷᠣᠯᠴᠠᠵᠣ   ᠶᠤᠰᠤ ᠰᠤᠷᠲᠠᠬᠤᠨ᠎ᠢ ᠳᠡᠭᠡᠳᠦᠯᠡᠵᠦ᠂ ᠨᠠᠮ᠎ᠤᠨ ᠲᠡᠦᠬᠡ ᠵᠢ ᠰᠣᠷᠣᠯᠴᠠᠵᠣ   ᠴᠢᠷᠮᠠᠢ᠌ᠨ ᠦᠢ᠍ᠯᠡᠳᠦᠯᠭᠡᠵᠢᠭᠦᠯᠵᠦ᠂   ᠠᠳᠠᠯ ᠦᠢ᠍ᠯᠡᠰ ᠪᠤᠰᠬᠠᠬᠤ᠂ ᠡᠭᠦᠷᠭᠡ ᠬᠠᠷᠢᠭᠤᠴᠠᠯᠭ᠎ᠠ᠎ᠪᠠᠨ ᠡᠭᠦᠷᠭᠡᠯᠡᠬᠦ ᠴᠣᠭ ᠰᠦᠯᠳᠠ᠎ᠪᠠᠨ ᠬᠠᠳᠠᠭ᠋ᠠᠯᠠᠨ᠎ᠠ᠃
    ᠠᠷᠠᠳ᠎ᠤᠨ ᠲᠦᠯᠦᠭᠡᠬᠢ ᠬᠠᠢ᠌ᠷ᠎ᠠ ᠰᠡᠳᠭᠢᠯᠭᠡ᠎ᠪᠠᠨ ᠪᠠᠲᠤ ᠦᠨᠳᠦᠰᠦᠯᠡᠭᠦᠯᠬᠦ ᠬᠡᠷᠡᠭᠲᠡᠢ᠃《ᠠᠷᠠᠳ᠎ᠤᠨ ᠶᠠᠪᠤᠳᠠᠯ ᠠᠷᠠᠳ᠎ᠤᠨ ᠲᠦᠯᠦᠭᠡ᠂ ᠠᠷᠠᠳ᠎ᠤᠨ ᠶᠠᠪᠤᠳᠠᠯ ᠠᠷᠠᠳ᠎ᠤᠨ   ᠲᠦᠯᠦᠭᠡ》 ᠠᠵᠢᠯ᠎ᠤᠨ ᠣᠢ᠌ᠯᠠᠭ᠋ᠠᠭᠳᠠᠬᠤᠨ ᠵᠶ᠋ᠠᠨ ᠢᠮᠠᠭᠲᠠ ᠪᠠᠲᠤ ᠴᠡᠭᠡᠵᠢᠯᠡᠨ ᠦᠢ᠍ᠯᠡᠳᠦᠯᠭᠡᠵᠢᠭᠦᠯᠵᠦ᠂   ᠨᠠᠮ ᠲᠤᠭᠲᠠᠭᠤᠨ ᠂ ᠬᠠᠢ᠌ᠷ᠎ᠠ ᠰᠡᠳᠭᠢᠯᠭᠡ᠎ᠲᠠᠢ᠎ᠪᠠᠷ ᠣᠯᠠᠨ ᠲᠦᠮᠡᠨ᠎ᠤ ᠠᠮᠤᠷ ᠲᠦᠪᠰᠢᠨ ᠠᠶᠤᠯ ᠲᠦᠭᠰᠢᠭᠦᠷᠢ ᠪᠠ ᠬᠠᠯᠠᠭᠤᠨ ᠬᠦᠢ᠍ᠲᠡᠨ ᠎ᠤ ᠲᠤᠬᠠᠢ ᠰᠠᠨᠠᠭ᠋ᠠᠰᠢᠷᠠᠨ᠎ᠠ᠃ ᠠᠷᠠᠳ ᠣᠯᠠᠨ᠎ᠤ ᠰᠠᠢ᠌ᠬᠠᠨ ᠰᠠᠢ᠌ᠬᠠᠨ ᠠᠮᠢᠳᠤᠷᠠᠯ᠎ᠤᠨ ᠲᠤᠬᠠᠢ ᠬᠦᠰᠡᠯ   ᠡᠷᠡᠮᠡᠯᠵᠡᠯᠡᠯ᠎ᠤᠨ ᠲᠦᠯᠦᠭᠡᠨ᠎ᠡ᠂   ᠠᠷᠠᠳ᠎ᠤᠨ ᠠᠮᠢᠳᠤᠷᠠᠯ ᠎ᠢ ᠪᠠᠲᠤᠯᠠᠬᠤ ᠪᠠ ᠰᠠᠢ᠌ᠵᠢᠷᠠᠭᠤᠯᠬᠤ ᠡᠯ᠎ᠡ ᠲᠥᠷᠦᠯ᠎ᠤᠨ ᠲᠥᠷᠦ ᠵᠢᠨ   ᠪᠣᠳᠤᠯᠭ᠎ᠠ ᠵᠢ ᠰᠠᠢ᠌ᠲᠤᠷ ᠨᠠᠢ᠌ᠳᠠᠪᠤᠷᠢᠵᠢᠭᠤᠯᠵᠤ᠂ ᠠᠵᠢᠯ᠎ᠤᠨ   ᠳᠤᠮᠳᠠ ᠪᠤᠲᠠᠲᠠᠢ ᠠᠰᠠᠭᠤᠳᠠᠯ ᠪᠠ ᠬᠦᠴᠢᠷᠳᠡᠯ ᠲᠤᠯᠭ᠋ᠠᠷᠠᠪᠠᠯ ᠢᠯᠡᠭᠦᠬᠡᠨ ᠰᠡᠳᠭᠢᠯ ᠪᠣᠳᠤᠯᠬᠢᠯᠠᠵᠤ᠂ ᠵᠠᠳᠠᠯᠤᠨ ᠰᠦᠪᠡᠭᠴᠢᠯᠡᠵᠦ᠂ ᠲᠦᠰᠦᠯ ᠵᠶ᠋ᠡᠨ ᠰᠢᠯᠢᠳᠡᠭᠵᠢᠭᠦᠯᠦᠨ᠂   ᠰᠢᠪᠲᠤᠯᠬᠤ ᠠᠷᠭ᠎ᠠ ᠵᠠᠮ   ᠬᠠᠢ᠌ᠵᠤ᠂ ᠠᠰᠢᠭᠲᠠᠢ ᠯᠠᠪᠯᠠᠯᠲᠠ ᠬᠠᠩᠭ᠋ᠠᠨ᠂ ᠪᠤᠲᠠᠲᠠᠢ ᠠᠵᠢᠯ᠎ᠤᠨ ᠦᠷ᠎ᠡ ᠠᠰᠢᠭ ᠵᠶ᠋ᠠᠷ ᠵᠶ᠋ᠠᠨ ᠣᠯᠠᠨ ᠲᠦᠮᠡᠨ᠎ᠤ ᠢᠲᠡᠭᠡᠯ᠎ᠢ ᠬᠦᠷᠲᠡᠨ᠎ᠡ᠃
    ᠲᠤᠰᠬᠠᠢ᠌ᠵᠢᠭᠰᠠᠨ ᠰᠢᠯᠢᠳᠡᠭᠵᠢᠭᠰᠡᠨ ᠦᠵᠦᠭᠦᠷᠯᠡᠭᠰᠡᠨ ᠴᠢᠳᠠᠪᠤᠷᠢ ᠎ᠪᠠᠨ ᠪᠤᠯᠪᠠᠰᠤᠷᠠᠭᠤᠯᠬᠤ ᠬᠡᠷᠡᠭᠲᠡᠢ᠃ ᠠᠷᠠᠳ ᠣᠯᠠᠨ᠎ᠤ ᠰᠠᠢ᠌ᠬᠠᠨ ᠰᠠᠢ᠌ᠬᠠᠨ ᠠᠮᠢᠳᠤᠷᠠᠯ᠎ᠤᠨ ᠲᠤᠬᠠᠢ ᠬᠦᠰᠡᠯ   ᠡᠷᠡᠮᠡᠯᠵᠡᠯᠡᠯ ᠪᠠ ᠰᠢᠨ᠎ᠡ ᠴᠠᠭ ᠦᠶ᠎ᠡ ᠵᠢᠨ ᠠᠷᠠᠳ᠎ᠤᠨ ᠶᠠᠪᠤᠳᠠᠯ᠎ᠤᠨ ᠦᠢ᠍ᠯᠡᠰ᠎ᠤᠨ ᠴᠢᠨᠠᠷᠯᠢᠭ ᠬᠦᠭᠵᠢᠯᠲᠡ᠎ᠪᠠᠷ ᠪᠠᠷᠢᠮᠵᠢᠶ᠎ᠠ ᠪᠣᠯᠭ᠋ᠠᠵᠤ᠂   ᠠᠷᠠᠳ᠎ᠤᠨ   ᠶᠠᠪᠤᠳᠠᠯ᠎ᠤᠨ᠎ᠬᠢᠨ   ᠵᠠᠪᠠᠯ   ᠴᠠᠭ᠋ᠠᠷᠠᠭᠰᠠᠨ ᠴᠢᠳᠠᠪᠤᠷᠢ ᠵᠢ   ᠪᠣᠯᠪᠠᠰᠤᠷᠠᠭᠤᠯᠤᠨ᠂   ᠡᠷᠬᠢᠯᠡᠭᠰᠡᠨ ᠠᠵᠢᠯ ᠵᠶ᠋ᠡᠨ ᠰᠡᠳᠭᠢᠯ ᠰᠢᠭᠤᠳᠤᠨ ᠰᠣᠳᠤᠯᠤᠨ ᠰᠢᠨᠵᠢᠯᠡᠵᠦ᠂ ᠲᠤᠰᠬᠠᠢ ᠮᠡᠷᠭᠡᠵᠢᠯ᠎ᠤᠨ ᠴᠢᠳᠠᠪᠤᠷᠢ᠎ᠪᠠᠨ ᠪᠤᠯᠪᠠᠰᠤᠷᠠᠭᠤᠯᠵᠤ᠂   ᠨᠢᠭᠡ ᠲᠦᠷᠦᠯ᠎ᠤᠨ ᠠᠵᠢᠯ᠎ᠢ ᠬᠢᠪᠡᠯ᠂ ᠲᠡᠭᠦᠨ ᠵᠶ᠋ᠡᠨ ᠬᠠᠢ᠌ᠷᠠᠯᠠᠨ᠂ ᠲᠡᠭᠦᠨ᠎ᠳᠤ ᠨᠡᠪᠲᠡᠷᠡᠵᠦ᠂ 《ᠲᠦᠷᠦ ᠵᠢᠨ ᠪᠣᠳᠣᠯᠭ᠎ᠠ᠎ᠳᠤ ᠨᠡᠪᠲᠡᠷᠬᠡᠢ ᠬᠦᠮᠦᠨ》᠂《ᠡᠷᠬᠢᠯᠡᠭᠰᠡᠨ ᠠᠵᠢᠯ᠎ᠳᠤ᠎ᠪᠠᠨ ᠨᠡᠪᠲᠡᠷᠬᠡᠢ ᠬᠦᠮᠦᠨ》 ᠪᠤᠯᠵᠤ᠂ ᠲᠤᠰ ᠬᠦᠷᠢᠶ᠎ᠡ ᠴᠠᠷᠠᠭ᠋ᠠᠨ᠎ᠤ᠎ᠪᠠᠨ ᠡᠷᠬᠡ ᠰᠦᠷᠲᠦ ᠡᠷᠳᠡᠮᠳᠡᠨ᠂   ᠲᠤᠰᠬᠠᠢ ᠮᠡᠷᠭᠡᠵᠢᠯᠲᠡᠨ ᠪᠣᠯᠬᠣ ᠬᠡᠷᠡᠭᠲᠡᠢ᠃
    ᠴᠢᠩᠭ᠎ᠠ ᠨᠠᠷᠢᠯᠢᠭ ᠪᠠᠲᠤᠲᠠᠢ ᠪᠠᠢ᠌ᠬᠤ ᠰᠤᠷᠲᠠᠯ ᠎ᠢ ᠪᠣᠢ ᠪᠣᠯᠭ᠋ᠠᠬᠤ ᠬᠡᠷᠡᠭᠲᠡᠢ᠃   ᠪᠢᠳᠡᠨ᠎ᠤ   ᠬᠦᠮᠦᠨ ᠪᠣᠯᠭ᠋ᠠᠨ᠎ᠤ ᠠᠵᠢᠯ᠎ᠤᠨ ᠪᠠᠢ᠌ᠷᠢ᠎ᠨᠢ ᠪᠦᠷ ᠮᠠᠰᠢ ᠡᠭᠡᠯ ᠵᠢᠷ᠎ᠤᠨ ᠪᠠᠢ᠌ᠵᠤ᠂   ᠲᠡᠢ᠌ᠮᠦ ᠶᠡᠬᠡ ᠳᠣᠩᠰᠤᠯᠤᠯᠲᠦ ᠶᠡᠬᠡ ᠶᠠᠪᠤᠳᠠᠯ ᠡᠭᠦᠰᠬᠦ ᠦᠬᠡᠢ  ᠂   ᠬᠢᠵᠦ ᠪᠠᠢ᠌ᠭ᠎ᠠ᠎ᠨᠢ ᠪᠦᠷ ᠵᠢᠵᠢᠭ ᠰᠠᠵᠢᠭ ᠮᠦᠷᠲᠡᠬᠡᠨ ᠰᠣᠨᠢᠷᠬᠠᠯ ᠦᠬᠡᠢ ᠠᠵᠢᠯ ᠪᠠᠢ᠌ᠭᠰᠠᠨ ᠴᠤ᠌ ᠡᠭᠡᠯ ᠵᠢᠷ᠎ᠤᠨ ᠳᠤᠮᠳᠠ ᠨᠡᠩᠲᠡ ᠡᠭᠦᠷᠭᠡ ᠬᠠᠷᠢᠭᠤᠴᠠᠯᠭ᠎ᠠ ᠱᠠᠭ᠋ᠠᠷᠳᠠᠭᠳᠠᠨ᠂   ᠴᠢᠩᠭ᠎ᠠ ᠨᠠᠷᠢᠯᠢᠭ ᠪᠠᠲᠤᠲᠠᠢ ᠪᠠᠢ᠌ᠬᠤ ᠠᠵᠢᠯ᠎ᠤᠨ ᠰᠤᠷᠲᠠᠯ ᠎ᠢ ᠪᠣᠢ ᠪᠣᠯᠭ᠋ᠠᠬᠤ ᠬᠡᠷᠡᠭᠲᠡᠢ᠃
    ᠪᠤᠲᠠᠲᠤ ᠠᠵᠢᠯ᠎ᠤᠨ ᠳᠤᠮᠳᠠ᠎ᠪᠠᠨ ᠳᠦᠭᠦᠮᠬᠡᠨ ᠤᠴᠢᠷ᠎ᠢ ᠴᠤ᠌ ᠰᠠᠢ᠌ᠳᠤᠷ ᠭᠠᠷᠳᠠᠨ ᠬᠢᠵᠦ᠂ ᠡᠭᠡᠯ ᠵᠢᠷ᠎ᠤᠨ ᠤᠴᠢᠷ ᠎ᠢ ᠴᠤ᠌ ᠰᠢᠯᠢᠳᠡᠭᠵᠢᠭᠦᠯᠦᠨ ᠬᠢᠵᠦ᠂   ᠳᠦᠷᠢᠮ ᠭᠤᠷᠢᠮ᠎ᠲᠠᠢ᠂   ᠭᠡᠪᠰᠢᠵᠦ ᠵᠢᠷᠤᠮᠵᠢᠭᠰᠠᠨ   ᠠᠵᠢᠯ᠎ᠢ ᠴᠤ᠌ ᠰᠢᠨ᠎ᠡ ᠠᠷᠭ᠎ᠠ ᠪᠣᠳᠤᠯᠬᠢᠯᠠᠨ᠂ ᠰᠢᠨ᠎ᠡ ᠵᠠᠮ ᠰᠦᠪᠡᠭᠴᠢᠯᠡᠨ᠂ ᠲᠠᠰᠤᠷᠠᠯᠲᠠ ᠦᠬᠡᠢ ᠬᠦᠭᠡᠭᠡᠴᠡᠯᠳᠦᠨ ᠰᠢᠨ᠎ᠡ ᠵᠢ ᠡᠭᠦᠳᠴᠦ᠂ ᠠᠯᠬᠤᠮ ᠳᠠᠪᠰᠢᠬᠤ  ᠎ᠪᠠᠷ ᠴᠢᠷᠮᠠᠢ᠌ᠨ᠂   ᠣᠬᠢ   ᠰᠢᠯᠢᠳᠡᠭ᠎ᠢ   ᠵᠣᠷᠢᠬᠤ ᠬᠡᠷᠡᠭᠲᠡᠢ᠃


ᠣᠷᠴᠢᠭᠣᠯᠣᠭᠴᠢ ᠵᠢᠨ ᠬᠠᠶᠢᠭ᠄   ᠦᠪᠦᠷ ᠮᠣᠩᠭᠣᠯ᠎ᠤᠨ ᠪᠠᠭᠰᠢ ᠵᠢᠨ ᠶᠡᠬᠡ ᠰᠣᠷᠭ᠋ᠠᠭᠣᠯᠢ ᠵᠢᠨ ᠨᠣᠮ᠎ᠤᠨ ᠰᠠᠩ


ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠣᠭ ᠵᠣᠷᠢᠯᠲᠠ᠎ᠪᠠᠨ ᠪᠠᠷᠢᠮᠲᠠᠯᠠᠨ ᠠᠷᠠᠳ᠎ᠤᠨ ᠰᠡᠳᠬᠢᠯ᠎ᠢ ᠲᠥᠪᠯᠡᠷᠡᠭᠦᠯᠵᠦ ᠠ᠋ᠭᠦᠷᠭᠡ ᠬᠠᠷᠢᠭᠤᠴᠠᠯᠭ᠎ᠠ᠎ᠪᠠᠨ ᠠ᠋ᠭᠦᠷᠭᠡᠯᠡᠨ ᠠᠷᠠᠳ᠎ᠤᠨ ᠠᠮᠢᠳᠤᠷᠠᠯ᠎ᠳᠤ ᠠᠰᠢᠭ ᠬᠦᠷᠲᠡᠭᠡᠶ᠎ᠡ
ᠰᠦᠷ ᠵᠢᠪᠬᠤᠭ᠋ᠠᠲᠤ ᠲᠡᠦᠬᠡ ᠰᠤᠳᠤᠷ᠎ᠨᠢ ᠲᠣᠯᠢ ᠪᠤᠯᠵᠤ᠂ ᠴᠢᠩ ᠦᠨᠡᠨᠴᠢ ᠰᠡᠳᠬᠢᠯ᠎ᠨᠢ ᠮᠢᠩᠭ᠋ᠠᠨ ᠤᠨ᠎ᠢ ᠭᠡᠢ᠌ᠭᠦᠯᠦᠨ᠎ᠡ
ᠵᠠᠯᠠᠭᠤ ᠨᠠᠰᠤᠨ᠎ᠤ ᠤᠷᠢ᠎ᠪᠠᠷ ᠴᠢᠩ ᠦᠨᠡᠨᠴᠢ ᠤᠬ ᠰᠠᠨᠠᠭ᠎ᠠ᠎ᠪᠠᠨ ᠰᠠᠬᠢᠨ ᠵᠢᠷᠤᠮᠯᠠᠵᠤ ᠬᠠᠷᠠᠮᠰᠠᠯ ᠦᠭᠡᠢ ᠵᠣᠷᠢᠭ ᠵᠶ᠋ᠠᠷ ᠢᠷᠠᠭᠤ ᠠᠯᠳᠠᠷᠲᠤ ᠡᠭᠦᠷᠭᠡ ᠎ᠪᠠᠨ ᠦᠢ᠍ᠯᠡᠳᠤᠯᠭᠡᠵᠢᠭᠥᠯᠦᠶ᠎ᠡ
〈〈ᠤᠷᠤᠭ ᠭᠡᠷ ᠪᠦᠯᠢ ᠨᠡᠢ᠌ᠬᠡᠮ〉〉᠎ᠠᠴᠠ 〈〈ᠨᠡᠢ᠌ᠬᠡᠮ〉〉 ᠰᠡᠳᠬᠦᠯ ᠪᠣᠯᠲᠠᠯᠠᠬᠢ ᠬᠦᠭᠵᠢᠯᠲᠡ ᠵᠢᠨ ᠬᠢᠨᠢ ᠳᠤᠬᠠᠢ ᠡᠷᠬᠢᠴᠡᠭᠦᠯᠤᠯ
ᠨᠤᠲᠤᠭ᠎ᠤᠨ ᠲᠡᠭᠦᠦ
 
            