ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠨᠡᠶ᠋ᠢᠭᠡᠮ ᠰᠡᠳᠬᠦᠯ
ᠵᠠᠯᠠᠭᠤ ᠨᠠᠰᠤᠨ᠎ᠤ ᠤᠷᠢ᠎ᠪᠠᠷ ᠴᠢᠩ ᠦᠨᠡᠨᠴᠢ ᠤᠬ ᠰᠠᠨᠠᠭ᠎ᠠ᠎ᠪᠠᠨ ᠰᠠᠬᠢᠨ ᠵᠢᠷᠤᠮᠯᠠᠵᠤ ᠬᠠᠷᠠᠮᠰᠠᠯ ᠦᠭᠡᠢ ᠵᠣᠷᠢᠭ ᠵᠶ᠋ᠠᠷ ᠢᠷᠠᠭᠤ ᠠᠯᠳᠠᠷᠲᠤ ᠡᠭᠦᠷᠭᠡ ᠎ᠪᠠᠨ ᠦᠢ᠍ᠯᠡᠳᠤᠯᠭᠡᠵᠢᠭᠥᠯᠦᠶ᠎ᠡ
ᠨᠡᠶᠢᠲᠡᠯᠡᠭᠰᠡᠨ ᠴᠠᠭ᠄ 2021-12-03

ᠵᠠᠯᠠᠭᠤ ᠨᠠᠰᠤᠨ᠎ᠤ   ᠤᠷᠢ᠎ᠪᠠᠷ ᠴᠢᠩ ᠦᠨᠡᠨᠴᠢ ᠤᠬ ᠰᠠᠨᠠᠭ᠎ᠠ᠎ᠪᠠᠨ ᠰᠠᠬᠢᠨ ᠵᠢᠷᠤᠮᠯᠠᠵᠤ
ᠬᠠᠷᠠᠮᠰᠠᠯ ᠦᠭᠡᠢ ᠵᠣᠷᠢᠭ ᠵᠶ᠋ᠠᠷ ᠢᠷᠠᠭᠤ ᠠᠯᠳᠠᠷᠲᠤ ᠡᠭᠦᠷᠭᠡ ᠎ᠪᠠᠨ   ᠦᠢ᠍ᠯᠡᠳᠤᠯᠭᠡᠵᠢᠭᠥᠯᠦᠶ᠎ᠡ
                        ᠪᠤᠭᠤᠲᠤ ᠬᠣᠲᠠ ᠵᠢᠨ ᠨᠡᠶ᠋ᠢᠭᠡᠮ᠎ᠤᠨ ᠠᠰᠠᠷᠠᠮᠵᠢ ᠵᠢᠨ ᠬᠦᠷᠢᠶᠡᠯᠡᠩ ᠎ᠤᠨ   ᠭᠤᠤ   ᠮᠸᠩ   ᠵᠤᠬᠢᠶᠠᠪᠠ
                                              ᠪᠠᠶᠠᠨᠴᠢᠮᠡᠭ   ᠤᠷᠴᠢᠭᠤᠯᠪᠠ
    ᠡᠪ ᠬᠠᠮᠳᠤ ᠨᠠᠮ   ᠪᠠᠢ᠌ᠭᠤᠯᠤᠭᠳᠠᠭᠰᠠᠨ ᠵᠠᠭᠤᠨ ᠵᠢᠯ᠎ᠤᠨ   ᠤᠢ ᠵᠢ ᠪᠡᠯᠭᠡᠯᠡᠬᠦ ᠲᠠᠰᠢᠷᠠᠮ᠎ᠳᠤ   ᠪᠢ ᠢᠷᠠᠭᠤ ᠠᠯᠳᠠᠷ᠎ᠲᠠᠢ ᠎ᠪᠠᠷ ᠡᠪ ᠬᠠᠮᠳᠤ ᠨᠠᠮ᠎ᠤᠨ ᠪᠡᠯᠡᠳᠬᠡᠯ ᠭᠡᠰᠢᠭᠦᠨ   ᠪᠣᠯᠤᠭᠰᠠᠨ ᠎ᠳᠤ᠎ᠪᠠᠨ ᠮᠠᠰᠢ ᠠᠵᠠ᠎ᠲᠠᠢ   ᠭᠡᠮᠡᠨ   ᠪᠤᠳᠤᠨ᠎ᠠ᠃ 2021 ᠣᠨ᠎ᠤ 1 ᠳ᠋ᠦ᠍ᠭᠡᠷ ᠰᠠᠷ᠎ᠠ ᠵᠢᠨ 12᠎ᠤ ᠡᠳᠦᠷ ᠪᠢ 《ᠵᠠᠯᠠᠭᠤ ᠬᠥᠮᠦᠨ ᠪᠣᠯᠤᠭᠰᠠᠨ᠎ᠤ ᠬᠤᠪᠢ᠎ᠳᠤ᠂ ᠪᠢ ᠴᠠᠭ ᠢᠮᠠᠭᠲᠠ ᠴᠣᠭ ᠵᠢᠪᠬᠤᠭ᠎ᠠ᠎ᠲᠠᠢ   ᠪᠠᠢ᠌ᠵᠤ᠂   ᠶᠠᠳᠠᠷᠠᠵᠤ ᠵᠥᠳᠡᠷᠡᠬᠥ᠎ᠠᠴᠠ ᠬᠡᠵᠢᠶᠡᠳᠡ   ᠬᠠᠯᠠᠰᠢᠷᠠᠯ ᠦᠭᠡᠢ᠂   ᠰᠢᠨᠳᠠᠷᠠᠰᠢ ᠦᠭᠡᠢ ᠡᠷᠴᠢ ᠵᠤᠷᠢᠭ ᠵᠶ᠋ᠠᠷ  ᠂ ᠳᠠᠷᠤᠯᠲᠠ ᠵᠢᠨ ᠡᠮᠦᠨ᠎ᠡ ᠲᠣᠯᠣᠭ᠋ᠠᠢ   ᠪᠥᠬᠦᠢ᠌ᠳᠡᠭ ᠦᠭᠡᠢ  ᠂   ᠬᠦᠴᠢᠷ ᠪᠡᠷᠬᠡᠰᠢᠶᠡᠯ᠎ᠤᠨ ᠡᠮᠦᠨ᠎ᠡ   ᠤᠬᠤᠷᠢᠳᠠᠭ ᠦᠭᠡᠢ ᠨᠢᠭᠡᠨ ᠬᠢᠷᠢ ᠲᠡᠩᠴᠡᠭᠰᠡᠨ ᠵᠢᠩᠬᠢᠨᠢ ᠨᠠᠮ᠎ᠤᠨ ᠭᠡᠰᠢᠭᠦᠨ ᠪᠣᠯᠬᠤ᠎ᠪᠠᠷ ᠴᠢᠷᠮᠠᠶ᠋ᠢᠨ᠎ᠠ》   ᠭᠡᠵᠤ ᠲᠥᠪ ᠴᠢᠩᠭ᠎ᠠ᠎ᠪᠠᠷ   ᠠᠮᠠᠯᠠᠭ᠋ᠠᠳ᠂   ᠨᠢᠭᠡᠨ ᠢᠷᠠᠭᠤ ᠠᠯᠳᠠᠷ᠎ᠲᠠᠢ ᠡᠪ ᠬᠠᠮᠳᠤ ᠨᠠᠮ᠎ᠤᠨ ᠪᠡᠯᠡᠳᠬᠡᠯ ᠭᠡᠰᠢᠭᠦᠨ ᠪᠤᠯᠤᠭᠰᠠᠨ ᠶᠤᠮ᠃   ᠡᠨᠡ᠎ᠨᠢ   ᠨᠠᠮ᠎ᠠ ᠵᠢ ᠲᠠᠰᠤᠷᠠᠯᠲᠠ ᠦᠭᠡᠢ ᠵᠣᠷᠢᠭᠵᠢᠭᠤᠯᠤᠨ ᠤᠷᠤᠭᠰᠢᠯᠠᠭᠤᠯᠤᠨ᠎ᠠ᠂   ᠶᠠᠭ ᠲᠦᠯᠬᠢᠭᠦᠷ ᠮᠡᠳᠤ  ᠎ᠪᠠᠷ ᠮᠢᠨᠦ ᠬᠣᠶᠠᠳᠠᠬᠢ ᠠᠮᠢ ᠨᠠᠰᠤ ᠵᠢ   ᠨᠡᠬᠡᠬᠡᠨ ᠡᠬᠢᠯᠡᠭᠥᠯᠦᠭᠰᠡᠨ ᠶᠤᠮ᠃
      ᠦᠭᠡ   ᠶᠠᠷᠷᠶ᠎ᠠ ᠦᠢ᠍ᠯᠡ ᠠᠵᠢᠯᠯᠠᠭ᠎ᠠ᠎ᠪᠠᠷ ᠵᠶ᠋ᠠᠨ ᠬᠡᠪ ᠳᠦᠷᠢᠮ ᠦᠵᠡᠭᠥᠯᠵᠤ   ᠡᠪ ᠬᠠᠮᠳᠤ ᠨᠠᠮ᠎ᠢ   ᠲᠠᠨᠢᠭᠤᠯᠪᠠ᠃ ᠮᠢᠨᠦ ᠨᠠᠭ᠋ᠠᠴᠤ ᠡᠪᠦᠭᠡ ᠵᠢᠨ ᠠᠮᠢᠳᠤᠷᠠᠯ  ᠎ᠨᠢ ᠪᠣᠷᠣᠭᠵᠢᠭᠤᠨ᠂ ᠰᠣᠨᠢᠨ   ᠮᠡᠳᠡᠭᠡᠨ᠎ᠤ ᠨᠡᠪᠳᠡᠷᠡᠭᠦᠯᠭᠡ ᠵᠢ ᠦᠵᠡᠬᠥ ᠳᠤᠷᠠᠲᠠᠢ᠂ ᠲᠡᠭᠦᠨ᠎ᠤ   ᠪᠡᠶᠡᠨ ᠳᠡᠭᠡᠷ᠎ᠡ᠎ᠠᠴᠠ ᠬᠡᠵᠢᠶᠡᠳᠡ ᠳᠤᠮᠳᠠᠳᠤ ᠵᠢᠨ   ᠬᠦᠮᠥᠨ᠎ᠳᠤ   ᠤᠨᠴᠠ   ᠬᠠᠷᠠᠭᠳᠠᠳᠠᠭ ᠵᠣᠷᠢᠭ ᠰᠠᠨᠠᠭ᠋ᠠᠨ᠎ᠤ ᠴᠤᠭ ᠵᠢᠪᠬᠤᠭ᠎ᠠ᠎ᠲᠠᠢ᠂ ᠲᠡᠷᠡ  ᠎ᠨᠢ ᠳᠠᠷᠤᠢ ᠤᠯᠤᠰ ᠭᠡᠷ᠎ᠤᠨ ᠬᠠᠶ᠋ᠢᠷ᠎ᠠ ᠰᠡᠳᠬᠢᠯᠭᠡ᠃ ᠲᠡᠭᠦᠨ᠎ᠤ   ᠨᠥᠯᠥᠭᠡᠯᠡᠯ ᠳᠣᠣᠷ᠎ᠠ᠂ ᠪᠢ ᠬᠠᠷᠠᠬᠠᠨ ᠪᠠᠭ᠎ᠠ᠎ᠠᠴᠠ᠎ᠪᠠᠨ ᠰᠣᠨᠢᠨ ᠮᠡᠳᠡᠭᠡᠨ᠎ᠤ ᠳᠣᠲᠣᠷᠠᠬᠢ ᠲᠡᠳᠡᠭᠡᠷ ᠡᠷᠡᠯᠬᠡᠭ ᠪᠠᠭ᠋ᠠᠲᠤᠷᠯᠢᠭ   ᠬᠥᠮᠥᠰ᠎ᠲᠤ ᠲᠠᠳᠠᠭᠳᠠᠨ᠂ ᠲᠡᠳᠡ ᠬᠡᠵᠢᠶ᠎ᠡ ᠬᠠᠮᠢᠭ᠎ᠠ ᠴᠤ᠌ ᠭᠡᠰᠡᠨ᠂ ᠤᠯᠤᠰ ᠣᠷᠣᠨ ᠬᠦᠴᠢᠷᠳᠡᠯ᠎ᠳᠤ   ᠲᠤᠯᠭ᠋ᠠᠷᠠᠵᠤ᠂ ᠠᠷᠠᠳ ᠲᠦᠮᠡᠨ ᠬᠡᠷᠡᠭᠴᠡᠭᠡ᠎ᠲᠠᠢ ᠯᠠ ᠶᠤᠮ ᠪᠣᠯ᠂ ᠬᠡᠵᠢᠶᠡᠳᠡ ᠨᠢᠭᠡᠳᠦᠭᠡᠷ ᠹᠷᠣᠨᠲ᠎ᠲᠤ   ᠭᠠᠪᠰᠢᠭ᠋ᠠᠢ᠌ᠯᠠᠨ᠂ ᠴᠢᠰᠤ ᠬᠥᠯᠥᠰᠥ᠎ᠪᠠᠨ ᠤᠷᠤᠰᠬᠠᠨ ᠠᠮᠢ ᠪᠡᠶ᠎ᠡ᠎ᠪᠠᠨ   ᠬᠠᠷᠠᠮ ᠦᠭᠡᠢ ᠵᠤᠷᠢᠭᠤᠯᠳᠠᠭ ᠪᠠᠢ᠌ᠭᠰᠠᠨ ᠶᠤᠮ᠃ ᠰᠡᠭᠦᠯᠡᠷ᠎ᠨᠢ᠂ ᠨᠠᠭ᠋ᠠᠴᠤ ᠡᠪᠦᠭᠡ ᠨᠠᠳᠠ ᠎ᠳᠤ 《ᠲᠡᠳᠡ ᠪᠣᠯ ᠡᠪ ᠬᠠᠮᠲᠤ ᠨᠠᠮ᠎ᠤᠨ ᠭᠡᠰᠢᠭᠦᠨ   ᠮᠦᠨ》 ᠭᠡᠵᠤ ᠬᠡᠯᠡᠵᠤ   ᠦᠭᠭᠦᠭᠰᠡᠨ᠂ ᠡᠭᠦᠨ᠎ᠠᠴᠠ ᠡᠬᠢᠯᠡ᠊ ᠊ᠨ ᠨᠠᠮ ᠵᠶ᠋ᠡᠨ ᠬᠦᠨᠳᠦᠳᠬᠡᠨ ᠪᠢᠰᠢᠷᠡᠬᠦ ᠰᠡᠳᠬᠢᠯᠭᠡ ᠮᠢᠨᠦ   ᠤᠨᠠᠭ᠋ᠠᠨ   ᠨᠠᠰᠤᠨ ᠎ᠤ ᠰᠡᠳᠬᠢᠯ ᠎ᠤᠨ ᠭᠦᠨ᠎ᠳᠤ ᠦᠨᠳᠦᠰᠦᠯᠡᠵᠡᠶ᠃   ᠦᠭᠡᠯᠡᠢ ᠪᠣᠯᠤᠭᠰᠠᠨ᠎ᠤ ᠳᠠᠷᠠᠭ᠎ᠠ᠂ ᠪᠢ ᠦᠷᠭᠦᠯᠵᠢ ᠨᠠᠮ᠎ᠤᠨ ᠭᠡᠰᠢᠭᠦᠨ᠎ᠤ   ᠲᠡᠷᠢᠭᠥᠨ᠎ᠤ ᠦᠢ᠍ᠯᠡ ᠠᠵᠢᠯᠯᠠᠭ᠎ᠠ ᠵᠢ ᠰᠣᠨᠣᠰᠳᠠᠭ  ᠂ ᠲᠡᠭᠦᠨ᠎ᠤ ᠳᠣᠲᠣᠷᠠᠬᠢ ᠮᠠᠷᠲᠠᠭᠳᠠᠰᠢ ᠦᠭᠡᠶ᠎ᠨᠢ ᠲᠧᠯᠸᠢᠰ ᠵᠦᠴᠦᠭᠡ 《  ᠰᠡᠯᠡᠮ᠎ᠡ ᠭᠢᠯᠠᠯᠵᠠᠭᠣᠯᠣᠭᠰᠠᠨ᠎ᠨᠢ》 ᠵᠢᠨ ᠳᠣᠲᠣᠷᠠᠬᠢ ᠨᠢᠭᠡ   ᠦᠵᠡᠭᠳᠡᠯ ᠪᠤᠯᠤᠨ᠎ᠠ  ᠃   ᠳᠠᠶ᠋ᠢᠰᠤᠨ᠎ᠳᠤ ᠵᠡᠭᠦᠨ ᠭᠠᠷ ᠵᠶ᠋ᠠᠨ ᠴᠠᠪᠴᠢᠭᠳᠠᠭᠰᠠᠨ ᠨᠠᠢ᠍ᠮᠠᠳᠤᠭ᠋ᠠᠷ ᠵᠠᠮ᠎ᠤᠨ ᠴᠡᠷᠢᠭ᠎ᠤᠨ ᠰᠤᠮᠤᠨ ᠳᠠᠷᠤᠭ᠎ᠠ 《ᠮᠣᠷᠢᠲᠤ ᠴᠡᠷᠢᠭ᠎ᠤᠨ ᠰᠤᠮᠤ᠂ ᠲᠠᠭ᠋ᠠᠷᠢ!》   ᠭᠡᠰᠡᠨ ᠠᠮᠢ ᠨᠠᠰᠤᠨ᠎ᠤ᠎ᠪᠠᠨ ᠡᠴᠦᠰ᠎ᠤᠨ   ᠤᠳᠠᠭ᠎ᠠ᠎ᠪᠠᠨ ᠬᠠᠰᠭᠢᠷᠴᠠᠢ  ᠂ ᠳᠠᠢ᠍ᠢ᠍ᠴᠢᠨ ᠨᠥᠬᠥᠳ᠎ᠨᠢ ᠪᠦᠬᠦᠨ ᠵᠶ᠋ᠠᠷ ᠵᠶ᠋ᠠᠨ ᠪᠠᠶ᠋ᠢᠯᠳᠤᠭ᠋ᠠᠨ ᠎ᠤ ᠲᠤᠮᠳᠠ ᠪᠡᠶ᠎ᠡ   ᠦᠷᠡᠭᠳᠡᠭᠰᠡᠨ᠎ᠳᠤ᠂ ᠲᠡᠷᠡ ᠮᠥᠨ ᠯᠡ ᠠᠶᠤᠵᠤ ᠰᠦᠷᠳᠡᠭᠰᠡᠨ ᠪᠠᠶ᠋ᠢᠳᠠᠯ ᠦᠭᠡᠢ᠂ ᠡᠷᠡᠰ ᠰᠢᠭᠤᠷᠬᠠᠶ᠎ᠪᠠᠷ ᠳᠠᠭ᠋ᠠᠷᠢᠯᠳᠠ ᠵᠢᠨ ᠪᠦᠷᠢᠶ᠎ᠡ ᠵᠢ ᠬᠠᠩᠭᠢᠨᠠᠭᠤᠯᠵᠤ᠂ ᠡᠴᠦᠰ ᠎ᠲᠤ᠎ᠪᠠᠨ ᠪᠠᠶ᠋ᠢᠯᠳᠤᠭ᠋ᠠᠨ᠎ᠤ ᠲᠠᠯᠠᠪᠤᠷ᠎ᠲᠤ   ᠠᠮᠢ ᠡᠷᠡᠰᠳᠡᠭᠰᠡᠨ ᠪᠠᠶ᠋ᠢᠨ᠎ᠠ᠃ 《  ᠬᠦᠬᠡᠮᠳᠦᠭ ᠠᠭᠤᠯᠠ᠎ᠨᠢ ᠲᠠᠯᠠᠢ ᠮᠡᠳᠤ  ᠂ ᠵᠢᠷᠭ᠋ᠠᠬᠤ ᠨᠠᠷᠠᠨ᠎ᠨᠢ ᠴᠢᠰᠤ ᠮᠡᠳᠤ》  ᠂ ᠪᠠᠭ᠋ᠠᠳᠤᠷᠴᠤᠳ᠎ᠤᠨ ᠦᠷᠡᠭᠳᠡᠬᠥ ᠵᠢ ᠬᠠᠷᠠᠭ᠋ᠠᠳ᠂ ᠶᠠᠮᠠᠷ ᠶᠠᠩᠵᠤ ᠵᠢᠨ   ᠵᠤᠷᠢᠭ ᠰᠠᠨᠠᠭ᠎ᠠ᠎ᠨᠢ ᠬᠦᠮᠦᠨ᠎ᠢ ᠠᠮᠢ ᠪᠡᠶ᠎ᠡ᠎ᠪᠠᠨ ᠬᠠᠢ᠌ᠬᠤᠷᠤᠯ ᠦᠭᠡᠢ ᠠᠯᠢᠪᠠ᠎ᠪᠠᠨ ᠵᠤᠷᠢᠭᠤᠯᠳᠠᠭ   ᠪᠤᠢ   ᠭᠡᠮᠡᠨ   ᠨᠠᠳᠠ᠎ᠳᠤ ᠪᠤᠳᠤᠭᠳᠠᠭᠤᠯᠤᠭᠰᠠᠨ  ᠂   ᠢᠩᠬᠢᠭᠡᠳ ᠪᠢ ᠨᠢᠭᠡᠨ ᠨᠣᠮ ᠎ᠠᠴᠠ ᠬᠠᠷᠢᠭᠤᠯᠲᠠ   ᠤᠯᠵᠠᠢ᠂ 《ᠳᠤᠮᠳᠠᠳᠤ ᠵᠢᠨ ᠬᠥᠮᠦᠨ ᠶᠡᠷᠦ᠎ᠨᠢ ᠲᠡᠳᠡᠨ᠎ᠤ ᠳᠣᠲᠣᠷᠠᠬᠢ ᠬᠠᠮᠤᠭ᠎ᠤᠨ ᠡᠷᠡᠯᠬᠡᠭ ᠪᠠᠭ᠋ᠠᠲᠤᠷᠯᠢᠭ   ᠬᠦᠮᠤᠰ ᠵᠶ᠋ᠠᠷ ᠰᠠᠢ᠌ᠬᠠᠨ   ᠬᠠᠮᠠᠭ᠋ᠠᠯᠠᠭᠤᠯᠵᠤ ᠪᠠᠢ᠌ᠳᠠᠭ᠂ ᠲᠡᠷᠡ ᠪᠣᠯ ᠳᠠᠷᠤᠶ ᠲᠤᠮᠳᠠᠳᠤ ᠤᠯᠤᠰ᠎ᠤᠨ ᠡᠪ ᠬᠠᠮᠳᠤ ᠨᠠᠮ᠎ᠤᠨ ᠭᠡᠰᠢᠭᠥᠨ》 ᠭᠡᠵᠤ ᠠᠮᠧᠷᠢᠺᠠ ᠵᠢᠨ ᠤᠤᠯ᠎ᠤᠨ   ᠲᠦᠷᠤ ᠵᠢᠨ   ᠶᠠᠪᠤᠳᠠᠯ᠎ᠤᠨ ᠰᠠᠢ᠌ᠳ   ᠺᠢᠰᠰᠢᠩᠸᠷ   ᠬᠡᠯᠡᠵᠡᠢ᠂   ᠲᠡᠢ᠌ᠮᠦ ᠡ! ᠥᠪᠡᠷ᠎ᠤᠨ  ᠎ᠬᠢ᠎ᠠᠴᠠ᠎ᠪᠠᠨ ᠬᠡᠳᠦ ᠳᠠᠬᠢᠨ   ᠢᠯᠡᠭᠦᠤ ᠳᠠᠢ᠌ᠰᠤᠨ ᠲᠢ   ᠪᠠᠢ᠌ᠯᠳᠤᠭ᠋ᠠᠳ᠂ ᠳᠡᠶ᠋ᠢᠯᠬᠦ ᠦᠭᠡᠢ ᠭᠡᠳᠡᠭ ᠵᠶ᠋ᠠᠨ ᠮᠡᠳᠡᠵᠦ   ᠪᠠᠢ᠌ᠪᠠᠴᠣ ᠡᠷᠡᠰ ᠰᠢᠭᠤᠷᠬᠠᠢ᠎ᠪᠠᠷ ᠰᠡᠯᠡᠮ᠎ᠡ᠎ᠪᠠᠨ   ᠰᠤᠭᠤᠯᠳᠠᠭ᠎ᠨᠢ ᠡᠷᠡᠯᠬᠡᠭ ᠪᠠᠭ᠋ᠠᠲᠤᠷᠯᠢᠭ ᠡᠪ ᠬᠠᠮᠲᠤᠴᠤᠳ ᠪᠣᠯᠬᠤ᠎ᠨᠢ ᠮᠡᠳᠡᠭᠡᠵᠢ ᠵᠢᠨ ᠬᠡᠷᠡᠭ᠃ ᠠᠪᠤ ᠳᠠᠩᠳᠠ ᠨᠠᠳᠠ᠎ᠳᠤ 《ᠴᠢ ᠦᠭᠡᠯᠡᠢ ᠪᠤᠯᠤᠭᠰᠠᠨ᠎ᠤ ᠳᠠᠷᠠᠭ᠎ᠠ᠂ ᠡᠷᠲᠡᠬᠡᠨ ᠨᠠᠮ᠎ᠳᠤ ᠣᠷᠣᠬᠤ᠎ᠪᠠᠷ ᠴᠢᠷᠮᠠᠢ》   ᠭᠡᠳᠡᠭ᠃ ᠭᠡᠷ᠎ᠤᠨ ᠬᠥᠮᠦᠰ᠎ᠤᠨ ᠨᠥᠯᠥᠭᠡ ᠎ᠪᠠᠷ ᠪᠢ   ᠪᠠᠭ᠎ᠠ᠎ᠠᠴᠠ᠎ᠪᠠᠨ ᠨᠠᠮ ᠵᠶ᠋ᠠᠨ ᠲᠠᠨᠢᠵᠤ᠂     ᠨᠠᠮ᠎ᠳᠤ ᠡᠷᠡᠮᠡᠯᠵᠡᠨ ᠣᠷᠣᠬᠤ ᠵᠢ ᠬᠦᠰᠡᠳᠡᠭ᠃      
    ᠠᠵᠢᠯᠴᠢ ᠬᠥᠳᠡᠯᠮᠦᠷᠢᠴᠢ   ᠠᠵᠢᠯᠯᠠᠵᠤ ᠨᠠᠮ ᠵᠶ᠋ᠠᠨ ᠳᠠᠭ᠋ᠠᠨ᠎ᠠ᠃ ᠪᠢ 2018 ᠣᠨ᠎ᠳᠤ ᠪᠤᠭᠤᠲᠤ ᠬᠣᠲᠠ ᠵᠢᠨ ᠨᠡᠶ᠋ᠢᠭᠡᠮ᠎ᠤᠨ ᠠᠰᠠᠷᠠᠮᠵᠢ ᠵᠢᠨ ᠬᠦᠷᠢᠶᠡᠯᠡᠩ᠎ᠳᠤ   ᠡᠯᠰᠡᠭᠳᠡᠨ ᠤᠷᠤᠵᠠᠢ᠃   ᠠᠰᠠᠷᠠᠮᠵᠢ ᠵᠢᠨ ᠬᠦᠷᠢᠶᠡᠯᠡᠩ᠎ᠤᠨ ᠠᠵᠢᠯ ᠨᠦᠰᠡᠷ ᠬᠦᠨᠳᠦ ᠨᠠᠷᠢᠨ ᠪᠤᠳᠤᠯᠢᠶᠠᠨ᠎ᠲᠠᠢ᠂ ᠡᠳᠦᠷ   ᠲᠤᠳᠤᠮ  500 ᠭᠠᠷᠤᠶ ᠬᠥᠮᠦᠨ᠎ᠢ ᠪᠦᠭᠦᠯᠢ ᠡᠳᠤᠷ ᠎ᠪᠠᠷ ᠠᠰᠠᠷᠠᠨ ᠰᠤᠪᠢᠯᠠᠵᠤ ᠬᠠᠮᠢᠶᠠᠷᠬᠤ᠎ᠳᠤ ᠨᠠᠮ᠎ᠤᠨ ᠡᠭᠦᠷ᠎ᠤᠨ ᠪᠠᠭ᠎ᠤᠨ   ᠬᠠᠷᠢᠭᠤᠴᠠᠯᠭ᠎ᠠ ᠬᠦᠨᠳᠤ ᠭᠡᠳᠡᠭ᠎ᠢ ᠠᠭ᠋ᠠᠵᠢᠮ ᠵᠶ᠋ᠠᠷ ᠤᠢ᠌ᠯᠭ᠋ᠠᠯ᠎ᠠ᠃   ᠳᠡᠭᠡᠷᠡᠬᠢ ᠵᠢᠨ ᠵᠶ᠋ᠡᠨ ᠨᠠᠢ᠌ᠳᠠᠭᠰᠠᠨ ᠣᠯᠠᠨ ᠠᠵᠢᠯ᠎ᠢ ᠳᠤᠤᠷᠠᠬᠢ᠎ᠨᠢ ᠲᠤᠭᠤᠰᠢᠲᠠᠢ ᠪᠡᠶᠡᠯᠡᠬᠦᠯᠬᠦ   ᠪᠤᠯ ᠨᠠᠮ᠎ᠤᠨ ᠡᠭᠦᠷ᠎ᠤᠨ ᠠᠵᠢᠯ᠎ᠤᠨ ᠪᠣᠳᠠᠲᠤ ᠵᠢᠷᠤᠭᠯᠠᠯ ᠪᠠ ᠠᠮᠢᠳᠤᠯᠢᠭ ᠢᠯᠡᠷᠡᠭᠦᠯᠦᠯ ᠪᠠᠢ᠌ᠭ᠎ᠠ᠃ ᠣᠨᠴᠠᠭ᠋ᠠᠶ᠋ᠢᠯᠠᠨ 2020 ᠣᠨ᠎ᠳᠤ᠂   ᠭᠡᠨᠡᠳᠲᠡ ᠡᠭᠦᠰᠤᠭ᠌ᠰᠡᠨ ᠬᠢᠵᠢᠭ ᠎ᠢ ᠰᠡᠷᠭᠡᠶ᠋ᠢᠯᠡᠨ ᠡᠵᠡᠮᠳᠡᠨ   ᠪᠢᠳᠡᠭᠦᠮᠵᠢᠯᠡᠨ ᠬᠠᠮᠢᠶᠠᠷᠬᠤ ᠪᠠ   ᠪᠦᠭᠦᠳᠡ᠎ᠪᠠᠷ ᠵᠶ᠋ᠠᠨ   ᠨᠡᠭᠦᠬᠦ ᠵᠡᠷᠭᠡ ᠶᠡᠬᠡ ᠶᠠᠪᠤᠳᠠᠯ᠎ᠢ ᠪᠢ ᠪᠡᠶ᠎ᠡ᠎ᠪᠠᠷ ᠵᠶ᠋ᠡᠨ   ᠦᠩᠭᠡᠷᠭᠡᠭᠰᠡᠨ ᠶᠤᠮ᠃ 《ᠠᠰᠠᠷᠠᠮᠵᠢ ᠵᠢᠨ ᠬᠦᠷᠢᠶᠡᠯᠡᠩ᠎ᠤᠨ ᠬᠢᠵᠢᠭ᠎ᠤᠨ ᠪᠠᠶ᠋ᠢᠳᠠᠯ᠎ᠢ ᠰᠡᠷᠭᠡᠢ᠌ᠯᠡᠨ ᠡᠵᠡᠮᠳᠡᠵᠤ ᠪᠢᠳᠡᠭᠦᠮᠵᠢᠯᠡᠨ ᠬᠠᠮᠢᠶᠠᠷᠬᠤ ᠠᠵᠢᠯ᠎ᠳᠤ ᠰᠠᠶ᠋ᠢᠨ ᠳᠤᠷ᠎ᠠ᠎ᠠᠴᠠ᠎ᠪᠠᠨ ᠣᠷᠣᠯᠴᠠᠬᠤ ᠲᠤᠬᠠᠶ ᠮᠡᠳᠡᠭᠳᠡᠯ》᠎ᠢ ᠨᠡᠶ᠋ᠢᠲᠡᠯᠡᠭᠰᠡᠨ᠎ᠤ ᠳᠠᠷᠠᠭ᠎ᠠ᠂ ᠲᠡᠳᠡᠭᠡᠷ 《  ᠪᠠᠢ᠌ᠯᠳᠤᠭ᠋ᠠᠨ᠎ᠳᠤ ᠤᠷᠤᠯᠴᠠᠬᠤ   ᠡᠷᠭᠥᠳᠡᠯ ᠎ᠤᠨ ᠪᠢᠴᠢᠭ》 ᠎ᠢ ᠤᠩᠰᠢᠭ᠋ᠠᠳ   ᠬᠠᠯᠠᠭᠤᠨ ᠨᠢᠯᠪᠤᠰᠤ᠎ᠪᠠᠨ ᠤᠷᠤᠰᠬᠠᠯ᠎ᠠ᠂ 《ᠪᠢ ᠪᠣᠯ ᠨᠠᠮ᠎ᠤᠨ ᠭᠡᠰᠢᠭᠦᠨ᠂   ᠪᠢ ᠤᠷᠢᠳ ᠵᠶ᠋ᠠᠷ》  ᠂ 《ᠪᠢ ᠭᠡᠷ ᠎ᠲᠤ᠎ᠬᠢ ᠬᠦᠴᠢᠷ ᠪᠡᠷᠬᠡᠰᠢᠶᠡᠯ᠎ᠢ ᠢᠯᠠᠨ ᠳᠠᠪᠠᠵᠤ ᠴᠢᠳᠠᠨ᠎ᠠ》   ᠭᠡᠬᠥ ᠢᠳᠡᠷᠭᠥᠨ ᠵᠢᠪᠬᠤᠭ᠎ᠠ᠎ᠲᠠᠢ ᠲᠠᠩᠭ᠋ᠠᠷᠢᠭ᠎ᠤᠨ ᠦᠭᠡᠰ  ᠎ᠨᠢ ᠮᠢᠨᠤ ᠰᠡᠳᠬᠢᠯ᠎ᠢ ᠲᠤᠢ᠌ᠯ ᠵᠶ᠋ᠠᠷ ᠳᠤᠩᠰᠤᠯᠭ᠋ᠠᠭᠰᠠᠨ  ᠂ ᠲᠡᠳᠡᠨ᠎ᠤ ᠭᠣᠶᠠᠴᠢ ᠦᠭᠡᠢ ᠵᠣᠷᠢᠭ ᠰᠠᠨᠠᠭ᠎ᠠ᠎ᠨᠢ ᠮᠢᠨᠦ ᠰᠡᠳᠬᠢᠯ ᠵᠢ   ᠳᠤᠭᠳᠤᠯᠤᠭᠤᠭᠯᠭᠰᠠᠨ ᠶᠤᠮ᠃   ᠪᠢᠲᠡᠭᠦᠮᠵᠢᠯᠡᠯᠲᠡ ᠵᠢᠨ ᠳᠤᠮᠳᠠ᠂ ᠪᠢ ᠨᠠᠮ᠎ᠤᠨ ᠭᠡᠰᠢᠭᠦᠳ᠎ᠲᠠᠢ ᠡᠳᠦᠷᠵᠢᠨ ᠬᠠᠮᠲᠤ ᠪᠠᠶ᠋ᠢᠵᠤ᠂ ᠲᠡᠳᠡ ᠠᠰᠠᠷᠠᠨ ᠲᠡᠵᠢᠭᠡᠭᠴᠢᠳ᠎ᠲᠠᠢ ᠬᠠᠮᠲᠤ ᠢᠳᠡᠵᠦ ᠬᠠᠮᠲᠤ ᠰᠠᠭᠤᠵᠤ᠂   ᠠᠳᠠᠭ᠎ᠲᠤ᠎ᠪᠠᠨ ᠬᠡᠳᠦᠨ ᠠᠷᠪᠠᠨ ᠬᠤᠨᠤᠭ ᠪᠢᠲᠡᠭᠦᠮᠵᠢᠯᠡᠵᠦ᠂   ᠴᠢᠨᠠᠭᠰᠢᠯᠠᠪᠠᠯ ᠵᠠᠭᠤ ᠭᠠᠷᠤᠢ   ᠬᠤᠨᠤᠭ ᠪᠠᠶ᠋ᠢᠵᠤ᠂ ᠤᠷᠳᠤ ᠬᠤᠭᠤᠴᠠᠭ᠎ᠠ᠎ᠪᠠᠷ ᠭᠡᠷ᠎ᠤᠨ ᠬᠥᠮᠦᠰ᠎ᠠᠴᠠ᠎ᠪᠠᠨ ᠰᠠᠯᠬᠤ ᠵᠣᠪᠠᠭᠤᠷᠢ ᠵᠢ ᠠᠮᠰᠠᠵᠤ ᠪᠠᠶ᠋ᠢᠪᠠ᠂ ᠭᠡᠪᠡᠴᠦ ᠨᠠᠮ᠎ᠤᠨ ᠭᠡᠰᠢᠭᠦᠳ ᠦᠭᠡ ᠲᠠᠭᠤᠨ ᠦᠭᠡᠢ ᠎ᠪᠠᠷ   ᠲᠡᠰᠪᠤᠷᠢᠯᠡᠭᠡᠳ ᠯᠡ ᠢᠷᠡᠵᠠᠢ᠃   ᠶᠠᠮᠠᠷ ᠶᠠᠩᠵᠤ ᠵᠢᠨ ᠵᠣᠷᠢᠭ ᠰᠠᠨᠠᠭ᠎ᠠ᠎ᠨᠢ ᠬᠥᠮᠦᠰ᠎ᠢ ᠢᠩᠭᠢᠵᠦ   ᠰᠢᠨᠳᠠᠷᠠᠰᠢ ᠦᠭᠡᠢ᠎ᠪᠠᠷ ᠪᠠᠳᠤ ᠰᠠᠬᠢᠭᠤᠯᠤᠭᠰᠠᠭ᠋ᠠᠷ ᠢᠷᠡᠭᠰᠡᠨ ᠪᠤᠢ ᠭᠡᠵᠤ   ᠪᠢ ᠭᠠᠢ᠌ᠬᠠᠳᠠᠭ ᠶᠤᠮ  ᠂ ᠮᠢᠨᠦ ᠨᠠᠮ᠎ᠳᠤ ᠤᠷᠤᠭᠰᠠᠨ ᠲᠠᠨᠢᠯᠴᠠᠭᠤᠯᠤᠭᠴᠢ ᠪᠣᠯ ᠨᠢᠭᠡᠨ   ᠪᠦᠰᠡᠭᠦᠢ  ᠂ 150 ᠭᠠᠷᠤᠢ ᠡᠳᠦᠷ ᠬᠤᠨᠤᠭ   ᠪᠢᠳᠡᠭᠦᠮᠵᠢᠯᠡᠭᠳᠡᠵᠡᠢ᠂ ᠪᠢ ᠲᠡᠭᠦᠨ᠎ᠠᠴᠠ 《ᠲᠠ ᠶᠠᠳᠠᠷᠠᠵᠤ ᠪᠠᠶ᠋ᠢᠨ᠎ᠠ ᠤᠤ》 ᠭᠡᠵᠦ ᠠᠰᠠᠭᠤᠬᠤ ᠪᠦᠷᠢ ᠲᠡᠷᠡ ᠬᠡᠵᠢᠶᠡᠳᠡ ᠢᠨᠢᠶᠡᠮᠰᠦᠭᠯᠡᠨ   ᠨᠠᠮ᠎ᠠ ᠵᠢ ᠵᠣᠷᠢᠭᠵᠢᠭᠤᠯᠳᠠᠭ ᠪᠠᠢ᠌ᠭᠰᠠᠨ᠂ ᠲᠡᠭᠦᠨ᠎ᠤ   ᠰᠢᠢ᠍ᠳᠮᠡᠭ   ᠬᠠᠷᠠᠴᠠᠨ᠎ᠠᠴᠠ ᠪᠢ ᠨᠢᠭᠡᠨ ᠡᠪ ᠬᠠᠮᠲᠤ ᠨᠠᠮ᠎ᠤᠨ ᠭᠡᠰᠢᠭᠦᠨ᠎ᠤ ᠨᠠᠮᠴᠢ ᠴᠢᠨᠠᠷ ᠪᠣᠯᠤᠨ ᠲᠡᠷᠡ ᠬᠦ᠌   ᠵᠢᠵᠢᠭ ᠭᠡᠷ ᠪᠦᠯᠢ᠎ᠪᠠᠨ ᠦᠷᠡᠭᠳᠡᠭᠦᠯᠵᠦ᠂ ᠤᠯᠠᠨ᠎ᠢ ᠬᠠᠷᠠᠭ᠋ᠠᠯᠵᠠᠬᠤ᠂ ᠦᠨᠡᠨ ᠰᠡᠳᠬᠢᠯ᠎ᠠᠴᠠ᠎ᠪᠠᠨ ᠬᠠᠷᠠᠮ ᠦᠭᠡᠢ ᠵᠢᠳᠬᠦᠬᠦ ᠡᠷᠬᠢᠮ ᠳᠡᠭᠡᠳᠦ ᠵᠣᠷᠢᠭ ᠰᠠᠨᠠᠭ᠎ᠠ ᠵᠢ  ᠎ᠨᠢ ᠣᠯᠵᠤ   ᠬᠠᠷᠠᠭᠰᠠᠨ ᠶᠤᠮ᠃ ᠲᠡᠷᠡ ᠮᠥᠴᠡ᠎ᠠᠴᠠ ᠡᠬᠢᠯᠡᠨ᠂ ᠪᠢ   ᠨᠠᠮ ᠵᠶ᠋ᠠᠨ ᠡᠭᠦᠷᠢᠳᠡ ᠲ᠋ᠠᠭ᠋ᠠᠵᠤ᠂ ᠲᠡᠳᠡᠨ᠎ᠲᠠᠢ ᠠᠳᠠᠯᠢᠬᠠᠨ ᠬᠥᠮᠦᠨ ᠪᠤᠯᠤᠨ᠎ᠠ ᠭᠡᠵᠤ ᠵᠤᠷᠢᠭ   ᠰᠢᠢ᠍ᠳᠦᠯ᠎ᠡ! ᠬᠢᠵᠢᠭ᠎ᠤᠨ ᠪᠠᠶ᠋ᠢᠳᠠᠯ   ᠨᠠᠮᠳᠠᠭᠰᠠᠨ᠎ᠤ ᠳᠠᠷᠠᠭ᠎ᠠ᠂ ᠠᠰᠠᠷᠠᠮᠵᠢ ᠵᠢᠨ ᠬᠦᠷᠢᠶᠡᠯᠡᠩ   ᠪᠦᠭᠦᠳᠡ᠎ᠪᠠᠷ ᠵᠶ᠋ᠠᠨ   ᠨᠡᠭᠦᠬᠦ   ᠪᠤᠯᠤᠯ᠎ᠠ᠂   ᠲᠣᠭ᠋ᠠᠯᠠᠰᠢ ᠦᠭᠡᠢ ᠡᠳ᠋   ᠬᠤᠭᠰᠢᠯ ᠪᠤᠯᠤᠨ 500 ᠭᠠᠷᠤᠢ ᠬᠦᠮᠦᠰ ᠎ᠢ ᠣᠨᠳᠣᠣ ᠭᠠᠵᠠᠷ᠎ᠲᠤ   ᠨᠡᠭᠥᠯᠭᠡᠬᠥ ᠎ᠳᠤ᠂   ᠵᠠᠮ ᠬᠤᠯᠠ᠂   ᠬᠦᠴᠢᠷ ᠪᠡᠷᠬᠡ   ᠤᠯᠠᠨ᠂ ᠨᠠᠰᠤᠲᠠᠨ ᠪᠠ   ᠬᠡᠤᠬᠡᠳ᠎ᠢ ᠴᠠᠭ ᠢᠮᠠᠭᠳᠠ ᠬᠠᠷᠠᠵᠤ ᠬᠠᠷᠠᠭ᠋ᠠᠯᠵᠠᠬᠤ   ᠴᠢᠬᠤᠯᠠᠲᠠᠢ ᠪᠠᠢ᠌ᠳᠠᠭ᠎ᠨᠢ ᠶᠡᠬᠡ ᠬᠦᠴᠢᠷ᠎ᠲᠠᠢ ᠶᠤᠮ᠃ ᠭᠡᠲᠡᠯ᠎ᠡ ᠨᠠᠮ᠎ᠤᠨ ᠡᠭᠦᠷ ᠎ᠤᠨ ᠤᠳᠤᠷᠢᠳᠤᠯᠭ᠎ᠠ ᠳᠣᠣᠷ᠎ᠠ᠂ ᠪᠦᠬᠦ   ᠬᠦᠷᠢᠶᠡᠯᠡᠩ᠎ᠤᠨ ᠠᠵᠢᠯᠲᠠᠳ ᠰᠢᠳᠦ᠎ᠪᠠᠨ   ᠵᠠᠭᠤᠨ ᠲᠡᠰᠪᠤᠷᠢᠯᠡᠨ᠂   ᠡᠴᠤᠰ ᠎ᠲᠤ ᠎ᠪᠠᠨ ᠭᠤᠷᠪᠠᠬᠠᠨ   ᠬᠤᠨᠤᠭ᠎ᠤᠨ ᠳᠣᠲᠣᠷ᠎ᠠ ᠨᠡᠭᠦᠬᠦ ᠡᠭᠦᠷᠭᠡ᠎ᠪᠠᠨ   ᠪᠡᠶᠡᠯᠡᠭᠥᠯᠦᠭᠡᠳ᠂ ᠳᠡᠭᠡᠳᠦ ᠱᠠᠲᠤᠨ᠎ᠤ ᠬᠡᠯᠲᠡᠰ ᠎ᠤᠨ ᠪᠣᠯᠤᠨ ᠦᠢ᠍ᠯᠡᠴᠢᠯᠡᠬᠦ ᠡᠲᠡᠭᠡᠳ᠎ᠤᠨ ᠵᠶ᠋ᠠᠨ   ᠰᠠᠢ᠌ᠨ ᠦᠨᠡᠯᠡᠯᠲᠡ ᠵᠢ ᠣᠯᠪᠠ  ᠃ ᠡᠨᠡ ᠬᠦ᠌ ᠦᠵᠡᠬᠦ᠎ᠳᠤ ᠪᠡᠶᠡᠯᠡᠭᠦᠯᠵᠦ   ᠲᠡᠢ᠌ᠯᠤᠰᠢ ᠦᠭᠡᠢ ᠡᠭᠦᠷᠭᠡ ᠵᠢ ᠭᠦᠢ᠍ᠴᠡᠳᠬᠡᠭᠰᠡᠨ᠎ᠨᠢ  ᠂   ᠨᠠᠮ᠎ᠤᠨ ᠡᠭᠦᠷ ᠎ᠤᠨ ᠴᠢᠩᠭ᠎ᠠ ᠤᠳᠤᠷᠢᠳᠤᠯᠭ᠎ᠠ ᠎ᠠᠴᠠ ᠰᠠᠯᠵᠤ   ᠴᠢᠳᠠᠬᠤ ᠦᠭᠡᠢ᠂ ᠡᠨᠡ᠎ᠨᠢ ᠨᠠᠮ᠎ᠤᠨ ᠪᠠᠶ᠋ᠢᠭᠤᠯᠤᠯᠲᠠ ᠵᠢᠨ   ᠵᠢᠯᠤᠭᠤᠳᠤᠨ ᠳᠠᠭ᠋ᠠᠭᠤᠯᠬᠤ ᠯᠤᠲᠤ ᠶᠡᠬᠡ ᠬᠦᠴᠦᠨ᠎ᠢ ᠲᠤᠰᠬᠠᠵᠤ ᠪᠠᠶ᠋ᠢᠨ᠎ᠠ᠃   ᠲᠡᠳᠡᠭᠡᠷ   ᠬᠥᠮᠥᠰ ᠎ᠢ   ᠤᠶᠠᠷᠠᠭᠤᠯᠤᠮ᠎ᠠ ᠦᠯᠢᠭᠡᠷ ᠪᠠ ᠰᠡᠳᠬᠢᠯ ᠳᠣᠭᠳᠣᠯᠤᠭᠤᠯᠤᠮ᠎ᠠ ᠦᠢ᠍ᠯᠡ ᠶᠠᠪᠤᠳᠠᠯ ᠎ᠢ   ᠡᠷᠭᠢᠴᠡᠭᠥᠯᠬᠦ   ᠪᠦᠷᠢ   ᠪᠢ ᠦᠷᠭᠦᠯᠵᠢ ᠰᠡᠳᠬᠢᠯ ᠳᠣᠭᠳᠣᠯᠤᠨ᠂ ᠬᠦᠴᠦᠨ ᠴᠢᠳᠠᠯ ᠵᠶ᠋ᠠᠷ   ᠪᠢᠯᠬᠠᠮ᠎ᠠ   ᠰᠠᠨᠠᠭᠳᠠᠬᠤ ᠶᠤᠮ᠃
      ᠨᠠᠮ᠎ᠤᠨ ᠲᠡᠦᠬᠡ ᠵᠢ ᠰᠤᠷᠤᠯᠴᠠᠬᠤ᠎ᠳᠤ ᠨᠠᠮ ᠵᠶ᠋ᠠᠨ ᠬᠦᠨᠳᠦᠳᠬᠡᠬᠦ ᠬᠡᠷᠡᠭᠲᠡᠶ᠃   ᠦᠨᠤ ᠵᠢᠯ᠎ᠤᠨ ᠨᠠᠮ᠎ᠤᠨ ᠲᠡᠦᠬᠡ ᠵᠢᠨ ᠰᠤᠷᠤᠯᠴᠠᠯᠭ᠎ᠠ ᠬᠥᠮᠦᠵᠢᠯ᠎ᠤᠨ ᠶᠠᠪᠤᠴᠠ᠎ᠳᠤ ᠪᠢ ᠨᠠᠮ᠎ᠤᠨ ᠵᠠᠭᠤᠨ ᠵᠢᠯ᠎ᠤᠨ ᠲᠡᠦᠬᠡ ᠵᠢ ᠰᠢᠰᠲ᠋ᠧᠮ᠎ᠲᠠᠢ᠎ᠪᠠᠷ ᠰᠤᠷᠤᠯᠴᠠᠪᠠ᠃ ᠨᠠᠮ᠎ᠤᠨ ᠡᠭᠦᠷ᠎ᠤᠨ   ᠠᠯᠬᠤᠭ᠎ᠠ ᠵᠢ ᠳᠠᠭ᠋ᠠᠵᠤ᠂ ᠪᠢ ᠳᠠᠯᠠᠨ ᠬᠠᠷ᠎ᠠ ᠠᠭᠤᠯᠠᠨ᠎ᠳᠤ   ᠪᠠᠢ᠌ᠭ᠎ᠠ   ᠶᠠᠫᠤᠨ᠎ᠢ   ᠡᠰᠡᠷᠭᠥᠴᠡᠬᠥ   ᠫᠠᠷᠲ᠋ᠢᠽᠠᠨ᠎ᠤ ᠰᠠᠭᠤᠷᠢᠨ ᠭᠠᠵᠠᠷ ᠎ᠲᠤ ᠬᠦᠷᠴᠡᠢ᠂ ᠠᠬᠠᠮᠠᠳ ᠨᠢᠭᠡ ᠦᠶ᠎ᠡ ᠵᠢᠨ ᠎ᠬᠢᠨ᠎ᠤ ᠲᠩᠷᠢ᠎ᠲᠠᠢ ᠪᠠᠶ᠋ᠢᠯᠳᠤᠵᠤ ᠭᠠᠵᠠᠷ᠎ᠲᠠᠢ   ᠲᠡᠮᠡᠴᠡᠨ᠂ ᠪᠤᠰᠤᠳ᠎ᠠᠴᠠ ᠲᠦᠷᠦᠭᠦᠯᠡᠬᠦ ᠡᠷᠡᠯᠬᠡᠭ ᠪᠠᠭ᠋ᠠᠲᠤᠷᠯᠢᠭ ᠴᠤᠭ ᠰᠦᠯᠳᠡ ᠵᠢ ᠲᠠᠨᠢᠯ᠎ᠠ  ᠂ ᠸᠠᠩ ᠷᠦᠸᠸ ᠹᠧᠶ ᠵᠢᠨ ᠲᠤᠷᠠᠰᠬᠠᠯ᠎ᠤᠨ   ᠤᠷᠳᠤᠨ᠎ᠢ ᠦᠵᠡᠭᠡᠳ᠂ 《ᠠᠯᠢᠪᠠ ᠪᠦᠬᠦᠨ ᠠᠷᠠᠳ ᠲᠦᠮᠡᠨ᠎ᠤ ᠲᠥᠯᠥᠭᠡ ᠪᠤᠳᠤᠯᠬᠢᠯᠠᠬᠤ ᠬᠡᠷᠡᠭᠳᠡᠢ 》   ᠭᠡᠳᠡᠭ᠎ᠢ ᠰᠤᠷᠤᠯ᠎ᠠ  ᠂ ᠨᠠᠮ ᠪᠠᠶ᠋ᠢᠭᠤᠯᠤᠭᠳᠠᠭᠰᠠᠨ 100 ᠵᠢᠯ᠎ᠤᠨ ᠤᠢ ᠵᠢ ᠪᠡᠯᠭᠡᠯᠡᠬᠦ ᠶᠡᠬᠡ ᠬᠤᠷᠠᠯ᠎ᠤᠨ ᠰᠢᠭᠤᠳ ᠨᠡᠪᠲᠡᠷᠡᠭᠦᠯᠭᠡ᠎ᠳᠤ  ᠂ ᠰᠢ ᠵᠢᠨ ᠫᠢᠩ ᠶᠡᠷᠦᠩᠬᠡᠢ ᠱᠦᠵᠢ ᠵᠢᠨ ᠲᠠᠪᠤᠨ ᠲᠥᠪ ᠴᠢᠩᠭ᠎ᠠ ᠲᠤᠭ᠌ᠬᠠᠭᠯᠠᠯ᠎ᠨᠢ ᠤᠳᠤ ᠪᠣᠯᠲᠠᠯ᠎ᠠ   ᠰᠡᠳᠬᠢᠯ ᠎ᠳᠤ   ᠲᠤᠳᠤᠬᠠᠨ᠂ ᠪᠢ   ᠠᠯᠢ ᠨᠢᠭᠡᠨ ᠡᠳᠦᠷ ᠴᠦ᠍ ᠲᠡᠳᠡᠭᠡᠷ ᠰᠢᠯᠢᠳᠡᠭ ᠵᠠᠯᠠᠭᠤᠴᠤᠳ᠎ᠲᠠᠢ ᠠᠳᠠᠯᠢ᠎ᠪᠠᠷ ᠲᠢᠶᠠᠨ ᠠᠨ ᠮᠸᠨ   ᠠᠭᠤᠳᠠᠮ   ᠲᠠᠯᠠᠪᠠᠢ᠎ᠳᠤ   ᠵᠤᠭᠰᠤᠨ᠂ ᠡᠬᠡ ᠤᠯᠤᠰ᠎ᠤᠨ ᠵᠶ᠋ᠠᠨ ᠰᠡᠳᠬᠢᠯ ᠵᠢᠷᠦᠬᠡ᠎ᠲᠠᠢ   ᠨᠠᠭ᠋ᠠᠯᠳᠤᠵᠤ᠂ ᠠᠷᠠᠳ᠎ᠤᠨ ᠪᠠᠭ᠋ᠠᠲᠤᠷᠴᠤᠳ᠎ᠤᠨ ᠢᠷᠠᠭᠤ ᠠᠯᠳᠠᠷ᠎ᠢ ᠮᠠᠭᠲᠠᠨ ᠳᠠᠭᠤᠯᠠᠨᠠᠮ! ᠥᠩᠭᠡᠷᠡᠭᠰᠡᠨ᠎ᠤ ᠭᠠᠶ᠋ᠢᠬᠠᠮᠰᠢᠭᠲᠤ ᠣᠨ ᠰᠠᠷ᠎ᠠ ᠵᠢ ᠡᠷᠭᠢᠴᠡᠭᠦᠯᠬᠦᠶ᠎ᠡ᠂ ᠮᠠᠨ᠎ᠤ ᠨᠠᠮ᠎ᠤᠨ   ᠶᠠᠪᠤᠭᠰᠠᠨ ᠵᠠᠮ᠎ᠨᠢ   ᠬᠡᠴᠢᠨᠡᠬᠡᠨ ᠬᠢᠯᠪᠠᠷ ᠪᠤᠰᠤ   ᠠᠵᠢ᠃   ᠵᠢᠶᠠᠰᠢᠩ ᠨᠠᠭᠤᠷ᠎ᠤᠨ ᠳᠤᠮᠳᠠ᠂ ᠰᠢᠶᠠᠩᠵᠢᠶᠠᠩ ᠮᠥᠷᠡᠨ᠎ᠤ ᠬᠥᠪᠡᠭᠡᠨ᠎ᠳᠤ᠂ ᠬᠤᠸᠠᠩ   ᠫᠦ᠋ ᠵᠢᠶᠠᠩ ᠮᠥᠷᠡᠨ᠎ᠤ   ᠬᠦᠪᠡᠭᠡᠨ᠎ᠳᠤ᠂   ᠽᠦᠨ ᠡᠢ ᠬᠤᠳᠠ ᠵᠢᠨ   ᠵᠠᠬ᠎ᠠ᠎ᠳᠤ ᠴᠥᠮ ᠨᠠᠮ᠎ᠤᠨ ᠲᠡᠰᠪᠦᠷᠢ ᠬᠠᠲᠠᠭᠤᠵᠢᠯᠲᠠᠶ᠎ᠪᠠᠷ ᠲᠡᠮᠡᠴᠡᠭᠰᠡᠨ ᠡᠷᠡᠯᠬᠡᠭ ᠪᠠᠭ᠋ᠠᠲᠤᠷᠯᠢᠭ ᠤᠯᠠ ᠮᠥᠷ᠎ᠢ   ᠦᠯᠡᠳᠡᠭᠡᠭᠰᠡᠨ᠃ ᠶᠠᠩ ᠵᠢᠩ ᠢᠦᠢ  ᠂ ᠯᠢᠦ ᠬᠤ᠌ ᠯᠠᠨ ᠵᠡᠷᠭᠡ   ᠬᠤᠪᠢᠰᠬᠠᠯᠳᠤ ᠪᠡᠶ᠎ᠡ   ᠦᠷᠡᠭᠳᠡᠭᠰᠡᠨ ᠪᠠᠭ᠋ᠠᠳᠤᠷᠴᠤᠳ᠎ᠤᠨ ᠨᠡᠷ᠎ᠡ᠎ᠨᠢ   ᠲᠤᠮᠳᠠᠳᠤᠴᠤᠳ᠎ᠤᠨ ᠰᠡᠳᠬᠢᠯ᠎ᠳᠤ ᠭᠦᠨ ᠬᠠᠳᠠᠩᠰᠢᠵᠠᠢ᠃ ᠰᠢ ᠵᠢᠨ ᠫᠢᠩ ᠶᠡᠷᠦᠩᠬᠡᠶ ᠱᠦᠵᠢ ᠣᠳᠣ ᠦᠶ᠎ᠡ ᠵᠢᠨ ᠵᠠᠯᠠᠭᠤᠴᠤᠳ᠎ᠢ 《ᠠᠯᠤᠰ ᠬᠡᠳᠦ ᠵᠢᠨ ᠬᠦᠰᠡᠯ ᠵᠣᠷᠢᠯᠲᠠ᠎ᠲᠠᠢ ᠪᠠᠢ᠌ᠵᠤ᠂ ᠯᠠᠪᠳᠠᠭᠤᠨ ᠪᠠᠲᠤᠲᠠᠢ  ᠂ ᠬᠦᠴᠢᠷ ᠪᠡᠷᠬᠡᠰᠢᠶᠡᠯ ᠬᠠᠷᠰᠢ ᠰᠠᠭ᠋ᠠᠳ᠎ᠠᠴᠠ ᠠᠶᠤᠬᠤ ᠦᠭᠡᠢ᠎ᠪᠠᠷ ᠴᠠᠭ ᠦᠶ᠎ᠡ ᠵᠢᠨ ᠡᠭᠦᠷᠭᠡ ᠬᠠᠷᠢᠭᠤᠴᠠᠯᠭ᠎ᠠ ᠵᠢ ᠵᠣᠷᠢᠭᠲᠠᠢ᠎ᠪᠠᠷ ᠡᠭᠦᠷᠭᠡᠯᠡᠵᠦ᠂ ᠬᠤᠪᠢ ᠬᠥᠮᠦᠨ᠎ᠤ ᠬᠦᠰᠡᠯᠡᠩ ᠵᠶ᠋ᠠᠨ   ᠨᠠᠮ ᠪᠣᠯᠤᠨ ᠤᠯᠤᠰ᠎ᠤᠨ ᠦᠢ᠍ᠯᠡᠰ᠎ᠲᠤ   ᠠᠭᠤᠰᠤᠯᠴᠠᠭᠤᠯᠬᠤ᠎ᠪᠠᠷ ᠴᠢᠷᠮᠠᠶ᠋ᠢᠵᠤ᠂ ᠨᠠᠮ᠂ ᠡᠬᠡ ᠤᠯᠤᠰ᠂ ᠠᠷᠠᠳ ᠲᠦᠮᠡᠨ᠎ᠤ᠎ᠪᠠᠨ ᠲᠥᠯᠥᠭᠡ ᠢᠯᠡᠭᠦᠬᠡᠨ ᠬᠤᠪᠢ ᠨᠡᠮᠡᠷᠢ ᠦᠵᠡᠭᠦᠯᠬᠦ ᠬᠡᠷᠡᠭᠲᠡᠢ》 ᠭᠡᠵᠤ   ᠵᠣᠷᠢᠭᠵᠢᠭᠣᠯᠣᠭᠰᠠᠨ ᠶᠤᠮ  ᠃   ᠤᠯᠤᠰ ᠵᠶ᠋ᠠᠨ ᠬᠠᠮᠠᠭ᠋ᠠᠯᠠᠵᠤ ᠬᠢᠯᠢ᠎ᠪᠠᠨ ᠰᠠᠬᠢᠭᠰᠠᠨ ᠪᠠᠭ᠋ᠠᠲᠤᠷ ᠴᠧᠨ ᠬᠣᠩ ᠵᠢᠶᠦ᠋ᠨ  ᠄ 《ᠨᠠᠮ᠎ᠠᠴᠠ   ᠨᠠᠮ᠎ᠠ ᠵᠢ ᠶᠠᠮᠠᠷ ᠪᠠᠶ᠋ᠢᠷᠢᠨ᠎ᠳᠤ ᠲᠠᠯᠪᠢᠭᠰᠠᠨ ᠪᠣᠯ ᠲᠡᠨᠳᠡ ᠭᠠᠪᠢᠶ᠎ᠠ ᠪᠠᠢ᠍ᠭᠤᠯᠵᠤ ᠦᠢ᠍ᠯᠡᠰ ᠪᠦᠳᠦᠭᠡᠨ᠎ᠡ》 ᠭᠡᠵᠡᠢ  ᠃ ᠲᠣᠭ᠎ᠠ ᠲᠣᠮᠰᠢ ᠥᠬᠡᠶ ᠣᠯᠠᠨ ᠬᠤᠪᠢᠰᠬᠠᠯ᠎ᠤᠨ   ᠬᠤᠰᠢᠭᠤᠴᠢ᠂ ᠲᠡᠷᠢᠭᠦᠨ᠎ᠤ ᠵᠢᠱ᠌ᠢᠶᠡᠴᠢ ᠬᠦᠮᠦᠰ ᠎ᠤᠨ ᠵᠣᠷᠢᠭ ᠰᠠᠨᠠᠭ᠋ᠠᠨ᠎ᠤ ᠵᠢᠯᠣᠭᠣᠳᠣᠯᠭ᠎ᠠ ᠪᠠᠶ᠋ᠢᠭᠰᠠᠨ᠎ᠠᠴᠠ ᠪᠢ ᠨᠠᠮ ᠵᠶ᠋ᠠᠨ ᠬᠦᠨᠳᠦᠳᠬᠡᠬᠦ ᠰᠡᠳᠬᠢᠯᠭᠡ ᠵᠢ ᠴᠠᠭ ᠢᠮᠠᠭᠲᠠ ᠡᠪᠦᠷᠯᠡᠵᠦ᠂ ᠦᠨᠳᠦᠰᠦᠨ ᠱᠠᠲᠤᠨ᠎ᠤ ᠠᠷᠠᠳ᠎ᠤᠨ ᠶᠠᠪᠤᠳᠠᠯ᠎ᠤᠨ   ᠡᠩ᠎ᠤᠨ ᠠᠵᠢᠯ᠎ᠤᠨ ᠪᠠᠶ᠋ᠢᠷᠢ ᠎ᠠᠴᠠ ᠎ᠪᠠᠨ ᠣᠳᠣᠲᠤ ᠣᠭᠲᠠᠷᠭᠤᠢ᠎ᠢ ᠪᠠᠷᠠᠯᠠᠨ᠎ᠠ᠂   ᠰᠢᠨ᠎ᠡ ᠴᠠᠭ ᠦᠶ᠎ᠡ ᠵᠢᠨ ᠠᠷᠠᠳ᠎ᠤᠨ ᠶᠠᠪᠤᠳᠠᠯ᠎ᠤᠨ ᠬᠥᠮᠦᠰ᠎ᠤᠨ ᠤᠶᠤᠨ ᠰᠠᠨᠠᠭ᠋ᠠᠨ᠎ᠤ   ᠬᠡᠪ ᠲᠦᠷᠬᠦ ᠵᠢ ᠯᠠᠪᠳᠠᠭᠤᠨ ᠲᠣᠭᠲᠠᠭᠤᠨ ᠵᠶ᠋ᠠᠷ ᠲᠣᠳᠤᠷᠠᠭᠤᠯᠤᠨ᠎ᠠ᠃   ᠡᠩ᠎ᠤᠨ ᠠᠵᠢᠯ᠎ᠤᠨ ᠪᠠᠶ᠋ᠢᠷᠢ ᠳᠡᠭᠡᠷ᠎ᠡ᠎ᠪᠠᠨ ᠮᠥᠨ ᠯᠡ ᠭᠡᠷᠡᠯ ᠭᠢᠯᠪᠠᠭ᠎ᠠ᠎ᠪᠠᠨ ᠰᠠᠴᠤᠷᠠᠭᠤᠯᠤᠭᠰᠠᠨ ᠶᠡᠷᠦ ᠪᠤᠰᠤ ᠵᠢᠨ ᠬᠥᠮᠦᠨ᠎ᠤ ᠠᠮᠢᠳᠤᠷᠠᠯ᠎ᠢ   ᠴᠤᠭᠴᠠᠯᠠᠵᠤ ᠪᠣᠯᠬᠤ ᠵᠢ ᠪᠢ ᠢᠲᠡᠭᠡᠨ᠎ᠡ!
   《ᠡᠪ ᠬᠠᠮᠲᠤ ᠨᠠᠮ   ᠪᠠᠢ᠌ᠬᠤ ᠦᠭᠡᠶ ᠪᠣᠯ ᠰᠢᠨ᠎ᠡ ᠳᠤᠮᠳᠠᠳᠤ ᠤᠯᠤᠰ   ᠪᠠᠢ᠌ᠬᠤ ᠦᠭᠡᠶ》 ᠭᠡᠰᠡᠨ ᠠᠶᠠᠰ ᠬᠠᠭ᠋ᠠᠰ ᠵᠠᠭᠤᠨ᠎ᠤ ᠲᠤᠷᠰᠢ ᠳᠠᠭᠤᠷᠢᠰᠪᠠ᠂ ᠳᠠᠭᠤᠯᠠᠬᠤ ᠲᠤᠰᠤᠮ ᠵᠶ᠋ᠠᠨ   ᠵᠤᠯᠪᠤᠭ᠎ᠠ᠎ᠲᠠᠢ᠃ ᠡᠨᠡ ᠠᠶᠠᠰ ᠳᠤᠮᠳᠠᠳᠤ ᠵᠢᠨ ᠬᠥᠮᠦᠨ ᠪᠣᠯᠭ᠋ᠠᠨ᠎ᠤ ᠰᠡᠳᠬᠢᠯ᠎ᠳᠤ ᠠᠮᠢᠯᠠᠵᠤ᠂ ᠳᠤᠮᠳᠠᠳᠤ ᠵᠢᠨ ᠬᠥᠮᠦᠨ᠎ᠤ ᠰᠦᠭ ᠰᠦᠨᠡᠰᠤᠨ᠎ᠳᠤ ᠠᠭᠤᠰᠴᠠᠢ  ᠃ ᠰᠢᠨ᠎ᠡ ᠴᠠᠭ ᠦᠶ᠎ᠡ᠎ᠳᠤ ᠲᠦᠷᠤᠭ᠌ᠰᠡᠨ ᠎ᠳᠤ᠎ᠪᠠᠨ ᠨᠠᠮ᠎ᠤᠨ ᠭᠡᠷᠡᠯ   ᠢᠯᠴᠢᠨ᠎ᠳᠤ   ᠴᠠᠭ ᠢᠮᠠᠭᠲᠠ ᠢᠪᠡᠭᠡᠭᠳᠡᠵᠤ ᠪᠠᠶ᠋ᠢᠬᠤ᠎ᠨᠢ ᠮᠢᠨᠦ ᠵᠣᠯ ᠵᠢᠷᠭ᠋ᠠᠯ᠃   ᠵᠠᠭᠤᠨ ᠵᠢᠯ᠎ᠤᠨ ᠠᠶᠠᠨ᠎ᠳᠤ ᠴᠣᠭ ᠪᠢᠯᠢᠭ ᠢᠨᠤ ᠬᠠᠷᠠᠬᠠᠨ ᠬᠥᠭᠵᠢᠩᠭᠦᠢ᠂ ᠤᠳᠤ ᠪᠢ ᠶᠠᠭ ᠨᠢᠭᠡᠨ ᠵᠠᠭᠤᠨ ᠨᠠᠰᠤᠲᠤ ᠨᠠᠰᠤᠲᠠᠨ᠎ᠲᠠᠢ ᠬᠠᠮᠲᠤ ᠶᠠᠪᠤᠵᠤ ᠪᠠᠶ᠋ᠢᠬᠤ ᠰᠢᠭ᠋  ᠂ ᠲᠡᠷᠡ   ᠨᠠᠳᠠ᠎ᠳᠤ ᠶᠣᠰᠣ   ᠤᠴᠢᠷ ᠎ᠢ ᠵᠢᠭ᠋ᠠᠵᠤ᠂   ᠮᠢᠨᠤ ᠥᠰᠦᠨ ᠪᠤᠢ᠌ᠵᠢᠯᠳᠠ ᠵᠢ   ᠮᠦᠰᠢᠶᠡᠨ ᠬᠠᠷᠠᠭᠰᠠᠭ᠋ᠠᠷ᠂ ᠡᠰᠡᠭᠦᠯ᠎ᠡ ᠶᠠᠭ ᠨᠠᠰᠤ ᠬᠤᠷᠠᠭ ᠬᠦᠮᠦᠨ᠎ᠲᠠᠢ ᠬᠠᠮᠲᠤ᠎ᠪᠠᠷ ᠤᠷᠤᠭᠰᠢᠯᠠᠵᠤ   ᠪᠠᠢ᠌ᠬᠤ   ᠰᠢᠭ᠋᠂ ᠪᠢᠳᠡ ᠰᠡᠳᠬᠢᠯ᠎ᠤᠨ ᠪᠠᠶᠠᠷ ᠪᠠᠬᠠᠳᠤᠯ ᠵᠶ᠋ᠠᠨ ᠬᠤᠪᠢᠶᠠᠯᠴᠠᠵᠤ᠂ ᠵᠠᠯᠠᠭᠤ ᠨᠠᠰᠤ᠎ᠪᠠᠨ ᠬᠠᠮᠲᠤ᠎ᠪᠠᠷ   ᠡᠳ᠋ᠯᠡᠨ᠎ᠡ  ᠃ ᠢᠷᠡᠬᠥ ᠵᠠᠭᠤᠨ ᠵᠢᠯ᠎ᠳᠤ᠂ ᠳᠤᠮᠳᠠᠳᠤ ᠵᠢᠨ ᠬᠥᠪᠡᠭᠦᠳ ᠥᠬᠢᠳ ᠨᠠᠮ ᠎ᠳᠤ᠎ᠪᠠᠨ ᠴᠢᠩ ᠦᠨᠡᠨᠴᠢ᠂ ᠳᠤᠮᠳᠠᠳᠤ ᠵᠢᠨ ᠦᠨᠳᠦᠰᠦᠲᠡᠨ᠎ᠤ ᠠᠭᠤᠤ ᠶᠡᠬᠡ ᠰᠡᠷᠭᠦᠨ ᠮᠠᠨᠳᠤᠯᠲᠠ ᠵᠢ ᠪᠡᠶᠡᠯᠡᠭᠦᠯᠬᠦ᠎ᠪᠠᠷ ᠡᠷᠡᠰ ᠪᠠᠲᠤ᠂   ᠣᠮᠣᠭ ᠲᠡᠭᠦᠯᠳᠡᠷ ᠪᠠᠢ᠌ᠵᠤ᠂ ᠴᠤᠴᠠᠯᠲᠠ ᠦᠭᠡᠢ ᠤᠷᠤᠭᠰᠢᠯᠠᠬᠤ ᠲᠡᠦᠬᠡ ᠵᠢᠨ ᠠᠶᠠᠨ ᠵᠠᠮ᠎ᠳᠤ᠂ ᠠᠭᠤᠤ ᠶᠡᠬᠡ ᠰᠢᠨ᠎ᠡ ᠬᠠᠭᠤᠳᠠᠰᠤ ᠵᠢ ᠦᠷᠭᠦᠯᠵᠢᠯᠡᠨ   ᠪᠢᠴᠢᠭᠯᠡᠬᠦ ᠵᠢ   ᠪᠠᠳᠤ ᠢᠳᠡᠭᠡᠵᠤ ᠪᠠᠢ᠌ᠨ᠎ᠠ᠃

                      ᠤᠷᠴᠢᠭᠤᠯᠤᠭᠴᠢ ᠵᠢᠨ ᠬᠠᠶᠠᠭ᠄   ᠬᠥᠬᠡᠬᠤᠳᠠ ᠵᠢᠨ ᠰᠠᠢ᠌ᠬᠠᠨ   ᠲᠤᠭᠤᠷᠢᠭ

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
〈〈ᠤᠷᠤᠭ ᠭᠡᠷ ᠪᠦᠯᠢ ᠨᠡᠢ᠌ᠬᠡᠮ〉〉᠎ᠠᠴᠠ 〈〈ᠨᠡᠢ᠌ᠬᠡᠮ〉〉 ᠰᠡᠳᠬᠦᠯ ᠪᠣᠯᠲᠠᠯᠠᠬᠢ ᠬᠦᠭᠵᠢᠯᠲᠡ ᠵᠢᠨ ᠬᠢᠨᠢ ᠳᠤᠬᠠᠢ ᠡᠷᠬᠢᠴᠡᠭᠦᠯᠤᠯ
ᠨᠤᠲᠤᠭ᠎ᠤᠨ ᠲᠡᠭᠦᠦ
ᠪᠤᠷᠤ ᠮᠤᠷᠢ ᠮᠢᠨᠢ
ᠭᠣᠪᠢ ᠵᠢᠨ ᠲᠡᠷᠭᠡᠯ ᠬᠦᠨᠳᠡᠢ (ᠲᠡᠬᠡᠳᠤ)
ᠭᠤᠪᠢ ᠵᠢᠨ ᠲᠡᠷᠬᠡᠯ ᠬᠦᠨᠳᠡᠢ (ᠲᠤᠮᠳᠠᠳᠤ)
 
            