ᠰ᠊ · ᠪᠤᠶᠠᠨᠲᠣᠭᠲᠠᠬᠣ ᠵᠣᠬᠢᠶᠠᠪᠠ
ᠭᠣᠪᠢ᠃
ᠭᠣᠪᠢᠳᠤ ᠪᠠᠢ᠌ᠭᠠ ᠶᠠᠭᠣᠮᠠ ᠪᠦᠬᠦᠨᠢ ᠡᠭᠡᠯ ᠪᠤᠷᠣ ᠨᠢᠳᠦ ᠶᠠᠭ᠋ᠠᠬᠢᠵᠦ ᠲᠠᠨᠢᠬᠤ ᠪᠢᠯᠡ ᠶᠠ! ᠪᠠᠢ᠌ᠭ᠋ᠠᠯᠢ ᠬᠤᠪᠢᠨᠳᠤᠪᠠᠨ ᠭᠠᠢ᠌ᠬᠠᠮᠰᠢᠭᠢ ᠠᠪᠴᠢᠷᠠᠨᠠ᠃ ᠭᠣᠪᠢ ᠪᠠᠢ᠌ᠬᠤ ᠪᠠᠢ᠌ᠬᠤ ᠦᠬᠡᠢ ᠵᠢᠨ ᠬᠦᠨᠳᠡᠢᠪᠠᠷ ᠳᠦᠭᠦᠷᠡᠩ ᠬᠠᠷᠠᠭᠳᠠᠵᠣ ᠪᠠᠢ᠌ᠬᠣᠳᠤ ᠶᠠᠭᠤ ᠴᠦ᠍ ᠪᠠᠢ᠌ᠬᠤ ᠦᠬᠡᠢ ᠭᠡᠳ ᠣᠯᠵᠣ ᠦᠵᠡᠬᠦ ᠦᠬᠡᠢᠨᠢ ᠬᠠᠴᠢᠨ ᠶᠤᠮ᠃
《ᠪᠠᠢ᠌ᠨᠠ ᠦᠦ?》
《ᠪᠠᠢ᠌ᠨᠠ!》 ᠭᠡᠵᠣ ᠨᠠᠮ ᠵᠢᠮ ᠬᠦᠳᠡᠭᠡᠳᠤ ᠵᠡᠷᠭᠡᠯᠭᠡᠨ ᠦᠶᠡᠷᠯᠡᠨᠡ᠃ ᠵᠡᠷᠭᠡᠯᠭᠡᠨ ᠲᠠᠲᠠᠨ ᠵᠢᠷᠪᠡᠯᠵᠡᠬᠦᠳᠤ ᠭᠣᠪᠢ ᠭᠦᠳᠡᠭᠡ ᠣᠰᠤᠨ ᠳᠠᠯᠠᠢᠪᠠᠷ ᠳᠦᠭᠦᠷᠡᠩ ᠮᠡᠯᠮᠡᠯᠵᠡᠨᠡ᠃ ᠪᠠᠭᠠᠳᠤ ᠬᠤᠨᠢᠨᠳᠤ ᠶᠠᠪᠤᠵᠣ ᠪᠠᠢ᠌ᠭ᠋ᠠᠳ ᠡᠪᠣᠭᠡᠨᠢ ᠭᠣᠪᠢ ᠵᠢᠨ ᠵᠡᠷᠭᠡᠯᠭᠡᠨᠢ ᠪᠠᠬᠠᠳᠤᠵᠤ 《ᠲᠡᠯᠡᠬᠡᠢ ᠵᠢ ᠪᠠᠭᠲᠠᠭ᠋ᠠᠳᠠᠭ ᠨᠣᠲᠣᠭ ᠡᠨᠡ ᠰᠢᠦ!》 ᠭᠡᠵᠣ ᠬᠡᠢ᠌ᠷᠬᠡᠳᠡᠭ ᠪᠠᠢ᠌ᠪᠠ᠃
ᠡᠪᠦᠭᠡᠨᠢ ᠭᠣᠪᠢ ᠵᠢᠨ ᠵᠡᠷᠭᠡᠯᠭᠡᠨᠢ ᠬᠠᠷᠠᠭ᠋ᠠᠳ 《ᠶᠠᠮᠠᠷ ᠭᠣᠶᠣ ᠪᠤᠢ! ᠲᠡᠷᠡ ᠬᠠᠷᠠᠵᠣ ᠪᠠᠢ᠌ᠨᠠ ᠦᠦ ?》 ᠭᠡᠵᠣ ᠬᠤᠷᠣᠭᠣᠪᠠᠷ ᠵᠶ᠋ᠠᠨ ᠵᠢᠭ᠋ᠠᠵᠤ 《ᠴᠢ ᠲᠡᠢ᠌ᠰᠢ ᠬᠠᠷᠠ ᠳ᠋ᠠ! ᠪᠠᠷᠠᠭᠣᠨ ᠵᠦᠭᠤᠨ ᠠᠯᠲᠠᠢ ᠠᠭᠣᠯᠠᠨᠤ ᠴᠠᠰᠣᠲᠦ ᠤᠷᠭᠢᠯ ᠬᠦᠢ᠍ᠲᠡᠨ ᠰᠠᠯᠬᠢ ᠵᠢ ᠤᠷᠣᠰᠣᠭᠣᠯᠣᠨ ᠪᠠᠢ᠌ᠮᠠᠷ ᠴᠡᠩᠬᠡᠷ ᠦᠨᠢᠶᠡᠷ ᠲᠠᠲᠠᠵᠣ᠂ ᠮᠦᠩᠬᠡ ᠵᠤᠤ ᠵᠢᠨ ᠪᠤᠳᠠᠯᠠ ᠤᠷᠳᠣᠨ ᠤ ᠦᠩᠭᠡᠲᠠᠢ ᠱᠠᠩᠲᠠᠢ ᠲᠠᠷᠴᠠᠭ ᠨᠠᠮᠢᠷᠠᠨ᠂ ᠬᠡᠢ᠌ᠮᠦᠷᠯᠢᠭᠤᠨ ᠭᠣᠷᠢᠶᠠ ᠲᠤᠭ᠋ᠠᠯᠠᠨ ᠪᠠᠢ᠌ᠮᠠᠷ ᠡᠷᠭ᠍ᠭᠢᠶᠡ ᠭᠠᠷᠴᠦ᠂ ᠬᠠᠷᠠ ᠬᠤᠷᠣᠮᠤᠨ ᠪᠢᠨᠳᠠᠷᠢᠶᠠ ᠴᠢᠯᠠᠭᠣᠨ ᠭᠢᠰᠬᠢᠭᠦᠷᠲᠠᠢ ᠬᠤᠷᠽᠸᠮᠤᠨ ᠠᠯᠲᠠᠨ ᠰᠢᠷᠠ ᠬᠡᠮᠡᠷᠯᠢᠭ ᠲᠤᠷᠭ᠋ᠠᠨ ᠬᠠᠯᠵᠠᠲᠠᠢ ᠶᠡᠭᠡ ᠦᠷᠦᠭᠡ ᠤᠷᠳᠣᠨ ᠰᠦᠮᠪᠤᠯᠵᠡᠨᠡ ᠃ ᠵᠠ ᠵᠠ! ᠲᠡᠷᠡ! ᠲᠡᠷᠡ ᠵᠢ ᠦᠵᠡᠵᠦ ᠪᠠᠢ᠌ᠨᠠ ᠦᠦ ? ᠲᠦᠷᠺ ᠬᠢᠴᠡᠲᠠᠢ ᠰᠠᠷᠲᠠᠭᠣᠯᠤᠨ ᠦᠨᠡᠳᠦ ᠡᠷᠳᠡᠨᠢᠰ ᠮᠦᠩᠭᠦᠨ ᠡᠳ᠋ᠯᠡᠯ ᠵᠢᠭᠳᠡᠷᠡᠨ ᠰᠠᠮᠠᠷᠺᠠᠠᠲ ᠤᠨ ᠴᠢᠯᠠᠭᠣᠨ ᠵᠠᠮ ᠵᠶ᠋ᠡᠷ ᠰᠠᠬᠢᠯᠴᠢᠨ ᠮᠦᠷᠭᠦᠯᠴᠢᠨ ᠴᠣᠪᠣᠨ ᠴᠠᠯᠭᠢᠵᠣ ᠬᠠᠷᠠ ᠴᠠᠭ᠋ᠠᠨ ᠢᠯᠭ᠋ᠠᠷᠠᠨ ᠲᠤᠬᠢᠯᠵᠠᠨᠡ᠃ ᠬᠠᠢ ᠶᠠ! ᠵᠦᠭᠡᠷ ᠦᠭᠡᠢ ᠲᠠᠪᠠᠳᠠᠢ ᠬᠠᠷᠠᠮᠠᠷ ᠰᠠᠢ᠌ᠬᠠᠨ ᠶᠠᠭᠣᠮᠠ ᠭᠡᠭᠴᠢ ᠁ ᠪᠦᠷᠢᠶᠠᠳᠤᠨ ᠦᠩᠭᠡᠲᠠᠢ ᠨᠠᠭ᠋ᠠᠮᠠᠭ᠂ ᠲᠣᠷᠭᠣᠳᠤᠨ ᠳᠠᠪᠬᠣᠷᠭᠠᠲᠠᠢ ᠪᠠᠯᠳᠦ ᠪᠤᠤᠪᠤ ᠮᠡᠲᠦ ᠲᠡᠭᠲᠡᠷᠯᠡᠭᠰᠡᠨ ᠭᠣᠶᠣᠬᠠᠨ ᠠᠭᠣᠯᠠ ᠬᠠᠢ᠌ᠷᠬᠠᠨᠤᠳ ᠬᠠᠷᠠᠭᠳᠠᠵᠣ ᠪᠠᠢ᠌ᠭᠠ ᠭᠡᠳ ᠱᠠᠭᠰᠢᠳᠠᠭ ᠪᠠᠢ᠌ᠯᠠ᠃ ᠦᠪᠡᠷ ᠵᠶ᠋ᠡᠨ 《ᠬᠠᠮᠢᠭᠠ ᠪᠠᠢ᠌ᠨᠠ? ᠪᠢ ᠶᠠᠭ᠋ᠠᠬᠢᠭ᠋ᠠᠳ ᠬᠠᠷᠠᠬᠣ ᠦᠬᠡᠢ ᠪᠠᠢ᠌ᠨᠠ》 ᠭᠡᠵᠣ ᠡᠪᠦᠭᠡ ᠵᠢᠨ ᠵᠶ᠋ᠡᠨ ᠶᠠᠷᠢᠳᠠᠭᠢ ᠣᠢ᠌ᠯᠭ᠋ᠠᠬᠣ ᠦᠬᠡᠢ ᠦᠨᠳᠡᠯᠵᠡᠳᠡᠭ ᠵᠶ᠋ᠡᠨ ᠪᠤᠳᠣᠵᠣ ᠶᠠᠪᠤᠨᠠ᠃
ᠦᠨᠦᠳᠦᠷᠤᠨ ᠵᠠᠷᠭᠡᠯᠭᠡᠨ ᠲᠡᠭᠦᠨᠳᠤ ᠡᠪᠦᠭᠡ ᠵᠢᠨ ᠬᠢᠨᠢ ᠬᠠᠷᠠᠭᠰᠠᠨ ᠵᠢᠷᠣᠭ ᠴᠠᠮᠪᠠᠢ ᠬᠠᠷᠠᠭᠳᠠᠭᠰᠠᠨ ᠦᠬᠡᠢ᠂ ᠨᠠᠷᠠᠳᠣ ᠵᠢᠨ ᠭᠣᠪᠢ ᠬᠦᠨᠳᠡᠢ ᠤᠶᠠᠷᠠᠭ᠋ᠠᠳ ᠪᠠᠢ᠌ᠮᠠᠷ ᠬᠠᠢ᠌ᠯᠭ᠋ᠠᠨ ᠰᠡᠳᠭᠢᠯ ᠦᠮᠦᠷᠡᠬᠦ ᠰᠢᠭ ᠬᠠᠴᠢᠨ ᠭᠠᠢ᠌ᠬᠠᠮᠰᠢᠭᠢ ᠲᠦᠷᠦᠭᠳᠡᠭᠦᠯᠦᠭᠰᠡᠨ ᠦᠭᠡᠢ᠃ ᠤᠳᠣ ᠠᠰᠬᠠᠭᠰᠠᠨ ᠠᠳᠠᠷᠠᠭ᠋ᠠᠨ ᠴᠢᠯᠠᠭᠤᠲᠠᠢ ᠭᠣᠪᠢ ᠬᠦᠳᠡᠭᠡ ᠨᠢᠳᠦᠨᠤ ᠬᠤᠷᠣ ᠭᠠᠷᠭ᠋ᠠᠵᠣ ᠬᠤᠢ᠌ᠨᠠᠠᠴᠠᠨᠢ ᠲᠠᠭᠤᠭ᠋ᠠᠳ ᠬᠦᠴᠦᠷᠲᠡᠬᠦ ᠦᠬᠡᠢ᠂ ᠨᠡᠬᠡᠬᠡᠳ ᠬᠦᠢ᠍ᠴᠡᠳᠡᠭ ᠦᠬᠡᠢ ᠵᠡᠷᠭᠡᠯᠭᠡᠨ ᠵᠡᠭᠦᠳᠦ ᠭᠡᠮᠡᠷ ᠵᠢᠷᠪᠡᠯᠵᠢᠨᠡ᠃ ᠡᠵᠢ ᠵᠢᠨ ᠬᠢᠨᠢ ᠢᠰᠬᠡᠷᠦᠬᠡᠨ ᠲᠡᠷᠲᠡᠭᠡ ᠬᠤᠯᠠᠠᠴᠠ ᠰᠣᠨᠣᠰᠳᠠᠵᠣ ᠪᠠᠢ᠌ᠮᠠᠷ ᠠᠭᠣᠳᠠᠮ ᠬᠦᠨᠳᠡᠢ ᠵᠢᠨ ᠬᠢᠵᠠᠭ᠋ᠠᠷ ᠦᠬᠡᠢ ᠵᠠᠢᠳᠤ ᠲᠤᠭᠯᠠᠨᠠ᠃ ᠰᠠᠯᠬᠢᠪᠠᠷ ᠢᠷᠡᠭᠴᠢ ᠴᠡᠴᠡᠭᠡᠰ᠂ ᠡᠪᠡᠰᠦ ᠤᠷᠭᠣᠮᠠᠯ᠂ ᠠᠭᠢ ᠲᠠᠭ᠋ᠠᠨᠠ ᠵᠢᠨ ᠦᠨᠦᠷ ᠪᠠᠢ᠌ᠬᠤ ᠦᠬᠡᠢ᠂ ᠣᠮᠠᠷᠠᠲᠦ ᠵᠢᠨ ᠮᠦᠰᠦᠨ ᠳᠠᠯᠠᠢ᠂ ᠤᠢ ᠲᠠᠢ᠌ᠭᠠ ᠵᠢᠨ ᠰᠡᠷᠢᠭᠦᠨ ᠠᠮᠢᠰᠬᠣᠯ ᠨᠡᠩ ᠴᠦ᠍ ᠮᠡᠳᠡᠷᠡᠭᠳᠡᠬᠦ ᠦᠬᠡᠢ᠂ ᠵᠦᠪᠬᠡᠨ ᠵᠢᠩᠨᠡᠭᠦᠷᠲᠤ ᠪᠠᠢ᠌ᠬᠤᠠᠴᠠ ᠲᠤᠲᠠᠭᠤ ᠦᠬᠡᠢ 《ᠬᠠᠯᠠᠬᠠᠢ》 ᠭᠡᠵᠣ ᠬᠠᠰᠬᠢᠷᠤᠮᠠᠷ ᠪᠦᠭᠴᠢᠮ ᠬᠠᠯᠠᠭᠣᠨ ᠰᠢᠷᠡᠵᠣ ᠯᠠ ᠪᠠᠢ᠌ᠨᠠ᠃ ᠠᠢ᠂ ᠬᠦᠳᠡᠭᠡ ᠲᠠᠯᠠ ᠵᠢᠨ ᠰᠡᠷᠢᠭᠦᠨ ᠵᠢᠪᠠᠷ᠂ ᠥᠭᠬᠢᠶᠡᠮᠦᠷ ᠬᠤᠷᠠ ᠵᠢ ᠶᠠᠮᠠᠷ ᠶᠠᠬᠡ ᠦᠭᠡᠢ᠌ᠯᠡᠭᠳᠡᠨᠡᠮ ᠠᠵᠢ᠃ ᠶᠠᠭᠣᠮᠠᠨᠤ ᠰᠢᠲᠠᠭᠰᠠᠨ ᠬᠡᠦᠷᠰᠢᠭᠰᠡᠨ ᠦᠨᠦᠷ ᠬᠠᠩᠬᠤᠯᠤᠨ᠂ ᠵᠢᠷᠪᠡᠯᠵᠡᠭᠰᠡᠨ ᠵᠡᠷᠭᠡᠯᠭᠡᠨ ᠨᠢᠭᠡ ᠨᠠᠭ᠋ᠠᠰᠢᠯᠠᠵᠣ ᠨᠢᠭᠡ ᠬᠤᠯᠠᠳᠠᠭ᠋ᠠᠳ ᠮᠠᠷᠲᠠᠭᠰᠠᠨ ᠠᠯᠳᠠᠭᠰᠠᠨ ᠪᠦᠬᠦᠨ ᠠᠯᠠᠭ᠋ᠠᠨ ᠳᠡᠭᠡᠷᠡ ᠪᠠᠢ᠌ᠬᠣ ᠰᠢᠭ᠋ ᠠᠯᠢᠪᠠ ᠭᠠᠴᠢᠯᠠᠩᠢ ᠮᠠᠷᠲᠠᠭᠣᠯᠣᠨ ᠭᠠᠢ᠌ᠬᠠᠯ ᠵᠶ᠋ᠠᠷ ᠰᠣᠯᠢᠨᠠ᠃ ᠨᠢᠳᠦ ᠴᠠᠪᠴᠢᠬᠣ ᠵᠢᠨ ᠬᠤᠭᠤᠷᠣᠨᠳᠦ ᠳᠠᠬᠢᠭ᠋ᠠᠳ ᠬᠠᠷᠠᠬᠣᠳᠤ ᠵᠡᠭᠡᠷᠡ ᠵᠢᠨ ᠰᠦᠷᠦᠭ ᠬᠦᠪᠦᠷᠡᠭᠰᠡᠨ ᠨᠠᠷᠢᠨ ᠲᠣᠭᠣᠰᠣᠨ ᠲᠣᠮᠳᠠᠭᠣᠷ ᠬᠤᠯᠠᠨᠤ ᠨᠢᠷᠦᠭᠤ ᠢᠷᠠᠭ᠋ᠠᠯᠠᠭᠰᠠᠨ ᠳᠣᠯᠬᠢᠶᠠᠨ ᠣᠶᠠᠩᠭ᠋ᠠᠷᠠᠵᠣ᠂ᠲᠡᠭᠡᠨ ᠪᠠᠢ᠌ᠲᠠᠯᠠ ᠲᠡᠮᠡᠭᠡᠲᠠᠢ ᠬᠦᠮᠦᠨ ᠥᠭᠡᠳᠡᠠᠴᠠ ᠢᠷᠡᠵᠦ ᠪᠠᠢ᠌ᠭᠠ ᠶᠤᠮ ᠰᠢᠭ᠋ ᠪᠦᠷ ᠣᠯᠠᠨ ᠲᠡᠮᠡᠭᠡᠲᠠᠢ ᠬᠦᠮᠦᠰ ᠤᠷᠣᠯᠳᠤᠵᠣ ᠶᠠᠪᠤᠨᠠ᠃ ᠲᠡᠭᠡᠭᠡᠳ ᠠᠭᠣᠯᠠᠨᠤ ᠬᠤᠢ᠌ᠭᠤᠷ ᠲᠠᠯᠳᠠᠷᠠᠭ᠋ᠠᠳ ᠪᠠᠷᠠ ᠲᠠᠰᠣᠷᠠᠨᠠ᠃ ᠢᠵᠢᠯᠢ ᠪᠠᠨ ᠬᠠᠷᠠᠭᠰᠠᠨ ᠣᠨᠣᠭ᠋ᠠᠨᠤ ᠲᠡᠮᠡᠭᠡ ᠬᠠᠮᠠᠷ ᠴᠢᠩᠭ᠋ᠠᠭ᠋ᠠᠵᠣ ᠲᠡᠷᠡ ᠵᠦᠭ ᠵᠢᠳᠬᠦᠨᠡ᠃ ᠲᠡᠮᠡᠭᠡ ᠬᠠᠭᠣᠷᠲᠠᠠᠠᠲᠠᠭᠰᠠᠨ ᠵᠶ᠋ᠡᠨ ᠮᠡᠲᠡᠵᠦ ᠡᠢ᠌ᠰᠢ ᠲᠡᠢ᠌ᠰᠢ ᠲᠡᠮᠡᠢ ᠭᠠᠢ᠌ᠬᠠᠵᠤ ᠬᠦᠮᠦᠨᠤ ᠣᠷᠮᠠ ᠵᠢ ᠬᠤᠭᠤᠯᠤᠨᠠ᠃ ᠣᠳᠠᠯ ᠦᠬᠡᠢ ᠵᠡᠷᠭᠡᠯᠭᠡᠨ ᠲᠣᠮᠳᠠᠭᠣᠷ ᠵᠢᠷᠤᠭᠲᠤ ᠭᠠᠷᠳᠠᠭ ᠶᠠᠩᠵᠣ ᠵᠢᠨ ᠲᠤᠮᠤ ᠬᠤᠲᠠ ᠬᠦᠷᠢᠶᠡᠯᠡᠩ ᠪᠠᠭ᠋ᠠᠨᠠ ᠵᠢᠭᠳᠡᠷᠡᠨ ᠰᠦᠨᠳᠡᠷᠯᠡᠨᠡ᠃ ᠲᠡᠭᠦᠨᠤ ᠨᠠᠭ᠋ᠠᠨᠠ ᠤᠢ ᠮᠤᠳᠣ ᠴᠡᠩᠭᠡᠷᠯᠡᠵᠦ᠂ ᠴᠡᠴᠡᠭᠤᠨ ᠬᠦᠷᠢᠶᠡᠯᠡᠩ᠂ ᠲᠠᠷᠢᠶᠠ ᠤᠷᠭᠣᠮᠠᠯ ᠪᠠᠰᠠ ᠠᠮᠢᠲᠠᠨ ᠭᠦᠷᠦᠭᠡᠰᠦ᠂ ᠴᠢᠨ᠋ᠸᠠ ᠪᠠᠭ᠋ᠠᠪᠠᠭ᠋ᠠᠢ ᠤᠲᠣᠵᠣ ᠪᠠᠢ᠌ᠮᠠᠷ ᠲᠡᠬᠦᠨᠤ ᠳᠣᠮᠳᠠᠭᠣᠷ ᠮᠦᠨᠦᠬᠢ ᠤᠷᠣᠯᠳᠣᠭ᠋ᠠᠨᠤ ᠲᠡᠮᠡᠭᠡᠲᠠᠢ ᠣᠯᠣᠰ ᠭᠠᠷᠣᠭ᠋ᠠᠳ ᠢᠷᠡᠪᠡ᠃ ᠨᠢᠭᠡ ᠰᠠᠢ᠌ᠬᠠᠨ ᠳᠡᠭᠡᠪᠦᠷᠢ ᠲᠤᠭᠤᠷᠭᠠᠲᠠᠢ ᠳᠦᠩᠬᠦᠢ᠌ᠭᠰᠡᠨ ᠴᠠᠭ᠋ᠠᠨ ᠤᠷᠳᠦ ᠰᠦᠮᠪᠦᠷ ᠬᠠᠢ᠌ᠷᠬᠠᠨ ᠪᠣᠯᠵᠤ᠂ ᠵᠢᠷᠭ᠋ᠠᠬᠤ ᠨᠠᠷᠠᠨᠤ ᠣᠯᠣᠮᠳᠤ ᠲᠤᠷᠭ᠋ᠠᠨ ᠤᠲᠠᠰᠣ ᠰᠣᠪᠣᠬᠣ ᠮᠡᠲᠥ ᠬᠠᠷᠠᠭᠳᠠᠨᠠ᠃ ᠲᠡᠭᠦᠨᠤ ᠬᠤᠢ᠌ᠨᠠᠠᠴᠠ ᠶᠠᠳᠠᠷᠠᠲᠠᠯᠠ ᠨᠡᠬᠡᠪᠡ᠃ ᠬᠦᠢ᠍ᠴᠡᠨᠡ ᠭᠡᠵᠣ ᠪᠠᠢ᠌ᠬᠣ ᠦᠬᠡᠢ ᠠᠵᠠᠢ᠃
ᠭᠤᠪᠢᠳᠤ ᠰᠣᠷᠣᠭᠰᠠᠨ ᠬᠦᠮᠦᠨ ᠰᠦᠨᠢ ᠠᠶᠠᠯᠠᠬᠣ ᠰᠠᠢ᠌ᠬᠠᠨ᠃ ᠪᠤᠷᠬᠠᠨ ᠲᠤᠯᠣᠭ᠋ᠠᠨ ᠤᠳᠣ ᠤᠷᠣᠢ ᠳᠡᠭᠡᠷᠡ ᠭᠠᠷᠬᠣᠳᠤ ᠰᠠᠶᠢ ᠬᠠᠯᠠᠭᠣᠨ ᠡᠷᠴᠢ ᠬᠠᠷᠢᠨᠠ᠃ ᠦᠯᠦᠨ ᠴᠢᠬᠢᠭ ᠵᠶ᠋ᠡᠷ ᠠᠮᠢᠰᠬᠤᠯᠯᠠᠭᠰᠠᠨ ᠵᠦᠭᠡᠯᠡᠨ ᠵᠢᠪᠠᠷ ᠮᠠᠷ ᠮᠠᠷ ᠰᠡᠷᠢᠭᠦᠴᠡᠭᠦᠯᠦᠨ ᠠᠭᠣᠰᠬᠢ ᠲᠡᠯᠡᠵᠦ ᠠᠶᠠᠲᠠᠢ᠌ᠬᠠᠨ ᠰᠠᠨᠠᠭᠳᠠᠪᠠᠴᠣ ᠨᠢᠳᠦ ᠴᠢᠴᠢᠮᠡᠷ ᠫᠠᠳ ᠬᠠᠷᠠᠩᠭᠣᠢᠳᠤ ᠲᠡᠭᠷᠢ ᠭᠠᠵᠠᠷ ᠵᠢᠨ ᠳᠣᠮᠳᠠ ᠴᠡᠭᠡᠵᠢ ᠬᠠᠪᠴᠢᠭᠳᠠᠨ ᠶᠠᠪᠤᠭᠠ ᠮᠡᠲᠦ ᠵᠢᠷᠦᠬᠡ ᠠᠮᠠᠪᠠᠷ ᠦᠰᠦᠷᠴᠢᠬᠡᠮᠡᠷ ᠠᠢ᠌ᠳᠠᠰ ᠬᠦᠷᠭᠡᠨᠡ᠃ ᠲᠡᠭᠷᠢ ᠵᠢᠨ ᠵᠠᠭ᠋ᠠᠳᠠᠰᠣ ᠮᠦᠩᠭᠦᠨ ᠲᠤᠭᠣᠰᠣ ᠲᠠᠲᠠᠭᠣᠯᠣᠨ ᠴᠠᠢ᠌ᠵᠦ ᠬᠠᠶᠠᠬᠠᠨ ᠣᠳᠤ ᠬᠠᠷᠪᠤᠨᠠ᠃ ᠲᠡᠮᠡᠭᠡ ᠥᠷᠭᠦᠬᠦ ᠳᠤ ᠬᠥᠯᠳᠤ ᠦᠰᠦᠷᠦᠭᠰᠡᠨ ᠴᠢᠯᠠᠭᠤ ᠰᠠᠷ ᠫᠠᠷ ᠲᠠᠲᠠᠨ ᠨᠢᠷᠦᠭᠣᠨ ᠲᠡᠭᠡᠷᠡ ᠳᠡᠮᠪᠡᠯᠵᠡᠵᠣ ᠶᠠᠪᠤᠭᠰᠠᠨ ᠶᠡᠭᠡ ᠡᠷᠡ ᠵᠢ ᠰᠣᠴᠢᠭ᠋ᠠᠨᠠ᠃
ᠣᠳᠤ ᠢᠷᠠᠭ᠋ᠠᠯᠠᠭᠰᠠᠨ ᠰᠦᠨᠢ ᠵᠢᠨ ᠬᠠᠷᠠᠩᠭᠣᠢᠳᠤ ᠰᠠᠷᠨ ᠪᠤᠯᠣᠷ ᠲᠤᠩᠭ᠋ᠠᠯᠠᠭ ᠪᠠᠶᠠᠷᠬᠠᠯᠲᠠᠢ ᠦᠨᠳᠡᠢ᠌ᠭᠡᠳ ᠰᠦᠨ ᠲᠤᠶᠠᠭᠠ ᠲᠠᠲᠠᠭᠤᠯᠠᠨ ᠳᠦᠭᠦᠷᠡᠩ ᠢᠷᠡᠨᠡ᠃ ᠰᠠᠷᠠ ᠭᠠᠢ᠌ᠭᠣᠢ ᠳᠡᠭᠡᠷᠡ ᠮᠠᠨᠳᠣᠯᠠ᠃ ᠰᠠᠷᠠᠨᠤ ᠲᠤᠶᠠᠭᠠ ᠭᠡᠷᠡᠯ ᠬᠤᠭᠤᠷᠠᠵᠤ ᠰᠠᠷᠳᠢᠭ ᠴᠢᠯᠠᠭᠤ ᠬᠡᠷᠡᠯ ᠬᠤᠷᠢᠶᠠᠨᠠ᠃ ᠰᠠᠷᠠᠲᠠᠢ ᠰᠦᠨᠢ ᠴᠢᠮᠡᠭᠡ ᠦᠭᠡᠢ ᠤᠳᠣ ᠲᠡᠪᠡᠷᠢᠭᠰᠡᠨ ᠠᠳᠠᠷᠠᠭ᠋ᠠᠨ ᠴᠢᠯᠠᠭᠤ ᠭᠡᠷᠡᠯ ᠠᠰᠬᠠᠵᠤ ᠤᠷᠴᠢᠯᠠᠩᠳᠤ ᠠᠶᠠᠯᠠᠨ ᠶᠠᠪᠤᠬᠣ ᠲᠥᠷᠦᠭᠳᠡᠯᠢ ᠥᠭᠭᠦᠨᠡ᠃ ᠪᠢᠲᠡᠭᠦᠦ ᠳᠤᠪᠠᠨ ᠣᠳᠣᠳᠤᠨ ᠳᠣᠮᠳᠠᠭᠣᠷ ᠦᠨᠦᠴᠢᠨ ᠰᠢᠪᠠᠭᠣ ᠬᠠᠯᠢᠨ ᠳᠡᠭᠳᠡᠨ ᠶᠠᠪᠤᠭᠠ ᠶᠤᠮ ᠰᠢᠭ᠋ ᠨᠢᠭᠡ ᠯᠡ ᠪᠤᠳᠣᠯ ᠢᠷᠠᠭᠳᠠᠨ ᠢᠷᠡᠨᠡ᠃ ᠭᠣᠪᠢᠳᠤ ᠰᠣᠷᠣᠭᠠ ᠦᠬᠡᠢ ᠬᠦᠮᠦᠨ ᠨᠢᠭᠡ ᠮᠡᠳᠡᠬᠦᠳᠤ ᠦᠴᠦᠭᠡᠳᠦᠷᠤᠨ ᠭᠠᠵᠠᠷ ᠳᠡᠭᠡᠷᠡᠪᠠᠨ ᠪᠤᠴᠠᠭ᠋ᠠᠳ ᠢᠷᠡᠳᠡᠭ ᠴᠦ᠍ ᠪᠤᠢ ᠃ ᠳᠡᠯᠭᠡᠷ ᠶᠡᠬᠡ ᠭᠣᠪᠢ ᠬᠦᠳᠡᠭᠡᠳᠤ ᠶᠠᠪᠤᠵᠣ ᠰᠣᠷᠣᠭᠰᠠᠨ ᠦᠭᠡᠢ ᠬᠦᠮᠦᠨ ᠲᠡᠳᠦᠢ ᠪᠢᠰᠢ᠂ ᠰᠣᠷᠣᠭᠰᠠᠨ ᠬᠦᠮᠦᠨ ᠲᠦᠭᠡᠷᠢᠬᠦ ᠭᠡᠳ ᠰᠠᠨᠳᠣᠷᠭ᠋ᠠᠨᠠ᠃ ᠬᠤᠲᠠᠲᠠᠢ ᠲᠡᠮᠡᠭᠡ ᠦᠳᠡᠰᠢ ᠪᠦᠷᠦᠢ᠂ ᠦᠦᠷᠤᠨ ᠬᠠᠷᠠᠩᠭᠣᠢᠳᠤ ᠱᠱ᠌ᠤᠤᠭᠢᠷᠠᠵᠤ ᠰᠢᠯᠢᠷᠬᠢᠪᠡᠯ ᠲᠡᠭᠷᠢ ᠮᠠᠭᠤᠬᠠᠢ᠌ᠷᠠᠨᠠ ᠭᠡᠳᠡᠭ ᠠᠵᠠᠢ᠃ ᠣᠯᠠᠨ ᠲᠡᠮᠡᠭᠡ ᠲᠤᠷᠬᠢᠵᠣ ᠰᠡᠷᠲᠡᠯᠵᠡᠪᠡᠯ ᠰᠠᠯᠬᠢ ᠰᠢᠭᠣᠷᠭᠠ ᠪᠤᠰᠬᠣ ᠵᠢᠨ ᠲᠡᠮᠳᠡᠭ ᠭᠡᠵᠣ ᠬᠦᠳᠡᠭᠡ ᠵᠢᠨ ᠬᠦᠮᠦᠨ ᠢᠩᠬᠢᠵᠣ ᠰᠢᠨᠵᠢᠳᠡᠭ ᠪᠠᠢ᠌ᠭᠰᠠᠨ ᠢ ᠲᠡᠷᠡ ᠵᠦᠭᠡᠷ ᠨᠢᠭᠡ ᠬᠦᠳᠡᠭᠡᠬᠢ ᠲᠡᠮᠡᠭᠡᠴᠢᠨᠤ ᠪᠤᠷᠣ ᠠᠮᠢᠳᠦᠷᠠᠯᠳᠤ ᠨᠤᠬᠤᠯᠠᠭᠳᠠᠵᠣ ᠦᠰᠦᠭᠰᠡᠨ ᠬᠦᠮᠦᠨᠤ ᠬᠤᠪᠢᠳᠤ 《ᠢᠷᠡᠬᠦ ᠮᠠᠷᠭ᠋ᠠᠰᠢ ᠮᠠᠭᠣᠬᠠᠢ᠌ᠷᠠᠬᠣ ᠰᠢᠨᠵᠢᠲᠠᠢ ᠪᠠᠢ᠌ᠨᠠ》 ᠭᠡᠵᠣ ᠰᠠᠷᠠ ᠪᠤᠭᠣᠷᠣᠯᠲᠣᠨ ᠬᠦᠷᠢᠶᠡᠯᠡᠭᠰᠡᠨ ᠢ ᠬᠠᠷᠠᠭ᠋ᠠᠳ ᠢᠩᠬᠢᠵᠤ ᠰᠠᠨᠠᠭᠠ ᠠᠯᠳᠠᠪᠠ᠃
ᠮᠠᠷᠭ᠋ᠠᠰᠢᠨᠢ ᠦᠳᠡ ᠬᠡᠯᠪᠡᠢ᠌ᠬᠦᠳᠤ ᠲᠡᠭᠷᠢ ᠵᠢᠨ ᠲᠠᠩᠨᠠᠢ ᠳᠣᠯᠢᠶᠠᠭᠰᠠᠨ ᠰᠢᠷᠠ ᠲᠣᠭᠣᠷᠣᠮ ᠨᠠᠷᠠ ᠬᠠᠯᠬᠠᠯᠠᠨ ᠥᠭᠡᠳᠡᠠᠴᠠ ᠢᠪ ᠲᠦᠷᠢᠨ ᠪᠢᠲᠡᠭᠦᠦ ᠨᠡᠭᠦᠭᠡᠳ ᠢᠷᠡᠯᠡ᠃ ᠲᠣᠭᠣᠷᠣᠮ ᠪᠤᠰᠬᠣ ᠭᠡᠭᠴᠢ ᠭᠣᠪᠢᠳᠤ ᠭᠠᠷᠳᠠᠭ ᠪᠠᠢ᠌ᠭ᠋ᠠᠯᠢ ᠵᠢᠨ ᠵᠡᠷᠭᠡᠯᠭᠡᠨᠠᠴᠠ ᠥᠭᠡᠷᠡ ᠪᠠᠰᠠ ᠨᠢᠭᠡᠨ ᠣᠨᠴᠠᠭ᠋ᠠᠢ ᠦᠵᠡᠭᠳᠡᠯ ᠶᠤᠮ᠃ ᠵᠠᠷᠢᠮ ᠨᠤᠳᠣᠭᠲᠤ 《ᠬᠤᠮᠠᠭ ᠪᠤᠰᠣᠨᠠ》 ᠭᠡᠵᠣ ᠶᠠᠷᠢᠭᠳᠠᠳᠠᠭ᠃ ᠪᠤᠷᠭᠢᠯᠣᠭᠰᠠᠨ ᠨᠠᠮᠣᠭᠣᠬᠠᠨ ᠲᠤᠷᠭ᠋ᠠᠨ ᠰᠢᠷᠠ ᠲᠤᠭᠤᠷᠣᠮ ᠲᠡᠭᠷᠢ ᠨᠡᠭᠦᠯᠡᠨ ᠶᠠᠪᠤᠬᠣ ᠲᠦᠮᠡᠨ ᠰᠦᠷᠦᠭᠤᠨ ᠲᠡᠷᠢᠭᠦᠨᠳᠤ ᠲᠠᠪᠬᠢᠭᠰᠠᠨ ᠬᠠᠭᠰᠠᠭᠰᠠᠨ ᠪᠤᠤᠷᠠ ᠵᠢᠨ ᠮᠠᠩᠬᠠᠷ ᠲᠣᠯᠣᠭ᠋ᠠᠢ ᠰᠢᠭ᠋ ᠰᠦᠷᠲᠡᠢ ᠦᠵᠡᠭᠳᠡᠨᠡ᠃ 《ᠵᠣᠨᠤ ᠲᠤᠭᠤᠷᠣᠮ ᠬᠠᠮᠠᠷᠲᠤ ᠂ ᠡᠪᠦᠯᠤᠨ ᠬᠠᠪᠰᠠᠷᠭᠠ ᠶᠠᠰᠣᠨ ᠳᠤ》 ᠭᠡᠳᠡᠭ᠃ ᠣᠨᠣᠵᠤ ᠶᠠᠪᠤᠭᠠ ᠲᠡᠮᠡᠭᠡ ᠭᠡᠨᠡᠳᠲᠡ ᠴᠢᠬᠢᠪᠠᠨ ᠳᠡᠯᠳᠡᠭᠡᠨᠡᠭᠦᠯᠦᠭᠡᠳ ᠵᠣᠭᠬᠢᠨ ᠦᠷᠭᠦᠭᠡᠳ ᠲᠤᠯᠣᠭ᠋ᠠᠢᠪᠠᠨ ᠴᠣᠩᠨᠣᠢ᠌ᠯᠭ᠋ᠠᠨ ᠰᠡᠭᠦᠯ ᠵᠶ᠋ᠡᠨ ᠬᠠᠪᠴᠢᠵᠣ ᠠᠯᠴᠠᠭ᠋ᠠᠨᠠᠭ᠋ᠠᠳ ᠶᠠᠪᠤᠵᠣ ᠥᠭᠬᠦ ᠦᠬᠡᠢ ᠯᠠ ᠪᠠᠢ᠌ᠯᠠ᠃ ᠨᠢᠳᠦᠨ ᠳᠤᠨᠢ ᠬᠠᠴᠢᠨ ᠵᠢᠭᠲᠡᠢ ᠶᠠᠭᠣᠮᠠ ᠬᠠᠷᠠᠭᠳᠠᠵᠣ ᠪᠠᠢ᠌ᠨᠠ ᠭᠡᠵᠣ ᠭᠠᠳᠠᠷᠯᠠᠪᠠ᠃ ᠡᠨᠡ ᠬᠠᠪᠢᠪᠠᠷ ᠶᠠᠮᠠᠷ ᠨᠢᠭᠡᠨ ᠶᠠᠭᠣᠮᠠ ᠨᠢᠭᠣᠭᠳᠠᠵᠣ ᠪᠠᠢ᠌ᠬᠣ ᠪᠣᠯ ᠭᠡᠵᠣ ᠰᠡᠵᠢᠭ ᠲᠦᠷᠦᠵᠦ ᠲᠤᠭᠤᠷᠢᠵᠣ ᠭᠠᠷᠬᠣ ᠪᠠᠷ ᠪᠤᠷᠠᠨᠲᠠᠭ ᠵᠶ᠋ᠠᠨ ᠰᠣᠯᠠ ᠲᠠᠯᠪᠢᠪᠠ᠃ ᠲᠡᠷᠡ ᠲᠤᠭᠤᠷᠣᠮᠤᠨ ᠳᠣᠮᠳᠠᠭᠣᠷ ᠭᠡᠨᠡᠳᠲᠡ ᠨᠢᠭᠡᠨ ᠴᠡᠯᠡᠢ᠌ᠭᠰᠡᠨ ᠰᠠᠷᠠᠯ ᠬᠥᠬᠡ ᠠᠮᠢᠲᠠᠨ ᠰᠣᠭᠣᠷᠠᠵᠤ ᠭᠠᠷᠣᠭ᠋ᠠᠳ ᠲᠤᠭᠤᠷᠣᠮᠤᠨ ᠲᠡᠷᠢᠭᠦᠨᠳᠤ ᠨᠢᠷᠦᠭᠣ ᠰᠣᠩᠭ᠋ᠠᠨ ᠤᠷᠣᠭᠰᠢ ᠳᠠᠪᠬᠢᠵᠦ ᠬᠠᠷᠠᠭᠳᠠᠨᠠ᠃ 《ᠰᠠᠯᠬᠢᠴᠢ ᠴᠢᠨ᠋ᠸᠠ ᠵᠢᠨ ᠲᠤᠮᠤᠭ》 ᠲᠤ ᠭᠠᠷᠳᠠᠭ ᠲᠡᠷᠡ ᠠᠮᠢᠲᠠᠨ ᠭᠠᠷᠴᠠᠭᠠ ᠦᠬᠡᠢ ᠮᠦᠨ ᠪᠤᠯᠬᠣ ᠵᠢ ᠲᠠᠨᠢᠪᠠ᠃ ᠬᠦᠳᠡᠭᠡ ᠵᠢᠨ ᠪᠤᠤᠬᠠᠢ ᠲᠡᠮᠡᠭᠡ ᠣᠨᠣᠭᠰᠠᠨ ᠬᠦᠮᠦᠨᠲᠠᠢ ᠴᠦᠮ ᠲᠣᠭᠣᠷᠣᠮ ᠤᠨ ᠪᠢᠳᠡᠭᠦᠦ ᠨᠡᠭᠦᠳᠡᠯᠳᠤ ᠨᠦᠮᠦᠷᠦᠭᠳᠡᠨ ᠤᠷᠣᠪᠠ᠃ ᠪᠢᠲᠡᠭᠦᠦ ᠭᠦᠵᠡᠭᠡᠨᠳᠤ ᠤᠷᠣᠭᠰᠠᠨ ᠮᠡᠲᠦ ᠠᠮᠢᠰᠬᠣᠭᠠ ᠪᠦᠭᠯᠡᠷᠡᠨ ᠨᠢᠳᠦ ᠨᠡᠭᠡᠭᠡᠬᠦ ᠵᠢᠨ ᠠᠷᠭᠠ ᠦᠬᠡᠢ ᠬᠠᠷᠠᠩᠭᠣᠢ ᠲᠠᠲᠠᠨᠠ᠃ ᠬᠠᠯᠠᠭᠣᠨ ᠨᠠᠷᠠᠨᠳᠤ ᠴᠠᠩᠭ᠋ᠠᠭᠰᠠᠨ ᠬᠦᠮᠦᠨᠢ ᠬᠠᠭᠣᠷᠠᠢ ᠭᠣᠯᠢᠷ ᠵᠠᠵᠢᠯᠠᠭᠣᠯᠣᠭᠰᠠᠨ ᠮᠡᠳᠦ ᠲᠡᠭᠷᠢ ᠵᠢᠨ ᠬᠠᠶᠠᠭᠠ ᠪᠦᠷᠭᠦᠭᠰᠡᠨ ᠲᠤᠭᠤᠷᠣᠮ ᠭᠣᠪᠢ ᠬᠦᠳᠡᠭᠡ ᠵᠢ ᠵᠠᠯᠭᠢᠭ᠋ᠠᠳ ᠠᠪᠤᠮᠠᠷ ᠵᠦᠭ ᠴᠢᠭᠢ ᠠᠯᠳᠠᠭᠣᠯᠣᠨᠠ᠃ ᠭᠡᠭᠡᠨ ᠨᠠᠷᠠᠲᠦ ᠡᠳᠦᠷ ᠬᠡᠪ ᠭᠡᠨᠡᠳᠲᠡ ᠬᠠᠷᠠᠩᠭᠣᠢ ᠲᠠᠲᠠᠵᠣ ᠱᠠᠯᠴᠠᠢ᠌ᠭ᠋ᠠᠳ ᠨᠣᠣᠰᠣᠪᠠᠨ ᠬᠠᠶᠠᠭᠰᠠᠨ ᠲᠡᠮᠡᠭᠡ ᠰᠢᠭ ᠨᠣᠷᠰᠠᠢ᠌ᠭ᠋ᠠᠳ ᠶᠠᠭᠤ ᠴᠦ᠍ ᠬᠠᠷᠠᠭᠳᠠᠬᠣ ᠦᠬᠡᠢ ᠪᠤᠭᠤᠷᠣᠯᠲᠤᠨᠠ ᠃
ᠭᠣᠪᠢᠳᠤ ᠶᠠᠪᠤᠵᠣ ᠰᠣᠷᠣᠭᠰᠠᠨ ᠬᠦᠮᠦᠨ ᠲᠤᠭᠤᠷᠣᠮᠠᠴᠠ ᠠᠯᠵᠠᠬᠤ ᠦᠬᠡᠢ ᠳ᠋ᠠ᠃ ᠲᠡᠭᠦᠨᠳᠤ ᠲᠡᠷᠡ ᠵᠢᠯᠤᠨ ᠡᠪᠣᠯ ᠵᠢᠨ ᠰᠢᠭᠣᠷᠭᠠ ᠪᠤᠳᠣᠭᠳᠠᠪᠠ᠃ ᠡᠪᠦᠭᠡᠨᠢ ᠠᠪᠤ ᠵᠢᠨᠢ ᠳᠠᠭ᠋ᠠᠭᠣᠯᠵᠤ ᠲᠡᠮᠡᠭᠡᠪᠠᠨ ᠡᠯᠡᠰᠣᠨᠳᠤ ᠡᠪᠣᠯᠵᠢᠭᠦᠯᠬᠦ ᠭᠡᠵᠣ ᠶᠠᠪᠤᠭ᠋ᠠᠳ ᠭᠡᠳᠦᠨ ᠲᠣᠷᠣᠮᠲᠠᠢ ᠢᠩᠭᠡᠪᠠᠨ ᠠᠯᠳᠠᠭᠤᠯᠵᠠᠢ᠃ ᠲᠡᠷᠡᠪᠠᠨ ᠬᠠᠢ᠌ᠵᠣ ᠡᠯᠡᠰᠣᠨᠠᠴᠠ ᠪᠤᠴᠠᠵᠣ ᠭᠠᠷᠬᠣ ᠳᠤᠪᠠᠨ ᠭᠣᠪᠢ ᠪᠠᠷ ᠳᠠᠮᠵᠢᠪᠠ᠃ ᠲᠠᠷᠠᠭᠠ ᠡᠳᠦᠷᠨᠢ ᠲᠡᠭᠷᠢ ᠬᠦᠢ᠍ᠲᠡᠷᠡᠵᠣ ᠴᠠᠰᠣ ᠤᠷᠣᠵᠣ ᠰᠢᠭᠣᠷᠭᠠ ᠭᠠᠷᠪᠠ᠃ ᠨᠢᠳᠦ ᠨᠡᠭᠡᠭᠡᠬᠦ ᠵᠢᠨ ᠠᠷᠭᠠ ᠦᠬᠡᠢ ᠵᠣᠳ ᠭᠠᠷᠣᠭᠰᠠᠨ ᠬᠠᠬᠢᠷ ᠵᠢᠯᠤᠨ ᠭᠤᠨᠢᠭ ᠶᠤᠮ᠃ ᠰᠠᠨᠠᠮᠰᠠᠷ ᠦᠬᠡᠢ ᠲᠤᠬᠢᠶᠠᠯᠳᠣᠯᠳᠤ ᠨᠠᠰᠤ ᠠᠬᠢᠭᠰᠠᠨ ᠡᠪᠦᠭᠡᠨᠢ ᠭᠣᠪᠢᠠᠴᠠ ᠭᠠᠷᠴᠦ ᠴᠢᠳᠠᠭᠰᠠᠨ ᠦᠬᠡᠢ ᠬᠤᠰᠣ ᠮᠤᠳᠣᠨᠤ ᠬᠤᠪᠤᠳᠠ (ᠪᠣᠰᠣᠭᠠ ᠠᠪᠰᠠ) ᠳᠤᠨᠢ ᠰᠠᠭᠤᠳᠠᠯᠯᠠᠭᠤᠯᠪᠠ᠃ ᠭᠤᠳᠣᠷᠠᠵᠣ ᠪᠣᠬᠢᠨᠢᠳᠣᠬᠣᠳᠤᠪᠠᠨ ᠠᠪᠤᠨᠢ ᠦᠪᠡᠷᠢᠪᠠᠨ ᠪᠤᠷᠣᠭᠣᠳᠬᠠᠪᠠ᠃ ᠲᠡᠭᠦᠨᠠᠴᠠ ᠬᠤᠢ᠌ᠰᠢ ᠬᠡᠯᠡ ᠦᠬᠡᠢ ᠭᠣᠪᠢᠳᠤ ᠶᠠᠪᠤᠬᠣᠪᠠᠨ ᠲᠠᠭ ᠴᠡᠭᠡᠷᠯᠡᠵᠦ᠂ ᠭᠣᠪᠢᠳᠤ ᠲᠠᠬᠢᠵᠣ ᠤᠷᠣᠭᠰᠠᠨ ᠦᠬᠡᠢ᠃
ᠲᠡᠮᠡᠭᠡᠲᠠᠢ ᠬᠦᠮᠦᠨ ᠦᠪᠡᠷᠢᠪᠠᠨ ᠰᠢᠯᠭ᠋ᠠᠵᠣ ᠭᠠᠭᠴᠠᠭ᠋ᠠᠷ ᠭᠣᠪᠢᠳᠤ ᠤᠷᠣᠭᠰᠠᠨ ᠪᠠᠢ᠌ᠵᠠᠢ᠃