ᠰᠠᠢ᠌ᠨᠴᠤᠭᠳᠤ ᠵᠣᠬᠢᠶᠠᠪᠠ
ᠮᠤᠷᠢᠨ᠎ᠤ ᠳᠤᠬᠠᠢ ᠲᠠᠭᠤᠤ ᠰᠤᠨᠤᠰᠬᠤ ᠪᠦᠷᠢ᠂ ᠮᠤᠷᠢᠨ ᠤᠷᠤᠯᠳᠤᠭ᠋ᠠᠨ ᠦᠵᠡᠬᠦ ᠪᠦᠷᠢ᠂ ᠮᠤᠷᠢᠨ᠎ᠤ ᠳᠤᠬᠠᠢ ᠺᠢᠨᠤ᠋᠂ ᠲᠦᠷᠰᠦ ᠰᠢᠩᠬᠡᠬᠡᠯᠳᠡ ᠰᠤᠨᠢᠷᠬᠠᠬᠤ ᠪᠦᠷᠢ ᠪᠤᠷᠤ ᠮᠤᠷᠢ ᠮᠢᠨᠢ ᠰᠠᠨᠠᠭ᠋ᠠᠨ᠎ᠳᠤ ᠤᠷᠤᠵᠤ᠂ ᠪᠤᠳᠤᠯ᠎ᠤᠨ ᠪᠤᠮᠠᠨ ᠡᠰᠢ ᠰᠡᠷᠡᠬᠡᠬᠡᠨ᠂ ᠬᠠᠷᠠᠭ᠎ᠠ ᠰᠡᠳᠬᠢᠯ᠎ᠳᠤ ᠮᠢᠨᠢ ᠤᠯᠠᠨ ᠮᠠᠶᠢᠭ ᠵᠶ᠋ᠡᠷ ᠪᠠᠭᠤᠵᠤ ᠢᠷᠡᠲᠡᠭ ᠰᠠᠨ᠃ 《ᠠᠷᠠᠯ᠎ᠤᠨ ᠱᠠᠷ》 ᠰᠢᠭ᠋ ᠵᠢᠳᠬᠦᠵᠦ ᠶᠠᠪᠤᠭᠰᠠᠨ ᠬᠦᠬᠡᠷᠦᠬᠦᠢ ᠪᠤᠷᠤ ᠮᠤᠷᠢᠨ᠎ᠤ ᠳᠤᠬᠠᠢ ᠳᠤᠷᠠᠰᠤᠨ ᠰᠠᠭᠤᠬᠤ᠎ᠳᠤ ᠨᠢᠬᠡ ᠶᠤᠰᠤᠨ᠎ᠤ ᠪᠠᠶᠠᠷ ᠭᠤᠨᠢᠭ ᠬᠤᠤᠰᠯᠠᠨ ᠪᠠᠢ᠌ᠯ᠎ᠠ᠃
ᠨᠢᠬᠡ
ᠪᠤᠷᠤ ᠮᠤᠷᠢ ᠮᠠᠨ᠎ᠤ᠎ᠳᠤ ᠰᠢᠳᠦᠯᠡᠩ ᠦᠷᠢᠶ᠎ᠡ ᠪᠠᠢ᠌ᠬᠤ᠎ᠳᠤ᠎ᠪᠠᠨ ᠢᠷᠡᠭᠰᠡᠨ ᠶᠤᠮ᠃ ᠲᠡᠷᠡ ᠦᠶ᠎ᠡ᠎ᠳᠤ ᠮᠠᠨ᠎ᠤ᠎ᠬᠢ ᠰᠠᠶᠢᠬᠠᠨ 《ᠵᠢᠭ᠋ᠠᠬᠠᠨ ᠰᠡᠤᠬᠡ ᠮᠠᠰᠢᠨ》 ᠬᠡᠮᠡᠭᠳᠡᠭᠰᠡᠨ ᠬᠤᠤᠰ ᠰᠠᠭ᠋ᠠᠷᠠᠯ ᠡᠯᠵᠢᠬᠡ᠎ᠪᠠᠨ ᠬᠤᠲᠠᠯᠳᠤᠵᠦ ᠶᠠᠪᠤᠭᠤᠯᠤᠭ᠋ᠠᠳ ᠤᠲᠠᠭ᠎ᠠ ᠦᠬᠡᠢ ᠪᠠᠢ᠌ᠯ᠎ᠠ᠃ ᠪᠤᠷᠤ ᠮᠤᠷᠢ ᠵᠢ ᠪᠠᠭ᠎ᠠ ᠨᠠᠭ᠋ᠠᠴᠤ ᠵᠢᠨ᠎ᠬᠢ᠎ᠠᠴᠠ ᠬᠤᠲᠠᠯᠳᠤᠵᠤ ᠠᠪᠴᠢᠷᠠᠭ᠋ᠠᠳ ᠬᠡᠳᠦ ᠬᠤᠨᠤᠯ ᠦᠬᠡᠢ ᠪᠢ ᠠᠷᠠᠯ᠎ᠳᠤ ᠲᠡᠷᠬᠡᠨ᠎ᠳᠤ ᠬᠦᠯᠵᠦ ᠤᠰᠤ ᠲᠡᠭᠡᠭᠡᠬᠦ ᠭᠡᠵᠦ ᠤᠷᠤᠯᠳᠤᠭᠰᠠᠨ ᠶᠤᠮ᠃ ᠭᠠᠷᠠᠭ᠎ᠤᠨ ᠰᠡᠬᠦᠯᠴᠢ ᠵᠢᠨ ᠠᠮᠠᠷᠠᠯᠲᠠ᠎ᠪᠠᠷ ᠰᠤᠷᠭ᠋ᠠᠭᠤᠯᠢ᠎ᠠᠴᠠ ᠬᠠᠷᠢᠵᠤ ᠢᠷᠡᠭᠡᠳ ᠪᠠᠢ᠌ᠭᠰᠠᠨ ᠪᠢ ᠪᠤᠷᠤ ᠦᠷᠢᠶ᠎ᠡ ᠵᠢ ᠤᠨᠤᠯᠭ᠋ᠠᠨᠳᠤ ᠪᠢᠰᠢ᠂ ᠲᠡᠷᠭᠡᠨ᠎ᠳᠤ ᠬᠦᠯᠵᠦ᠂ ᠬᠤᠢ᠌ᠳᠤ ᠠᠢ᠌ᠯ᠎ᠠᠴᠠ ᠤᠰᠤ ᠲᠡᠭᠡᠭᠡᠬᠦ ᠭᠠᠩ᠎ᠢ᠎ᠨᠢ ᠤᠯᠬᠤ᠎ᠪᠠᠷ ᠭᠠᠷᠤᠭᠰᠠᠨ ᠶᠤᠮ᠃ ᠠᠢ᠌ᠯ᠎ᠠᠴᠠ ᠤᠰᠤᠨ ᠭᠠᠩ ᠵᠶ᠋ᠡᠨ ᠲᠡᠭᠡᠭᠡᠴᠢᠬᠡᠬᠡᠳ ᠭᠠᠷᠴᠤ ᠢᠷᠡᠭᠰᠡᠨ ᠵᠶ᠋ᠡᠨ ᠠᠷᠠᠢ ᠵᠢᠭ᠋ᠠᠬᠠᠨ ᠰᠢᠪᠠᠲᠠᠭᠤᠯᠵᠤ ᠠᠯᠬᠤᠭ᠎ᠠ ᠵᠢ᠎ᠨᠢ ᠬᠤᠷᠳᠤᠯᠠᠭᠤᠯᠬᠤ᠎ᠳᠤ ᠬᠤᠭᠤᠰᠤᠨ ᠭᠠᠩ᠂ ᠠᠷᠠᠯ᠎ᠳᠤ ᠲᠡᠷᠬᠡ ᠬᠤᠶᠠᠷ ᠬᠠᠷᠰᠢᠨ ᠲᠦᠴᠢᠬᠢᠨᠡᠵᠦ ᠡᠬᠢᠯᠡᠬᠦ᠎ᠳᠤ᠂ ᠪᠤᠷᠤ ᠦᠷᠢᠶ᠎ᠡ ᠰᠤᠴᠢᠰᠬᠢᠨ ᠴᠢᠬᠢ᠎ᠪᠠᠨ ᠬᠤᠯᠮᠠᠢ᠌ᠯᠭ᠋ᠠᠭᠰᠠᠨ ᠵᠶ᠋ᠡᠨ ᠬᠦᠶᠢ ᠪᠠᠢ᠌ᠵᠠ ᠵᠢ ᠬᠦᠯᠢᠶᠡᠯ ᠦᠬᠡᠢ ᠰᠤᠴᠢᠭᠰᠠᠨ ᠬᠦᠴᠦᠨ ᠳᠤ᠎ᠪᠠᠨ ᠤᠮ ᠬᠤᠮ ᠦᠬᠡᠢ ᠲᠠᠪᠬᠢᠵᠤ ᠭᠠᠷᠤᠯ᠎ᠠ᠃ ᠵᠢᠯᠤᠭᠤ᠎ᠪᠠᠨ ᠪᠠᠷᠢᠨ ᠲᠠᠪᠠᠲᠠᠢ᠌ᠬᠠᠨ ᠰᠠᠭᠤᠵᠤ ᠪᠠᠢ᠌ᠭᠰᠠᠨ ᠮᠢᠨᠤ ᠪᠡᠶ᠎ᠡ ᠴᠤ᠌ ᠬᠦᠯ ᠤᠯᠠ᠎ᠪᠠᠨ ᠤᠯᠵᠤ ᠶᠠᠲᠠᠨ ᠪᠠᠭᠤᠬᠤ ᠵᠢ ᠵᠠᠪᠳᠤᠭᠰᠠᠨ ᠴᠤ᠌᠂ ᠮᠤᠷᠢᠨ᠎ᠤ ᠲᠠᠪᠬᠢᠯᠲᠠᠳᠤ ᠬᠤᠭᠤᠰᠤᠨ ᠲᠡᠮᠦᠷ ᠭᠠᠩ ᠬᠢᠭᠡᠳ ᠠᠷᠠᠯ᠎ᠳᠤ ᠲᠡᠷᠭᠡᠨ᠎ᠤ ᠬᠠᠷᠰᠢᠯᠳᠤᠬᠤ ᠲᠠᠭᠤ ᠤᠯᠠᠮ ᠴᠤ᠌ ᠦᠨᠳᠦᠷ ᠪᠤᠯᠤᠭᠰᠠᠨ ᠵᠶ᠋ᠡᠷ ᠪᠤᠷᠤ ᠦᠷᠢᠶ᠎ᠡ ᠨᠡᠩ ᠴᠤ᠌ ᠰᠤᠴᠢᠨ᠂ ᠤᠯᠠᠮ ᠴᠤ᠌ ᠬᠤᠷᠳᠤᠯᠠᠨ᠂ ᠵᠠᠮ᠎ᠠᠴᠠ᠎ᠪᠠᠨ ᠭᠠᠷᠴᠤ᠂ ᠠᠢ᠌ᠯ᠎ᠤᠨ ᠬᠤᠭᠤᠷᠤᠨᠳᠤᠬᠢ ᠠᠷᠠᠢ ᠤᠷᠤᠭᠤ ᠪᠠᠢ᠌ᠷᠢ ᠵᠢᠨ ᠨᠠᠷᠢᠨ ᠭᠤᠳᠤᠮᠵᠢ᠎ᠪᠠᠷ ᠴᠢᠨᠡᠬᠡ ᠮᠡᠳᠡᠨ ᠲᠠᠪᠬᠢᠯ᠎ᠠ᠃ ᠪᠢ ᠴᠤ᠌ ᠪᠠᠭᠤᠵᠤ ᠵᠠᠪᠳᠤᠨ ᠵᠢᠯᠤᠭᠤ ᠵᠢ ᠬᠡᠳᠦ ᠲᠠᠬᠢᠨ ᠲᠠᠲᠠᠵᠤ ᠡᠷᠬᠢᠬᠦᠯᠬᠦ ᠵᠢ ᠤᠷᠤᠯᠳᠤᠭᠰᠠᠨ ᠴᠤ᠌᠂ ᠮᠤᠷᠢᠨ᠎ᠤ ᠲᠠᠪᠬᠢᠯᠲᠠ ᠬᠢᠬᠡᠳ ᠲᠠᠲᠠᠯᠲᠠ᠎ᠳᠤ ᠲᠠᠲᠠᠭᠲᠠᠨ ᠡᠯᠢᠬᠡ ᠲᠦᠷᠦᠬᠦᠯᠡᠨ ᠤᠨᠠᠵᠤ ᠵᠢᠯᠤᠭᠤ᠎ᠪᠠᠨ ᠠᠯᠲᠠᠭ᠋ᠠᠳ ᠶᠠᠪᠤᠭᠤᠯᠴᠢᠬᠠᠯ᠎ᠠ᠃ ᠵᠢᠯᠤᠭᠤ᠎ᠪᠠᠨ ᠠᠯᠲᠠᠭᠤᠯᠤᠭᠰᠠᠨ ᠪᠤᠷᠤ ᠦᠷᠢᠶ᠎ᠡ ᠶᠤᠰᠤᠳᠠᠢ ᠨᠢᠬᠡ ᠬᠦᠭᠯᠡᠨ ᠲᠠᠪᠬᠢᠵᠤ᠂ ᠲᠡᠩᠰᠡᠯᠬᠡ ᠳᠤᠩᠰᠤᠯᠭ᠋ᠠᠨᠳᠤᠨᠢ ᠬᠤᠭᠤᠰᠤᠨ ᠲᠡᠮᠦᠷ ᠭᠠᠩ ᠴᠤ᠌ ᠭᠠᠵᠠᠷ᠎ᠲᠤ ᠬᠠᠶᠠᠭᠲᠠᠵᠤ᠂ 《ᠠᠶᠤᠮᠰᠢᠭᠳᠤ ᠶᠡᠬᠡ》 ᠬᠠᠷᠰᠢᠯᠳᠤᠬᠤ ᠲᠠᠭᠤ ᠨᠠᠮ ᠪᠤᠯᠤᠭᠰᠠᠨ ᠵᠶ᠋ᠡᠷ ᠮᠤᠷᠢᠨ᠎ᠤ ᠰᠤᠴᠢᠭ᠎ᠠ ᠴᠤ᠌ ᠭᠠᠷᠤᠭᠰᠠᠨ ᠪᠤᠯᠤᠯᠲᠠᠢ᠂ ᠲᠠᠪᠬᠢᠵᠤ ᠪᠠᠢ᠌ᠭᠰᠠᠨ ᠵᠶ᠋ᠡᠨ ᠠᠷᠠᠢ ᠬᠡᠵᠦ ᠱᠤᠭᠰᠢᠨ᠂ ᠠᠢ᠌ᠯ᠎ᠤᠨ ᠵᠡᠬᠦᠨᠳᠡᠬᠢ ᠲᠠᠷᠢᠶᠠᠨ᠎ᠤ ᠲᠡᠮᠦᠷ ᠲᠤᠤᠷ᠎ᠲᠤ ᠬᠠᠰᠢᠭᠲᠠᠨ ᠵᠤᠭᠰᠤᠵᠠᠢ᠃ ᠡᠯᠢᠬᠡ ᠲᠦᠷᠦᠬᠦᠯᠡᠨ ᠤᠨᠠᠭᠰᠠᠨ ᠪᠢ ᠠᠶᠤᠬᠤ ᠰᠠᠨᠳᠤᠷᠬᠤ ᠬᠤᠤᠰᠯᠠᠵᠤ ᠬᠤᠷᠤᠮ ᠵᠠᠭᠤᠷ᠎ᠠ ᠤᠬᠠᠭ᠋ᠠᠨ ᠪᠠᠯᠠᠷᠲᠤᠵᠤ ᠠᠪᠤᠭᠰᠠᠨ ᠴᠤ᠌᠂ ᠬᠤᠷᠳᠤᠬᠠᠨ ᠪᠤᠰᠴᠤ ᠮᠤᠷᠢᠨ᠎ᠤ᠎ᠪᠠᠨ ᠬᠤᠢ᠌ᠨ᠎ᠠ᠎ᠠᠴᠠ ᠬᠦᠶᠦᠪᠡ᠃ ᠭᠡᠷ᠎ᠤᠨ ᠵᠶ᠋ᠡᠨ ᠵᠡᠬᠦᠨ ᠲᠠᠯ᠎ᠠ᠎ᠳᠤ ᠰᠠᠷᠠᠪᠴᠢᠯᠠᠨ ᠬᠠᠷᠠᠵᠤ ᠪᠠᠢ᠌ᠭᠰᠠᠨ ᠠᠪᠤ ᠡᠵᠢ ᠬᠤᠶᠠᠷ ᠴᠤ᠌ ᠤᠴᠢᠷ ᠪᠢᠰᠢᠲᠡᠭᠰᠡᠨᠢ ᠤᠯᠵᠤ ᠦᠵᠡᠭᠡᠳ ᠶᠠᠭ᠋ᠠᠷᠠᠪᠴᠢᠯᠠᠨ ᠬᠦᠶᠦᠵᠦ ᠢᠷᠡᠵᠦ ᠮᠤᠷᠢ ᠵᠢ ᠬᠠᠰᠢᠨ ᠪᠠᠷᠢᠵᠤ ᠲᠡᠷᠬᠡᠠᠴᠠᠨᠢ ᠰᠤᠯᠠᠯᠠᠨ ᠠᠪᠤᠪᠠ᠃ ᠪᠢ ᠬᠡᠷᠡᠭ ᠬᠢᠵᠦ ᠮᠤᠷᠢ᠎ᠪᠠᠨ ᠬᠦᠭᠯᠡᠬᠦᠯᠦᠭᠰᠡᠨ ᠳᠤ᠎ᠪᠠᠨ ᠶᠡᠬᠡ ᠠᠶᠤᠵᠤ᠂ ᠲᠡᠭᠡᠷ᠎ᠡ ᠲᠠᠭᠤ᠎ᠪᠠᠷ ᠤᠬᠢᠯᠠᠨ ᠭᠠᠷᠬᠤ᠎ᠳᠤ᠂ ᠠᠪᠤ ᠡᠵᠢ ᠴᠤ᠌ ᠠᠷᠭ᠎ᠠ᠎ᠪᠠᠨ ᠪᠠᠷᠠᠭᠰᠠᠨ ᠪᠤᠯᠤᠯᠲᠠᠢ᠂ ᠳᠤᠯᠤᠭ᠋ᠠᠢ ᠵᠢ ᠢᠯᠢᠨ 《ᠤᠷᠰᠢᠶᠠᠨ ᠬᠢᠬᠦ ᠭᠡᠵᠦ ᠪᠠᠢ᠌ᠭ᠋ᠠᠳ ᠤᠷᠰᠢᠭ ᠲᠠᠲᠠᠭᠰᠠᠨ ᠵᠶ᠋ᠡᠨ ᠮᠡᠲᠡᠪᠡᠯ ᠪᠤᠯᠵᠠᠢ᠃ ᠡᠨᠡ ᠴᠢᠨᠢ ᠡᠯᠵᠢᠬᠡ ᠪᠢᠰᠢ ᠮᠤᠷᠢ ᠰᠢᠤ ᠳ᠋ᠠ᠂ ᠴᠢ ᠴᠤ᠌ ᠲᠡᠩᠳᠡᠬᠦᠦ ᠵᠤᠷᠢᠭ ᠵᠶ᠋ᠡᠷ ᠵᠶ᠋ᠡᠨ ᠠᠭ᠋ᠠᠰᠢᠯᠠᠵᠤ ᠲᠠᠪᠬᠢᠭᠤᠯᠤᠭᠰᠠᠨ ᠪᠠᠢ᠌ᠬᠤ ᠳ᠋ᠠ》 ᠬᠡᠵᠦ ᠪᠠᠬᠠᠨ ᠵᠢᠮᠡᠯᠡᠩᠬᠦᠢ ᠬᠡᠯᠡᠯ᠎ᠡ᠃ ᠲᠡᠭᠡᠵᠦ ᠨᠢᠬᠡ ᠵᠢᠯᠣᠭᠤ ᠵᠣᠳᠣᠭ ᠦᠬᠡᠢ ᠠᠭ᠋ᠠᠰᠢᠯᠠᠵᠤ ᠪᠤᠷᠤ ᠦᠷᠢᠶ᠎ᠡ᠎ᠪᠠᠨ ᠲᠡᠷᠭᠡᠨ᠎ᠳᠤ ᠬᠦᠭᠯᠡᠬᠦᠯᠦᠭᠰᠡᠨᠠᠴᠠ ᠬᠤᠢ᠌ᠰᠢ ᠲᠡᠷᠭᠡᠨ᠎ᠳᠤ ᠬᠦᠯᠦᠨ᠎ᠡ ᠭᠡᠵᠦ ᠲᠠᠬᠢᠵᠤ ᠵᠤᠷᠢᠭᠯᠠᠵᠤ ᠦᠵᠡᠭᠰᠡᠨ ᠦᠬᠡᠢ ᠪᠢᠯᠡ᠃
ᠬᠤᠶᠠᠷ
ᠪᠤᠷᠤ ᠮᠤᠷᠢ ᠨᠠᠰᠤ ᠨᠡᠮᠡᠭᠳᠡᠬᠦ ᠵᠢ ᠲᠠᠭ᠋ᠠᠯᠳᠤᠨ ᠪᠡᠶ᠎ᠡ ᠦᠰᠴᠦ᠂ ᠴᠢᠲᠠᠯ ᠬᠦᠴᠦ ᠬᠠᠪᠢ ᠦᠬᠡᠢ ᠴᠢᠩᠭ᠋ᠠᠷᠠᠭᠰᠠᠨ ᠵᠶ᠋ᠡᠷ ᠤᠨᠤᠬᠤ᠂ ᠲᠡᠷᠭᠡᠨ᠎ᠳᠤ ᠬᠦᠯᠬᠦ᠂ ᠠᠨᠵᠢᠰᠤᠨ᠎ᠳᠤ ᠬᠦᠯᠬᠦ᠂ ᠢᠩᠳᠤ ᠬᠦᠯᠬᠦ ᠭᠡᠳ ᠭᠡᠷ᠎ᠤᠨ ᠮᠠᠨᠢ ᠠᠵᠢᠯ ᠮᠤᠳᠤᠨ᠎ᠳᠤ ᠶᠤᠰᠤᠳᠠᠢ ᠨᠢᠬᠡ 《ᠠᠷᠠᠯ᠎ᠤᠨ ᠱᠠᠷ》 ᠪᠤᠯᠤᠭᠰᠠᠨ ᠶᠤᠮ᠃
ᠮᠠᠨ᠎ᠤ ᠵᠤ ᠵᠢᠨ ᠲᠠᠷᠢᠶ᠎ᠠ ᠠᠢ᠌ᠯ᠎ᠠᠴᠠ ᠪᠠᠷᠠᠭᠤᠨᠲᠠᠬᠢ ᠴᠠᠭ᠋ᠠᠨ ᠴᠢᠯᠠᠭᠤᠳᠤ ᠬᠡᠬᠦ ᠠᠭᠤᠯᠠᠨ᠎ᠤ ᠡᠩᠬᠡᠷ ᠬᠠᠵᠠᠭᠤ᠎ᠳᠤ ᠪᠠᠢ᠌ᠲᠠᠭ ᠶᠤᠮ᠃ ᠲᠡᠭᠡᠭᠡᠰᠢ᠎ᠲᠠᠢ ᠲᠡᠷᠭᠡ ᠶᠠᠪᠤᠲᠠᠭ ᠵᠠᠮ᠎ᠤᠨ ᠬᠢᠨᠢ ᠬᠠᠵᠠᠭᠤ᠎ᠪᠠᠷ ᠬᠦᠨ ᠬᠡᠭᠴᠢ ᠦᠶᠡᠷ᠎ᠤᠨ ᠭᠤᠤ ᠪᠠᠢ᠌ᠲᠠᠭ ᠪᠤᠯᠬᠤᠷ ᠲᠡᠷᠭᠡᠨ᠎ᠳᠤ ᠰᠠᠭᠤᠬᠤ᠂ ᠲᠠᠷᠢᠶ᠎ᠠ ᠡᠪᠡᠰᠦ ᠲᠡᠭᠡᠭᠡᠬᠦᠪᠠᠷᠨᠢ ᠵᠢᠭ᠋ᠠᠬᠠᠨ ᠠᠢ᠌ᠲᠠᠰ ᠬᠦᠷᠲᠡᠭ ᠶᠤᠮ᠃ ᠲᠡᠷᠡ ᠵᠢᠯ᠎ᠤᠨ ᠨᠠᠮᠤᠷ᠎ᠤᠨ ᠬᠤᠷᠢᠶᠠᠯᠲᠠ ᠵᠢᠨ ᠦᠶ᠎ᠡ᠎ᠪᠠᠷ ᠮᠠᠨ᠎ᠤ᠎ᠬᠢ ᠬᠠᠳᠤᠵᠤ ᠬᠠᠶᠠᠭᠰᠠᠨ ᠨᠤᠭᠤᠭ᠋ᠠᠨ ᠪᠤᠷᠴᠠᠭ ᠵᠶ᠋ᠡᠨ ᠮᠤᠷᠢᠨ ᠲᠡᠷᠭᠡᠨ ᠳᠤ᠎ᠪᠠᠨ ᠲᠡᠭᠡᠭᠡᠵᠦ ᠵᠡᠪᠡᠯ ᠲᠤᠭᠤᠯᠬᠤ ᠦᠨᠦᠬᠢ ᠠᠶᠤᠮᠠᠷ᠎ᠤᠨ ᠵᠠᠮ᠎ᠳᠤ ᠤᠷᠤᠭᠰᠠᠨ ᠶᠤᠮ᠃ ᠲᠡᠷᠡ ᠵᠠᠮ ᠬᠤᠷᠢᠭ᠋ᠠᠳ ᠮᠸᠲᠷ ᠬᠠᠵᠠᠭᠤ ᠤᠷᠤᠭᠤ ᠲᠡᠭᠡᠷ᠎ᠡ᠎ᠪᠠᠨ ᠴᠠᠭ᠋ᠠᠨ᠎ᠠ᠎ᠨᠢ ᠦᠶᠡᠷ᠎ᠤᠨ ᠶᠡᠬᠡ ᠭᠤᠤ ᠲᠦᠩᠬᠦᠢ᠌ᠨ ᠬᠠᠷᠠᠯᠠᠵᠤ ᠦᠵᠡᠭᠳᠡᠬᠦ᠎ᠪᠠᠷ ᠬᠦᠮᠦᠨ᠎ᠲᠠᠢ ᠮᠤᠷᠢ᠎ᠲᠠᠢ᠎ᠪᠠᠨ ᠪᠠᠬᠠᠨ ᠵᠢᠷᠦᠬᠡᠰᠢᠶᠡᠭᠰᠡᠨ᠎ᠨᠢ ᠮᠠᠲᠠᠭ ᠦᠬᠡᠢ᠃ ᠠᠪᠤ ᠪᠤᠷᠤ ᠮᠤᠷᠢᠨ᠎ᠤ᠎ᠪᠠᠨ ᠵᠢᠯᠤᠭᠤ ᠵᠢ ᠰᠠᠢ᠌ᠳᠤᠷ ᠪᠠᠷᠢᠨ ᠪᠠᠢ᠌ᠨ ᠪᠠᠢ᠌ᠨ ᠮᠤᠷᠢᠨ᠎ᠳᠠᠭᠠᠨ ᠳᠤᠬᠢᠶ᠎ᠠ ᠦᠭᠴᠦ ᠠᠯᠬᠤᠭ᠎ᠠ᠎ᠪᠠᠨ ᠯᠠᠪᠲᠠᠭᠤᠨ ᠠᠲᠠᠯ᠎ᠠ ᠠᠭ᠋ᠠᠵᠢᠭᠤᠬᠠᠨ ᠪᠠᠢ᠌ᠬᠤ ᠵᠢ ᠰᠠᠨᠠᠭᠤᠯᠤᠭᠰᠠᠨ ᠲᠦᠯᠦᠪᠲᠠᠢ᠃ ᠶᠡᠷᠦ᠎ᠨᠢ ᠬᠠᠳᠤᠭᠰᠠᠨ ᠨᠤᠭᠤᠭ᠋ᠠᠨ ᠪᠤᠷᠴᠠᠭ ᠵᠢ ᠡᠪᠳᠡᠢ ᠲᠡᠭᠡᠭᠡᠭᠦ ᠦᠬᠡᠢ ᠪᠤᠯ ᠨᠢᠬᠡ ᠲᠡᠢ᠌ᠰᠢ᠎ᠪᠠᠨ ᠲᠡᠭᠡᠭᠡᠰᠢ ᠬᠦᠨᠳᠦᠳᠡᠬᠦ ᠪᠦᠬᠡᠳ ᠡᠰᠢ᠎ᠨᠢ ᠤᠬᠤᠷᠬᠠᠨ ᠪᠤᠯᠬᠤᠷ ᠭᠤᠯᠭᠤᠭ᠋ᠠᠳ ᠲᠤᠭᠲᠠᠵᠤ ᠦᠭᠭᠦ ᠦᠬᠡᠢ᠎ᠨᠢ ᠴᠤ᠌ ᠬᠦᠮᠦᠨ᠎ᠤ ᠠᠷᠭ᠎ᠠ ᠵᠢ ᠪᠠᠷᠠᠭᠲᠠᠭᠤᠯᠲᠠᠭ ᠶᠤᠮ᠃ ᠲᠡᠭᠡᠭᠡᠰᠢ᠎ᠲᠠᠢ ᠲᠡᠷᠭᠡ ᠦᠨᠦᠬᠢ ᠬᠠᠵᠠᠭᠤ ᠤᠷᠤᠭᠤ ᠤᠷᠤᠭ᠋ᠠᠳ ᠢᠷᠡᠬᠦ᠎ᠪᠠᠷ᠎ᠨᠢ ᠲᠡᠷᠭᠡᠨ᠎ᠤ ᠨᠢᠬᠡ ᠲᠠᠯ᠎ᠠ ᠵᠢᠨ ᠬᠦᠷᠲᠦ ᠬᠡᠰᠡᠭ ᠬᠡᠰᠡᠭ ᠲᠤ᠎ᠪᠠᠨ ᠵᠢᠭ᠋ᠠᠬᠠᠨ ᠲᠡᠭᠡᠭᠰᠢ ᠡᠷᠬᠦᠭᠳᠡᠬᠦ ᠰᠢᠭ ᠪᠤᠯᠵᠤ᠂ ᠮᠤᠷᠢᠨ᠎ᠤ ᠵᠢᠯᠤᠭᠤ ᠪᠠᠷᠢᠲᠠᠭ ᠬᠦᠮᠦᠨ ᠬᠢᠭᠡᠳ ᠮᠤᠷᠢᠨ᠎ᠤ ᠬᠠᠮᠵᠢᠯᠴᠠᠭ᠎ᠠ ᠮᠠᠰᠢ ᠠᠪᠴᠠᠯᠳᠤᠩᠭᠤᠢ ᠪᠠᠢ᠌ᠬᠤ ᠵᠢ ᠴᠢᠩᠭ᠎ᠠ ᠱᠠᠭ᠋ᠠᠷᠲᠠᠲᠠᠭ ᠶᠤᠮ᠃ ᠠᠪᠤ ᠮᠤᠷᠢᠨ᠎ᠤ ᠵᠢᠯᠤᠭᠤ᠎ᠪᠠᠨ ᠨᠢᠬᠡ ᠳᠤᠭᠲᠤᠷᠬᠤ᠎ᠳᠤ ᠪᠤᠷᠤ ᠮᠤᠷᠢ ᠮᠠᠨᠢ ᠨᠢᠬᠡ ᠵᠢᠭ᠋ᠠᠬᠠᠨ ᠠᠷᠤᠭᠰᠢ ᠰᠠᠭᠤᠬᠤ ᠰᠢᠤᠬᠠᠨ ᠪᠤᠯᠲᠠᠭ ᠪᠦᠬᠡᠳ ᠶᠡᠬᠡ ᠯᠡ ᠬᠢᠴᠢᠶᠡᠮᠵᠢᠲᠡᠢ ᠵᠠᠮ ᠵᠶ᠋ᠡᠨ ᠠᠵᠢᠷᠠᠬᠤ ᠲᠡᠲᠦᠢ ᠦᠬᠡᠢ ᠡᠵᠡᠨ᠎ᠤ ᠵᠢᠭ᠋ᠠᠪᠤᠷᠢ ᠵᠢ ᠨᠢᠮᠪᠠᠢ ᠴᠢᠩᠨᠠᠨ ᠠᠯᠭᠤᠷᠬᠠᠨ ᠪᠠᠭᠤᠯ᠎ᠠ᠃ ᠲᠡᠭᠡᠭᠡᠰᠢᠨᠤ ᠢᠲᠡᠨᠳᠤ ᠲᠡᠷᠭᠡ ᠴᠤ᠌ ᠪᠠᠢ᠌ᠨ ᠪᠠᠢ᠌ᠨ ᠤᠷᠤᠭᠰᠢ ᠱᠤᠩᠭᠤᠯᠠᠬᠤ ᠠᠭ᠋ᠠᠳ ᠲᠡᠷᠭᠡᠨ᠎ᠤ ᠬᠦᠷᠲᠦ ᠵᠠᠮ᠎ᠤᠨ ᠭᠤᠯᠳᠤᠷᠢᠯᠠᠴᠠᠪᠠᠨ ᠭᠠᠷᠬᠤ ᠠᠯᠲᠠᠨᠠ᠃ ᠬᠡᠴᠡᠬᠦᠦ ᠵᠠᠮ᠎ᠢ ᠬᠠᠭ᠋ᠠᠰ ᠳᠤᠭᠤᠯᠲᠠᠯᠠ ᠲᠡᠷᠭᠡᠨ᠎ᠤ ᠬᠦᠷᠲᠦ ᠵᠠᠮ᠎ᠤᠨ ᠭᠤᠯᠳᠤᠷᠢᠯᠠᠴᠠᠪᠠᠨ ᠬᠠᠯᠳᠤ ᠭᠠᠷᠬᠤ᠎ᠳᠤ ᠲᠡᠭᠡᠭᠡᠰᠢ᠎ᠲᠠᠢ ᠲᠡᠷᠭᠡ ᠨᠢᠬᠡ ᠲᠡᠢ᠌ᠰᠢ᠎ᠪᠠᠨ ᠤᠭᠵᠤᠮ ᠡᠷᠬᠦᠭᠳᠡᠬᠦ ᠰᠢᠦᠬᠡᠨ ᠪᠤᠯᠵᠤ᠂ ᠠᠪᠤ ᠶᠠᠭ᠋ᠠᠷᠠᠤᠬᠠᠨ ᠭᠡᠭᠴᠢ ᠵᠢᠯᠤᠭᠤ᠎ᠪᠠᠨ ᠳᠤᠭᠲᠤᠷᠬᠤ᠎ᠳᠤ ᠪᠤᠷᠤ ᠮᠤᠷᠢ ᠴᠤ᠌ ᠡᠵᠡᠨ᠎ᠤ᠎ᠪᠠᠨ ᠰᠠᠨᠠᠭ᠎ᠠ ᠵᠢ ᠤᠢ᠌ᠯᠠᠭ᠋ᠠᠭᠰᠠᠨ ᠮᠡᠲᠦ ᠨᠢᠬᠡ ᠰᠠᠢ᠌ᠨ ᠠᠷᠣᠨᠰᠢ ᠰᠠᠭᠤᠬᠤ᠎ᠳᠤ ᠲᠡᠭᠡᠭᠡᠰᠢ ᠬᠢᠬᠡᠳ ᠲᠡᠷᠭᠡᠨ ᠬᠦᠷᠲᠦ ᠬᠡᠮ ᠵᠶ᠋ᠡᠨ ᠤᠯᠵᠤ ᠬᠡᠪ ᠲᠤ᠎ᠪᠠᠨ ᠤᠷᠤᠭᠰᠠᠨ ᠪᠠᠢ᠌ᠪᠠᠴᠤ ᠲᠡᠭᠡᠭᠡᠰᠢᠨᠤ ᠬᠦᠴᠦᠨ᠎ᠳᠤ ᠲᠦᠷᠢᠭᠳᠡᠭᠡᠳ ᠮᠤᠷᠢᠨ᠎ᠤ ᠳᠤᠭᠤᠷᠠᠢ ᠵᠢᠨ ᠤᠷᠤᠮ ᠵᠤᠷᠠᠢ᠌ᠲᠠᠯᠠ ᠬᠠᠷᠠᠭᠲᠠᠭᠰᠠᠨᠢ ᠠᠯᠢ ᠬᠤᠵᠢᠮ᠎ᠨᠢ ᠰᠠᠢ᠌ᠬᠠᠨ ᠵᠠᠮ᠎ᠳᠤ ᠤᠷᠤᠭᠰᠠᠨ ᠲᠠᠷᠠᠭ᠎ᠠ ᠳᠤᠰᠬᠠᠢ᠌ᠯᠠᠨ ᠤᠴᠢᠵᠤ ᠦᠵᠡᠨ᠂ ᠭᠠᠢ᠌ᠬᠠᠨ ᠪᠢᠰᠢᠷᠡᠭᠰᠡᠨ ᠶᠤᠮ᠃ ᠪᠤᠷᠤ ᠮᠤᠷᠢ ᠲᠡᠭᠡᠵᠦ ᠨᠢᠬᠡ ᠳᠤᠭᠤᠷᠠᠢ ᠵᠢᠨ ᠤᠷᠤᠮ ᠵᠶ᠋ᠡᠨ ᠵᠤᠷᠠᠢ᠌ᠨ ᠦᠯᠡᠲᠡᠭᠡᠲᠡᠯᠡ ᠠᠷᠣᠨᠰᠢ᠎ᠪᠠᠨ ᠰᠠᠭᠤᠭᠰᠠᠨ ᠦᠬᠡᠢ ᠪᠤᠯ ᠲᠡᠭᠡᠭᠡᠰᠢ᠎ᠲᠠᠢ ᠲᠡᠷᠭᠡ᠂ ᠮᠤᠷᠢ᠎ᠲᠠᠢ᠎ᠪᠠᠨ ᠬᠦᠨ ᠭᠤᠤ᠎ᠳᠤ ᠤᠷᠤᠨ᠎ᠠ ᠬᠡᠳᠡᠭ ᠮᠠᠷᠭᠤᠰᠢ ᠦᠬᠡᠢ ᠬᠡᠷᠡᠭ ᠶᠤᠮ᠃ ᠶᠤᠰᠤᠳᠠᠢ ᠨᠢᠬᠡ ᠵᠢᠷᠦᠬᠡ᠎ᠪᠠᠨ ᠭᠠᠷ ᠲᠤ᠎ᠪᠠᠨ ᠪᠠᠷᠢᠵᠤ᠂ ᠠᠶᠤᠮᠰᠢᠭ᠎ᠤᠨ ᠶᠡᠬᠡ ᠵᠠᠮ᠎ᠢ ᠳᠤᠭᠤᠯᠵᠤ ᠭᠠᠷᠤᠭᠰᠠᠨ ᠳᠤ᠎ᠪᠠᠨ ᠬᠦᠮᠦᠨ᠎ᠲᠠᠢ ᠮᠤᠷᠢ᠎ᠲᠠᠢ᠎ᠪᠠᠨ ᠰᠡᠳᠬᠢᠯ ᠨᠢᠬᠡ ᠠᠮᠠᠷᠠᠭᠰᠠᠨ ᠶᠤᠮ᠃ ᠬᠦᠬᠡᠷᠦᠬᠦᠢ ᠪᠤᠷᠤ ᠮᠤᠷᠢ ᠡᠵᠡᠨ᠎ᠤ᠎ᠪᠠᠨ ᠵᠢᠭ᠋ᠠᠪᠤᠷᠢ ᠵᠢ ᠶᠡᠬᠡ ᠯᠠ ᠤᠬᠠᠭ᠋ᠠᠯᠢᠭ ᠤᠢ᠌ᠯᠠᠭ᠋ᠠᠵᠤ᠂ ᠵᠦᠢ᠍ᠲᠡᠢ ᠰᠢᠢ᠍ᠳᠪᠦᠷᠢᠯᠡᠲᠡᠭ ᠠᠭ᠋ᠠᠳ ᠲᠠᠷᠢᠶ᠎ᠠ ᠲᠡᠭᠡᠭᠡᠰᠢᠨᠤ ᠬᠠᠷ᠎ᠠ ᠪᠤᠷᠤ ᠠᠵᠢᠯ᠎ᠳᠤ ᠶᠤᠰᠤᠳᠠᠢ ᠨᠢᠬᠡ ᠴᠠᠭ᠋ᠠᠷᠠᠭᠰᠠᠨ ᠤᠨᠤᠭ᠎ᠠ ᠪᠤᠯᠵᠤ ᠪᠢᠯᠡ᠃
ᠭᠤᠷᠪᠠ
ᠪᠤᠷᠤ ᠦᠷᠢᠶᠡᠠᠴᠠᠪᠠᠨ ᠬᠦᠭᠰᠢᠨ ᠪᠤᠷᠤ ᠪᠤᠯᠲᠠᠯ᠎ᠠ᠎ᠪᠠᠨ ᠮᠠᠨ᠎ᠤ ᠭᠡᠷ᠎ᠤᠨ ᠠᠮᠢᠳᠤᠷᠠᠯ ᠠᠵᠢᠯ᠎ᠳᠤ 《ᠠᠷᠠᠯ᠎ᠤᠨ ᠱᠠᠷ》 ᠰᠢᠭ᠋᠂ 《ᠬᠤᠨᠢᠨ᠎ᠤ ᠪᠤᠷᠤ》 ᠰᠢᠭ᠋ ᠵᠢᠳᠬᠦᠨ ᠶᠠᠪᠤᠭᠰᠠᠨ᠎ᠨᠢ ᠶᠠᠭᠤᠲᠠᠢ ᠭᠠᠢ᠌ᠬᠠᠮᠠᠷ᠂ ᠶᠠᠭᠤᠲᠠᠢ ᠳᠤᠷᠠᠰᠤᠮᠠᠷ ᠠᠵᠢ᠃ ᠨᠠᠰᠤ ᠬᠦᠭᠰᠢᠷᠡᠭᠰᠡᠨᠤᠬᠢ ᠴᠤ᠌ ᠪᠤᠯᠪᠠ ᠤᠤ᠂ ᠡᠰᠡᠬᠦᠯ᠎ᠡ ᠵᠠᠷᠤᠲᠠᠯ ᠮᠦᠩᠬᠦ ᠪᠠᠷ ᠭᠠᠴᠢᠭᠲᠠᠭᠰᠠᠨᠤ ᠬᠠᠷᠠᠭ᠎ᠠ᠎ᠪᠠᠷ ᠠᠪᠤ ᠡᠵᠢ ᠮᠢᠨᠢ ᠰᠡᠳᠬᠢᠯ ᠵᠶ᠋ᠡᠨ ᠴᠢᠩᠭ᠋ᠠᠯᠠᠨ ᠪᠠᠢ᠌ᠵᠤ᠂ ᠬᠦᠭᠰᠢᠨ ᠪᠤᠷᠤ᠎ᠪᠠᠨ ᠬᠤᠯᠠ ᠨᠤᠲᠤᠭ᠎ᠤᠨ ᠨᠢᠬᠡᠨ ᠤᠢ ᠵᠢᠨ ᠲᠠᠯᠠᠪᠠᠢ ᠬᠠᠷᠠᠲᠠᠭ ᠡᠪᠦᠬᠡᠨ᠎ᠳᠤ ᠬᠤᠲᠠᠯᠳᠤᠨ ᠦᠭᠴᠦ ᠶᠠᠪᠤᠭᠤᠯᠤᠭᠰᠠᠨ ᠶᠤᠮ᠃ ᠲᠡᠷᠡ ᠡᠪᠦᠬᠡᠨ ᠨᠤᠮᠤᠬᠠᠨ ᠮᠦᠷᠲᠡᠭᠡᠨ ᠲᠠᠭ᠋ᠠᠭ᠋ᠠᠴᠠ᠎ᠲᠠᠢ ᠬᠦᠭᠰᠢᠨ ᠪᠤᠷᠤ ᠵᠢ ᠤᠯᠤᠭᠰᠠᠨ᠎ᠳᠠᠭᠠᠨ ᠮᠠᠰᠢ ᠤᠯᠵᠠᠭᠤᠷᠬᠠᠵᠤ ᠶᠠᠪᠤᠯ᠎ᠠ ᠬᠡᠲᠡᠭ᠃
ᠬᠦᠭᠰᠢᠨ ᠪᠤᠷᠤ᠎ᠪᠠᠨ ᠬᠤᠲᠠᠯᠳᠤᠵᠤ ᠶᠠᠪᠤᠭᠤᠯᠤᠭ᠋ᠠᠳ ᠤᠲᠠᠭ᠎ᠠ ᠦᠬᠡᠢ ᠦᠶ᠎ᠡ᠎ᠳᠤ ᠪᠢᠯᠡ᠃ ᠨᠢᠬᠡᠨ ᠦᠷᠯᠦᠬᠡ ᠠᠪᠤ᠎ᠳᠤ ᠬᠤᠯᠠ ᠵᠢᠨ ᠤᠲᠠᠰᠤ ᠢᠷᠡᠵᠦ ᠬᠦᠭᠰᠢᠨ ᠪᠤᠷᠤ ᠵᠢ ᠠᠯᠲᠠᠭ᠋ᠠᠳ ᠶᠠᠪᠤᠭᠤᠯᠤᠭᠰᠠᠨ ᠵᠶ᠋ᠡᠨ ᠳᠤᠭᠤᠯᠭ᠋ᠠᠯᠠ᠃ ᠤᠤᠯ᠎ᠨᠢ ᠬᠦᠭᠰᠢᠨ ᠪᠤᠷᠤ ᠵᠢ ᠬᠤᠲᠠᠯᠳᠤᠨ ᠠᠪᠤᠭᠰᠠᠨ ᠲᠡᠷᠡ ᠡᠪᠦᠬᠡᠨ᠎ᠤ ᠤᠲᠠᠰᠤ ᠪᠠᠢ᠌ᠵᠤ᠂ ᠬᠦᠭᠰᠢᠨ ᠪᠤᠷᠤ ᠮᠢᠨᠢ ᠬᠦᠮᠦᠨ᠎ᠤ ᠨᠤᠲᠤᠭ ᠬᠦᠨᠳᠡᠯᠡᠨ᠎ᠤ ᠭᠠᠵᠠᠷ ᠲᠠᠰᠬᠤ ᠴᠤ᠌ ᠦᠬᠡᠢ᠂ ᠬᠡᠷ ᠨᠤᠲᠤᠭ ᠡᠵᠡᠨ ᠵᠶ᠋ᠡᠨ ᠰᠠᠨᠠᠬᠤ ᠵᠢᠨ ᠡᠷᠬᠡ᠎ᠪᠠᠷ ᠲᠠᠰᠤᠷᠬᠠᠢ ᠲᠤᠰᠢᠶ᠎ᠠ᠎ᠲᠠᠢ ᠭᠠᠷᠴᠤ ᠢᠷᠡᠭᠰᠡᠨ᠎ᠨᠢ ᠡᠨᠡ ᠪᠢᠯᠡ᠃
ᠮᠤᠩᠭᠤᠯ ᠮᠤᠷᠢ ᠶᠡᠬᠡ ᠭᠠᠵᠠᠷᠴᠢ᠂ ᠶᠡᠬᠡ ᠨᠤᠲᠤᠭᠰᠠᠭ ᠭᠡᠵᠦ ᠮᠠᠨ᠎ᠤ ᠠᠬᠠᠮᠠᠳ᠎ᠤᠳ ᠶᠠᠷᠢᠲᠠᠭ ᠪᠦᠬᠡᠳ ᠵᠤᠬᠢᠶᠠᠯᠴᠢᠳ᠎ᠤᠨ ᠵᠤᠬᠢᠶᠠᠯ ᠪᠦᠲᠦᠬᠡᠯ᠎ᠳᠤ ᠴᠤ᠌ ᠤᠯᠠᠨᠲᠠ ᠳᠤᠷᠠᠳᠲᠠᠭ ᠪᠠᠢ᠌ᠭᠰᠠᠨ ᠶᠤᠮ᠃ ᠲᠡᠢ᠌ᠮᠦ ᠡ᠃ ᠬᠦᠬᠡᠷᠦᠬᠦᠢ ᠪᠤᠷᠤ ᠮᠤᠷᠢ ᠮᠢᠨᠢ ᠨᠤᠲᠤᠭ ᠵᠶ᠋ᠡᠨ᠂ ᠡᠵᠡᠨ ᠵᠶ᠋ᠡᠨ᠂ ᠢᠵᠢᠯᠢ᠎ᠪᠠᠨ ᠰᠠᠨᠠᠬᠤ᠎ᠳᠠᠭᠠᠨ ᠬᠡᠳᠦᠨ ᠵᠠᠭᠤᠨ ᠭᠠᠵᠠᠷ᠎ᠤᠨ ᠠᠯᠤᠰ᠎ᠠᠴᠠ ᠲᠠᠰᠤᠷᠬᠠᠢ ᠲᠤᠰᠢᠶ᠎ᠠ᠎ᠲᠠᠢ ᠬᠠᠷᠢᠵᠤ ᠢᠷᠡᠭᠰᠡᠨ ᠪᠢᠯᠡ᠃ ᠲᠡᠬᠡᠬᠦ᠎ᠳᠤ ᠠᠪᠤ ᠡᠵᠢ ᠮᠢᠨᠢ ᠬᠦᠭᠰᠢᠨ ᠪᠤᠷᠤ ᠵᠢᠨ ᠵᠶ᠋ᠡᠨ ᠦᠰᠦ ᠵᠢᠰᠦ ᠵᠢ᠎ᠨᠢ ᠰᠠᠢ᠌ᠬᠠᠨ ᠶᠠᠩᠵᠤᠯᠠᠵᠤ᠂ ᠲᠠᠰᠤᠷᠬᠠᠢ ᠲᠤᠰᠢᠶ᠎ᠠ ᠵᠢ᠎ᠨᠢ ᠲᠠᠢ᠌ᠯᠤᠨ ᠦᠭᠴᠦ᠂ ᠶᠠᠭᠤ ᠪᠦᠬᠦᠨ᠎ᠢ᠎ᠨᠢ ᠪᠡᠯᠬᠡᠰᠢᠶᠡᠨ᠂ ᠦᠪᠡᠷ᠎ᠤᠨ ᠡᠷᠬᠡ ᠦᠬᠡᠢ ᠨᠢᠳᠦ᠎ᠨᠢ ᠵᠠᠢ᠌ᠷᠳᠤᠵᠤ ᠪᠠᠢ᠌ᠭᠰᠠᠨ ᠵᠶ᠋ᠡᠨ ᠪᠢᠳᠡᠨ᠎ᠳᠤ ᠶᠠᠷᠢᠵᠤ ᠦᠭᠭᠦᠭᠰᠡᠨ ᠶᠤᠮ᠃ ᠮᠤᠩᠭᠤᠯ ᠮᠤᠷᠢᠨ᠎ᠤ᠎ᠪᠠᠨ ᠤᠤᠷ ᠴᠢᠨᠠᠷ ᠪᠦᠬᠦᠨ᠎ᠢ ᠪᠡᠶ᠎ᠡ ᠳᠤ᠎ᠪᠠᠨ ᠠᠪᠴᠤ ᠲᠦᠷᠦᠭᠰᠡᠨ ᠬᠦᠬᠡᠷᠦᠬᠦᠢ ᠬᠦᠭᠰᠢᠨ ᠪᠤᠷᠤ᠎ᠪᠠᠨ ᠰᠢᠨ᠎ᠡ ᠡᠵᠡᠨ᠎ᠨᠢ ᠢᠷᠡᠬᠦ ᠵᠢ ᠵᠠᠪᠳᠤᠨ ᠡᠪᠡᠰᠦ ᠪᠤᠷᠳᠤᠭ᠎ᠠ ᠵᠢ᠎ᠨᠢ ᠰᠠᠢ᠌ᠳᠤᠷ ᠦᠭᠴᠦ᠂ ᠰᠡᠳᠬᠢᠯ᠎ᠤᠨ ᠦᠷᠢ᠎ᠪᠠᠨ ᠨᠢᠮᠬᠡᠯᠡᠵᠦ᠂ ᠭᠤᠨᠢᠭ ᠬᠠᠷᠠᠭᠤᠰᠤᠯ ᠵᠶ᠋ᠡᠨ ᠵᠢᠭ᠋ᠠᠬᠠᠨ ᠴᠤ᠌ ᠭᠡᠰᠡᠨ ᠲᠠᠢ᠌ᠯᠬᠤ ᠬᠡᠮᠡᠨ ᠴᠢᠷᠮᠠᠢ᠌ᠵᠤ ᠪᠠᠢ᠌ᠭᠰᠠᠨ ᠵᠶ᠋ᠡᠨ ᠴᠤ᠌ ᠨᠦᠬᠦᠪᠦᠷᠢᠯᠡᠵᠦ ᠶᠠᠷᠢᠭᠰᠠᠨ ᠰᠠᠨ᠃
ᠠᠪᠤ ᠵᠢᠨ ᠶᠠᠪᠤᠭᠤᠯᠤᠭᠰᠠᠨ ᠤᠲᠠᠰᠤ ᠵᠢ ᠲᠤᠰᠤᠭ᠋ᠠᠳ ᠲᠡᠷᠡ ᠡᠪᠦᠬᠡᠨ ᠲᠦᠢ᠍ᠯ ᠦᠬᠡᠢ ᠪᠠᠶᠠᠷᠯᠠᠵᠤ᠂ ᠮᠤᠷᠢ᠎ᠪᠠᠨ ᠪᠢ ᠵᠦᠪ ᠰᠤᠩᠭᠤᠵᠤ ᠬᠤᠲᠠᠯᠳᠤᠨ ᠠᠪᠤᠭᠰᠠᠨ ᠬᠡᠵᠦ ᠤᠯᠵᠠᠭᠤᠷᠬᠠᠨ ᠶᠠᠷᠢᠵᠤ᠂ ᠬᠦᠭᠰᠢᠨ ᠪᠤᠷᠤ ᠵᠢ ᠠᠪᠤᠭ᠋ᠠᠳ ᠬᠠᠷᠢᠬᠤ᠎ᠳᠤ᠎ᠪᠠᠨ ᠵᠠᠮ᠎ᠳᠤ ᠲᠠᠭ᠋ᠠᠷᠠᠭᠰᠠᠨ ᠬᠡᠳᠦᠨ ᠮᠤᠩᠭᠤᠯ ᠠᠢ᠌ᠯ᠎ᠤᠳ ᠵᠶ᠋ᠡᠷ ᠮᠤᠷᠢᠨ᠎ᠤ᠎ᠪᠠᠨ ᠦᠯᠢᠬᠡᠷ᠎ᠢ ᠶᠠᠷᠢᠵᠤ ᠦᠭᠭᠦᠭᠰᠡᠨ ᠲᠡᠲᠦᠢ ᠦᠬᠡᠢ᠂ ᠲᠠᠷᠠᠭ᠎ᠠ᠎ᠪᠠᠷ ᠬᠡᠷᠪᠡ ᠨᠤᠲᠤᠭ ᠵᠦᠭ ᠵᠶ᠋ᠡᠨ ᠲᠡᠮᠡᠤᠯᠵᠦ ᠢᠷᠡᠬᠦ ᠳᠤᠨᠢ ᠵᠠᠮ ᠲᠠᠭ᠋ᠠᠷᠠᠪᠠᠯ ᠬᠠᠰᠢᠵᠤ ᠠᠪᠬᠤ ᠪᠤᠶᠤ ᠰᠤᠷᠠᠭ ᠳᠤᠭᠤᠯᠭ᠋ᠠᠵᠤ ᠦᠭᠭᠦ ᠵᠢ ᠨᠠᠢ᠌ᠲᠠᠭᠰᠠᠨ ᠭᠡᠳᠡᠭ᠃ ᠰᠡᠬᠦᠯ ᠳᠤᠨᠢ ᠬᠦᠭᠰᠢᠨ ᠪᠤᠷᠤ ᠵᠢᠨ ᠳᠤᠬᠠᠢ ᠰᠤᠷᠠᠭ ᠲᠠᠬᠢᠵᠤ ᠰᠤᠨᠤᠰᠳᠠᠭᠰᠠᠨ ᠦᠬᠡᠢ᠃ ᠬᠦᠭᠰᠢᠨ ᠪᠤᠷᠤ ᠮᠢᠨᠢ ᠮᠤᠩᠭᠤᠯ ᠨᠤᠲᠤᠭ᠎ᠤᠨ ᠵᠶ᠋ᠡᠨ ᠤᠰᠤᠨ᠎ᠤ ᠳᠤᠩᠭ᠋ᠠᠯᠠᠭᠢ ᠤᠤᠭᠤᠨ᠂ ᠡᠪᠡᠰᠦᠨ᠎ᠤ ᠰᠤᠷ᠎ᠢ ᠢᠲᠡᠰᠢᠯᠡᠨ ᠶᠠᠪᠤᠭ᠎ᠠ ᠪᠠᠢ᠌ᠯᠬᠦᠢ⁈
ᠠᠷᠭᠤᠮᠠᠭ ᠮᠤᠩᠭᠤᠯ ᠮᠤᠷᠢᠨ᠎ᠤ ᠳᠤᠬᠠᠢ ᠦᠯᠢᠬᠡᠷ ᠤᠴᠠᠷᠠᠯ᠂ ᠭᠠᠢ᠌ᠬᠠᠮᠰᠢᠭᠳᠤ ᠶᠠᠪᠤᠲᠠᠯ ᠳᠤᠮᠤᠭ ᠳᠤᠤᠯᠢ ᠰᠢᠭ ᠠᠮᠠ ᠲᠠᠮᠵᠢᠭᠲᠠᠨ ᠶᠠᠷᠢᠭᠲᠠᠵᠤ᠂ ᠰᠤᠨᠤᠰᠤᠭᠰᠠᠨ ᠪᠦᠬᠦᠨ᠎ᠤ ᠰᠡᠳᠬᠢᠯ᠎ᠢ ᠦᠪᠡᠷ᠎ᠤᠨ ᠡᠷᠬᠡ ᠦᠬᠡᠢ ᠬᠦᠳᠡᠯᠬᠡᠲᠡᠭ ᠰᠠᠨ᠃