ᠰ᠊ · ᠪᠤᠶᠠᠨᠲᠣᠭᠲᠠᠬᠣ ᠵᠣᠬᠢᠶᠠᠪᠠ
ᠭᠣᠪᠢ᠃
ᠦᠴᠦᠭᠡᠳᠦᠷ ᠭᠣᠪᠢᠳᠤ ᠲᠡᠮᠡᠭᠡᠲᠠᠢ ᠤᠷᠣᠭᠰᠠᠨ᠃ ᠮᠠᠷᠭ᠋ᠠᠰᠢᠨᠢ ᠪᠠᠰᠠ ᠯᠠ ᠭᠣᠪᠢᠠᠴᠠ ᠭᠠᠷᠴᠦ ᠴᠢᠳᠠᠭᠠ ᠦᠬᠡᠢ ᠨᠠᠷᠠ ᠰᠢᠩᠭᠡᠵᠣ᠂ ᠰᠠᠷᠠ ᠮᠠᠨᠳᠣᠵᠣ᠂ ᠳᠠᠬᠢᠭ᠋ᠠᠳ ᠨᠠᠷᠠ ᠤᠷᠭᠣᠵᠣ᠂ ᠰᠠᠷᠠ ᠵᠢᠷᠭ᠋ᠠᠵᠤ ᠪᠠᠢ᠌ᠪᠠ᠃
《ᠪᠠᠢ᠌ᠨᠠ ᠦᠦ?》
《ᠪᠠᠢ᠌ᠨᠠ!》 ᠭᠡᠵᠣ ᠭᠣᠪᠢ ᠳᠤ ᠳᠠᠭᠤᠷᠢᠰᠣᠨᠠ᠃ ᠠᠭᠣᠯᠠᠳᠤ ᠢᠩᠬᠢᠵᠤ ᠴᠣᠣᠷᠢᠶᠠ ᠭᠠᠷᠳᠠᠭᠢ ᠲᠡᠷᠡ ᠪᠤᠳᠣᠵᠣ ᠶᠠᠪᠤᠯᠠ᠃ ᠭᠣᠪᠢᠠᠴᠠ ᠭᠠᠷᠬᠣ ᠬᠡᠢ ᠳᠠᠭᠤᠨᠳᠤ ᠦᠪᠡᠷᠠᠴᠠ ᠪᠤᠰᠣᠳᠨᠢ ᠲᠥᠭᠡᠷᠢᠮᠡᠷ ᠰᠠᠨᠠᠭᠳᠠᠨᠠ ᠃
ᠥᠩ ᠦᠷᠭᠡᠨ ᠭᠣᠪᠢᠪᠠᠷ ᠨᠢᠭᠡ ᠯᠠ ᠦᠩᠭᠡ ᠵᠢᠨ ᠬᠥᠬᠡ ᠴᠢᠯᠠᠭᠤᠳᠢ ᠰᠠᠴᠣᠭᠰᠠᠨ ᠮᠡᠳᠦ ᠰᠠᠷᠳᠢᠭ ᠰᠢᠭᠢᠣᠡᠷᠠᠩᠬᠡᠨ ᠦᠷᠭᠦᠯᠵᠢᠯᠡᠨᠡ᠃ ᠶᠡᠬᠡ ᠭᠣᠪᠢ ᠵᠢᠨ ᠭᠦᠨ ᠬᠦᠨᠳᠡᠢᠳᠤ ᠤᠷᠭᠣᠮᠠᠯ ᠬᠠᠷᠠᠬᠳᠠᠬᠣ ᠦᠬᠡᠢ ᠰᠠᠷᠳᠢᠭᠲᠠᠢ ᠪᠤᠷᠣ ᠬᠦᠳᠡᠭᠡ ᠵᠢ ᠬᠠᠷᠠᠵᠣ ᠶᠠᠪᠤᠬᠣ ᠭᠡᠭᠴᠢ ᠨᠢᠳᠦ ᠬᠤᠭᠤᠰᠣᠳᠠᠨᠠ᠃ ᠵᠣᠨ ᠴᠦ᠍ ᠡᠢ᠌ᠮᠦ᠂ ᠡᠪᠣᠯ ᠴᠦ᠍ ᠡᠢ᠌ᠮᠦ᠂ ᠳᠠᠷᠠᠭᠠᠪᠠᠷ ᠢᠷᠡᠬᠦᠳᠤ ᠪᠠᠰᠠ ᠯᠠ ᠬᠡᠪ ᠵᠶ᠋ᠠᠷ ᠵᠶ᠋ᠡᠨ ᠪᠠᠢ᠌ᠳᠠᠭ ᠠᠮᠢ ᠦᠭᠡᠢ ᠤᠷᠴᠢᠯᠠᠩᠤᠨ ᠰᠡᠮᠡᠷᠬᠡᠢ ᠭᠡᠮᠡᠷ ᠨᠢᠳᠣᠨᠳᠤ ᠬᠠᠷᠠᠭᠳᠠᠵᠣ ᠬᠤᠴᠣᠷᠣᠭᠰᠠᠨ ᠪᠦᠬᠦᠨ ᠢ ᠠᠭ᠋ᠠᠷ ᠭᠡᠷᠡᠯ ᠬᠤᠶᠠᠷ ᠲᠡᠯᠠᠨ ᠨᠢᠭᠡ ᠯᠠ ᠬᠥᠭ ᠵᠶ᠋ᠡᠷ ᠬᠠᠭᠤᠷᠠᠢᠪᠠᠷ ᠠᠮᠢᠰᠬᠤᠯᠯᠠᠨᠠ ᠂ ᠲᠤᠮᠣᠭᠠ ᠦᠭᠡᠢ ᠬᠡᠦᠬᠡᠳ ᠭᠠᠵᠠᠷ ᠲᠡᠭᠷᠢ ᠵᠢᠨ ᠲᠡᠭ ᠲᠤᠮᠳᠠᠭᠣᠷ ᠨᠢ ᠱᠤᠭᠣᠮ ᠲᠠᠲᠠᠵᠣ ᠵᠢᠷᠦᠵᠣ ᠲᠠᠯᠪᠢᠭᠰᠠᠨ ᠰᠢᠭ᠋ ᠴᠡᠯᠡᠢ᠌ᠨᠠ᠃ ᠭᠤᠨᠢᠭ ᠲᠠᠢ᠌ᠪᠤᠰᠢᠷᠠᠯᠨᠢ ᠦᠯᠦ ᠮᠡᠳᠡᠭᠳᠡᠬᠦ ᠬᠤᠮᠠᠬᠢ ᠵᠢᠨ ᠲᠡᠳᠦᠢ ᠴᠦ᠍ ᠭ᠋ᠬᠢᠷ ᠦᠭᠡᠢ ᠬᠥᠪ ᠬᠥᠬᠡ ᠲᠡᠭᠷᠢ᠂ ᠡᠨᠡ ᠬᠦ᠌ ᠬᠥᠯ ᠦᠬᠡᠢ ᠠᠭᠣᠵᠢᠷᠬᠠᠨ ᠴᠡᠯᠡᠮᠡᠢ᠌ᠭᠰᠡᠨ ᠭᠣᠪᠢ ᠵᠢᠨ ᠬᠦᠨᠳᠡᠢ ᠯᠠ ᠤᠷᠴᠢᠯᠠᠩᠤᠨ ᠬᠢᠵᠠᠭ᠋ᠠᠷ ᠦᠭᠡᠢ ᠵᠢ ᠲᠠᠨᠢᠭᠣᠯᠣᠨᠠ᠃ ᠵᠢᠷᠦᠬᠡ ᠰᠡᠳᠭᠢᠯᠳᠤ ᠨᠠᠯᠠᠭᠰᠠᠨ ᠪᠦᠬᠦᠨ ᠲᠡᠭᠷᠢ ᠭᠠᠵᠠᠷ ᠬᠤᠶᠠᠷᠠᠴᠠ ᠦᠷᠰᠢᠶᠡ (ᠦᠬᠡᠷᠡ) ᠲᠠᠭ ᠬᠣᠭᠣᠰᠣᠨ ᠵᠠᠢ ᠲᠡᠳᠦᠢ ᠬᠠᠷᠠᠭᠳᠠᠭᠣᠯᠳᠠᠭ ᠪᠤᠯᠬᠣᠷ ᠨᠢᠭᠡ ᠯᠠ ᠤᠢ᠌ᠳᠬᠠᠷᠲᠠᠢ ᠰᠠᠨᠠᠭᠳᠠᠳᠠᠭᠢ ᠬᠦᠮᠦᠰ ᠭᠣᠪᠢ ᠭᠡᠵᠣ ᠶᠠᠷᠢᠳᠠᠭ ᠶᠤᠮ ᠪᠢᠵᠡ ᠦᠦ? ᠲᠡᠭᠡᠬᠦ ᠲᠤᠳᠣᠮ 《ᠭᠣᠪᠢ ᠪᠠᠢ᠌ᠳᠠᠭ ᠰᠢᠭ᠋ ᠪᠠᠢ᠌ᠭᠠ ᠶᠠᠩᠵᠣᠪᠠᠷ ᠵᠶ᠋ᠡᠨ ᠪᠠᠢ᠌ᠵᠤ ᠯᠠ ᠪᠠᠢ᠌ᠨᠠ》 ᠭᠡᠳ ᠬᠠᠯᠢᠷᠠᠵᠣ ᠰᠢᠨᠳᠠᠷᠠᠬᠣ ᠦᠬᠡᠢ ᠮᠡᠲᠦ ᠬᠠᠷᠠᠭ᠋ᠠᠨᠤ ᠦᠵᠦᠭᠦᠷ ᠰᠣᠨᠣᠭ᠋ᠠᠳ ᠪᠠᠢ᠌ᠯᠠ᠃
ᠨᠠᠷᠠᠠᠴᠠ ᠬᠠᠮᠣᠭ ᠣᠢ᠌ᠷᠠᠬᠠᠨ ᠪᠠᠢ᠌ᠬᠣ ᠲᠡᠷᠡ ᠬᠦᠮᠦᠨ ᠲᠡᠮᠡᠭᠡᠨ ᠳᠡᠭᠡᠷᠡ ᠥᠩ ᠦᠷᠭᠡᠨ ᠭᠣᠪᠢ ᠵᠢ ᠲᠤᠭᠣᠯᠣᠨ ᠵᠢᠳᠬᠦᠨᠡ᠃ ᠤᠯᠠᠭᠠ ᠪᠤᠲᠠᠷᠠᠭᠰᠠᠨ ᠭᠣᠪᠢ ᠵᠢᠨ ᠭᠣᠣᠯᠳᠤᠪᠠᠨ ᠵᠣᠣᠬᠠ ᠰᠢᠭ᠋ ᠬᠠᠯᠠᠵᠣ ᠡᠬᠢᠯᠡᠪᠡ᠃ ᠰᠢᠷᠠᠭᠳᠠᠵᠤ ᠪᠠᠢ᠌ᠬᠣ ᠰᠢᠭ᠋ ᠲᠡᠮᠡᠭᠡ ᠠᠩᠭ᠋ᠠᠰᠣᠨ ᠲᠡᠮᠡᠣᠯᠬᠦᠳᠤ ᠲᠤᠯᠤᠭ᠋ᠠᠢ ᠵᠢᠨ ᠤᠷᠣᠢ ᠳᠡᠭᠡᠷᠡᠠᠴᠠ ᠨᠠᠷᠠ ᠶᠠᠭ ᠯᠠ ᠡᠭᠴᠡᠯᠡᠨ ᠲᠣᠰᠴᠦ ᠢᠯᠢᠭᠦᠷᠤᠨ ᠣᠯᠨᠪᠠᠷ ᠬᠠᠭ᠋ᠠᠷᠢᠬᠤ ᠮᠡᠳᠦ ᠪᠦᠭᠴᠢᠮ ᠬᠠᠯᠠᠭᠣᠨᠢ ᠲᠡᠰᠪᠦᠷᠢᠯᠡᠬᠦᠶᠡ ᠪᠡᠷᠬᠡ᠃ ᠰᠠᠯᠬᠢ ᠴᠦ᠍ ᠦᠭᠡᠢ ᠂ ᠵᠢᠪᠠᠷ ᠴᠦ᠍ ᠦᠭᠡᠢ ᠨᠠᠮ ᠵᠢᠮ᠂ ᠣᠨᠲᠠᠵᠣ ᠪᠠᠢ᠌ᠮᠠᠷ ᠠᠮᠢᠲᠠᠨ ᠭᠤᠤᠯᠲᠠᠨ ᠦᠷᠭᠦᠮᠡᠷ ᠡᠵᠠᠬᠦᠢ ᠵᠡᠯᠢᠭᠦᠳ᠂ ᠬᠠᠮᠢᠭ᠋ᠠᠰᠢ ᠪᠠᠨ ᠬᠠᠷᠠᠭᠰᠠᠨ ᠴᠦ᠍ ᠵᠦᠭ ᠴᠢᠭ ᠠᠯᠳᠠᠮᠠᠷ ᠠᠪ ᠠᠳᠠᠯᠢᠬᠠᠨ ᠦᠩᠭᠡᠲᠠᠢ ᠬᠦᠨᠳᠡᠢ ᠠᠭᠣᠳᠠᠮ ᠪᠣᠯᠬᠣᠷ ᠡᠨᠳᠡ ᠠᠮᠢᠲᠠᠨ ᠭᠤᠤᠯᠲᠠᠨ ᠤᠷᠣᠰᠢᠵᠤ ᠪᠠᠢ᠌ᠭᠠ ᠭᠡᠵᠣ ᠬᠡᠯᠡᠵᠣ ᠴᠢᠳᠠᠮᠠᠷ ᠦᠬᠡᠢ ᠦᠶᠡᠷᠲᠤ ᠵᠣᠭᠰᠣᠵᠣ ᠪᠠᠢ᠌ᠬᠤ ᠰᠢᠭ᠋ ᠲᠤᠯᠤᠭ᠋ᠠᠢ ᠡᠷᠭᠢᠨᠡ᠃ ᠬᠦᠮᠦᠨ ᠠᠮᠢᠲᠠᠨᠤ ᠲᠠᠭᠣᠨᠨᠢ ᠲᠠᠰᠣᠷᠠᠭᠰᠠᠨ ᠬᠥᠯᠤᠨ ᠮᠦᠷ ᠪᠠᠯᠠᠷᠰᠢᠭᠰᠠᠨ ᠬᠠᠭᠤᠷᠠᠢ ᠭᠣᠪᠢ ᠡᠢ᠌ᠮᠦ ᠯᠠ ᠶᠠᠩᠵᠣᠪᠠᠷ ᠨᠠᠷᠠᠨᠳᠤ ᠬᠠᠬᠰᠠᠭᠰᠠᠨ ᠴᠢᠯᠠᠭᠤ ᠣᠯᠠᠢ᠌ᠰᠴᠦ᠂ ᠬᠥᠯ ᠲᠤᠤᠷᠠᠠᠴᠠ ᠴᠣᠭ ᠭᠢᠰᠬᠢᠵᠣ ᠶᠠᠪᠤᠭᠠ ᠮᠡᠲᠦ ᠲᠡᠭᠦᠬᠡᠢ ᠬᠦᠯᠦᠰᠦ ᠪᠡᠶᠡᠨᠠᠴᠠ ᠨᠡᠪᠲᠡᠷᠡᠵᠦ ᠬᠠᠮᠠᠷᠲᠤ ᠣᠲᠣᠭᠠ ᠦᠨᠦᠷᠲᠣᠨᠡ᠃ ᠬᠢᠵᠠᠭ᠋ᠠᠷ ᠦᠬᠡᠢ ᠦᠷᠭᠡᠨ ᠬᠦᠨᠳᠡᠢ ᠵᠢ ᠲᠣᠭᠣᠯᠣᠨ ᠲᠣᠭᠣᠯᠲᠠᠯᠠ 《ᠲᠠᠮᠤ》ᠳᠤ ᠰᠢᠷᠭᠣᠯᠠ ᠯᠠ ᠭᠡᠵᠣ ᠮᠠᠳᠡ᠃ ᠲᠡᠰᠪᠤᠷᠢ ᠭᠡᠳᠡᠭᠢ ᠰᠢᠯᠭ᠋ᠠᠳᠠᠭ ᠭᠠᠭᠴᠠ ᠭᠠᠵᠠᠷ ᠴᠢᠨᠢ ᠶᠤᠰᠣᠲᠠᠢ ᠲᠡᠨᠳᠡ ᠪᠠᠢ᠌ᠨᠠ ᠭᠡᠵᠣ ᠬᠦᠳᠡᠭᠡ ᠵᠢᠨ ᠬᠦᠮᠦᠰ ᠶᠠᠷᠢᠳᠠᠭ᠃ ᠬᠤᠷᠠ ᠲᠣᠨᠣᠳᠠᠰᠤ ᠴᠢᠬᠢᠭ ᠨᠤᠢ᠌ᠲᠠᠨ ᠪᠤᠯᠠᠭ ᠱᠠᠩᠲᠠ᠂ ᠡᠪᠡᠰᠦ ᠤᠷᠭᠣᠮᠠᠯ ᠪᠤᠲᠠ ᠪᠤᠷᠭ᠋ᠠᠰᠣ᠂ ᠠᠭᠣᠯᠠ ᠬᠠᠳᠠ ᠤᠢ ᠲᠠᠢ᠌ᠭᠠ ᠥᠭᠡᠷᠡ ᠥᠭᠡᠷᠡ ᠵᠢᠨ ᠦᠩᠭᠡᠲᠠᠢ ᠪᠠᠶᠠᠨ ᠪᠠᠢ᠌ᠭ᠋ᠠᠯᠢ ᠦᠷᠡᠵᠢᠯ ᠲᠦᠭᠡᠮᠡᠯ ᠬᠠᠷᠠᠭᠳᠠᠬᠣ ᠳᠤ ᠡᠨᠡ ᠬᠦᠨᠳᠡᠢᠳᠤ ᠰᠡᠷᠢᠭᠦᠴᠡᠴᠢᠬᠡᠮᠡᠷ ᠰᠡᠭᠦᠳᠡᠷ ᠲᠣᠰᠬᠣ ᠭᠠᠵᠠᠷ ᠶᠠᠭ ᠣᠯᠳᠠᠬᠣ ᠦᠬᠡᠢ ᠲᠠᠭᠠ ᠦᠬᠡᠢ ᠴᠦ᠍ ᠭᠡᠰᠡᠨ ᠲᠤᠭᠤᠯᠵᠣ ᠯᠠ ᠲᠠᠭ᠋ᠠᠷᠠᠨᠠ᠃ ᠲᠤᠭᠤᠯᠵᠣ ᠭᠠᠷᠬᠣᠠᠴᠠ ᠲᠤᠭᠤᠷᠢᠵᠣ ᠭᠠᠷᠴᠦ ᠴᠢᠳᠠᠳᠠᠭ ᠦᠭᠡᠢ ᠳᠠᠪᠠᠭᠠ ᠲᠡᠷᠡ ᠮᠦᠨ ᠳ᠋ᠠ᠃ ᠲᠡᠨᠳᠡ ᠮᠠᠭᠤᠵᠢᠷᠠᠭ᠋ᠠᠳ ᠤᠢ᠌ᠴᠢᠯᠠ ᠭᠡᠬᠦᠳᠤ ᠪᠤᠰᠴᠦ ᠴᠢᠳᠠᠬᠣ ᠦᠬᠡᠢ ᠪᠣᠯ ᠬᠠᠲᠠᠭᠰᠠᠨ ᠭᠦᠵᠡᠭᠡ ᠰᠢᠭ ᠪᠣᠷᠴᠠ ᠪᠤᠯᠬᠣᠠᠴᠠ ᠠᠯᠵᠠᠰᠢ ᠦᠭᠡᠢ ᠵᠢ ᠶᠠᠭ᠋ᠠᠬᠢᠶᠠ ᠭᠡᠬᠦ ᠪᠣᠢ? ᠠᠵᠠ ᠮᠡᠳᠡᠭᠰᠡᠨ ᠣᠴᠢᠷ ᠶᠤᠮ᠃
ᠲᠡᠮᠡᠭᠡᠲᠠᠢ ᠬᠦᠮᠦᠨ ᠶᠠᠪᠤᠭ᠋ᠠᠳ ᠪᠠᠢ᠌ᠯᠠ᠃ ᠲᠤᠬᠤᠮᠤᠨ ᠴᠢᠨᠡᠭᠡᠨ ᠡᠭᠦᠯᠡ ᠬᠦᠷᠲᠡᠯᠡ ᠵᠠᠯᠬᠠᠭᠣᠷᠠᠭᠰᠠᠨ ᠮᠡᠲᠦ ᠲᠡᠨᠡᠭᠦᠨᠳᠤᠪᠠᠨ ᠶᠠᠳᠠᠷᠠᠭᠰᠠᠨ ᠰᠢᠨᠵᠢᠲᠠᠢ ᠨᠢᠭᠡ ᠲᠠᠰᠣᠷᠠᠭ᠋ᠠᠳ ᠨᠢᠭᠡ ᠬᠤᠷᠠᠭ᠋ᠠᠳ ᠡᠳᠦᠷᠤᠨ ᠵᠠᠮ ᠳᠥᠬᠦᠬᠦ ᠦᠭᠡᠢ ᠰᠠᠨᠠᠭᠳᠠᠨᠠ᠃ ᠰᠢᠲᠠᠮᠠ ᠨᠠᠷᠠᠨᠳᠤ ᠳᠡᠩᠳᠡᠭᠦᠦ ᠵᠦᠳᠡᠷᠡᠵᠦ ᠲᠡᠭᠦᠨᠤ ᠴᠢᠰᠦᠨᠢ ᠬᠦᠭᠡᠷᠴᠦ ᠲᠤᠯᠤᠭ᠋ᠠᠢ ᠨᠢ ᠡᠷᠭᠢᠨᠡ᠃ ᠲᠡᠷᠡ ᠮᠠᠨᠢ ᠵᠢᠳᠬᠦᠭᠡᠳ ᠪᠠᠢ᠌ᠯᠠ᠃ ᠬᠠᠲᠠᠵᠣ ᠬᠠᠯᠠᠵᠤ ᠶᠠᠪᠤᠭ᠋ᠠᠳ ᠰᠡᠭᠦᠳᠡᠷᠲᠠᠢ ᠠᠮᠢᠲᠠᠨᠠᠴᠠ ᠭᠠᠭᠴᠠ ᠬᠤᠶᠠᠷ ᠬᠤᠯᠠᠨ ᠵᠢᠷᠦᠭᠠ (ᠭᠣᠪᠢ ᠵᠢᠨ ᠰᠢᠪᠠᠭᠣ)ᠲᠠᠢ ᠵᠠᠮᠳᠤ ᠲᠠᠭ᠋ᠠᠷᠠᠯᠳᠤᠪᠠ᠃ ᠨᠣᠬᠠᠢ ᠳᠣᠯᠢᠶᠠᠬᠣ ᠡᠭᠦᠯᠨ ᠦᠬᠡᠢ ᠨᠢᠴᠦᠭᠦᠨ ᠬᠦᠳᠡᠭᠡᠳᠤ ᠬᠠᠯᠠᠭ᠋ᠠᠳ ᠲᠡᠰᠬᠦ ᠦᠬᠡᠢ ᠳᠤᠪᠠᠨ ᠲᠡᠮᠡᠭᠡᠨᠠᠴᠠᠪᠠᠨ ᠪᠠᠭᠤᠭ᠋ᠠᠳ ᠰᠡᠷᠢᠭᠦᠴᠡᠨᠡ᠃ ᠬᠣᠯᠠ ᠭᠠᠵᠠᠷᠢ ᠡᠪᠬᠡᠵᠣ ᠢᠷᠡᠭᠰᠡᠨ ᠣᠨᠣᠭᠠ ᠰᠠᠯᠲᠠᠭ᠋ᠠᠨᠳᠤᠪᠠᠨ ᠬᠠᠪᠴᠢᠵᠣ ᠶᠠᠪᠤᠭᠰᠠᠨ ᠳᠠᠪᠤᠰᠠᠩ ᠵᠶ᠋ᠠᠨ ᠲᠠᠢ᠌ᠪᠤᠭᠤᠬᠠᠨ ᠰᠣᠯᠠᠳᠬᠠᠵᠣ ᠬᠡᠳᠦᠨ ᠰᠢᠷᠬᠡᠭ ᠨᠣᠭᠣᠭ᠋ᠠᠨ ᠠᠷᠭ᠋ᠠᠯ ᠤᠨᠠᠭ᠋ᠠᠪᠠ᠃ ᠲᠡᠮᠡᠭᠡᠨᠤ ᠬᠡᠪᠢᠯᠭᠡ ᠵᠢᠨ ᠨᠣᠭᠣᠭ᠋ᠠᠨᠤ ᠬᠤᠷᠴᠠ ᠦᠨᠦᠷ ᠬᠠᠩᠬᠣᠯᠵᠣ ᠵᠢᠪᠠᠷ ᠲᠤᠤᠷᠠᠠᠴᠠ ᠢᠯᠠᠭᠠ ᠪᠠᠲᠠᠭ᠋ᠠᠨᠠ ᠬᠤᠷᠠᠨ ᠴᠣᠭᠯᠠᠭ᠋ᠠᠳ ᠨᠣᠭᠣᠭ᠋ᠠᠨ ᠠᠷᠭ᠋ᠠᠯᠢ ᠲᠣᠭᠣᠷᠢᠵᠣ ᠦᠩᠭᠢᠨᠡᠨᠠ᠃ ᠲᠡᠷᠡ ᠬᠡᠳᠦ ᠪᠠᠶᠠᠷᠯᠠᠵᠣ ᠬᠦᠭᠡᠷᠦᠭᠰᠡᠨ ᠰᠡᠳᠭᠢᠯᠭᠡᠪᠠᠨ ᠲᠠᠲᠠᠵᠣ ᠶᠠᠳᠠᠨ ᠪᠦᠷ ᠴᠣᠭ ᠵᠢᠪᠬᠤᠭᠠᠲᠠᠢ ᠨᠢᠰᠴᠦ ᠬᠠᠷᠠᠭᠳᠠᠨᠠ᠃ ᠵᠠᠷᠢᠮᠨᠢ ᠬᠦᠮᠦᠨ ᠰᠢᠭ ᠨᠢᠭᠡᠨ ᠨᠢᠭᠡᠨ ᠵᠶ᠋ᠡᠨ ᠲᠡᠪᠡᠷᠢᠭᠡᠳ ᠠᠪᠤᠨᠠ᠃ ᠪᠠᠰᠠ ᠨᠢᠭᠡ ᠬᠤᠶᠠᠷᠨᠢ ᠳᠣᠮᠳᠠᠪᠠᠨ ᠵᠤᠳᠣᠷᠠᠯᠳᠠᠵᠣ ᠪᠠᠢ᠌ᠬᠣ ᠶᠠᠩᠵᠣᠳᠠᠢ ᠨᠣᠢ᠌ᠲᠠᠨ ᠠᠷᠭ᠋ᠠᠯᠤᠨ ᠳᠡᠭᠡᠷᠡ ᠰᠠᠭᠣᠬᠣ ᠵᠠᠪ ᠦᠭᠡᠢ ᠨᠢᠰᠴᠦ ᠲᠤᠭᠤᠷᠢᠭ᠋ᠠᠳ ᠴᠠᠭᠳᠠᠨ ᠪᠠᠢ᠌ᠯᠠ᠃ ᠨᠢᠭᠡ ᠠᠮᠢᠲᠠᠨ ᠰᠦᠷᠲᠡᠢ ᠳᠠᠭᠣ ᠭᠠᠷᠭ᠋ᠠᠵᠣ ᠲᠡᠷᠭᠡᠳᠡᠨᠢ ᠢᠷᠡᠪᠠ᠃ ᠶᠠᠭᠤ ᠪᠠᠢ᠌ᠨᠠ ᠭᠡᠵᠣ ᠰᠠᠨᠠᠨᠠ? ᠶᠠᠭ᠋ᠠᠨ ᠰᠣᠭᠣᠨᠢ ᠬᠦᠪᠬᠡᠯᠵᠡᠭᠰᠡᠨ ᠬᠠᠪᠲᠠᠭ᠋ᠠᠢ ᠪᠤᠷᠣ ᠲᠤᠯᠣᠭ᠋ᠠᠢᠲᠠᠢ ᠬᠣᠨᠢᠨ ᠬᠦᠷᠪᠡᠯ ᠨᠤᠭᠣᠭ᠋ᠠᠨ ᠠᠷᠭ᠋ᠠᠯ ᠤᠨ ᠳᠡᠷᠭᠡᠳᠡ ᠤᠳᠣᠵᠣ ᠢᠷᠡᠭᠡᠳ᠂ ᠶᠠᠮᠠᠷ ᠴᠦ᠍ ᠡᠷᠡᠭᠡ ᠵᠢᠨᠵᠠᠢ ᠦᠬᠡᠢ ᠴᠡᠭᠡᠵᠢᠪᠠᠨ ᠡᠷᠭᠦᠨ᠂ ᠰᠡᠭᠦᠯ ᠵᠶ᠋ᠡᠨ ᠵᠣᠭᠣᠰᠯᠠᠵᠣ᠂ ᠶᠠᠭᠣ ᠨᠢᠭᠡ ᠵᠢ ᠲᠠᠰᠢᠭᠣᠷᠳᠠᠬᠣᠪᠠᠷ ᠪᠡᠯᠡᠨ ᠪᠠᠢ᠌ᠮᠠᠷ ᠤᠮᠣᠭᠲᠠᠢ ᠬᠠᠷᠠᠭᠳᠠᠨᠠ᠃ ᠰᠡᠭᠦᠯ ᠴᠠᠭ᠋ᠠᠷᠢᠭᠯᠠᠭᠰᠠᠨ ᠡᠨᠡ ᠬᠦᠭᠡᠷᠦᠬᠦᠨ ᠠᠮᠢᠲᠠᠨ ᠲᠡᠮᠡᠭᠡᠨᠠᠴᠠ ᠦᠨᠳᠦᠷ ᠨᠢᠰᠳᠡᠭ ᠠᠮᠢᠲᠠᠨᠢ ᠭᠠᠵᠠᠷ ᠪᠠᠭᠤᠬᠣᠳᠤ ᠴᠢᠳᠠᠵᠣ ᠤᠷᠬᠢᠳᠠᠭ ᠭᠦᠭᠤᠨ ᠠᠮᠢᠲᠠᠨ ᠶᠤᠮ᠃ ᠰᠦᠷᠳᠡᠭᠦᠯᠦᠯᠳᠤ ᠣᠴᠠᠷᠠᠭᠰᠠᠨ ᠢᠯᠠᠭᠠ ᠪᠠᠲᠠᠭ᠋ᠠᠨᠠ ᠨᠢᠭᠡ ᠮᠡᠳᠡᠬᠦᠳᠤ ᠪᠦᠷ ᠨᠢᠰᠴᠦ ᠠᠯᠠᠭᠠ ᠪᠤᠯᠪᠠ᠃ ᠬᠡᠳᠦᠨ ᠡᠳᠦᠷ ᠠᠮᠢᠲᠠᠢ ᠭᠣᠣᠯᠲᠠᠢᠠᠴᠠ ᠲᠡᠮᠡᠭᠡᠲᠠᠢ ᠬᠤᠶᠠᠭᠣᠯᠠᠬᠠᠨ ᠶᠠᠪᠤᠵᠣ ᠢᠷᠡᠭᠰᠡᠨ ᠲᠡᠷᠡᠪᠠᠷ ᠲᠡᠷᠭᠡᠳᠡᠨᠢ ᠨᠢᠰᠴᠦ ᠢᠷᠡᠭᠰᠡᠨ᠂ ᠮᠦᠯᠬᠦᠵᠦ ᠢᠷᠡᠭᠰᠡᠨ ᠠᠮᠢᠲᠠᠨᠢ ᠵᠦᠩᠳᠡᠭᠡᠨ ᠭᠠᠢ᠌ᠬᠠᠪᠠ᠃ ᠬᠦᠳᠡᠭᠡ ᠵᠢᠨ ᠬᠤᠨᠢᠨ ᠭᠦᠷᠪᠡᠯ ᠪᠦᠭᠡᠷᠡᠭ ᠪᠤᠲᠠ ᠬᠡᠷᠦᠭᠡᠳ ᠳᠠᠪᠬᠢᠵᠣ ᠯᠠ ᠪᠠᠢ᠌ᠳᠠᠭ᠃ ᠡᠯᠡᠰᠣᠨ ᠤ ᠬᠤᠨᠢᠨ ᠭᠦᠷᠪᠡᠯ ᠪᠠᠶᠡᠪᠠᠷ ᠠᠷᠠᠢ ᠲᠤᠮᠤ ᠭᠡᠳᠡᠰᠦᠨᠢ ᠪᠦᠳᠦᠭᠦᠨ ᠪᠠᠢ᠌ᠳᠠᠭ ᠳ᠋ᠠ᠃ ᠭᠣᠪᠢ ᠵᠢᠨ ᠬᠤᠨᠢᠨ ᠬᠦᠷᠪᠡᠯ ᠨᠥᠭᠦᠭᠡ ᠬᠤᠶᠠᠷ ᠵᠶ᠋ᠠᠨ ᠪᠤᠳᠣᠪᠠᠯ ᠰᠣᠢ᠌ᠭᠰᠠᠨ ᠮᠣᠷᠢ ᠰᠢᠭ᠋ ᠠᠷᠠᠢ ᠨᠠᠷᠢᠨ ᠤᠷᠲᠦ ᠪᠠᠶᠡᠲᠠᠢ ᠬᠤᠷᠴᠠ ᠱᠠᠯᠠᠮᠠᠭ᠋ᠠᠢ ᠬᠦᠶᠦᠳᠡᠯᠲᠠᠢ ᠬᠠᠷᠠᠭᠳᠠᠨᠠ᠃ ᠬᠡᠦᠬᠡᠳ ᠪᠠᠢ᠌ᠬᠣᠳᠤ ᠰᠡᠭᠦᠯᠢᠨᠢ ᠲᠠᠰᠣᠳᠠᠭ᠋ᠠᠳ ᠬᠠᠶᠠᠬᠣᠳᠤ ᠰᠡᠭᠦᠯᠨᠢ ᠦᠰᠦᠷᠦᠭᠡᠳ ᠬᠣᠴᠣᠷᠳᠠᠭ᠃ ᠶᠠᠷᠦᠠᠴᠠ ᠡᠳᠡᠭᠡᠷ ᠠᠮᠢᠲᠠᠳᠢ ᠲᠤᠭᠤᠵᠣ ᠬᠠᠷᠠᠳᠠᠭ ᠦᠬᠡᠢ ᠪᠠᠢ᠌ᠭᠰᠠᠨᠠᠴᠠ ᠭᠠᠢ᠌ᠬᠠᠭᠰᠠᠨ ᠨᠢᠳᠦᠪᠠᠷ ᠰᠢᠷᠲᠡᠨ ᠡᠷᠡᠦᠪᠠᠨ ᠢᠯᠢᠪᠠ᠃ ᠬᠤᠨᠢᠨ ᠬᠦᠷᠪᠡᠯ ᠦᠨᠳᠡᠯᠵᠡᠵᠦ ᠶᠠᠭᠣᠮᠠ ᠬᠠᠢ᠌ᠵᠣ ᠪᠠᠢ᠌ᠯᠠ᠃ ᠲᠣᠭᠣᠯᠵᠣ ᠭᠠᠷᠣᠰᠢ ᠦᠬᠡᠢ ᠭᠣᠪᠢ ᠲᠠᠯᠠ ᠵᠢ ᠢᠯᠠᠭᠠ ᠪᠠᠲᠠᠭ᠋ᠠᠨᠠ ᠠᠮᠢᠳᠦᠷᠠᠵᠣ ᠪᠠᠢ᠌ᠳᠠᠭᠲᠤ ᠰᠣᠨᠢᠷᠬᠠᠯ ᠲᠦᠷᠦᠪᠡ᠃ ᠢᠯᠠᠭᠠ ᠪᠠᠲᠠᠭ᠋ᠠᠨᠠ ᠬᠡᠳᠦᠢ᠌ᠨ ᠬᠤᠨᠢᠨ ᠬᠦᠷᠪᠡᠯ ᠦᠰᠦᠷᠦᠭᠡᠳ ᠬᠦᠷᠬᠦ ᠦᠬᠡᠢ ᠲᠡᠮᠡᠭᠡᠨᠤ ᠲᠤᠯᠣᠭ᠋ᠠᠢ ᠵᠢᠨ ᠬᠠᠪᠢᠪᠠᠷ ᠡᠷᠭᠢᠯᠳᠦᠨ ᠪᠠᠢ᠌ᠨᠠ᠃ ᠪᠠᠢ᠌ᠨ ᠪᠠᠢ᠌ᠨ ᠲᠡᠮᠡᠭᠡᠨᠤ ᠪᠤᠷᠣ ᠨᠢᠳᠦᠨᠤ ᠵᠣᠪᠬᠢᠨᠳᠤ ᠨᠢᠰᠴᠦ ᠪᠠᠭᠣᠭ᠋ᠠᠳ ᠥᠭᠯᠢᠭᠡ ᠵᠢᠨ ᠡᠵᠠᠨᠨᠢ ᠪᠠᠢ᠌ᠨᠠ ᠭᠡᠵᠣ ᠠᠮᠣᠷ ᠵᠠᠶᠠᠭᠠ ᠦᠵᠡᠭᠦᠯᠬᠦ ᠦᠭᠡᠢ ᠯᠣᠣᠬᠠᠲᠠᠢ ᠨᠢᠯᠪᠤᠰᠣᠨᠠᠴᠠ ᠤᠮᠳᠠ ᠬᠠᠷᠢᠭᠣᠯᠬᠣ ᠭᠡᠵᠣ ᠭᠤᠷᠢᠯᠠᠭᠰᠠᠨ ᠪᠢᠵᠡ᠃ ᠠᠮᠢᠪᠠᠨ ᠪᠤᠲᠣᠬᠣ ᠦᠬᠡᠢ ᠠᠮᠢᠲᠠᠨ ᠭᠡᠵᠦ ᠶᠠᠭᠤ ᠪᠠᠢ᠌ᠳᠠᠭᠢ ᠬᠡᠳᠦᠨ ᠡᠳᠦᠷ ᠣᠢ᠌ᠳᠴᠦ ᠶᠠᠪᠤᠭᠰᠠᠨ ᠲᠡᠷᠡ ᠠᠮᠢᠲᠠᠨᠤ ᠬᠣᠭᠣᠷᠣᠨᠳᠦᠬᠢ ᠭᠠᠷᠴᠦ ᠪᠣᠯᠬᠣ ᠲᠡᠮᠡᠴᠡᠯᠢ ᠤᠢ᠌ᠭᠠ ᠦᠬᠡᠢ ᠬᠠᠷᠠᠴᠠᠪᠠᠷ ᠬᠠᠢ᠌ᠨ ᠰᠢᠷᠲᠡᠭᠰᠡᠭᠡᠷ᠃ ᠲᠡᠮᠡᠭᠡᠨᠤ ᠬᠥᠯ ᠲᠤᠤᠷᠠ ᠭᠠᠵᠠᠷ ᠴᠣᠬᠣᠷᠯᠠᠭᠰᠠᠨ ᠲᠡᠷᠡ ᠵᠢᠭ᠋ᠠᠬᠠᠨ ᠴᠢᠬᠢᠭ ᠠᠯᠢ ᠬᠡᠳᠦᠢ᠌ᠨ ᠬᠠᠲᠠᠵᠠᠢ᠃ ᠬᠡᠷᠪᠡ ᠲᠡᠮᠡᠭᠡᠲᠠᠢ ᠲᠣᠭᠣᠯᠵᠣ ᠢᠷᠡᠭᠰᠡᠨ ᠦᠬᠡᠢ ᠪᠣᠯ ᠡᠨᠡ ᠵᠢᠵᠢᠭ ᠠᠮᠢᠲᠠᠳ ᠶᠠᠭᠣᠪᠠᠷ ᠬᠣᠭᠣᠯᠠᠯᠠᠵᠣ ᠶᠠᠪᠤᠳᠠᠭᠢ ᠮᠡᠳᠡᠬᠦ ᠦᠬᠡᠢ᠃ ᠡᠨᠡ ᠶᠠᠬᠡ ᠭᠣᠪᠢ ᠬᠥᠳᠡᠭᠡ ᠠᠮᠢ ᠠᠮᠢᠪᠠᠨ ᠬᠠᠷᠠᠭᠰᠠᠨ ᠠᠮᠢᠲᠠᠨ ᠬᠠᠮᠢᠭᠠᠨᠢ ᠠᠮᠢ ᠠᠮᠢᠨᠳᠤᠪᠠᠨ ᠪᠦᠬᠡᠵᠢᠵᠣ ᠢᠷᠡᠭᠰᠡᠨ ᠬᠠᠴᠢᠷᠬᠠᠯᠢ ᠲᠦᠷᠦᠭᠦᠯᠦᠨᠡ᠃
ᠲᠡᠷᠡ ᠣᠨᠣᠭᠠᠪᠠᠨ ᠠᠯᠳᠠᠬᠣᠠᠴᠠ ᠬᠢᠴᠢᠶᠡᠵᠦ ᠪᠤᠷᠠᠨᠳᠠᠭ ᠤᠨ ᠦᠵᠦᠭᠦᠷᠠᠴᠠᠪᠠᠨ ᠪᠦᠬᠡ ᠪᠠᠷᠢᠵᠣ ᠲᠡᠮᠡᠭᠡᠨᠤ ᠰᠡᠭᠦᠳᠡᠷᠲᠤ ᠲᠡᠩᠭᠡᠯ ᠲᠠᠰᠣᠷᠠᠭ᠋ᠠᠳ ᠤᠳᠠᠭ᠋ᠠᠨ ᠭᠡᠪᠲᠡᠪᠡ᠃ ᠣᠪᠤᠤ ᠰᠡᠭᠡᠬᠦ ᠰᠢᠭ ᠤᠢ ᠲᠣᠢ ᠭᠡᠢ᠌ᠵᠣ ᠪᠠᠢ᠌ᠪᠠ᠃ ᠰᠡᠭᠦᠯᠤᠨ ᠬᠤᠶᠠᠷ ᠡᠳᠦᠷ ᠭᠣᠪᠢᠳᠤ ᠶᠠᠪᠤᠵᠣ ᠢᠷᠡᠭᠰᠡᠨᠳᠤᠪᠠᠨ 《ᠭᠡᠷ ᠲᠤᠪᠠᠨ ᠵᠦᠭᠡᠷ ᠬᠡᠪᠳᠡᠵᠣ ᠪᠠᠢ᠌ᠬᠣ ᠦᠬᠡᠢ ᠦᠭᠦᠭᠰᠡᠨ ᠵᠶ᠋ᠡᠨ ᠬᠢᠵᠣ ᠡᠨᠳᠡ ᠢᠷᠡᠭᠰᠡᠨ ᠪᠤᠢ》 ᠭᠡᠵᠣ ᠬᠠᠷᠠᠮᠰᠠᠪᠠ᠃ ᠨᠢᠳᠦ ᠪᠠᠨ ᠠᠷᠠᠢ ᠴᠠᠷᠠᠢ ᠨᠡᠭᠡᠭᠡᠬᠦᠳᠤ ᠨᠠᠷᠠ ᠪᠠᠷᠠᠭᠣᠨ ᠨᠠᠢᠳᠤ ᠲᠠᠰᠢᠵᠠᠢ᠃ ᠵᠠᠮᠳᠤ ᠶᠠᠪᠤᠵᠣ ᠪᠠᠢ᠌ᠬᠣᠳᠤ ᠣᠨᠣᠵᠣ ᠶᠠᠪᠤᠭᠠ ᠲᠡᠮᠡᠭᠡᠨᠢ ᠲᠤᠯᠣᠭ᠋ᠠᠢ ᠤᠷᠣᠭᠣᠯ ᠵᠶ᠋ᠠᠨ ᠰᠡᠭᠰᠦᠷᠦᠭᠡᠳ ᠬᠠᠴᠢᠨ ᠪᠠᠢ᠌ᠭᠰᠠᠨ ᠪᠤᠯᠬᠣᠷ 《ᠵᠣᠷᠢᠭᠰᠠᠨ ᠠᠵᠢᠯ ᠰᠠᠭ᠋ᠠᠳ ᠭᠠᠷᠣᠨᠠ》 ᠭᠡᠵᠣ ᠰᠡᠵᠢᠭ ᠬᠦᠷᠴᠦ ᠪᠠᠢ᠌ᠭᠰᠠᠨ ᠶᠤᠮ᠃ ᠨᠠᠷᠠ ᠵᠢ ᠬᠠᠷᠠᠪᠠᠯ ᠶᠠᠪᠤᠭᠰᠠᠨ ᠵᠦᠭ ᠲᠠᠭ᠋ᠠᠷᠠᠵᠣ ᠪᠠᠢ᠌ᠬᠣ ᠪᠤᠯᠪᠠᠴᠦ ᠠᠷᠠᠢ ᠵᠢᠭ᠋ᠠᠬᠠᠨ ᠵᠡᠭᠦᠨ ᠨᠠᠢᠳᠤ ᠤᠷᠣᠭᠰᠠᠨ ᠮᠡᠲᠤ ᠪᠦᠷ ᠰᠡᠭᠦᠯᠳᠡᠭᠡᠳ ᠬᠡᠳᠦ ᠵᠡᠭᠦᠨᠰᠢᠯᠡᠭᠰᠡᠨ ᠵᠶ᠋ᠠᠨ ᠣᠬᠠᠭ᠋ᠠᠷᠠᠵᠠᠢ᠃
ᠣᠷᠣᠢ ᠲᠡᠭᠡᠷᠡᠨᠢ ᠡᠯᠢᠶᠡ ᠢᠨᠴᠠᠭ᠋ᠠᠨ ᠰᠡᠭᠦᠳᠡᠷᠨᠢ ᠭᠠᠵᠠᠷ ᠠᠷᠴᠢᠨ ᠦᠩᠭᠡᠷᠡᠪᠡ᠃ ᠳᠠᠯᠠᠪᠴᠢ ᠵᠢᠨᠢ ᠵᠦᠰᠦᠭᠰᠡᠨ ᠰᠡᠷᠢᠭᠦᠨ ᠵᠢᠪᠠᠷ ᠢᠰᠬᠡᠷᠬᠦ ᠮᠡᠲᠦ ᠪᠠᠬᠠᠷᠬᠠᠨᠠ᠃ 《ᠪᠢ ᠡᠨᠡᠭᠦᠨ ᠰᠢᠭ ᠨᠢᠰᠴᠦ ᠴᠢᠳᠠᠪᠠᠯ ᠤᠭᠲᠠᠷᠭᠤᠢ ᠵᠢᠨ ᠴᠡᠭᠡᠯᠳᠤ ᠶᠡᠬᠡ ᠳᠠᠯᠠᠢᠳᠤ ᠱᠣᠮᠪᠠᠬᠤ ᠵᠢᠭ᠋ᠠᠰᠤ ᠮᠡᠲᠦ ᠮᠦᠷ ᠦᠯᠡᠳᠡᠭᠡᠬᠦ ᠦᠬᠡᠢ ᠳᠡᠭᠦᠯᠢᠨᠡ᠃ ᠰᠠᠯᠬᠢᠨ ᠵᠢᠪᠠᠷᠲᠤ ᠪᠦᠷ ᠦᠨᠳᠦᠷ ᠨᠢᠰᠣᠨᠡ》 ᠭᠡᠵᠣ ᠪᠤᠳᠣᠪᠠ᠃ ᠬᠤᠪᠢ ᠵᠠᠶᠠᠭᠠ ᠬᠤᠪᠢᠨᠳᠤᠪᠠᠨ ᠪᠠᠢ᠌ᠳᠠᠭ ᠪᠤᠯᠵᠣᠰᠢ ᠦᠬᠡᠢ ᠦᠷᠡ ᠳ᠋ᠦᠩᠳᠤ ᠬᠦᠷᠬᠦᠠᠴᠠ ᠥᠪᠡᠷᠢᠪᠠᠨ ᠰᠡᠷᠡᠮᠵᠢᠯᠡᠭᠦᠯᠵᠦ᠂ ᠬᠤᠷᠲᠣᠬᠠᠨ ᠰᠢᠭ᠋ ᠭᠣᠪᠢ ᠵᠢ ᠲᠤᠭᠤᠯᠵᠣ ᠭᠠᠷᠠᠠᠦ ᠵᠢ ᠬᠢᠴᠢᠶᠡᠨᠡ᠃
ᠲᠡᠮᠡᠭᠡᠲᠠᠢ ᠬᠦᠮᠦᠨ ᠶᠠᠪᠤᠭ᠋ᠠᠳ ᠪᠠᠢ᠌ᠯᠠ! ᠦᠳᠡᠰᠢ ᠭᠠᠯ ᠲᠦᠯᠡᠵᠦ ᠱᠠᠭ᠋ᠠᠭ ᠨᠦᠷᠦᠮᠳᠠᠵᠣ ᠴᠠᠢ ᠴᠢᠨᠠᠵᠤ ᠣᠣᠭᠣᠬᠣ ᠵᠢ ᠪᠤᠳᠣᠵᠣ᠂ ᠪᠤᠲᠠᠲᠠᠢ ᠭᠠᠵᠠᠷ ᠬᠠᠢ᠌ᠵᠣ ᠶᠠᠳᠠᠷᠠᠭᠰᠠᠨ ᠵᠶ᠋ᠠᠨ ᠮᠠᠷᠲᠠᠵᠣ ᠡᠬᠢᠯᠡᠪᠡ᠃ ᠪᠤᠷᠲᠣᠭᠣᠲᠠᠢ ᠣᠰᠤᠨᠢ ᠬᠠᠰᠣᠭᠳᠠᠭᠰᠠᠭ᠋ᠠᠷ ᠪᠠᠢ᠌ᠯᠠ᠃ ᠶᠠᠭᠣ ᠴᠦ᠍ ᠭᠡᠰᠡᠨ ᠬᠠᠯᠠᠭᠣᠨ ᠴᠠᠢ ᠬᠡᠯᠡᠨ ᠳᠡᠭᠡᠷᠡᠪᠠᠨ ᠲᠠᠯᠪᠢᠭᠰᠠᠨ ᠦᠬᠡᠢ ᠣᠪᠣᠭᠠ ᠬᠡᠳᠦ ᠬᠤᠨᠣᠵᠡᠢ᠃ ᠬᠠᠶᠨ ᠨᠢᠭᠡ ᠪᠤᠲᠠ ᠪᠤᠳᠤᠷᠭ᠋ᠠᠨᠠ ᠬᠠᠷᠠᠭᠳᠠᠬᠣᠯᠠᠷ ᠭᠡᠳᠡᠰᠦ ᠲᠤᠮᠳᠠᠭᠣᠷ ᠶᠠᠪᠤᠭᠰᠠᠨ ᠲᠡᠮᠡᠭᠡᠨ ᠳᠤᠪᠠᠨ ᠠᠮᠠᠨ ᠵᠠᠪᠠ ᠭᠠᠷᠭ᠋ᠠᠭᠰᠠᠨ ᠲᠡᠳᠦᠢ ᠬᠡᠳᠦᠬᠡᠨ ᠵᠣᠯᠭ᠋ᠠᠭ᠋ᠠᠬᠤᠳᠤ ᠬᠦᠬᠡᠷᠡᠭᠰᠡᠨ ᠪᠤᠲᠠ ᠬᠤᠪᠠᠬᠠᠢ᠌ᠷᠠᠭ᠍ᠣ ᠠᠵᠢ᠃ ᠲᠡᠮᠡᠭᠡ ᠴᠦ᠍ ᠬᠡᠪᠢᠯᠭᠡ ᠰᠢᠩᠭᠡᠷᠡᠵᠣ ᠰᠢᠳᠦᠨᠢ ᠬᠢᠬᠤᠨᠠᠬᠤ ᠪᠤᠯᠪᠠ᠃ ᠪᠡᠶᠡ ᠪᠡᠶᠡᠳᠤᠪᠠᠨ ᠲᠦᠰᠢᠭ ᠪᠣᠯᠣᠭᠰᠠᠨ ᠡᠨᠡ ᠣᠨᠣᠭ᠋ᠠᠨᠠᠴᠠ ᠰᠠᠯᠪᠠᠯ ᠬᠥᠯ ᠳᠦᠷᠦᠭᠡᠯᠡᠬᠦ ᠶᠠᠭᠣᠮᠠ ᠦᠬᠡᠢ ᠭᠠᠬᠠᠢ ᠶᠠᠪᠠᠭ᠋ᠠᠨ ᠪᠤᠯᠬᠣ ᠠᠶᠣᠯ ᠤᠢ᠌ᠷᠬᠠᠨ ᠪᠠᠢ᠌ᠪᠠ᠃
ᠨᠠᠷᠠ ᠭᠠᠨᠵᠤᠭ᠋ᠠᠨᠠᠴᠠ ᠤᠶᠠᠭᠠᠲᠠᠢ ᠶᠤᠮ ᠰᠢᠭ᠋ ᠲᠡᠨᠳᠡᠪᠠᠨ ᠲᠡᠭᠦᠵᠢᠯᠡᠭᠳᠡᠭᠡᠳ ᠵᠢᠷᠭ᠋ᠠᠠᠠᠣ ᠨᠠᠷᠠᠨᠤ ᠳᠣᠯᠣᠩ ᠲᠤᠶᠠᠭ᠋ᠠᠨᠳᠤ ᠶᠠᠭ᠋ᠠᠬᠢᠵᠣ ᠶᠠᠪᠤᠭ᠋ᠠᠳ ᠲᠡᠷᠡ ᠭᠡᠷᠡᠯᠤᠨ ᠬᠦᠨᠳᠡᠢᠪᠠᠷ ᠰᠢᠷᠭᠣᠵᠣ ᠭᠠᠷᠬᠣ ᠵᠢ ᠶᠠᠭ᠋ᠠᠷᠠᠨᠠ᠃ ᠲᠡᠷᠡᠪᠠᠷ ᠵᠣᠭᠰᠣᠭᠰᠠᠨ ᠭᠠᠵᠠᠷ ᠲᠤᠪᠠᠨ ᠪᠠᠭᠣᠵᠣ ᠶᠣᠳᠠᠷ ᠬᠣᠵᠤᠤᠯᠠᠠᠴᠠ ᠲᠡᠮᠡᠭᠡᠪᠠᠨ ᠤᠶᠠᠭ᠋ᠠᠳ᠂ ᠰᠡᠭᠦᠳᠡᠷ ᠲᠤᠨᠢ ᠰᠠᠭ᠋ᠠᠲᠠᠨ ᠪᠤᠷᠲᠣᠭᠣᠲᠠᠢ ᠣᠰᠤᠠᠴᠠ ᠣᠣᠭᠣᠵᠣ ᠶᠠᠭᠣᠮᠠ ᠭᠠᠷᠭ᠋ᠠᠵᠣ ᠢᠳᠡᠵᠦ ᠰᠠᠭᠣᠪᠠ᠃ ᠰᠢᠬᠢᠷᠠ ᠬᠠᠲᠠᠭ᠋ᠠᠳᠠᠭ ᠬᠤᠷᠴᠠ ᠨᠠᠷᠠ ᠵᠢᠷᠭ᠋ᠠᠵᠤ ᠣᠳᠣᠭ᠋ᠠᠳ ᠡᠩᠬᠡᠯᠵᠡᠭᠥᠷ ᠥᠭᠡᠳᠡ ᠦᠯᠢᠶᠡᠳᠡᠭ ᠬᠠᠯᠠᠭᠣᠨ ᠤᠷᠣᠰᠬᠠᠯ ᠰᠣᠯᠢᠭᠲᠠᠨ ᠰᠡᠷᠢᠭᠦᠨ ᠵᠶ᠋ᠡᠷ ᠠᠷᠴᠢᠵᠦ ᠵᠢᠪᠠᠷ ᠲᠠᠲᠠᠨᠠ᠃ ᠮᠠᠷᠭ᠋ᠠᠰᠢ ᠭᠣᠪᠢ ᠠᠴᠠ ᠭᠠᠷᠴᠦ ᠴᠢᠳᠠᠬᠣᠪᠠᠨ ᠮᠡᠳᠡᠵᠦ ᠪᠠᠢ᠌ᠬᠣ ᠪᠣᠯᠬᠣᠷ ᠡᠷᠲᠡᠬᠡᠨ ᠣᠨᠲᠠᠬᠣ ᠵᠢ ᠬᠦᠰᠡᠵᠦ ᠴᠢᠯᠠᠭᠤ ᠳᠡᠷᠡᠯᠡᠨ ᠬᠡᠪᠲᠡᠪᠡ᠃ ᠭᠤᠷᠪᠠᠨ ᠮᠠᠷᠠᠯ ᠤᠷᠣᠢ ᠳᠡᠭᠡᠷᠡ ᠭᠠᠷᠣᠭᠰᠠᠨ ᠪᠠᠢ᠌ᠲᠠᠯᠠ ᠨᠦᠢ᠍ᠷ ᠬᠦᠷᠬᠦ ᠦᠬᠡᠢ ᠨᠣᠬᠠᠢ ᠳᠣᠯᠢᠶᠠᠵᠠᠢ᠃ ᠰᠠᠷᠠᠨᠤ ᠭᠡᠷᠡᠯᠢ ᠨᠢᠷᠤᠭᠣᠨᠳᠤᠪᠠᠨ ᠠᠴᠢᠭᠰᠠᠨ ᠵᠢᠵᠢᠭ ᠠᠮᠢᠲᠠᠨ 《ᠪᠦᠵᠢᠷ ᠪᠦᠵᠢᠷ》 ᠳᠠᠪᠬᠢᠵᠦ ᠢᠷᠡᠬᠦ ᠬᠠᠷᠠᠭᠳᠠᠪᠠ᠃ ᠶᠠᠭ᠋ᠠᠬᠢᠳᠠᠭ ᠠᠮᠢᠲᠠᠨ ᠭᠡᠭᠴᠢ ᠭᠡᠳ ᠰᠣᠴᠢᠭ᠋ᠠᠳ ᠦᠨᠳᠡᠢ᠌ᠬᠦᠪᠠᠷ ᠭᠣᠪᠢ ᠵᠢᠨ ᠪᠤᠷᠣ ᠰᠢᠰᠢ ᠢᠳᠡᠰᠢ ᠲᠡᠭᠦᠵᠦ 《ᠺᠠᠪᠠᠷ ᠺᠠᠪᠠᠷ》 ᠵᠠᠵᠢᠯᠵᠦ ᠭᠠᠷᠪᠠ᠃ 《ᠪᠤᠬᠠᠢ ᠢᠷᠡᠪᠡᠯ ᠶᠠᠭ᠋ᠠᠬᠢᠬᠤ ᠪᠢᠯᠡ》 ᠭᠡᠵᠣ ᠠᠶᠣᠮᠠᠷ ᠲᠦᠷᠦᠪᠡ᠃ 《ᠲᠡᠮᠡᠭᠡ ᠭᠠᠵᠠᠷᠴᠢ ᠵᠦᠩᠴᠢ ᠠᠮᠢᠲᠠᠨ ᠪᠤᠯᠬᠣᠷ ᠬᠦᠳᠡᠭᠡ ᠭᠠᠳᠠᠨᠠ ᠭᠠᠭᠴᠠᠭ᠋ᠠᠷ ᠶᠠᠪᠤᠵᠣ ᠰᠠᠭᠣᠪᠠᠯ ᠰᠢᠠᠵᠢᠵᠤ ᠪᠠᠢ᠃ ᠲᠡᠮᠡᠭᠡ ᠡᠵᠡᠨᠤ ᠥᠭᠡᠳᠡ ᠬᠠᠷᠠᠵᠣ ᠡᠪᠰᠢᠶᠡᠪᠡᠯ ᠪᠤᠳᠣᠭᠰᠠᠨ ᠶᠠᠪᠤᠳᠠᠯ ᠤᠷᠣᠭᠰᠢᠲᠠᠢ᠂ ᠤᠯᠠᠨ ᠲᠡᠮᠡᠭᠡ ᠡᠪᠰᠢᠶᠡᠪᠡᠯ ᠮᠠᠷᠭ᠋ᠠᠰᠢ ᠰᠠᠢ᠌ᠬᠠᠨ ᠡᠳᠦᠷ ᠭᠠᠷᠣᠨᠠ᠃ ᠣᠯᠠᠨ ᠲᠡᠮᠡᠭᠡ ᠨᠠᠷᠠ ᠤᠷᠣᠭᠣ ᠬᠠᠷᠠᠵᠣ ᠬᠡᠪᠲᠡᠪᠡᠯ ᠬᠠᠯᠠᠭᠣᠨ ᠡᠳᠦᠷ ᠪᠤᠯᠣᠨᠠ᠃ ᠭᠠᠵᠠᠷ ᠥᠨᠦᠷᠯᠡᠵᠣ ᠵᠣᠭᠰᠣᠬᠣ ᠠᠴᠠᠨᠢ ᠨᠣᠲᠣᠭᠤᠨ ᠬᠦᠮᠦᠰ ᠬᠢᠴᠢᠶᠡᠳᠡᠭ᠃ ᠬᠠᠪᠤᠷᠤᠨ ᠲᠡᠮᠡᠭᠡᠳ ᠠᠮᠠ ᠠᠩᠭ᠋ᠠᠢ᠌ᠨ ᠣᠭᠣᠴᠢᠵᠣ ᠪᠠᠢ᠌ᠪᠠᠯ ᠭᠠᠩ ᠪᠤᠯᠣᠨᠠ᠂ ᠰᠠᠯᠬᠢ ᠰᠦᠷᠪᠡᠯ ᠪᠤᠷᠣᠭᠠ ᠤᠷᠣᠨᠠ》 ᠭᠡᠵᠣ ᠡᠪᠦᠭᠡᠨᠢ ᠵᠠᠬᠢᠳᠠᠭ ᠪᠠᠢ᠌ᠭᠰᠠᠨ ᠢ ᠰᠠᠨᠠᠨᠠ᠃
ᠣᠨᠣᠭᠰᠠᠨ ᠲᠡᠮᠡᠭᠡᠨᠢ ᠲᠠᠢ᠌ᠪᠤᠩ ᠬᠡᠪᠢᠬᠦᠳᠤ ᠲᠡᠷᠡ ᠲᠠᠢ᠌ᠪᠤᠰᠢᠷᠠᠨ ᠪᠤᠴᠠᠵᠣ ᠬᠡᠪᠲᠡᠪᠡ᠃ ᠡᠪᠣᠯᠢ ᠰᠠᠨᠠᠭᠳᠠᠭᠣᠯᠣᠮᠠ ᠬᠦᠢ᠍ᠲᠡᠨ ᠵᠶ᠋ᠡᠷ ᠴᠣᠷᠭᠢᠳᠠᠭ ᠱᠠᠩᠳᠠ ᠪᠤᠯᠠᠭᠢ ᠰᠠᠨᠠᠭᠳᠠᠭᠣᠯᠣᠨᠠ᠃ ᠤᠳᠣ ᠬᠦᠢ᠍ᠲᠡᠨ ᠶᠠᠭᠣᠮᠠ ᠣᠣᠭᠣᠬᠣ ᠵᠢ ᠲᠡᠷᠡ ᠬᠦᠰᠡᠵᠤ ᠪᠠᠢ᠌ᠪᠠ᠃ ᠣᠰᠤ ᠵᠠᠯᠭᠢᠬᠣ ᠶᠣᠮᠰᠠᠨ᠂ ᠪᠦᠷ ᠴᠡᠯ ᠬᠦᠢ᠍ᠲᠡᠨ ᠣᠰᠤᠨᠳᠤ ᠤᠷᠣᠵᠣ ᠪᠡᠶᠡ ᠠᠮᠠᠷᠠᠬᠣ ᠰᠠᠨ ᠭᠡᠵᠣ ᠪᠤᠳᠣᠨᠠ᠃ ᠡᠪᠣᠯᠤᠨ ᠬᠦᠢ᠍ᠲᠡᠨᠤ ᠶᠠᠰᠣ ᠬᠠᠩᠭᠢᠨᠠᠭᠰᠠᠨ ᠬᠠᠷᠭᠢᠯ ᠡᠷᠴᠢ ᠵᠢ ᠬᠡᠴᠢᠨᠡᠬᠡᠨ ᠬᠦᠰᠡᠨᠡ ᠪᠤᠢ? ᠬᠠᠯᠠᠵᠣ ᠵᠣᠪᠠᠬᠣᠠᠴᠠ ᠳᠠᠭ᠋ᠠᠷᠠᠬᠣᠨᠢ ᠠᠶᠠᠲᠠᠢ ᠰᠠᠨᠠᠭᠳᠠᠨᠠ᠃ ᠳᠠᠭ᠋ᠠᠷᠠᠭᠰᠠᠨᠠᠴᠠ ᠬᠠᠯᠠᠭᠰᠠᠨᠨᠢ ᠬᠡᠴᠡᠭᠦᠦ ᠭᠡᠰᠡᠨ ᠪᠤᠳᠣᠯ ᠡᠩᠬᠡ ᠲᠣᠩᠬᠠ ᠪᠤᠶᠠᠨ ᠬᠡᠰᠢᠭᠤᠨ ᠮᠦᠷᠦᠭᠡᠳᠦᠯᠢ ᠤᠷᠣᠯᠠᠵᠣ ᠵᠡᠭᠦᠳᠦᠨᠠᠴᠠ ᠰᠡᠷᠡᠬᠦᠠᠴᠠ ᠨᠠᠭ᠋ᠠᠰᠢ ᠠᠷᠴᠢᠭᠳᠠᠬᠤ ᠦᠬᠡᠢ ᠶᠤᠮ ᠪᠢᠯᠡ᠃ ᠨᠠᠪᠰᠠᠢ᠌ᠭᠰᠠᠨ ᠪᠣᠷᠲᠣᠭᠣ ᠪᠠᠨ ᠬᠠᠷᠠᠭᠰᠠᠭ᠋ᠠᠷ ᠶᠠᠭ᠋ᠠᠬᠢᠵᠣ ᠨᠢᠭᠡ ᠬᠠᠨᠲᠠᠯᠠ ᠣᠰᠤ ᠣᠯᠵᠣ ᠣᠣᠭᠣᠶᠠ ᠳ᠋ᠠ ᠭᠡᠵᠣ ᠪᠤᠳᠣᠭᠰᠠᠭ᠋ᠠᠷ ᠨᠠᠮ ᠣᠨᠲᠠᠭ᠋ᠠᠳ ᠥᠭᠴᠡᠢ᠃ ᠶᠠᠭᠤ ᠬᠦᠰᠡᠪᠡᠯ ᠲᠡᠭᠦᠨ ᠵᠶ᠋ᠡᠨ ᠵᠠᠭᠦᠳᠦᠯᠡᠵᠦ ᠬᠤᠨᠣᠯᠠ᠃ ᠠᠯᠢ ᠠᠯᠢᠨᠢ ᠭᠠᠩᠲᠠᠭᠣᠰ ᠬᠠᠬᠢᠷ ᠪᠤᠯᠬᠣᠷ ᠭᠣᠪᠢᠠᠴᠠ ᠭᠠᠷᠴᠦ ᠯᠠ ᠴᠢᠳᠠᠪᠠᠯ ᠰᠡᠳᠭᠢᠯ ᠲᠡᠨ᠋ᠢ᠌ᠬᠦ ᠵᠢ ᠢᠲᠡᠭᠡᠨᠡ᠃
(ᠦᠷᠬᠦᠯᠵᠢᠯᠡᠯ ᠪᠤᠢ)