ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠨᠡᠶ᠋ᠢᠭᠡᠮ ᠰᠡᠳᠬᠦᠯ
〈〈ᠤᠷᠤᠭ ᠭᠡᠷ ᠪᠦᠯᠢ ᠨᠡᠢ᠌ᠬᠡᠮ〉〉᠎ᠠᠴᠠ 〈〈ᠨᠡᠢ᠌ᠬᠡᠮ〉〉 ᠰᠡᠳᠬᠦᠯ ᠪᠣᠯᠲᠠᠯᠠᠬᠢ ᠬᠦᠭᠵᠢᠯᠲᠡ ᠵᠢᠨ ᠬᠢᠨᠢ ᠳᠤᠬᠠᠢ ᠡᠷᠬᠢᠴᠡᠭᠦᠯᠤᠯ
ᠨᠡᠶᠢᠲᠡᠯᠡᠭᠰᠡᠨ ᠴᠠᠭ᠄ 2021-11-15


                 — ᠲᠤᠰ ᠰᠡᠳᠬᠦᠯ᠎ᠤᠨ 30 ᠵᠢᠯ᠎ᠤᠨ ᠣᠢ ᠵᠢᠨ ᠪᠠᠶᠠᠷ᠎ᠲᠤ ᠵᠣᠷᠢᠭᠤᠯᠪᠠ
                               ᠣᠭᠣᠨᠤᠴᠢᠨ ᠵᠢᠷᠭ᠋ᠠᠯᠲᠤ ᠵᠣᠬᠢᠶᠠᠪᠠ
        ᠨᠠᠮ᠎ᠠ ᠵᠢ ᠠᠬᠠᠮᠠᠳ ᠰᠡᠳᠬᠦᠯᠴᠢ ᠭᠡᠬᠦ᠎ᠳᠤ ᠠᠷᠠᠢ ᠠᠬᠠᠳᠠᠬᠤ᠎ᠪᠠᠷ ᠴᠤ᠌ ᠦᠭᠡᠢ ᠪᠠᠢ᠌ᠬ᠎ᠠ᠂ ᠰᠡᠭᠦᠯ᠎ᠤᠨ 6 ᠵᠢᠯ᠎ᠢ ᠨᠡᠮᠡᠪᠡᠯ ᠪᠢ ᠶᠠᠭ 44 ᠵᠢᠯ ᠰᠡᠳᠬᠦᠯ᠎ᠤᠨ ᠠᠵᠢᠯ ᠬᠢᠵᠠᠢ᠃ ᠮᠠᠨ᠎ᠤ 〈〈ᠴᠣᠮᠣᠷᠯᠢᠭ〉〉᠂ 〈〈ᠦᠪᠣᠷ ᠮᠣᠩᠭᠣᠯ᠎ᠤᠨ ᠵᠠᠯᠠᠭᠤᠴᠤᠳ〉〉 ᠰᠡᠳᠬᠦᠯ ᠵᠶ᠋ᠠᠷ ᠠᠪᠴᠤ ᠬᠡᠯᠡᠭᠰᠡᠨ ᠴᠤ᠌ ᠪᠢ ᠦᠶᠤᠭ᠌ ᠲᠠᠩᠰᠤᠭ ᠴᠠᠭ᠎ᠢ᠎ᠨᠢ ᠡᠳ᠋ᠯᠡᠭᠰᠡᠨ᠂ ᠭᠠᠴᠢᠭ ᠶᠠᠳᠠᠷᠠᠭᠤ ᠦᠶ᠎ᠡ ᠵᠢ᠎ᠨᠢ ᠴᠤ᠌ ᠲᠤᠭᠤᠯᠤᠭᠰᠠᠨ᠃ ᠦᠨᠡᠨ᠎ᠳᠤ᠎ᠪᠠᠨ ᠪᠢ ᠲᠡᠢ᠌ᠮᠤ ᠢᠪᠴᠤᠤ ᠦᠵᠡᠯ᠎ᠲᠠᠢ ᠬᠦᠮᠤᠨ ᠪᠢᠰᠢ᠂ ᠰᠢᠨ᠎ᠡ ᠬᠡᠷᠡᠭ ᠪᠣᠳᠠᠰ᠎ᠢ ᠶᠡᠬᠡ ᠳᠤᠷᠠᠲᠠᠢ ᠬᠦᠯᠢᠶᠡᠨ ᠠᠪᠳᠠᠭ ᠶᠤᠮ᠃ ᠭᠡᠪᠡᠴᠤ ᠳᠤᠬᠠᠢ ᠵᠢᠨ ᠦᠶ᠎ᠡ ᠵᠢᠨ ᠰᠡᠳᠬᠦᠯ᠎ᠤᠨ ᠠᠵᠢᠯ᠎ᠤᠨ ᠬᠠᠲᠠᠭᠤ ᠪᠡᠷᠬᠡ ᠪᠠᠢ᠌ᠳᠠᠯ ᠳᠤᠤᠷ᠎ᠠ᠂ 〈〈ᠤᠷᠤᠭ ᠭᠡᠷ ᠪᠦᠯᠢ ᠨᠡᠢ᠌ᠬᠡᠮ〉〉 ᠭᠡᠬᠦ ᠰᠢᠨ᠎ᠡ ᠰᠡᠳᠬᠦᠯ ᠡᠷᠬᠢᠯᠡᠨ᠎ᠡ ᠭᠡᠰᠡᠨ᠎ᠢ ᠰᠣᠨᠣᠰᠤᠭᠰᠠᠨ ᠳᠠᠷᠤᠢ 《ᠬᠠᠰᠢᠷᠠᠭᠰᠠᠨ ᠣᠭᠣᠨᠤ ᠬᠠᠲᠠᠷᠢᠪᠠ》ᠭᠡᠭᠴᠢ᠎ᠪᠠᠷ ᠬᠠᠯᠠ ᠵᠢ᠎ᠨᠢ ᠦᠵᠡᠵᠤ ᠬᠠᠰᠢᠷᠠᠴᠢᠬᠠᠭᠰᠠᠨ  ᠨᠠᠳᠠ᠎ᠳᠤ ᠡᠢ᠌ᠮᠤ ᠬᠣᠶᠠᠷ ᠪᠤᠷᠤᠭᠤ ᠲᠠᠨᠢᠯᠲᠠ ᠪᠣᠢ ᠪᠣᠯᠪᠠ᠃ ᠲᠠᠨᠢᠯᠲᠠ ᠳᠤᠷᠰᠢᠯᠭ᠎ᠠ᠎ᠠᠴᠠ ᠢᠷᠡᠳᠡᠭ  ᠭᠡᠰᠡᠨ᠎ᠨᠢ ᠡᠭᠦᠨ᠎ᠢ ᠬᠡᠯᠡᠵᠤ ᠪᠠᠢ᠌ᠭ᠎ᠠ ᠴᠤ᠌ ᠪᠣᠯᠪᠠ ᠦᠦ ⁉

          ᠪᠤᠷᠤᠭᠤ ᠲᠠᠨᠢᠯᠲᠠ  ᠨᠢᠭᠡ
        
        〈〈ᠤᠷᠤᠭ ᠭᠡᠷ ᠪᠦᠯᠢ ᠨᠡᠢ᠌ᠬᠡᠮ〉〉 ᠰᠡᠳᠬᠦᠯ ᠬᠡᠪᠯᠡᠯ ᠡᠬᠢᠯᠡᠬᠦ᠎ᠠᠴᠠ ᠡᠮᠤᠨ᠎ᠡ᠂ ᠠᠷᠠᠳ᠎ᠤᠨ ᠶᠠᠪᠤᠳᠠᠯ᠎ᠤᠨ ᠲᠢᠩᠬᠢᠮ᠎ᠤᠨ ᠠᠷᠠᠳ᠎ᠤᠨ ᠶᠠᠪᠤᠳᠠᠯ᠎ᠤᠨ ᠭᠠᠵᠠᠷ (ᠡᠳᠤᠭᠡ ᠨᠡᠢ᠌ᠬᠡᠮ᠎ᠤᠨ ᠬᠡᠷᠡᠭ ᠶᠠᠪᠤᠳᠠᠯ᠎ᠤᠨ ᠭᠠᠵᠠᠷ ᠭᠡᠵᠤ ᠪᠣᠢ)᠎ᠤᠨ ᠳᠠᠷᠤᠭ᠎ᠠ ᠨᠠᠰᠤᠨᠳᠠᠯᠠᠢ ᠠᠬ᠎ᠠ ᠰᠡᠳᠬᠦᠯ ᠡᠷᠬᠢᠯᠡᠬᠦ ᠳᠤᠬᠠᠢ ᠪᠠᠢ᠌ᠴᠠᠭ᠋ᠠᠨ ᠰᠤᠳᠤᠯᠤᠯᠲᠠ ᠬᠢᠵᠤ᠂ ᠮᠠᠨ᠎ᠤ ᠰᠡᠳᠬᠦᠯ᠎ᠤᠨ ᠬᠣᠷᠢᠶᠠᠨ᠎ᠳᠤ ᠢᠷᠡᠪᠡ ᠃
        ᠳᠤᠬᠠᠢ ᠵᠢᠨ ᠦᠶ᠎ᠡ᠎ᠳᠤ᠂ ᠮᠠᠨ᠎ᠤ ᠰᠡᠳᠬᠦᠯ᠎ᠤᠨ ᠬᠣᠷᠢᠶ᠎ᠠ ᠴᠦ᠍ ᠪᠣᠰᠤᠳ ᠰᠣᠨᠢᠨ ᠰᠡᠳᠬᠦᠯ᠎ᠤᠨ ᠬᠣᠷᠢᠶ᠎ᠠ᠎ᠲᠠᠢ ᠠᠳᠠᠯᠢᠬᠠᠨ ᠬᠠᠮᠤᠭ᠎ᠤᠨ ᠭᠠᠴᠢᠭ ᠶᠠᠳᠠᠷᠠᠭᠤ ᠴᠠᠭ ᠦᠶ᠎ᠡ᠎ᠳᠤ᠎ᠪᠠᠨ ᠪᠠᠢ᠌ᠭᠰᠠᠨ ᠶᠤᠮ᠃ ᠨᠡᠢ᠌ᠬᠡᠮ ᠨᠡᠢ᠌ᠲᠡ᠎ᠪᠠᠷ ᠵᠶ᠋ᠠᠨ ᠵᠠᠬ᠎ᠠ ᠳᠡᠯᠭᠡᠭᠦᠷ᠎ᠤᠨ ᠴᠠᠭ ᠡᠷᠢᠨ᠎ᠳᠤ ᠣᠷᠣᠵᠤ᠂  ᠵᠠᠷᠤᠳᠠᠯ ᠮᠦᠩᠭᠦ ᠵᠢᠨ ᠲᠠᠯ᠎ᠠ᠎ᠪᠠᠷ ᠰᠣᠨᠢᠨ ᠰᠡᠳᠬᠦᠯ᠎ᠤᠨ᠎ᠬᠢᠨ ᠪᠦᠷ ᠪᠦᠬᠦ ᠲᠣᠭ᠋ᠠᠨ᠎ᠤ ᠳᠦᠰᠤᠪ᠎ᠤᠨ ᠨᠢᠭᠡᠴᠢ᠎ᠠᠴᠠ᠎ᠪᠠᠨ ᠵᠦᠷᠢᠶᠡᠨᠲᠤ ᠲᠣᠭ᠋ᠠᠨ᠎ᠤ ᠳᠦᠰᠤᠪ᠎ᠤᠨ ᠨᠢᠭᠡᠴᠢ ᠪᠣᠯᠵᠤ᠂ ᠠᠵᠢᠯᠲᠠᠨ᠎ᠤ ᠬᠢᠨᠢ ᠴᠠᠯᠢᠩ᠎ᠤᠨ 60% ᠵᠢ ᠡᠳ᠋᠎ᠤᠨ ᠵᠠᠰᠠᠭ᠎ᠠᠴᠠ ᠦᠭᠴᠤ᠂ ᠪᠣᠰᠤᠳ᠎ᠢ᠎ᠨᠢ ᠦᠪᠡᠰᠤᠪᠠᠨ ᠠᠷᠭ᠋ᠠᠴᠠᠭ᠋ᠠᠬᠤ ᠪᠠ ᠰᠡᠳᠬᠦᠯ᠎ᠤᠨ ᠨᠠᠢ᠌ᠷᠠᠭᠤᠯᠬᠤ᠂ ᠬᠡᠪᠯᠡᠭᠦᠯᠬᠦ᠂ ᠤᠬᠠᠭᠤᠯᠤᠨ ᠵᠠᠬᠢᠶᠠᠯᠠᠭᠤᠯᠬᠤ᠂ ᠳᠠᠷᠬᠠᠭ᠋ᠠᠬᠤ᠂ ᠡᠬᠡ ᠪᠢᠴᠢᠭ᠎ᠤᠨ ᠬᠠᠷᠠᠮᠵᠢ ᠦᠭᠬᠦ ᠵᠡᠷᠭᠡ ᠠᠵᠢᠯ᠎ᠳᠤ ᠵᠠᠷᠤᠳᠠᠯ ᠮᠦᠩᠭᠦ ᠬᠦᠷᠤᠯᠴᠡᠬᠦ ᠦᠭᠡᠢ ᠠᠵᠤ ᠠᠬᠤᠢ ᠵᠢᠨ ᠬᠦᠴᠢᠷᠳᠡᠯ᠎ᠳᠤ ᠲᠤᠯᠭ᠋ᠠᠷᠠᠭᠰᠠᠨ ᠵᠶ᠋ᠠᠷ ᠬᠠᠭ᠋ᠠᠰ ᠰᠠᠷ᠎ᠠ ᠵᠢᠨ ᠰᠡᠳᠬᠦᠯ᠎ᠨᠢ ᠰᠠᠷ᠎ᠠ ᠵᠢᠨ ᠰᠡᠳᠬᠦᠯ᠂ ᠰᠠᠷ᠎ᠠ ᠵᠢᠨ ᠰᠡᠳᠬᠦᠯ᠎ᠨᠢ ᠬᠣᠣᠰ ᠰᠠᠷ᠎ᠠ ᠵᠢᠨ ᠰᠡᠳᠬᠦᠯ ᠪᠣᠯᠵᠤ ᠪᠠᠢ᠌ᠪᠠ᠃ ᠲᠡᠷᠡᠴᠢᠯᠡᠨ ᠰᠡᠳᠬᠦᠯ᠎ᠳᠤ ᠮᠢᠨᠢ ᠡᠬᠡ ᠪᠢᠴᠢᠭ ᠪᠢᠴᠢᠳᠡᠭ ᠵᠣᠬᠢᠶᠠᠯᠴᠢ ᠵᠣᠬᠢᠶᠠᠭᠴᠢ ᠨᠠᠷ ᠴᠤ᠌ 〈〈ᠳᠠᠯᠠᠢ〉〉᠎ᠳᠤ ᠣᠷᠤᠭ᠋ᠠᠳ ᠠᠷᠠᠯᠵᠢᠶ᠎ᠠ ᠮᠠᠢ᠌ᠮᠠᠢ ᠬᠢᠬᠦ ᠪᠣᠯᠤᠭᠰᠠᠨ ᠵᠶ᠋ᠠᠷ ᠡᠬᠡ ᠪᠢᠴᠢᠭ᠎ᠤᠨ ᠢᠷᠡᠯᠲᠡ ᠴᠤ᠌ ᠦᠨᠳᠤᠰᠤᠨ᠎ᠳᠤ᠎ᠪᠠᠨ ᠳᠠᠰᠤᠷᠠᠵᠤ ᠪᠠᠢ᠌ᠭᠰᠠᠨ ᠪᠠᠢ᠌ᠳᠠᠯ ᠳᠣᠣᠷ᠎ᠠ ᠰᠢᠨ᠎ᠡ᠎ᠪᠠᠷ ᠰᠡᠳᠬᠦᠯ ᠡᠷᠬᠢᠯᠡᠬᠦ ᠭᠡᠭᠴᠢ ᠭᠤᠨᠵᠢ ᠵᠢᠨ ᠵᠣᠭᠣᠭ ᠭᠡᠵᠤ ᠮᠡᠳᠡ ᠭᠡᠵᠤ   ᠪᠣᠳᠣᠵᠤ ᠠᠮᠵᠢᠪᠠ  ᠃

        ᠪᠤᠷᠤᠭᠤ ᠲᠠᠨᠢᠯᠲᠠ ᠬᠣᠶᠠᠷ

       ᠬᠡᠪᠯᠡᠯ ᠡᠬᠢᠯᠡᠬᠦ᠎ᠳᠤ ᠰᠡᠳᠬᠦᠯ᠎ᠤᠨ ᠵᠶ᠋ᠠᠨ ᠨᠡᠷ᠎ᠡ ᠵᠢ 〈〈ᠤᠷᠤᠭ ᠭᠡᠷ ᠪᠦᠯᠢ ᠨᠡᠢ᠌ᠬᠡᠮ〉〉 ᠭᠡᠵᠤ ᠠᠪᠴᠠᠢ᠃ ᠳᠤᠬᠠᠢ ᠵᠢᠨ ᠦᠶ᠎ᠡ᠎ᠳᠤ ᠮᠢᠨᠤ ᠮᠡᠳᠡᠬᠦ᠎ᠪᠠᠷ 〈〈ᠦᠪᠣᠷ ᠮᠣᠩᠭᠣᠯ᠎ᠤᠨ ᠵᠠᠯᠠᠭᠤᠴᠤᠳ〉〉᠂ 〈〈ᠦᠪᠣᠷ ᠮᠣᠩᠭᠣᠯ᠎ᠤᠨ ᠡᠮᠡᠭᠲᠡᠢ᠌ᠴᠤᠳ〉〉 ᠵᠡᠷᠭᠡ ᠨᠡᠯᠢᠶᠡᠳ ᠬᠡᠳᠤᠨ ᠰᠡᠳᠬᠦᠯ 〈〈ᠤᠷᠤᠭ ᠭᠡᠷ ᠪᠦᠯᠢ ᠨᠡᠢ᠌ᠬᠡᠮ〉〉 ᠭᠡᠰᠡᠨ ᠪᠤᠯᠤᠩ᠎ᠲᠠᠢ ᠪᠠᠢ᠌ᠪᠠ᠃ ᠨᠢᠭᠡ ᠪᠤᠯᠤᠩ᠎ᠤᠨ ᠨᠡᠷ᠎ᠡ᠎ᠪᠠᠷ ᠰᠡᠳᠬᠦᠯ᠎ᠤᠨ  ᠨᠡᠷ᠎ᠡ᠎ᠪᠠᠨ ᠪᠣᠯᠭ᠋ᠠᠭ᠋ᠠᠳ᠂ ᠰᠡᠳᠬᠦᠯ᠎ᠤᠨ ᠠᠭᠤᠯᠭ᠎ᠠ ᠬᠡᠯᠪᠡᠷᠢ᠎ᠨᠢ ᠳᠠᠩᠴᠤ ᠢᠪᠴᠤᠤ ᠪᠣᠯᠴᠢᠬᠠᠬᠤ  ᠪᠢᠰᠢ ᠦᠦ? ᠭᠡᠵᠤ ᠦᠯᠤ ᠲᠣᠭᠣᠮᠰᠠᠷᠯᠠᠵᠤ ᠪᠠᠢ᠌ᠪᠠ᠃
 
       ᠡᠷᠬᠢᠴᠡᠭᠦᠯᠤᠯ ᠨᠢᠭᠡ

       〈〈ᠤᠷᠤᠭ ᠭᠡᠷ ᠪᠦᠯᠢ ᠨᠡᠢ᠌ᠬᠡᠮ〉〉 ᠰᠡᠳᠬᠦᠯ ᠮᠠᠨᠢ 1991 ᠣᠨ᠎ᠳᠤ ᠬᠡᠪᠯᠡᠯ ᠵᠶ᠋ᠠᠨ ᠡᠬᠢᠯᠡᠭᠰᠡᠨ ᠶᠤᠮ᠃  ᠳᠤᠬᠠᠢ ᠵᠢᠨ ᠦᠶ᠎ᠡ᠎ᠳᠤ ᠲᠤᠰ ᠰᠡᠳᠬᠦᠯ᠎ᠤᠨ ᠬᠣᠷᠢᠶᠠᠨ ᠳᠠᠷᠤᠭ᠎ᠠ᠂ ᠶᠡᠷᠤᠩᠬᠡᠢ ᠨᠠᠢ᠌ᠷᠠᠭᠤᠯᠤᠭᠴᠢ᠎ᠪᠠᠷ ᠵᠠᠯᠠᠭᠳᠠᠵᠤ ᠢᠷᠡᠭᠰᠡᠨ ᠮᠦᠩᠬᠡᠨᠠᠰᠤᠨ ᠭᠤᠸᠠᠢ ᠤᠤᠯ᠎ᠳᠤ᠎ᠪᠠᠨ ᠮᠦᠨ   ᠰᠡᠳᠬᠦᠯᠴᠢ ᠪᠠᠢ᠌ᠭᠰᠠᠨ ᠪᠣᠯᠬᠣᠷ ᠰᠡᠳᠬᠦᠯ ᠡᠷᠬᠢᠯᠡᠬᠦ ᠠᠵᠢᠯ᠎ᠤᠨ ᠬᠦᠴᠢᠷ ᠵᠣᠪᠠᠯᠠᠩ᠎ᠢ ᠮᠡᠳᠡᠨ᠎ᠡ᠂ ᠭᠡᠪᠡᠴᠤ ᠰᠢᠨ᠎ᠡ ᠰᠡᠳᠬᠦᠯ ᠪᠣᠰᠬᠠᠵᠤ ᠡᠷᠬᠢᠯᠡᠬᠦ ᠵᠢᠨ ᠨᠡᠩ ᠬᠦᠨᠳᠤ ᠬᠠᠲᠠᠭᠤ ᠬᠦᠴᠢᠷ ᠵᠣᠪᠠᠯᠠᠩ᠎ᠢ ᠬᠠᠷᠠᠬᠠᠨ ᠲᠡᠢ᠌ᠮᠤ ᠰᠠᠢ᠌ᠨ ᠮᠡᠳᠡᠭᠡᠳᠤᠢ ᠪᠠᠢ᠌ᠪᠠ᠃ 〈〈ᠨᠢᠯᠬ᠎ᠠ ᠲᠤᠭᠤᠯ ᠪᠠᠷᠰ᠎ᠠᠴᠠ ᠠᠶᠤᠳᠠᠭ ᠦᠭᠡᠢ〉〉 ᠭᠡᠳᠡᠭ ᠵᠶ᠋ᠠᠷ ᠶᠠᠭᠤ ᠴᠤ᠌ ᠭᠡᠰᠡᠨ ᠲᠡᠷᠡ ᠳᠤᠰᠴᠤ ᠠᠪᠤᠭᠰᠠᠨ ᠠᠵᠢᠯ ᠵᠶ᠋ᠠᠨ ᠡᠬᠢᠯᠡᠭᠦᠯᠪᠡ᠃ ᠲᠡᠭᠦᠨ᠎ᠤ ᠡᠮᠤᠨ᠎ᠡ ᠰᠡᠳᠬᠦᠯ ᠵᠶ᠋ᠠᠨ ᠵᠢᠩᠬᠢᠨᠢᠴᠢᠯᠡᠵᠤ ᠡᠷᠤᠬᠡ ᠪᠣᠰᠬᠠᠬᠤ᠂ ᠵᠠᠷᠤᠳᠠᠯ ᠮᠦᠩᠭᠦ᠎ᠪᠠᠨ ᠠᠷᠭ᠋ᠠᠴᠠᠭ᠋ᠠᠵᠤ ᠡᠨᠳᠡ ᠲᠡᠨᠲᠡ᠎ᠠᠴᠠ ᠳᠤᠰᠤᠯ ᠭᠤᠶᠤᠬᠤ᠂ ᠠᠯᠪᠠᠨ ᠭᠡᠷ ᠣᠯᠵᠤ ᠠᠵᠢᠯᠲᠠᠨ ᠡᠯᠰᠡᠬᠦ᠂ ᠡᠬᠡ ᠪᠢᠴᠢᠭ ᠵᠣᠬᠢᠶᠠᠨ ᠪᠠᠢ᠌ᠭᠤᠯᠬᠤ᠂ ᠰᠡᠳᠬᠦᠯ᠎ᠤᠨ ᠠᠭᠤᠯᠭ᠎ᠠ ᠬᠡᠯᠪᠡᠷᠢ᠎ᠪᠠᠨ ᠤᠬᠠᠭ᠋ᠠᠯᠠᠨ ᠳᠦᠰᠣᠪᠯᠡᠬᠦ᠂ ᠨᠠᠢ᠌ᠷᠠᠭᠤᠯᠵᠤ ᠬᠠᠷᠭᠤᠭᠤᠯᠬᠤ᠂ ᠬᠢᠨᠠᠵᠤ ᠣᠩᠰᠢᠬᠤ᠂ ᠵᠢᠷᠤᠵᠤ ᠴᠢᠮᠡᠭᠯᠡᠬᠦ᠂ ᠬᠡᠪᠯᠡᠵᠤ ᠳᠠᠷᠬᠠᠭ᠋ᠠᠬᠤ ᠵᠡᠷᠭᠡ ᠲᠣᠭ᠎ᠠ ᠲᠣᠮᠰᠢ ᠦᠭᠡᠢ ᠠᠵᠢᠯ ᠣᠪᠣᠭ᠋ᠠᠷᠠᠨ᠎ᠠ᠃ ᠶᠠᠭ᠋ᠠᠬᠢᠯᠲᠠᠢ ᠪᠢᠯᠡ?  ᠲᠤᠯᠵᠤ ᠢᠷᠡᠭᠰᠡᠨ ᠬᠦᠴᠢᠷ᠎ᠢ ᠲᠤᠭᠤᠯᠵᠤ ᠭᠠᠷᠬᠤ᠎ᠠᠴᠠ ᠪᠢᠰᠢ ᠲᠣᠭᠣᠷᠢᠵᠤ ᠭᠠᠷᠬᠤ ᠵᠠᠮ ᠲᠡᠭᠦᠨ᠎ᠳᠤ ᠦᠭᠡᠢ᠃ ᠲᠡᠷᠡ ᠮᠠᠨᠢ ᠨᠠᠢ᠌ᠷᠠᠭᠤᠯᠤᠭᠴᠢ ᠨᠦᠬᠦᠳ ᠵᠶ᠋ᠠᠨ ᠳᠠᠭ᠋ᠠᠭᠤᠯᠤᠨ᠂ ᠨᠢᠭᠡ ᠲᠠᠯ᠎ᠠ᠎ᠪᠠᠷ ᠡᠬᠡ ᠪᠢᠴᠢᠭ ᠵᠶ᠋ᠠᠨ ᠨᠠᠢ᠌ᠷᠠᠭᠤᠯᠤᠨ᠂ ᠨᠦᠭᠦᠭᠡ ᠲᠠᠯ᠎ᠠ᠎ᠪᠠᠷ ᠦᠪᠣᠷ ᠮᠣᠩᠭᠣᠯ ᠵᠢᠴᠢ ᠬᠦᠬᠡᠨᠠᠭᠤᠷ ᠂ ᠰᠢᠨᠵᠢᠶᠠᠩ᠂ ᠯᠢᠶᠣᠣᠨᠢᠩ᠂ ᠬᠠᠷᠠᠮᠦᠢ᠍ᠷᠠᠨ ᠵᠡᠷᠭᠡ ᠮᠣᠩᠭᠣᠯ ᠦᠭᠡ ᠬᠡᠯᠡ ᠦᠰᠤᠭ᠌ ᠪᠢᠴᠢᠭ ᠬᠡᠷᠡᠭᠯᠡᠵᠤ ᠪᠠᠢ᠌ᠭ᠎ᠠ ᠬᠤᠰᠢᠭᠤ ᠰᠢᠶᠡᠨ ᠵᠶ᠋ᠠᠷ ᠬᠦᠷᠴᠤ ᠣᠩᠰᠢᠭᠴᠢᠳ᠎ᠤᠨ ᠵᠶ᠋ᠠᠨ ᠳᠤᠮᠳᠠ ᠭᠦᠨᠵᠡᠭᠡᠢ᠌ᠷᠡᠨ ᠪᠠᠢ᠌ᠴᠠᠭ᠋ᠠᠨ ᠰᠤᠳᠤᠯᠤᠯᠲᠠ ᠬᠢᠪᠡ᠃ 《ᠵᠣᠷᠢᠭ᠎ᠲᠠᠢ ᠬᠦᠮᠤᠨ ᠴᠢᠳᠠᠯ᠎ᠲᠠᠢ᠂ ᠵᠣᠷᠢᠯᠭ᠎ᠠ᠎ᠲᠠᠢ ᠬᠦᠮᠤᠨ ᠵᠠᠮ᠎ᠲᠠᠢ》 ᠭᠡᠳᠡᠭ ᠵᠶ᠋ᠠᠷ ᠲᠡᠷᠡ 〈〈ᠠᠮᠢᠳᠤᠷᠠᠯ᠎ᠳᠤ ᠰᠠᠭᠤᠷᠢᠯᠠᠨ᠂ ᠭᠣᠣᠯ᠎ᠢ᠎ᠨᠢ ᠠᠳᠬᠤᠵᠤ᠂ ᠣᠩᠰᠢᠭᠴᠢᠳ᠎ᠤᠨ ᠵᠶ᠋ᠠᠨ ᠬᠡᠷᠡᠭᠴᠡᠭᠡ ᠱᠠᠭ᠋ᠠᠷᠳᠠᠯᠭ᠎ᠠ ᠳᠤᠷ᠎ᠠ ᠰᠣᠨᠢᠷᠬᠠᠯ᠎ᠳᠤ᠎ᠨᠢ ᠵᠣᠬᠢᠴᠠᠭᠤᠯᠤᠨ ᠬᠤᠷᠴᠠ ᠰᠢᠷᠤᠭᠦᠨ ᠵᠠᠬ᠎ᠠ ᠳᠡᠯᠭᠡᠭᠦᠷ᠎ᠤᠨ ᠦᠷᠢᠰᠤᠯᠳᠤᠭᠡᠨ᠎ᠤ ᠳᠤᠮᠳᠠ ᠰᠢᠯᠢᠳᠡᠭ ᠪᠦᠲᠤᠭᠡᠯ᠂ ᠶᠠᠰᠤ ᠴᠢᠨᠠᠷ ᠵᠶ᠋ᠠᠷ ᠵᠶ᠋ᠠᠨ ᠦᠪᠡᠷ᠎ᠤᠨ ᠭᠡᠰᠡᠨ ᠣᠷᠣᠨ ᠵᠠᠢ ᠣᠷᠣᠰᠢᠯ ᠳᠣᠭᠲᠠᠨᠢᠯ ᠵᠶ᠋ᠠᠨ ᠣᠯᠬᠤ〉〉 ᠰᠡᠳᠬᠦᠯ ᠡᠷᠬᠢᠯᠡᠬᠦ ᠵᠠᠮ ᠵᠶ᠋ᠠᠨ ᠰᠤᠩᠭᠤᠯ᠎ᠡ᠃ ᠲᠡᠷᠡ ᠮᠠᠨᠢ ᠡᠨᠡ ᠰᠤᠩᠭᠤᠯᠲᠠ ᠵᠢᠨ ᠵᠠᠮ ᠵᠶ᠋ᠠᠨ ᠴᠢᠩᠭ᠎ᠠ ᠪᠠᠷᠢᠮᠲᠠᠯᠠᠨ ᠬᠠᠲᠠᠭᠤᠵᠢᠯᠲᠠᠢ ᠴᠢᠷᠮᠠᠢ᠌ᠨ ᠠᠵᠢᠯᠯᠠᠭᠰᠠᠨ ᠵᠶ᠋ᠠᠷ ᠬᠦᠴᠢᠷ ᠪᠡᠷᠬᠡ ᠵᠢ ᠪᠣᠰᠤᠳ ᠰᠡᠳᠬᠦᠯ᠎ᠠᠴᠠ ᠳᠦᠭᠦᠮ ᠲᠦᠳᠡ ᠠᠮᠵᠢᠯᠲᠠ ᠪᠦᠲᠤᠮᠵᠢᠲᠠᠢ ᠲᠤᠭᠤᠯᠵᠤ᠂ ᠣᠷᠣᠨ᠎ᠤ᠎ᠪᠠᠨ ᠮᠣᠩᠭᠤᠯ ᠰᠡᠳᠬᠦᠯ ᠰᠣᠨᠢᠨ᠎ᠤ ᠳᠣᠲᠣᠷ᠎ᠠ᠎ᠪᠠᠨ ᠲᠠᠷᠬᠠᠭ᠋ᠠᠯᠲᠠ᠎ᠪᠠᠷ ᠵᠶ᠋ᠠᠨ ᠣᠷᠣᠢ᠌ᠯᠠᠭᠰᠠᠨ ᠵᠶ᠋ᠠᠷ ᠪᠠᠷᠠᠬᠤ ᠦᠭᠡᠢ ᠪᠣᠰᠤᠳ ᠣᠯᠠᠨ ᠰᠡᠳᠬᠦᠯ᠎ᠳᠤ᠎ᠪᠠᠨ ᠬᠡᠪ ᠳᠠᠭᠤᠷᠢᠶᠠᠯ ᠪᠣᠯᠤᠭᠰᠠᠨ ᠪᠠᠢ᠌ᠨ᠎ᠠ᠃
       30 ᠵᠢᠯ᠎ᠤᠨ ᠬᠤᠭᠤᠴᠠᠭ᠋ᠠᠨ᠎ᠳᠤ᠂ 〈〈ᠤᠷᠤᠭ ᠭᠡᠷ ᠪᠦᠯᠢ ᠨᠡᠢ᠌ᠬᠡᠮ〉〉 ᠰᠡᠳᠬᠦᠯ ᠮᠠᠨᠢ ᠳᠤᠷᠰᠢᠯᠲᠠ ᠵᠢᠨ ᠬᠤᠭᠤᠴᠠᠭ᠎ᠠ᠂ ᠤᠯᠠᠷᠢᠯ᠎ᠤᠨ ᠰᠡᠳᠬᠦᠯ᠂ ᠬᠣᠣᠰ ᠰᠠᠷ᠎ᠠ ᠵᠢᠨ ᠰᠡᠳᠬᠦᠯ᠂ ᠰᠠᠷ᠎ᠠ ᠵᠢᠨ ᠰᠡᠳᠬᠦᠯ ᠭᠡᠵᠤ ᠤᠯᠠᠷᠢᠨ ᠬᠤᠪᠢᠷᠠᠭ᠋ᠠᠳ᠂ ᠡᠳᠤᠭᠡ ᠨᠢᠭᠡᠨᠲᠡ ᠭᠤᠷᠪᠠᠨ ᠵᠠᠭᠤᠨ ᠠᠷᠪᠠᠨ ᠬᠡᠳᠤᠨ ᠬᠤᠭᠤᠴᠠᠭ᠎ᠠ ᠬᠡᠪᠯᠡᠭᠳᠡᠭᠰᠡᠨ ᠪᠠᠢ᠌ᠨ᠎ᠠ᠃ 2009 ᠣᠨ᠎ᠳᠤ ᠰᠡᠳᠬᠦᠯ᠎ᠤᠨ ᠨᠡᠷ᠎ᠡ᠎ᠪᠠᠨ 〈〈ᠨᠡᠢ᠌ᠬᠡᠮ〉〉 ᠰᠡᠳᠬᠦᠯ ᠭᠡᠵᠤ ᠬᠠᠯᠠᠨ ᠠᠭᠤᠯᠭ᠎ᠠ᠎ᠪᠠᠨ ᠨᠡᠩ ᠡᠯᠪᠡᠭ ᠪᠠᠶᠠᠯᠢᠭ ᠪᠣᠯᠭ᠋ᠠᠵᠤ ᠰᠢᠨᠡᠳᠬᠡᠭᠡᠳ᠂ ᠦᠨᠳᠤᠰᠤᠨ ᠱᠠᠲᠤ᠂ ᠲᠦᠪ ᠬᠣᠲᠠ᠂ ᠣᠷᠣᠨ᠎ᠤ ᠳᠣᠳᠤᠨ᠎ᠠ ᠭᠠᠳᠠᠨ᠎ᠠ ᠵᠢ ᠢᠯᠭ᠋ᠠᠯ ᠦᠭᠡᠢ᠎ᠪᠠᠷ ᠮᠣᠩᠭᠣᠯ ᠰᠤᠶᠤᠯ᠎ᠳᠤ᠎ᠪᠠᠨ ᠬᠠᠢ᠌ᠷᠠᠲᠠᠢ᠂ ᠵᠢᠳᠬᠦᠯᠲᠠᠢ᠂ ᠨᠡᠷ᠎ᠡ ᠲᠦᠷᠤ᠎ᠲᠠᠢ ᠠᠬᠠᠮᠠᠳ ᠢᠳᠡᠷ ᠵᠠᠯᠠᠭᠤ ᠬᠦᠮᠤᠰ᠎ᠤᠨ ᠰᠡᠭᠦᠳᠡᠷ᠎ᠢ ᠰᠡᠳᠬᠦᠯ᠎ᠤᠨ ᠵᠶ᠋ᠠᠨ ᠨᠢᠭᠤᠷ᠎ᠲᠤ ᠨᠡᠢ᠌ᠲᠡᠯᠡᠵᠤ᠂ ᠠᠮᠵᠢᠯᠲᠠ ᠪᠦᠲᠤᠭᠡᠯ᠎ᠢ᠎ᠨᠢ ᠣᠩᠰᠢᠭᠴᠢᠳ᠎ᠲᠤ᠎ᠪᠠᠨ ᠲᠠᠨᠢᠯᠴᠠᠭᠤᠯᠵᠠᠢ᠃ ᠡᠭᠦᠨ᠎ᠤ ᠬᠠᠮᠲᠤ ᠰᠡᠳᠬᠦᠯ᠎ᠤᠨ ᠵᠶ᠋ᠠᠨ ᠶᠠᠰᠤ ᠴᠢᠨᠠᠷ᠎ᠢ ᠴᠢᠩᠭ᠎ᠠ ᠪᠠᠲᠤᠯᠠᠬᠤ ᠵᠢᠨ ᠳᠤᠰᠠᠳᠠ᠂ 〈〈ᠨᠠᠢ᠌ᠷᠠᠭᠤᠯᠤᠭᠴᠢ ᠵᠢ ᠬᠢᠨᠠᠨ ᠰᠢᠯᠭ᠋ᠠᠷᠠᠭᠤᠯᠬᠤ ᠠᠷᠭ᠎ᠠ〉〉᠂ 〈〈ᠬᠢᠨᠠᠨ ᠣᠩᠰᠢᠬᠤ ᠬᠠᠷᠢᠭᠤᠴᠠᠯᠭ᠎ᠠ ᠨᠡᠬᠡᠮᠵᠢᠯᠡᠬᠦ ᠲᠦᠷᠢᠮ〉〉᠂ 〈〈ᠡᠳ᠋᠎ᠤᠨ ᠶᠠᠪᠤᠳᠠᠯ᠎ᠤᠨ ᠬᠠᠮᠢᠶᠠᠷᠤᠯᠲᠠ ᠵᠢᠨ ᠳᠣᠭᠲᠠᠭ᠋ᠠᠯ〉〉 ᠵᠡᠷᠭᠡ ᠳᠦᠷᠢᠮ ᠳᠣᠭᠲᠠᠭ᠋ᠠᠯ᠎ᠤᠳ᠎ᠢ ᠳᠣᠭᠲᠠᠭ᠋ᠠᠨ ᠲᠡᠭᠦᠯᠳᠡᠷᠵᠢᠭᠦᠯᠵᠤ᠂ ᠬᠠᠮᠢᠶᠠᠷᠤᠯᠲᠠ᠎ᠪᠠᠨ ᠴᠢᠩᠭ᠋ᠠᠳᠬᠠᠭᠰᠠᠨ᠎ᠠᠴᠠ ᠠᠵᠢᠯ ᠦᠢ᠍ᠯᠡᠰ᠎ᠨᠢ ᠤᠯᠠᠮ ᠢᠯᠭᠤᠮ ᠤᠷᠤᠭᠰᠢᠲᠠᠢ ᠪᠣᠯᠤᠭᠰᠠᠨ ᠪᠠᠢ᠌ᠨ᠎ᠠ᠃  ᠢᠩᠬᠢᠭᠰᠡᠨ ᠵᠶ᠋ᠠᠷ ᠲᠤᠰ ᠰᠡᠳᠬᠦᠯ᠎ᠨᠢ 1996 ᠣᠨ᠎ᠳᠤ ᠤᠮᠠᠷᠠᠲᠤ ᠣᠷᠣᠨ᠎ᠤ ᠭᠤᠷᠪᠠᠳᠤᠭ᠋ᠠᠷ ᠬᠤᠭᠤᠴᠠᠭ᠋ᠠᠨ᠎ᠤ ᠠᠷᠪᠠᠨ ᠰᠤᠳᠤᠨ ᠬᠤᠭᠤᠴᠠᠭ᠋ᠠᠲᠤ ᠰᠡᠳᠬᠦᠯ᠎ᠤᠨ ᠰᠢᠯᠭ᠋ᠠᠷᠠᠭᠤᠯᠤᠯᠲᠠ᠎ᠳᠤ 〈〈ᠰᠢᠯᠢᠳᠡᠭ ᠬᠤᠭᠤᠴᠠᠭ᠋ᠠᠲᠤ ᠰᠡᠳᠬᠦᠯ〉〉 ᠵᠶ᠋ᠠᠷ ᠦᠨᠡᠯᠡᠭᠳᠡᠨ᠂ 2002 ᠣᠨ᠎ᠳᠤ ᠲᠦᠪ᠎ᠤᠨ ᠤᠬᠠᠭᠤᠯᠬᠤ ᠭᠡᠯᠲᠡᠰ ᠪᠠ ᠤᠯᠤᠰ᠎ᠤᠨ ᠰᠣᠨᠢᠨ ᠮᠡᠳᠡᠭᠡ ᠬᠡᠪᠯᠡᠯ᠎ᠤᠨ ᠶᠡᠷᠤᠩᠬᠡᠢ ᠵᠠᠬᠢᠷᠭ᠎ᠠ ᠵᠢᠨ ᠬᠢᠨᠠᠨ ᠰᠢᠯᠭ᠋ᠠᠷᠠᠭᠤᠯᠤᠯᠲᠠ᠎ᠪᠠᠷ ᠳᠠᠮᠵᠢᠨ ᠪᠦᠬᠦ ᠤᠯᠤᠰ᠎ᠤᠨ 〈〈ᠬᠤᠭᠤᠴᠠᠭ᠋ᠠᠲᠤ ᠰᠡᠳᠬᠦᠯ᠎ᠤᠨ  ᠵᠢᠭᠰᠠᠭ᠋ᠠᠯᠲᠠ〉〉᠎ᠳᠤ ᠰᠤᠩᠭᠤᠭᠳᠠᠵᠤ᠂ ᠦᠪᠡᠷᠳᠡᠭᠡᠨ ᠵᠠᠰᠠᠬᠤ ᠣᠷᠣᠨ᠎ᠤ 〈〈ᠬᠣᠣᠰ ᠦᠷ᠎ᠡ ᠪᠦᠲᠤᠮᠵᠢᠲᠤ ᠬᠤᠭᠤᠴᠠᠭ᠋ᠠᠲᠤ ᠰᠡᠳᠬᠦᠯ〉〉᠎ᠤᠨ ᠨᠢᠭᠡ ᠪᠣᠯᠣᠭᠰᠠᠨ ᠪᠦᠭᠡᠳ 2009 ᠣᠨ᠎ᠳᠤ ᠮᠦᠨ 〈〈ᠤᠮᠠᠷᠠᠲᠤ ᠣᠷᠣᠨ᠎ᠤ ᠰᠢᠯᠢᠳᠡᠭ ᠰᠡᠳᠬᠦᠯ〉〉 ᠵᠶ᠋ᠠᠷ ᠱᠠᠩᠨᠠᠭᠳᠠᠭᠰᠠᠨ ᠪᠠᠢ᠌ᠨ᠎ᠠ᠃

        ᠡᠷᠬᠢᠴᠡᠭᠦᠯᠤᠯ ᠬᠣᠶᠠᠷ

       ᠪᠢ 2015 ᠣᠨ᠎ᠤ ᠡᠬᠢᠨ᠎ᠳᠤ᠂ ᠤᠭ᠎ᠤᠨ ᠣᠷᠣᠨ᠎ᠤ ᠡᠪᠯᠡᠯ᠎ᠤᠨ ᠬᠣᠷᠢᠶᠠᠨ᠎ᠤ ᠰᠡᠳᠬᠦᠯ᠎ᠤᠨ ᠬᠣᠷᠢᠶᠠᠨ᠎ᠳᠤ ᠠᠵᠢᠯᠯᠠᠵᠤ ᠪᠠᠢ᠌ᠭ᠋ᠠᠳ ᠠᠮᠠᠷᠠᠯᠲᠠ᠎ᠪᠠᠨ ᠠᠪᠤᠭᠰᠠᠨ᠎ᠤ ᠳᠠᠷᠤᠢ᠌ᠬᠠᠨ 〈〈ᠨᠡᠢ᠌ᠬᠡᠮ〉〉 ᠰᠡᠳᠬᠦᠯ᠎ᠤᠨ ᠶᠡᠷᠤᠩᠬᠡᠢ ᠨᠠᠢ᠌ᠷᠠᠭᠤᠯᠤᠭᠴᠢ ᠵᠢᠨ ᠤᠷᠢᠯᠭ᠎ᠠ᠎ᠪᠠᠷ ᠣᠷᠣᠨ᠎ᠤ ᠵᠠᠰᠠᠭ᠎ᠤᠨ ᠤᠷᠳᠤᠨ᠎ᠤ  ᠪᠠᠢ᠌ᠭᠣᠯᠭ᠎ᠠ ᠵᠢᠨ ᠲᠣᠮᠣ ᠬᠦᠷᠢᠶᠡᠨ᠎ᠳᠤ ᠠᠵᠢᠯᠯᠠᠬᠤ ᠠᠵᠠ ᠵᠠᠪᠰᠢᠶᠠᠨ ᠣᠯᠵᠤ᠂ ᠲᠤᠰ ᠰᠡᠳᠬᠦᠯ᠎ᠢ 6 ᠵᠢᠯ ᠬᠠᠪᠰᠤᠷᠴᠤ ᠠᠵᠢᠯᠯᠠᠭᠰᠠᠨ ᠶᠤᠮ᠃ ᠲᠤᠰ ᠰᠡᠳᠬᠦᠯ᠎ᠤᠨ ᠬᠣᠷᠢᠶ᠎ᠠ᠎ᠨᠢ 〈〈ᠨᠡᠢ᠌ᠬᠡᠮ〉〉 ᠰᠡᠳᠬᠦᠯ᠎ᠢ ᠨᠠᠢ᠌ᠷᠠᠭᠤᠯᠵᠤ ᠬᠡᠪᠯᠡᠭᠦᠯᠬᠦ᠎ᠠᠴᠠ ᠭᠠᠳᠠᠨ᠎ᠠ᠂ ᠦᠪᠡᠷᠳᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠤᠨ ᠮᠣᠩᠭᠣᠯ ᠰᠦᠯᠵᠢᠶ᠎ᠡ ᠵᠢ ᠡᠷᠬᠢᠯᠡᠨ ᠨᠠᠢ᠌ᠷᠠᠭᠤᠯᠵᠤ ᠪᠠᠢ᠌ᠭ᠎ᠠ ᠶᠤᠮ᠃ ᠮᠢᠨᠤ ᠡᠭᠦᠷᠭᠡ ᠭᠡᠪᠡᠯ᠂ 〈〈ᠨᠡᠢ᠌ᠬᠡᠮ〉〉 ᠰᠡᠳᠬᠦᠯ᠎ᠤᠨ ᠡᠬᠡ ᠪᠢᠴᠢᠭ᠎ᠤᠨ ᠬᠣᠶᠠᠳᠠᠬᠢ ᠬᠢᠨᠠᠯᠲᠠ ᠪᠠ ᠬᠡᠪᠯᠡᠯ᠎ᠳᠤ ᠣᠷᠣᠬᠤ᠎ᠠᠴᠠ ᠡᠮᠤᠨᠡᠬᠢ ᠳᠠᠬᠢᠨ ᠬᠢᠨᠠᠵᠤ ᠣᠩᠰᠢᠬᠤ᠂ ᠲᠡᠷᠡᠴᠢᠯᠡᠨ ᠬᠢᠲᠠᠳ ᠰᠦᠯᠵᠢᠶᠡᠨ᠎ᠠᠴᠠ ᠰᠤᠩᠭᠤᠵᠤ ᠭᠠᠷᠭ᠋ᠠᠭᠰᠠᠨ ᠡᠬᠡ ᠪᠢᠴᠢᠭ᠎ᠤᠳ᠎ᠢ ᠬᠦᠮᠤᠨ ᠣᠯᠵᠤ ᠣᠷᠴᠢᠭᠤᠯᠤᠭ᠋ᠠᠳ ᠨᠠᠢ᠌ᠷᠠᠭᠤᠯᠤᠨ ᠬᠢᠨᠠᠵᠤ ᠮᠣᠩᠭᠣᠯ ᠰᠦᠯᠵᠢᠶᠡᠨ ᠳᠡᠭᠡᠷ᠎ᠡ ᠨᠡᠢ᠌ᠲᠡᠯᠡᠬᠦ ᠵᠡᠷᠭᠡ ᠠᠵᠢᠯ ᠪᠣᠯᠤᠨ᠎ᠠ᠃ ᠲᠤᠰ ᠰᠡᠳᠬᠦᠯ᠎ᠤᠨ ᠤᠳᠤᠷᠢᠳᠤᠯᠭ᠎ᠠ᠎ᠠᠴᠠ ᠡᠬᠢᠯᠡᠨ ᠨᠠᠢ᠌ᠷᠠᠭᠤᠯᠤᠭᠴᠢ ᠠᠵᠢᠯᠲᠠᠨ ᠬᠦᠷᠲᠡᠯ᠎ᠡ ᠪᠦᠷ ᠳᠤᠬᠠᠢ᠌ᠯᠠᠭᠰᠠᠨ ᠠᠵᠢᠯ᠎ᠳᠤ᠎ᠪᠠᠨ ᠬᠠᠷᠢᠭᠤᠴᠠᠯᠭ᠎ᠠ᠎ᠲᠠᠢ᠂ ᠡᠶᠡᠯᠳᠡᠭ ᠳᠠᠷᠤᠤ ᠬᠦᠮᠤᠰ ᠪᠠᠢ᠌ᠯ᠎ᠠ᠃ ᠤᠨᠴᠠᠭ᠋ᠠᠢ᠌ᠯᠠᠨ ᠶᠡᠷᠤᠩᠬᠡᠢ ᠨᠠᠢ᠌ᠷᠠᠭᠤᠯᠤᠭᠴᠢ ᠪᠣᠯᠤᠭᠰᠠᠨ ᠮᠦᠩᠬᠡᠨᠠᠰᠤᠨ ᠭᠤᠸᠠᠢ ᠪᠣᠯ ᠠᠵᠢᠯ᠎ᠳᠤ᠎ᠪᠠᠨ ᠲᠦᠢ᠍ᠯ᠎ᠤᠨ ᠬᠠᠷᠢᠭᠤᠴᠠᠯᠭ᠎ᠠ᠎ᠲᠠᠢ ᠴᠢᠩᠭ᠎ᠠ ᠨᠢᠮᠪᠡᠢ ᠬᠦᠮᠤᠨ ᠪᠠᠢ᠌ᠪᠠ᠃ ᠲᠡᠷᠡ ᠭᠠᠷᠠᠭ᠎ᠤᠨ ᠡᠳᠤᠷ ᠠᠮᠠᠷᠠᠯᠲᠠ ᠵᠢᠨ ᠴᠠᠭ ᠭᠡᠰᠡᠨ ᠦᠭᠡᠢ ᠣᠯᠠᠩᠬᠢ᠎ᠳᠤ᠎ᠪᠠᠨ ᠪᠦᠷ ᠠᠯᠪᠠᠨ ᠭᠡᠷ᠎ᠲᠤ᠎ᠪᠠᠨ ᠠᠵᠢᠯᠯᠠᠭ᠋ᠠᠳ ᠰᠠᠭᠤᠳᠠᠭ᠃ ᠬᠤᠭᠤᠴᠠᠭ᠎ᠠ ᠪᠦᠷᠢ ᠵᠢᠨ ᠰᠡᠳᠬᠦᠯ᠎ᠤᠨ ᠪᠦᠬᠦ ᠠᠭᠤᠯᠭ᠎ᠠ ᠵᠢ ᠬᠡᠪᠯᠡᠬᠦ᠎ᠠᠴᠠ ᠡᠮᠤᠨ᠎ᠡ ᠶᠠᠭ ᠪᠡᠶ᠎ᠡ᠎ᠪᠠᠷ ᠵᠶ᠋ᠠᠨ ᠪᠠᠰᠠ ᠨᠢᠭᠡ ᠳᠠᠬᠢᠨ ᠬᠢᠨᠠᠨ ᠦᠵᠡᠵᠤ ᠵᠦᠪᠰᠢᠶᠡᠭᠡᠳ ᠬᠡᠪᠯᠡᠯ᠎ᠳᠤ ᠦᠭᠭᠦᠭᠡᠳ ᠰᠠᠶᠢ ᠰᠠᠨᠠᠭ᠎ᠠ ᠠᠮᠤᠷ ᠬᠠᠷᠢᠳᠠᠭ᠃ 〈〈ᠴᠢᠷᠮᠠᠢ᠌ᠯᠭ᠎ᠠ ᠬᠦᠮᠤᠨ᠎ᠢ ᠭᠤᠮᠤᠲᠠᠭ᠋ᠠᠳᠠᠭ ᠦᠭᠡᠢ〉〉 ᠭᠡᠭᠴᠢ ᠶᠠᠭ ᠡᠭᠦᠨ᠎ᠢ ᠬᠡᠯᠡᠵᠤ ᠪᠣᠢ᠃ ᠲᠡᠭᠦᠨ᠎ᠤ  ᠡᠨᠡ ᠬᠦ᠌ ᠠᠵᠢᠯ᠎ᠤᠨ ᠣᠪᠣᠷ ᠰᠤᠷᠲᠠᠯ᠎ᠨᠢ ᠨᠠᠢ᠌ᠷᠠᠭᠤᠯᠤᠭᠴᠢ ᠨᠦᠬᠦᠳ ᠵᠶ᠋ᠠᠨ ᠨᠦᠯᠤᠭᠡᠯᠡᠭᠰᠡᠨ ᠵᠶ᠋ᠠᠷ ᠦᠯᠤ ᠪᠠᠷᠠᠮ ᠠᠷᠠᠳ᠎ᠤᠨ ᠶᠠᠪᠤᠳᠠᠯ᠎ᠤᠨ ᠰᠢᠰᠲᠸᠮ᠎ᠤᠨ ᠦᠷᠭᠡᠨ ᠣᠯᠠᠨ ᠺᠠᠳ᠋ᠷ ᠠᠵᠢᠯᠲᠠᠳ᠎ᠤᠨ ᠬᠠᠯᠠᠭᠤᠨ ᠬᠦᠷᠢᠶᠡᠯᠡᠯ᠎ᠢ ᠣᠯᠵᠤ᠂  ᠦᠨᠳᠤᠷ ᠵᠶ᠋ᠠᠷ ᠦᠨᠡᠯᠡᠭᠳᠡᠨ᠂ ᠰᠢᠯᠢᠳᠡᠭ ᠨᠠᠢ᠌ᠷᠠᠭᠤᠯᠤᠭᠴᠢ᠂ ᠭᠠᠪᠢᠶᠠᠲᠤ ᠨᠠᠢ᠌ᠷᠠᠭᠤᠯᠤᠭᠴᠢ ᠵᠢᠨ ᠠᠯᠳᠠᠷ ᠬᠦᠨᠳᠤ ᠵᠢ ᠬᠦᠷᠲᠡᠵᠤ᠂ ᠦᠪᠡᠷᠳᠡᠭᠡᠨ ᠵᠠᠰᠠᠬᠤ ᠣᠷᠣᠨ᠎ᠤ ᠵᠢᠱ᠌ᠢᠶᠡᠴᠢ ᠠᠵᠢᠯᠲᠠᠨ᠂ ᠣᠷᠣᠨ᠎ᠤ ᠠᠷᠠᠳ᠎ᠤᠨ ᠶᠠᠪᠤᠳᠠᠯ᠎ᠤᠨ ᠰᠢᠰᠲᠸᠮ᠎ᠤᠨ ᠲᠡᠷᠢᠭᠦᠨ᠎ᠤ ᠠᠵᠢᠯᠲᠠᠨ᠂ ᠵᠢᠱ᠌ᠢᠶᠡᠴᠢ ᠨᠠᠮ᠎ᠤᠨ ᠬᠡᠰᠢᠭᠦᠨ ᠵᠡᠷᠭᠡ᠎ᠪᠠᠷ ᠣᠯᠠᠨᠲᠠ ᠬᠦᠬᠢᠭᠦᠯᠤᠭ᠌ᠳᠡᠭᠰᠡᠨ ᠪᠠᠢ᠌ᠨ᠎ᠠ᠃

      ᠰᠡᠭᠦᠯ᠎ᠤᠨ ᠦᠭᠡ

      ᠪᠢ ᠡᠨᠳᠡ 6 ᠵᠢᠯ ᠠᠵᠢᠯᠯᠠᠭᠰᠠᠨ ᠳᠠᠰᠢᠷᠠᠮ ᠵᠶ᠋ᠠᠷ᠂ ᠲᠤᠰ ᠰᠡᠳᠬᠦᠯ᠎ᠤᠨ ᠭᠣᠣᠯ ᠤᠳᠤᠷᠢᠳᠤᠯᠭ᠎ᠠ ᠵᠢᠨ ᠰᠢᠨ᠎ᠡ ᠬᠠᠭᠤᠴᠢᠨ᠎ᠤ ᠰᠣᠯᠢᠯᠴᠠᠭ᠎ᠠ ᠵᠢ ᠪᠠᠶ᠎ᠠ᠎ᠪᠠᠷ ᠵᠶ᠋ᠠᠨ ᠦᠩᠭᠡᠷᠡᠭᠦᠯᠵᠤ᠂ ᠰᠢᠨ᠎ᠡ ᠤᠳᠤᠷᠢᠳᠤᠯᠭ᠎ᠠ ᠵᠢᠨ ᠵᠢᠯᠣᠭᠣᠳᠤᠯᠭ᠎ᠠ ᠳᠣᠣᠷ᠎ᠠ ᠵᠢᠯ ᠢᠯᠡᠭᠦᠤ ᠠᠵᠢᠯᠯᠠᠵᠤ ᠳᠠᠰᠤᠯᠴᠠᠪᠠ᠃ ᠰᠢᠨ᠎ᠡ ᠬᠣᠷᠢᠶᠠᠨ ᠳᠠᠷᠤᠭ᠎ᠠ᠂ ᠶᠡᠷᠤᠩᠬᠡᠢ ᠨᠠᠢ᠌ᠷᠠᠭᠤᠯᠤᠭᠴᠢ ᠬᠠᠢ ᠹᠸᠩ (ᠲᠠᠩᠬᠢᠰ)  ᠭᠤᠸᠠᠢ ᠴᠤ᠌  ᠮᠦᠨ ᠬᠠᠰᠢᠷ ᠰᠡᠳᠬᠦᠯᠴᠢ ᠪᠣᠯᠬᠤ ᠮᠦᠷᠳᠡᠭᠡᠨ ᠠᠵᠢᠯᠴᠢ ᠪᠣᠷᠣᠭᠵᠢᠭᠤᠨ ᠠᠪᠢᠶᠠᠰ ᠴᠢᠳᠠᠪᠤᠷᠢ᠎ᠲᠠᠢ᠂ ᠠᠵᠢᠯ᠎ᠳᠤ᠎ᠪᠠᠨ  ᠲᠦᠢ᠍ᠯ᠎ᠤᠨ ᠬᠠᠷᠢᠭᠤᠴᠠᠯᠭ᠎ᠠ᠎ᠲᠠᠢ᠂ ᠦᠷᠭᠡᠨ ᠮᠡᠳᠡᠯᠭᠡ᠎ᠲᠠᠢ᠂ ᠮᠣᠩᠭᠣᠯ ᠬᠢᠲᠠᠳ ᠬᠡᠯᠡᠨ᠎ᠳᠤ᠎ᠪᠠᠨ ᠨᠡᠪᠲᠡᠷᠡᠭᠰᠡᠨ ᠯᠠᠪᠳᠠᠭᠤᠨ ᠳᠣᠭᠲᠠᠭᠤᠨ ᠵᠠᠯᠠᠭᠤ ᠪᠠᠢ᠌ᠯ᠎ᠠ᠃ ᠲᠡᠷᠡ ᠮᠠᠨᠢ ᠰᠢᠨ᠎ᠡ ᠠᠵᠢᠯ᠎ᠤᠨ ᠭᠠᠷᠤᠭ᠎ᠠ᠎ᠪᠠᠨ ᠡᠯᠭᠦᠨ᠂ ᠨᠠᠢ᠌ᠷᠠᠭᠤᠯᠤᠭᠴᠢ ᠨᠦᠬᠦᠳ ᠵᠶ᠋ᠠᠨ ᠳᠠᠢ᠌ᠴᠢᠯᠠᠨ ᠰᠢᠨᠡᠴᠢᠯᠡᠯᠲᠡ ᠬᠢᠵᠤ᠂ ᠠᠪᠢᠶᠠᠰ ᠴᠢᠳᠠᠪᠤᠷᠢ᠎ᠪᠠᠨ ᠪᠠᠳᠠᠷᠠᠭᠤᠯᠤᠨ ᠠᠵᠢᠯᠯᠠᠵᠤ ᠡᠬᠢᠯᠡᠪᠡ ᠃ 〈〈ᠨᠡᠢ᠌ᠬᠡᠮ〉〉  ᠰᠡᠳᠬᠦᠯ ᠮᠠᠨᠢ ᠲᠡᠭᠦᠨ᠎ᠤ ᠤᠳᠤᠷᠢᠳᠤᠯᠭ᠎ᠠ ᠳᠣᠣᠷ᠎ᠠ ᠨᠡᠩ ᠢᠯᠡᠭᠦᠤ ᠰᠢᠨᠡᠲᠤᠨ ᠬᠦᠭᠵᠢᠵᠤ᠂ ᠦᠷᠭᠡᠨ ᠣᠯᠠᠨ ᠣᠩᠰᠢᠭᠴᠢᠳ᠎ᠲᠤ᠎ᠪᠠᠨ ᠨᠡᠩ ᠢᠯᠡᠭᠦᠤ ᠬᠦᠷᠢᠶᠡᠯᠡᠭᠳᠡᠨ᠂ ᠦᠯᠡᠮᠵᠢ ᠶᠡᠬᠡ ᠠᠮᠵᠢᠯᠲᠠ ᠪᠦᠲᠤᠭᠡᠯ ᠣᠯᠬᠣ᠎ᠨᠢ ᠭᠠᠷᠴᠠᠭ᠎ᠠ ᠦᠭᠡᠢ! ᠪᠢ ᠴᠤ᠌ ᠡᠨᠳᠡ ᠲᠡᠭᠦᠨ᠎ᠤ ᠰᠠᠢ᠌ᠨ ᠰᠠᠢ᠌ᠬᠠᠨ᠎ᠢ ᠵᠦᠩᠨᠡᠨ᠂ ᠭᠠᠨᠵᠤᠭ᠎ᠠ ᠳᠦᠭᠦᠷᠡᠩ ᠠᠮᠵᠢᠯᠲᠠ ᠪᠦᠲᠤᠭᠡᠯ᠎ᠲᠠᠢ ᠶᠠᠪᠤᠬᠤ ᠵᠢ ᠴᠢᠩ ᠰᠡᠳᠬᠢᠯ᠎ᠠᠴᠠ᠎ᠪᠠᠨ ᠬᠦᠰᠡᠨ ᠢᠷᠤᠭᠡᠵᠤ ᠪᠠᠢ᠌ᠨ᠎ᠠ᠃

 

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠨᠤᠲᠤᠭ᠎ᠤᠨ ᠲᠡᠭᠦᠦ
ᠪᠤᠷᠤ ᠮᠤᠷᠢ ᠮᠢᠨᠢ
ᠭᠣᠪᠢ ᠵᠢᠨ ᠲᠡᠷᠭᠡᠯ ᠬᠦᠨᠳᠡᠢ (ᠲᠡᠬᠡᠳᠤ)
ᠭᠤᠪᠢ ᠵᠢᠨ ᠲᠡᠷᠬᠡᠯ ᠬᠦᠨᠳᠡᠢ (ᠲᠤᠮᠳᠠᠳᠤ)
ᠭᠤᠪᠢ ᠵᠢᠨ ᠲᠡᠷᠬᠡᠯ ᠬᠦᠨᠳᠡᠢ (ᠲᠤᠤᠷᠠᠳᠤ)
 
            