ᠦᠪᠦᠷ ᠮᠤᠩᠭᠤᠯ᠎ᠤᠨ ᠷᠠᠳᠢᠤ᠋ ᠲᠸᠯᠸᠢᠰ ᠬᠤᠷᠢᠶᠠᠨ᠎ᠤ ᠤᠷᠴᠢᠭᠤᠯᠤᠨ ᠦᠢ᠍ᠯᠡᠳᠬᠦ ᠲᠦᠪ᠎ᠤᠨ 《ᠳᠤᠮᠳᠠᠳᠤ ᠵᠢᠨ ᠰᠤᠶᠤᠯ ᠲᠡᠤᠬᠡ》 ᠳᠡᠯᠭᠡᠴᠡ᠎ᠨᠢ 2023 ᠤᠨ᠎ᠤ ᠭᠤᠤᠯᠳᠠᠯᠭ᠋ᠠᠳᠤ ᠰᠢᠩᠭᠡᠭᠡᠨ ᠦᠢ᠍ᠯᠡᠳᠬᠦ ᠹᠢᠯᠢᠮ᠎ᠤᠨ ᠨᠢᠭᠡ ᠰᠢᠷᠢᠰ ᠪᠣᠯᠬᠤ 《ᠲᠤᠷᠭ᠋ᠠᠨ᠎ᠤ ᠵᠠᠮ᠎ᠤᠨ ᠳᠠᠭ᠋ᠠᠤ ᠲᠡᠤᠬᠡ ᠰᠤᠶᠤᠯ᠎ᠤᠨ ᠤᠯᠠ ᠮᠦᠷ》 ᠭᠡᠬᠦ ᠨᠡᠪᠲᠡᠷᠡᠭᠦᠯᠭᠡ᠎ᠪᠠᠨ ᠰᠢᠩᠭᠡᠭᠡᠵᠤ᠂ 《ᠲᠤᠷᠭ᠋ᠠᠨ᠎ᠤ ᠵᠠᠮ》᠎ᠤᠨ 《ᠲᠤᠷᠭ᠋ᠠᠨ᠎ᠤ ᠡᠬᠢ ᠡᠭᠦᠰᠪᠦᠷᠢ》 ᠵᠢ ᠮᠦᠷᠳᠡᠬᠦ ᠵᠢᠨ ᠲᠤᠯᠠ ᠡᠮᠦᠨᠡᠲᠦ ᠤᠷᠤᠨ᠎ᠢ ᠵᠤᠷᠢᠭᠰᠠᠨ ᠠᠩᠬᠠᠨ᠎ᠤ ᠰᠤᠷᠪᠤᠯᠵᠢᠯᠠᠭ᠎ᠠ ᠵᠢᠨ ᠠᠶᠠᠯᠠᠯ ᠵᠶ᠋ᠠᠨ 2023 ᠣᠨ᠎ᠤ 5 ᠳ᠋ᠤᠭ᠋ᠠᠷ ᠰᠠᠷ᠎ᠠ ᠵᠢᠨ 17᠎ᠤ ᠡᠳᠦᠷ᠎ᠠᠴᠠ 23᠎ᠤ ᠡᠳᠦᠷ᠎ᠤᠨ ᠬᠤᠭᠤᠷᠤᠨᠳᠤ ᠭᠦᠢ᠍ᠴᠡᠳᠭᠡᠭᠰᠡᠨ ᠶᠤᠮ᠃ ᠡᠮᠦᠨᠡᠲᠦ ᠤᠷᠤᠨ ᠵᠶ᠋ᠠᠷ ᠶᠠᠪᠤᠬᠤ᠎ᠳᠤ᠎ᠪᠠᠨ ᠪᠢᠳᠠᠨ ᠪᠠᠰᠠ 《ᠤᠷᠠᠨ ᠪᠠᠷᠢᠯᠭ᠎ᠠ᠎ᠠᠴᠠ ᠤᠴᠢᠷᠯᠠᠬᠤᠢ》 ᠭᠡᠬᠦ ᠰᠢᠷᠢᠰ ᠨᠡᠪᠲᠡᠷᠡᠭᠦᠯᠭᠡ ᠵᠢᠨ ᠭᠠᠳᠠᠷ ᠦᠵᠡᠭᠳᠡᠯ᠎ᠢ ᠰᠡᠭᠦᠳᠡᠷᠯᠡᠬᠦ ᠠᠵᠢᠯ ᠵᠶ᠋ᠠᠨ ᠪᠤᠳᠤᠯᠬᠢᠯᠠᠵᠤ᠂ ᠡᠮᠦᠨᠡᠲᠦ ᠤᠷᠤᠨ᠎ᠳᠤ ᠠᠶᠠᠯᠠᠬᠤ ᠠᠩᠬᠠᠨ᠎ᠤ ᠭᠠᠷᠤᠭ᠎ᠠ᠎ᠪᠠᠨ ᠱᠠᠩᠬᠠᠢ ᠬᠤᠲᠠ ᠵᠢᠨ ᠫᠦᠳᠦᠩ ᠰᠢᠨ᠎ᠡ ᠲᠤᠭᠤᠷᠢᠭ᠎ᠢ ᠰᠤᠩᠭᠤᠭᠰᠠᠨ ᠪᠢᠯᠡ᠃ ᠡᠮᠦᠨᠡᠲᠦ ᠤᠷᠤᠨ ᠵᠶ᠋ᠠᠷ ᠪᠢ ᠲᠧᠯᠸᠢᠰ᠎ᠤᠨ ᠰᠤᠷᠪᠤᠯᠵᠢᠯᠠᠭ᠎ᠠ ᠵᠢᠨ ᠠᠵᠢᠯ ᠵᠶ᠋ᠠᠷ ᠡᠳᠦᠢ ᠲᠡᠳᠦᠢ ᠤᠳᠠᠭ᠎ᠠ ᠭᠦᠷᠴᠤ ᠪᠠᠢ᠌ᠭᠰᠠᠨ ᠴᠦ᠍᠂ ᠱᠠᠩᠬᠠᠢ᠎ᠳᠤ ᠬᠦᠷᠬᠦ ᠵᠠᠪᠰᠢᠶᠠᠨ᠎ᠢ ᠤᠯᠵᠤ ᠴᠢᠳᠠᠭ᠎ᠠ ᠦᠭᠡᠢ ᠪᠠᠢ᠌ᠭᠰᠠᠭ᠋ᠠᠷ ᠦᠨᠦ ᠪᠣᠯᠭ᠋ᠠᠭᠰᠠᠨ᠎ᠨᠢ ᠬᠠᠷᠠᠮᠰᠠᠯᠲᠠᠢ ᠰᠠᠨᠠᠭᠳᠠᠳᠠᠭ ᠴᠦ᠍᠂ ᠤᠷᠤᠢ᠌ᠲᠠᠭᠰᠠᠨᠠᠴᠠ ᠪᠢᠰᠢ ᠤᠰᠤᠯᠳᠠᠭᠰᠠᠨ ᠦᠭᠡᠢ᠎ᠪᠠᠨ ᠪᠤᠳᠤᠬᠤ ᠲᠤᠳᠤᠮ ᠤᠯᠵᠠᠭᠤᠷᠬᠠᠨ ᠪᠠᠶᠠᠷᠯᠠᠨ᠎ᠠ᠃
ᠱᠠᠩᠬᠠᠢ ᠪᠣᠯ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠮᠡᠨᠳᠦᠯᠡᠭᠰᠡᠨ ᠭᠠᠵᠠᠷ᠂ ᠳᠤᠮᠳᠠᠳᠤ ᠤᠯᠤᠰ᠎ᠤᠨ ᠤᠷᠴᠢᠨ ᠦᠶ᠎ᠡ ᠵᠢᠨ ᠦᠨᠳᠦᠰᠦᠲᠡᠨ᠎ᠤ ᠠᠵᠤ ᠦᠢ᠍ᠯᠡᠳᠪᠦᠷᠢ ᠬᠤᠳᠠᠯᠳᠤᠭ᠋ᠠᠨ᠎ᠤ ᠡᠭᠦᠰᠴᠤ ᠪᠦᠷᠢᠯᠳᠦᠭᠰᠡᠨ ᠤᠷᠤᠨ᠂ ᠮᠦᠨ ᠴᠤ᠌ ᠤᠳᠤ ᠦᠶ᠎ᠡ ᠵᠢᠨ ᠰᠤᠶᠤᠯ᠂ ᠰᠢᠨᠵᠢᠯᠡᠬᠦ ᠤᠬᠠᠭ᠋ᠠᠨ ᠲᠸᠭᠨᠢᠭ ᠮᠡᠷᠭᠡᠵᠢᠯ᠂ ᠰᠤᠷᠭ᠋ᠠᠨ ᠬᠦᠮᠦᠵᠢᠯ᠂ ᠠᠵᠤ ᠠᠬᠤᠢ᠂ ᠤᠷᠠᠯᠢᠭ᠂ ᠪᠠᠷᠢᠯᠭ᠎ᠠ ᠵᠢᠨ ᠤᠷ᠎ᠠ ᠤᠬᠠᠭ᠋ᠠᠨ ᠲᠦᠪᠯᠡᠷᠡᠭᠡᠳ᠂ ᠳᠡᠯᠡᠬᠡᠢ ᠵᠢᠨ ᠬᠦᠭᠵᠢᠯᠲᠡ᠎ᠲᠠᠢ ᠠᠯᠬᠤᠮ ᠵᠶ᠋ᠠᠨ ᠨᠢᠭᠡᠳᠭᠡᠵᠤ ᠴᠢᠳᠠᠭᠰᠠᠨ ᠳᠡᠭᠡᠳᠦ ᠬᠤᠷᠳᠤᠴᠠᠲᠦ ᠤᠳᠤᠬᠢᠴᠢᠯᠠᠭᠰᠠᠨ ᠬᠤᠲᠠ ᠪᠤᠯᠤᠨ᠎ᠠ᠃ ᠲᠡᠷᠡ ᠦᠷᠯᠦᠭᠡ ᠪᠤᠷᠤᠭ᠋ᠠᠨ᠎ᠤ ᠡᠭᠦᠯᠡᠰ ᠬᠤᠢ᠌ᠰᠢ᠎ᠪᠠᠨ ᠬᠤᠢ᠌ᠯᠠᠷᠠᠨ ᠲᠠᠭᠤᠭᠳᠠᠵᠤ ᠬᠤᠸᠠᠩ ᠫᠦ᠋ ᠵᠢᠶᠠᠩ ᠮᠦᠷᠡᠨ ᠵᠶ᠋ᠡᠷ ᠬᠤᠢ᠌ᠰᠢ᠎ᠪᠠᠨ ᠦᠩᠭᠡᠷᠡᠬᠦ᠎ᠳᠤ᠂ ᠮᠦᠷᠡᠨ ᠳᠡᠭᠡᠭᠦᠷ ᠵᠤᠷᠴᠢᠬᠤ ᠵᠦᠭᠡᠭᠡᠪᠦᠷᠢ ᠵᠢᠨ ᠤᠩᠭᠤᠴᠠ ᠪᠠᠰᠠ ᠡᠭᠦᠯᠡᠨ᠎ᠠᠴᠠ ᠰᠠᠭᠤᠭᠳᠠᠬᠤ ᠦᠭᠡᠢ ᠭᠡᠰᠡᠨ ᠮᠡᠲᠥ ᠬᠤᠢ᠌ᠰᠢ᠎ᠪᠠᠨ ᠬᠠᠨᠳᠤᠭ᠋ᠠᠳ ᠠᠶᠠᠯᠠᠵᠤ ᠪᠠᠢ᠌ᠲᠠᠯ᠎ᠠ᠂ ᠨᠡᠭᠦᠳᠡᠯ᠎ᠤᠨ ᠡᠭᠦᠯᠡᠰ᠎ᠢ ᠰᠦᠷᠦᠵᠤ ᠤᠷᠤᠭᠰᠢ᠎ᠪᠠᠨ ᠵᠦᠷᠢᠭᠡᠳ ᠦᠩᠭᠡᠷᠡᠬᠦ ᠵᠢᠭᠤᠯᠴᠢᠯᠠᠯ ᠪᠤᠶᠤ ᠠᠴᠢᠶ᠎ᠠ ᠵᠦᠭᠡᠭᠡᠪᠦᠷᠢ ᠵᠢᠨ ᠤᠩᠭᠤᠴᠠ ᠪᠠᠰᠠ ᠤᠯᠠᠨ ᠪᠠᠢ᠌ᠯ᠎ᠠ᠃ ᠪᠢᠳᠠᠨ ᠬᠤᠸᠠᠩ ᠫᠦ᠋ ᠵᠢᠶᠠᠩ ᠮᠦᠷᠡᠨ᠎ᠤ ᠵᠡᠭᠦᠨ ᠡᠷᠭᠢ ᠳᠡᠭᠡᠷ᠎ᠡ᠎ᠠᠴᠠ ᠭᠤᠤᠯ᠎ᠤᠨ ᠪᠠᠷᠠᠭᠤᠨ ᠡᠷᠭᠢ ᠵᠢ ᠬᠠᠷᠠᠪᠠᠯ᠂ 《ᠳᠤᠷᠤᠨᠠᠳᠠᠬᠢᠨᠤ ᠭᠡᠷᠡᠯᠲᠦ ᠰᠤᠪᠤᠳ》 ᠭᠡᠬᠥ ᠨᠡᠷᠡᠲᠡᠢ ᠲᠸᠯᠸᠢᠰ ᠳᠠᠮᠵᠢᠭᠤᠯᠤᠭᠴᠢ ᠰᠤᠪᠤᠷᠭ᠎ᠠ᠂ ᠱᠠᠩᠬᠠᠢ ᠵᠢᠨ ᠳᠡᠯᠡᠬᠡᠢ ᠵᠢᠨ ᠮᠦᠩᠭᠦᠨ ᠭᠦᠢ᠍ᠯᠭᠡᠭᠡᠨ᠎ᠤ ᠲᠤᠮᠤ ᠠᠰᠠᠷ᠂ ᠱᠠᠩᠬᠠᠢ ᠵᠢᠨ ᠭᠣᠣᠯᠳᠠᠯᠭ᠋ᠠᠲᠤ ᠲᠤᠮᠤ ᠠᠰᠠᠷ ᠵᠡᠷᠭᠡ ᠦᠭᠡᠷᠡᠴᠢᠯᠡᠯᠳᠡ ᠨᠡᠭᠡᠭᠡᠯᠲᠡ ᠵᠢᠨ ᠴᠠᠭ ᠡᠷᠢᠨ᠎ᠳᠤ ᠪᠤᠰᠬᠠᠭᠳᠠᠭᠰᠠᠨ ᠦᠨᠳᠦᠷ ᠠᠰᠠᠷᠤᠳᠤᠨ ᠤᠷᠤᠢ ᠵᠢ ᠪᠤᠷᠤᠭ᠋ᠠᠨ᠎ᠤ ᠡᠭᠦᠯᠡᠰ ᠤᠷᠢᠶᠠᠭ᠋ᠠᠳ᠂ ᠱᠠᠩᠬᠠᠢ ᠲᠡᠯᠡᠬᠡᠢ ᠵᠢᠨ ᠬᠦᠭᠵᠢᠯᠲᠡ ᠵᠢᠨ ᠡᠮᠦᠨ᠎ᠡ ᠡᠩᠨᠡᠭᠡᠨ᠎ᠳᠤ ᠤᠷᠤᠭ᠋ᠠᠳ ᠠᠯᠬᠤᠵᠤ ᠪᠠᠢ᠌ᠭ᠎ᠠ ᠬᠤᠲᠠ ᠭᠡᠰᠡᠨ ᠵᠶ᠋ᠠᠨ ᠲᠠᠬᠢᠨ ᠨᠢᠭᠡ ᠤᠳᠠᠭ᠎ᠠ ᠰᠠᠨᠠᠭᠤᠯᠤᠨ᠎ᠠ᠃
ᠬᠤᠸᠠᠩ ᠫᠦ᠋ ᠵᠢᠶᠠᠩ ᠮᠦᠷᠡᠨ᠎ᠤ ᠵᠡᠭᠦᠨ ᠡᠷᠭᠢ ᠳᠠᠭ᠋ᠠᠤ ᠵᠢᠨ ᠠᠰᠠᠷ ᠪᠠᠷᠢᠯᠭ᠎ᠠ ᠵᠢ ᠬᠠᠷᠠᠪᠠᠯ ᠂ ᠤᠯᠠᠩᠭᠢ ᠠᠰᠠᠷ ᠪᠠᠷᠢᠯᠭ᠎ᠠ᠎ᠨᠢ ᠭᠣᠣᠯ᠎ᠤᠨ ᠪᠠᠷᠠᠭᠤᠨ ᠡᠷᠭᠢ ᠵᠢᠨ ᠰᠢᠨᠡᠬᠡᠨ ᠰᠦᠨᠳᠡᠷᠯᠡᠨ ᠪᠤᠰᠤᠭᠰᠠᠨ ᠠᠰᠠᠷ ᠪᠠᠷᠢᠯᠭ᠎ᠠ ᠠᠳᠠᠯᠢ ᠦᠨᠳᠦᠷ ᠰᠦᠷᠯᠢᠭᠦᠨ ᠪᠢᠰᠢ ᠪᠣᠯᠪᠠᠴᠤ᠂ ᠲᠡᠳᠡᠭᠡᠷ ᠪᠠᠷᠢᠯᠭ᠎ᠠ᠎ᠨᠢ ᠬᠠᠷᠢ ᠵᠢᠨ ᠪᠠᠷᠢᠯᠭ᠎ᠠ ᠵᠢᠨ ᠤᠨᠴᠠᠯᠢᠭ᠂ ᠭᠤᠲᠸ ᠮᠠᠶᠢᠭ᠎ᠤᠨ᠂ ᠾᠷᠢᠰᠲ᠋ᠤᠰ᠎ᠤᠨ ᠱᠠᠰᠢᠨ᠎ᠤ ᠮᠠᠶᠢᠭ᠎ᠤᠨ ᠤᠨᠴᠠᠯᠢᠭ᠎ᠲᠠᠢ ᠪᠠᠢ᠌ᠭᠰᠠᠨ᠎ᠨᠢ᠂ ᠬᠠᠷ᠎ᠠ ᠲᠠᠮᠠᠬᠢ ᠵᠢᠨ ᠳᠠᠢ᠌ᠨ᠎ᠤ ᠳᠠᠷᠠᠭ᠎ᠠ ᠳᠤᠮᠳᠠᠳᠤ ᠤᠯᠤᠰ ᠡᠷᠬᠡ ᠮᠡᠳᠡᠯ ᠵᠶ᠋ᠡᠨ ᠬᠠᠷᠢ ᠵᠢᠨ ᠲᠦᠷᠡᠮᠡᠭᠡᠢ᠌ᠯᠡᠭᠴᠢᠳᠲᠤ ᠠᠯᠳᠠᠵᠤ᠂ ᠱᠠᠩᠬᠠᠢ᠎ᠳᠤ ᠭᠠᠳᠠᠭ᠋ᠠᠳᠤ ᠵᠢᠨ 《ᠲᠦᠷᠢᠶᠡᠰᠤᠨ ᠭᠠᠵᠠᠷ》ᠤᠳ ᠡᠨᠳᠡ ᠲᠡᠨᠳᠡ ᠦᠭᠡᠢ ᠪᠤᠢ ᠪᠣᠯᠵᠤ᠂ ᠲᠡᠳᠡᠭᠡᠷ ᠲᠦᠷᠡᠮᠡᠭᠡᠢ᠌ᠯᠡᠭᠴᠢ ᠤᠯᠤᠰ᠎ᠤᠳ ᠬᠠᠮᠢᠭ᠎ᠠ ᠶᠠᠭᠤ ᠪᠠᠢ᠌ᠭᠤᠯᠤᠨ᠎ᠠ ᠭᠡᠪᠡᠯ᠂ ᠲᠡᠨᠳᠡ ᠲᠡᠭᠦᠨ ᠵᠶ᠋ᠡᠨ ᠲᠡᠯᠡᠨ ᠪᠠᠷᠢᠵᠤ᠂ ᠨᠢᠭᠡᠨ ᠤᠯᠤᠰ ᠭᠡᠷ᠎ᠨᠢ ᠦᠪᠡᠷ᠎ᠤᠨ ᠭᠡᠬᠦ ᠡᠷᠬᠡ ᠮᠡᠳᠡᠯ ᠵᠶ᠋ᠡᠨ ᠠᠯᠳᠠᠪᠠᠯ ᠶᠠᠭᠤ ᠪᠤᠯᠳᠠᠭ ᠭᠡᠰᠡᠨ᠎ᠢ ᠪᠢᠳᠠᠨ᠎ᠳᠤ ᠬᠡᠯᠡᠵᠤ ᠥᠭᠬᠦᠨ᠎ᠡ᠃ ᠨᠢᠭᠡᠨ ᠬᠤᠲᠠ ᠪᠤᠶᠤ ᠲᠡᠷᠡ ᠤᠷᠴᠢᠨ᠎ᠤ ᠪᠦᠰᠡ ᠨᠤᠲᠤᠭ᠎ᠤᠨ ᠲᠡᠤᠬᠡ ᠰᠤᠶᠤᠯ᠎ᠢ ᠤᠢ᠌ᠯᠠᠭ᠋ᠠᠶ᠎ᠠ ᠭᠡᠪᠡᠯ᠂ ᠲᠡᠷᠡ ᠬᠤᠲᠠ ᠵᠢᠨ ᠮᠦᠽᠸᠢ ᠳᠤᠨᠢ ᠤᠴᠢᠪᠠᠯ ᠰᠠᠶᠢ ᠡᠨᠡ ᠨᠤᠲᠤᠭ ᠤᠰᠤᠨ᠎ᠤ ᠲᠤᠬᠠᠢ ᠠᠩᠬ᠎ᠠ ᠠᠯᠬᠤᠮ᠎ᠤᠨ ᠤᠢ᠌ᠯᠠᠭ᠋ᠠᠯᠲᠠ᠎ᠲᠠᠢ ᠪᠣᠯᠵᠤ ᠴᠢᠳᠠᠳᠠᠭ᠃ ᠡᠨᠡ ᠶᠤᠰᠤᠭ᠋ᠠᠷ ᠪᠢᠳᠠᠨ ᠱᠠᠩᠬᠠᠢ ᠵᠢᠨ ᠮᠦᠽᠸᠢ᠎ᠳᠤ ᠤᠴᠢᠯ᠎ᠠ᠃ ᠱᠠᠩᠬᠠᠢ ᠵᠢᠨ ᠮᠦᠽᠸᠢ ᠪᠣᠯ ᠳᠤᠮᠳᠠᠳᠤ ᠤᠯᠤᠰ᠎ᠤᠨ ᠲᠤᠮᠤ ᠬᠡᠯᠪᠡᠷᠢ ᠵᠢᠨ ᠡᠷᠲᠡᠨ᠎ᠤ ᠤᠷᠠᠯᠢᠭ᠎ᠤᠨ ᠮᠦᠽᠸᠢ ᠪᠤᠯᠤᠨ᠎ᠠ᠃ ᠮᠦᠽᠸᠢ᠎ᠳᠤ ᠠᠷᠪᠠᠨ ᠬᠤᠶᠠᠷ ᠲᠦᠮᠡ ᠭᠠᠷᠤᠢ ᠵᠦᠢ᠍ᠯ᠎ᠤᠨ ᠬᠤᠪᠤᠷ ᠴᠤᠬᠠᠭ ᠡᠳ᠋ ᠪᠤᠳᠠᠰ᠎ᠢ ᠬᠠᠳᠠᠭ᠋ᠠᠯᠠᠵᠤ᠂ ᠡᠭᠦᠨ᠎ᠤ ᠲᠤᠳᠤᠷ᠎ᠠ ᠬᠦᠷᠡᠯ ᠪᠠᠭ᠋ᠠᠵᠢ ᠬᠡᠷᠡᠭᠰᠡᠯ᠂ ᠸᠠᠭ᠋ᠠᠷ ᠱᠠᠭ᠋ᠠᠵᠠᠩ ᠬᠡᠷᠡᠭᠰᠡᠯ᠂ ᠤᠷᠠᠨ ᠪᠢᠴᠢᠯᠭᠡ᠂ ᠤᠷᠠᠨ ᠵᠢᠷᠤᠭ᠂ ᠬᠠᠰ ᠬᠡᠷᠡᠭᠰᠡᠯ᠂ ᠬᠤᠯᠤᠰᠤ ᠮᠤᠳᠤᠨ᠎ᠤ ᠭᠡᠷ᠎ᠤᠨ ᠬᠡᠷᠡᠭᠰᠡᠯ᠂ ᠶᠠᠰᠤᠨ ᠪᠢᠴᠢᠭ᠂ ᠡᠯ᠎ᠡ ᠲᠦᠷᠥ ᠵᠢᠨ ᠬᠠᠭ᠋ᠠᠳ ᠨᠤᠶᠠᠳ᠎ᠤᠨ ᠲᠠᠮᠠᠭ᠎ᠠ᠂ ᠴᠦᠭᠡᠨ ᠲᠤᠭ᠋ᠠᠲᠤ ᠦᠨᠳᠦᠰᠦᠲᠡᠨ᠎ᠤ ᠬᠤᠪᠴᠠᠰᠤ ᠵᠠᠰᠠᠯ᠎ᠤᠨ ᠬᠡᠪ ᠵᠠᠭᠪᠤᠷ ᠤᠨ ᠤᠨᠴᠠᠯᠢᠭ᠎ᠢ ᠬᠠᠷᠠᠭᠤᠯᠤᠭᠰᠠᠨ ᠬᠤᠪᠴᠠᠰᠤ ᠵᠠᠰᠠᠯ᠎ᠤᠨ ᠵᠦᠢ᠍ᠯ ᠵᠡᠷᠭᠡ ᠬᠤᠷᠢᠨ ᠨᠢᠭᠡᠨ ᠲᠦᠷᠥᠯ᠎ᠤᠨ ᠠᠭᠤᠯᠭ᠎ᠠ ᠪᠠᠭᠲᠠᠵᠤ᠂ ᠬᠠᠳᠠᠭ᠋ᠠᠯᠠᠭᠳᠠᠴᠠ᠎ᠪᠠᠷ ᠡᠯᠪᠡᠭ᠂ ᠤᠨᠴᠠᠯᠢᠭ᠎ᠢ ᠳᠤᠪᠤᠢ᠌ᠯᠭ᠋ᠠᠭᠰᠠᠨ ᠵᠡᠷᠭᠡ ᠲᠠᠯ᠎ᠠ᠎ᠪᠠᠷ ᠵᠶ᠋ᠠᠨ ᠤᠯᠤᠰ᠎ᠤᠨ ᠲᠤᠳᠤᠭ᠋ᠠᠳᠤ ᠭᠠᠳᠠᠭ᠋ᠠᠳᠤ᠎ᠳᠤ ᠨᠡᠷ᠎ᠡ ᠲᠦᠷᠥ᠎ᠪᠠᠨ ᠪᠤᠰᠬᠠᠵᠤ ᠴᠢᠳᠠᠵᠠᠢ᠃ ᠱᠠᠩᠬᠠᠢ ᠬᠤᠲᠠ1986 ᠤᠨ᠎ᠳᠤ ᠤᠯᠤᠰ᠎ᠤᠨ ᠲᠡᠤᠬᠡ ᠰᠤᠶᠤᠯ᠎ᠤᠨ ᠨᠡᠷᠡᠲᠦ ᠬᠤᠲᠠ᠎ᠪᠠᠷ ᠵᠦᠪᠰᠢᠶᠡᠷᠡᠭᠳᠡᠭᠰᠡᠨ᠎ᠠᠴᠠ ᠨᠠᠭ᠋ᠠᠰᠢ᠎ᠪᠠᠨ᠂ ᠦᠪ ᠰᠤᠶᠤᠯ᠎ᠤᠨ ᠦᠯᠡᠳᠡᠭᠳᠡᠯ ᠤᠯᠠᠨ ᠪᠠᠢ᠌ᠭ᠎ᠠ ᠪᠤᠳᠠᠳᠤ ᠪᠠᠢ᠌ᠳᠠᠯ ᠵᠶ᠋ᠠᠨ ᠦᠨᠳᠦᠰᠦᠯᠡᠵᠤ᠂ ᠱᠠᠩᠬᠠᠢ ᠬᠤᠲᠠ ᠵᠢᠨ ᠬᠡᠪᠴᠢᠶᠡᠨ᠎ᠳᠤ ᠲᠦᠭᠡᠭᠡᠨ ᠲᠠᠷᠬᠠᠭᠰᠠᠨ3075 ᠰᠠᠭᠤᠷᠢ ᠲᠡᠤᠭᠡ ᠵᠢᠨ ᠦᠯᠡᠳᠡᠭᠳᠡᠯ ᠭᠡᠷ ᠪᠠᠷᠢᠯᠭ᠎ᠠ᠂3437 ᠭᠡᠰᠡᠭ ᠬᠦᠳᠡᠯᠭᠡᠵᠤ ᠦᠯᠦ ᠪᠣᠯᠬᠣ ᠬᠠᠭᠤᠴᠢ ᠪᠤᠳᠠᠰ᠂ 397 ᠵᠤᠷᠪᠤᠰ ᠤᠤᠯ ᠲᠦᠷᠬᠦ ᠵᠢ᠎ᠨᠢ ᠬᠠᠳᠠᠭ᠋ᠠᠯᠠᠬᠤ ᠬᠡᠷᠡᠭᠳᠡᠢ ᠵᠡᠭᠡᠯᠢ ᠭᠤᠳᠤᠮᠵᠢ᠂ 84 ᠭᠤᠤᠯ᠎ᠢ ᠤᠤᠯ ᠲᠦᠷᠬᠥᠪᠠᠷᠨᠢ ᠦᠯᠡᠳᠡᠭᠡᠬᠦ ᠵᠡᠷᠭᠡ ᠲᠤᠭᠲᠠᠭ᠋ᠠᠯ ᠵᠤᠷᠪᠤᠰ᠂ ᠬᠠᠮᠢᠶᠠᠷᠤᠯᠲᠠ ᠵᠢᠨ ᠠᠷᠭ᠎ᠠ ᠬᠡᠮᠵᠢᠶ᠎ᠡ ᠵᠢ ᠠᠪᠴᠠᠢ᠃
ᠲᠡᠤᠬᠡ ᠰᠤᠶᠤᠯ ᠪᠣᠯ ᠨᠢᠭᠡ ᠬᠤᠲᠠ ᠵᠢᠨ ᠠᠮᠢᠨ ᠰᠦᠨᠡᠰᠦ ᠪᠤᠯᠤᠨ᠎ᠠ᠃ ᠡᠯᠪᠡᠭ ᠪᠠᠶᠠᠯᠢᠭ ᠠᠭᠤᠯᠭ᠎ᠠ᠎ᠲᠠᠢ ᠬᠤᠪᠢᠰᠬᠠᠯᠲᠤ ᠰᠤᠶᠤᠯ᠂ ᠳᠠᠯᠠᠢ ᠲᠠᠩᠬᠢᠰ᠎ᠤᠨ ᠰᠤᠶᠤᠯ᠂ ᠡᠮᠦᠨᠡᠲᠦ ᠤᠷᠤᠨ᠎ᠤ ᠰᠤᠶᠤᠯ᠎ᠨᠢ ᠨᠡᠢ᠌ᠯᠡᠭᠡᠳ ᠱᠠᠩᠬᠠᠢ ᠵᠢᠨ ᠲᠡᠤᠬᠡ ᠰᠤᠶᠤᠯ᠎ᠤᠨ ᠠᠭᠤᠯᠭ᠎ᠠ ᠵᠢ ᠤᠯᠠᠮ ᠪᠠᠶᠠᠯᠢᠭᠵᠢᠭᠤᠯᠵᠠᠢ᠃ ᠡᠮᠦᠨᠡᠲᠦ ᠤᠷᠤᠨ᠎ᠤ ᠰᠤᠶᠤᠯ ᠪᠣᠯ ᠱᠠᠩᠬᠠᠢ ᠵᠢᠨ ᠲᠡᠤᠬᠡ ᠰᠤᠶᠤᠯ᠎ᠤᠨ ᠰᠠᠭᠤᠷᠢ ᠦᠩᠭᠡ᠂ ᠳᠠᠯᠠᠢ ᠲᠠᠩᠭᠢᠰ᠎ᠤᠨ ᠰᠤᠶᠤᠯ ᠪᠣᠯ ᠲᠡᠭᠦᠨ᠎ᠤ ᠤᠨᠴᠠᠯᠢᠭ᠎ᠨᠢ ᠪᠠᠢ᠌ᠭᠰᠠᠨ ᠪᠣᠯ᠂ ᠬᠤᠪᠢᠰᠬᠠᠯᠲᠤ ᠰᠤᠶᠤᠯ᠎ᠨᠢ ᠱᠠᠩᠬᠠᠢ ᠵᠢᠨ ᠲᠡᠤᠬᠡ ᠰᠤᠶᠤᠯ᠎ᠢ ᠤᠯᠠᠮ ᠡᠷᠴᠢᠮᠵᠢᠭᠦᠯᠵᠠᠢ᠃ ᠤᠯᠠᠨ ᠲᠠᠯᠠᠲᠤ ᠰᠤᠶᠤᠯ᠎ᠤᠨ ᠠᠭᠤᠰᠤᠯᠴᠠᠭ᠎ᠠ᠎ᠪᠠᠷ ᠳᠠᠮᠵᠢᠭ᠋ᠠᠳ᠂ 《ᠤᠯᠠᠨ ᠲᠠᠯ᠎ᠠ ᠵᠢ ᠪᠠᠭᠲᠠᠭ᠋ᠠᠨ᠂ ᠨᠡᠭᠡᠭᠡᠯᠲᠡ᠎ᠲᠠᠢ᠂ ᠠᠭᠤᠳᠠᠮᠴᠢ ᠵᠠᠩ ᠠᠷᠠᠨᠰᠢᠨ》᠎ᠲᠠᠢ ᠱᠠᠩᠬᠠᠢ ᠬᠤᠲᠠ ᠵᠢᠨ ᠵᠤᠷᠢᠭ ᠰᠠᠨᠠᠭ᠎ᠠ ᠵᠢ ᠪᠤᠢ ᠪᠣᠯᠭ᠋ᠠᠵᠠᠢ᠃ ᠱᠠᠩᠬᠠᠢ ᠬᠤᠲᠠ ᠵᠢᠨ ᠮᠦᠽᠸᠢ ᠵᠢᠨ ᠲᠤᠳᠤᠷᠠᠬᠢ ᠪᠦᠬᠦ ᠠᠭᠤᠯᠭ᠎ᠠ ᠵᠢ ᠶᠡᠬᠡ ᠲᠦᠯᠦᠪ ᠤᠢ᠌ᠯᠠᠭ᠋ᠠᠵᠤ ᠠᠪᠬᠤ᠎ᠳᠤ᠂ ᠭᠠᠭᠴᠠᠬᠠᠨ ᠡᠳᠦᠷ᠎ᠤᠨ ᠴᠠᠭ ᠳᠠᠩᠴᠤ ᠤᠬᠤᠷᠬᠠᠨ ᠪᠠᠢ᠌ᠭᠰᠠᠨᠤ ᠤᠴᠢᠷ᠂ ᠪᠢᠳᠠᠨ ᠡᠨᠳᠡ᠎ᠠᠴᠠ ᠲᠤᠷᠭ᠋ᠠᠨ᠎ᠤ ᠵᠠᠮ᠎ᠤᠨ ᠠᠭᠤᠯᠭ᠎ᠠ᠎ᠲᠠᠢ ᠬᠤᠯᠪᠤᠭᠳᠠᠬᠤ ᠠᠭᠤᠯᠭ᠎ᠠ ᠵᠢ ᠰᠤᠩᠭᠤᠨ ᠠᠪᠴᠤ᠂ ᠲᠡᠭᠦᠨ ᠵᠶ᠋ᠡᠨ ᠢᠯᠡᠭᠦᠦ ᠲᠤᠭᠲᠠᠭ᠋ᠠᠵᠤ ᠠᠪᠬᠤ ᠵᠢ ᠪᠤᠳᠤᠪᠠ᠃
ᠳᠤᠮᠳᠠᠳᠤ ᠤᠯᠤᠰ᠎ᠤᠨ ᠡᠷᠲᠡᠨ᠎ᠤ 《ᠲᠤᠷᠭ᠋ᠠᠨ᠎ᠤ ᠵᠠᠮ》 ᠵᠶ᠋ᠠᠷ ᠳᠠᠮᠵᠢᠭ᠋ᠠᠳ ᠲᠤᠷᠭ᠎ᠠ ᠳᠤᠷᠳᠤᠩ᠎ᠠᠴᠠ ᠭᠠᠳᠠᠨ᠎ᠠ ᠬᠠᠰ᠂ ᠸᠠᠭ᠋ᠠᠷ ᠱᠠᠭ᠋ᠠᠵᠠᠩ ᠰᠠᠪᠠ ᠬᠡᠷᠡᠭᠰᠡᠯ ᠴᠦ᠍ ᠬᠠᠷᠢ ᠭᠦᠷᠦᠨ ᠤᠷᠤᠭᠤ ᠳᠠᠮᠵᠢᠭᠳᠠᠨ ᠬᠦᠷᠳᠡᠭ ᠪᠠᠢ᠌ᠵᠠᠢ᠃ ᠱᠠᠩᠬᠠᠢ ᠵᠢᠨ ᠮᠦᠽᠸᠢ᠎ᠳᠤ 《ᠲᠤᠷᠭ᠋ᠠᠨ᠎ᠤ ᠵᠠᠮ》᠎ᠤᠨ ᠬᠥᠭᠵᠢᠵᠦ ᠪᠠᠭᠤᠷᠠᠭᠰᠠᠨ ᠲᠡᠤᠬᠡ ᠵᠢᠨ ᠦᠢ᠍ᠯᠡ ᠬᠡᠷᠡᠭᠲᠠᠢ ᠬᠤᠯᠪᠤᠭᠳᠠᠭᠤᠯᠤᠨ᠂ ᠲᠤᠷᠭ᠋ᠠᠨ᠎ᠤ ᠵᠠᠮ ᠳᠠᠭ᠋ᠠᠤ ᠢᠯᠡᠷᠡᠭᠰᠡᠨ ᠠᠳᠠᠯᠢ ᠪᠤᠰᠤ ᠲᠦᠷᠥᠯ ᠬᠡᠯᠪᠡᠷᠢ ᠵᠢᠨ ᠵᠤᠭᠤᠰ᠎ᠢ ᠳᠡᠯᠭᠡᠨ ᠦᠵᠡᠭᠦᠯᠦᠭᠰᠡᠨ᠎ᠨᠢ ᠬᠦᠮᠦᠰ᠎ᠤᠨ ᠠᠩᠬᠠᠷᠤᠯ᠎ᠳᠤ ᠪᠠᠭᠤᠵᠤ ᠪᠠᠢ᠌ᠯ᠎ᠠ᠃ ᠡᠷᠲᠡᠨ᠎ᠤ ᠴᠠᠩ ᠠᠨ ᠬᠤᠲᠠ᠎ᠠᠴᠠ ᠪᠠᠷᠠᠭᠤᠨᠰᠢᠯᠠᠨ ᠪᠠᠭᠳᠠᠳ᠋᠂ ᠴᠠᠭ᠋ᠠᠰᠢᠯᠠᠨ ᠭᠠᠵᠠᠷ᠎ᠤᠨ ᠳᠤᠮᠳᠠᠳᠤ ᠲᠠᠩᠬᠢᠰ ᠬᠦᠷᠲᠡᠯ᠎ᠡ ᠦᠷᠭᠦᠯᠵᠢᠯᠡᠭᠰᠡᠨ ᠲᠤᠷᠭ᠋ᠠᠨ᠎ᠤ ᠵᠠᠮ ᠳᠠᠭ᠋ᠠᠤ ᠡᠷᠲᠡᠨ᠎ᠤ ᠡᠳᠦᠢ ᠲᠡᠳᠦᠢ ᠠᠳᠠᠯᠢ ᠪᠤᠰᠤ ᠦᠨᠳᠦᠰᠦᠲᠡᠨ ᠪᠤᠯᠤᠨ ᠤᠯᠤᠰ᠎ᠤᠨ ᠬᠡᠷᠡᠭᠯᠡᠵᠦ ᠪᠠᠢ᠌ᠭᠰᠠᠨ ᠵᠤᠭᠤᠰ ᠢᠯᠡᠷᠡᠵᠤ᠂ ᠡᠨᠳᠡ ᠦᠭᠡᠷ᠎ᠡ ᠨᠢᠭᠡ ᠲᠦᠷᠥᠯ᠎ᠤᠨ ᠵᠤᠭᠤᠰᠤᠨ᠎ᠤ ᠰᠤᠶᠤᠯ᠎ᠤᠨ ᠰᠢᠰᠲᠸᠮ᠎ᠲᠠᠢ ᠪᠠᠢ᠌ᠭᠰᠠᠨ᠎ᠢ ᠭᠡᠷᠡᠴᠢᠯᠡᠨ᠎ᠡ᠃ ᠡᠳᠡᠭᠡᠷ ᠲᠦᠷᠥᠯ᠎ᠤᠨ ᠵᠤᠭᠤᠰ᠎ᠢ ᠳᠤᠮᠳᠠᠳᠤ ᠤᠯᠤᠰ᠎ᠤᠨ ᠡᠷᠲᠡᠨ᠎ᠤ ᠵᠤᠭᠤᠰ᠎ᠲᠠᠢ ᠠᠳᠠᠯᠢᠳᠬᠠᠵᠤ ᠦᠵᠡᠪᠡᠯ᠂ ᠴᠢᠳᠬᠤᠬᠤ ᠠᠷᠭ᠎ᠠ ᠵᠢ ᠬᠡᠷᠡᠭᠯᠡᠨ ᠦᠢ᠍ᠯᠡᠳᠦᠨ ᠭᠠᠷᠭ᠋ᠠᠭᠰᠠᠨ ᠮᠦᠷᠲᠡᠭᠡᠨ᠂ ᠮᠦᠩᠭᠦ᠂ ᠵᠡᠰ᠂ ᠠᠯᠲᠠ ᠵᠡᠷᠭᠡ ᠮᠠᠲᠸᠷᠢᠶᠠᠯ ᠵᠶ᠋ᠡᠷ ᠵᠤᠭᠤᠰ ᠬᠢᠳᠡᠭ ᠪᠠᠢ᠌ᠭᠰᠠᠨ᠎ᠢ ᠮᠡᠳᠡᠵᠤ ᠪᠣᠯᠣᠨ᠎ᠠ᠃ ᠲᠤᠷᠭ᠋ᠠᠨ᠎ᠤ ᠵᠠᠮ᠎ᠤᠨ ᠡᠷᠲᠡᠨ᠎ᠤ ᠤᠯᠤᠰ᠎ᠤᠳ ᠦᠢ᠍ᠯᠡᠳᠬᠦ ᠳᠤ᠎ᠪᠠᠨ᠂ ᠵᠤᠭᠤᠰ᠎ᠤᠨ ᠳᠡᠭᠡᠷ᠎ᠡ ᠢᠯᠡᠷᠡᠭᠦᠯᠬᠦ ᠵᠢᠷᠤᠭ ᠳᠦᠷᠰᠦ ᠵᠢᠨ ᠵᠠᠰᠠᠯ ᠴᠢᠮᠡᠭᠯᠡᠯ᠎ᠢ ᠨᠡᠩ ᠢᠯᠡᠬᠦᠦ ᠠᠩᠬᠠᠷᠤᠯ᠎ᠳᠤ᠎ᠪᠠᠨ ᠠᠪᠴᠤ᠂ ᠲᠡᠤᠬᠡ ᠵᠢᠨ ᠠᠳᠠᠯᠢ ᠪᠤᠰᠤ ᠦᠶᠡᠰ᠎ᠤᠨ ᠵᠤᠭᠤᠰ᠎ᠨᠢ ᠠᠳᠠᠯᠢ ᠪᠤᠰᠤ ᠵᠢᠷᠤᠭ ᠳᠦᠷᠰᠦ ᠵᠢᠨ ᠴᠢᠮᠡᠭᠯᠡᠯ᠎ᠲᠠᠢ ᠪᠣᠯᠵᠤ ᠬᠤᠪᠢᠷᠠᠭ᠋ᠠᠳ ᠪᠠᠢ᠌ᠭᠰᠠᠨ᠎ᠨᠢ᠂ ᠲᠤᠷᠭ᠋ᠠᠨ᠎ᠤ ᠵᠠᠮ ᠳᠠᠭ᠋ᠠᠤ᠎ᠳᠤ᠎ᠬᠢ ᠡᠷᠲᠡᠨ᠎ᠤ ᠤᠯᠤᠰ᠎ᠤᠨ ᠲᠡᠤᠬᠡ ᠰᠤᠶᠤᠯ᠎ᠤᠨ ᠬᠦᠭᠵᠢᠯᠲᠡ ᠬᠤᠪᠢᠷᠠᠯᠳᠠ ᠵᠢ ᠰᠤᠳᠤᠯᠬᠤ᠎ᠳᠤ ᠵᠠᠷᠢᠮ ᠲᠠᠯ᠎ᠠ ᠵᠢᠨ ᠰᠦᠪᠡᠭᠴᠢ ᠵᠢ ᠬᠠᠩᠭ᠋ᠠᠵᠠᠢ᠃ ᠨᠡᠢ᠌ᠲᠡ ᠵᠢᠨ ᠤᠨ ᠲᠤᠭ᠋ᠠᠯᠠᠯᠠᠴᠠ ᠡᠮᠦᠨᠡᠬᠢ ᠵᠢᠷᠭᠤᠳᠤᠭ᠋ᠠᠷ ᠵᠠᠭᠤᠨ᠎ᠳᠤ᠂ ᠠᠾᠡᠮᠸᠢᠨᠢ ᠸᠠᠩᠲᠦ ᠲᠦᠷᠥ ᠵᠢᠨ ᠡᠵᠡᠨ ᠸᠠᠩ᠎ᠠᠴᠠ ᠮᠦᠩᠭᠦᠨ ᠵᠤᠭᠤᠰ ᠲᠠᠷᠬᠠᠭ᠋ᠠᠵᠠᠢ᠃ ᠵᠤᠭᠤᠰᠤᠨ᠎ᠤ ᠨᠢᠭᠤᠷ ᠲᠠᠯ᠎ᠠ ᠳᠡᠭᠡᠷ᠎ᠡ ᠡᠵᠡᠨ ᠸᠠᠩ᠎ᠤᠨ ᠮᠠᠯᠠᠭ᠋ᠠᠢ ᠵᠡᠭᠦᠵᠤ᠂ ᠤᠷᠲᠤ ᠬᠤᠪᠴᠠᠰᠤ ᠡᠮᠦᠰᠦᠨ᠂ ᠭᠠᠷ ᠲᠤ᠎ᠪᠠᠨ ᠤᠷᠲᠤ ᠵᠢᠳᠠ ᠠᠳᠬᠤᠭ᠋ᠠᠳ ᠭᠦᠶᠦᠵᠤ ᠶᠠᠪᠤᠭ᠎ᠠ ᠡᠵᠡᠨ ᠸᠠᠩ᠎ᠢ ᠵᠢᠷᠤᠭᠰᠠᠨ ᠪᠠᠢ᠌ᠳᠠᠭ᠃ ᠠᠨ ᠰᠢ ᠸᠠᠩᠲᠦ ᠲᠦᠷᠥ ᠵᠢᠨ ᠵᠤᠭᠤᠰᠤᠨ᠎ᠤ ᠨᠢᠭᠤᠷ ᠲᠠᠯ᠎ᠠ ᠳᠡᠭᠡᠷ᠎ᠡ ᠤᠯᠤᠰ᠎ᠤᠨ ᠸᠠᠩ᠎ᠢ ᠬᠠᠵᠠᠭᠤ᠎ᠠᠴᠠ᠎ᠨᠢ ᠬᠠᠷᠠᠭᠰᠠᠨ ᠵᠢᠷᠤᠭ᠎ᠢ ᠤᠷᠠᠯᠠᠨ ᠭᠠᠷᠭ᠋ᠠᠭᠰᠠᠨ ᠪᠣᠯ᠂ ᠲᠡᠭᠦᠨ᠎ᠤ ᠠᠷᠤ ᠲᠠᠯ᠎ᠠ ᠳᠤᠨᠢ ᠤᠯᠤᠰ᠎ᠤᠨ ᠸᠠᠩ ᠨᠢᠭᠡᠨ ᠤᠨᠴᠠᠭ᠋ᠠᠢ ᠬᠠᠳᠠᠨ ᠳᠡᠭᠡᠷ᠎ᠡ ᠰᠠᠭᠤᠵᠤ᠂ ᠭᠠᠷ ᠲᠤ᠎ᠪᠠᠨ ᠸᠠᠩ᠎ᠤᠨ ᠡᠷᠬᠡ ᠮᠡᠳᠡᠯ᠎ᠢ ᠪᠡᠯᠭᠡᠳᠡᠭᠰᠡᠨ ᠨᠤᠮᠤ ᠠᠳᠬᠤᠵᠤ᠂ ᠸᠠᠩ᠎ᠤᠨ ᠡᠷᠬᠡ ᠮᠡᠳᠡᠯ᠎ᠢ ᠰᠤᠷᠲᠠᠯᠴᠢᠯᠠᠭᠰᠠᠨ ᠦᠵᠡᠯᠲᠡ᠎ᠪᠠᠨ ᠢᠯᠡᠳᠭᠡᠵᠠᠢ᠃ ᠬᠠᠷᠢᠨ ᠳᠡᠭᠡᠬᠦ᠎ᠳᠤ ᠡᠸᠯᠢᠮᠸᠢ ᠪᠤᠯᠤᠨ ᠫᠷᠢᠰ ᠸᠠᠩᠲᠦ ᠲᠦᠷᠥ᠎ᠨᠢ ᠠᠨ ᠰᠢ ᠸᠠᠩᠲᠦ ᠲᠦᠷᠥ ᠵᠢᠨ ᠬᠠᠷᠢᠶ᠎ᠠ ᠤᠯᠤᠰ ᠪᠤᠯᠤᠭ᠋ᠠᠳ ᠪᠠᠢ᠌ᠭᠰᠠᠨ ᠴᠤ᠌᠂ ᠮᠦᠨ ᠦᠪᠡᠷ᠎ᠤᠨ ᠤᠯᠤᠰ᠎ᠤᠨ ᠵᠤᠭᠤᠰ ᠵᠶ᠋ᠠᠨ ᠲᠠᠷᠬᠠᠭ᠋ᠠᠵᠤ ᠪᠠᠢ᠌ᠵᠠᠢ᠃ ᠡᠳᠡᠭᠡᠷ ᠵᠤᠭᠤᠰ᠎ᠤᠨ᠎ᠠᠴᠠ ᠪᠢᠳᠠᠨ ᠲᠤᠬᠠᠢ ᠵᠢᠨ ᠦᠶᠡᠰ ᠡᠷᠲᠡᠨ᠎ᠤ ᠲᠤᠷᠭ᠋ᠠᠨ᠎ᠤ ᠵᠠᠮ ᠳᠠᠭ᠋ᠠᠤ᠎ᠳᠤ᠎ᠬᠢ ᠡᠷᠲᠡᠨ᠎ᠤ ᠤᠯᠤᠰ ᠭ᠋ᠷᠸᠭᠤᠨ ᠰᠤᠶᠤᠯ᠎ᠤᠨ ᠨᠦᠯᠦᠭᠡ ᠵᠢ ᠤᠯᠠᠨ ᠲᠠᠯ᠎ᠠ᠎ᠪᠠᠷ ᠬᠦᠯᠢᠶᠡᠨ ᠠᠪᠴᠤ ᠪᠠᠢ᠌ᠭᠰᠠᠨ᠎ᠢ ᠬᠠᠷᠠᠭᠤᠯᠤᠨ᠎ᠠ᠃ ᠡᠳᠡᠭᠡᠷ ᠵᠤᠭᠤᠰ᠎ᠤᠨ ᠲᠠᠨᠢᠯᠴᠠᠭᠤᠯᠭ᠎ᠠ ᠲᠤᠳᠤᠷ᠎ᠠ᠂ ᠮᠠᠰᠢ ᠬᠤᠪᠤᠷ ᠵᠤᠭᠤᠰ ᠪᠣᠯᠬᠤ ᠴᠢᠩᠬᠢᠰ ᠬᠠᠭ᠋ᠠᠨ᠎ᠤ ᠠᠯᠲᠠᠨ ᠵᠤᠭᠤᠰ᠎ᠨᠢ ᠮᠦᠽᠸᠢ᠎ᠳᠤ ᠢᠷᠡᠭᠰᠡᠨ ᠬᠦᠮᠦᠰ᠎ᠤᠨ ᠠᠩᠬᠠᠷᠤᠯ ᠢ ᠲᠠᠲᠠᠵᠤ ᠪᠠᠢ᠌ᠪᠠ᠃
ᠱᠠᠩᠬᠠᠢ ᠵᠢᠨ ᠮᠦᠽᠸᠢ᠎ᠠᠴᠠ ᠦᠵᠡᠭᠰᠡᠨ᠂ ᠬᠠᠷᠠᠭᠰᠠᠨ᠂ ᠲᠠᠨᠢᠭᠰᠠᠨ ᠵᠦᠢ᠍ᠯ ᠮᠠᠨᠢ ᠲᠤᠢ᠌ᠯ᠎ᠤᠨ ᠠᠷᠪᠢᠨ ᠪᠠᠢ᠌ᠵᠤ᠂ ᠨᠢᠭᠡᠨ ᠪᠦᠰᠡ ᠨᠤᠲᠤᠭ᠎ᠲᠤ ᠬᠦᠭᠵᠢᠯᠲᠡ ᠵᠢᠨ ᠵᠢᠭᠦᠷ ᠤᠷᠭᠤᠬᠤ᠎ᠳᠤ ᠬᠦᠷᠪᠡᠯ ᠲᠡᠷᠡ᠎ᠨᠢ ᠬᠦᠮᠦᠰ᠎ᠤᠨ ᠰᠠᠨᠠᠭ᠋ᠠᠨ᠎ᠠᠴᠠ ᠭᠠᠳᠠᠭᠤᠷ ᠬᠡᠴᠢᠨᠡᠬᠡᠨ ᠲᠠᠬᠢᠨ ᠵᠶ᠋ᠠᠷ ᠬᠦᠭᠵᠢᠨ ᠪᠤᠵᠠᠭ᠋ᠠᠢ᠌ᠷᠠᠵᠤ ᠪᠣᠯᠳᠠᠭ᠎ᠢ ᠦᠵᠡᠭᠦᠯᠦᠨ᠎ᠡ᠃ ᠱᠠᠩᠬᠠᠢ—— ᠰᠢᠨ᠎ᠡ ᠳᠤᠮᠳᠠᠳᠤ ᠤᠯᠤᠰ᠎ᠤᠨ ᠬᠠᠮᠤᠭ᠎ᠤᠨ ᠶᠡᠬᠡ ᠬᠤᠲᠠ᠂ ᠳᠡᠯᠡᠬᠡᠢ ᠵᠢᠨ ᠠᠯᠳᠠᠷᠲᠤ ᠭᠠᠷᠠᠮ᠂ ᠳᠤᠷᠤᠨᠠᠳᠠᠬᠢᠨᠤ ᠠᠵᠤ ᠠᠬᠤᠢ ᠵᠢᠨ ᠬᠦᠭᠵᠢᠯᠲᠡ ᠵᠢᠨ ᠬᠤᠷᠳᠤᠴᠠ ᠵᠢ ᠦᠵᠡᠭᠦᠯᠦᠭᠰᠡᠨ ᠭᠡᠷᠡᠯᠲᠦ ᠴᠠᠮᠬᠠᠭ᠃ ᠬᠦᠬᠡ ᠮᠦᠷᠡᠨ᠎ᠤ ᠵᠡᠭᠦᠨ ᠳᠠᠯᠠᠢ᠎ᠳᠤ ᠴᠢᠳᠬᠤᠯᠠᠨ ᠤᠷᠤᠬᠤ ᠵᠠᠩᠭᠢᠯᠭ᠎ᠠ ᠵᠢᠨ ᠭᠠᠵᠠᠷ ᠳᠡᠭᠡᠷ᠎ᠡ ᠪᠠᠢ᠌ᠷᠢᠯᠠᠭᠰᠠᠨ ᠡᠨᠡ ᠬᠤᠲᠠ ᠡᠷᠲᠡᠨ᠎ᠤ ᠦᠶ᠎ᠡ᠎ᠳᠤ᠎ᠪᠠᠨ ᠨᠠᠭᠤᠷ ᠭᠣᠣᠯ᠎ᠤᠳ ᠰᠣᠯᠪᠢᠴᠠᠨ᠂ ᠤᠰᠤᠨ ᠤᠷᠤᠨ᠎ᠤ ᠠᠮᠢᠰᠬᠤᠯ ᠪᠢᠯᠬᠠᠷᠠᠭᠰᠠᠨ ᠭᠠᠵᠠᠷ ᠪᠠᠢ᠌ᠵᠠᠢ᠃ ᠳᠤᠭᠰᠢᠨ ᠤᠷᠤᠰᠬᠠᠯᠲᠤ ᠦᠷᠭᠡᠨ ᠮᠦᠷᠡᠨ ᠲᠠᠢ᠌ᠬᠡᠦ ᠨᠠᠭᠤᠷ᠎ᠠᠴᠠ ᠵᠡᠭᠦᠨ ᠵᠦᠭ᠎ᠢ ᠪᠠᠷᠢᠨ ᠤᠷᠤᠰᠤᠭ᠋ᠠᠳ ᠶᠡᠬᠡ ᠳᠠᠯᠠᠢ᠎ᠳᠤ ᠴᠢᠳᠬᠤᠯᠠᠨ ᠤᠷᠤᠳᠠᠭ᠂ ᠲᠡᠷᠡ ᠪᠣᠯ ᠦᠨᠦᠳᠦᠷ᠎ᠤᠨ ᠦ᠋ ᠰᠦᠩ ᠵᠢᠶᠠᠩ ᠮᠦᠷᠡᠨ ᠪᠤᠯᠤᠨ᠎ᠠ᠃ ᠡᠨᠡ ᠬᠦ᠌ ᠲᠤᠭᠰᠢᠨ ᠤᠷᠤᠰᠬᠠᠯᠲᠤ ᠮᠦᠷᠡᠨ᠎ᠤ ᠠᠶᠠᠯᠠᠨ ᠵᠤᠷᠴᠢᠬᠤ ᠵᠦᠭᠡᠭᠡᠪᠦᠷᠢ ᠵᠢᠨ ᠤᠩᠭᠤᠴᠠᠨ᠎ᠳᠤ ᠰᠦᠷᠳᠡᠭᠦᠯᠦᠯ ᠪᠤᠯᠤᠭᠰᠠᠨ ᠳᠤᠭᠰᠢᠨ ᠤᠷᠤᠰᠬᠠᠯ᠎ᠤᠨ ᠭᠦᠴᠦ ᠵᠢ᠎ᠨᠢ ᠪᠠᠭᠤᠷᠠᠭᠤᠯᠬᠤ ᠵᠢᠨ ᠲᠦᠯᠦᠭᠡ᠂ ᠤᠮᠠᠷᠠᠲᠤ ᠰᠦᠩ ᠤᠯᠤᠰ᠎ᠤᠨ ᠦᠶᠡᠰ᠂ ᠦ᠋ ᠰᠦᠩ ᠵᠢᠶᠠᠩ ᠮᠦᠷᠡᠨ ᠪᠤᠯᠤᠨ ᠲᠠᠢ᠌ᠬᠡᠦ ᠨᠠᠭᠤᠷ᠎ᠤᠨ ᠠᠭᠤᠯᠵᠠᠪᠤᠷᠢ ᠳᠤ ᠪᠠᠲᠤ ᠪᠡᠬᠢ ᠬᠠᠰᠢᠯᠭ᠎ᠠ ᠭᠠᠷᠭ᠋ᠠᠵᠠᠢ᠃ ᠡᠭᠦᠨ᠎ᠠᠴᠠ ᠪᠤᠯᠤᠭ᠋ᠠᠳ᠂ ᠦ᠋ ᠰᠦᠩ ᠵᠢᠶᠠᠩ ᠮᠦᠷᠡᠨ᠎ᠤ ᠤᠷᠤᠰᠬᠠᠯ ᠢᠯᠡᠳᠲᠡ ᠨᠤᠮᠤᠬᠠᠷᠠᠵᠤ᠂ ᠳᠤᠤᠷᠠᠳᠦ ᠤᠷᠤᠰᠬᠠᠯ᠎ᠤᠨ ᠤᠰᠤᠨ᠎ᠤ ᠭᠦᠴᠦᠨ ᠢᠯᠡᠷᠬᠡᠢ ᠪᠠᠭᠤᠷᠠᠵᠠᠢ᠃ ᠳᠤᠤᠷᠠᠳᠦ ᠤᠷᠤᠰᠬᠠᠯ᠎ᠨᠢ ᠳᠠᠯᠠᠢ ᠵᠢᠨ ᠲᠦᠯᠬᠢᠯᠲᠡ᠎ᠠᠴᠠ ᠪᠤᠯᠤᠭ᠋ᠠᠳ᠂ ᠶᠡᠬᠡ ᠬᠡᠪᠴᠢᠶᠡᠨ᠎ᠤ ᠨᠠᠮᠤᠭ ᠰᠢᠷᠤᠢ ᠵᠢ ᠵᠠᠯᠭᠢᠨ ᠤᠷᠤᠭᠤᠯᠤᠭ᠋ᠠᠳ᠂ ᠭᠣᠣᠯ᠎ᠤᠨ ᠲᠠᠩ᠎ᠤᠨ ᠰᠢᠪᠡᠷ ᠰᠢᠷᠤᠢ ᠡᠳᠦᠷ᠎ᠠᠴᠠ ᠡᠳᠦᠷ ᠨᠡᠮᠡᠭᠳᠡᠭᠰᠡᠭᠡᠷ ᠢᠷᠡᠵᠠᠢ᠃ ᠦ᠋ ᠰᠦᠩ ᠵᠢᠶᠠᠩ ᠮᠦᠷᠡᠨ᠎ᠤ ᠭᠤᠯᠲᠤᠷᠢᠯ᠎ᠤᠨ ᠬᠤᠪᠢᠷᠠᠯᠲᠠ ᠵᠢᠴᠢ ᠡᠨᠡ ᠭᠠᠵᠠᠷ᠎ᠤᠨ ᠳᠠᠯᠠᠢ ᠵᠢᠨ ᠡᠷᠭᠢ ᠵᠢᠨ ᠡᠬᠡ ᠬᠠᠭᠤᠷᠠᠢ ᠵᠢᠨ ᠠᠭ᠋ᠠᠵᠢᠮ ᠵᠶ᠋ᠠᠷ ᠭᠠᠳᠠᠭᠰᠢ ᠦᠷᠭᠡᠵᠢᠬᠦ ᠵᠢ ᠳᠠᠭ᠋ᠠᠯᠳᠤᠵᠤ᠂ ᠤᠤᠯ᠎ᠤᠨ ᠳᠠᠯᠠᠢ ᠵᠢᠨ ᠭᠠᠷᠠᠮ᠎ᠤᠨ ᠡᠭᠦᠷᠭᠡ ᠵᠢ ᠭᠦᠢ᠍ᠴᠡᠳᠭᠡᠵᠤ ᠪᠠᠢ᠌ᠭᠰᠠᠨ ᠴᠢᠩ ᠯᠦᠩ ᠪᠠᠯᠭ᠋ᠠᠰᠤ ᠠᠭ᠋ᠠᠵᠢᠮ ᠵᠶ᠋ᠠᠷ ᠲᠤᠳᠤᠭ᠋ᠠᠳᠤ ᠭᠠᠷᠠᠮ ᠪᠤᠯᠤᠨ ᠬᠤᠪᠢᠷᠠᠵᠤ᠂ ᠳᠠᠯᠠᠢ ᠵᠢᠨ ᠡᠷᠭᠢ᠎ᠠᠴᠠ ᠤᠯᠠᠮ ᠵᠶ᠋ᠠᠷ ᠵᠠᠢ᠌ᠳᠠᠵᠠᠢ᠃ ᠡᠭᠦᠨ᠎ᠠᠴᠠ ᠪᠤᠯᠤᠭ᠋ᠠᠳ᠂ ᠵᠦᠭᠡᠭᠡᠪᠦᠷᠢ ᠵᠢᠨ ᠤᠩᠭᠤᠴᠠ ᠦ᠋ ᠰᠦᠩ ᠵᠢᠶᠠᠩ ᠮᠦᠷᠡᠨ ᠵᠶ᠋ᠠᠷ ᠶᠠᠪᠤᠵᠤ ᠴᠢᠩ ᠯᠦᠩ ᠪᠠᠯᠭ᠋ᠠᠰᠤ᠎ᠪᠠᠷ ᠳᠠᠮᠵᠢᠨ ᠲᠤᠳᠤᠷ᠎ᠠ ᠤᠷᠤᠨ᠎ᠳᠤ ᠤᠷᠤᠬᠤ ᠪᠢᠰᠢ᠂ ᠬᠠᠷᠢᠨ ᠦ᠋ ᠰᠦᠩ ᠵᠢᠶᠠᠩ ᠮᠦᠷᠡᠨ᠎ᠤ ᠡᠮᠦᠨ᠎ᠡ ᠡᠷᠭᠢ ᠵᠢᠨ ᠳᠠᠯᠠᠢᠲᠠᠢ ᠤᠢ᠌ᠷᠠᠬᠠᠨ ᠪᠠᠢ᠌ᠭ᠎ᠠ ᠲᠡᠭᠦᠨ᠎ᠤ ᠰᠠᠯᠪᠤᠷᠢ ᠤᠷᠤᠰᠬᠠᠯ ᠪᠣᠯᠬᠤ 《ᠱᠠᠩᠬᠠᠢ ᠵᠢᠨ ᠴᠢᠳᠬᠤᠯᠠᠩ》 ᠵᠶ᠋ᠠᠷ ᠳᠠᠮᠵᠢᠭ᠋ᠠᠳ ᠬᠦᠷᠬᠦ ᠭᠡᠰᠡᠨ ᠭᠠᠵᠠᠷ ᠵᠶ᠋ᠠᠨ ᠵᠤᠷᠢᠬᠤ ᠪᠤᠯᠵᠠᠢ᠃ ᠱᠠᠩᠬᠠᠢ ᠵᠢᠨ ᠴᠢᠳᠬᠤᠯᠠᠩ ᠵᠶ᠋ᠠᠷ ᠤᠷᠤᠵᠤ ᠢᠷᠡᠭᠰᠡᠨ ᠤᠩᠭᠤᠴᠠ ᠦᠨᠦ ᠵᠢᠨ ᠱ᠌ᠢ ᠯᠢᠦ ᠫᠦ᠋ ᠭᠡᠬᠦ ᠭᠠᠵᠠᠷ᠎ᠤᠨ ᠤᠷᠴᠢᠨ᠎ᠤ ᠮᠦᠷᠡᠨ᠎ᠤ ᠬᠠᠪᠢ᠎ᠪᠠᠷ ᠵᠤᠭᠰᠤᠭ᠋ᠠᠯ ᠵᠶ᠋ᠠᠨ ᠪᠤᠯᠭ᠋ᠠᠵᠤ᠂ ᠵᠠᠩᠭᠤᠤ ᠲᠡᠮᠦᠷ ᠵᠶ᠋ᠡᠨ ᠮᠦᠷᠡᠨ᠎ᠳᠤ ᠤᠷᠬᠢᠳᠠᠭ ᠪᠠᠢ᠌ᠵᠠᠢ᠃ ᠤᠩᠭᠤᠴᠠ ᠠᠷᠪᠢᠲᠠᠬᠤ ᠵᠢ ᠳᠠᠭ᠋ᠠᠯᠳᠤᠨ ᠠᠷᠢᠯᠵᠢᠶ᠎ᠠ ᠬᠤᠳᠠᠯᠳᠤᠭ᠎ᠠ ᠬᠦᠭᠵᠢᠶᠡᠨᠲᠡᠢ ᠪᠤᠯᠤᠭ᠋ᠠᠳ᠂ ᠡᠨᠡ ᠭᠡᠰᠡᠭ ᠭᠠᠵᠠᠷ ᠳᠡᠭᠡᠷ᠎ᠡ ᠬᠤᠲᠠ ᠪᠠᠯᠭ᠋ᠠᠰᠣ ᠵᠢᠨ ᠬᠡᠯᠪᠡᠷᠢ ᠲᠦᠷᠬᠦ ᠪᠤᠢ ᠪᠣᠯᠪᠠ᠃ ᠡᠮᠦᠨᠡᠲᠦ ᠰᠦᠩ ᠤᠯᠤᠰ᠎ᠤᠨ ᠰᠡᠭᠦᠯᠴᠢ᠎ᠪᠠᠷ ᠡᠨᠡ ᠬᠦ᠌ ᠰᠢᠨᠡᠬᠡᠨ ᠪᠤᠢ ᠪᠤᠯᠤᠭᠰᠠᠨ ᠬᠤᠲᠠ ᠪᠠᠯᠭ᠋ᠠᠰᠤ ᠵᠢ ᠵᠢᠩᠬᠢᠨᠢ᠎ᠪᠠᠷ 《ᠱᠠᠩᠬᠠᠢ ᠪᠠᠯᠭ᠋ᠠᠰᠤ》 ᠭᠡᠵᠤ ᠨᠡᠷᠡᠯᠡᠵᠠᠢ᠃ ᠶᠤᠸᠠᠨ ᠤᠯᠤᠰ᠎ᠤᠨ ᡁᠢ ᠶᠤᠸᠠᠨ᠎ᠤ ᠬᠤᠷᠢ ᠶᠢᠰᠦᠨ ᠤᠨ (1292)᠎ᠳᠤ ᠬᠤᠸᠠ ᠲᠢᠩ ᠰᠢᠶᠡᠨ᠎ᠤ ᠭᠠᠵᠠᠷ ᠠᠭᠤᠵᠢᠮ᠂ ᠬᠦᠮᠦᠨ ᠠᠮᠠ ᠨᠡᠮᠡᠭᠳᠡᠯ᠎ᠲᠠᠢ ᠪᠤᠯᠤᠭᠰᠠᠨ᠎ᠢ ᠬᠠᠮᠢᠶᠠᠷᠠᠬᠤ᠎ᠳᠤ ᠳᠦᠭᠦᠮ ᠵᠶ᠋ᠡᠨ ᠪᠤᠳᠤᠯᠬᠢᠯᠠᠵᠤ᠂ ᠴᠠᠩ ᠷᠧᠨ᠂ ᠪᠧᠢ ᠲᠢᠩ᠂ ᠬᠠᠢ ᠢᠦᠢ᠂ ᠰᠢᠨ ᠵᠢᠶᠠᠩ ᠵᠡᠷᠭᠡ ᠲᠠᠪᠤᠨ ᠰᠢᠶᠠᠩ᠎ᠢ ᠲᠠᠰᠤᠯᠤᠨ ᠠᠪᠤᠭ᠋ᠠᠳ ᠰᠢᠨ᠎ᠡ᠎ᠪᠠᠷ ᠨᠢᠭᠡᠨ ᠰᠢᠶᠡ᠎ᠨᠢ ᠪᠠᠢ᠌ᠭᠤᠯᠵᠤ᠂ 《ᠱᠠᠩᠬᠠᠢ ᠪᠠᠯᠭ᠋ᠠᠰᠤ》 ᠵᠢᠨ ᠪᠠᠢ᠌ᠭ᠎ᠠ ᠭᠠᠵᠠᠷ᠎ᠲᠤ 《ᠱᠠᠩᠬᠠᠢ ᠰᠢᠶᠡᠨ》᠎ᠢ ᠪᠠᠢ᠌ᠭᠤᠯᠵᠠᠢ᠃ ᠨᠠᠷᠠ ᠰᠠᠷ᠎ᠠ ᠡᠭᠡᠯᠵᠢᠯᠡᠨ ᠰᠤᠯᠢᠪᠴᠢᠵᠤ᠂ ᠤᠨ ᠵᠢᠯ ᠡᠷᠭᠢᠨ ᠤᠷᠴᠢᠭᠰᠠᠭ᠋ᠠᠭᠷ ᠪᠠᠢ᠌ᠭ᠋ᠠᠳ ᠤᠷᠴᠢᠨ ᠦᠶ᠎ᠡ ᠪᠣᠯᠬᠤ᠎ᠳᠤ᠂ ᠱᠠᠩᠬᠠᠢ ᠭᠠᠵᠠᠷ᠎ᠤᠨ ᠡᠷᠭᠢᠨ ᠲᠤᠭᠤᠷᠢᠨ ᠡᠳᠦᠷ ᠢᠷᠡᠬᠦᠶ᠎ᠡ ᠰᠢᠨᠡᠴᠢᠯᠡᠭᠳᠡᠨ ᠦᠭᠡᠷᠡᠴᠢᠯᠡᠭᠳᠡᠭᠡᠳ ᠬᠤᠲᠠ ᠵᠢᠨ ᠲᠤᠭᠤᠷᠢᠭᠤᠳᠨᠢ ᠴᠤ᠌ ᠤᠯᠠᠮ ᠵᠶ᠋ᠠᠷ ᠬᠡᠪᠴᠢᠶᠡᠵᠢᠵᠠᠢ᠃1927 ᠤᠨ᠎ᠳᠤ᠂ ᠱᠠᠩᠬᠠᠢ ᠵᠢ ᠵᠢᠩᠬᠢᠨᠢ᠎ᠪᠠᠷ ᠬᠤᠲᠠ ᠪᠣᠯᠭ᠋ᠠᠵᠤ᠂ ᠱᠠᠩᠬᠠᠢ ᠰᠢᠶᠠᠨ᠎ᠤ ᠨᠡᠷ᠎ᠡ ᠵᠢ ᠠᠪᠤᠭ᠋ᠠᠳ 《ᠱᠠᠩᠬᠠᠢ ᠬᠤᠲᠠ》 ᠭᠡᠵᠤ ᠨᠡᠷᠡᠯᠡᠵᠠᠢ᠃
ᠱᠠᠩᠬᠠᠢ ᠬᠤᠲᠠ 2400 ᠭᠠᠷᠤᠢ ᠲᠦᠮᠡᠨ ᠬᠦᠮᠦᠨ ᠠᠮᠠ᠎ᠲᠠᠢ ᠪᠠᠢ᠌ᠵᠤ᠂ ᠦᠷᠭᠦᠯᠵᠢ ᠰᠠᠭᠤᠳᠠᠭ ᠬᠦᠮᠦᠨ ᠠᠮᠠ᠎ᠨᠢ ᠴᠤ᠌1400 ᠭᠠᠷᠤᠢ ᠲᠦᠮᠡ᠎ᠳᠤ ᠬᠦᠷᠦᠭᠡᠳ ᠤᠯᠤᠰ᠎ᠤᠨ ᠲᠤᠳᠤᠭ᠋ᠠᠳᠤ ᠳᠤ ᠬᠦᠮᠦᠨ ᠠᠮᠠ᠎ᠪᠠᠷ ᠴᠦᠩᠴᠢᠩ ᠬᠤᠲᠠ ᠵᠢ ᠭᠠᠷᠭ᠋ᠠᠪᠠᠯ ᠬᠤᠶᠠᠳᠤᠭ᠋ᠠᠷ᠎ᠲᠤ ᠵᠢᠭᠰᠭ᠋ᠠᠭᠳᠠᠬᠤ ᠲᠤᠮᠤ ᠬᠤᠲᠠ ᠪᠣᠯᠵᠠᠢ᠃ ᠱᠠᠩᠬᠠᠢ ᠬᠤᠲᠠ ᠠᠷᠪᠠᠨ ᠵᠢᠷᠭᠤᠭ᠋ᠠᠨ ᠲᠤᠭᠤᠷᠢᠭ᠎ᠲᠠᠢ᠂ ᠪᠢᠳ᠋ᠨ ᠱᠠᠩᠬᠠᠢ᠎ᠳᠤ ᠬᠤᠶᠠᠷ ᠬᠤᠨᠤᠭᠰᠠᠨ ᠬᠤᠭᠤᠴᠠᠭ᠋ᠠᠨ ᠲᠤᠳᠤᠷ᠎ᠠ ᠫᠦᠳᠦᠩ ᠰᠢᠨ᠎ᠡ ᠲᠤᠭᠤᠷᠢᠭ ᠵᠶ᠋ᠠᠷ ᠪᠠᠢ᠌ᠭᠰᠠᠭ᠋ᠠᠷ ᠢᠷᠡᠭᠰᠡᠨ᠎ᠨᠢ᠂ ᠴᠤᠬᠤᠮ ᠬᠦ᠌ ᠶᠡᠬᠡ ᠳᠠᠯᠠᠢ ᠵᠢ ᠰᠢᠨᠠᠭ᠎ᠠ᠎ᠪᠠᠷ ᠤᠳᠬᠤᠵᠤ ᠦᠵᠡᠭᠰᠡᠨ ᠠᠳᠠᠯᠢ᠂ ᠶᠡᠬᠡ ᠬᠤᠲᠠ ᠵᠢᠨ ᠨᠢᠭᠡ ᠦᠨᠴᠦᠭᠢ ᠯᠠ ᠬᠠᠯᠲᠤᠬᠠᠨ ᠬᠠᠷᠠᠭ᠋ᠠᠳ ᠦᠩᠭᠡᠷᠡᠭᠡᠭᠰᠡᠨ ᠤᠴᠢᠷ ᠪᠣᠯᠵᠠᠢ᠃ ᠮᠠᠨ᠎ᠤ ᠰᠡᠭᠦᠳᠡᠷᠯᠡᠬᠦ ᠳᠤᠭᠤᠢ᠌ᠯᠠᠩ ᠰᠦᠵᠸᠦ᠎ᠳᠤ ᠶᠠᠪᠤᠬᠤ ᠠᠴᠠ ᠡᠮᠦᠨ᠎ᠡ ᠤᠷᠤᠢ ᠬᠤᠸᠠᠩ ᠫᠦ᠋ ᠵᠢᠶᠠᠩ ᠮᠦᠷᠡᠨ᠎ᠤ ᠳᠤᠤᠭᠤᠷ᠎ᠬᠢ ᠵᠠᠮ ᠵᠶ᠋ᠠᠷ ᠭᠣᠣᠯ᠎ᠤᠨ ᠪᠠᠷᠠᠭᠤᠨ ᠡᠷᠭᠢ᠎ᠳᠤ ᠭᠠᠷᠴᠤ᠂ ᠳᠤᠷᠤᠨ᠎ᠠ ᠵᠢᠨ ᠭᠡᠷᠡᠯᠲᠦ ᠰᠤᠪᠤᠳ ᠲᠸᠯᠸᠢᠰ ᠳᠠᠮᠵᠢᠭᠤᠯᠭ᠎ᠠ ᠵᠢᠨ ᠲᠤᠮᠤ ᠠᠰᠠᠷ᠎ᠤᠨ ᠳᠤᠮᠳᠠ ᠴᠡᠭ ᠳᠡᠭᠡᠷ᠎ᠡ᠎ᠠᠴᠠ ᠱᠠᠩᠬᠠᠢ ᠵᠢᠨ ᠦᠵᠡᠮᠵᠢ ᠲᠦᠷᠬᠦ ᠵᠢ ᠰᠡᠭᠦᠳᠡᠷᠯᠡᠵᠤ᠂ ᠱᠠᠩᠬᠠᠢ ᠵᠢᠨ ᠳᠡᠯᠡᠬᠡᠢ ᠵᠢᠨ ᠮᠦᠩᠭᠦᠨ ᠬᠦᠢ᠍ᠯᠭᠡᠭᠡᠨ᠎ᠤ ᠲᠦᠪ᠎ᠤᠨ ᠲᠤᠮᠤ ᠠᠰᠠᠷ᠎ᠤᠨ ᠦᠯᠮᠡᠢ ᠳᠤᠤᠷ᠎ᠠ᠎ᠠᠴᠠ ᠡᠭᠦᠯᠡᠨ ᠳᠤ ᠰᠢᠷᠭᠤᠭᠰᠠᠨ ᠠᠰᠠᠷ᠎ᠤᠨ ᠣᠷᠤᠢ ᠵᠢ ᠦᠩᠭᠡᠢ᠌ᠨ ᠬᠠᠷᠠᠭ᠋ᠠᠳ᠂ ᠲᠡᠯᠡᠬᠡᠢ᠎ᠳᠤ ᠦᠨᠳᠦᠷ ᠵᠶ᠋ᠡᠷ ᠵᠶ᠋ᠡᠨ ᠦᠵᠦᠭᠦᠷᠯᠡᠭᠰᠡᠨ ᠡᠨᠡ ᠠᠰᠠᠷ᠎ᠢ ᠪᠠᠢ᠌ᠭᠤᠯᠵᠤ ᠪᠦᠲᠦᠭᠡᠭᠰᠡᠨ ᠶᠠᠪᠤᠴᠠ᠂ ᠵᠢᠷᠤᠭ ᠳᠦᠰᠦᠪ᠎ᠤᠨ ᠤᠷᠠᠨ ᠨᠠᠷ᠎ᠢ᠎ᠨᠢ ᠭᠠᠢ᠌ᠬᠠᠯᠴᠠᠵᠤ᠂ ᠦᠨᠦ ᠴᠠᠭ᠎ᠤᠨ ᠤᠳᠤᠬᠢᠴᠢᠯᠠᠭᠰᠠᠨ ᠠᠰᠠᠷ ᠪᠠᠷᠢᠯᠭ᠎ᠠ ᠪᠤᠰᠬᠠᠬᠤ ᠮᠡᠷᠭᠡᠵᠢᠯ ᠬᠡᠴᠢᠨᠡᠬᠡᠨ ᠶᠡᠬᠡ ᠳᠠᠪᠰᠢᠯᠲᠠ᠎ᠲᠠᠢ ᠪᠠᠢ᠌ᠬᠤ ᠵᠢ ᠨᠢᠳᠦ᠎ᠪᠠᠷ ᠵᠶ᠋ᠡᠨ ᠦᠵᠡᠭᠡᠳ᠂ ᠤᠯᠠᠨ᠎ᠢ ᠪᠤᠳᠤᠭᠰᠠᠭ᠋ᠠᠷ ᠪᠠᠭᠤᠳᠠᠯ ᠳᠤ᠎ᠪᠠᠨ ᠪᠤᠴᠠᠵᠤ ᠢᠷᠡᠭᠰᠡᠨ ᠪᠢᠯᠡ᠃ ᠵᠠᠮ ᠳᠤ᠎ᠪᠠᠨ ᠲᠦᠩᠯᠢᠶᠤᠤ ᠬᠤᠲᠠ ᠵᠢᠨ ᠬᠤᠷᠴᠢᠨ ᠵᠡᠭᠦᠨ ᠭᠠᠷᠤᠨ ᠬᠤᠢ᠌ᠳᠤ ᠬᠤᠰᠢᠭᠤᠨ᠎ᠤ ᠮᠠᠯᠴᠢᠳ ᠵᠶ᠋ᠠᠷ ᠪᠦᠷᠢᠯᠳᠦᠭᠰᠡᠨ ᠠᠶᠠᠯᠠᠯ ᠵᠢᠭᠤᠯᠴᠢᠯᠠᠯ ᠬᠢᠵᠤ ᠶᠠᠪᠤᠭ᠎ᠠ ᠬᠦᠮᠦᠰ᠎ᠲᠠᠢ ᠬᠤᠸᠠᠩ ᠫᠦ᠋ ᠵᠢᠶᠠᠩ ᠮᠦᠷᠡᠨ᠎ᠤ ᠵᠡᠭᠦᠨ ᠡᠷᠭᠢ ᠳᠡᠭᠡᠷ᠎ᠡ ᠠᠭᠤᠯᠵᠠᠭᠰᠠᠨ ᠮᠠᠨᠢ ᠲᠦᠭᠡᠷᠢᠭᠰᠡᠨ ᠭᠠᠵᠠᠷ᠎ᠲᠤ ᠲᠦᠷᠥᠯ ᠵᠶ᠋ᠡᠨ ᠤᠯᠤᠭᠰᠠᠨ ᠠᠳᠠᠯᠢ ᠪᠠᠶᠠᠷᠲᠠᠢ ᠤᠴᠢᠷ ᠪᠣᠯᠪᠠ᠃ ᠲᠡᠳᠡᠨ ᠬᠠᠪᠤᠷ᠎ᠤᠨ ᠲᠠᠷᠢᠯᠭ᠎ᠠ ᠵᠢᠨ ᠶᠠᠭ᠋ᠠᠷᠠᠣ ᠦᠶ᠎ᠡ᠎ᠪᠠᠨ ᠦᠩᠭᠡᠷᠡᠭᠦᠯᠦᠭᠡᠳ᠂ ᠡᠮᠦᠨ᠎ᠡ ᠤᠷᠤᠨ᠎ᠤ ᠬᠦᠭᠵᠢᠭᠰᠡᠨ ᠭᠠᠵᠠᠷ ᠵᠶ᠋ᠠᠷ ᠲᠤᠭᠤᠷᠢᠨ ᠦᠵᠡᠵᠤ᠂ ᠬᠠᠷᠢᠭᠰᠠᠨ᠎ᠤ ᠬᠤᠢ᠌ᠨ᠎ᠠ ᠦᠵᠡᠭᠰᠡᠨ ᠬᠠᠷᠠᠭᠰᠠᠨ ᠵᠶ᠋ᠠᠨ ᠮᠠᠯ ᠲᠠᠷᠢᠶᠠᠯᠠᠩ᠎ᠤᠨ ᠦᠢ᠍ᠯᠡᠰ ᠳᠡᠭᠡᠷ᠎ᠡ᠎ᠪᠠᠨ ᠰᠢᠩᠭᠡᠭᠡᠵᠤ᠂ ᠠᠵᠤ ᠠᠬᠤᠢ ᠵᠢᠨ ᠡᠵᠡᠩᠨᠡᠯᠲᠡ ᠵᠢᠨ ᠠᠷᠭ᠎ᠠ᠎ᠪᠠᠨ ᠬᠤᠪᠢᠷᠠᠭᠤᠯᠬᠤ ᠶᠤᠮ ᠭᠡᠨ᠎ᠡ᠃ ᠡᠳᠡᠨ᠎ᠠᠴᠠ ᠰᠠᠯᠤᠭ᠋ᠠᠳ ᠪᠢᠳᠠᠨ ᠤᠯᠠᠨ ᠬᠦᠮᠦᠰ᠎ᠤᠨ ᠤᠷᠤᠰᠬᠠᠯ ᠳᠤᠮᠳᠠ ᠴᠢᠬᠢᠯᠳᠦᠨ ᠶᠠᠪᠤᠭᠰᠠᠭ᠋ᠠᠷ ᠪᠠᠢ᠌ᠭ᠋ᠠᠳ᠂ ᠬᠠᠮᠲᠤ᠎ᠪᠠᠷ ᠵᠶ᠋ᠠᠨ ᠭᠠᠷ ᠤᠲᠠᠰᠤᠨ᠎ᠤ ᠲᠤᠮᠤ ᠳᠡᠯᠭᠡᠭᠦᠷ᠎ᠲᠤ ᠤᠷᠤᠪᠠᠯ᠂ ᠭᠡᠨᠡᠳᠲᠡ ᠨᠢᠭᠡ ᠬᠦᠮᠦᠨ ᠨᠠᠮ᠎ᠠ ᠵᠢ ᠠᠷᠤ᠎ᠠᠴᠠ ᠲᠡᠪᠡᠷᠢᠨ ᠠᠪᠤᠪᠠ᠃ ᠶᠠᠮᠠᠷ ᠬᠦᠮᠦᠨ ᠶᠤᠮ ᠭᠡᠳ ᠡᠷᠭᠢᠨ ᠬᠠᠷᠠᠪᠠᠯ ᠂ ᠬᠠᠷᠢᠨ ᠱᠠᠩᠬᠠᠢ ᠬᠤᠲᠠᠨ᠎ᠳᠤ ᠠᠵᠢᠯᠯᠠᠳᠠᠭ ᠲᠦᠷᠥᠯ᠎ᠤᠨ ᠳᠡᠭᠦᠦ᠂ ᠤᠷᠳᠤᠰ ᠬᠤᠲᠠ ᠵᠢᠨ ᠬᠢᠶ᠎ᠠ ᠪᠠᠭᠰᠢ ᠲᠤᠭᠤᠷᠢᠭ᠎ᠠᠴᠠ ᠢᠷᠡᠭᠰᠡᠨ ᠠᠪᠠᠭ᠎ᠠ ᠡᠭᠡᠴᠢ ᠵᠢ ᠮᠠᠨᠢ ᠳᠠᠭ᠋ᠠᠭᠤᠯᠤᠭ᠋ᠠᠳ ᠡᠭᠦᠪᠡᠷ ᠲᠤᠭᠤᠷᠢᠵᠤ ᠪᠠᠢ᠌ᠭᠰᠠᠨ᠎ᠲᠠᠢ ᠬᠠᠷᠭᠤᠭᠰᠠᠨ ᠪᠠᠢ᠌ᠯ᠎ᠠ᠃ ᠳᠡᠭᠦᠦ ᠮᠠᠨᠢ ᠬᠡᠳᠦᠨ ᠵᠢᠯ᠎ᠤᠨ ᠡᠮᠦᠨ᠎ᠡ ᠠᠪᠠᠬᠠᠢ᠎ᠪᠠᠨ ᠳᠠᠭ᠋ᠠᠭᠤᠯᠤᠭ᠋ᠠᠳ ᠶᠠᠫᠤᠨ᠎ᠳᠤ ᠭᠦᠷᠴᠤ ᠬᠡᠳᠦᠨ ᠵᠢᠯ ᠠᠮᠢᠳᠤᠷᠠᠭᠰᠠᠨ᠂ ᠪᠤᠴᠠᠵᠤ ᠢᠷᠡᠭᠡᠳ ᠱᠠᠩᠬᠠᠢ᠎ᠳᠤ᠎ᠬᠢ ᠶᠠᠫᠤᠨ᠎ᠤ ᠠᠵᠤ ᠠᠬᠤᠢ᠌ᠯᠠᠯ᠎ᠳᠤ ᠠᠵᠢᠯ ᠠᠯᠪᠠ᠎ᠲᠠᠢ ᠪᠤᠯᠤᠭ᠋ᠠᠳ᠂ ᠲᠡᠨᠳᠡ᠎ᠪᠠᠨ ᠭᠡᠷ ᠪᠦᠯᠢ ᠪᠠᠢ᠌ᠭᠤᠯᠤᠨ ᠰᠠᠭᠤᠵᠤ ᠪᠠᠢ᠌ᠭ᠎ᠠ ᠵᠢ ᠪᠢ ᠮᠡᠳᠡᠨ᠎ᠡ᠃ ᠭᠡᠲᠡᠯ᠎ᠡ ᠲᠦᠮᠡᠨ ᠬᠦᠮᠦᠨ ᠪᠤᠵᠢᠭᠢᠨᠠᠭᠰᠠᠨ ᠱᠠᠩᠬᠠᠢ ᠬᠤᠳ᠋ᠨ᠎ᠳᠤ ᠳᠡᠭᠦᠦᠲᠠᠢᠪᠠᠨ ᠠᠭᠤᠯᠵᠠᠴᠢᠬᠠᠨᠠ ᠭᠡᠳᠡᠭ ᠦᠨᠡᠭᠡᠷ ᠰᠠᠨᠠᠭ᠋ᠠᠨ᠎ᠳᠤ ᠪᠠᠭᠤᠰᠢ ᠦᠭᠡᠢ ᠤᠴᠠᠷᠠᠯ ᠪᠣᠯᠪᠠ᠃ ᠡᠨᠡ ᠤᠴᠢᠷ ᠲᠡᠯᠡᠬᠡᠢ ᠵᠢᠨ ᠪᠦᠮᠪᠦᠷᠴᠡᠭ ᠲᠤᠰᠬᠤᠨ ᠪᠣᠯᠵᠤ᠂ ᠬᠠᠮᠢᠭ᠎ᠠ ᠴᠤ᠌ ᠬᠦᠷᠴᠤ ᠪᠤᠯᠳᠠᠭ᠂ ᠶᠠᠮᠠᠷ ᠬᠤᠯᠠ ᠵᠢᠨ ᠭᠠᠵᠠᠷ᠎ᠲᠤ ᠴᠤ᠌ ᠭᠡᠰᠡᠨ ᠠᠭᠤᠯᠵᠠᠵᠤ ᠪᠣᠯᠳᠠᠭ ᠪᠤᠯᠤᠮᠵᠢ᠎ᠲᠠᠢ ᠪᠤᠯᠤᠭᠰᠠᠨ᠎ᠢ ᠬᠠᠷᠠᠭᠤᠯᠤᠨ᠎ᠠ᠃
ᠳᠠᠷᠠᠭ᠎ᠠ ᠦᠷᠯᠦᠭᠡ᠎ᠨᠢ ᠪᠢᠳᠠᠨ ᠱᠠᠩᠬᠠᠢ ᠬᠤᠲᠠ ᠵᠢᠨ ᠭᠠᠯᠲᠤ ᠲᠡᠷᠭᠡᠨ᠎ᠤ ᠦᠷᠲᠡᠭᠡᠨ᠎ᠠᠴᠠ ᠰᠦᠵᠸᠦ᠎ᠳᠤ ᠭᠦᠷᠬᠥ ᠬᠤᠷᠳᠤᠨ ᠲᠡᠷᠭᠡᠨ᠎ᠳᠤ ᠭᠠᠷᠴᠤ᠂ ᠴᠠᠭ ᠬᠢᠷᠢ ᠶᠠᠪᠤᠭ᠋ᠠᠳ ᠰᠦᠵᠸᠥ ᠬᠤᠲᠠᠨ᠎ᠳᠤ ᠢᠷᠡᠵᠤ᠂ ᠰᠦᠯᠵᠢᠶᠡᠨ ᠳᠡᠭᠡᠷ᠎ᠡ ᠵᠠᠬᠢᠶᠠᠯᠠᠭᠰᠠᠨ ᠪᠠᠭᠤᠳᠠᠯ ᠵᠶ᠋ᠠᠨ ᠡᠷᠢᠭᠡᠳ ᠢᠷᠡᠪᠡᠯ᠂ ᠲᠡᠷᠡ᠎ᠨᠢ ᠴᠢᠪ ᠭᠡᠮᠡᠨ ᠰᠦᠵᠸᠦ ᠬᠤᠲᠠ ᠵᠢᠨ ᠤᠤᠯ ᠲᠦᠷᠬᠥ ᠪᠠᠢ᠌ᠳᠠᠯ᠎ᠢ ᠬᠠᠳᠠᠭ᠋ᠠᠯᠠᠭᠰᠠᠨ ᠬᠠᠭᠤᠴᠢᠨ ᠬᠤᠲᠠ ᠵᠢᠨ ᠳᠤᠮᠳᠠ ᠪᠠᠢ᠌ᠷᠢᠰᠢᠵᠤ ᠪᠠᠢ᠌ᠯ᠎ᠠ᠃ ᠡᠨᠳᠡ ᠪᠠᠢ᠌ᠭᠰᠠᠨ ᠬᠤᠶᠠᠷ ᠡᠳᠦᠷ᠎ᠲᠤ ᠪᠢᠳᠠᠨ ᠰᠦᠵᠸᠦ ᠬᠤᠲᠠ ᠵᠢᠨ ᠲᠤᠷᠭ᠎ᠠ ᠳᠤᠷᠳᠤᠩ᠎ᠤᠨ ᠮᠦᠽᠸᠢ᠂ ᠲᠤᠷᠭ᠋ᠠᠨ᠎ᠤ ᠵᠠᠮ᠎ᠤᠨ ᠮᠦᠽᠸᠢ ᠪᠤᠯᠤᠨ ᠡᠮᠦᠨᠡᠳᠦ ᠤᠷᠤᠨ᠎ᠤ ᠲᠦᠷᠬᠦ ᠪᠠᠢ᠌ᠳᠠᠯ᠎ᠢ ᠬᠠᠳᠠᠭ᠋ᠠᠯᠠᠭᠰᠠᠨ ᠴᠡᠴᠡᠷᠯᠢᠭ ᠵᠶ᠋ᠡᠷ ᠭᠦᠷᠴᠤ ᠰᠢᠩᠭᠡᠭᠡᠯᠲᠡ ᠰᠤᠷᠪᠤᠯᠵᠢᠯᠠᠭ᠎ᠠ ᠬᠢᠪᠡ᠃ ᠰᠦᠵᠸᠦ ᠵᠢᠨ ᠲᠤᠷᠭ᠎ᠠ ᠳᠤᠷᠳᠤᠩ᠎ᠤᠨ ᠮᠦᠽᠸᠢ ᠵᠢ ᠦᠵᠡᠭᠡᠳ ᠪᠢᠳᠠᠨ᠂ ᠢᠯᠠᠮ᠎ᠠ ᠵᠢᠨ ᠮᠤᠳᠤ ᠲᠠᠷᠢᠬᠤ᠂ ᠬᠦᠷᠢ ᠲᠡᠵᠢᠭᠡᠬᠦ᠂ ᠬᠦᠷᠢ ᠵᠢᠨ ᠰᠢᠷᠬᠡᠭ᠎ᠢ ᠬᠤᠷᠢᠶᠠᠵᠤ ᠠᠪᠬᠤ᠂ ᠬᠦᠷᠢ ᠵᠢᠨ ᠰᠢᠷᠬᠡᠭ᠎ᠢ ᠨᠡᠬᠡᠨ ᠰᠦᠯᠵᠢᠭᠡᠳ ᠲᠤᠷᠭ᠎ᠠ ᠳᠤᠷᠳᠤᠩ ᠪᠣᠯᠭ᠋ᠠᠬᠤ ᠵᠡᠷᠭᠡ ᠨᠠᠷᠢᠨ ᠶᠠᠪᠤᠴᠠ ᠵᠢ ᠤᠢ᠌ᠯᠠᠭ᠋ᠠᠪᠠ᠃ ᠳᠤᠮᠳᠠᠳᠤ ᠤᠯᠤᠰ᠎ᠤᠨ ᠲᠤᠷᠭ᠎ᠠ ᠳᠤᠷᠳᠤᠩ᠎ᠤᠨ ᠰᠤᠶᠤᠯ᠎ᠤᠨ ᠡᠭᠦᠰᠦᠭᠰᠡᠨ ᠴᠠᠭ ᠬᠤᠭᠤᠴᠠᠭ᠎ᠠ ᠤᠷᠳᠤ ᠤᠳᠠᠭ᠋ᠠᠨ ᠲᠡᠤᠬᠡ᠎ᠲᠠᠢ᠂ ᠤᠳᠤ᠎ᠠᠴᠠ 6000 ᠭᠠᠷᠤᠢ ᠵᠢᠯ᠎ᠤᠨ ᠡᠮᠦᠨ᠎ᠡ ᠡᠮᠦᠨᠡᠲᠦ ᠤᠷᠤᠨ ᠵᠶ᠋ᠠᠷ ᠢᠯᠠᠮ᠎ᠠ ᠵᠢᠨ ᠮᠣᠳᠤ ᠲᠠᠷᠢᠵᠤ ᠬᠦᠷᠢ ᠬᠤᠷᠤᠬᠠᠢ ᠲᠡᠵᠢᠭᠡᠨ᠂ ᠪᠦᠭᠡᠯᠵᠢᠵᠤ ᠭᠠᠷᠭ᠋ᠠᠭᠰᠠᠨ ᠮᠢᠨᠳᠠᠰᠤ ᠵᠢ ᠡᠭᠦᠷ᠎ᠠᠴᠠ᠎ᠨᠢ ᠰᠠᠯᠭ᠋ᠠᠨ ᠠᠪᠬᠤ᠂ ᠨᠡᠬᠡᠮᠡᠯ᠎ᠤᠨ ᠮᠠᠰᠢᠨ ᠵᠤᠬᠢᠶᠠᠬᠤ᠂ ᠲᠤᠷᠭ᠎ᠠ ᠳᠤᠷᠳᠤᠩ ᠨᠡᠬᠡᠬᠦ ᠵᠡᠷᠭᠡ ᠠᠵᠢᠯ᠎ᠢ ᠬᠢᠵᠤ ᠡᠬᠢᠯᠠᠵᠠᠢ᠃ ᠰᠤᠷᠪᠤᠯᠵᠢᠯᠠᠭ᠎ᠠ ᠵᠢᠨ ᠳᠤᠮᠳᠠ᠎ᠪᠠᠨ ᠪᠢᠳᠠᠨ᠂ ᠬᠦᠬᠡ ᠮᠦᠷᠡᠨ᠎ᠤ ᠳᠤᠤᠷᠠᠳᠤ ᠤᠷᠤᠰᠬᠠᠯ᠂ ᠲᠠᠢ᠌ᠬᠡᠦ ᠨᠠᠭᠤᠷ᠎ᠤᠨ ᠬᠦᠪᠡᠭᠡᠨ᠎ᠳᠤ ᠪᠠᠢ᠌ᠷᠢᠰᠢᠬᠤ ᠰᠦᠵᠸᠦ ᠪᠣᠯ ᠮᠠᠨ᠎ᠤ ᠤᠯᠤᠰ᠎ᠤᠨ ᠢᠯᠠᠮ᠎ᠠ ᠲᠠᠷᠢᠵᠤ ᠬᠦᠷᠢ ᠲᠡᠵᠢᠭᠡᠨ ᠲᠤᠷᠭ᠎ᠠ ᠳᠤᠷᠳᠤᠩ᠎ᠤᠨ ᠰᠤᠶᠤᠯ ᠪᠤᠯᠪᠠᠰᠤᠨ᠎ᠢ ᠡᠬᠢᠯᠡᠭᠦᠯᠦᠭᠰᠡᠨ ᠴᠢᠬᠤᠯᠠ ᠡᠭᠦᠰᠦᠯᠲᠡ ᠵᠢᠨ ᠤᠷᠤᠨ᠎ᠤ ᠨᠢᠭᠡ ᠪᠠᠢ᠌ᠵᠤ᠂ 《ᠲᠤᠷᠭ᠎ᠠ ᠳᠤᠷᠳᠤᠩ᠎ᠤᠨ ᠨᠠᠢ᠌ᠰᠯᠠᠯ ᠬᠤᠲᠠ᠂ ᠤᠷᠠᠯᠠᠵᠤ ᠨᠡᠬᠡᠬᠦ ᠵᠢᠨ ᠡᠬᠢᠯᠡᠯᠲᠡ ᠵᠢᠨ ᠤᠷᠤᠨ》 ᠭᠡᠬᠦ ᠰᠠᠢ᠌ᠬᠠᠨ ᠨᠡᠷᠡᠢ᠌ᠳᠦᠯ᠎ᠲᠠᠢ ᠭᠠᠵᠠᠷ ᠪᠣᠯᠬᠤ ᠵᠢ ᠮᠡᠳᠡᠭᠰᠡᠨ ᠶᠤᠮ᠃ ᠲᠠᠢ᠌ᠬᠡᠦ ᠨᠠᠭᠤᠷ᠎ᠤᠨ ᠡᠷᠭᠢᠨ ᠲᠤᠭᠤᠷᠢᠨ ᠭᠠᠵᠠᠷ ᠠᠭᠤᠯᠠ ᠤᠰᠤ ᠦᠵᠡᠮᠵᠢ ᠲᠡᠭᠦᠯᠳᠡᠷ᠂ ᠡᠷᠲᠡᠨ᠎ᠠᠴᠠ ᠠᠪᠤᠭ᠋ᠠᠳ ᠡᠷᠳᠡᠮᠳᠡᠨ ᠴᠢᠳᠠᠪᠤᠷᠢᠳᠠᠨ ᠬᠤᠷᠠᠮᠳᠤᠭᠰᠠᠨ ᠭᠠᠵᠠᠷ ᠪᠠᠢ᠌ᠵᠠᠢ᠃ ᠰᠦᠵᠸᠦ ᠬᠤᠲᠠ ᠵᠢᠨ ᠼᠣᠣ ᠰᠢᠶᠧ ᠱᠠᠨ ᠠᠭᠤᠯᠠ (草鞋山) ᠵᠢᠨ ᠡᠷᠲᠡᠨ᠎ᠤ ᠪᠠᠭᠤᠷᠢ᠎ᠠᠴᠠ ᠢᠯᠡᠷᠡᠭᠦᠯᠦᠭᠰᠡᠨ ᠪᠥᠰ ᠲᠤᠷᠭ᠎ᠠ ᠵᠢᠨ ᠬᠠᠲᠠᠭᠤᠵᠢᠮᠠᠯ ᠪᠤᠳᠠᠰ᠂ ᠱᠠᠭ᠋ᠠᠵᠠᠩ ᠵᠶ᠋ᠠᠷ ᠦᠢ᠍ᠯᠡᠳᠦᠭᠰᠡᠨ ᠨᠡᠬᠡᠮᠡᠯ᠎ᠤᠨ ᠬᠦᠷᠳᠦ᠂ ᠶᠠᠰᠤ᠎ᠪᠠᠷ ᠬᠢᠭᠰᠡᠨ ᠨᠡᠬᠡᠮᠡᠯ᠎ᠤᠨ ᠮᠠᠰᠢᠨ ᠲᠤᠨᠤᠭᠯᠠᠯ ᠵᠡᠷᠭᠡ᠎ᠨᠢ ᠤᠳᠤ᠎ᠠᠴᠠ ᠲᠠᠪᠤ᠎ᠠᠴᠠ ᠵᠢᠷᠭᠤᠭ᠋ᠠᠨ ᠮᠢᠩᠭ᠋ᠠᠨ ᠵᠢᠯ᠎ᠤᠨ ᠡᠮᠦᠨ᠎ᠡ ᠡᠭᠦᠪᠡᠷ ᠠᠮᠢᠳᠤᠷᠠᠵᠤ ᠪᠠᠢ᠌ᠭᠰᠠᠨ ᠬᠦᠮᠦᠰ ᠨᠡᠬᠡᠮᠡᠯ᠎ᠤᠨ ᠮᠡᠷᠭᠡᠵᠢᠯ᠎ᠢ ᠡᠵᠡᠮᠰᠢᠭᠡᠳ ᠪᠠᠢ᠌ᠭᠰᠠᠨ᠎ᠢ ᠭᠡᠷᠡᠴᠢᠯᠡᠨ᠎ᠡ᠃ ᠮᠦᠽᠸᠢ᠎ᠳᠤ᠎ᠬᠢ ᠲᠠᠨᠢᠯᠴᠠᠭᠤᠯᠭ᠎ᠠ ᠵᠢ ᠦᠨᠳᠦᠰᠦᠯᠡᠪᠡᠯ᠂ ᠰᠦᠵᠸᠦ ᠭᠠᠵᠠᠷ᠎ᠨᠢ ᠴᠢᠨ ᠬᠠᠨ᠎ᠤ ᠦᠶ᠎ᠡ ᠪᠣᠯᠬᠤ᠎ᠳᠤ ᠵᠢᠶᠠᠩᠨᠠᠨ ᠤᠷᠤᠨ᠎ᠤ ᠬᠦᠷᠢ ᠵᠢᠨ ᠨᠡᠬᠡᠮᠡᠯ᠎ᠤᠨ ᠴᠢᠬᠤᠯᠠ ᠭᠠᠵᠠᠷ ᠪᠣᠯᠵᠤ᠂ ᠲᠠᠩ ᠰᠦᠩ᠎ᠤᠨ ᠦᠶᠡᠰ ᠭᠦᠷᠴᠤ ᠢᠷᠡᠭᠡᠳ ᠪᠦᠬᠦ ᠤᠯᠤᠰ᠎ᠤᠨ ᠲᠤᠷᠭ᠎ᠠ ᠳᠤᠷᠳᠤᠩ᠎ᠤᠨ ᠨᠡᠬᠡᠮᠡᠯ᠎ᠤᠨ ᠦᠢ᠍ᠯᠡᠰ᠎ᠤᠨ ᠭᠤᠤᠯᠳᠠᠯᠭ᠋ᠠᠲᠤ ᠤᠷᠤᠨ ᠪᠣᠯᠵᠤ᠂ ᠮᠢᠩ ᠴᠢᠩ᠎ᠤᠨ ᠦᠶᠡᠰ ᠵᠶ᠋ᠡᠷ ᠡᠨᠳᠡᠬᠢ ᠵᠢᠨ ᠲᠤᠷᠭ᠎ᠠ ᠳᠤᠷᠳᠤᠩ ᠦᠢ᠍ᠯᠡᠳᠪᠦᠷᠢᠯᠡᠬᠦ ᠠᠬᠢᠴᠠ ᠤᠯᠠᠮ ᠵᠶ᠋ᠠᠷ ᠪᠠᠳᠠᠷᠠᠨ ᠬᠦᠭᠵᠢᠭᠡᠳ᠂ ᠲᠦᠷᠥ ᠵᠢᠨ ᠬᠠᠭ᠋ᠠᠳ ᠨᠤᠶᠠᠳ᠎ᠤᠨ ᠡᠮᠦᠰᠬᠦ ᠳᠡᠭᠡᠳᠦ ᠵᠢᠩᠳᠠᠭ᠋ᠠᠨᠤ ᠬᠤᠪᠴᠠᠰᠤ ᠵᠠᠰᠠᠯ᠎ᠢ ᠰᠦᠵᠸᠦ ᠭᠠᠵᠠᠷ᠎ᠠᠴᠠ ᠬᠠᠩᠭ᠋ᠠᠬᠤ ᠪᠣᠯᠵᠠᠢ᠃ ᠬᠦᠷᠢ ᠬᠤᠷᠤᠬᠠᠢ ᠲᠡᠵᠢᠭᠡᠵᠤ ᠮᠢᠨᠳᠠᠰᠤ ᠴᠤᠭᠯᠠᠭᠤᠯᠤᠨ ᠲᠤᠷᠭ᠎ᠠ ᠳᠤᠷᠳᠤᠩ ᠨᠡᠬᠡᠬᠦ᠎ᠪᠠᠷ ᠦᠢ᠍ᠯᠡᠰ ᠵᠶ᠋ᠡᠨ ᠪᠣᠯᠭ᠋ᠠᠵᠤ᠂ ᠲᠤᠷᠭ᠋ᠠᠨ᠎ᠤ ᠵᠠᠮ᠎ᠤᠨ ᠨᠦᠯᠦᠭᠡ᠎ᠪᠠᠷ ᠳᠡᠯᠡᠬᠡᠢ ᠳᠠᠶᠠᠭ᠋ᠠᠷ᠎ᠲᠤ 《ᠲᠤᠷᠭ᠋ᠠᠨ᠎ᠤ》 ᠪᠦᠲᠦᠭᠡᠯ ᠵᠶ᠋ᠡᠷ ᠵᠶ᠋ᠡᠨ ᠲᠠᠨᠢᠭᠳᠠᠭᠰᠠᠨ ᠰᠦᠵᠸᠦ ᠬᠤᠲᠠ ᠦᠨᠦᠳᠦᠷ ᠪᠣᠯᠬᠤ᠎ᠳᠤ᠂ ᠡᠯᠧᠺᠲᠷᠣᠨ ᠮᠡᠳᠡᠭᠡ ᠴᠢᠮᠡᠭᠡ᠂ ᠲᠤᠨᠤᠭ ᠲᠦᠬᠦᠭᠡᠷᠦᠮᠵᠢ ᠦᠢ᠍ᠯᠡᠳᠬᠦ᠂ ᠲᠡᠮᠦᠷᠯᠢᠭ ᠪᠣᠯᠪᠠᠰᠤᠷᠠᠭᠤᠯᠬᠤ᠂ ᠨᠡᠬᠡᠮᠡᠯ᠂ ᠬᠢᠮᠢ ᠵᠢᠨ ᠠᠵᠤ ᠦᠢ᠍ᠯᠡᠳᠪᠦᠷᠢ ᠪᠤᠯᠤᠨ ᠬᠦᠩᠭᠡᠨ ᠠᠵᠤ ᠦᠢ᠍ᠯᠡᠳᠪᠦᠷᠢ᠎ᠪᠠᠷ ᠳᠤᠯᠭ᠋ᠠᠭᠤᠷᠢᠯᠠᠭᠤᠯᠤᠭᠰᠠᠨ᠂ ᠮᠠᠨ᠎ᠤ ᠤᠯᠤᠰ᠎ᠤᠨ ᠠᠵᠤ ᠦᠢ᠍ᠯᠡᠳᠪᠦᠷᠢ ᠵᠢᠨ ᠰᠢᠰᠲᠸᠮ ᠵᠶ᠋ᠡᠷ ᠬᠠᠮᠤᠭ᠎ᠤᠨ ᠪᠦᠷᠢᠨ ᠪᠦᠲᠦᠨ ᠬᠤᠲᠠ ᠵᠢᠨ ᠨᠢᠭᠡ ᠪᠤᠯᠤᠭᠰᠠᠨ ᠳᠡᠭᠡᠲᠦ ᠬᠤᠷᠳᠤᠴᠠᠲᠤ ᠬᠥᠭᠵᠢᠯᠲᠡ ᠵᠢᠨ ᠲᠡᠤᠬᠡ᠎ᠪᠠᠨ ᠪᠢᠴᠢᠭᠯᠡᠵᠡᠢ᠃ ᠰᠦᠵᠸᠦ ᠪᠣᠯ ᠡᠷᠲᠡᠨ᠎ᠤ ᠪᠠᠢ᠌ᠰᠢᠩ ᠪᠠᠷᠢᠯᠭ᠎ᠠ ᠵᠢᠨ ᠤᠨᠴᠠᠯᠢᠭ ᠵᠶ᠋ᠠᠨ ᠤᠳᠤ ᠪᠣᠯᠲᠠᠯ᠎ᠠ᠎ᠪᠠᠨ ᠬᠠᠳᠠᠭ᠋ᠠᠯᠠᠭᠰᠠᠨ ᠡᠮᠦᠨᠡᠲᠦ ᠤᠷᠤᠨ᠎ᠤ ᠤᠨᠴᠠᠯᠢᠭ᠎ᠲᠠᠢ ᠬᠤᠲᠠ ᠪᠠᠢ᠌ᠵᠤ᠂ ᠠᠶᠠᠯᠠᠯ ᠵᠢᠭᠤᠯᠴᠢᠯᠠᠯ᠎ᠤᠨ ᠦᠢ᠍ᠯᠡᠰ ᠴᠤ᠌ ᠲᠡᠳᠡᠨ᠎ᠤ ᠲᠤᠯᠭ᠋ᠠᠭᠤᠷ ᠠᠵᠤ ᠦᠢ᠍ᠯᠡᠰ᠎ᠤᠨ ᠨᠢᠭᠡ ᠪᠣᠯᠵᠠᠢ᠃ ᠰᠦᠵᠸᠦ ᠬᠤᠲᠠ ᠵᠢᠨ ᠡᠷᠲᠡᠨ᠎ᠤ ᠪᠠᠷᠢᠯᠭ᠎ᠠ᠂ ᠡᠮᠦᠨᠡᠲᠦ ᠵᠢᠨ ᠤᠰᠤᠨ ᠤᠷᠤᠨ᠎ᠤ ᠤᠢ ᠮᠤᠳᠤ᠂ ᠴᠡᠴᠡᠭ ᠨᠠᠪᠴᠢᠰ᠎ᠤᠨ ᠤᠨᠴᠠᠯᠢᠭ᠎ᠢ ᠬᠠᠳᠠᠭ᠋ᠠᠯᠠᠭᠰᠠᠨ ᠨᠡᠷᠡᠲᠦ ᠴᠡᠴᠡᠷᠯᠢᠭ ᠪᠤᠯᠤᠨ ᠰᠢᠨ᠎ᠡ ᠴᠠᠭ᠎ᠤᠨ ᠤᠳᠤᠬᠢᠴᠢᠯᠠᠭᠰᠠᠨ ᠠᠰᠠᠷ ᠲᠠᠭᠲᠤ ᠵᠢ ᠰᠤᠨᠢᠷᠬᠠᠬᠤ ᠳᠤᠮᠳᠠ᠂ ᠡᠷᠲᠡᠨ᠎ᠠᠴᠠ ᠨᠠᠭ᠋ᠠᠰᠢ ᠤᠰᠤᠨ ᠵᠠᠮ ᠰᠦᠯᠵᠢᠯᠳᠦᠭᠰᠡᠨ ᠵᠡᠭᠡᠯᠢ᠎ᠪᠠᠨ ᠬᠠᠳᠠ ᠴᠢᠯᠠᠭᠤ᠎ᠪᠠᠷ ᠳᠡᠪᠢᠰᠴᠤ᠂ ᠲᠡᠷᠡ᠎ᠨᠢ ᠤᠯᠠᠨ᠎ᠤ ᠬᠥᠯ ᠵᠶ᠋ᠡᠷ ᠰᠢᠯ ᠮᠡᠲᠥ ᠭᠦᠯᠢᠭᠡᠷ ᠪᠤᠯᠤᠭᠰᠠᠨ᠎ᠨᠢ᠂ ᠬᠠᠪᠤᠷ ᠴᠠᠭ᠎ᠲᠤ ᠭᠠᠵᠠᠷ᠎ᠤᠨ ᠬᠦᠷᠦᠰᠦᠨ᠎ᠤ ᠳᠤᠤᠷᠠᠬᠢ ᠤᠰᠤ ᠳᠡᠭᠡᠭᠰᠢᠯᠡᠵᠦ᠂ ᠵᠠᠮ ᠵᠡᠭᠡᠯᠢ ᠱᠠᠯᠴᠢᠭ ᠰᠢᠪᠠᠷ ᠵᠶ᠋ᠠᠷ ᠳᠦᠭᠦᠷᠬᠥ ᠠᠴᠠ ᠬᠡᠴᠢᠶᠡᠭᠰᠡᠨ ᠤᠬᠠᠭ᠋ᠠᠨ ᠪᠣᠯᠬᠤ ᠵᠢ ᠮᠡᠳᠡᠪᠡ᠃ ᠡᠮᠦᠨᠡᠲᠦ ᠤᠷᠤᠨ᠎ᠳᠤ ᠤᠷᠠᠨ ᠪᠢᠴᠢᠯᠭᠡᠲᠡᠨ᠂ ᠤᠷᠠᠨ ᠵᠢᠷᠤᠭᠴᠢᠨ᠂ ᠬᠦᠷᠢ ᠲᠡᠵᠢᠭᠡᠵᠤ ᠲᠤᠷᠭ᠎ᠠ ᠳᠤᠷᠳᠤᠩ ᠨᠡᠬᠡᠭᠴᠢ ᠭᠠᠷ ᠤᠷᠠᠯᠢᠭᠴᠢᠳ ᠠᠢ᠌ᠯ ᠪᠣᠯᠭ᠋ᠠᠨ᠎ᠳᠤ ᠪᠠᠢ᠌ᠭᠰᠠᠨ ᠲᠡᠤᠬᠡ ᠵᠢ ᠰᠦᠵᠸᠦ ᠬᠤᠲᠠ ᠵᠢᠨ ᠵᠡᠭᠡᠯᠢ ᠭᠤᠳᠤᠮᠵᠢ᠎ᠪᠠᠷ ᠡᠨᠳᠡ ᠲᠡᠨᠳᠡ ᠦᠭᠡᠢ ᠬᠠᠷᠠᠭᠳᠠᠬᠤ ᠤᠷᠠᠨ ᠪᠢᠴᠢᠯᠭᠡ᠂ ᠤᠷᠠᠨ ᠵᠢᠷᠤᠭ᠎ᠤᠨ ᠳᠡᠯᠭᠡᠭᠦᠷ ᠬᠤᠳᠠᠯᠳᠤᠭ᠎ᠠ᠂ ᠲᠤᠷᠭ᠎ᠠ ᠳᠤᠷᠳᠤᠩ᠎ᠤᠨ ᠬᠡᠲᠦ ᠳᠡᠯᠭᠡᠭᠦᠷ ᠵᠡᠷᠭᠡ᠎ᠪᠠᠷ ᠵᠶ᠋ᠡᠨ ᠬᠠᠷᠠᠭᠤᠯᠤᠨ᠎ᠠ ᠃ ᠤᠰᠤᠨ ᠨᠤᠲᠤᠭ᠎ᠤᠨ ᠬᠦᠮᠦᠨ᠎ᠤ ᠵᠠᠩ ᠨᠢ ᠳᠦᠯᠭᠡᠨ᠂ ᠠᠷᠠᠰᠤ ᠬᠦᠷᠦᠰᠦ᠎ᠨᠢ ᠨᠢᠮᠭᠡᠨ ᠪᠣᠯᠪᠠᠷᠠᠢ ᠭᠡᠵᠤ ᠬᠡᠯᠡᠳᠡᠭ ᠪᠣᠯᠪᠠᠴᠤ᠂ ᠨᠤᠮᠤᠬᠠᠨ ᠳᠠᠯᠠᠢ᠎ᠠᠴᠠ ᠢᠷᠡᠬᠦ ᠤᠯᠠᠷᠢᠯ᠎ᠤᠨ ᠰᠠᠯᠬᠢᠨ ᠰᠠᠯᠬᠢᠯᠠᠵᠤ ᠡᠬᠢᠯᠡᠬᠦ᠎ᠪᠠᠷ ᠵᠶ᠋ᠡᠨ᠂ ᠤᠮᠠᠷ᠎ᠠ ᠭᠠᠵᠠᠷ᠎ᠤᠨ ᠡᠯᠡᠰᠦᠨ ᠰᠠᠯᠬᠢᠨ ᠠᠳᠠᠯᠢ ᠬᠦᠮᠦᠨ᠎ᠤ ᠨᠢᠭᠤᠷ ᠴᠢᠷᠠᠢ᠎ᠳᠤ ᠬᠦᠴᠦᠲᠠᠢ ᠲᠤᠰᠬᠤᠨ᠎ᠢ ᠴᠤ᠌ ᠢᠯᠡᠳᠲᠡ ᠮᠡᠳᠡᠭᠳᠡᠨ᠎ᠡ᠃ ᠡᠨᠡ ᠤᠳᠠᠭ᠎ᠠ ᠪᠢᠳᠠᠨ ᠱᠠᠩᠬᠠᠢ᠂ ᠰᠦᠵᠸᠦ᠂ ᠬᠠᠩᠵᠸᠦ ᠵᠡᠷᠭᠡ ᠭᠤᠷᠪᠠᠨ ᠬᠤᠲᠠ ᠵᠢᠨ ᠮᠢᠲᠷᠦ ᠮᠸᠲᠷᠤ᠋ (ᠭᠠᠵᠠᠷ ᠳᠤᠤᠷᠠᠬᠢ ᠲᠡᠮᠦᠷ ᠵᠠᠮ) ᠪᠠᠷ ᠪᠠᠢ᠌ᠨ ᠲᠠᠬᠢᠨ ᠨᠠᠭ᠋ᠠᠰᠢ ᠴᠠᠭ᠋ᠠᠰᠢ᠎ᠪᠠᠨ ᠶᠠᠪᠤᠯ᠎ᠠ᠃ ᠡᠨᠳᠡ᠎ᠠᠴᠠ ᠶᠠᠪᠤᠬᠤ ᠵᠢᠨ ᠡᠮᠦᠨ᠎ᠡ ᠤᠷᠤᠢ ᠰᠦᠵᠸᠦ ᠬᠤᠲᠠ᠎ᠠᠴᠠ ᠨᠡᠯᠢᠶᠡᠳ ᠬᠤᠯᠠ ᠪᠠᠢ᠌ᠭ᠎ᠠ ᠲᠠᠢ᠌ᠬᠡᠦ ᠨᠠᠭᠤᠷ ᠬᠦᠷᠲᠡᠯ᠎ᠡ ᠮᠦᠨ ᠭᠠᠵᠠᠷ ᠳᠤᠤᠷᠠᠬᠢ ᠲᠡᠮᠦᠷ ᠵᠠᠮ ᠵᠶ᠋ᠠᠷ ᠶᠠᠪᠤᠭ᠋ᠠᠳ ᠢᠷᠡᠭᠰᠡᠨ ᠶᠤᠮ᠃ ᠬᠦᠮᠦᠨ ᠠᠮᠠ ᠤᠯᠠᠨ᠎ᠲᠠᠢ ᠡᠨᠡ ᠬᠦ᠌ ᠭᠤᠷᠪᠠᠨ ᠬᠤᠲᠠ ᠵᠢᠨ ᠬᠤᠲᠠ ᠵᠡᠭᠡᠯᠢ ᠵᠢᠨ ᠭᠡᠪᠴᠢᠶ᠎ᠠ᠎ᠨᠢ ᠶᠡᠬᠡ᠎ᠠᠴᠠ ᠪᠣᠯᠵᠤ᠂ ᠭᠠᠵᠠᠷ ᠳᠤᠤᠷᠠᠬᠢ ᠲᠡᠮᠦᠷ ᠵᠠᠮ᠎ᠨᠢ ᠴᠤ᠌ ᠬᠤᠲᠠ ᠵᠢᠨ ᠵᠶ᠋ᠡᠨ ᠦᠨᠴᠦᠭ ᠪᠤᠯᠤᠩ᠎ᠢ ᠤᠷᠬᠢᠯ ᠦᠭᠡᠢ ᠭᠦᠷᠴᠤ ᠴᠢᠳᠠᠭ᠋ᠠᠳ᠂ ᠬᠦᠭᠵᠢᠯ ᠳᠠᠪᠰᠢᠯ ᠭᠡᠳᠡᠭ ᠬᠤᠭᠤᠰᠤᠨ ᠵᠶ᠋ᠠᠷ ᠬᠡᠯᠡᠬᠦ ᠦᠭᠡ ᠪᠢᠰᠢ ᠭᠡᠰᠡᠨ᠎ᠢ ᠬᠡᠯᠡᠵᠤ ᠥᠭᠬᠦᠨ᠎ᠡ᠃ 《ᠲᠤᠷᠭ᠋ᠠᠨ᠎ᠤ ᠵᠠᠮ》᠎ᠤᠨ ᠤᠴᠢᠷ᠎ᠤᠨ ᠡᠬᠢᠨ ᠪᠣᠯᠬᠤ ᠡᠮᠦᠨᠡᠲᠦ ᠤᠷᠤᠨ᠎ᠤ ᠰᠦᠵᠸᠦ᠂ ᠬᠠᠩᠵᠸᠦᠳᠤᠬᠢ ᠰᠤᠷᠪᠤᠯᠵᠢᠯᠠᠭ᠎ᠠ᠎ᠪᠠᠨ ᠲᠡᠭᠦᠰᠭᠡᠭᠡᠳ ᠪᠢᠳᠠᠨ ᠠᠶᠠᠨ᠎ᠤ ᠵᠢᠯᠤᠭᠤ᠎ᠪᠠᠨ ᠬᠦᠬᠡᠬᠤᠲᠠ ᠤᠷᠤᠭᠤ᠎ᠪᠠᠨ ᠵᠠᠯᠠᠪᠠ᠃ ᠬᠡᠳᠦᠨ ᠡᠳᠦᠷ᠎ᠤᠨ ᠳᠠᠷᠠᠭ᠎ᠠ ᠂ ᠪᠢᠳᠠᠨ ᠡᠮᠦᠨᠡᠲᠦ ᠤᠷᠤᠨ᠎ᠤ ᠲᠤᠷᠭ᠎ᠠ ᠳᠤᠷᠳᠤᠩ ᠡᠷᠲᠡᠨ᠎ᠤ ᠴᠠᠩ ᠠᠨ ᠬᠤᠲᠠ᠎ᠪᠠᠷ ᠳᠠᠮᠵᠢᠭ᠋ᠠᠳ ᠪᠠᠷᠠᠭᠤᠨ ᠠᠽᠢᠶ᠎ᠠ᠂ ᠴᠠᠭ᠋ᠠᠰᠢᠯᠠᠨ ᠭᠠᠵᠠᠷ᠎ᠤᠨ ᠳᠤᠮᠳᠠᠳᠤ ᠳᠠᠩᠬᠢᠰ᠎ᠲᠤ ᠬᠦᠷᠴᠤ ᠪᠠᠢ᠌ᠭᠰᠠᠨ ᠴᠢᠬᠤᠯᠠ ᠵᠠᠮ ᠱᠤᠭᠤᠮ ᠵᠶ᠋ᠠᠷ ᠮᠦᠷᠳᠡᠯᠭᠡ ᠬᠢᠵᠤ᠂ 《ᠲᠤᠷᠭ᠋ᠠᠨ᠎ᠤ ᠵᠠᠮ》᠎ᠤᠨ ᠴᠢᠬᠤᠯᠠ ᠭᠡᠰᠡᠭ ᠪᠣᠯᠬᠤ ᠬᠠᠰᠢᠨ ᠬᠤᠩᠭᠢᠯ᠎ᠳᠤ ᠭᠦᠷᠴᠤ ᠠᠶᠠᠯᠠᠯ ᠰᠤᠷᠪᠤᠯᠵᠢᠯᠠᠭ᠎ᠠ᠎ᠪᠠᠨ ᠦᠷᠭᠦᠯᠵᠢᠯᠡᠭᠦᠯᠦᠭᠰᠡᠨ ᠪᠢᠯᠡ ᠁