ᠣᠷᠴᠢᠮ ᠥᠪᠡᠷᠲᠡᠭᠡᠨ ᠵᠠᠰᠠᠬᠤ ᠣᠷᠣᠨ᠎ᠤ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠤᠨ 2023 ᠣᠨ᠎ᠤ 《ᠡᠷᠡᠭᠦᠯᠵᠢᠯ᠎ᠳᠤ ᠲᠤᠰᠠᠯᠠᠬᠤ ᠢᠨᠵᠸᠨ᠋ᠸᠷᠢᠩ》᠎ᠤᠨ ᠰᠤᠨᠤᠰᠤᠭᠤᠷ ᠲᠠᠭ᠋ᠠᠷᠠᠭᠤᠯᠬᠤ ᠦᠢ᠍ᠯᠡᠴᠢᠯᠡᠭᠡ ᠵᠢᠨ ᠠᠵᠢᠯᠯᠠᠬᠤ ᠳᠤᠭᠤᠢ᠌ᠯᠠᠩ ᠤᠨ᠎ᠬᠢᠨ ᠰᠢᠯᠢ ᠵᠢᠨ ᠭᠣᠣᠯ ᠠᠢ᠌ᠮᠠᠭ᠎ᠤᠨ ᠲᠠᠢ᠌ᠹᠦᠰᠸ ᠬᠤᠰᠢᠭᠤᠨ᠎ᠤ ᠨᠠᠰᠤᠲᠠᠨ᠎ᠢ ᠠᠰᠠᠷᠠᠬᠤ ᠬᠦᠷᠢᠶᠡᠯᠡᠩ᠎ᠳᠤ ᠬᠦᠷᠴᠦ ᠣᠨᠴᠠ ᠬᠦᠴᠢᠷᠳᠡᠯ᠎ᠲᠠᠢ ᠨᠠᠰᠤᠲᠠᠨ᠎ᠳᠤ ᠰᠤᠨᠤᠰᠤᠭᠤᠷ ᠲᠠᠭ᠋ᠠᠷᠠᠭᠤᠯᠵᠤ ᠥᠭᠪᠡ᠃
《ᠡᠷᠡᠭᠦᠯᠵᠢᠯ᠎ᠳᠤ ᠲᠤᠰᠠᠯᠠᠬᠤ ᠢᠨᠵᠸᠨ᠋ᠸᠷᠢᠩ》 ᠪᠣᠯ ᠦᠪᠦᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲ᠋ᠢᠩᠬᠢᠮᠠᠴᠠ ᠵᠣᠬᠢᠶᠠᠨ ᠪᠠᠢ᠌ᠭᠤᠯᠵᠤ ᠥᠷᠨᠢᠭᠦᠯᠦᠭᠰᠡᠨ᠂ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠤᠨ᠎ᠬᠢᠨ ᠪᠣᠳᠠᠳᠠᠢ ᠠᠵᠢᠯ᠎ᠢ᠎ᠨᠢ ᠬᠠᠷᠢᠭᠤᠴᠠᠨ ᠭᠦᠢ᠍ᠴᠡᠳᠭᠡᠳᠡᠭ ᠵᠡᠮᠳᠡᠭᠴᠦᠳ᠎ᠲᠤ ᠠᠰᠢᠭᠲᠠᠢ ᠵᠡᠮᠳᠡᠭᠴᠦᠳ᠎ᠲᠤ ᠲᠤᠰᠠᠲᠠᠢ ᠠᠵᠢᠯᠯᠠᠭ᠎ᠠ ᠪᠣᠯᠬᠣ ᠶᠤᠮ᠃ ᠭᠣᠣᠯᠳᠠᠭᠤ ᠵᠡᠮᠳᠡᠭᠴᠦᠳ᠎ᠤᠨ ᠦᠨᠡᠮᠯᠡᠯ᠎ᠲᠠᠢ ᠨᠠᠭ᠋ᠠᠲᠤ ᠵᠠᠬ᠎ᠠ ᠵᠢᠨ ᠠᠮᠢᠳᠤᠷᠠᠯ᠎ᠤᠨ ᠪᠠᠲᠤᠯᠠᠭ᠋ᠠᠲᠤ ᠬᠦᠮᠦᠰ᠂ ᠣᠨᠴᠠ ᠬᠦᠴᠢᠷᠳᠡᠯ᠎ᠲᠠᠢ ᠬᠦᠮᠦᠰ᠂ ᠥᠨᠥᠴᠢᠨ ᠬᠡᠦᠬᠡᠳ ᠪᠣᠯᠣᠨ ᠪᠣᠳᠠᠳᠠᠢ ᠠᠰᠠᠷᠠᠨ ᠲᠡᠵᠢᠭᠡᠭᠴᠢ ᠦᠭᠡᠢ ᠬᠡᠦᠬᠡᠳ᠂ ᠪᠣᠰᠣᠳ ᠳᠣᠣᠷ᠎ᠠ ᠣᠷᠣᠯᠭ᠋ᠠᠲᠣ ᠭᠡᠷ ᠪᠦᠯᠢ ᠵᠢᠨ ᠵᠡᠮᠳᠡᠭᠴᠦᠳ᠂ ᠠᠯᠪᠠᠨ᠎ᠠᠴᠠ ᠡᠷᠬᠢᠯᠡᠭᠰᠡᠨ ᠠᠷᠠᠳ᠎ᠤᠨ ᠶᠠᠪᠤᠳᠠᠯ᠎ᠤᠨ ᠠᠰᠠᠷᠠᠮᠵᠢ ᠵᠢᠨ ᠪᠠᠢ᠌ᠭᠤᠯᠤᠮᠵᠢ᠎ᠳᠤ ᠲᠥᠪᠯᠡᠷᠡᠭᠦᠯᠦᠨ ᠠᠰᠠᠷᠠᠵᠤ ᠪᠣᠢ ᠵᠡᠮᠳᠡᠭᠴᠦᠳ᠎ᠲᠤ ᠬᠢᠮᠡᠯ ᠮᠥᠴᠢ ᠵᠥᠭᠰᠢᠷᠡᠭᠦᠯᠬᠦ ᠪᠠᠭ᠋ᠠᠵᠢ᠂ ᠬᠦᠷᠳᠦᠳᠦ ᠰᠠᠨᠳᠡᠯᠢ᠂ ᠰᠤᠨᠤᠰᠤᠭᠤᠷ᠂ ᠬᠠᠷᠠᠭ᠋ᠠᠨ᠎ᠳᠤ ᠲᠤᠰᠠᠯᠠᠬᠤ ᠪᠠᠭ᠋ᠠᠵᠢ ᠵᠡᠷᠭᠡ ᠡᠷᠡᠭᠦᠯᠵᠢᠯ ᠤᠨ ᠲᠤᠰᠠᠯᠠᠬᠤ ᠪᠠᠭ᠋ᠠᠵᠢ ᠲᠠᠭ᠋ᠠᠷᠠᠭᠤᠯᠵᠤ ᠥᠭᠬᠦ ᠦᠢ᠍ᠯᠡᠴᠢᠯᠡᠭᠡ ᠬᠠᠩᠭ᠋ᠠᠳᠠᠭ ᠃
ᠲᠠᠢ᠌ᠹᠦᠰᠸ ᠬᠤᠰᠢᠭᠤᠨ᠎ᠤ ᠨᠠᠰᠤᠲᠠᠨ᠎ᠢ ᠠᠰᠠᠷᠠᠬᠤ ᠬᠦᠷᠢᠶᠡᠯᠡᠩ᠎ᠨᠢ ᠲᠠᠢ᠌ᠹᠦᠰᠸ ᠬᠤᠰᠢᠭᠤᠨ᠎ᠤ ᠪᠠᠷᠠᠭᠤᠨ ᠬᠣᠢ᠌ᠲᠣ ᠲᠠᠯ᠎ᠠ᠎ᠳᠤ ᠪᠠᠢ᠌ᠷᠢᠰᠢᠵᠤ ᠪᠠᠢ᠌ᠭ᠎ᠠ ᠠᠯᠪᠠᠨ᠎ᠠᠴᠠ ᠡᠷᠬᠢᠯᠡᠭᠰᠡᠨ ᠨᠠᠰᠤᠲᠠᠳ᠎ᠢ ᠠᠰᠠᠷᠠᠬᠤ ᠠᠰᠠᠷᠠᠮᠵᠢ ᠵᠢᠨ ᠪᠠᠢ᠌ᠭᠤᠯᠤᠮᠵᠢ ᠪᠣᠯᠬᠣ ᠶᠤᠮ᠃ 2019 ᠣᠨ᠎ᠤ 8 ᠳ᠋ᠤᠭ᠋ᠠᠷ ᠰᠠᠷ᠎ᠠ᠎ᠳᠤ ᠬᠡᠷᠡᠭᠯᠡᠭᠡᠨ᠎ᠳᠤ ᠣᠷᠣᠵᠣ᠂ ᠬᠦᠷᠢᠶᠡᠯᠡᠩ᠎ᠳᠤᠨᠢ 300 ᠣᠷᠣ᠎ᠲᠠᠢ᠂ ᠣᠳᠣᠬᠠᠨ᠎ᠳᠤ 143 ᠨᠠᠰᠤᠲᠠᠨ ᠰᠠᠭᠤᠷᠢᠰᠢᠵᠤ ᠪᠣᠢ᠃ ᠲᠡᠷᠡ᠎ᠨᠢ ᠲᠠᠢ᠌ᠹᠦᠰᠸ ᠬᠤᠰᠢᠭᠤᠨ᠎ᠤ ᠨᠠᠮ᠎ᠤᠨ ᠬᠣᠷᠢᠶ᠎ᠠ᠂ ᠵᠠᠰᠠᠭ᠎ᠤᠨ ᠣᠷᠳᠣᠨ᠎ᠠᠴᠠ ᠤᠳᠤᠷᠢᠳᠴᠤ᠂ ᠠᠷᠠᠳ᠎ᠤᠨ ᠶᠠᠪᠤᠳᠠᠯ᠎ᠤᠨ ᠰᠠᠯᠠᠭ᠎ᠠ ᠮᠥᠴᠢᠷ᠎ᠤᠨ᠎ᠬᠢᠨ 《ᠣᠨᠴᠠ ᠬᠦᠴᠢᠷᠳᠡᠯ᠎ᠲᠠᠢ ᠬᠦᠮᠦᠰ᠎ᠢ ᠠᠰᠠᠷᠠᠨ ᠲᠡᠵᠢᠭᠡᠬᠦ》 ᠳᠣᠭᠲᠠᠭ᠋ᠠᠯ᠎ᠢ ᠦᠨᠳᠦᠰᠦᠯᠡᠵᠤ᠂ ᠨᠠᠰᠤᠲᠠᠢ᠌ᠴᠤᠳ᠎ᠲᠤ ᠢᠳᠡᠬᠦ᠂ ᠡᠮᠦᠰᠬᠦ᠂ ᠰᠠᠭᠤᠬᠤ᠂ ᠡᠮᠴᠢᠯᠡᠭᠡ᠂ ᠣᠷᠣᠰᠢᠭᠣᠯᠬᠤ ᠵᠡᠷᠭᠡ ᠲᠠᠯ᠎ᠠ ᠵᠢᠨ ᠬᠠᠷᠠᠭ᠋ᠠᠯᠵᠠᠯᠭᠠ ᠦᠵᠡᠭᠦᠯᠬᠦ ᠪᠠ ᠡᠳ᠋ ᠪᠣᠳᠠᠰ᠎ᠤᠨ ᠬᠠᠪᠰᠤᠷᠤᠯᠭ᠎ᠠ ᠦᠵᠡᠭᠦᠯᠳᠡᠭ ᠪᠠᠢ᠌ᠭᠤᠯᠤᠮᠵᠢ ᠪᠣᠯᠣᠨ᠎ᠠ᠃ ᠲᠣᠰ ᠨᠠᠰᠤᠲᠠᠨ᠎ᠢ ᠠᠰᠠᠷᠠᠬᠤ ᠬᠦᠷᠢᠶᠡᠯᠡᠩ᠎ᠨᠢ 2020 ᠣᠨ᠎ᠳᠤ ᠪᠦᠬᠦ ᠤᠯᠤᠰ᠎ᠤᠨ 《ᠨᠠᠰᠤᠲᠠᠳ᠎ᠢ ᠠᠰᠠᠷᠠᠬᠤ ᠬᠦᠷᠢᠶᠡᠯᠡᠩ᠎ᠤᠨ ᠪᠣᠯᠪᠠᠰᠤᠨ ᠴᠤᠯᠠ》 ᠬᠦᠷᠳᠡᠭᠰᠡᠨ ᠲᠡᠷᠢᠭᠦᠨ᠎ᠤ ᠨᠢᠭᠡᠴᠢ ᠶᠤᠮ᠃
ᠡᠳᠡᠭᠡᠷ ᠨᠠᠰᠤᠲᠠᠳ᠎ᠲᠤ ᠠᠮᠢᠳᠤᠷᠠᠯ᠎ᠤᠨ ᠲᠠᠯ᠎ᠠ᠎ᠪᠠᠷ ᠨᠡᠩ ᠰᠠᠢ᠌ᠨ ᠬᠠᠪᠰᠤᠷᠤᠯᠭ᠎ᠠ ᠦᠵᠡᠭᠦᠯᠬᠦ ᠵᠢᠨ ᠲᠤᠰᠠᠳᠠ᠂ ᠥᠪᠡᠷᠲᠡᠭᠡᠨ ᠵᠠᠰᠠᠬᠤ ᠣᠷᠣᠨ᠎ᠤ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠤᠨ᠎ᠬᠢᠨ ᠲᠤᠰ ᠤᠳᠠᠭ᠋ᠠᠨ᠎ᠤ ᠨᠠᠰᠤᠲᠠᠨ᠎ᠢ ᠠᠰᠠᠷᠠᠬᠤ ᠬᠦᠷᠢᠶᠡᠯᠡᠩ᠎ᠤᠨ ᠣᠨᠴᠠ ᠬᠦᠴᠢᠷᠳᠡᠯ᠎ᠲᠠᠢ ᠨᠠᠰᠤᠲᠠᠳ᠎ᠲᠤ ᠰᠤᠨᠤᠰᠤᠭᠤᠷ ᠲᠠᠭ᠋ᠠᠷᠠᠭᠤᠯᠵᠤ ᠥᠭᠬᠦ ᠦᠢ᠍ᠯᠡᠴᠢᠯᠡᠭᠡᠨ᠎ᠤ ᠠᠵᠢᠯᠯᠠᠭ᠎ᠠ ᠵᠢ ᠲᠤᠰᠬᠠᠢ᠌ᠯᠠᠨ ᠵᠣᠬᠢᠶᠠᠨ ᠪᠠᠢ᠌ᠭᠤᠯᠵᠤ᠂16 ᠣᠨᠴᠠ ᠬᠦᠴᠢᠷᠳᠡᠯ᠎ᠲᠠᠢ ᠨᠠᠰᠤᠲᠠᠨ᠎ᠳᠤ ᠰᠣᠨᠣᠷ ᠲᠣᠳᠣᠳᠬᠠᠭᠤᠷ ᠲᠠᠭ᠋ᠠᠷᠠᠭᠤᠯᠵᠤ ᠥᠭᠪᠡ ᠃
ᠰᠢᠯᠢ ᠵᠢᠨ ᠭᠣᠣᠯ ᠠᠢ᠌ᠮᠠᠭ᠂ ᠲᠠᠢ᠌ᠹᠦᠰᠸ ᠬᠤᠰᠢᠭᠤᠨ᠎ᠤ ᠠᠷᠠᠳ᠎ᠤᠨ ᠶᠠᠪᠤᠳᠠᠯ᠎ᠤᠨ ᠰᠠᠯᠠᠭ᠎ᠠ ᠮᠥᠴᠢᠷ ᠪᠣᠯᠣᠨ ᠨᠠᠰᠤᠲᠠᠳ᠎ᠢ ᠠᠰᠠᠷᠠᠬᠤ ᠬᠦᠷᠢᠶᠡᠯᠡᠩ᠎ᠤᠨ ᠠᠵᠢᠯᠲᠠᠳ᠎ᠤᠨ ᠬᠠᠮᠵᠢᠯᠴᠠᠭ᠎ᠠ ᠳᠣᠣᠷ᠎ᠠ᠂ ᠲᠤᠰᠬᠠᠢ᠌ᠵᠢᠭᠰᠠᠨ ᠰᠣᠨᠣᠷ᠎ᠤᠨ ᠣᠨᠣᠰᠢᠯᠠᠭ᠎ᠠ᠂ ᠰᠣᠨᠣᠰᠬᠣ ᠴᠢᠳᠠᠪᠦᠷᠢ ᠵᠢᠨ ᠪᠠᠢ᠌ᠴᠠᠭ᠋ᠠᠯᠲᠠ᠎ᠪᠠᠷ ᠳᠠᠮᠵᠢᠨ᠂ ᠲᠤᠬᠠᠢ ᠵᠢᠨ ᠲᠠᠯᠠᠪᠤᠷᠲᠤᠨᠢ ᠰᠤᠨᠤᠰᠤᠭᠤᠷ ᠲᠤᠷᠰᠢᠨ ᠲᠠᠭ᠋ᠠᠷᠠᠭᠤᠯᠵᠤ ᠥᠭᠭᠥᠭᠡᠳ ᠰᠠᠢ᠌ᠨ ᠦᠷ᠎ᠡ ᠪᠦᠲᠦᠮᠵᠢ ᠣᠯᠬᠣ ᠵᠢ ᠪᠠᠲᠤᠯᠠᠪᠡ᠃ ᠨᠠᠰᠤᠲᠠᠳ ᠳᠠᠩᠰᠠᠯᠠᠭᠤᠯᠬᠤ᠎ᠪᠠᠷ ᠭᠤᠶᠤᠴᠢᠯᠠᠬᠤ᠂ ᠰᠣᠨᠣᠰᠬᠣ ᠴᠢᠳᠠᠪᠦᠷᠢ ᠵᠢᠨ ᠪᠠᠢ᠌ᠴᠠᠭ᠋ᠠᠯᠲᠠ ᠬᠢᠬᠦ᠂ ᠴᠢᠬᠢᠨ᠎ᠤ ᠦᠯᠢᠭᠡᠷ ᠬᠡᠪ ᠠᠪᠬᠤ᠂ ᠰᠤᠨᠤᠰᠤᠭᠤᠷ ᠲᠠᠭ᠋ᠠᠷᠠᠭᠤᠯᠬᠤ᠂ ᠬᠡᠷᠡᠭᠯᠡᠭᠡᠨ᠎ᠤ ᠳᠣᠬᠠᠢ ᠲᠠᠢ᠌ᠯᠤᠮᠵᠢ ᠬᠢᠬᠦ ᠵᠡᠷᠭᠡ ᠠᠵᠢᠯ᠎ᠤᠨ ᠶᠠᠪᠤᠴᠠ ᠵᠢ ᠳᠣᠭᠲᠠᠭ᠋ᠠᠯ ᠶᠣᠰᠣᠭ᠋ᠠᠷ ᠳᠠᠷᠠᠭ᠋ᠠᠯᠠᠨ ᠭᠦᠢ᠍ᠴᠡᠳᠭᠡᠯᠡ᠂ ᠬᠡᠳᠦᠢ᠌ᠪᠡᠷ ᠵᠠᠷᠢᠮ ᠨᠠᠰᠤᠲᠠᠳ᠎ᠨᠢ ᠬᠥᠳᠡᠯᠵᠦ ᠪᠠᠷᠢᠬᠤ᠎ᠳᠤ᠎ᠪᠠᠨ ᠳᠦᠭᠦᠮ ᠦᠭᠡᠢ ᠪᠠᠢ᠌ᠭᠰᠠᠨ ᠪᠣᠯᠪᠠᠴᠦ ᠪᠦᠬᠦ ᠠᠵᠢᠯᠲᠠᠳ᠎ᠤᠨ ᠬᠠᠮᠲᠤ ᠵᠢᠨ ᠴᠢᠷᠮᠠᠢ᠌ᠯᠭ᠎ᠠ᠎ᠪᠠᠷ ᠥᠪᠡᠷᠲᠡᠭᠡᠨ ᠵᠠᠰᠠᠬᠤ ᠣᠷᠣᠨ᠎ᠤ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠤᠨ᠎ᠬᠢᠨ ᠰᠤᠨᠤᠰᠤᠭᠤᠷ ᠲᠠᠭ᠋ᠠᠷᠠᠭᠤᠯᠬᠤ ᠦᠢ᠍ᠯᠡᠴᠢᠯᠡᠭᠡᠨ᠎ᠤ ᠠᠵᠢᠯ ᠵᠶ᠋ᠠᠨ ᠮᠠᠰᠢ ᠠᠮᠵᠢᠯᠲᠠ᠎ᠲᠠᠢ ᠪᠡᠶᠡᠯᠡᠭᠦᠯᠦᠭᠰᠡᠨ ᠪᠠᠢ᠌ᠨ᠎ᠠ᠃
ᠨᠠᠰᠤᠲᠠᠳ᠎ᠢ ᠠᠰᠠᠷᠠᠬᠤ ᠬᠦᠷᠢᠶᠡᠯᠡᠩ᠎ᠳᠤ ᠰᠠᠭᠤᠭ᠎ᠠ ᠵᠤ᠌ ᠵᠢᠩ ᠯᠥᠩ ᠨᠠᠰᠤᠲᠠᠨ ᠥᠨᠥ ᠵᠢᠯ 100 ᠨᠠᠰᠤᠨ᠎ᠤ ᠥᠨᠳᠥᠷ ᠳᠠᠪᠠᠭ᠎ᠠ ᠵᠢ ᠳᠠᠪᠠᠭᠰᠠᠨ ᠪᠣᠯᠪᠠᠴᠤ᠂ ᠲᠡᠭᠦᠨ᠎ᠤ ᠬᠥᠳᠡᠯᠦᠯ ᠪᠠᠷᠢᠯ᠂ ᠵᠢᠰᠦ ᠴᠢᠷᠠᠢ ᠵᠢᠨ ᠪᠠᠢ᠌ᠳᠠᠯ᠎ᠨᠢ ᠳᠣᠬᠠᠢ ᠵᠢᠨ ᠲᠠᠯᠠᠪᠤᠷ᠎ᠲᠤ ᠪᠠᠢ᠌ᠭᠰᠠᠨ ᠬᠦᠮᠦᠰ᠎ᠢ ᠶᠡᠬᠡᠳᠡ ᠪᠢᠰᠢᠷᠡᠭᠦᠯᠪᠡ᠃ ᠬᠡᠳᠦᠢ᠌ᠪᠡᠷ ᠲᠡᠭᠦᠨ᠎ᠤ ᠰᠣᠨᠣᠰᠬᠣ ᠴᠢᠳᠠᠪᠦᠷᠢ᠎ᠨᠢ ᠨᠡᠯᠢᠶᠡᠳ ᠮᠠᠭᠤᠳᠠᠭᠰᠠᠨ ᠪᠣᠯᠪᠠᠴᠦ ᠳᠠᠷᠢᠬᠢ ᠲᠣᠯᠣᠭ᠋ᠠᠢ᠎ᠨᠢ ᠰᠡᠷᠭᠡᠭ᠂ ᠬᠡᠯᠡ ᠠᠮᠠ ᠲᠣᠳᠣ᠂ ᠢᠯᠡᠳᠭᠡᠬᠦ ᠴᠢᠳᠠᠪᠦᠷᠢ᠎ᠨᠢ ᠴᠦ᠍ ᠨᠡᠯᠢᠶᠡᠳ ᠵᠦᠭᠡᠷ ᠪᠠᠢ᠌ᠯ᠎ᠠ᠃ 《ᠵᠤ᠌ ᠵᠢᠩ ᠯᠥᠩ ᠨᠠᠰᠤᠲᠠᠨ ᠨᠠᠰᠤᠲᠠᠳ᠎ᠢ ᠠᠰᠠᠷᠠᠬᠤ ᠬᠦᠷᠢᠶᠡᠯᠡᠩ᠎ᠳᠤ ᠬᠣᠷᠢᠭ᠋ᠠᠳ ᠵᠢᠯ ᠰᠠᠭᠤᠴᠢᠬᠠᠯ᠎ᠠ ᠂ ᠴᠢᠰᠦᠨ᠎ᠤ ᠳᠠᠷᠤᠯᠲᠠ᠎ᠨᠢ ᠥᠨᠳᠥᠷ ᠵᠡᠷᠭᠡ ᠡᠪᠡᠳᠴᠢᠨ᠎ᠲᠠᠢ᠎ᠠᠴᠠ ᠭᠠᠳᠠᠨ᠎ᠠ ᠪᠣᠰᠣᠳ ᠡᠪᠡᠳᠴᠢᠨ ᠦᠭᠡᠢ᠂ ᠪᠡᠶ᠎ᠡ᠎ᠪᠠᠨ ᠳᠠᠭ᠋ᠠᠭ᠋ᠠᠵᠤ ᠶᠠᠪᠤᠵᠤ ᠰᠠᠭᠤᠬᠤ᠎ᠳᠤ ᠰᠠᠭ᠋ᠠᠳ ᠦᠭᠡᠢ᠃ ᠲᠠᠪᠤ ᠵᠢᠷᠭᠤᠭ᠋ᠠᠨ ᠵᠢᠯ᠎ᠤᠨ ᠡᠮᠦᠨ᠎ᠡ᠎ᠠᠴᠠ ᠨᠠᠰᠤᠲᠠᠨ᠎ᠤ ᠰᠣᠨᠣᠰᠬᠣ ᠴᠢᠳᠠᠪᠦᠷᠢ᠎ᠨᠢ ᠬᠦᠴᠦᠲᠠᠢ ᠮᠠᠭᠤᠲᠠᠭᠰᠠᠨ᠎ᠠᠴᠠ ᠶᠠᠷᠢᠯᠴᠠᠬᠤ᠎ᠳᠤ ᠲᠦᠪᠡᠭᠲᠡᠢ ᠪᠣᠯᠣᠭᠰᠠᠨ᠂ 〈ᠡᠷᠡᠭᠦᠯᠵᠢᠯ᠎ᠳᠤ ᠲᠤᠰᠠᠯᠠᠬᠤ ᠢᠨᠵᠸᠨ᠋ᠸᠷᠢᠩ〉᠎ᠨᠢ ᠨᠠᠰᠤᠲᠠᠨ᠎ᠢ ᠠᠰᠠᠷᠠᠬᠤ ᠬᠦᠷᠢᠶᠡᠯᠡᠩ᠎ᠳᠤ ᠢᠷᠡᠵᠤ ᠨᠠᠰᠤᠲᠠᠳ᠎ᠲᠤ ᠲᠦᠯᠦᠪᠦᠷᠢ ᠦᠭᠡᠢ᠎ᠪᠠᠷ ᠰᠤᠨᠤᠰᠤᠭᠤᠷ ᠲᠠᠭ᠋ᠠᠷᠠᠭᠤᠯᠵᠤ ᠥᠭᠭᠦᠭᠡᠳ ᠨᠠᠰᠤᠲᠠᠨ᠎ᠤ ᠰᠣᠨᠣᠰᠬᠣ ᠴᠢᠳᠠᠪᠦᠷᠢ ᠵᠢ ᠶᠡᠬᠡᠬᠡᠨ ᠰᠠᠢ᠌ᠵᠢᠷᠠᠭᠤᠯᠤᠯᠠ》 ᠭᠡᠵᠦ ᠨᠠᠰᠤᠲᠠᠨ᠎ᠢ ᠠᠰᠠᠷᠠᠬᠤ ᠬᠦᠷᠢᠶᠡᠯᠡᠩ᠎ᠤᠨ ᠠᠵᠢᠯᠲᠠᠳ ᠬᠡᠯᠡᠵᠤ ᠪᠠᠢ᠌ᠯ᠎ᠠ᠃ ᠳᠠᠬᠢᠨ ᠲᠣᠳᠣ ᠣᠯᠵᠣ ᠰᠣᠨᠣᠰᠬᠣ ᠪᠣᠯᠣᠭᠰᠠᠨ ᠵᠤ᠌ ᠵᠢᠩ ᠯᠤᠩ ᠨᠠᠰᠤᠲᠠᠨ ᠰᠤᠨᠤᠰᠤᠭᠤᠷ ᠵᠶ᠋ᠠᠨ ᠲᠠᠭ᠋ᠠᠷᠠᠭᠤᠯᠤᠭᠰᠠᠨ ᠤ ᠳᠠᠷᠠᠭ᠎ᠠ᠄ 《ᠪᠢ ᠨᠠᠰᠤᠲᠠᠨ᠎ᠢ ᠠᠰᠠᠷᠠᠬᠤ ᠬᠦᠷᠢᠶᠡᠯᠡᠩ᠎ᠳᠤ ᠤᠳᠠᠭ᠋ᠠᠨ ᠵᠢᠯ ᠰᠠᠭᠤᠭᠰᠠᠨ ᠶᠤᠮ᠂ ᠣᠳᠣ ᠵᠢᠨ ᠢᠳᠡᠵᠤ ᠰᠠᠭᠤᠬᠤ᠂ ᠡᠮᠦᠰᠴᠦ ᠵᠡᠭᠦᠭᠦ᠂ ᠰᠠᠭᠤᠵᠤ ᠪᠠᠷᠢᠬᠤ᠂ ᠡᠮᠴᠢᠯᠡᠵᠤ ᠰᠣᠪᠢᠯᠠᠬᠤ᠎ᠨᠢ ᠪᠦᠷ ᠵᠠᠷᠤᠳᠠᠯ ᠪᠠᠢ᠌ᠬᠤ ᠦᠭᠡᠢ᠂ ᠣᠳᠣᠬᠠᠨ ᠪᠢᠳᠡᠨ᠎ᠳᠤ ᠲᠥᠯᠥᠪᠦᠷᠢ ᠦᠭᠡᠢ᠎ᠪᠠᠷ ᠰᠤᠨᠤᠰᠤᠭᠤᠷ ᠲᠠᠭ᠋ᠠᠷᠠᠭᠤᠯᠵᠤ ᠥᠭᠭᠦᠭᠡᠳ ᠪᠢ ᠳᠠᠬᠢᠨ ᠲᠣᠳᠣ ᠣᠯᠵᠤ ᠰᠣᠨᠣᠰᠬᠣ ᠪᠣᠯᠣᠯ᠎ᠠ᠃ ᠨᠠᠮ ᠪᠠ ᠵᠠᠰᠠᠭ᠎ᠤᠨ ᠣᠷᠳᠣᠨ ᠳᠤ᠎ᠪᠠᠨ ᠲᠠᠯᠠᠷᠬᠠᠯ᠎ᠠ᠂ ᠪᠢᠳᠡᠨ᠎ᠳᠤ ᠡᠢ᠌ᠨ ᠬᠦ᠌ ᠬᠠᠪᠰᠤᠷᠤᠯᠭ᠎ᠠ ᠦᠵᠡᠭᠦᠯᠦᠭᠰᠡᠨ ᠠᠷᠠᠳ᠎ᠤᠨ ᠶᠠᠪᠤᠳᠠᠯ᠎ᠤᠨ ᠰᠠᠯᠠᠭ᠎ᠠ ᠮᠥᠴᠢᠷ᠎ᠤᠨ᠎ᠬᠢᠨ᠎ᠳᠤ ᠲᠠᠯᠠᠷᠬᠠᠯ᠎ᠠ》 ᠭᠡᠵᠦ ᠰᠡᠳᠬᠢᠯ ᠳᠣᠭᠳᠣᠯᠣᠨ ᠬᠡᠯᠡᠨ᠎ᠡ᠃
ᠰᠣᠨᠣᠰᠬᠤ ᠴᠢᠳᠠᠪᠦᠷᠢ ᠮᠠᠭᠤᠲᠠᠬᠤ᠎ᠨᠢ ᠨᠠᠰᠤᠲᠠᠢ᠌ᠴᠤᠳ᠎ᠤᠨ ᠡᠳᠦᠷ ᠳᠣᠲᠣᠮ᠎ᠤᠨ ᠠᠮᠢᠳᠤᠷᠠᠯ ᠪᠣᠯᠣᠨ ᠨᠡᠢ᠌ᠭᠡᠮ᠎ᠤᠨ ᠬᠠᠷᠢᠯᠴᠠᠭ᠎ᠠ ᠵᠢ᠎ᠨᠢ ᠨᠣᠴᠠᠲᠠᠢ ᠨᠥᠯᠥᠭᠡᠯᠡᠵᠦ᠂ ᠠᠮᠢᠳᠤᠷᠠᠯ᠎ᠤᠨ ᠶᠠᠰᠤ ᠴᠢᠨᠠᠷ᠎ᠢ᠎ᠨᠢ ᠳᠣᠷᠣᠭᠰᠢᠯᠠᠭᠤᠯᠳᠠᠭ᠃ ᠨᠢᠭᠡᠨ ᠴᠢᠬᠢᠨ᠎ᠳᠤ ᠲᠠᠭ᠋ᠠᠲᠠᠢ ᠰᠠᠢ᠌ᠨ ᠰᠤᠨᠤᠰᠤᠭᠤᠷ᠎ᠨᠢ ᠨᠠᠰᠤᠲᠠᠳ᠎ᠤᠨ ᠥᠲᠡᠯᠦᠭᠡ ᠨᠠᠰᠤᠨ᠎ᠤ ᠵᠣᠯ ᠵᠢᠷᠭ᠋ᠠᠯᠲᠤ ᠠᠮᠢᠳᠤᠷᠠᠯᠳᠤᠨᠢ ᠭᠡᠷᠡᠯ ᠭᠢᠯᠪᠠᠭ᠎ᠠ ᠨᠡᠮᠡᠷᠢᠯᠡᠬᠦ ᠪᠣᠯᠣᠨ᠎ᠠ᠃ ᠲᠣᠰ ᠤᠳᠠᠭ᠋ᠠᠨ᠎ᠤ ᠬᠥᠳᠡᠯᠭᠡᠭᠡᠨ ᠵᠶ᠋ᠡᠷ ᠳᠠᠮᠵᠢᠨ᠂ ᠠᠨᠢᠷ ᠦᠭᠡᠢ ᠣᠷᠴᠢᠨᠠᠴᠠᠪᠠᠨ ᠠᠩᠭᠢᠵᠢᠷᠠᠵᠤ ᠳᠡᠢ᠌ᠯᠦᠭᠰᠡᠨ ᠨᠠᠰᠤᠲᠠᠳ᠎ᠤᠨ ᠠᠮᠢᠳᠤᠷᠠᠯ᠎ᠤᠨ ᠶᠠᠰᠤ ᠴᠢᠨᠠᠷ᠎ᠨᠢ ᠢᠯᠡᠳᠲᠡ ᠳᠡᠭᠡᠭᠰᠢᠯᠡᠭᠰᠡᠨ ᠪᠠᠢ᠌ᠨ᠎ᠠ᠃ ᠡᠨᠡ ᠬᠦ᠌ ᠠᠵᠢᠯᠯᠠᠭ᠎ᠠ᠎ᠨᠢ ᠨᠠᠰᠤᠲᠠᠢ᠌ᠴᠤᠳ᠎ᠤᠨ ᠰᠡᠳᠬᠢᠯ᠎ᠢ ᠳᠤᠯᠠᠭ᠋ᠠᠯᠠᠭᠰᠠᠨ ᠵᠶ᠋ᠠᠷ ᠪᠠᠷᠠᠬᠤ ᠦᠭᠡᠢ ᠥᠪᠡᠷᠲᠡᠭᠡᠨ ᠵᠠᠰᠠᠬᠤ ᠣᠷᠣᠨ᠎ᠤ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠤᠨ᠎ᠬᠢᠨ ᠪᠣᠳᠠᠳᠠᠢ ᠦᠢ᠍ᠯᠡ ᠠᠵᠢᠯᠯᠠᠭ᠎ᠠ᠎ᠪᠠᠷ ᠵᠶ᠋ᠡᠨ 《ᠠᠷᠠᠳ᠎ᠤᠨ ᠶᠠᠪᠤᠳᠠᠯ ᠠᠷᠠᠳ᠎ᠤᠨ ᠲᠥᠯᠥᠭᠡ᠂ ᠠᠷᠠᠳ᠎ᠤᠨ ᠶᠠᠪᠤᠳᠠᠯ ᠠᠷᠠᠳ ᠵᠶ᠋ᠠᠨ ᠬᠠᠢ᠌ᠷᠠᠯᠠᠬᠤ》 ᠠᠵᠢᠯ᠎ᠤᠨ ᠣᠢ᠌ᠯᠠᠭ᠋ᠠᠭᠳᠠᠬᠤᠨ᠎ᠢ ᠦᠢ᠍ᠯᠡᠳᠦᠯᠭᠡᠵᠢᠭᠦᠯᠪᠡ᠃
ᠲᠣᠰ ᠤᠳᠠᠭ᠋ᠠᠨ᠎ᠤ ᠰᠤᠨᠤᠰᠤᠭᠤᠷ ᠲᠠᠭ᠋ᠠᠷᠠᠭᠤᠯᠬᠤ ᠠᠵᠢᠯᠯᠠᠭ᠎ᠠ᠎ᠳᠤ᠂ ᠲᠠᠢ᠌ᠹᠦᠰᠸ ᠬᠤᠰᠢᠭᠤ ᠪᠣᠯ ᠨᠢᠭᠡᠳᠦᠭᠡᠷ ᠥᠷᠲᠡᠭᠡ ᠪᠠᠢ᠌ᠵᠤ᠂ ᠠᠵᠢᠯᠯᠠᠬᠤ ᠳᠤᠭᠤᠢ᠌ᠯᠠᠩ ᠤᠨ᠎ᠬᠢᠨ ᠵᠠᠯᠭ᠋ᠠᠭ᠎ᠠ᠎ᠪᠠᠷ ᠠᠷᠪᠠᠭ᠋ᠠᠳ ᠢᠯᠡᠭᠦᠦ ᠬᠤᠰᠢᠭᠤ ᠰᠢᠶᠠᠨ᠎ᠳᠤ ᠬᠦᠷᠴᠦ ᠰᠤᠨᠤᠰᠤᠭᠤᠷ ᠲᠠᠭ᠋ᠠᠷᠠᠭᠤᠯᠬᠤ ᠠᠵᠢᠯᠯᠠᠭ᠎ᠠ ᠥᠷᠨᠢᠭᠦᠯᠬᠦ ᠪᠣᠯᠣᠨ᠎ᠠ᠃ ᠥᠪᠡᠷᠲᠡᠭᠡᠨ ᠵᠠᠰᠠᠬᠤ ᠣᠷᠣᠨ᠎ᠤ ᠡᠷᠡᠭᠦᠯᠵᠢᠯ᠎ᠤᠨ ᠲᠤᠰᠠᠯᠠᠬᠤ ᠲᠥᠪ᠎ᠤᠨ᠎ᠬᠢᠨ ᠨᠡᠩ ᠣᠯᠠᠨ ᠠᠷᠠᠳ᠎ᠤᠨ ᠶᠠᠪᠤᠳᠠᠯ᠎ᠤᠨ ᠪᠠᠲᠤᠯᠠᠭ᠎ᠠ ᠬᠦᠷᠲᠡᠭᠰᠡᠳ᠎ᠲᠤ ᠣᠨᠣᠴᠠᠲᠠᠢ ᠡᠷᠡᠭᠦᠯᠵᠢᠯ᠎ᠤᠨ ᠲᠤᠰᠠᠯᠠᠬᠤ ᠪᠠᠭ᠋ᠠᠵᠢ ᠲᠠᠭ᠋ᠠᠷᠠᠭᠤᠯᠬᠤ ᠦᠢ᠍ᠯᠡᠴᠢᠯᠡᠭᠡ ᠬᠠᠩᠭ᠋ᠠᠬᠤ᠎ᠪᠠᠷ ᠥᠷᠭᠦᠯᠵᠢᠯᠡᠨ ᠬᠦᠴᠦᠯᠡᠨ ᠴᠢᠷᠮᠠᠢ᠌ᠵᠤ᠂ ᠡᠷᠡᠭᠦᠯᠵᠢᠯ᠎ᠤᠨ ᠲᠤᠰᠠᠯᠠᠬᠤ ᠪᠠᠭ᠋ᠠᠵᠢ ᠬᠡᠷᠡᠭᠴᠡᠭᠡ᠎ᠲᠠᠢ ᠵᠡᠮᠳᠡᠭᠴᠦᠳ ᠪᠣᠯᠣᠨ ᠨᠠᠰᠤᠲᠠᠢ᠌ᠴᠤᠳ᠎ᠲᠤ ᠨᠡᠩ ᠢᠯᠡᠭᠦᠦ ᠬᠦᠷᠲᠡᠮᠵᠢ ᠵᠢᠨ ᠲᠥᠷᠥᠭᠳᠡᠯ᠂ ᠵᠣᠯ ᠵᠢᠷᠭ᠋ᠠᠯᠲᠤ ᠲᠥᠷᠥᠭᠳᠡᠯ ᠪᠣᠯᠣᠨ ᠠᠮᠤᠷ ᠠᠮᠤᠭᠤᠯᠠᠩ ᠲᠥᠷᠥᠭᠳᠡᠯ ᠣᠯᠭᠣᠬᠣ ᠪᠣᠯᠣᠨ᠎ᠠ᠃