ᠴᠣᠯᠮᠣᠨ ᠮᠡᠳᠡᠭᠡᠯᠡᠪᠡ
ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠤᠨ 《ᠡᠷᠡᠭᠦᠯᠵᠢᠬᠦ᠎ᠳᠤ ᠲᠤᠰᠠᠯᠠᠬᠤ ᠢᠨᠵᠸᠨ᠋ᠸᠷᠢᠩ》᠎ᠤᠨ ᠦᠢ᠍ᠯᠡᠴᠢᠯᠡᠬᠦ ᠡᠲᠡᠭᠡᠳ ᠪᠣᠯᠣᠭᠰᠠᠨ᠎ᠤ ᠬᠤᠪᠢ᠎ᠳᠤ᠂ ᠡᠳᠡᠭᠡᠷ ᠵᠡᠮᠳᠡᠭᠴᠦᠳ᠎ᠨᠢ ᠪᠦᠷ ᠨᠠᠭ᠋ᠠᠲᠤ ᠵᠠᠬ᠎ᠠ ᠵᠢᠨ ᠠᠮᠢᠳᠤᠷᠠᠯ᠎ᠤᠨ ᠪᠠᠲᠤᠯᠠᠭ᠋ᠠᠲᠤ ᠡᠷᠦᠬᠡ᠂ ᠳᠣᠣᠷ᠎ᠠ ᠣᠷᠣᠯᠭ᠋ᠠᠲᠤ ᠭᠡᠷ ᠪᠦᠯᠢ ᠵᠢᠨ᠎ᠬᠢ ᠪᠣᠶᠣ ᠣᠨᠴᠠᠭ᠋ᠠᠢ ᠬᠦᠴᠢᠷᠳᠡᠯᠳᠡᠢ ᠬᠦᠮᠦᠰ᠎ᠲᠤ ᠲᠣᠭ᠋ᠠᠴᠠᠭᠳᠠᠳᠠᠭ ᠳᠠᠲᠠᠭᠤᠬᠠᠨ ᠠᠮᠢᠳᠤᠷᠠᠯ᠎ᠲᠠᠢ ᠬᠦᠮᠦᠰ ᠪᠣᠯᠣᠨ᠎ᠠ᠃ ᠲᠡᠳᠡ ᠮᠥᠴᠡ ᠵᠡᠮᠳᠡᠭ ᠪᠣᠯᠣᠭᠰᠠᠨ ᠬᠦᠴᠢᠷ ᠵᠣᠪᠠᠭᠤᠷᠢ ᠵᠢ ᠬᠠᠨᠲᠠᠯ᠎ᠠ ᠠᠮᠰᠠᠬᠤ᠎ᠪᠠᠷ ᠦᠯᠦ ᠪᠠᠷᠠᠮ ᠶᠠᠳᠠᠭᠤ ᠠᠮᠢᠳᠤᠷᠠᠯ᠎ᠤᠨ ᠠᠵᠦ ᠠᠬᠤᠢ ᠵᠢᠨ ᠳᠠᠷᠤᠭ᠋ᠠᠰᠦ ᠵᠢ ᠡᠭᠦᠷᠭᠡᠯᠡᠬᠦ ᠴᠢᠬᠤᠯᠠᠲᠠᠢ ᠪᠠᠢ᠌ᠳᠠᠭ᠃ ᠥᠪᠡᠷᠲᠡᠭᠡᠨ ᠵᠠᠰᠠᠬᠤ ᠣᠷᠣᠨ᠎ᠤ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠤᠨ ᠬᠢᠮᠡᠯ ᠮᠥᠴᠢ ᠲᠠᠭ᠋ᠠᠷᠠᠭᠤᠯᠬᠤ ᠲᠤᠬᠠᠢ ᠵᠢᠨ ᠲᠠᠯᠠᠪᠦᠷ᠎ᠲᠤ ᠢᠷᠡᠭᠰᠡᠨ ᠶᠡᠬᠡᠩᠬᠢ ᠵᠡᠮᠳᠡᠭᠴᠦᠳ᠎ᠤᠨ ᠤᠤᠯ᠎ᠤᠨ᠎ᠬᠢ ᠬᠢᠮᠡᠯ ᠮᠥᠴᠢ᠎ᠨᠢ ᠨᠢᠭᠡᠨᠲᠡ ᠡᠯᠡᠭᠳᠡᠵᠦ ᠪᠠᠷᠠᠭᠳᠠᠭᠰᠠᠨ ᠪᠣᠶᠣ ᠡᠪᠳᠡᠷᠡᠵᠦ ᠬᠠᠭ᠋ᠠᠷᠠᠭ᠋ᠠᠳ᠂ ᠵᠠᠷᠢᠮ᠎ᠨᠢ ᠬᠢᠮᠡᠯ ᠮᠥᠴᠢ᠎ᠪᠠᠨ ᠲᠡᠮᠦᠷ ᠤᠲᠠᠰᠤ᠎ᠪᠠᠷ ᠭᠡᠯᠬᠢᠵᠦ ᠳᠣᠭᠲᠠᠭ᠋ᠠᠵᠤ ᠪᠠᠢ᠌ᠬᠤ ᠪᠣᠶᠣ ᠥᠪᠡᠷ ᠵᠶ᠋ᠡᠨ ᠳᠦᠭᠦᠮᠬᠡᠨ ᠲᠤᠰᠠᠯᠠᠬᠤ ᠪᠠᠭ᠋ᠠᠵᠢ ᠦᠢ᠍ᠯᠡᠳᠴᠦ ᠠᠷᠭ᠋ᠠᠴᠠᠭ᠋ᠠᠵᠤ ᠪᠠᠢ᠌ᠯ᠎ᠠ᠃
ᠨᠠᠢ᠍ᠮᠠᠨ ᠬᠤᠰᠢᠭᠤᠨ᠎ᠤ ᠳ᠋ᠥᠩ ᠮᠢᠩ ᠪᠠᠭ᠋ᠠᠯᠰᠦ ᠵᠢᠨ ᠰᠤᠷᠭᠤᠭ ᠲᠤᠰᠬᠤᠨ᠎ᠤ ᠠᠷᠠᠳ ᠵᠠᠩ ᠹᠸᠩ ᠬᠤᠢ 2015 ᠣᠨ᠎ᠳᠤ ᠲᠢᠶᠠᠨᠵᠢᠨ᠎ᠳᠤ ᠬᠦᠴᠦᠨ᠎ᠤ ᠠᠵᠢᠯ ᠬᠢᠵᠦ ᠪᠠᠢ᠌ᠬᠤ᠎ᠳᠤ᠎ᠪᠠᠨ ᠡᠨᠳᠡᠯ ᠭᠠᠷᠴᠦ ᠮᠥᠴᠡ ᠵᠡᠮᠳᠡᠭ ᠪᠣᠯᠵᠠᠢ᠃ ᠡᠮᠨᠡᠯᠭᠡ᠎ᠠᠴᠠ ᠭᠠᠷᠤᠭᠰᠠᠨ᠎ᠤ᠎ᠪᠠᠨ ᠬᠣᠢ᠌ᠨ᠎ᠠ ᠲᠡᠷᠡ ᠠᠵᠢᠯ ᠡᠷᠢᠵᠦ ᠣᠯᠣᠭᠰᠠᠨ ᠦᠭᠡᠢ ᠮᠥᠷᠲᠡᠭᠡᠨ ᠲᠡᠭᠦᠨ᠎ᠤ ᠭᠡᠷᠭᠡᠢ᠎ᠨᠢ ᠬᠦᠨᠳᠦ ᠨᠢᠷᠦᠭᠤᠨᠤ ᠡᠪᠡᠳᠴᠢᠨ᠎ᠳᠤ ᠣᠨᠣᠭᠳᠠᠵᠤ ᠠᠵᠢᠯᠯᠠᠬᠤ ᠴᠢᠳᠠᠪᠦᠷᠢ᠎ᠪᠠᠨ ᠪᠠᠷᠤᠭ ᠠᠯᠳᠠᠭᠰᠠᠨ ᠤᠴᠢᠷ᠎ᠠᠴᠠ ᠲᠡᠳᠡᠨ᠎ᠤ᠎ᠬᠢᠨ ᠬᠥᠳᠡᠯᠮᠦᠷᠢ ᠬᠦᠴᠦᠨ ᠳᠤᠲᠠᠭᠳᠠᠨ᠂ ᠵᠥᠪᠬᠡᠨ ᠨᠠᠭ᠋ᠠᠲᠤ ᠵᠠᠬ᠎ᠠ ᠵᠢᠨ ᠠᠮᠢᠳᠤᠷᠠᠯ᠎ᠤᠨ ᠪᠠᠲᠤᠯᠠᠭ᠎ᠠ ᠵᠢᠨ ᠨᠦᠬᠦᠪᠦᠷᠢ ᠪᠣᠯᠣᠨ ᠵᠡᠮᠳᠡᠭᠴᠦᠳ᠎ᠤᠨ ᠨᠦᠬᠦᠪᠦᠷᠢᠳᠤᠪᠠᠨ ᠯᠠ ᠲᠦᠰᠢᠨ ᠠᠮᠢᠳᠤᠷᠠᠳᠠᠭ ᠪᠣᠯᠵᠠᠢ᠃
《ᠮᠢᠨᠦ ᠤᠤᠯ᠎ᠤᠨ ᠬᠡᠷᠡᠭᠯᠡᠵᠦ ᠪᠠᠢ᠌ᠭᠰᠠᠨ ᠬᠢᠮᠡᠯ ᠮᠥᠴᠢ᠎ᠨᠢ ᠳᠥᠷᠪᠡᠨ ᠵᠢᠯ᠎ᠤᠨ ᠡᠮᠦᠨ᠎ᠡ ᠳᠣᠯᠣᠭ᠋ᠠᠨ ᠮᠢᠩᠭ᠋ᠠᠨ ᠵᠣᠭᠣᠰ ᠵᠶ᠋ᠠᠷ ᠬᠤᠳᠠᠯᠳᠤᠵᠦ ᠠᠪᠤᠭᠰᠠᠨ ᠶᠤᠮ᠂ ᠨᠣᠴᠢᠲᠠᠢ ᠡᠯᠡᠭᠳᠡᠵᠦ ᠪᠠᠷᠠᠭᠳᠠᠭᠰᠠᠨ᠂ ᠥᠨᠥ ᠵᠢᠯ ᠶᠠᠭ ᠰᠠᠢ᠌ᠬᠠᠨ ᠰᠢᠨ᠎ᠡ ᠵᠢ ᠰᠣᠯᠢᠵᠦ ᠳᠡᠢ᠌ᠯᠦᠭᠰᠡᠨ ᠤᠴᠢᠷ᠎ᠠᠴᠠ ᠰᠢᠨ᠎ᠡ ᠬᠢᠮᠡᠯ ᠮᠥᠴᠢ ᠰᠣᠯᠢᠬᠣ ᠭᠡᠵᠦ ᠰᠠᠨᠠᠭ᠎ᠠ ᠵᠣᠪᠠᠬᠤ ᠬᠡᠷᠡᠭ ᠦᠭᠡᠢ ᠪᠣᠯᠵᠠᠢ᠃ ᠰᠢᠨ᠎ᠡ ᠬᠢᠮᠡᠯ ᠮᠥᠴᠢ᠎ᠨᠢ ᠡᠮᠦᠨᠡᠬᠢ ᠵᠢ ᠪᠣᠳᠣᠪᠠᠯ ᠬᠥᠯ᠎ᠳᠤ ᠨᠡᠩ ᠡᠪᠯᠡᠭᠦᠨ᠂ ᠨᠡᠩ ᠬᠥᠩᠭᠡᠬᠡᠨ ᠰᠠᠨᠠᠭᠳᠠᠨ᠎ᠠ》 ᠭᠡᠵᠦ ᠵᠠᠩ ᠹᠸᠩ ᠬᠤᠢ ᠬᠡᠯᠡᠨ᠎ᠡ᠃
ᠡᠭᠦᠨ᠎ᠲᠠᠢ ᠠᠳᠠᠯᠢᠬᠠᠨ ᠨᠠᠢ᠍ᠮᠠᠨ ᠬᠤᠰᠢᠭᠤᠨ᠎ᠤ ᠰᠢᠨ᠎ᠡ ᠪᠠᠯᠭ᠋ᠠᠰᠦ ᠵᠢᠨ ᠰᠢᠣᠢ ᠼᠠᠢ ᠵᠢᠨ ᠬᠠᠭᠤᠴᠢᠨ ᠬᠢᠮᠡᠯ ᠮᠥᠴᠢ᠎ᠨᠢ ᠡᠪᠳᠡᠷᠡᠵᠤ ᠬᠠᠭ᠋ᠠᠷᠠᠭ᠋ᠠᠳ᠂ ᠲᠡᠷᠡ ᠠᠷᠭ᠎ᠠ ᠪᠣᠰᠣ ᠲᠡᠮᠦᠷ ᠤᠲᠠᠰᠤ᠎ᠪᠠᠷ ᠳᠣᠭᠲᠠᠭ᠋ᠠᠵᠤ ᠳᠥᠩᠭᠡᠵᠦ ᠶᠠᠪᠤᠵᠦ ᠳᠡᠢ᠌ᠯᠬᠦ ᠬᠡᠮᠵᠢᠶᠡᠨ᠎ᠳᠤ ᠬᠦᠷᠴᠠᠢ᠃ ᠰᠢᠣᠢ ᠼᠠᠢ 1996 ᠣᠨ᠎ᠳᠤ ᠡᠪᠡᠳᠴᠢᠨ᠎ᠠᠴᠠ ᠪᠣᠯᠵᠦ ᠮᠥᠴᠢ ᠵᠡᠮᠳᠡᠭ ᠪᠣᠯᠣᠭᠰᠠᠨ᠎ᠠᠴᠠ ᠨᠠᠭ᠋ᠠᠰᠢ ᠨᠢᠭᠡᠨᠲᠡ ᠲᠠᠪᠤ ᠤᠳᠠᠭ᠎ᠠ ᠬᠢᠮᠡᠯ ᠮᠥᠴᠢ ᠰᠣᠯᠢᠵᠦ ᠥᠩᠭᠡᠷᠡᠭᠰᠡᠨ ᠪᠠᠢ᠌ᠨ᠎ᠠ᠃
《ᠡᠮᠦᠨᠡᠬᠢ ᠲᠠᠪᠤ ᠤᠳᠠᠭ᠋ᠠᠨ᠎ᠤ ᠰᠣᠯᠢᠭᠰᠠᠨ ᠬᠢᠮᠡᠯ ᠮᠥᠴᠢ᠎ᠨᠢ ᠪᠦᠷ ᠥᠪᠡᠷ ᠵᠶ᠋ᠡᠨ ᠮᠦᠩᠬᠦ ᠭᠠᠷᠭ᠋ᠠᠵᠦ ᠱᠸᠨᠶᠠᠩᠳᠤ ᠬᠦᠷᠴᠦ ᠲᠠᠭ᠋ᠠᠷᠠᠭᠤᠯᠤᠭᠰᠠᠠᠨ ᠶᠤᠮ᠂ ᠬᠢᠮᠡᠯ ᠮᠥᠴᠢ ᠵᠢᠨ ᠵᠠᠷᠤᠳᠠᠯ᠂ ᠵᠠᠮ᠎ᠤᠨ ᠵᠠᠷᠤᠳᠠᠯ᠂ ᠬᠣᠨᠣᠭ᠎ᠤᠨ ᠵᠣᠭᠣᠰ ᠵᠶ᠋ᠠᠨ ᠨᠡᠮᠡᠪᠡᠯ ᠳᠠᠷᠤᠭ᠋ᠠᠰᠤ ᠮᠠᠰᠢ ᠶᠡᠬᠡ᠂ ᠣᠳᠣᠬᠠᠨ ᠭᠡᠷ᠎ᠤᠨ ᠵᠶ᠋ᠡᠨ ᠡᠭᠦᠳᠡᠨ᠎ᠳᠤ᠎ᠪᠠᠨ ᠲᠦᠯᠦᠪᠦᠷᠢ ᠦᠭᠡᠢ᠎ᠪᠠᠷ ᠰᠢᠨ᠎ᠡ ᠬᠢᠮᠡᠯ ᠮᠥᠴᠢ ᠲᠠᠭ᠋ᠠᠷᠠᠭᠤᠯᠬᠤ ᠭᠡᠭᠴᠢ ᠮᠢᠨᠦ ᠬᠤᠪᠢ᠎ᠳᠤ ᠦᠨᠡᠬᠡᠷ ᠳᠠᠭ᠋ᠠᠷᠠᠭᠰᠠᠨ ᠬᠦᠮᠦᠨ᠎ᠳᠤ ᠳᠠᠬᠤ ᠬᠦᠷᠭᠡᠭᠰᠡᠨ ᠤᠴᠢᠷ ᠪᠤᠯᠵᠠᠢ》 ᠭᠡᠵᠦ ᠬᠡᠯᠡᠵᠦ ᠪᠠᠢ᠌ᠯ᠎ᠠ᠃
ᠵᠡᠮᠳᠡᠭᠴᠦᠳ᠎ᠲᠤ ᠲᠦᠯᠦᠪᠦᠷᠢ ᠦᠭᠡᠢ᠎ᠪᠠᠷ ᠬᠢᠮᠡᠯ ᠮᠥᠴᠢ ᠲᠠᠭ᠋ᠠᠷᠠᠭᠤᠯᠵᠤ ᠦᠭᠬᠦ᠎ᠨᠢ ᠦᠨᠡᠨ ᠬᠦ᠌ ᠨᠢᠳᠦᠨ᠎ᠳᠤ ᠦᠵᠡᠭᠳᠡᠵᠦ ᠭᠠᠷ᠎ᠲᠤ ᠪᠠᠷᠢᠭᠳᠠᠬᠤ ᠵᠡᠮᠳᠡᠭᠴᠦᠳ᠎ᠲᠤ ᠠᠰᠢᠭ ᠬᠦᠷᠲᠡᠭᠡᠬᠦ ᠠᠷᠠᠳ᠎ᠤᠨ ᠶᠠᠪᠤᠳᠠᠯ᠎ᠤᠨ ᠢᠨᠵᠸᠨ᠋ᠸᠷᠢᠩ ᠪᠤᠯᠤᠨ᠎ᠠ᠂ ᠦᠪᠦᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠤᠨ᠎ᠬᠢᠨ ᠵᠡᠮᠳᠡᠭᠴᠦᠳ᠎ᠲᠠᠢ ᠨᠢᠭᠤᠷᠳᠠᠨ ᠬᠢᠮᠡᠯ ᠮᠥᠴᠢ ᠲᠠᠭ᠋ᠠᠷᠠᠭᠤᠯᠵᠦ ᠥᠭᠬᠦ ᠦᠢ᠍ᠯᠡᠴᠢᠯᠡᠭᠡᠨ᠎ᠢ ᠬᠦᠴᠢᠷᠳᠡᠯ᠎ᠲᠠᠢ ᠵᠡᠮᠳᠡᠭᠴᠦᠳ᠎ᠤᠨ ᠬᠠᠮᠤᠭ᠎ᠤᠨ ᠲᠤᠯᠭ᠋ᠠᠮ᠂ ᠬᠠᠮᠤᠭ᠎ᠤᠨ ᠬᠦᠴᠢᠷ᠂ ᠬᠠᠮᠤᠭ᠎ᠤᠨ ᠵᠣᠪᠠᠵᠤ ᠪᠠᠢ᠌ᠭ᠎ᠠ ᠪᠣᠳᠠᠲᠣ ᠠᠰᠠᠭᠤᠳᠠᠯ᠎ᠢ ᠣᠨᠣᠴᠠᠲᠠᠢ ᠰᠢᠢ᠍ᠳᠪᠦᠷᠢᠯᠡᠵᠦ ᠥᠭᠭᠦᠭᠡᠳ ᠵᠡᠮᠳᠡᠭᠴᠦᠳ᠎ᠲᠤ ᠠᠷᠠᠳ᠎ᠤᠨ ᠶᠠᠪᠤᠳᠠᠯ᠎ᠤᠨ ᠲᠥᠷᠥ ᠵᠢᠨ ᠪᠣᠳᠣᠯᠭ᠎ᠠ ᠵᠢᠨ ᠬᠠᠯᠠᠭᠤᠨ ᠳᠤᠯᠠᠭ᠋ᠠᠨ᠎ᠢ ᠭᠦᠢ᠍ᠴᠡᠳ ᠬᠦᠷᠲᠡᠭᠡᠵᠠᠢ᠃ ᠵᠡᠮᠳᠡᠭᠴᠦᠳ᠎ᠲᠤ ᠢᠳᠡᠪᠬᠢᠲᠠᠢ ᠣᠨᠣᠴᠠᠳᠠᠴᠢᠯᠠᠭᠰᠠᠨ᠂ ᠲᠤᠰᠬᠠᠢ᠌ᠵᠢᠭᠰᠠᠨ ᠲᠤᠰᠠᠯᠠᠬᠤ ᠪᠠᠭ᠋ᠠᠵᠢ ᠲᠠᠭ᠋ᠠᠷᠠᠭᠤᠯᠬᠤ ᠦᠢ᠍ᠯᠡᠴᠢᠯᠡᠭᠡ ᠬᠠᠩᠭ᠋ᠠᠵᠤ᠂ ᠵᠡᠮᠳᠡᠭᠴᠦᠳ᠎ᠲᠤ ᠦᠪ ᠦᠨᠡᠨ ᠬᠦ᠌ ᠰᠠᠢ᠌ᠨ ᠤᠴᠢᠷ ᠬᠢᠬᠦ᠎ᠨᠢ ᠥᠪᠡᠷᠲᠡᠭᠡᠨ ᠵᠠᠰᠠᠬᠤ ᠣᠷᠣᠨ᠎ᠤ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠤᠨ᠎ᠬᠢᠨ᠎ᠤ ᠠᠵᠢᠯ᠎ᠤᠨ ᠡᠭᠦᠷᠭᠡ ᠬᠠᠷᠢᠭᠤᠴᠠᠯᠭ᠎ᠠ᠎ᠪᠠᠨ ᠭᠦᠢ᠍ᠴᠡᠳᠭᠡᠵᠦ᠂ 《ᠠᠷᠠᠳ᠎ᠤᠨ ᠠᠮᠢᠳᠤᠷᠠᠯ᠎ᠳᠤ ᠠᠰᠢᠭ ᠬᠦᠷᠲᠡᠭᠡᠬᠦ᠂ ᠠᠷᠠᠳ᠎ᠤᠨ ᠵᠣᠪᠠᠨᠢᠯ᠎ᠢ ᠠᠷᠢᠯᠭ᠋ᠠᠬᠤ᠂ ᠠᠷᠠᠳ᠎ᠤᠨ ᠰᠡᠳᠬᠢᠯ᠎ᠢ ᠳᠤᠯᠠᠭ᠋ᠠᠯᠠᠬᠤ》 ᠲᠤᠰᠬᠠᠢ ᠠᠵᠢᠯᠯᠠᠭ᠎ᠠ ᠵᠢ ᠠᠬᠢᠭᠤᠯᠤᠭᠰᠠᠨ ᠪᠠᠢ᠌ᠨ᠎ᠠ᠃
ᠮᠡᠳᠡᠭᠡᠯᠡᠭᠴᠢ ᠵᠢᠨ ᠬᠠᠶᠢᠭ᠄ ᠬᠥᠬᠡᠬᠣᠲᠠ ᠵᠢᠨ ᠰᠠᠢ᠌ᠬᠠᠨ ᠲᠣᠭᠣᠷᠢᠭ