| ᠶᠤᠸᠠᠨ ᠴᠧᠩ ᠵᠤᠬᠢᠶᠠᠪᠠ | ᠨᠢᠭᠡ᠂ ᠬᠡᠶᠢᠮᠦᠷᠢ ᠪᠣᠰᠤᠭ᠎ᠠ ᠰᠢᠨ᠎ᠡ ᠠᠶᠢᠯ ᠭᠠᠴᠠᠭ᠎ᠠ | ᠵᠠᠯᠠᠶᠢᠳ ᠬᠤᠰᠢᠭᠤᠨ ᠤ ᠪᠤᠯᠠᠭᠠᠨᠬᠤᠸᠠ ᠰᠤᠮᠤ ᠶᠢᠨ ᠰᠢᠨ᠎ᠡ ᠠᠶᠢᠯ ᠭᠠᠴᠠᠭ᠎ᠠ ᠨᠢ ᠰᠢᠨ᠎ᠠ ᠠᠶᠢᠯ ᠪᠤᠯᠤᠨ ᠲᠦᠯ | ᠲᠤᠰᠬᠤ ᠦᠷᠳᠡᠭᠡ ︵ᠮᠤ᠋ ᠶᠧ ᠳ᠋ᠦᠢ︶ ᠬᠡᠬᠦ ᠬᠤᠶᠡᠷ ᠠᠶᠢᠯ ᠢᠶᠠᠷ ᠪᠦᠷᠢᠯᠳᠤᠵᠠᠢ᠃ ᠰᠢᠨ᠎ᠡ ᠠᠶᠢᠯ ᠨᠢ ᠠᠩᠬ᠎ᠠ | 1930 ᠣᠨ ᠳᠤ ᠪᠠᠶᠢᠭᠤᠯᠤᠭᠳᠠᠵᠤ᠂ 91 ᠵᠢᠯ ᠤᠨ ᠲᠡᠤᠬᠡᠨ ᠬᠦᠭᠵᠢᠯᠳᠡ ᠶᠢᠨ ᠶᠠᠪᠤᠴᠠ ᠶᠢ ᠲᠠᠮᠵᠢᠭᠠᠳ | ᠣᠳᠣᠬᠠᠨ ᠳᠤ ᠪᠠᠨ ᠨᠡᠶᠢᠲᠡ 231 ᠡᠷᠦᠬᠡ᠂ 606 ᠬᠦᠮᠦᠨ ᠠᠮᠠ ︵ᠡᠷᠡᠭᠳᠡᠢ 310᠂ ᠡᠮᠡᠭᠳᠡᠢ 296︶ ᠲᠠᠢ᠂ | ᠮᠠᠯᠵᠢᠬᠤ ᠲᠠᠷᠢᠶᠠᠯᠠᠬᠤ ᠠᠮᠢᠳᠤᠷᠠᠯ ᠢ ᠬᠤᠣᠰᠯᠠᠭᠤᠯᠣᠭᠰᠠᠨ ᠭᠠᠴᠠᠭ᠎ᠠ ᠪᠣᠯᠬᠤ ᠶᠤᠮ᠃ ᠬᠡᠳᠦᠶᠢᠪᠡᠷ ᠭᠠᠴᠠᠭᠠᠨ ᠤ | ᠬᠦᠮᠦᠨ ᠠᠮᠠ ᠴᠦᠬᠡᠨ ᠪᠣᠯᠪᠠᠴᠣ ᠲᠠᠳᠠ ᠶᠡᠷᠦ ᠨᠢ ᠡᠷᠳᠡᠮ ᠮᠡᠳᠡᠯᠬᠡ ᠶᠢ ᠬᠦᠨᠳᠣᠳᠬᠡᠨ ᠦᠷ᠎ᠡ ᠬᠡᠤᠬᠡᠳ ᠢᠶᠠᠨ | ᠰᠤᠷᠭᠠᠭᠤᠯᠢ ᠰᠤᠶᠤᠯ ᠤᠨ ᠮᠦᠷ ᠬᠦᠬᠡᠬᠡᠬᠦ ᠶᠢ ᠬᠦᠬᠢᠬᠦᠯᠤᠨ ᠵᠤᠷᠢᠭᠵᠢᠭᠤᠯᠳᠠᠭ ᠪᠤᠯᠬᠤᠷ ᠤᠷᠢᠳ ᠬᠤᠵᠢᠳ 40 | ᠭᠠᠷᠦᠢ ᠤᠶᠤᠳᠠᠨ᠂ 5 ᠮᠠᠰᠲ᠋ᠧᠷ᠂ 1 ᠳ᠋ᠤᠺᠲ᠋ᠤᠷ ᠤᠨ ᠴᠤᠯᠠ ᠬᠠᠮᠠᠭᠠᠯᠠᠭᠰᠠᠨ ᠰᠢᠯᠢᠳᠡᠭ ᠵᠠᠯᠠᠭᠤᠴᠤᠳ ᠴᠣᠯᠭᠤᠷᠠᠨ | ᠭᠠᠷᠤᠭᠰᠠᠨ ᠪᠠᠶᠢᠨ᠎ᠠ᠃ ᠨᠡᠩ ᠢᠯᠠᠩᠭᠤᠶ᠎ᠠ ᠲᠣᠰ ᠭᠠᠴᠠᠭᠠᠨ ᠤ ᠣᠯᠠᠨ ᠲᠦᠮᠡᠨ ᠮᠠᠨᠢ ᠪᠡᠶ᠎ᠡ ᠲᠠᠮᠢᠷ ᠲᠤ ᠣᠨᠴᠠ | ᠠᠪᠢᠶᠠᠰ ᠲᠠᠢ ᠪᠠᠶᠢᠵᠦ᠂ ᠰᠤᠮᠤ ᠬᠤᠰᠢᠭᠤ ᠲᠡᠰ ᠤᠨ ᠡᠯ᠎ᠡ ᠲᠥᠷᠥᠯ ᠤᠨ ᠲᠠᠮᠢᠷ ᠤᠨ ᠲᠡᠮᠡᠴᠡᠭᠡᠨ ᠳᠤ ᠤᠯᠠᠨ | ᠤᠳᠠᠭ᠎ᠠ ᠢᠳᠡᠪᠬᠢᠯᠡᠨ ᠤᠷᠤᠯᠴᠠᠵᠤ᠂ ᠨᠡᠷ᠎ᠡ ᠠᠯᠳᠠᠷ ᠢᠶᠠᠨ ᠳᠠᠭᠤᠳᠠᠭᠤᠯᠵᠤ ᠶᠠᠪᠤᠭᠰᠠᠨ ᠪᠠᠭ᠋ᠠᠷᠤᠯᠳᠦ ᠲᠡᠤᠬᠡ | ᠤᠮᠤᠭᠰᠢᠯᠳᠤ ᠦᠯᠢᠬᠡᠷ ᠲᠠᠢ ᠶᠤᠮ᠃ | ᠡᠯ᠎ᠡ ᠲᠥᠷᠥᠯ ᠤᠨ ᠲᠠᠮᠢᠷ ᠤᠨ ᠲᠡᠮᠡᠴᠡᠭᠡᠨ ᠤ ᠲᠤᠳᠤᠷ᠎ᠠ ᠠᠴᠠ ᠲᠤᠰ ᠭᠠᠴᠠᠭ᠎ᠠ ᠨᠢ ᠨᠡᠩ ᠴᠤ ᠬᠦᠴᠦ ᠬᠠᠪᠤ | ᠵᠤᠬᠢᠴᠠᠵᠤ ᠪᠡᠶ᠎ᠡ ᠪᠢᠯᠳᠡᠷ ᠲᠡᠩᠴᠡᠭᠰᠡᠨ ᠪᠦᠬᠡ ᠪᠠᠷᠢᠯᠳᠤᠭᠠᠨ ᠢᠶᠠᠷ ᠢᠶᠠᠨ ᠠᠯᠳᠠᠷᠰᠢᠵᠤ᠂ ᠬᠤᠯᠠ ᠦᠢᠷ᠎ᠠ ᠳᠤ ᠪᠠᠨ | ᠪᠦᠬᠡ ᠰᠠᠶᠢᠲᠠᠢ ᠨᠤᠲᠤᠭ ᠬᠡᠮᠡᠨ ᠰᠠᠶᠢᠰᠢᠶᠠᠭᠳᠠᠭᠰᠠᠭᠠᠷ ᠢᠷᠡᠵᠠᠢ᠃ ᠰᠢᠨ᠎ᠡ ᠳᠤᠮᠳᠠᠳᠤ ᠤᠯᠤᠰ | ᠪᠠᠶᠢᠭᠤᠯᠤᠭᠳᠠᠭᠰᠠᠨ 70 ᠵᠢᠯ ᠤᠨ ᠤᠢ ᠶᠢᠨ ᠪᠠᠶᠠᠷ ᠢ ᠳᠣᠬᠢᠶᠠᠯᠳᠤᠭᠤᠯᠤᠨ᠂ ᠰᠢᠨ᠎ᠡ ᠠᠶᠢᠯ ᠭᠠᠴᠠᠭᠠᠨ ᠤ 600 | ᠢᠯᠡᠭᠦᠦ ᠮᠠᠯᠴᠢᠨ ᠲᠠᠷᠢᠶᠠᠴᠢᠨ ᠪᠤᠯᠤᠨ ᠲᠤᠰ ᠭᠠᠴᠠᠭᠠᠨ ᠳᠤ ᠦᠰᠴᠤ ᠲᠦᠷᠦᠬᠡᠳ ᠤᠷᠤᠨ ᠤ ᠲᠤᠳᠤᠨ᠎ᠡ ᠭᠠᠳᠠᠨ᠎ᠠ | ᠦᠢᠯᠡᠰ ᠪᠤᠰᠬᠠᠨ ᠭᠢᠯᠠᠷᠠᠭᠤᠯᠵᠤ ᠪᠠᠶᠢᠭ᠎ᠠ ᠬᠤᠷᠢᠭᠠᠳ ᠵᠠᠯᠠᠭᠤᠴᠤᠳ ᠰᠠᠶᠢᠨ ᠲᠤᠷ᠎ᠠ ᠶᠢᠨ ᠬᠠᠨᠳᠢᠪ ᠡᠷᠬᠦᠵᠤ᠂ | ᠭᠠᠴᠠᠭ᠎ᠠ ᠱᠦᠵᠢ ᠦ᠋ ᠭᠤᠸᠠᠩ ᠲᠡᠷᠢᠬᠦᠳᠡᠢ ᠭᠠᠴᠠᠭᠠᠨ ᠤ ᠵᠦᠪᠯᠡᠯ ᠤᠨ ᠬᠢᠨ ᠪᠤᠳᠠᠳᠠᠢ ᠠᠵᠢᠯ ᠢ ᠡᠷᠴᠢᠮᠳᠠᠢ | ᠰᠠᠶᠢᠬᠠᠨ ᠵᠤᠬᠢᠴᠠᠭᠤᠯᠵᠤ᠂ 2019 ᠣᠨ ᠤ 8 ᠰᠠᠷ᠎ᠠ ᠶᠢᠨ 31 ᠤ ᠡᠳᠦᠷ᠂ ︽ᠵᠠᠯᠠᠶᠢᠳ ᠪᠦᠬᠡ ᠶᠢᠨ ᠣᠪᠣᠭ᠎ᠠ︾ | ᠶᠢ ᠡᠭᠦᠰᠭᠡᠨ ᠪᠠᠶᠢᠭᠤᠯᠵᠤ᠂ ᠠᠩᠬᠠᠳᠤᠭᠠᠷ ᠤᠳᠠᠭᠠᠨ ᠤ ᠪᠦᠬᠡ ᠶᠢᠨ ᠨᠡᠶᠢᠷ ᠢ ᠠᠮᠵᠢᠯᠳᠠ ᠲᠠᠢ ᠡᠷᠬᠢᠯᠡᠨ | ᠶᠠᠪᠤᠭᠳᠠᠭᠤᠯᠤᠭᠰᠠᠨ ᠶᠤᠮ᠃ ᠲᠤᠰ ᠤᠳᠠᠭᠠᠨ ᠤ ᠨᠠᠶᠢᠷ ᠲᠡᠬᠡᠷ᠎ᠡ ᠵᠠᠯᠠᠶᠢᠳ ᠬᠤᠰᠢᠭᠤᠨ ᠤ ᠰᠤᠶᠤᠯ ᠵᠤᠭᠠᠴᠡᠯ ᠪᠡᠶ᠎ᠡ | ᠲᠠᠮᠢᠷ ᠤᠨ ᠲᠤᠪᠴᠢᠶ᠎ᠡ ᠠᠴᠠ ︽ᠵᠠᠯᠠᠶᠢᠳ ᠪᠦᠬᠡ ᠶᠢᠨ ᠭᠤᠯᠤᠮᠳᠠ︾ ᠬᠡᠮᠡᠬᠦ ᠱᠤᠰᠢᠭ᠎ᠠ ᠲᠡᠮᠳᠡᠭ ᠤᠯᠭᠤᠵᠤ᠂ ᠲᠤᠰ | ᠭᠠᠴᠠᠭᠠᠨ ᠤ ᠤᠯᠠᠮᠵᠢᠯᠠᠯ ᠢᠶᠠᠨ ᠵᠠᠯᠭᠠᠮᠵᠢᠯᠠᠨ ᠤᠨᠴᠠᠯᠢᠭ ᠢᠶᠠᠨ ᠪᠠᠳᠠᠷᠠᠭᠤᠯᠵᠤ᠂ ᠬᠦᠮᠤᠨ ᠠᠷᠠᠳ ᠤᠨ ᠪᠡᠶ᠎ᠡ | ᠮᠠᠬᠬᠪᠤᠳ ᠤᠨ ᠡᠷᠡᠬᠦᠯ ᠴᠡᠬᠢᠷᠠᠭᠵᠢᠯ ᠤᠨ ᠲᠦᠯᠦᠬᠡ᠂ ᠵᠠᠯᠠᠶᠢᠳ ᠪᠦᠬᠡ ᠶᠢᠨ ᠰᠣᠶᠣᠯ ᠢᠶᠠᠨ ᠰᠢᠨ᠎ᠡ ᠴᠠᠭ | ᠦᠶ᠎ᠡ ᠶᠢᠨ ᠡᠷᠴᠢ ᠬᠦᠴᠦ ᠲᠠᠢ ᠦᠩᠭᠡ ᠨᠡᠶᠢᠯᠡᠭᠦᠯᠦᠨ ᠰᠡᠷᠭᠦᠭᠡᠨ ᠮᠠᠨᠳᠤᠭᠤᠯᠬᠤ ᠬᠤᠰᠢᠭᠤᠴᠢ ᠡᠩᠨᠡᠭᠡᠨ ᠳᠤ | ᠭᠠᠪᠰᠢᠭᠠᠶᠢᠯᠠᠨ ᠶᠠᠪᠤᠵᠤ ᠪᠠᠶᠢᠭ᠎ᠠ ᠵᠢᠱᠢᠶᠡᠴᠢ ᠠᠵᠢᠯᠯᠠᠭ᠎ᠠ ᠶᠢ ᠬᠦᠬᠢᠬᠦᠯᠤᠨ ᠵᠤᠷᠢᠭᠵᠢᠭᠤᠯᠤᠭᠰᠠᠨ ᠪᠢᠯᠡ᠃ | ᠬᠤᠶᠠᠷ᠂ ᠰᠢᠨ᠎ᠡ ᠠᠶᠢᠯ ᠭᠠᠴᠠᠭᠠᠨ ᠤ ᠨᠡᠷᠡᠲᠦ ᠪᠦᠬᠡᠴᠢᠳ | ᠶᠡᠷᠦ ᠨᠢ ᠬᠤᠷᠴᠢᠨ ᠨᠤᠲᠤᠭ ᠠᠴᠠ ᠡᠷ᠎ᠡ ᠵᠣᠷᠢᠭ ᠲᠠᠢ ᠢᠳᠡᠳᠡᠨ ᠬᠦᠴᠦᠳᠡᠨ ᠴᠣᠯᠭᠤᠷᠠᠳᠠᠭ ᠤᠨ ᠠᠳᠠᠯᠢ ᠪᠠᠷ᠂ | ᠰᠢᠨ᠎ᠡ ᠠᠶᠢᠯ ᠭᠠᠴᠠᠭᠠᠨ ᠠᠴᠠ ᠣᠯᠠᠨ ᠰᠠᠶᠢᠨ ᠪᠦᠬᠡ ᠴᠣᠯᠭᠤᠷᠠᠵᠣ ᠨᠣᠲᠤᠭ ᠤᠰᠤᠨ ᠤ ᠪᠠᠨ ᠠᠯᠳᠡᠷ ᠨᠡᠷ᠎ᠡ ᠶᠢ | ᠡᠷᠭᠦᠵᠦ ᠶᠠᠪᠤᠭᠰᠠᠨ ᠦᠩᠬᠡ ᠬᠡᠷᠡᠯᠳᠦ ᠲᠡᠤᠬᠡ ᠲᠠᠢ᠃ ᠵᠢᠱᠢᠶᠡᠯᠡᠪᠡᠯ᠄ ᠳᠡᠭᠡᠷ᠎ᠡ ᠵᠠᠭᠤᠨ ᠤ ᠳᠠᠯᠠᠭᠠᠳ ᠣᠨ ᠤ | ᠰᠡᠭᠦᠯᠴᠢ ᠨᠠᠶᠠᠭᠠᠳ ᠣᠨ ᠤ ᠡᠬᠢᠨ ᠢᠶᠠᠷ ᠵᠣᠣ ᠪᠤᠶᠠᠨᠮᠠᠨᠳᠤᠬᠤ᠂ ᠶᠠᠩ ᠱᠤᠸᠠᠩ ᠴᠢᠤᠸᠠᠨ ᠵᠡᠷᠭᠡ ᠪᠦᠬᠡᠴᠤᠳ | ᠨᠤᠲᠤᠭ ᠤᠰᠤ ᠪᠠᠨ ᠲᠦᠯᠦᠭᠡᠯᠡᠨ ᠬᠤᠰᠢᠭᠤᠨ ᠤ ᠲᠡᠰ ᠤᠨ ᠣᠷᠣᠯᠳᠣᠭᠠᠨ ᠳᠤ ᠣᠷᠣᠯᠴᠠᠨ ᠲᠡᠷᠢᠭᠦᠨ ᠳᠡᠳ᠋ ᠤᠨ | ᠪᠠᠶᠢᠷᠢᠨ ᠳᠤ ᠲᠣᠳᠣᠷᠠᠵᠣ ᠰᠢᠯᠢᠳᠡᠭ ᠠᠮᠵᠢᠯᠳᠠ ᠣᠯᠵᠣ ᠪᠠᠶᠢᠵᠠᠢ᠃ ᠰᠢᠨ᠎ᠠ ᠵᠠᠭᠤᠨ ᠤ ᠡᠬᠢᠨ ᠠᠴᠠ ᠤᠳᠤ ᠪᠤᠯᠳᠠᠯ᠎ᠠ | ᠰᠢᠶᠧ ᠷᠢᠨᠴᠢᠨ᠂ ᠴᠧᠨ ᠬᠠᠢ ᠵᠤᠸᠠᠩ᠂ ᠪᠠᠢ ᠶᠢᠨ ᠱᠠᠨ᠂ ᠶᠠᠩ ᠢᠤᠢ ᠴᠧᠩ ᠵᠡᠷᠬᠡ ᠢᠳᠡᠷ ᠵᠠᠯᠠᠭᠤ ᠪᠦᠬᠡᠴᠢᠳ | ᠠᠶᠢᠮᠠᠭ ᠬᠤᠰᠢᠭᠤᠨ ᠤ ᠡᠯ᠎ᠡ ᠲᠡᠰ ᠤᠨ ᠤᠷᠤᠯᠳᠤᠭᠠᠨ ᠳᠤ ᠤᠷᠤᠯᠴᠠᠵᠤ᠂ ᠨᠡᠩ ᠪᠠᠰᠠ ᠼᠤᠤ ᠡᠷᠳᠡᠨᠢᠪᠤᠯᠠᠭ᠂ ᠶᠠᠩ | ᠪᠣᠤ ᠴᠧᠩ᠂ ᠸᠠᠩ ᠹᠦ᠋ ᠬᠠᠢ᠂ ᠵᠣᠣ ᠮᠢᠩ ᠰᠢᠶᠠ ᠵᠡᠷᠭᠡ ᠰᠢᠯᠢᠳᠡᠭ ᠵᠠᠯᠠᠭᠤ ᠲᠠᠮᠢᠷᠴᠢᠳ ᠴᠣᠯᠭᠤᠷᠠᠨ ᠭᠠᠷᠴᠣ | ᠤᠯᠤᠰ ᠤᠷᠤᠨ ᠤ ᠲᠡᠰ ᠤᠨ ᠤᠷᠤᠯᠳᠤᠭᠠᠨ ᠳᠤ ᠤᠷᠤᠯᠴᠠᠵᠤ᠂ ᠨᠣᠲᠤᠭ ᠤᠰᠤᠨ ᠤ ᠪᠠᠨ ᠨᠡᠷ᠎ᠡ ᠠᠯᠳᠠᠷ ᠢ ᠡᠷᠭᠦᠨ | ᠶᠠᠪᠤᠵᠤ ᠪᠠᠶᠢᠨ᠎ᠠ᠃ | ᠲᠤᠤᠷ᠎ᠠ ᠲᠡᠳᠡᠬᠡᠷ ᠤᠨ ᠲᠤᠳᠤᠷᠡᠬᠢ ᠠᠷᠪᠡᠨ ᠰᠣᠳᠣᠨ ᠪᠦᠬᠡᠴᠢᠳ ᠤᠨ ᠪᠦᠬᠡ ᠶᠢᠨ ᠤᠷᠤᠯᠳᠤᠭᠠᠨ ᠤ ᠠᠮᠵᠢᠯᠳᠠ | ᠠᠴᠠ ᠢ ᠲᠤᠪᠴᠢᠬᠠᠨ ᠲᠠᠨᠢᠯᠴᠠᠭᠤᠯᠪᠠᠯ᠄ | 1. ᠵᠣᠣ ᠪᠤᠶᠠᠨᠮᠠᠨᠳᠤᠬᠤ᠄1941 ᠣᠨ ᠳᠤ ᠲᠦᠷᠦᠵᠤ᠂ 2004 ᠤᠨ ᠳᠤ ᠨᠠᠰᠤ ᠪᠠᠷᠠᠵᠠᠢ᠃ 1976 | ᠣᠨ ᠤ ᠵᠠᠯᠠᠶᠢᠳ ᠬᠤᠰᠢᠭᠤᠨ ᠤ ᠠᠵᠢᠯᠳᠠᠨ ᠲᠠᠷᠢᠶᠠᠴᠢᠨ ᠤ ᠪᠡᠶ᠎ᠡ ᠲᠠᠮᠢᠷ ᠤᠨ ᠴᠤᠭᠯᠠᠭᠠᠨ ᠳᠤ 128 ᠬᠦᠴᠦᠳᠦ | ᠪᠦᠬᠡ ᠶᠢᠨ ᠲᠡᠷᠢᠭᠦᠨ ᠪᠠᠶᠢᠷᠢᠨ ᠳᠤ ᠲᠤᠳᠤᠷᠠᠭᠰᠠᠨ ᠪᠠᠶᠢᠨ᠎ᠠ᠃ ᠲᠠᠷᠠ ᠭᠤᠤᠯᠳᠠᠭᠤ ᠠᠴᠢᠶ᠎ᠠ ᠪᠠ ᠰᠠᠵᠢᠯᠠᠭ᠎ᠠ ᠵᠡᠷᠬᠡ | ᠪᠦᠬᠡ ᠶᠢᠨ ᠮᠡᠷᠬᠡᠵᠢᠯ ᠳᠤ ᠴᠢᠳᠠᠮᠠᠭᠠᠢ᠃ | 2. ᠶᠠᠩ ᠱᠤᠸᠠᠩ ᠴᠢᠤᠸᠠᠨ᠄1953 ᠣᠨ ᠳᠤ ᠲᠦᠷᠦᠵᠤ᠂ 2015 ᠤᠨ ᠳᠤ ᠨᠠᠰᠤ ᠪᠠᠷᠠᠵᠠᠢ᠃ | 1977 ᠣᠨ ᠤ ᠵᠠᠯᠠᠶᠢᠳ ᠬᠤᠰᠢᠭᠤᠨ ᠤ ᠠᠵᠢᠯᠳᠠᠨ ᠲᠠᠷᠢᠶᠠᠴᠢᠨ ᠤ ᠪᠡᠶ᠎ᠡ ᠲᠠᠮᠢᠷ ᠤᠨ ᠴᠤᠭᠯᠠᠭᠠᠨ ᠳᠤ 128 | ᠬᠦᠴᠦᠳᠦ ᠪᠦᠬᠡ ᠶᠢᠨ ᠳᠡᠳ᠋ ᠪᠠᠶᠢᠷᠢᠨ ᠳᠤ᠂1978 ᠣᠨ ᠤ ᠵᠠᠯᠠᠶᠢᠳ ᠬᠤᠰᠢᠭᠤᠨ ᠤ ᠠᠵᠢᠯᠳᠠᠨ ᠲᠠᠷᠢᠶᠠᠴᠢᠨ ᠤ | ᠪᠡᠶ᠎ᠡ ᠲᠠᠮᠢᠷ ᠤᠨ ᠴᠤᠭᠯᠠᠭᠠᠨ ᠤ 128 ᠬᠦᠴᠦᠳᠦ ᠪᠦᠬᠡ ᠶᠢᠨ ᠲᠡᠷᠢᠭᠦᠨ ᠪᠠᠶᠢᠷᠢᠨ ᠳᠤ ᠲᠤᠳᠤᠷᠠᠭᠰᠠᠨ ᠪᠠᠶᠢᠨ᠎ᠠ᠃ | ᠲᠠᠷᠠ ᠭᠤᠤᠯᠳᠠᠭᠤ ᠬᠠᠪᠰᠣᠷᠭ᠎ᠠ ᠪᠠ ᠲᠠᠪᠬᠤᠷ ᠠᠴᠢᠶ᠎ᠠ ᠵᠡᠷᠬᠡ ᠪᠦᠬᠡ ᠶᠢᠨ ᠮᠡᠷᠬᠡᠵᠢᠯ ᠳᠤ ᠭᠠᠷᠮᠠᠭᠠᠢ᠃ | 3. ᠰᠢᠶᠧ ᠷᠢᠨᠴᠢᠨ᠄1963 ᠣᠨ ᠳᠤ ᠲᠦᠷᠦᠵᠠᠢ᠃1999 ᠤᠨ ᠪᠠ 2000 ᠤᠨ ᠤ ᠴᠠᠷᠠᠰᠤᠨ | ᠪᠠᠯᠭᠠᠰᠤᠨ ᠤ ᠨᠠᠭᠠᠳᠤᠮ ᠳᠤ ᠬᠤᠶᠡᠷ ᠤᠳᠠᠭ᠎ᠠ ᠲᠡᠷᠢᠬᠦᠨ ᠪᠠᠶᠢᠷᠢᠨ ᠳᠤ ᠲᠤᠳᠤᠷᠠᠵᠠᠢ᠃ 2002 ᠣᠨ ᠳᠤ ᠬᠢᠩᠭᠠᠨ | ᠠᠶᠢᠮᠠᠭ ᠠᠴᠠ ᠵᠣᠬᠢᠶᠠᠨ ᠪᠠᠶᠢᠭᠤᠯᠤᠭᠰᠠᠨ ᠥᠪᠥᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠴᠦᠬᠡᠨ | ᠲᠣᠭᠠᠳᠣ ᠦᠨᠳᠦᠰᠦᠳᠡᠨ ᠤ ᠤᠯᠠᠮᠵᠢᠯᠠᠳᠤ ᠲᠠᠮᠢᠷ ᠤᠨ ᠴᠤᠭᠯᠠᠭᠠᠨ ᠤ128 ᠬᠦᠴᠦᠳᠦ ᠪᠦᠬᠡ ᠶᠢᠨ ᠵᠢᠷᠭᠤᠳᠤᠭᠠᠷ | ᠪᠠᠶᠢᠷᠢᠨ ᠳᠤ ᠲᠤᠳᠤᠷᠠᠭᠰᠠᠨ ᠪᠠᠶᠢᠨ᠎ᠠ᠃ 2018 ᠣᠨ ᠳᠤ ᠵᠠᠩᠭᠢᠶᠠᠳᠦ ᠪᠦᠬᠡ ᠶᠢᠨ ᠴᠣᠯᠠ ᠬᠦᠷᠳᠡᠵᠡᠢ᠃ ᠲᠠᠷᠠ | ᠭᠤᠤᠯᠳᠠᠭᠤ ᠬᠠᠪᠰᠣᠷᠭ᠎ᠠ ᠪᠠ ᠠᠴᠢᠶ᠎ᠠ ᠵᠡᠷᠬᠡ ᠪᠦᠬᠡ ᠶᠢᠨ ᠮᠡᠷᠬᠡᠵᠢᠯ ᠳᠤ ᠪᠤᠯᠪᠠᠰᠤᠷᠠᠩᠭᠤᠢ᠃ | 4. ᠼᠤᠤ ᠡᠷᠳᠡᠨᠢᠪᠤᠯᠠᠭ᠄ 1979 ᠣᠨ ᠳᠤ ᠲᠦᠷᠦᠵᠠᠢ᠃ ᠴᠢᠯᠦᠭᠡᠳᠦ ᠨᠢᠳᠤᠷᠭᠠᠨ ᠤ ᠲᠠᠮᠢᠷᠴᠢᠨ᠃ | 2000 ᠤᠨ ᠳᠤ ᠪᠤᠯᠠᠭᠠᠨᠬᠤᠸᠠ ᠰᠤᠮᠤ ᠶᠢᠨ ᠪᠦᠬᠡ ᠶᠢᠨ ᠨᠠᠭᠠᠳᠤᠮ ᠤᠨ ᠲᠠᠷᠢᠬᠦᠨ ᠪᠠᠶᠢᠷᠢᠨ ᠳᠤ ᠲᠤᠳᠤᠷᠠᠵᠠᠢ᠃ | 2001 ᠤᠨ ᠤ ᠦᠪᠤᠷ ᠮᠤᠩᠭᠤᠯ ᠤᠨ ᠴᠢᠯᠦᠭᠡᠳᠦ ᠨᠢᠳᠤᠷᠭᠠᠨ ᠲᠡᠮᠡᠴᠡᠭᠡᠨ ︵90kg︶ ᠤ ᠤᠷᠤᠯᠳᠤᠭᠠᠨ ᠤ | ᠲᠠᠷᠢᠬᠦᠨ ᠪᠠᠶᠢᠷᠢᠨ ᠳᠤ ᠲᠤᠳᠤᠷᠠᠵᠠᠢ᠃ 2004 ᠤᠨ ᠤ ᠪᠦᠬᠦ ᠤᠯᠤᠰ ᠤᠨ ᠴᠢᠯᠦᠭᠡᠳᠦ ᠨᠢᠳᠤᠷᠭᠠᠨ | ᠲᠡᠮᠡᠴᠡᠭᠡᠨ ᠤ ᠮᠠᠩᠯᠠᠢ ᠰᠢᠯᠭᠠᠷᠠᠭᠤᠯᠬᠤ ᠤᠷᠤᠯᠳᠤᠭᠠᠨ ᠳᠤ ᠮᠦᠩᠬᠦᠨ ᠮᠧᠲᠠᠯ ᠬᠦᠷᠳᠡᠵᠦ ᠦᠩᠬᠡᠷᠡᠵᠠᠢ᠃ ᠲᠠᠷᠠ ᠪᠠᠷ | ᠬᠦᠴᠦ ᠴᠢᠳᠡᠯ ᠶᠡᠬᠡᠳᠡᠢ᠂ ᠲᠠᠪᠬᠤᠷ ᠠᠴᠢᠶ᠎ᠠ ᠳᠤ ᠲᠠᠳᠮᠠᠭᠠᠢ᠃ | 5. ᠶᠠᠩ ᠢᠤᠢ ᠴᠧᠩ᠄1983 ᠣᠨ ᠳᠤ ᠲᠦᠷᠦᠵᠠᠢ᠃ 2003 ᠤᠨ ᠤ ᠵᠠᠯᠠᠶᠢᠳ ᠬᠤᠰᠢᠭᠤᠨ ᠤ ᠪᠤᠭᠳᠠ | ᠠᠭᠤᠯᠠ ᠶᠢᠨ ᠨᠠᠭᠠᠳᠤᠮ᠂ 2005 ᠣᠨ ᠤ ᠪᠤᠯᠠᠭᠠᠨᠬᠤᠸᠠ ᠰᠤᠮᠤ ᠶᠢᠨ ᠨᠠᠵᠢᠨ ᠠᠭᠤᠯᠠᠨ ᠤ ᠤᠪᠤᠭ᠎ᠠ | ᠲᠠᠬᠢᠯᠭ᠎ᠠ ᠶᠢᠨ ᠨᠠᠶᠢᠷ ᠤᠨ ᠪᠦᠬᠡ ᠶᠢᠨ ᠤᠷᠤᠯᠳᠤᠭᠠᠨ ᠳᠤ ᠲᠤᠰ ᠲᠤᠰ ᠲᠡᠷᠢᠭᠦᠯᠡᠵᠡᠢ᠃ 2007 ᠤᠨ ᠪᠠ | 2008 ᠤᠨ ᠤ ᠪᠤᠯᠠᠭᠠᠨᠬᠤᠸᠠ ᠰᠤᠮᠤ ᠶᠢᠨ ᠤᠷᠢᠳᠤ ᠤᠯᠤᠮ ᠭᠠᠴᠠᠭ᠎ᠠ ᠶᠢᠨ ᠤᠪᠤᠭ᠎ᠠ ᠲᠠᠬᠢᠯᠭ᠎ᠠ ᠶᠢᠨ ᠨᠠᠶᠢᠷ ᠲᠤ | ᠬᠤᠶᠡᠷ ᠤᠳᠠᠭ᠎ᠠ ᠲᠡᠳ᠋ ᠪᠠᠶᠢᠷᠢᠨ ᠳᠤ ᠲᠤᠳᠤᠷᠠᠵᠠᠢ᠃ ᠲᠠᠷᠠ ᠭᠤᠤᠯᠳᠠᠭᠤ ᠠᠴᠢᠶ᠎ᠠ ᠪᠠ ᠲᠠᠪᠬᠤᠷ ᠠᠴᠢᠶ᠎ᠠ ᠵᠡᠷᠬᠡ | ᠪᠦᠬᠡ ᠶᠢᠨ ᠮᠡᠷᠬᠡᠵᠢᠯ ᠳᠤ ᠰᠤᠷᠮᠠᠭᠠᠢ᠃ | 6. ᠪᠠᠢ ᠶᠢᠨ ᠱᠠᠨ᠄1990 ᠣᠨ ᠳᠤ ᠲᠦᠷᠦᠵᠠᠢ᠃ 2009 ᠣᠨ ᠤ ᠵᠠᠯᠠᠶᠢᠳ ᠬᠤᠰᠢᠭᠤᠨ ᠤ | ᠨᠠᠭᠠᠳᠤᠮ ᠤᠨ ᠪᠦᠬᠡ ᠶᠢᠨ ᠲᠡᠮᠡᠴᠡᠭᠡᠨ ︵ᠬᠦᠨᠳᠣ ᠲᠡᠰ︶ ᠳᠤ ᠲᠡᠷᠢᠭᠦᠯᠡᠵᠠᠢ᠃ ᠲᠠᠷᠠ ᠬᠦᠴᠦ ᠶᠡᠬᠡᠳᠡᠢ ᠪᠦᠬᠡᠳ | ᠲᠤᠳᠤᠷ ᠭᠤᠬ᠎ᠠ ᠵᠡᠷᠬᠡ ᠪᠦᠬᠡ ᠶᠢᠨ ᠮᠡᠷᠬᠡᠵᠢᠯ ᠳᠤ ᠪᠤᠯᠪᠠᠰᠤᠷᠠᠩᠭᠤᠢ᠃ | 7. ᠶᠠᠩ ᠪᠣᠤ ᠴᠧᠩ᠄1993 ᠣᠨ ᠳᠤ ᠲᠦᠷᠦᠵᠠᠢ᠃ 2012 ᠣᠨ ᠳᠤ ᠴᠦᠩᠴᠢᠩ ᠬᠤᠲᠠ ᠳᠤ | ᠶᠠᠪᠤᠭᠳᠠᠭᠰᠠᠨ ᠪᠦᠬᠦ ᠣᠯᠣᠰ ᠤᠨ ᠵᠢᠣᠳᠣᠣ ᠪᠦᠬᠡ ᠶᠢᠨ ᠲᠡᠮᠡᠴᠡᠭᠡᠨ ᠤ ︵60kg︶ ᠤᠷᠤᠯᠳᠤᠭᠠᠨ ᠪᠠ | ᠣᠶᠣᠳᠠᠳ ᠤᠨ ᠳᠤᠭᠤᠶᠢᠯᠠᠩ ᠳᠤ ᠲᠤᠰ ᠪᠦᠷᠢ ᠠᠯᠳᠠᠨ ᠮᠧᠲᠠᠯ ᠣᠯᠵᠠᠢ᠃ 2009 ᠣᠨ ᠤ ᠵᠠᠯᠠᠶᠢᠳ | ᠬᠤᠰᠢᠭᠤᠨ ᠤ ᠨᠠᠭᠠᠳᠤᠮ ᠤᠨ ᠪᠦᠬᠡ ᠶᠢᠨ ᠲᠡᠮᠡᠴᠡᠭᠡᠨ ︵ᠬᠦᠩᠬᠡᠨ ᠲᠡᠰ︶᠂ 2015 ᠣᠨ ᠳᠤ ᠪᠤᠯᠠᠭᠠᠨᠬᠤᠸᠠ | ᠰᠣᠮᠣᠨ ᠤ ᠵᠢᠭᠠᠰᠤᠳᠠᠢ ᠭᠠᠴᠠᠭᠠᠨ ᠤ ᠨᠠᠭᠠᠳᠤᠮ᠂ 2018 ᠣᠨ ᠳᠤ ᠬᠦᠷᠡᠯ ᠪᠠᠯᠭᠠᠰᠤᠨ ᠤ ᠬᠠᠷᠠᠵᠢᠷᠦᠬᠡ | ᠭᠠᠴᠠᠭᠠᠨ ᠤ ᠨᠠᠭᠠᠳᠤᠮ᠂ 2019 ᠤᠨ ᠤ ᠰᠢᠨ᠎ᠠ ᠠᠶᠢᠯ ᠭᠠᠴᠠᠭ᠎ᠠ ᠠᠴᠠ ᠡᠷᠬᠢᠯᠡᠭᠰᠡᠨ ᠠᠩᠬᠠᠳᠤᠭᠠᠷ ᠤᠳᠠᠭᠠᠨ ᠤ | ᠵᠠᠯᠠᠶᠢᠳ ᠪᠦᠬᠡ ᠶᠢᠨ ᠤᠪᠤᠭ᠎ᠠ ᠶᠢᠨ ᠲᠠᠬᠢᠯᠭ᠎ᠠ ᠶᠢᠨ ᠨᠠᠶᠢᠷ ᠲᠤ ᠲᠤᠰ ᠲᠤᠰ ᠲᠡᠷᠢᠬᠦᠨ ᠪᠠᠶᠢᠷᠢᠨ ᠳᠤ ᠲᠣᠳᠣᠷᠠᠵᠠᠢ᠃ | 2018 ᠣᠨ ᠳᠤ ᠵᠠᠩᠭᠢᠶᠠᠳᠦ ᠪᠦᠬᠡ ᠶᠢᠨ ᠴᠣᠯᠠ ᠬᠦᠷᠳᠡᠵᠡᠢ᠃ | 8. ᠸᠠᠩ ᠹᠦ᠋ ᠬᠠᠢ᠄1995 ᠣᠨ ᠳᠤ ᠲᠦᠷᠦᠵᠠᠢ᠃ ᠴᠢᠯᠦᠭᠡᠳᠦ ᠨᠢᠳᠤᠷᠭᠠᠨ ᠤ ᠲᠠᠮᠢᠷᠴᠢᠨ᠃ 2011 ᠤᠨ | ᠳᠤ ᠦᠪᠤᠷ ᠮᠤᠩᠭᠤᠯ ᠤᠨ ᠴᠢᠯᠦᠭᠡᠳᠦ ᠨᠢᠳᠤᠷᠭᠠᠨ ᠲᠡᠮᠡᠴᠡᠭᠡᠨ ᠤ ︵60kg︶ ᠤᠷᠤᠯᠳᠤᠭᠠᠨ ᠤ ᠲᠠᠷᠢᠬᠦᠨ | ᠪᠠᠶᠢᠷᠢᠨ ᠳᠤ ᠲᠤᠳᠤᠷᠠᠵᠠᠢ᠃ 2012 ᠣᠨ ᠳᠤ ᠪᠦᠬᠦ ᠣᠯᠣᠰ ᠤᠨ ᠵᠠᠯᠠᠭᠤᠴᠤᠳ ᠤᠨ ᠴᠢᠯᠦᠭᠡᠳᠦ ᠨᠢᠳᠤᠷᠭᠠᠨ | ᠲᠡᠮᠡᠴᠡᠭᠡᠨ ᠤ ︵60kg︶ ᠭᠤᠷᠪᠠᠳᠤᠭᠠᠷ ᠪᠠᠶᠢᠷᠢᠨ ᠳᠤ ᠲᠣᠳᠣᠷᠠᠵᠠᠢ᠃ ᠡᠭᠦᠨ ᠠᠴᠠ ᠭᠠᠳᠠᠨ᠎ᠠ᠂ ᠣᠯᠠᠨ | ᠣᠯᠣᠰ ᠤᠨ ᠴᠢᠯᠦᠭᠡᠳᠦ ᠨᠢᠳᠤᠷᠭᠠᠨ ᠲᠡᠮᠡᠴᠡᠭᠡᠨ ᠳᠤ ᠬᠤᠶᠠᠷ ᠠᠯᠳᠠ᠂ ᠬᠤᠶᠠᠷ ᠮᠦᠩᠭᠦᠨ ᠮᠧᠲᠠᠯ ᠬᠦᠷᠳᠡᠭᠰᠡᠨ | ᠲᠡᠤᠬᠡ ᠲᠠᠢ᠃ | 9. ᠵᠣᠣ ᠪᠠ ᠱᠢ ᠡᠯ᠄1990 ᠣᠨ ᠳᠤ ᠲᠦᠷᠦᠵᠠᠢ᠃ 2020 ᠤᠨ ᠤ ᠰᠢᠨ᠎ᠠ ᠠᠶᠢᠯ ᠭᠠᠴᠠᠭ᠎ᠠ ᠠᠴᠠ | ᠡᠷᠬᠢᠯᠡᠭᠰᠡᠨ ᠬᠤᠶᠠᠳᠤᠭᠠᠷ ᠤᠳᠠᠭᠠᠨ ᠤ ᠵᠠᠯᠠᠶᠢᠳ ᠪᠦᠬᠡ ᠶᠢᠨ ᠤᠪᠤᠭ᠎ᠠ ᠶᠢᠨ ᠲᠠᠬᠢᠯᠭ᠎ᠠ ᠶᠢᠨ ᠨᠠᠶᠢᠷ ᠲᠤ ᠭᠤᠳᠠᠭᠠᠷ | ᠪᠠᠶᠢᠷᠢᠨ ᠳᠤ ᠲᠣᠳᠣᠷᠠᠵᠠᠢ᠃ ᠲᠠᠷᠠ ᠭᠤᠤᠯᠳᠠᠭᠤ ᠠᠴᠢᠶ᠎ᠠ ᠪᠠ ᠲᠤᠳᠤᠷ ᠭᠤᠬ᠎ᠠ ᠵᠡᠷᠬᠡ ᠪᠦᠬᠡ ᠶᠢᠨ ᠮᠡᠷᠬᠡᠵᠢᠯ ᠳᠤ | ᠪᠤᠯᠪᠠᠰᠤᠷᠠᠩᠭᠤᠢ᠃ | 10. ᠵᠣᠣ ᠮᠢᠩ ᠰᠢᠶᠠ᠄ ᠡᠮᠡᠭᠳᠡᠢ᠂1999 ᠣᠨ ᠳᠤ ᠲᠦᠷᠦᠵᠠᠢ᠃ ᠵᠢᠣᠳᠣᠣ ᠪᠦᠬᠡ ᠶᠢᠨ ᠲᠠᠮᠢᠷᠴᠢᠨ᠃ | 2011 ᠣᠨ ᠠᠴᠠ 2017 ᠣᠨ ᠪᠣᠯᠳᠠᠯᠠᠬᠢ ᠪᠦᠬᠦ ᠣᠷᠣᠨ ᠤ ᠵᠢᠣᠳᠣᠣ ᠪᠦᠬᠡ ᠶᠢᠨ ᠲᠡᠮᠡᠴᠡᠭᠡᠨ ᠳᠤ ᠬᠤᠶᠠᠷ | ᠠᠯᠳᠠ᠂ ᠨᠢᠭᠡ ᠮᠦᠩᠭᠦ᠂ ᠭᠤᠷᠪᠠᠨ ᠬᠦᠷᠡᠯ ᠮᠧᠲᠠᠯ ᠬᠦᠷᠳᠡᠵᠦ᠂ ᠭᠠᠨᠵᠤᠭ᠎ᠠ ᠳᠦᠭᠦᠷᠡᠩ ᠶᠠᠪᠤᠭ᠎ᠠ ᠵᠠᠯᠠᠭᠤ | ᠲᠠᠮᠢᠷᠴᠢᠨ᠃ ᠲᠠᠷᠠ ᠭᠤᠤᠯᠳᠠᠭᠤ ᠠᠴᠢᠶ᠎ᠠ ᠪᠠ ᠰᠠᠡᠴᠢᠭ ᠬᠦᠶᠦᠯᠬᠡᠵᠤ ᠬᠠᠶᠠᠬᠤ ᠵᠡᠷᠬᠡ ᠪᠦᠬᠡ ᠶᠢᠨ ᠮᠡᠷᠬᠡᠵᠢᠯ ᠳᠤ | ᠪᠤᠯᠪᠠᠰᠤᠷᠠᠩᠭᠤᠢ᠃ | ᠲᠡᠬᠡᠷ᠎ᠡ ᠲᠤᠷᠠᠳᠤᠭᠳᠠᠭᠰᠠᠨ ᠠᠷᠪᠡᠨ ᠰᠤᠳᠤᠨ ᠪᠦᠬᠡᠴᠢᠳ ᠠᠴᠠ ᠭᠠᠳᠠᠨ᠎ᠠ᠂ ᠪᠠᠰᠠ ᠸᠠᠩ ᠱᠣᠸᠠᠩ ᠹᠦ᠋᠂ ᠶᠠᠩ | ᠭᠤᠤ ᠴᠧᠩ᠂ ᠴᠧᠨ ᠬᠠᠢ ᠵᠤᠸᠠᠩ᠂ ᠪᠤᠤ ᠯᠢᠶᠠᠨ ᠵᠤᠸᠠᠩ᠂ ᠴᠠᠩ ᠴᠡᠩᠬᠡᠯ᠂ ᠵᠠᠩ ᠢᠦᠢ ᠱᠦᠨ ᠵᠡᠷᠬᠡ | ᠪᠦᠬᠡᠴᠢᠳ ᠢ ᠲᠤᠷᠠᠳᠤᠯᠳᠠᠢ᠃ ᠡᠳᠡᠬᠡᠷ ᠪᠦᠬᠡᠴᠢᠳ ᠤᠷᠴᠢᠮ ᠤᠨ ᠲᠠᠪᠢᠭᠠᠳ ᠵᠢᠯ ᠳᠤ ᠭᠠᠴᠠᠭ᠎ᠠ᠂ ᠰᠤᠮᠤ᠂ | ᠬᠤᠰᠢᠭᠤ᠂ ᠠᠶᠢᠮᠠᠭ᠂ ᠤᠷᠤᠨ ᠤ ᠡᠯ᠎ᠡ ᠲᠡᠰ ᠤᠨ ᠪᠦᠬᠡ ᠶᠢᠨ ᠤᠷᠤᠯᠳᠤᠭᠠᠨ ᠳᠤ ᠪᠢᠷ᠎ᠠ ᠴᠢᠳᠡᠯ᠂ ᠬᠠᠪᠤ ᠬᠦᠴᠦ᠂ | ᠠᠷᠭ᠎ᠠ ᠮᠡᠭᠡ᠂ ᠤᠢ ᠤᠬᠠᠭᠠᠨ ᠢᠶᠠᠷ ᠢᠶᠠᠨ ᠤᠳᠠᠭ᠎ᠠ ᠲᠠᠷᠠᠭᠠᠯᠠᠨ ᠦᠵᠦᠬᠦᠷ ᠪᠠᠶᠢᠷᠢᠨ ᠳᠤ ᠲᠤᠳᠤᠷᠡᠵᠤ᠂ ᠦᠯᠡᠮᠵᠢ | ᠤᠯᠠᠨ ᠱᠠᠩᠨᠠᠯ ᠬᠦᠬᠢᠬᠦᠯᠤᠯ ᠢᠶᠠᠷ ᠡᠩᠬᠡᠷ ᠢᠶᠠᠨ ᠮᠢᠯᠢᠶᠠᠯᠭᠠᠵᠤ ᠤᠯᠠᠨ ᠢᠶᠠᠨ ᠪᠠᠶᠠᠰᠬᠠᠵᠤ ᠶᠠᠪᠤᠵᠠᠢ᠃ ᠰᠢᠨ᠎ᠡ ᠠᠶᠢᠯ | ᠭᠠᠴᠠᠭ᠎ᠠ ᠳᠤ ᠭᠤᠷᠪᠡᠨ ᠦᠶ᠎ᠡ ᠶᠢᠨ ᠪᠦᠬᠡᠴᠢᠳ ᠦᠰᠦᠬᠡᠢ ᠵᠠᠯᠭᠠᠯᠳᠤᠨ ᠪᠦᠢᠵᠢᠵᠤ᠂ ᠡᠩᠨᠡᠭᠡ ᠪᠤᠯᠤᠨ ᠪᠦᠷᠢᠯᠳᠤᠵᠤ | ᠂ ᠤᠯᠠᠮᠵᠢᠯᠠᠯ ᠪᠤᠯᠤᠨ ᠲᠤᠭᠳᠠᠪᠤᠷᠢᠵᠢᠵᠠᠢ᠃ | ᠭᠤᠷᠪᠠ᠂ ᠪᠦᠬᠡ ᠶᠢᠨ ᠰᠣᠶᠣᠯ ᠤᠨ ᠤᠯᠠᠮᠵᠢᠯᠠᠯ | ᠪᠤᠰᠤᠳ ᠠᠶᠢᠮᠠᠭ ᠬᠤᠲᠠ ᠲᠠᠢ ᠬᠠᠷᠢᠴᠠᠭᠤᠯᠪᠠᠯ᠂ ᠮᠠᠨ ᠤ ᠬᠢᠩᠭᠠᠨ ᠠᠶᠢᠮᠠᠭ ᠨᠢ ᠪᠦᠬᠡ ᠶᠢᠨ ᠬᠦᠭᠵᠢᠯᠳᠡ | ᠠᠷᠠᠢ ᠤᠳᠠᠭᠠᠨ᠂ ᠤᠯᠠᠨ ᠲᠦᠮᠡᠨᠴᠢ ᠰᠠᠭᠤᠷᠢ ᠠᠨᠠᠢ᠃ ᠮᠣᠩᠭᠤᠯ ᠪᠦᠬᠡ ᠶᠢᠨ ᠮᠡᠷᠬᠡᠵᠢᠯ ᠢᠶᠠᠨ ᠤᠯᠠᠮᠵᠢᠯᠠᠨ | ᠵᠠᠯᠭᠠᠮᠵᠢᠯᠠᠬᠤ᠂ ᠪᠦᠬᠡ ᠶᠢᠨ ᠰᠣᠶᠣᠯ ᠢᠶᠠᠨ ᠬᠦᠭᠵᠢᠭᠦᠯᠦᠨ ᠳᠡᠯᠭᠡᠷᠡᠭᠦᠯᠬᠦ ᠲᠠᠯ᠎ᠠ ᠪᠠᠷ ᠰᠢᠨ᠎ᠡ ᠠᠶᠢᠯ ᠭᠠᠴᠠᠭ᠎ᠠ ᠨᠢ | ᠣᠷᠣᠨ ᠨᠤᠲᠤᠭ ᠲᠤ ᠪᠠᠨ ᠳᠠᠭᠠᠭᠤᠯᠤᠭᠴᠢ ᠦᠢᠯᠡᠳᠦᠯ ᠦᠵᠡᠭᠦᠯᠵᠦ ᠪᠠᠶᠢᠨ᠎ᠠ᠃ ᠰᠢᠨ᠎ᠡ ᠠᠶᠢᠯ ᠭᠠᠴᠠᠭ᠎ᠠ ᠶᠢᠨ | ᠤᠯᠠᠨ ᠲᠦᠮᠡᠨ ᠮᠠᠨᠢ ᠲᠡᠯᠬᠡᠷ ᠵᠤᠨ ᠤ ᠨᠠᠶᠢᠷᠰᠠᠭ ᠠᠬᠤᠢ ᠴᠠᠭ ᠲᠤ᠂ ᠵᠡᠬᠦᠨ ᠠᠭᠤᠯᠠ ᠶᠢᠨ ᠢᠶᠠᠨ ᠵᠦᠬᠡᠯᠡᠨ | ᠵᠦᠯᠬᠡᠨ ᠲᠡᠬᠡᠷ᠎ᠡ᠂ ᠦᠨᠳᠦᠷ ᠬᠥᠬᠡ ᠲᠡᠭᠷᠢ ᠪᠠᠷ ᠬᠦᠰᠢᠬᠡ ᠬᠢᠵᠤ᠂ ᠥᠷᠭᠡᠨ ᠶᠡᠭᠡ ᠲᠠᠨᠵᠢ ᠪᠠᠷ ᠲᠠᠶᠢᠰᠠ ᠵᠠᠰᠠᠵᠤ᠂ | ᠬᠠᠷᠴᠠᠭᠠᠢ ᠪᠦᠷᠬᠦᠳ ᠵᠢᠬᠦᠷ ᠢᠶᠠᠨ ᠲᠠᠯᠬᠡᠭᠰᠡᠨ ᠮᠡᠳᠦ ᠬᠤᠶᠡᠷ ᠭᠠᠷᠯᠠᠨ ᠵᠢᠭᠰᠠᠭᠠᠳ ᠬᠠᠰᠢᠷ ᠪᠦᠬᠡᠴᠢᠳ ᠨᠢ | ᠨᠠᠭᠠᠳᠦᠮ ᠢ ᠬᠢᠨᠠᠨ ᠰᠢᠬᠦᠵᠤ ᠬᠡᠤᠬᠡᠳ ᠪᠠᠭᠠᠴᠤᠳ ᠵᠠᠯᠠᠭᠤᠴᠤᠳ ᠤᠨ ᠪᠦᠬᠡ ᠶᠢᠨ ᠲᠡᠮᠡᠴᠡᠬᠡᠨ ᠶᠠᠪᠤᠭᠤᠯᠵᠤ᠂ | ᠬᠦᠳᠡᠭᠡ ᠨᠤᠳᠤᠭ ᠤᠨ ᠬᠦᠮᠤᠨ ᠠᠷᠠᠳ ᠲᠠᠭᠠᠨ ᠬᠦᠷ ᠨᠠᠶᠢᠷ ᠨᠡᠮᠡᠳᠡᠭ ᠵᠠᠩᠰᠢᠯ ᠲᠠᠢ ᠠᠵᠢ᠃ ᠲᠡᠳᠡᠬᠡᠷ ᠰᠠᠶᠢᠨ | ᠲᠤᠷ᠎ᠠ ᠶᠢᠨ ᠰᠤᠷᠢᠯᠳᠡ ᠪᠤᠯᠪᠠᠰᠣᠷᠡᠯ ᠤᠨ ᠶᠠᠪᠤᠴᠠ ᠳᠤ᠂ ᠬᠠᠰᠢᠷ ᠪᠦᠬᠡᠴᠢᠳ ᠨᠢ ᠵᠠᠯᠠᠭᠤᠴᠤᠳ ᠲᠤ ᠪᠠᠨ | ᠲᠤᠷᠰᠢᠯᠭ᠎ᠠ ᠰᠤᠷᠭᠠᠮᠵᠢ ᠪᠠᠨ ᠦᠪᠯᠡᠵᠣ᠂ ᠪᠦᠬᠡ ᠶᠢᠨ ᠵᠤᠭᠤᠭ ᠲᠡᠯᠬᠡᠵᠤ ᠶᠠᠷᠢᠶ᠎ᠠ ᠬᠦᠬᠡᠷᠦᠬᠡ ᠪᠤᠯᠳᠠᠭ᠃ | ᠲᠡᠬᠡᠬᠡᠳ ᠭᠠᠯ ᠵᠠᠯᠠᠭᠤ ᠪᠦᠬᠡᠴᠢᠳ ᠲᠡᠭᠡᠨ᠄ ︽ᠡᠷ᠎ᠡ ᠶᠢᠨ ᠭᠤᠷᠪᠠᠨ ᠨᠠᠭᠠᠳᠤᠮ ᠤᠨ ᠨᠢᠭᠡ ᠪᠣᠯᠬᠤ ᠪᠦᠬᠡ | ᠪᠠᠷᠢᠯᠳᠤᠭᠠᠨ ᠪᠣᠯ ᠡᠷᠳᠡᠮ ᠴᠢᠳᠠᠪᠤᠷᠢ ᠲᠡᠭᠦᠰ ᠪᠦᠷᠢᠳᠦᠭᠰᠡᠨ ᠬᠦᠳᠡᠯᠭᠡᠭᠡᠨ ᠤ ᠵᠦᠢᠯ ᠪᠣᠯᠬᠤ ᠲᠤᠯᠠ ᠳᠠᠩ ᠭᠠᠭᠴᠠ | ᠬᠦᠴᠦ ᠴᠢᠳᠠᠯ ᠪᠠᠶᠢᠭᠠᠳ ᠯᠠ ᠪᠣᠯᠬᠤ ᠪᠢᠰᠢ᠂ ᠬᠠᠷᠢᠨ ᠬᠦᠴᠦ ᠴᠢᠳᠠᠯ᠂ ᠲᠡᠰᠪᠦᠷᠢ ᠲᠡᠪᠴᠢᠶᠡᠷᠢ᠂ ᠤᠷ᠎ᠠ | ᠤᠬᠠᠭᠠᠨ ᠢ ᠪᠦᠷᠢᠯᠳᠦᠭᠦᠯᠦᠮᠡᠨᠵᠢᠨ ᠰᠠᠶ᠋ᠢ ᠢᠯᠠᠵᠣ ᠴᠢᠳᠠᠨ᠎ᠠ︾ ᠬᠡᠵᠤ ᠠᠬᠢᠨ ᠲᠠᠬᠢᠨ ᠵᠡᠬᠢᠨ ᠰᠣᠷᠭᠠᠳᠠᠭ ᠪᠠᠶᠢᠵᠠᠢ᠃ | ︽ᠣᠷᠣᠯᠳᠣᠬᠤ ᠮᠣᠷᠢᠨ ᠤ ᠤᠶᠠᠭ᠎ᠠ ᠰᠣᠶᠢᠯᠭ᠎ᠠ ᠬᠤᠶᠠᠷ᠂ ᠪᠠᠷᠢᠯᠳᠣᠬᠤ ᠪᠦᠬᠡ ᠶᠢᠨ ᠪᠠᠷᠢᠴᠠ ᠵᠣᠭᠰᠣᠯᠳᠠ ᠬᠤᠶᠠᠷ︾ | ᠭᠡᠭᠴᠢ ᠪᠠᠷ ᠮᠣᠩᠭᠤᠯ ᠪᠦᠬᠡ ᠶᠢᠨ ᠦᠨᠳᠦᠰᠦᠨ ᠮᠡᠷᠭᠡᠵᠢᠯ ᠪᠣᠯ ᠳᠠᠷᠤᠢ ᠪᠠᠷᠢᠴᠠ ᠪᠣᠯᠣᠨ ᠵᠣᠭᠰᠣᠯᠳᠠ ᠪᠣᠯᠣᠨ᠎ᠠ᠃ | ᠬᠠᠰᠢᠷ ᠪᠦᠬᠡᠴᠢᠳ ᠪᠠᠰᠠ᠄ ︽ᠪᠠᠷᠢᠴᠠ ᠶᠢᠨ ᠤᠬᠠᠭᠠᠨ ᠳᠤ ᠬᠡᠷᠬᠢᠨ ᠥᠪᠡᠷ ᠤᠨ ᠳᠠᠪᠠᠭᠤᠯᠢᠭ ᠪᠠᠷᠢᠴᠠ ᠪᠠᠨ | ᠪᠠᠷᠢᠬᠤ᠂ ᠬᠡᠷᠬᠢᠨ ᠡᠰᠡᠷᠭᠦ ᠡᠳᠡᠭᠡᠳ ᠤᠨ ᠢᠶᠠᠨ ᠪᠠᠷᠢᠴᠠ ᠶᠢ ᠠᠯᠳᠠᠭᠤᠯᠬᠤ ᠵᠡᠷᠭᠡ ᠪᠠᠶᠢᠳᠠᠭ᠃ ᠪᠠᠷᠢᠴᠠ ᠪᠠᠨ ᠰᠠᠶᠢᠨ | ᠪᠠᠷᠢᠭᠰᠠᠨ ᠤ ᠤᠷᠢᠳᠠᠯ ᠳᠤᠤᠷ᠎ᠠ ᠰᠠᠶ᠋ᠢ ᠮᠡᠭᠡ ᠮᠡᠷᠭᠡᠵᠢᠯ ᠬᠢᠵᠦ ᠪᠤᠰᠤᠳ ᠢ ᠤᠨᠠᠭᠠᠳᠠᠭ᠃ ᠵᠣᠭᠰᠣᠯᠳᠠ ᠪᠣᠯ ᠳᠠᠷᠤᠢ | ᠥᠪᠡᠷ ᠤᠨ ᠪᠡᠶ᠎ᠡ ᠶᠢᠨ ᠢᠶᠠᠨ ᠬᠦᠨᠳᠦ ᠶᠢᠨ ᠲᠥᠪ ᠢ ᠬᠡᠷᠬᠢᠨ ᠡᠵᠡᠮᠳᠡᠵᠦ᠂ ᠡᠰᠡᠷᠭᠦ ᠡᠳᠡᠭᠡᠳ ᠤᠨ ᠢᠶᠠᠨ ᠮᠡᠬᠡᠨ ᠳᠤ | ᠤᠨᠠᠬᠤ ᠦᠭᠡᠢ ᠪᠠᠶᠢᠬᠤ ᠶᠢ ᠬᠡᠯᠡᠨ᠎ᠡ︾ ᠬᠡᠵᠤ ᠦᠨᠳᠣᠰᠣᠨ ᠬᠡᠳᠦᠨ ᠮᠡᠷᠬᠡᠵᠢᠯ ᠢ ᠮᠡᠳᠡᠭᠰᠡᠨ ᠰᠤᠨᠤᠰᠤᠭᠰᠠᠨ ᠤ ᠪᠠᠨ | ᠬᠢᠷᠢ ᠪᠠᠷ ᠮᠡᠷᠭᠡᠯᠡᠵᠤ ᠭᠠᠶᠢᠬᠠᠭᠤᠯᠳᠠᠭ ᠪᠠᠶᠢᠵᠠᠢ᠃ ᠶᠡᠷᠦ ᠨᠢ ᠪᠦᠬᠡ ᠶᠢᠨ ᠰᠣᠷᠢᠶ᠎ᠠ ᠪᠤᠯᠪᠠᠰᠤᠷᠠᠯ ᠬᠢᠬᠦ ᠳᠤ ᠪᠠᠨ | ᠦᠨᠳᠦᠰᠦᠨ ᠮᠡᠷᠭᠡᠵᠢᠯ ᠢᠶᠠᠨ ᠬᠦᠢᠴᠡᠳ ᠡᠵᠡᠮᠰᠢᠭᠰᠡᠨ ᠤ ᠰᠠᠭᠤᠷᠢᠨ ᠳᠡᠭᠡᠷ᠎ᠡ ᠮᠡᠭᠡ ᠮᠡᠷᠭᠡᠵᠢᠯ ᠢ ᠰᠤᠷᠬᠤ ᠬᠡᠷᠡᠭᠳᠡᠢ᠃ | ᠡᠪᠦᠭᠡ ᠲᠡᠬᠡᠳᠦᠰ ᠠᠴᠠ ᠪᠠᠨ ᠤᠯᠠᠮᠵᠢᠯᠠᠯ ᠲᠠᠢ ᠡᠨᠡ ᠬᠦ ᠶᠡᠭᠡ ᠤᠬᠠᠭᠠᠨ ᠢ ᠥᠪᠯᠡᠭᠰᠡᠨ ᠪᠦᠬᠡ ᠪᠠᠨ ᠣᠯᠠᠨ | ᠨᠡᠶᠢᠳᠡᠴᠢ ᠴᠢᠨᠠᠷ ᠲᠠᠢ ᠤᠬᠠᠮᠰᠠᠷ ᠲᠠᠢ ᠲᠠᠮᠢᠷ ᠤᠨ ᠬᠦᠳᠡᠯᠭᠡᠭᠡᠨ ᠪᠣᠯᠭᠠᠨ᠂ ᠨᠤᠲᠤᠭ ᠣᠷᠣᠨ ᠳᠤ ᠪᠠᠨ ᠪᠠᠶᠢᠩᠭᠤ | ᠣᠷᠣᠯᠳᠣᠭᠠᠨ ᠲᠡᠮᠡᠴᠡᠭᠡᠨ ᠵᠣᠬᠢᠶᠠᠨ ᠪᠠᠶᠢᠭᠤᠯᠵᠤ᠂ ᠰᠣᠷᠢᠶ᠎ᠠ ᠪᠤᠯᠪᠠᠰᠤᠷᠠᠯ ᠢᠶᠠᠨ ᠴᠢᠩᠭᠠᠳᠬᠠᠪᠠᠯ ᠪᠦᠬᠡ ᠶᠢᠨ | ᠦᠢᠯᠡᠰ ᠳᠡᠭᠵᠢᠷᠡᠬᠦ ᠨᠢ ᠯᠠᠪᠳᠠᠢ᠃ | 2011 ᠤᠨ ᠳᠤ ᠴᠧᠨ ᠬᠠᠢ ᠵᠤᠸᠠᠩ ᠠᠴᠠ ᠬᠤᠪᠢ ᠪᠠᠷ ᠢᠶᠠᠨ ᠪᠦᠬᠦ ᠵᠠᠷᠤᠳᠠᠯ ᠢ ᠲᠠᠭᠠᠭᠠᠴᠢᠯᠠᠵᠤ | ᠭᠠᠴᠠᠭᠠᠨ ᠤ ᠪᠦᠬᠡ ᠶᠢᠨ ᠨᠠᠭᠠᠳᠦᠮ ᠢ ᠡᠷᠬᠢᠯᠡᠵᠤ ᠦᠩᠬᠡᠷᠡᠭᠰᠡᠨ ᠲᠡᠤᠬᠡ ᠲᠠᠢ᠃ 2019 ᠣᠨ ᠳᠤ ᠰᠢᠨ᠎ᠡ ᠠᠶᠢᠯ | ᠭᠠᠴᠠᠭᠠᠨ ᠤ ᠮᠠᠯᠴᠢᠨ ᠲᠠᠷᠢᠶᠠᠴᠢᠳ ᠵᠡᠷᠭᠡ ᠣᠯᠠᠨ ᠤ ᠭᠠᠭᠴᠠ ᠰᠡᠳᠬᠢᠯ ᠤᠨ ᠰᠢᠳᠦᠯᠭᠡ ᠪᠠᠷ᠂ ᠵᠠᠯᠠᠶᠢᠳ ᠪᠥᠬᠡ ᠶᠢᠨ | ᠵᠣᠷᠢᠭ ᠬᠦᠴᠦᠨ ᠤ ᠵᠣᠯᠪᠣᠭ᠎ᠠ ᠪᠠᠷ ︽ᠵᠠᠯᠠᠶᠢᠳ ᠪᠦᠬᠡ ᠶᠢᠨ ᠣᠪᠣᠭ᠎ᠠ︾ ᠶᠢ ᠡᠭᠦᠰᠭᠡᠨ ᠪᠠᠶᠢᠭᠤᠯᠤᠨ᠂ ᠨᠤᠲᠤᠭ | ᠤᠰᠤᠨ ᠤ ᠪᠠᠨ ᠨᠠᠪᠳᠠᠭ ᠰᠠᠪᠳᠠᠭ ᠢ ᠪᠠᠶᠠᠰᠬᠠᠵᠦ᠂ ᠪᠦᠬᠡ ᠶᠢᠨ ᠬᠡᠶᠢᠮᠦᠷᠢ ᠰᠡᠷᠭᠦᠭᠡᠨ ᠬᠤᠶᠠᠷ ᠵᠢᠯ ︵2019.8. | 31/2020.8.5︶ ᠳᠠᠷᠠᠭᠠᠯᠠᠨ ᠣᠪᠣᠭᠠᠨ ᠨᠠᠶᠢᠷ ᠬᠢᠭᠰᠡᠨ ᠶᠤᠮ᠃ ᠦᠨᠤ ᠵᠢᠯ ᠭᠤᠷᠪᠡᠳᠡᠬᠢ ᠨᠠᠶᠢᠷ ᠢᠶᠠᠨ | ᠡᠷᠬᠢᠯᠡᠬᠦ ᠪᠠᠷ ᠡᠷᠴᠢᠮᠳᠠᠢ ᠲᠦᠰᠦᠪᠯᠡᠵᠤ ᠪᠤᠢ᠃ ︽ᠰᠠᠶᠢᠨ ᠪᠦᠬᠡ ᠨᠤᠲᠤᠭ ᠤᠨ ᠴᠢᠮᠡᠭ︾ ᠭᠡᠭᠴᠢ ᠪᠠᠷ ᠰᠢᠨ᠎ᠡ | ᠠᠶᠢᠯ ᠭᠠᠴᠠᠭᠠᠨ ᠠᠴᠠ ᠰᠠᠶᠢᠨ ᠰᠠᠶᠢᠨ ᠪᠦᠬᠡ ᠲᠠᠰᠣᠷᠠᠯ ᠦᠬᠡᠢ ᠲᠡᠪᠢᠨ ᠭᠠᠷᠴᠤ᠂ ᠵᠠᠯᠠᠶᠢᠳ ᠨᠤᠳᠤᠭ ᠤᠨ ᠰᠤᠤ | ᠵᠠᠯᠢ ᠶᠢ ᠡᠷᠭᠦᠵᠦ᠂ ᠮᠣᠩᠭᠤᠯ ᠪᠦᠬᠡ ᠶᠢᠨ ᠬᠡᠶᠢᠮᠦᠷᠢ ᠶᠢ ᠮᠠᠨᠳᠤᠭᠤᠯᠤᠨ᠂ ᠦᠨᠢᠳᠡ ᠠᠯᠳᠠᠭᠤᠷᠡᠯ ᠦᠬᠡᠢ ᠪᠠᠶ᠎ᠠ | ᠪᠦᠬᠡ᠂ ᠡᠬᠦᠷᠢᠳᠡ ᠠᠨᠳᠠᠭᠤᠷᠠᠯ ᠦᠬᠡᠢ ᠰᠡᠳᠬᠢᠯ ᠪᠦᠬᠡ ᠪᠤᠯᠳᠤᠭᠠᠢ ᠬᠡᠮᠡᠨ ᠬᠦᠰᠡᠨ ᠬᠦᠰᠡᠨ ᠵᠦᠩᠨᠡᠨ ᠵᠦᠩᠨᠡᠶ᠎ᠡ︕ | | ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠲᠤᠮᠳᠠᠳᠤ ᠤᠯᠤᠰ ᠤᠨ ᠤᠨᠴᠠᠯᠢᠭ ᠲᠠᠢ ᠨᠡᠶᠢᠬᠡᠮ ᠵᠢᠷᠤᠮ ᠤᠨ | ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠤᠯᠭᠠᠨ᠂ ᠶᠠᠪᠤᠭᠳᠠᠭᠤᠯᠵᠤ ᠬᠦᠳᠡᠭᠡ ᠲᠣᠰᠬᠤᠨ ᠢ ᠬᠦᠭᠵᠢᠭᠦᠯᠦᠨ | ᠮᠠᠨᠳᠣᠭᠤᠯᠬᠤ ᠪᠠᠶᠢᠯᠳᠤᠬᠤ ᠪᠤᠳᠤᠯᠭ᠎ᠠ ᠶᠢ ᠪᠦᠬᠦ ᠲᠠᠯ᠎ᠠ ᠪᠠᠷ ᠲᠤᠭᠤᠰᠢᠯᠠᠭᠤᠯᠬᠤ ᠪᠠᠷ ᠰᠢᠨ᠎ᠡ ᠠᠶᠢᠯ ᠭᠠᠴᠠᠭ᠎ᠠ ᠨᠢ | ᠨᠦᠮᠵᠦᠭ ᠵᠤᠵᠠᠭᠠᠨ ᠪᠦᠬᠡ ᠶᠢᠨ ᠰᠣᠶᠣᠯ ᠢᠶᠠᠷ ᠢᠶᠠᠨ ᠤᠨᠴᠠᠯᠢᠭ ᠪᠤᠯᠭᠠᠨ᠂ ︽ᠵᠠᠯᠠᠶᠢᠳ ᠪᠦᠬᠡ ᠶᠢᠨ ᠤᠪᠤᠭ᠎ᠠ︾ | ᠪᠠᠨ ᠲᠠᠬᠢᠵᠤ᠂ ︽ᠵᠠᠯᠠᠶᠢᠳ ᠪᠦᠬᠡ ᠶᠢᠨ ᠭᠤᠯᠤᠮᠳᠠ︾ ᠪᠠᠨ ᠲᠡᠭᠡᠵᠢᠯᠡᠵᠤ᠂ ︽ᠵᠠᠯᠠᠶᠢᠳ ᠪᠦᠬᠡ ᠶᠢᠨ ᠰᠤᠶᠤᠯ ᠤᠨ | ᠬᠦᠷᠢᠶᠡᠯᠡᠩ︾ ᠪᠠᠶᠢᠭᠤᠯᠵᠤ᠂ ᠰᠤᠶᠤᠯ ᠢᠶᠠᠷ ᠴᠦᠮ᠎ᠡ ᠪᠤᠯᠭᠠᠨ ᠲᠠᠮᠢᠷ ᠢᠶᠠᠷ ᠴᠤᠭᠴᠠ ᠪᠤᠯᠭᠠᠨ᠂ ᠡᠷᠡᠬᠦᠯ ᠴᠢᠬᠢᠷᠠᠭ | ᠪᠡᠶ᠎ᠡ ᠮᠠᠬᠠᠪᠤᠳ᠂ ᠵᠤᠯ ᠵᠢᠷᠭᠠᠯᠳᠤ ᠠᠵᠤ ᠠᠮᠢᠳᠣᠷᠠᠯ᠂ ᠪᠦᠬᠢᠷᠳᠦᠯ ᠦᠬᠡᠢ ᠠᠮᠢ ᠠᠬᠤᠢ᠂ ᠡᠶ᠎ᠡ ᠵᠣᠬᠢᠴᠠᠯᠲᠤ | ᠨᠡᠶᠢᠭᠡᠮ ᠠᠬᠤᠢ ᠶᠢᠨ ᠦᠵᠡᠯ ᠦᠢᠯᠠᠭᠠᠭᠳᠠᠬᠤᠨ ᠢ ᠤᠯᠠᠨ ᠲᠦᠮᠡᠨ ᠤ ᠰᠡᠳᠬᠢᠯ ᠤᠨ ᠬᠦᠨ᠎ᠡ ᠪᠠᠳᠤ | ᠬᠠᠳᠠᠩᠰᠢᠭᠤᠯᠤᠨ᠂ ᠭᠠᠴᠠᠭ᠎ᠠ ᠲᠤᠰᠬᠤᠨ ᠢᠶᠠᠨ ᠪᠦᠳᠦᠬᠡᠨ ᠪᠠᠶᠢᠭᠤᠯᠬᠤ ᠪᠠᠷ ᠢᠳᠡᠬᠡᠯ ᠲᠡᠬᠦᠯᠳᠡᠷ ᠤᠷᠤᠭᠰᠢᠯᠠᠵᠤ | ᠪᠠᠶᠢᠨᠠᠮ᠃ | | |