| ᠨᠤ · ᠨᠠᠷᠠᠨᠲᠤᠭᠳᠠᠬᠤ ᠵᠤᠬᠢᠶᠠᠪᠠ | ᠲᠡᠭᠡᠷ᠎ᠡ ᠵᠠᠭᠤᠨ ᠤ ᠶᠡᠷᠡᠭᠡᠳ ᠤᠨ ᠳᠤ ᠬᠦᠳᠡᠭᠡ ᠠᠴᠠ ᠬᠤᠳᠠ ᠤᠷᠤᠬᠤ ᠤᠷᠤᠰᠬᠠᠯ ᠶᠡᠭᠡ ᠯᠡ ᠦᠷᠪᠢᠰᠴᠦ | ᠡᠬᠢᠯᠡᠭᠰᠡᠨ ᠪᠦᠭᠡᠳ ᠪᠢ ᠴᠤ ᠲᠡᠶᠢᠮᠦ ᠬᠦᠮᠦᠨ ᠤ ᠨᠢᠭᠡ ᠪᠤᠯᠵᠤ ᠬᠦᠬᠡᠬᠤᠳᠠ ᠳᠤ ᠢᠷᠡᠭᠰᠡᠨ ᠶᠤᠮ᠃ ᠭᠡᠪᠡᠴᠦ ᠪᠢ | ᠢᠷᠡᠭᠰᠡᠨ ᠠᠴᠠ ᠪᠤᠯᠵᠤ ᠪᠤᠰᠤᠳ ᠨᠢ ᠢᠷᠡᠬᠦ ᠪᠠᠨ ᠪᠤᠯᠢᠭᠠ ᠦᠭᠡᠢ᠂ ᠬᠠᠷᠢᠨ ᠮᠢᠨᠦ ᠲᠦᠷᠢᠶᠡᠰᠦᠯᠡᠭᠰᠡᠨ ᠵᠢᠵᠢᠭ | ᠪᠠᠶᠢᠰᠢᠩ ᠨᠢ ᠢᠩᠭᠢᠵᠦ ᠢᠷᠡᠭᠰᠡᠳ ᠤᠨ ᠬᠦᠯ ᠠᠮᠠᠷᠠᠭᠠᠵᠤ ᠠᠮᠢᠰᠬᠤᠭ᠎ᠠ ᠲᠠᠷᠤᠬᠤ ᠪᠠᠰᠠ ᠨᠢᠭᠡ ᠦᠷᠲᠡᠭᠡ ᠪᠤᠯᠵᠤ | ᠪᠢᠯᠡ᠃ | ᠨᠤᠲᠤᠭ ᠤᠨ ᠲᠡᠭᠦᠦ ᠮᠦᠷᠦ ᠪᠠᠷ ᠢᠶᠠᠨ ᠦᠯᠦ ᠮᠡᠳᠡᠭ ᠲᠦᠷᠢᠰᠬᠢᠨ ᠪᠦᠭᠲᠦᠶᠢᠭᠰᠡᠨ ᠨᠠᠮᠬᠠᠨ ᠪᠡᠶᠡᠲᠡᠢ᠂ | ᠤᠯᠠᠩᠬᠢ ᠳᠠᠭᠠᠨ ᠲᠤᠷᠤᠭᠰᠢ ᠬᠠᠷᠠᠨ ᠴᠢᠮᠡᠭᠡ ᠦᠭᠡᠢ ᠪᠤᠳᠤᠯᠭᠠᠰᠢᠷᠠᠵᠦ ᠰᠠᠭᠤᠳᠠᠭ ᠪᠦᠭᠡᠳ ᠬᠠᠶᠠ ᠪᠠᠰᠠ ᠲᠡᠭᠡᠭᠰᠢ | ᠬᠠᠷᠠᠨ ᠲᠤᠯᠠᠰ ᠭᠡᠲᠡᠯ᠎ᠡ ᠢᠨᠢᠶᠡᠴᠢᠬᠡᠳᠡᠭ᠂ ᠤᠷᠠᠨ ᠵᠤᠬᠢᠶᠠᠯ ᠳᠤ ᠪᠠᠭ᠋ᠠᠲᠠᠢ᠂ ᠪᠠᠰᠠ ᠤᠷᠤᠯᠳᠤᠵᠤ ᠪᠢᠴᠢᠳᠡᠭ᠂ | ᠤᠨᠴᠠᠭᠠᠶᠢᠯᠠᠨ ᠭᠠᠷ ᠤᠨ ᠲᠢᠭ ᠨᠢ ᠤᠨᠴᠠᠯᠢᠭ ᠲᠠᠢ ᠮᠦᠷᠳᠡᠭᠡᠨ ᠦᠵᠡᠮᠦᠷᠢ ᠲᠠᠢ ᠨᠢ ᠭᠠᠶᠢᠬᠠᠮᠠᠷ ᠲᠡᠶᠢᠮᠦ ᠨᠢᠭᠡ | ᠬᠦᠮᠦᠨ ᠪᠠᠶᠢᠯ᠎ᠠ᠃ ᠮᠡᠷ ᠰᠡᠷ ᠰᠤᠷᠠᠭᠯᠠᠨ ᠪᠠᠶᠢᠵᠦ ᠨᠠᠭᠠᠰᠢ ᠢᠷᠡᠭᠰᠡᠨ ᠬᠦᠰᠡᠯ ᠢ ᠨᠢ ᠠᠰᠠᠭᠤᠬᠤ ᠳᠤ ᠨᠡᠯᠢᠶᠡᠳ | ᠬᠠᠯᠠᠰᠠᠭᠤ ᠪᠠᠶᠢᠭᠰᠠᠨ ᠤᠳᠠᠭ᠎ᠠ ᠪᠠᠨ ᠰᠠᠶ᠋ᠢ ᠠᠮᠠ ᠠᠯᠳᠠᠵᠦ᠄ | ——ᠪᠢ ᠨᠠᠶᠢᠷᠠᠭᠤᠯᠤᠭᠴᠢ ᠪᠤᠯᠬᠤ ᠰᠠᠨᠠᠭᠠᠲᠠᠢ ᠁ ᠭᠡᠵᠦ ᠲᠤᠷᠤᠭᠰᠢ ᠬᠠᠷᠠᠨ ᠨᠢᠳᠦ ᠪᠠᠨ | ᠴᠠᠪᠴᠢᠯᠠᠭᠰᠠᠭᠠᠷ ᠨᠠᠮᠤᠭᠤᠬᠠᠨ ᠬᠡᠯᠡᠵᠦ ᠪᠢᠯᠡ᠃ ᠲᠡᠷᠡ ᠦᠶ᠎ᠡ ᠳᠤ ᠮᠢᠨᠦ ᠲᠡᠷᠭᠡᠳᠡ ᠴᠤᠭᠯᠠᠳᠠᠭ ᠨᠢ ᠪᠦᠷ ᠤᠷᠠᠨ | ᠵᠤᠬᠢᠶᠠᠯ᠂ ᠲᠠᠭᠤᠤ ᠤᠷᠠᠯᠢᠭ ᠲᠤ ᠪᠠᠭ᠋ᠠᠲᠠᠢ ᠬᠦᠮᠦᠰ ᠤᠯᠠᠨ ᠪᠠᠶᠢᠭᠰᠠᠨ ᠴᠤ ᠠᠯᠪᠠᠨ ᠤ ᠰᠡᠳᠬᠦᠯ ᠳᠤ | ᠨᠠᠶᠢᠷᠠᠭᠤᠯᠤᠭᠴᠢ ᠪᠤᠯᠬᠤ ᠪᠤᠯᠤᠯᠴᠠᠭ᠎ᠠ ᠬᠡᠨ ᠳᠤ ᠨᠢ ᠴᠤ ᠪᠠᠶᠢᠭ᠎ᠠ ᠦᠭᠡᠢ᠂ ᠪᠦᠷ ᠬᠤᠭᠤᠯᠠᠨ ᠭᠡᠷ᠂ ᠪᠠᠷᠢᠯᠭ᠎ᠠ ᠶᠢᠨ | ᠭᠠᠵᠠᠷ ᠪᠠᠰᠠ ᠵᠠᠷᠢᠮ ᠬᠡᠶᠢᠮᠦᠷᠢ ᠲᠠᠢ ᠰᠢᠭ ᠨᠢ ᠬᠡᠪᠯᠡᠯ ᠤᠨ ᠦᠢᠯᠡᠳᠪᠦᠷᠢ ᠪᠠᠷ ᠠᠵᠢᠯᠴᠢᠨ ᠪᠤᠯᠵᠤ᠂ ᠠᠯᠤᠰ ᠤᠨ | ᠬᠦᠰᠡᠯᠡᠩ ᠠᠴᠠ ᠪᠠᠨ ᠭᠠᠳᠠᠨ᠎ᠠ ᠠᠮᠢ ᠪᠠᠨ ᠲᠡᠵᠢᠭᠡᠬᠦ ᠨᠢ ᠢᠯᠡᠭᠦᠦ ᠴᠢᠬᠤᠯᠠ ᠪᠤᠯᠵᠤ ᠪᠠᠶᠢᠭᠰᠠᠨ ᠴᠠᠭ᠃ | ᠲᠡᠭᠡᠬᠦ ᠪᠠᠷ ᠪᠠᠨ ᠲᠡᠭᠦᠨ ᠤ ᠡᠨᠡ ᠦᠭᠡ ᠨᠢ ᠮᠠᠨᠤᠰ ᠤᠨ ᠵᠤᠭ᠎ᠠ ᠪᠤᠯᠭᠠᠨ ᠱᠤᠭᠯᠠᠬᠤ ᠨᠢᠭᠡ ᠰᠡᠳᠦᠪ ᠪᠤᠯᠵᠤ᠂ ᠪᠦᠷ | ᠰᠡᠭᠦᠯ ᠳᠡᠭᠡᠨ ᠲᠡᠭᠦᠨ ᠳᠤ ︽ᠶᠡᠷᠦᠩᠬᠡᠢ ᠨᠠᠶᠢᠷᠠᠭᠤᠯᠤᠭᠴᠢ︾ ᠬᠤᠴᠢ ᠵᠡᠭᠦᠯᠭᠡᠭᠡᠳ᠂ ᠨᠡᠷ᠎ᠡ ᠪᠠᠷ ᠨᠢ | ᠲᠠᠭᠤᠳᠠᠬᠤ ᠪᠠᠨ ᠪᠤᠯᠢᠭᠰᠠᠨ ᠶᠤᠮ᠃ ᠬᠡᠯᠡᠯᠬᠡᠨ ᠦᠭᠡᠢ ᠬᠤᠵᠢᠮ ᠨᠢ ᠲᠡᠷᠡ ᠬᠦ ᠵᠢᠵᠢᠭ ᠪᠠᠶᠢᠰᠢᠩ ᠳᠤ | ᠪᠦᠭᠡᠮᠨᠡᠷᠡᠵᠦ ᠪᠠᠶᠢᠭᠰᠠᠨ ᠬᠦᠮᠦᠰ ᠤᠨ ᠬᠤᠪᠢ ᠵᠠᠶᠠᠭ᠎ᠠ ᠠᠮᠢᠳᠤᠷᠠᠯ ᠵᠢᠳᠬᠦᠯ ᠤᠨ ᠠᠶ᠎ᠠ ᠶᠢ ᠲᠠᠭᠠᠨ ᠠᠰᠲᠠᠭᠠᠨ | ᠬᠤᠪᠢᠷᠠᠯᠳᠠ ᠭᠠᠷᠴᠦ ᠵᠤᠬᠢᠶᠠᠯᠴᠢ᠂ ᠲᠠᠭᠤᠴᠢᠨ ᠪᠤᠯᠵᠤ ᠴᠤᠯᠭᠤᠷᠠᠭᠰᠠᠨ ᠢᠶᠠᠷ ᠪᠠᠷᠠᠬᠤ ᠦᠭᠡᠢ ᠦᠨᠡᠭᠡᠷ ᠪᠠᠰᠠ | ᠬᠤᠶᠠᠷ ᠨᠠᠶᠢᠷᠠᠭᠤᠯᠤᠭᠴᠢ ᠭᠠᠷᠴᠢᠬᠠᠵᠦ ᠪᠢᠯᠡ᠃ ᠭᠡᠪᠡᠴᠦ ᠨᠤᠲᠤᠭ ᠤᠨ ᠲᠡᠭᠦᠦ ᠬᠠᠷᠢᠨ ᠲᠡᠶᠢᠮᠦ ᠶᠡᠭᠡ | ᠠᠮᠵᠢᠯᠳᠠ ᠳᠤ ᠬᠦᠷᠴᠦ ᠲᠡᠶᠢᠯᠦᠭᠡ ᠦᠭᠡᠢ᠂ ᠲᠡᠭᠡᠭᠰᠡᠨ ᠴᠤ ᠬᠦᠬᠡᠬᠤᠳᠠ ᠠᠴᠠ ᠬᠦᠳᠡᠭᠡ ᠳᠤ ᠪᠠᠨ ᠪᠤᠴᠠᠭ᠎ᠠ | ᠦᠭᠡᠢ᠃ ᠡᠬᠢᠯᠡᠭᠡᠳ ᠪᠢᠳᠡ ᠪᠠᠶᠢᠨ ᠲᠠᠬᠢᠨ ᠠᠭᠤᠯᠵᠠᠳᠠᠭ ᠪᠠᠶᠢᠭᠰᠠᠨ ᠪᠤᠯ ᠠᠵᠢᠯ ᠠᠮᠢᠳᠤᠷᠠᠯ ᠤᠨ ᠡᠷᠬᠡ ᠪᠠᠷ ᠲᠡᠮᠡᠢ | ᠠᠭᠤᠯᠵᠠᠵᠦ ᠲᠡᠶᠢᠯᠳᠡᠭ ᠦᠭᠡᠢ ᠪᠤᠯᠪᠠ᠃ ᠨᠡᠩ ᠴᠤ ᠪᠢ ᠤᠷᠤᠭ ᠬᠤᠷᠢᠮ᠂ ᠦᠢᠯᠡᠰ ᠠᠵᠢᠯ ᠤᠨ ᠲᠠᠯ᠎ᠠ ᠪᠠᠷ ᠤᠯᠠᠨ | ᠵᠤᠶᠢᠯ ᠤᠨ ᠤᠷᠪᠠᠭᠠᠨ ᠬᠦᠷᠪᠡᠭᠡᠨ ᠲᠤᠮᠳᠠ ᠵᠢᠪᠴᠣ ᠤᠷᠤᠭᠠᠳ᠂ ᠪᠠᠰᠠ ᠨᠤᠲᠤᠭ ᠲᠠᠭᠠᠨ ᠬᠠᠷᠢᠵᠦ ᠤᠨᠳᠤᠤ ᠨᠢᠭᠡ | ᠠᠮᠢᠳᠤᠷᠠᠯ ᠤᠨ ᠵᠠᠮ ᠬᠠᠶᠢᠵᠦ ᠶᠠᠭᠠᠷᠠᠭᠰᠠᠨ ᠪᠤᠯᠬᠤᠷ ᠤᠷᠴᠢᠮ ᠤᠨ ᠠᠷᠪᠠᠭᠠᠳ ᠵᠢᠯ ᠨᠢᠭᠡ ᠤᠳᠠᠭ᠎ᠠ ᠴᠤ | ᠠᠭᠤᠯᠵᠠᠵᠦ ᠦᠩᠭᠡᠷᠡᠭᠡ ᠦᠭᠡᠢ᠃ | ᠭᠡᠲᠡᠯ᠎ᠡ ᠶᠠᠭ ᠡᠨᠡ ᠬᠠᠪᠤᠷ ᠬᠦᠬᠡᠬᠤᠳᠠ ᠳᠤ ᠪᠠᠶᠢᠬᠤ ᠦᠶᠡᠰ ᠨᠢᠭᠡ ᠬᠠᠭᠤᠴᠢᠨ ᠨᠠᠶᠢᠵᠢ ᠸᠢᠴᠠᠲ ᠢᠷᠡᠭᠦᠯᠵᠦ | ᠄ | —— ᠬᠦᠢ᠂ ︽ᠶᠡᠷᠦᠩᠬᠡᠢ ᠨᠠᠶᠢᠷᠠᠭᠤᠯᠤᠭᠴᠢ︾ ᠪᠠᠷ᠎ᠠ ᠲᠠᠰᠤᠷᠠᠭᠠᠳ ᠬᠤᠶᠠᠷ ᠬᠤᠨᠤᠵᠤ ᠪᠠᠶᠢᠨ᠎ᠠ ᠭᠡᠨ᠎ᠡ᠂ | ᠰᠤᠨᠤᠰᠬᠤᠯᠠᠷ ᠰᠤᠭᠳᠤᠭᠤ ᠪᠠᠷ ᠬᠡᠷᠡᠮ ᠵᠠᠪᠰᠠᠷ ᠬᠡᠪᠳᠡᠵᠦ ᠪᠠᠶᠢᠵᠦ ᠭᠡᠨ᠎ᠡ᠃ ᠤᠳᠠᠰᠤ ᠨᠢ ᠨᠡᠪᠳᠡᠷᠡᠬᠦ ᠦᠭᠡᠢ᠂ ᠴᠢ | ᠲᠡᠭᠦᠨ ᠤ ᠬᠠᠪᠢᠯᠳᠠᠭᠤ ᠪᠠᠶᠢᠳᠠᠭ ᠶᠠᠪᠤᠳᠠᠭ ᠰᠠᠭᠤᠳᠠᠭ ᠭᠠᠵᠠᠷ ᠢ ᠨᠢ ᠮᠡᠳᠡᠳᠡᠭ ᠨᠢᠭᠡ ᠳᠤ ᠨᠢ ᠴᠢᠮᠡᠭᠡ ᠦᠭᠭᠦᠭᠡᠲᠡᠭᠡ ᠁ | ᠭᠡᠯᠡ᠃ ᠲᠡᠭᠡᠭᠡᠳ ᠯᠠ ᠪᠠᠭ᠋ᠠᠨ ᠬᠦᠯ ᠪᠤᠯᠵᠤ ᠶᠡᠷᠦ ᠳᠤ ᠪᠠᠨ ᠵᠦᠭ ᠵᠦᠭ ᠲᠡᠭᠡᠨ ᠶᠠᠭᠠᠷᠠᠯᠳᠤᠭᠠᠳ ᠤᠯᠢᠭᠲᠠᠢ | ᠠᠭᠤᠯᠵᠠᠵᠦ ᠠᠮᠵᠢᠳᠠᠭ ᠦᠭᠡᠢ ᠤᠯᠠᠭᠤᠯᠠ ᠪᠠᠨ ᠤᠳᠠᠰᠤ ᠲᠠᠮᠵᠢᠨ ᠡᠷᠢᠯ ᠰᠤᠷᠠᠯ ᠲᠠᠯᠪᠢᠵᠠᠭᠠᠯᠠ᠃ ᠮᠠᠷᠭᠠᠰᠢ ᠨᠢ | ᠨᠢᠭᠡ ᠨᠢ ᠤᠯᠤᠭᠠᠳ ᠠᠪᠴᠠᠢ᠃ ︽ᠶᠡᠷᠦᠩᠬᠡᠢ ᠨᠠᠶᠢᠷᠠᠭᠤᠯᠤᠭᠴᠢ︾ ᠮᠠᠨᠢ ᠠᠷᠢᠬᠢᠨ ᠳᠤ ᠬᠡᠴᠡᠭᠦᠦ ᠤᠷᠤᠵᠤ᠂ | ᠵᠠᠷᠢᠮ ᠳᠠᠭᠠᠨ ᠲᠠᠯ᠎ᠠ ᠪᠡᠶ᠎ᠡ ᠨᠢ ᠪᠠᠰᠠ ᠮᠢᠨᠴᠤᠭᠦᠷᠠᠳᠡᠭ ᠬᠠᠭᠤᠴᠢᠨ ᠲᠠᠢ ᠪᠤᠯᠴᠢᠬᠠᠭᠰᠠᠨ ᠶᠤᠮ ᠪᠠᠶᠢᠨ᠎ᠠ᠃ ᠵᠤᠯ ᠢᠶᠠᠷ | ᠵᠡᠭᠡᠯᠢ ᠲᠡᠭᠡᠷ᠎ᠡ ᠡᠷᠡᠭᠦᠯ ᠰᠤᠭᠳᠤᠭᠤ ᠶᠢᠨ ᠬᠤᠭᠤᠷᠤᠨᠳᠤ ᠬᠡᠪᠳᠡᠵᠦ ᠪᠠᠶᠢᠬᠤ ᠳᠤ ᠨᠢ ᠴᠠᠭᠳᠠᠭ᠎ᠠ ᠤᠯᠵᠤ ᠠᠪᠤᠭᠠᠳ | ᠠᠷᠠᠴᠢᠯᠠᠵᠦ ᠪᠠᠶᠢᠭᠰᠠᠨ ᠠᠵᠢ᠃ ᠤᠯᠵᠤ ᠠᠪᠤᠭᠰᠠᠨ ᠨᠠᠶᠢᠵᠢ ᠪᠠᠰᠠ ᠤᠯᠠᠨ ᠤ ᠰᠠᠨᠠᠭ᠎ᠠ ᠶᠢ ᠠᠮᠠᠷᠠᠭᠠᠬᠤ ᠶᠢᠨ | ᠲᠦᠯᠦᠭᠡ ᠭᠠᠷ ᠤᠳᠠᠰᠤ ᠪᠠᠷ ᠪᠠᠨ ᠰᠢᠩᠭᠡᠭᠡᠯᠳᠡ ᠬᠢᠵᠦ ᠢᠷᠡᠭᠦᠯᠵᠡᠢ᠃ ᠰᠢᠩᠭᠡᠭᠡᠯᠳᠡ ᠲᠤᠲᠤᠷ᠎ᠠ ᠨᠤᠲᠤᠭ ᠤᠨ | ᠲᠡᠭᠦᠦ ᠮᠢᠨᠢ ᠮᠦᠨ ᠤᠤᠯ ᠶᠢᠨ ᠲᠡᠷᠡ ᠵᠠᠩ ᠢᠶᠠᠷ ᠢᠶᠠᠨ ᠲᠤᠷᠤᠭᠰᠢ ᠬᠠᠷᠠᠴᠢᠬᠠᠭᠰᠠᠨ ᠨᠠᠮᠤᠭᠤᠬᠠᠨ ᠢᠨᠢᠶᠡᠮᠰᠦᠭᠯᠡᠵᠦ | ᠪᠠᠶᠢᠨ᠎ᠠ᠃ ᠭᠡᠪᠡᠴᠦ ᠭᠡᠵᠢᠭᠡ ᠨᠢ ᠬᠠᠭᠠᠰ ᠪᠤᠭᠤᠷᠤᠯᠳᠤᠵᠤ᠂ ᠠᠷᠠᠢ ᠲᠠᠪᠢ ᠬᠦᠷᠦᠭᠡ ᠦᠭᠡᠢ ᠢᠳᠡᠷ ᠨᠠᠰᠤᠨ ᠤ | ᠬᠦᠮᠦᠨ ᠭᠡᠵᠦ ᠢᠳᠡᠭᠡᠮᠡᠷ ᠦᠭᠡᠢ ᠪᠤᠯᠵᠠᠢ᠃ | ᠲᠠᠬᠢᠭᠠᠳ ᠨᠢᠭᠡ ᠬᠤᠨᠤᠬᠤ ᠳᠤ ᠨᠤᠲᠤᠭ ᠲᠤ ᠨᠢ ᠬᠦᠷᠭᠡᠬᠦ ᠰᠤᠷᠠᠭ ᠭᠠᠷᠤᠯ᠎ᠠ᠃ ᠪᠡᠶ᠎ᠡ ᠨᠢ ᠮᠠᠭᠤᠳᠠᠵᠦ᠂ ᠠᠶ᠎ᠠ | ᠦᠭᠡᠶᠢᠳᠡᠪᠡᠯ ᠠᠯᠢ ᠨᠢᠭᠡ ᠭᠠᠵᠠᠷ ᠤᠨᠠᠵᠦ ᠲᠤᠰᠤᠭᠠᠳ ᠠᠳᠡᠵᠦ ᠬᠡᠨᠡᠳᠡᠬᠦ ᠮᠠᠭᠠᠳ ᠦᠭᠡᠢ ᠲᠤᠯᠠ ᠭᠠᠴᠠᠭᠠᠨ | ᠲᠠᠷᠤᠭ᠎ᠠ ᠲᠠᠢ ᠨᠢ ᠬᠠᠷᠢᠯᠴᠠᠵᠦ ᠲᠡᠶᠢᠮᠦ ᠰᠢᠢᠳᠪᠦᠷᠢ ᠭᠠᠷᠤᠭᠰᠠᠨ ᠠᠵᠢ᠃ ᠬᠠᠷᠢᠨ ᠲᠡᠭᠦᠨ ᠤ ᠠᠬ᠎ᠠ ᠨᠢ | ᠨᠤᠲᠤᠭ ᠠᠴᠠ ᠪᠠᠨ ᠭᠠᠷᠴᠦ ᠦᠵᠡᠭᠡ ᠦᠭᠡᠢ ᠬᠦᠮᠦᠨ ᠪᠤᠯᠬᠤᠷ ᠲᠡᠭᠦᠦ ᠪᠠᠨ ᠲᠤᠰᠬᠤ ᠪᠠᠷ ᠢᠷᠡᠵᠦ ᠴᠢᠳᠠᠬᠤ ᠦᠭᠡᠢ | ᠂ ᠭᠠᠴᠠᠭᠠᠨ ᠲᠠᠷᠤᠭ᠎ᠠ ᠨᠢ ᠢᠷᠡᠬᠦ ᠠᠯᠪᠠ ᠲᠠᠢ ᠪᠤᠯᠵᠠᠢ᠃ ᠭᠡᠪᠡᠴᠦ ︽ᠶᠡᠷᠦᠩᠬᠡᠢ ᠨᠠᠶᠢᠷᠠᠭᠤᠯᠤᠭᠴᠢ︾ ᠮᠠᠨᠢ | ᠨᠢᠭᠡᠨᠳᠡ ᠡᠶᠢᠮᠦ ᠪᠤᠯᠤᠭᠰᠠᠨ ᠤ ᠲᠡᠭᠡᠷ᠎ᠡ ᠬᠦᠬᠡᠬᠤᠳᠠ ᠳᠤ ᠮᠠᠭᠤ ᠶᠠ ᠰᠠᠶᠢᠨ ᠶᠠ ᠬᠤᠷᠢᠨ ᠲᠦᠷᠪᠡᠨ | ᠨᠠᠰᠤᠨ ᠠᠴᠠ ᠪᠠᠨ ᠲᠦᠴᠢᠨ ᠨᠠᠢᠮᠠᠨ ᠨᠠᠰᠤ ᠬᠦᠷᠲᠡᠯ᠎ᠡ ᠶᠠᠭ ᠬᠤᠷᠢᠨ ᠲᠦᠷᠪᠡᠨ ᠵᠢᠯ ᠰᠠᠭᠤᠭᠰᠠᠨ ᠲᠤᠯᠠ ᠶᠠᠭ | ᠡᠶᠢᠮᠦ ᠦᠶᠡᠰ ᠬᠠᠶᠠᠨ ᠳᠤ ᠨᠢ ᠬᠠᠶᠠᠬᠤ ᠤᠴᠢᠷ ᠪᠠᠶᠢᠵᠦ ᠪᠤᠯᠤᠨ᠎ᠠ ᠤᠤ ᠳ᠋ᠠ᠂ ᠡᠴᠦᠰ ᠲᠡᠭᠡᠨ ᠰᠡᠯᠡᠭᠦᠦ ᠲᠠᠢ ᠨᠢᠭᠡ | ᠨᠠᠶᠢᠵᠢ ᠬᠦᠷᠭᠡᠵᠦ ᠦᠭᠭᠦ ᠪᠠᠷ ᠪᠤᠯᠤᠯ᠎ᠠ᠃ ᠬᠠᠷᠢᠨ ᠪᠢ ᠦᠷᠲᠡᠭᠡᠨ ᠳᠤ ᠬᠦᠷᠭᠡᠵᠦ ᠴᠢᠳᠠᠭ᠎ᠠ ᠦᠭᠡᠢ᠂ ᠤᠤᠯ ᠨᠢ | ᠵᠠᠮ ᠶᠢᠨ ᠬᠦᠨᠡᠰᠦ ᠲᠡᠭᠡᠷ᠎ᠡ ᠪᠠᠭ᠋ᠠᠨ ᠵᠠᠷᠤᠳᠠᠯ ᠤᠨ ᠵᠤᠭᠤᠰ ᠪᠠᠷᠢᠭᠤᠯᠵᠤ ᠶᠠᠪᠤᠭᠤᠯᠤᠶ᠎ᠠ ᠭᠡᠵᠦ ᠪᠤᠳᠤᠵᠤ ᠪᠠᠶᠢᠭᠰᠠᠨ | ᠶᠤᠮ᠃ ᠭᠡᠪᠡᠴᠦ ᠶᠠᠪᠤᠬᠤ ᠴᠠᠭ ᠢ ᠨᠢ ᠲᠤᠲᠤᠯᠠᠵᠦ ᠲᠡᠶᠢᠯᠦᠭᠡ ᠦᠭᠡᠢ ᠮᠦᠷᠳᠡᠬᠡᠨ ᠪᠠᠰᠠ ᠡᠨᠡ ᠲᠡᠷᠡ ᠦᠴᠦᠬᠡᠨ | ᠰᠢᠯᠳᠠᠭᠠᠨ ᠳᠤ ᠳᠤᠰᠢᠭᠳᠠᠭᠠᠳ ᠦᠨᠡᠭᠡᠷ ᠬᠦᠷᠭᠡᠵᠦ ᠴᠢᠳᠠᠭ᠎ᠠ ᠦᠭᠡᠢ᠃ ᠬᠠᠷᠢᠨ ᠲᠡᠷᠭᠡᠨ ᠦᠷᠲᠡᠭᠡ ᠤᠷᠤᠭᠤ | ᠤᠷᠤᠬᠤ ᠪᠠᠶᠢᠳᠠᠯ ᠶᠢ ᠨᠢ ᠮᠦᠨ ᠭᠠᠷ ᠤᠳᠠᠰᠤ ᠪᠠᠷ ᠢᠶᠠᠨ᠄ | —— ᠮᠠᠨ ᠤ ︽ᠶᠡᠷᠦᠩᠬᠡᠢ ᠨᠠᠶᠢᠷᠠᠭᠤᠯᠤᠭᠴᠢ︾ ᠮᠠᠨᠢ ᠠᠶᠠᠨ ᠳᠠᠭᠠᠨ ᠮᠤᠷᠳᠠᠵᠦ ᠭᠠᠷᠤᠯ᠎ᠠ ᠁ ᠭᠡᠵᠦ | ᠨᠠᠭᠠᠳᠤᠮ ᠦᠨᠡᠨ ᠤ ᠬᠤᠭᠤᠷᠤᠨᠳᠤ ᠶᠠᠷᠢᠴᠢᠬᠠᠭᠰᠠᠨ ᠰᠢᠩᠭᠡᠭᠡᠭᠡᠳ ᠮᠠᠨᠤᠰ ᠲᠤ ᠲᠠᠮᠵᠢᠭᠤᠯᠵᠠᠢ᠃ ᠰᠢᠩᠭᠡᠭᠡᠯᠳᠡ ᠶᠢ | ᠴᠠᠭᠠᠰᠢ ᠦᠷᠲᠡᠭᠡ ᠤᠷᠤᠭᠤ ᠤᠷᠤᠵᠤ ᠶᠠᠪᠤᠬᠤ ᠳᠤ ᠨᠢ ᠠᠷᠤ ᠠᠴᠠ ᠨᠢ ᠰᠡᠭᠦᠳᠡᠷᠯᠡᠭᠰᠡᠨ ᠪᠦᠭᠡᠳ ᠲᠠᠯ᠎ᠠ ᠬᠦᠯ ᠨᠢ | ᠮᠠᠭᠤᠳᠠᠭᠰᠠᠨ ᠲᠤᠯᠠ ᠬᠦᠷᠭᠡᠬᠦ ᠪᠠᠷ ᠪᠤᠯᠤᠭᠰᠠᠨ ᠨᠠᠶᠢᠵᠢ ᠰᠤᠭᠤᠳᠠᠵᠦ ᠲᠦᠰᠢᠭᠡᠳ ᠠᠯᠬᠤᠵᠤ ᠪᠠᠶᠢᠨ᠎ᠠ᠃ ᠬᠠᠶᠢᠵᠢᠭ | ᠲᠠᠶᠢᠵᠢᠭ ᠢᠶᠠᠨ ᠠᠯᠳᠠᠷᠠᠨ ᠲᠠᠮᠢᠷ ᠮᠠᠭᠤᠲᠠᠢ ᠲᠤᠷᠠᠮᠵᠢᠬᠠᠨ ᠠᠯᠬᠤᠵᠤ ᠶᠠᠪᠤᠭ᠎ᠠ ᠲᠦᠷᠢ ᠶᠢ ᠨᠢ ᠬᠠᠷᠠᠭᠠᠳ ᠮᠢᠨᠦ | ᠰᠡᠳᠭᠢᠯ ᠬᠡᠨᠡᠳᠳᠡ ᠰᠤᠨᠢᠨ ᠪᠤᠯᠵᠤ ᠬᠠᠮᠠᠷ ᠭᠠᠰᠢᠭᠤ ᠤᠷᠭᠢᠨ ᠨᠢᠯᠪᠤᠰᠤ ᠲᠦᠯᠬᠢᠯᠡᠪᠡ᠃ ᠨᠤᠲᠤᠭ ᠤᠨ ᠲᠡᠭᠦᠦ ᠮᠢᠨᠢ | ᠠᠷᠭ᠎ᠠ ᠦᠭᠡᠢ ᠳᠡᠭᠡᠨ ᠶᠠᠪᠤᠵᠤ ᠪᠠᠶᠢᠭ᠎ᠠ ᠠᠴᠠ ᠪᠢᠰᠢ ᠦᠨᠡᠨ ᠳᠤ ᠪᠠᠨ ᠵᠠᠯᠠᠭᠤ ᠬᠠᠯᠠᠭᠤᠨ ᠨᠠᠰᠤᠨ ᠤ ᠪᠠᠨ ᠤᠯᠠᠩᠬᠢ | ᠴᠠᠭ ᠢ ᠦᠷᠡᠭᠡᠭᠰᠡᠨ ᠬᠦᠬᠡᠬᠤᠳᠠ ᠠᠴᠠ ᠪᠠᠨ ᠰᠠᠯᠬᠤ ᠲᠤᠷ᠎ᠠ ᠦᠭᠡᠢ ᠪᠠᠶᠢᠭ᠎ᠠ ᠶᠤᠮ ᠤᠤ ᠳ᠋ᠠ︖ | ᠬᠤᠷᠢᠨ ᠲᠦᠷᠪᠡᠨ ᠵᠢᠯ ᠤᠨ ᠡᠮᠤᠨ᠎ᠡ ᠨᠤᠲᠤᠭ ᠤᠨ ᠲᠡᠭᠦᠦ ᠮᠢᠨᠢ ᠨᠠᠶᠢᠷᠠᠭᠤᠯᠤᠭᠴᠢ ᠪᠤᠯᠬᠤ ᠬᠦᠰᠡᠯ ᠡᠪᠤᠷᠯᠠᠨ | ᠬᠦᠬᠡᠬᠤᠳᠠ ᠳᠤ ᠢᠷᠡᠭᠰᠡᠨ ᠶᠤᠮ᠃ ᠬᠦᠰᠡᠯ ᠨᠢ ᠪᠡᠶᠡᠯᠡᠭᠳᠡᠭᠡ ᠦᠭᠡᠢ ᠴᠤ ᠶᠠᠭᠠᠬᠢᠬᠤ ᠪᠤᠢ᠂ ᠬᠦᠰᠡᠯ ᠨᠢ ᠪᠠᠶᠢᠳᠠᠭ | ᠤᠷᠴᠢᠨ ᠲᠤᠭᠤᠷᠢᠨ ᠳᠤ ᠬᠤᠷᠢᠨ ᠲᠦᠷᠪᠡᠨ ᠵᠢᠯ ᠠᠮᠢᠳᠤᠷᠠᠵᠠᠢ᠃ ᠤᠳᠤ ᠲᠡᠷᠡ ᠨᠤᠲᠤᠭ ᠲᠠᠭᠠᠨ ᠶᠠᠪᠤᠬᠤ ᠪᠠᠷ | ᠪᠤᠯᠤᠯ᠎ᠠ᠃ ᠲᠡᠷᠡ ᠮᠦᠷᠲᠡᠭᠡᠨ ᠲᠠᠬᠢᠵᠦ ᠢᠷᠡᠵᠦ ᠲᠡᠶᠢᠯᠬᠦ ᠦᠭᠡᠢ ᠪᠠᠷ ᠶᠠᠪᠤᠬᠤ ᠭᠡᠵᠦ ᠪᠠᠶᠢᠨ᠎ᠠ᠃ ᠡᠶᠢᠮᠦ ᠠᠴᠠ ᠡᠨᠡ | ᠨᠢ ᠤᠤᠯ ᠤᠨ ᠲᠡᠷᠡ ᠬᠦ ᠰᠢᠨᠡᠯᠡᠬᠦ ᠪᠤᠶᠤ ᠰᠡᠯᠡᠬᠦᠦ ᠪᠠᠷ ᠢᠶᠠᠨ ᠶᠠᠪᠤᠵᠤ ᠪᠠᠶᠢᠬᠤ ᠲᠠᠢ ᠠᠳᠠᠯᠢ ᠦᠭᠡᠢ᠃ | ᠲᠦᠬᠦᠮ ᠢᠶᠠᠷ ᠬᠡᠯᠡᠪᠡᠯ ᠵᠦᠪᠬᠡᠨ ᠬᠦᠬᠡᠬᠤᠳᠠ ᠡᠴᠠᠭᠠᠷᠴᠦ ᠶᠠᠪᠤᠵᠤ ᠪᠠᠶᠢᠭ᠎ᠠ ᠲᠡᠳᠦᠢ ᠪᠢᠰᠢ᠂ ᠬᠠᠷᠢᠨ ᠬᠦᠰᠡᠵᠦ | ᠢᠷᠡᠭᠰᠡᠨ ᠬᠦᠰᠡᠯ ᠠᠴᠠ ᠠᠴᠠ ᠭᠠᠷᠴᠦ ᠶᠠᠪᠤᠵᠤ ᠪᠠᠶᠢᠭ᠎ᠠ ᠰᠢᠦ ᠳ᠋ᠠ᠃ ᠡᠷᠭᠢᠰᠢ ᠦᠭᠡᠢ ᠪᠠᠷ ᠭᠠᠷᠴᠦ ᠶᠠᠪᠤᠵᠤ | ᠪᠠᠶᠢᠨ᠎ᠠ ᠁ | ᠰᠢᠩᠭᠡᠭᠡᠯᠳᠡ ᠶᠢ ᠬᠠᠷᠠᠭᠰᠠᠨ ᠤ ᠲᠠᠷᠠᠭ᠎ᠠ ᠪᠢ ᠰᠡᠳᠬᠢᠯ ᠤᠶᠢᠮᠤᠷᠠᠭᠠᠳ ᠶᠠᠭ ᠭᠤᠷᠢ ᠦᠭᠡᠢ ᠪᠤᠯᠬᠤᠷ ᠠᠩᠬ᠎ᠠ | ᠵᠢᠵᠢᠭ ᠪᠠᠶᠢᠰᠢᠩ ᠶᠢ ᠬᠠᠮᠳᠤᠷᠠᠨ ᠲᠦᠷᠢᠶᠡᠰᠦᠯᠡᠵᠦ ᠰᠠᠭᠤᠭᠰᠠᠨ ᠠᠭᠤᠯᠠ ᠠᠬ᠎ᠠ ᠶᠢᠨ ᠲᠡᠷᠭᠡᠳᠡ ᠤᠴᠢᠵᠠᠢ᠃ | ᠠᠭᠤᠯᠠ ᠠᠬ᠎ᠠ ᠤᠳᠤ ᠦᠨᠡᠨ ᠬᠦ ᠨᠠᠶᠢᠷᠠᠭᠤᠯᠤᠭᠴᠢ ᠪᠤᠯᠴᠢᠬᠠᠭᠠᠳ ᠪᠠᠶᠢᠭ᠎ᠠ ᠮᠦᠷᠳᠡᠬᠡᠨ ᠦᠨᠦᠲᠦᠷ ᠭᠠᠷᠠᠭ ᠤᠨ | ᠠᠮᠠᠷᠠᠯᠳᠠ ᠲᠤᠬᠢᠶᠠᠯᠳᠤᠵᠠᠢ᠃ ᠪᠢ ᠲᠡᠷᠭᠡᠨ ᠳᠤ ᠰᠠᠭᠤᠭ᠎ᠠ ᠦᠭᠡᠢ᠂ ᠵᠤᠷᠢᠭᠤᠳᠠ ᠶᠠᠪᠠᠭᠠᠨ ᠶᠠᠪᠤᠪᠠ᠃ ᠲᠡᠭᠡᠪᠡᠯ | ᠲᠤᠲᠤᠷ᠎ᠠ ᠢᠯᠡᠭᠦᠦ ᠠᠮᠠᠷᠠᠬᠤ ᠰᠢᠭ᠋ ᠁ ᠵᠠᠮ ᠤᠨ ᠬᠠᠵᠠᠭᠤ ᠶᠢᠨ ᠮᠤᠳᠤᠳ ᠪᠦᠷ ᠨᠤᠭᠤᠭᠠᠷᠠᠵᠦ᠂ ᠠᠰᠠᠷ ᠤᠨ | ᠡᠩᠭᠡᠷ ᠤᠨ ᠵᠠᠳᠠᠭᠠᠢ ᠭᠠᠵᠠᠷ ᠲᠡᠭᠡᠷᠡᠬᠢ ᠨᠢᠭᠡ ᠪᠦᠯᠦᠭ ᠲᠤᠭᠤᠷ ᠤᠨ ᠮᠤᠳᠤ ᠴᠡᠴᠡᠭᠯᠡᠴᠢᠬᠡᠭᠰᠡᠨ ᠬᠠᠷᠠᠭᠳᠠᠨ᠎ᠠ᠃ | ᠭᠡᠪᠡᠴᠦ ᠮᠢᠨᠦ ᠰᠡᠳᠬᠢᠯ ᠡᠨᠡ ᠰᠠᠶᠢᠬᠠᠨ ᠦᠵᠡᠮᠵᠢ ᠳᠤ ᠰᠤᠭᠳᠤᠭᠤᠷᠠᠵᠤ ᠴᠢᠳᠠᠭᠰᠠᠨ ᠦᠭᠡᠢ ᠃ | ᠠᠭᠤᠯᠠ ᠠᠬ᠎ᠠ ᠨᠠᠳᠠ ᠳᠤ ᠲᠦᠷᠦᠭᠦᠬᠡᠨ ᠬᠤᠳᠠ ᠶᠢᠨ ᠲᠡᠭᠦᠷᠭᠡ ᠠᠴᠠ ᠲᠡᠭᠦᠵᠦ ᠠᠪᠴᠢᠷᠠᠭᠰᠠᠨ | ᠬᠠᠯᠠᠭᠠᠢ ᠪᠠᠷ ᠢᠶᠠᠨ ᠱᠦᠯᠦ ᠲᠠᠲᠠᠵᠤ᠂ ᠦᠪᠡᠷ ᠤᠨ ᠭᠠᠷ ᠢᠶᠠᠷ ᠪᠠᠨ ᠲᠠᠰᠤᠯᠤᠭᠤᠷ ᠲᠠᠩ ᠬᠢᠵᠦ ᠢᠳᠡᠭᠦᠯᠪᠡ᠃ | ᠲᠠᠷᠠᠭ᠎ᠠ ᠨᠢ ᠪᠠᠰᠠ ᠠᠬ᠎ᠠ ᠲᠡᠭᠦᠦ ᠬᠤᠶᠠᠭᠤᠯᠠ ᠬᠠᠷ᠎ᠠ ᠠᠷᠢᠬᠢ ᠵᠠᠳᠠᠯᠤᠨ ᠵᠤᠭᠤᠭᠳᠠᠵᠤ ᠰᠠᠭᠤᠵᠠᠢ᠃ ᠴᠤᠬᠤᠮ | ᠶᠠᠭᠤ ᠵᠤᠭᠤᠭᠳᠠᠭᠰᠠᠨ ᠢᠶᠠᠨ ᠮᠠᠷᠳᠠᠴᠢᠬᠠᠵᠠᠢ᠃ ᠵᠦᠪᠬᠡᠨ᠄ | —— ᠪᠢᠳᠡ ᠡᠳᠦᠢ ᠵᠢᠯ ᠤᠯᠠᠨ ᠶᠠᠭᠤᠮ᠎ᠠ ᠲᠤᠭᠤᠯᠤᠯ᠎ᠠ᠃ ᠶᠢᠷᠳᠢᠨᠴᠤ ᠶᠢᠨ ᠤᠴᠢᠷ ᠢ ᠪᠤᠷᠤᠭᠤᠳᠬᠠᠭᠠᠳ | ᠬᠠᠮᠢᠭ᠎ᠠ ᠬᠦᠷᠦᠨ᠎ᠡ᠂ ᠵᠦᠪᠳᠡᠭᠡᠭᠡᠳ ᠴᠤ ᠬᠠᠮᠢᠭ᠎ᠠ ᠬᠦᠷᠦᠨ᠎ᠡ᠂ ᠭᠡᠪᠡᠴᠦ ᠰᠡᠳᠬᠢᠯ ᠳᠤ ᠦᠯᠡᠳᠡᠭᠰᠡᠨ | ᠤᠴᠢᠷ ᠤᠳ ᠢ ᠬᠡᠨ ᠴᠤ ᠶᠠᠭᠤ ᠴᠤ ᠪᠠᠯᠠᠯᠵᠤ ᠴᠢᠳᠠᠬᠤ ᠦᠭᠡᠢ ᠰᠢᠦ ᠁ ᠭᠡᠵᠦ ᠬᠡᠯᠡᠭᠰᠡᠨ ᠢᠶᠠᠨ ᠯᠠ | ᠴᠡᠭᠡᠵᠢᠯᠡᠵᠦ ᠪᠠᠶᠢᠨ᠎ᠠ ᠁ | ᠬᠠᠪᠤᠷ ᠭᠠᠷᠤᠭᠰᠠᠨ ᠡᠨᠡ ᠤᠴᠢᠷ ᠢ ᠨᠠᠮᠤᠷ ᠪᠤᠯᠬᠤ ᠳᠤ ᠪᠢᠴᠢᠵᠦ ᠪᠠᠷᠠᠭᠠᠳ ᠲᠤᠲᠤᠷ᠎ᠠ ᠵᠢᠭᠠᠬᠠᠨ ᠠᠭᠤᠵᠢᠷᠠᠬᠤ | ᠰᠢᠭ᠋ ᠪᠤᠯᠤᠯ᠎ᠠ᠃ ᠭᠡᠲᠡᠯ᠎ᠡ ᠲᠠᠬᠢᠭᠠᠳ ᠨᠢᠭᠡ ᠪᠤᠳᠤᠬᠤ ᠳᠤ ᠨᠤᠲᠤᠭ ᠤᠨ ᠲᠡᠭᠦᠦ ᠮᠢᠨᠢ ᠨᠠᠮᠤᠷ ᠰᠢᠭ᠋ ᠰᠡᠳᠬᠢᠯ ᠲᠠᠢ | ᠢᠷᠡᠭᠡᠳ ᠬᠠᠪᠤᠷ ᠰᠢᠭ᠋ ᠪᠤᠳᠤᠯ ᠲᠠᠢ ᠪᠤᠴᠠᠭᠰᠠᠨ ᠴᠤ ᠶᠤᠮ ᠤᠤ ᠳ᠋ᠠ︖ ᠠᠢ ᠳ᠋ᠠ᠂ ᠠᠮᠢᠳᠤᠷᠠᠵᠤ ᠶᠠᠪᠤᠭ᠎ᠠ | ᠬᠦᠮᠦᠰ ᠡ ᠭᠡᠵᠢ ᠁ ᠠᠮᠠᠷ ᠴᠤ ᠦᠭᠡᠢ ᠡ︕ | |