ᠢᠳᠡᠭᠡᠯ ᠬᠦᠨᠳᠦ᠂ ᠡᠭᠦᠷᠭᠡ ᠬᠠᠷᠢᠭᠤᠴᠠᠯᠭ᠎ᠠ᠂ ᠵᠢᠳᠬᠦᠯ ᠲᠡᠮᠡᠦᠯᠡᠯ
ᠨᠡᠶᠢᠲᠡᠯᠡᠭᠰᠡᠨ ᠴᠠᠭ᠄
2021/5/19
              — ᠵᠢᠷᠦᠬᠡ ᠭᠠᠴᠠᠭ᠎ᠠ ᠶᠢᠨ ᠨᠠᠮ ᠤᠨ ᠡᠬᠦᠷ ᠤᠨ ᠱᠦᠵᠢ ᠰᠡᠴᠡᠨᠪᠠᠲᠤ ᠶᠢᠨ ᠲᠤᠬᠠᠢ ᠲᠠᠳᠠᠯᠠᠭ᠎ᠠ                               ᠤᠷᠠᠨᠲ᠋ᠠᠨ᠎ᠠ ᠵᠤᠬᠢᠶᠠᠪᠠ    ᠠᠷᠦ ᠬᠤᠷᠴᠢᠨ ᠬᠤᠰᠢᠭᠤᠨ ᠤ ᠬᠠᠨᠰᠦ᠋ᠮ᠎ᠡ ᠰᠤᠮᠤ ᠶᠢᠨ ᠵᠢᠷᠦᠬᠡ ᠭᠠᠴᠠᠭ᠎ᠠ ᠶᠢᠨ ᠨᠠᠮ ᠤᠨ ᠡᠭᠦᠷ ᠤᠨ ᠱᠦᠵᠢ ᠰᠡᠴᠡᠨᠪᠠᠲᠤ ᠶᠢᠨ ᠭᠠᠴᠠᠭ᠎ᠠ ᠲᠤᠰᠬᠤᠨ ᠤ ᠰᠢᠯᠢᠳᠡᠭ ᠨᠠᠮ ᠤᠨ ᠡᠭᠦᠷ ᠤᠨ ᠱᠦᠵᠢ ᠭᠠᠴᠠᠭᠠᠨ ᠵᠦᠪᠯᠡᠯ ᠤᠨ ᠡᠷᠬᠢᠯᠡᠭᠴᠢ ᠶᠢᠨ ᠬᠤᠪᠢ ᠪᠠᠷ ᠰᠤᠮᠤ ᠰᠢᠶᠠᠩ ᠪᠠᠯᠭᠠᠰᠤ ᠶᠢᠨ ᠠᠵᠢᠯ ᠦᠢᠯᠡᠰ ᠤᠨ ᠤᠷᠤᠨ ᠲᠤᠭ᠎ᠠ ᠲᠠᠢ ᠠᠵᠢᠯᠲᠠᠨ  ᠢᠶᠠᠷ ᠡᠯᠰᠡᠭᠳᠡᠭᠰᠡᠨ ᠰᠠᠶᠢᠬᠠᠨ ᠰᠤᠷᠠᠭ ᠢᠶᠠᠷ ᠰᠤᠷᠪᠤᠯᠵᠢᠯᠠᠬᠴᠢ ᠵᠠᠪᠳᠤᠨ ᠬᠦᠷᠴᠦ ᠰᠤᠷᠪᠤᠯᠵᠢᠯᠠᠭ᠎ᠠ ᠠᠪᠤᠭᠰᠠᠨ ᠶᠤᠮ᠃     ᠠᠬᠠᠮᠠᠳ ᠤᠨ ᠠᠮᠠᠨ ᠠᠴᠠ ᠢᠷᠦᠭᠡᠯ ᠲᠤᠭᠲᠠᠨ᠎ᠠ   1972 ᠤᠨ ᠳᠤ ᠠᠷᠦ ᠬᠤᠷᠴᠢᠨ ᠬᠤᠰᠢᠭᠤᠨ ᠤ ᠬᠠᠨᠰᠦ᠋ᠮ᠎ᠠ ᠰᠤᠮᠤ ᠶᠢᠨ ᠵᠢᠷᠤᠬᠡ ᠭᠠᠴᠠᠭ᠎ᠠ ᠶᠢᠨ ᠮᠠᠯᠴᠢᠨ ᠰᠠᠶᠢᠨᠪᠤᠶᠡᠨ᠂ ᠤᠲᠤᠨᠵᠢᠷᠤᠭ ᠤᠨ ᠤᠤᠭᠠᠨ ᠬᠦᠪᠡᠬᠦᠨ ᠪᠤᠯᠤᠨ ᠵᠠᠶᠠᠭᠠᠭᠰᠠᠨ ᠰᠡᠴᠡᠨᠪᠠᠲᠤ᠂ 1987 ᠤᠨ ᠳᠤ 15 ᠨᠠᠰᠤᠲᠠᠢ ᠳᠠᠭᠠᠨ ᠬᠠᠨᠰᠦ᠋ᠮ᠎ᠡ ᠲᠤᠮᠳᠠᠳᠦ ᠰᠤᠷᠭᠠᠭᠤᠯᠢ ᠠᠴᠠ ᠠᠩᠬ᠎ᠠ ᠲᠤᠮᠳᠠᠳᠦ ᠶᠢᠨ ᠰᠤᠷᠤᠯᠭ᠎ᠠ ᠲᠡᠭᠦᠰᠴᠦ᠂ ᠠᠷᠦ ᠬᠡᠷ ᠤᠨ ᠠᠳᠠᠯ ᠠᠮᠢᠲᠤᠷᠡᠯ ᠤᠨ ᠪᠠᠶᠢᠳᠡᠯ ᠠᠴᠠ ᠪᠠᠨ ᠰᠢᠯᠲᠠᠭᠠᠯᠠᠭᠳᠠᠨ᠂ ᠰᠤᠷᠭᠠᠭᠤᠯᠢ ᠰᠤᠶᠤᠯ ᠤᠨ ᠮᠦᠷ ᠬᠦᠭᠡᠭᠡᠬᠦ ᠬᠦᠰᠡᠯ ᠢᠶᠠᠨ ᠦᠷᠬᠦᠯᠵᠢᠯᠡᠬᠦᠯᠵᠦ ᠲᠡᠶᠢᠯᠦᠭᠰᠡᠨ ᠦᠬᠡᠢ ᠠᠵᠠᠢ᠃ ᠶᠠᠭᠤ ᠪᠦᠬᠦᠨ ᠶᠠᠭᠤᠨ ᠤ ᠪᠠᠨ ᠵᠢᠮ᠎ᠡ ᠪᠠᠶᠢᠳᠠᠭ ᠤᠨ ᠶᠤᠰᠤᠭᠠᠷ ᠰᠡᠴᠡᠨᠪᠠᠲᠤ ᠵᠠᠯᠠᠭᠤ ᠨᠤᠲᠤᠭ ᠠᠮᠢᠲᠠᠢ ᠮᠠᠯᠴᠢᠨ ᠵᠠᠶᠠᠭ᠎ᠠ ᠲᠦᠰᠢᠭᠰᠡᠨ ᠨᠢ ᠡᠨᠡ ᠠᠵᠠᠢ᠃    ᠬᠦᠳᠡᠭᠡ ᠳᠡᠭᠡᠨ ᠪᠤᠴᠠᠭᠰᠠᠨ ᠰᠡᠴᠡᠪᠠᠲᠤ᠂ ᠠᠵᠢᠯ ᠬᠦᠳᠡᠯᠮᠦᠷᠢ ᠳᠤ ᠡᠷᠡᠮᠬᠡᠶᠢᠯᠡᠨ ᠤᠷᠤᠯᠴᠠᠵᠤ᠂ ︽ᠮᠢᠩᠭᠠᠨ ᠮᠡᠷᠭᠡᠵᠢᠯ ᠲᠠᠢ︾ ᠮᠠᠯᠴᠢᠨ ᠢ ︽ᠪᠢᠷ ᠪᠠᠷᠢᠪᠠᠯ ᠪᠢᠴᠢᠭᠲᠡᠨ᠂ ᠪᠢᠯᠠᠭᠤ ᠰᠢᠳᠡᠪᠡᠯ ᠠᠩᠴᠢᠨ᠂ ᠵᠠᠩᠭᠢᠶ᠎ᠠ ᠵᠡᠭᠦᠪᠡᠯ ᠪᠦᠬᠡᠴᠢᠨ᠂ ᠤᠷᠭ᠎ᠠ ᠲᠤᠬᠤᠶᠢᠯᠠᠪᠠᠯ ᠡᠮᠨᠢᠭᠴᠢᠨ︾ ᠬᠡᠵᠦ ᠲᠦᠷᠰᠦᠯᠡᠳᠡᠭ ᠰᠢᠭ ᠪᠡᠶ᠎ᠡ ᠭᠠᠯᠪᠢᠷ ᠪᠢᠷ᠎ᠠ ᠴᠢᠳᠠᠯ ᠲᠠᠢ᠂ ᠪᠤᠳᠤᠯᠭ᠎ᠠ ᠤᠬᠠᠭᠠᠨ ᠲᠠᠢ ᠠᠵᠢᠯᠰᠠᠭ ᠵᠠᠯᠠᠭᠤ ᠪᠤᠯᠬᠤ ᠪᠠᠨ ᠠᠶᠢᠯ ᠠᠶᠢᠮᠠᠭ᠂ ᠬᠠᠪᠢ ᠲᠦᠰᠦᠷ ᠲᠡᠭᠡᠨ ᠭᠠᠶᠢᠬᠠᠭᠤᠯᠤᠭᠠᠳ ᠦᠭᠬᠦ ᠨᠢ ᠲᠡᠷᠡ᠃    ᠠᠶᠢᠯ ᠤᠰᠤᠨ ᠤ ᠬᠢᠨᠢ ᠠᠬᠠᠰ ᠵᠠᠬᠠᠰ ᠠᠴᠠ ᠠᠬᠢᠭᠤᠯᠤᠭᠠᠳ᠂ ᠠᠬᠠᠮᠠᠳ ᠭᠠᠴᠠᠭ᠎ᠠ ᠵᠦᠪᠯᠡᠯ ᠤᠨ ᠲᠠᠷᠤᠭ᠎ᠠ ᠤᠳᠤᠷᠢᠳᠤᠯᠭ᠎ᠠ ᠨᠠᠷ ᠪᠦᠷ ᠯᠡ ᠡᠷᠡᠬᠡᠢ ᠭᠠᠷᠭᠠᠨ ᠮᠠᠭᠲᠠᠳᠠᠭ ᠢ ᠲᠤᠷᠠᠰᠬᠤᠢ ᠳᠤᠷ ︽ᠠᠬᠠᠮᠠᠳ ᠤᠨ ᠠᠮᠠᠨ ᠠᠴᠠ ᠢᠷᠦᠭᠡᠯ ᠲᠤᠭᠳᠠᠳᠠᠭ︾ ᠭᠡᠵᠦ ᠪᠤᠳᠤᠭᠳᠠᠬᠤ ᠨᠢ᠃ ᠪᠤᠳᠤᠭᠳᠠᠬᠤ ᠶᠢᠨ ᠨᠠᠭᠠᠭᠤᠷ ᠪᠠᠰᠠ ︽ᠢᠷᠦᠭᠡᠯ ᠤᠨ ᠬᠠᠷᠢᠭᠤ ᠬᠠᠶᠢᠷ᠎ᠠ ᠬᠠᠷᠢᠭᠤᠴᠠᠯᠭ᠎ᠠ ᠲᠦᠷᠦᠭᠳᠡᠨ᠎ᠡ︾ ᠬᠡᠵᠦ ᠤᠴᠢᠷᠯᠠᠭᠳᠠᠨᠠᠮ᠃22 ᠲᠠᠢ ᠠᠴᠠ ᠪᠠᠨ ᠲᠤᠮᠳᠡᠳᠦ ᠤᠯᠤᠰ ᠤᠨ ᠡᠪ ᠬᠠᠮᠳᠦ ᠨᠠᠮ ᠳᠤ ᠡᠷᠡᠮᠡᠯᠵᠡᠯᠡᠨ᠂ 27 ᠲᠠᠢ ᠳᠠᠭᠠᠨ ᠢᠷᠠᠭᠤ ᠠᠯᠳᠠᠷᠲᠠᠢ ᠪᠠᠷ ᠨᠠᠮ ᠳᠤ ᠡᠯᠰᠡᠭᠳᠡᠭᠰᠡᠨ ᠭᠠᠯ ᠵᠠᠯᠠᠭᠤ ᠨᠠᠰᠤᠨ ᠤ ᠰᠡᠴᠡᠨᠪᠠᠲᠤ᠂ ︽ᠶᠠᠭᠤ ᠨᠢᠬᠡ ᠶᠢ ᠬᠢᠵᠦ᠂ ᠶᠠᠭᠤ ᠨᠢᠭᠡ ᠶᠢ ᠪᠦᠲᠦᠬᠡᠨ᠂ ᠮᠠᠯᠴᠢᠨ ᠲᠦᠮᠡᠨ ᠳᠡᠭᠡᠨ ᠦᠢᠯᠡᠴᠢᠯᠡᠨ᠂ ᠮᠠᠯᠵᠢᠬᠤ ᠤᠷᠤᠨ ᠤ ᠪᠠᠨ ᠬᠦᠭᠵᠢᠯ ᠴᠡᠴᠡᠭᠯᠡᠯ ᠳᠤ ᠦᠪᠡᠷ ᠤᠨ ᠭᠡᠬᠦ ᠵᠢᠳᠬᠦᠯ ᠢᠶᠠᠨ ᠡᠷᠬᠦᠬᠦ ᠶᠤᠮᠰᠠᠨ︾ ᠭᠡᠬᠦ ᠡᠵᠡᠨ ᠬᠦᠮᠦᠨ ᠤ ᠤᠬᠠᠮᠰᠠᠷ ᠵᠤᠷᠢᠭ ᠤᠷᠭᠢᠯᠤᠩᠬᠠᠨ ᠪᠠᠶᠢᠯ᠎ᠠ᠃ ᠡᠶᠢᠨᠬᠦ ᠰᠡᠴᠡᠨᠪᠠᠲᠤ ᠬᠤᠷᠢᠬᠠᠨ ᠨᠠᠰᠤᠨ ᠠᠴᠠ ᠪᠠᠨ 1992 ᠤᠨ ᠳᠤ ᠭᠠᠴᠠᠭ᠎ᠠ ᠨᠠᠮ ᠤᠨ ᠡᠬᠦᠷ ᠤᠨ ᠠᠵᠢᠯ ᠳᠤ ᠤᠶᠠᠯᠳᠤᠵᠤ᠂ 1994 ᠤᠨ ᠤ ᠭᠠᠴᠠᠭᠠᠨ ᠵᠦᠪᠯᠡᠯ ᠤᠨ ᠬᠤᠶᠠᠳᠤᠭᠠᠷ ᠬᠤᠭᠤᠴᠠᠭ᠎ᠠ ᠶᠢᠨ ᠰᠤᠩᠭᠤᠭᠤᠯᠢ ᠪᠠᠷ ᠲᠠᠮᠵᠢᠨ ᠭᠠᠴᠠᠭᠠᠨ ᠵᠦᠪᠯᠡᠯ ᠤᠨ ᠪᠦᠷᠢᠯᠳᠦᠭᠦᠨ ᠪᠤᠯᠵᠤ᠂ ᠪᠠᠶᠠᠨᠴᠠᠭᠠᠨ ᠲᠤᠭᠤᠶᠢᠯᠡᠩ ‍ᠤᠨ‌‍ᠲ᠋ᠤᠭᠤᠶᠢᠯᠡᠩ ᠤᠨ ᠲᠠᠷᠤᠭ᠎ᠠ᠂ ᠭᠤᠷᠪᠠᠨᠬᠤᠰᠢᠭᠤ ᠭᠠᠴᠠᠭ᠎ᠠ ᠵᠢᠨ‌ᠡᠪᠯᠡᠯ ᠤᠨ ᠡᠬᠦᠷ ᠤᠨ ᠱᠦᠵᠢ ᠶᠢᠨ ᠠᠵᠢᠯ ᠢ ᠬᠠᠷᠢᠭᠤᠴᠠᠨ᠂ 1998 ᠤᠨ ᠤ 10 ᠰᠡᠷ᠎ᠠ ᠠᠴᠠ 2003 ᠤᠨ ᠤ 6 ᠰᠡᠷ᠎ᠠ ᠪᠤᠯᠳᠠᠯ᠎ᠠ ᠭᠤᠷᠪᠠᠨᠬᠤᠰᠢᠭᠤ ᠭᠠᠴᠠᠭ᠎ᠠ ᠵᠢᠨ‌ᠭᠠᠴᠠᠭ᠎ᠠ ᠲᠠᠷᠤᠭ᠎ᠠ ᠪᠠᠷ ᠠᠵᠢᠯᠯᠠᠵᠤ᠂ 2003 ᠤᠨ ᠤ 6 ᠰᠡᠷ᠎ᠠ ᠠᠴᠠ 2010 ᠤᠨ 6 ᠰᠡᠷ᠎ᠠ ᠪᠤᠯᠳᠠᠯ᠎ᠠ ᠵᠢᠷᠤᠬᠡ ᠭᠠᠴᠠᠭ᠎ᠠ ᠶᠢᠨ ᠨᠠᠮ ᠤᠨ ᠡᠬᠦᠷ ᠤᠨ ᠲᠡᠳ᠋ ᠱᠦᠵᠢ᠂ ᠨᠢᠡᠡᠳᠡᠯᠡᠨ ᠪᠤᠲᠤᠨᠨᠴᠢ ᠶᠢᠨ ᠠᠵᠢᠯ ᠢ ᠬᠠᠪᠰᠤᠷᠭᠠᠨ ᠡᠭᠦᠷᠭᠡᠯᠡᠵᠦ ᠪᠠᠶᠢᠵᠠᠢ᠃ ᠵᠠᠯᠠᠭᠤ ᠨᠠᠮ ᠤᠨ ᠬᠡᠰᠢᠬᠦᠨ ᠺᠠᠳ᠋ᠷ ᠢ ᠲᠠᠪᠲᠠᠨ ᠪᠤᠯᠪᠠᠰᠤᠷᠠᠭᠤᠯᠬᠤ ᠵᠤᠷᠢᠯᠭ᠎ᠠ  ᠪᠠᠷ 2007ᠤᠨ ᠠᠴᠠ ᠲᠡᠭᠦᠨ ᠢ ᠦᠪᠤᠷ ᠮᠤᠩᠭᠤᠯ ᠤᠨ ᠨᠠᠮ ᠤᠨ ᠰᠤᠷᠭᠠᠭᠤᠯᠢ ᠳᠤ ᠬᠤᠶᠠᠷ ᠵᠢᠯ ᠰᠤᠷᠤᠯᠴᠠᠭᠤᠯᠤᠭᠰᠠᠨ ᠪᠠᠶᠢᠨ᠎ᠠ᠃ 2010 ᠤᠨ ᠤ 6 ᠰᠡᠷ᠎ᠠ ᠠᠴᠠ ᠵᠢᠷᠣᠬᠡ ᠭᠠᠴᠠᠭ᠎ᠠ ᠶᠢᠨ ᠨᠠᠮ ᠤᠨ ᠡᠬᠦᠷ ᠤᠨ ᠱᠦᠵᠢ ᠪᠠᠷ ᠰᠤᠩᠭᠤᠭᠳᠠᠭᠰᠠᠨ ᠰᠡᠴᠡᠨᠪᠠᠲᠤ ᠶᠢᠨ ᠨᠠᠮ ᠠᠷᠠᠳ ᠲᠦᠮᠡᠨ ᠤ ᠪᠠᠨ ᠢᠳᠡᠭᠡᠯ ᠬᠦᠨᠳᠦ ᠶᠢ ᠡᠷᠭᠦᠵᠦ᠂ ᠢᠳᠡᠭᠡᠯ ᠤᠨ ᠬᠠᠷᠢᠭᠤ ᠲᠠᠯᠠᠷᠬᠠᠯ᠂ ᠲᠠᠯᠠᠷᠬᠠᠯ ᠤᠨ ᠬᠠᠷᠢᠭᠤ ᠡᠬᠦᠷᠭᠡᠯᠡᠯ᠂ ᠡᠬᠦᠷᠭᠡᠯᠡᠯ ᠤᠨ ᠬᠠᠷᠢᠭᠤ ᠵᠢᠳᠬᠦᠯ ᠲᠠᠢ ᠶᠠᠪᠤᠭ᠎ᠠ ᠶᠢ ᠦᠷᠬᠦᠯᠵᠢᠯᠡᠨ ᠦᠭᠦᠯᠡᠰᠦ᠃     ᠵᠢᠷᠦᠬᠡ ᠬᠡᠯᠪᠡᠷᠢᠳᠡᠢ ᠮᠠᠩᠬ᠎ᠠ ᠶᠢᠨ ᠢᠶᠠᠨ ᠨᠡᠷ᠎ᠡ ᠪᠠᠷ ᠵᠢᠷᠦᠬᠡ ᠶᠢᠨ ᠠᠶᠢᠯ ᠪᠤᠯᠤᠬᠰᠠᠨ ᠡᠨᠡ ᠨᠤᠲᠤᠭ ᠤᠨ ᠢᠶᠠᠨ ᠦᠷᠦᠴᠡᠨ ᠳᠤ ᠡᠯᠢᠭᠡ ᠪᠠᠷ ᠢᠶᠠᠨ ᠤᠨᠠᠬᠰᠠᠨ ᠦᠷ᠎ᠡ ᠨᠢ ᠶᠤᠮ ᠪᠤᠯᠬᠤᠷ ᠡᠨᠡ ᠨᠤᠲᠤᠭ ᠤᠨ ᠬᠦᠮᠦᠨ ᠠᠷᠠᠳ ᠨᠢ ᠵᠢᠷᠦᠬᠡᠨ ᠲᠠᠯ᠎ᠠ ᠳᠤ ᠨᠢ ᠪᠠᠶᠢᠳᠠᠭ ᠶᠤᠮ ᠡ ᠬᠡᠵᠦ ᠵᠢᠷᠦᠬᠡ ᠭᠠᠴᠠᠭ᠎ᠠ ᠶᠢᠨ ᠨᠠᠮ ᠤᠨ ᠡᠬᠦᠷ ᠤᠨ ᠱᠦᠵᠢ ᠰᠡᠴᠡᠨᠪᠠᠲᠤ ᠵᠢᠳᠬᠦᠵᠦ ᠢᠷᠡᠭᠰᠡᠨ ᠤᠯᠠ ᠮᠦᠷ ᠢᠶᠠᠷ ᠢᠶᠠᠨ ᠭᠡᠷᠡᠴᠢᠯᠡᠨ᠎ᠡ᠃    ᠬᠠᠨᠰᠦ᠋ᠮ᠎ᠠ ᠰᠤᠮᠤ ᠶᠢᠨ  ᠵᠢᠷᠤᠬᠡ ᠭᠠᠴᠠᠭ᠎ᠠ ᠪᠤᠯ ᠴᠤᠯ ᠮᠠᠯᠵᠢᠬᠤ ᠭᠠᠴᠠᠭ᠎ᠠ ᠪᠠᠶᠢᠵᠤ᠂ ᠭᠤᠷᠪᠡᠨ ᠪᠠᠶᠢᠭᠠᠯᠢ ᠠᠶᠢᠯ ᠢᠶᠠᠷ ᠪᠦᠷᠢᠯᠳᠦᠭᠰᠡᠨ 340 ᠡᠷᠣᠬᠡ᠂ 987 ᠬᠦᠮᠤᠨ ᠠᠮᠠ ᠲᠠᠢ᠂ ᠮᠤᠩᠭᠤᠯ ᠦᠨᠲᠤᠰᠤᠳᠡᠨ ᠢᠶᠠᠷ ᠭᠤᠤᠯᠯᠠᠭᠰᠠᠨ ᠬᠢᠳᠡᠤᠨ᠂ ᠮᠠᠨᠵᠦ ᠦᠨᠲᠤᠰᠤᠳᠡᠨ ᠬᠤᠯᠢᠯᠲᠤᠨ ᠰᠠᠭᠤᠷᠰᠢᠨᠨᠰᠡᠨ ᠦᠨᠳᠦᠰᠦᠲᠡᠨ ᠤ ︽ᠶᠡᠭᠡ ᠭᠡᠷ ᠪᠦᠯᠢ︾ ᠪᠠᠶᠢᠭ᠎ᠠ ᠶᠤᠮ᠃ ᠡᠨᠡ ︽ᠶᠡᠭᠡ ᠭᠡᠷ ᠪᠦᠯᠢ︾ ᠶᠢᠨ ᠠᠵᠢᠯ ᠠᠯᠪᠠ ᠲᠡᠭᠦᠨ ᠤ ᠮᠦᠷᠦᠨ ᠲᠡᠭᠡᠷ᠎ᠡ ᠬᠦᠨᠳᠦᠬᠡᠨ ᠲᠤᠰᠤᠭᠰᠠᠨ ᠭᠡᠳᠡᠭ ᠢ ᠰᠡᠴᠡᠨᠪᠠᠲᠤ ᠪᠠᠷ ᠲᠤᠳᠤᠷᠬᠠᠢ ᠤᠶᠢᠯᠠᠭᠠᠬᠤ ᠪᠦᠭᠡᠳ ᠪᠤᠳᠠᠲᠤ ᠠᠵᠢᠯᠯᠠᠭ᠎ᠠ ᠪᠠᠷ  ᠢᠶᠠᠨ ᠪᠦᠷᠢᠨ ᠪᠡᠶᠡᠯᠡᠬᠦᠯᠬᠦ ᠪᠠᠷ ᠪᠤᠳᠤᠯᠭ᠎ᠠ ᠰᠢᠭᠤᠳᠤᠭᠰᠠᠨ ᠪᠠᠶᠢᠯ᠎ᠠ᠃     ᠲᠡᠬᠡᠬᠦ ᠳᠤ ᠪᠠᠰᠠ ᠲᠠᠪᠲᠠᠯᠲᠠ ᠪᠤᠯᠪᠠᠰᠤᠷᠠᠯ᠂ ᠲᠠᠳᠤᠯᠭ᠎ᠠ ᠲᠤᠷᠰᠢᠯᠭ᠎ᠠ ᠶᠢᠨ ᠶᠠᠪᠤᠴᠠ ᠲᠤᠳᠠᠭᠳᠠᠵᠤ ᠪᠤᠯᠬᠤ ᠦᠬᠡᠢ ᠶᠤᠮ ᠪᠠᠶᠢᠨ᠎ᠠ᠃ ︽ᠭᠠᠴᠠᠭᠠᠨ ᠤ ᠵᠤᠬᠢᠶᠠᠨ ᠪᠠᠶᠢᠭᠤᠯᠤᠯᠲᠠ ᠶᠢᠨ ᠠᠵᠢᠯ ᠢ ᠠᠩᠬ᠎ᠠ ᠭᠠᠷᠳᠡᠨ ᠠᠪᠬᠤ ᠳᠤ ᠬᠠᠮᠢᠭ᠎ᠠ ᠠᠴᠠ ᠨᠢ ᠭᠠᠷ ᠤᠷᠤᠵᠦ᠂ ᠶᠠᠭᠠᠬᠢᠵᠦ ᠬᠢᠬᠦ ᠪᠠᠨ ᠤᠯᠬᠤ ᠦᠬᠡᠢ ᠭᠠᠷ ᠨᠤᠬᠤᠯᠠᠬᠤ ᠦᠶ᠎ᠡ ᠴᠤ ᠲᠤᠬᠢᠶᠠᠯᠳᠤᠵᠤ ᠪᠠᠶᠢᠨᠨᠰᠡᠨ᠂ ᠠᠵᠠ ᠪᠠᠷ ᠠᠬᠠᠮᠡᠤᠨ ᠨᠢᠬᠡ ᠦᠶ᠎ᠠ ᠶᠢᠨ ᠭᠠᠴᠠᠭᠠᠨ ᠤ ᠠᠬᠠᠮᠠᠳ ᠤᠳᠤᠷᠢᠳᠤᠯᠭ᠎ᠠ ᠰᠡᠩᠬᠡ᠂ ᠭᠠᠷᠤᠳᠢ ᠨᠡᠷ ᠤᠨ ᠨᠠᠷᠢᠨ ᠨᠢᠮᠪᠠᠢ ᠵᠢᠭᠠᠨ ᠵᠢᠯᠤᠭᠤᠲᠤᠯᠭ᠎ᠠ ᠬᠢᠭᠡᠳ ᠬᠠᠪᠰᠤᠷᠤᠯᠭ᠎ᠠ ᠲᠡᠮᠵᠢᠯᠭᠡ ᠪᠠᠷ ᠤᠬᠠᠭᠠᠨ ᠬᠦᠯ ᠢ ᠨᠢ ᠠᠶᠠᠨᠳᠠᠭᠠᠨ ᠤᠯᠵᠤ᠂ ᠭᠠᠴᠠᠭ᠎ᠠ ᠶᠢᠨ ᠡᠯ᠎ᠡ ᠲᠦᠷᠦᠯ ᠤᠨ ᠠᠵᠢᠯ ᠪᠠ ᠮᠠᠯᠴᠢᠳ ᠤᠨ ᠦᠢᠯᠡᠳᠪᠦᠷᠢᠯᠡᠯ ᠠᠮᠢᠳᠤᠷᠠᠯ ᠤᠨ ᠪᠠᠶᠢᠳᠠᠯ ᠢ ᠪᠦᠬᠦ ᠲᠠᠯ᠎ᠠ ᠪᠠᠷ ᠤᠶᠢᠯᠠᠭᠠᠬᠤ ᠪᠤᠯᠤᠭᠰᠠᠨ︾ ᠬᠡᠬᠦ ᠰᠡᠴᠡᠨᠪᠠᠲᠤ ᠶᠢᠨ ︽ᠭᠠᠷ ᠢ ᠨᠢ ᠭᠠᠨᠵᠤᠭᠠᠨ ᠳᠤ᠂ ᠬᠦᠯ ᠢ ᠨᠢ ᠲᠦᠷᠦᠭᠡᠨ ᠳᠤ ᠬᠦᠷᠭᠡᠭᠰᠡᠨ︾ ᠠᠴᠢᠳᠠᠳ ᠢᠶᠠᠨ ᠲᠤᠷᠠᠰᠤᠨ ᠶᠠᠷᠢᠬᠤ  ᠨᠢ ᠰᠤᠨᠤᠰᠪᠤᠷᠢᠲᠠᠢ᠃       ᠲᠦᠪ ᠭᠤᠤᠯᠴᠢ ᠠᠷᠢᠭᠤᠨ ᠴᠢᠭᠡᠴᠢ᠂ ᠢᠯᠡᠵᠢᠭᠦᠯᠦᠯᠲᠡ ᠶᠢ ᠲᠦᠮᠡᠨ ᠤᠯᠠᠨ ᠢᠶᠠᠷ ᠢᠶᠠᠨ ᠬᠦᠷᠢᠶᠡᠯᠡᠨ᠎ᠡ     2010 ᠤᠨ ᠳᠤ ᠭᠠᠴᠠᠭ᠎ᠠ ᠶᠢᠨ ᠨᠠᠮ ᠤᠨ ᠡᠭᠦᠷ ᠤᠨ ᠱᠦᠵᠢ ᠪᠤᠯᠤᠬᠰᠠᠨ ᠤ ᠬᠤᠪᠢ ᠳᠤ ᠰᠡᠴᠡᠡᠪᠡᠳᠦ᠂ ᠦᠨᠳᠦᠰᠦᠨ ᠱᠠᠲᠤᠨ ᠤ ᠨᠠᠮ ᠤᠨ ᠵᠤᠬᠢᠶᠠᠨ ᠪᠠᠶᠢᠭᠤᠯᠤᠯᠲᠠ ᠶᠢᠨ ᠲᠠᠶᠢᠴᠢᠨ ᠦᠢᠯᠡᠳᠦᠯ ᠢ ᠦᠨᠡᠨᠬᠦ ᠪᠠᠳᠠᠷᠠᠭᠤᠯᠤᠨ᠂ ᠦᠨᠳᠦᠰᠦᠨ ᠱᠠᠲᠤᠨ ᠤ ᠨᠠᠮ ᠤᠨ ᠬᠡᠰᠢᠭᠦᠳ ᠤᠨ ᠦᠵᠡᠯ ᠤᠬᠠᠮᠰᠠᠷ ᠢ ᠤᠯᠠᠮ ᠨᠢᠬᠡ ᠠᠯᠬᠤᠮ ᠲᠡᠭᠡᠭᠰᠢᠯᠡᠬᠦᠯᠬᠦ᠂ ᠦᠨᠳᠦᠰᠦᠨ‌‍ᠱᠠᠲᠤᠨ ᠤ ᠨᠠᠮ ᠤᠨ ᠬᠡᠰᠢᠬᠦᠨ ᠤ ᠡᠩᠨᠡᠭᠡ ᠶᠢᠨ ᠪᠦᠳᠦᠭᠡᠨ ᠪᠠᠶᠢᠭᠤᠯᠤᠯᠲᠠ ᠶᠢ ᠴᠢᠩᠭᠠᠳᠬᠠᠬᠤ ᠪᠠᠷ ᠨᠠᠮ ᠤᠨ ᠬᠡᠰᠢᠭᠦᠳ ᠤᠨ ᠬᠤᠰᠢᠭᠤᠴᠢ ᠵᠢᠱᠢᠶᠡᠴᠢ ᠦᠢᠯᠡᠳᠦᠯ ᠢ ᠨᠡᠩ ᠰᠠᠶᠢᠨ ᠪᠠᠳᠠᠷᠠᠭᠤᠯᠬᠤ ᠶᠢᠨ ᠲᠦᠯᠦᠭᠡ ᠦᠨᠳᠦᠷ ᠪᠦᠳᠦᠮᠵᠢᠲᠠᠢ ᠠᠵᠢᠯ ᠤᠨ ᠠᠷᠭ᠎ᠠ ᠠᠪᠴᠠᠯ ᠠᠪᠤᠭᠰᠠᠨ ᠪᠠᠶᠢᠨ᠎ᠠ᠃ ᠬᠤᠷᠢᠭᠠᠳ ᠲᠦᠮᠡᠨ ᠲᠦᠬᠦᠷᠢᠭ ᠤᠨ ᠪᠠᠯᠨ ᠤᠷᠤᠭᠤᠯᠤᠨ᠂ 80 ᠲᠡᠭᠰᠢ ᠲᠦᠷᠪᠡᠯᠵᠢᠨ ᠮᠧᠲᠷ ᠪᠦᠬᠦᠢ ᠨᠠᠮ ᠤᠨ ᠭᠡᠰᠢᠭᠦᠨ ᠤ ᠠᠵᠢᠯᠯᠠᠭᠠᠨ ᠤ ᠬᠡᠷ ᠪᠠ 200 ᠲᠡᠭᠰᠢ ᠲᠦᠷᠪᠡᠯᠵᠢᠨ ᠮᠧᠲᠷ ᠪᠦᠬᠦᠢ ᠨᠠᠮ ᠤᠨ ᠪᠠᠶᠢᠭᠤᠯᠤᠯᠳᠡ ᠶᠢᠨ ᠦᠵᠡᠬᠦᠯᠤᠯᠬᠡ ᠶᠢᠨ ᠤᠷᠲᠤᠨ ᠲᠤᠰ ᠪᠦᠷᠢ ᠨᠢᠭᠡ ᠰᠠᠭᠤᠷᠢ ᠪᠠᠶᠢᠭᠤᠯᠵᠤ᠂ ᠦᠨᠳᠦᠷ ᠪᠠᠷᠢᠮᠵᠢᠶᠠᠲᠤ ᠤᠯᠠᠨ ᠴᠢᠳᠠᠮᠵᠢᠳᠤ ᠠᠵᠢᠯᠯᠠᠭᠠᠨ ᠤ ᠭᠡᠷ ᠢ ᠲᠦᠬᠦᠷᠵᠢᠬᠦᠯᠦᠭᠰᠡᠨ ᠢᠶᠠᠷ ᠪᠦᠬᠦ ᠰᠤᠮᠤ ᠳᠠᠭᠠᠨ ᠬᠠᠮᠤᠭ ᠠᠩᠬ᠎ᠠ ᠨᠠᠮ ᠤᠨ ᠬᠡᠰᠢᠭᠦᠨ ᠤ ᠪᠤᠯᠪᠠᠰᠤᠷᠠᠯ ᠤᠨ ᠰᠠᠭᠤᠷᠢᠨ  ᠢ ᠠᠮᠵᠢᠯᠲᠠ ᠲᠠᠢ ᠨᠡᠭᠡᠭᠡᠭᠰᠡᠨ ᠭᠠᠴᠠᠭ᠎ᠠ ᠪᠤᠯᠪᠠ᠃       ᠨᠠᠮ ᠤᠨ ᠠᠵᠢᠯ ᠢ ᠰᠠᠶᠢᠨ ᠬᠢᠬᠦ ᠶᠢᠨ ᠰᠠᠭᠤᠷᠢ ᠨᠢ ᠨᠠᠮ ᠤᠨ ᠬᠡᠰᠢᠬᠦᠨ ᠤ ᠤᠯᠤᠰ ᠲᠦᠷᠦ ᠦᠵᠡᠯ ᠰᠠᠨᠠᠭᠠᠨ ᠤ ᠰᠤᠷᠤᠯᠴᠠᠯᠭ᠎ᠠ ᠶᠢ ᠰᠠᠶᠢᠳᠤᠷ ᠠᠳᠬᠤᠭᠰᠠᠨ ᠳᠤ ᠪᠤᠢ᠃ ᠨᠠᠮ ᠤᠨ ᠡᠭᠦᠷ ᠤᠨ ᠱᠦᠵᠢ ᠰᠡᠴᠡᠡᠪᠡᠳᠦ᠂ ᠨᠠᠮ ᠤᠨ ᠬᠡᠰᠢᠬᠦᠨ ᠤ ᠬᠠᠮᠤᠭ ᠦᠨᠳᠦᠰᠦᠨ ᠤᠯᠤᠰ ᠲᠦᠷᠦ ᠶᠢᠨ ᠠᠮᠢᠳᠤᠷᠠᠯ ᠤᠨ ︽ᠭᠤᠷᠪᠠᠨ ᠬᠤᠷᠠᠯ ᠨᠢᠭᠡ ᠬᠢᠴᠢᠶᠡᠯ︾  ᠢᠶᠠᠨ ᠢᠮᠠᠬᠲᠠ ᠪᠠᠷᠢᠮᠲᠠᠯᠠᠨ᠂ ︽5321︾ ᠠᠵᠢᠯ ᠶᠠᠪᠤᠳᠠᠯ ᠰᠢᠢᠳᠪᠦᠷᠢᠯᠡᠬᠦ ᠵᠤᠬᠢᠴᠠᠮᠵᠢ ᠶᠢ ᠪᠦᠬᠦ ᠲᠠᠯ᠎ᠠ ᠪᠠᠷ ᠬᠡᠷᠡᠭᠵᠢᠬᠦᠯᠵᠦ᠂ ᠨᠠᠮ ᠤᠨ ᠬᠡᠰᠢᠬᠦᠨ ᠺᠠᠳ᠋ᠷ ᠤᠨ ᠬᠠᠷᠠᠯᠲᠠ ᠠᠮᠠᠯᠠᠯᠲᠠ᠂ ᠡᠳ᠋ ᠤᠨ ᠶᠠᠪᠤᠳᠠᠯ ᠭᠠᠴᠠᠭ᠎ᠠ ᠶᠢᠨ ᠶᠠᠪᠤᠳᠠᠯ ᠢᠯᠡ ᠪᠠᠶᠢᠬᠤ᠂ ᠴᠢᠬᠤᠯᠠ ᠶᠡᠭᠡ ᠤᠴᠢᠷ ᠶᠠᠪᠤᠳᠠᠯ ᠢ ᠠᠷᠠᠳᠴᠢᠯᠠᠯ ᠢᠶᠠᠷ ᠰᠢᠢᠳᠪᠦᠷᠢᠯᠡᠬᠦ ᠪᠠᠷ ᠭᠤᠤᠯ ᠪᠤᠯᠭᠠᠬᠰᠠᠨ ᠠᠷᠠᠳᠴᠢᠯᠠᠯᠲᠤ ᠬᠠᠮᠢᠶᠠᠷᠤᠯᠲᠠ ᠶᠢᠨ ᠰᠢᠰᠲ᠋ᠧᠮ ᠢ ᠪᠦᠷᠢᠨ ᠲᠡᠭᠦᠯᠳᠡᠷᠵᠢᠭᠦᠯᠪᠡ᠃    ᠲᠡᠷᠡ ᠪᠠᠷ ︽ᠨᠠᠮ ᠠᠷᠠᠳ ᠲᠦᠮᠡᠨ ᠠᠴᠠ ᠦᠭᠬᠦᠭᠰᠡᠨ ᠡᠷᠬᠡ ᠶᠢ ᠨᠠᠮ ᠠᠷᠠᠳ ᠲᠦᠮᠡᠨ ᠳᠡᠭᠡᠨ ᠰᠠᠶᠢᠨ ᠦᠢᠯᠡ ᠪᠤᠳᠠᠳᠤ ᠶᠠᠪᠤᠳᠠᠯ ᠬᠢᠬᠦ ᠳᠤ ᠬᠡᠷᠡᠭᠯᠡᠬᠦ᠂ ᠨᠠᠮ ᠠᠷᠠᠳ ᠲᠦᠮᠡᠨ ᠤ ᠠᠵᠢᠯ ᠦᠢᠯᠡᠰ ᠲᠤ ᠦᠢᠯᠡᠴᠢᠯᠡᠭᠦᠯᠦᠭᠰᠡᠨ ᠪᠠᠶᠢᠬᠤ ᠬᠡᠷᠡᠭᠲᠡᠢ︾ ᠬᠡᠵᠦ ᠦᠪᠡᠷ ᠲᠡᠭᠡᠨ ᠴᠠᠭ ᠢᠮᠠᠬᠲᠠ ᠰᠠᠨᠠᠭᠤᠯᠤᠨ ᠲᠠᠷᠤᠤ ᠬᠢᠴᠢᠶᠡᠩᠬᠦᠢ᠂ ᠨᠠᠷᠢᠨ ᠬᠢᠨᠠᠮᠠᠭᠠᠢ ᠠᠵᠢᠯ ᠤᠨ ᠰᠤᠷᠲᠠᠯ ᠢ ᠪᠠᠷᠢᠮᠳᠠᠯᠠᠵᠤ᠂ ︽ᠬᠤᠶᠠᠷ ᠪᠠᠭ︾ ᠤᠨ ᠬᠡᠰᠢᠭᠦᠳ ᠢᠶᠠᠨ ᠲᠠᠶᠢᠴᠢᠯᠠᠨ᠂ ᠦᠪᠡᠷ ᠤᠨ ᠪᠡᠶ᠎ᠡ  ᠪᠠᠷ ᠢᠶᠠᠨ ᠬᠡᠪ ᠲᠠᠭᠤᠷᠢᠶᠠᠯ ᠪᠤᠯᠵᠤ᠂ ᠲᠦᠪ ᠭᠤᠤᠯᠴᠢ ᠠᠷᠢᠭᠤᠨ ᠴᠢᠭᠡᠴᠢ᠂ ᠵᠠᠰᠠᠭ ᠤᠨ ᠶᠠᠪᠤᠳᠠᠯ ᠢᠯᠡ᠂ ᠲᠠᠩᠰᠠ ᠬᠠᠷ᠎ᠠ ᠨᠠᠷᠢᠯᠢᠭ ᠲᠤᠳᠤᠷᠬᠠᠢ ᠡᠰᠡᠬᠦ ᠳᠤ ᠭᠠᠴᠠᠭ᠎ᠠ ᠶᠢᠨ ᠪᠦᠬᠦ ᠠᠷᠠᠳ ᠤᠨ ᠰᠠᠨᠠᠯ ᠱᠠᠭᠠᠷᠳᠠᠯᠭ᠎ᠠ᠂ ᠬᠢᠨᠠᠯᠲᠠ ᠬᠠᠮᠢᠶᠠᠷᠤᠯᠳᠠ ᠶᠢ ᠬᠦᠯᠢᠴᠡᠩᠬᠦᠢ ᠪᠠᠷ ᠬᠦᠯᠢᠶᠡᠬᠦ ᠶᠢ ᠵᠦᠢ ᠶᠤᠰᠤᠨ ᠤ ᠵᠢᠷᠤᠮᠵᠢᠯ ᠪᠤᠯᠭᠠᠭᠰᠠᠨ ᠢᠶᠠᠷ ᠦᠷᠭᠡᠨ ᠤᠯᠠᠨ ᠲᠦᠮᠡᠨ ᠤ ᠬᠦᠷᠢᠶᠡᠯᠡᠯ ᠢ ᠤᠯᠪᠠ᠃     ᠨᠠᠮ ᠤᠨ ᠡᠭᠦᠷ ᠤᠨ ᠲᠤᠰᠢᠶᠠᠯ ᠢ ᠡᠭᠦᠷᠭᠡᠯᠡᠭᠰᠡᠨ ᠰᠡᠴᠡᠨᠪᠠᠲᠤ᠂ ᠨᠠᠮ ᠤᠨ ᠡᠭᠦᠷ ᠭᠠᠴᠠᠭᠠᠨ ᠵᠦᠪᠯᠡᠯ ᠤᠨ ᠬᠤᠶᠠᠷ ᠪᠠᠭ ᠤᠨ ᠬᠡᠰᠢᠭᠦᠳ ᠢᠶᠠᠨ ᠲᠠᠶᠢᠴᠢᠯᠠᠨ ᠲᠠᠭᠠᠭᠤᠯᠵᠤ᠂ ᠠᠵᠢᠯ ᠤᠨ ᠰᠤᠷᠳᠠᠯ ᠢᠶᠠᠨ ᠬᠤᠪᠢᠷᠠᠭᠤᠯᠵᠤ᠂ ᠤᠷᠤᠯᠭ᠎ᠠ ᠪᠠᠨ ᠨᠡᠮᠡᠭᠳᠡᠬᠦᠯᠦᠨ᠂ ᠵᠠᠷᠤᠯᠭ᠎ᠠ ᠪᠠᠨ ᠪᠠᠭᠠᠰᠬᠠᠬᠤ᠂ ᠦᠷᠭᠡᠨ ᠤᠯᠠᠨ ᠮᠠᠯᠴᠢᠨ ᠲᠦᠮᠡᠨ ᠳᠤ ᠰᠠᠶᠢᠨ ᠦᠢᠯᠡ ᠪᠤᠳᠠᠳᠤ ᠤᠴᠢᠷ ᠪᠦᠲᠦᠭᠡᠬᠦ ᠶᠢ ᠲᠡᠷᠢᠬᠦᠨ ᠪᠠᠶᠢᠷᠢ ᠳᠤ ᠲᠠᠯᠪᠢᠵᠤ᠂ ᠭᠠᠴᠠᠭ᠎ᠠ ᠶᠢᠨ ᠲᠠᠩᠰᠠ ᠬᠠᠷ᠎ᠠ ᠶᠢ ᠬᠢᠨᠠᠨ ᠬᠠᠷᠭᠤᠭᠤᠯᠤᠭᠠᠳ᠂ ᠠᠷᠪᠠᠭᠠᠳ ᠵᠢᠯ ︽ᠲᠤᠯᠤᠭᠠᠢ ᠡᠪᠡᠳᠬᠡᠵᠦ︾ ᠪᠠᠶᠢᠬᠰᠠᠨ ᠬᠠᠭᠤᠴᠢᠨ ᠦᠷᠢ ᠦᠭᠴᠡᠭᠡ  ᠶᠢ ᠭᠤᠷᠪᠡᠨ ᠵᠢᠯ ᠤᠨ ᠴᠠᠭ ᠵᠠᠷᠤᠴᠠᠭᠤᠯᠤᠨ ᠴᠡᠪᠡᠷᠯᠡᠨ ᠰᠢᠢᠳᠪᠦᠷᠢᠯᠡᠭᠰᠡᠨ ᠢᠶᠠᠷ ᠨᠠᠮ ᠤᠨ ᠵᠤᠬᠢᠶᠠᠨ ᠪᠠᠶᠢᠭᠤᠯᠤᠯᠲᠠ  ᠶᠢᠨ ᠨᠢᠬᠲᠠᠷᠠᠯ ᠤᠨ ᠬᠦᠴᠦᠨ ᠨᠡᠩᠲᠡ ᠴᠢᠩᠭᠠᠷᠴᠤ᠂ ᠤᠯᠠᠨ ᠲᠦᠮᠡᠨ ᠤ ᠰᠡᠳᠬᠢᠯ ᠳᠠᠬᠢ ᠨᠠᠮ ᠤᠨ ᠬᠡᠰᠢᠬᠦᠨ ᠤ ᠪᠠᠶᠢᠷᠢ ᠰᠠᠭᠤᠷᠢ ᠢᠯᠡᠳᠲᠡ ᠲᠡᠭᠡᠭᠰᠢᠯᠡᠭᠰᠡᠨ ᠪᠠᠶᠢᠨ᠎ᠠ᠃    ᠰᠡᠴᠡᠨᠪᠠᠲᠤ᠂ ᠬᠤᠪᠢ ᠪᠡᠶ᠎ᠡ ᠶᠢᠨ ᠰᠤᠷᠤᠯᠴᠠᠯᠭ᠎ᠠ ᠪᠠᠨ ᠴᠢᠩᠭᠠᠳᠬᠠᠵᠤ᠂ ᠨᠠᠮ ᠤᠨ ᠰᠠᠬᠢᠯᠭ᠎ᠠ ᠤᠯᠤᠰ ᠤᠨ ᠬᠠᠤᠯᠢ ᠶᠢ ᠡᠷᠡᠰ ᠵᠢᠷᠤᠮᠯᠠᠨ᠂ ᠨᠠᠮ ᠤᠨ ᠬᠡᠰᠢᠬᠦᠨ ᠤ ᠲᠡᠭᠡᠳᠦ ᠬᠡᠮᠵᠢᠶᠡᠨ ᠤ ᠪᠠᠷᠢᠮᠵᠢᠶ᠎ᠠ ᠪᠠᠷ ᠪᠡᠶ᠎ᠡ ᠪᠠᠨ ᠴᠢᠩᠭ᠎ᠠ ᠱᠠᠭᠠᠷᠳᠠᠨ᠂ ᠤᠯᠠᠨ ᠲᠦᠮᠡᠨ ᠤ ᠶᠠᠪᠤᠳᠠᠯ ᠳᠤ ᠰᠡᠳᠬᠢᠯ ᠵᠦᠳᠡᠭᠡᠵᠤ᠂ ᠲᠡᠳᠡᠨ ᠤ ᠦᠢᠯᠡᠳᠪᠦᠷᠢᠯᠡᠯ ᠠᠮᠢᠳᠤᠷᠠᠯ ᠤᠨ ᠪᠠᠶᠢᠳᠠᠯ ᠢ ᠭᠠᠷ ᠤᠨ ᠠᠷᠪᠠᠨ ᠬᠤᠷᠤᠭᠤ ᠪᠠᠨ ᠰᠢᠭ᠋ ᠮᠡᠳᠡᠨ᠂ ᠬᠦᠴᠢᠷᠳᠡᠯ ᠢ ᠨᠢ ᠰᠢᠢᠳᠪᠦᠷᠢᠯᠡᠵᠦ ᠢᠷᠡᠭᠰᠡᠨ ᠢᠶᠠᠷ  ᠢᠶᠠᠨ ᠠᠳᠡᠬᠢ ᠶᠢᠨ ᠮᠠᠯᠴᠢᠳ ︽ᠬᠠᠰᠢᠯᠠ‌ᠮᠠᠨ ᠤ ᠰᠡ᠊ ᠱᠦᠵᠢ︾ ᠬᠡᠮᠡᠨ ᠰᠡᠤᠡᠬᠢᠯ ᠤᠨ ᠤᠭ ᠠᠴᠠ ᠪᠠᠨ ᠠᠮᠠ ᠦᠷᠢᠰᠦᠨ ᠶᠠᠷᠢᠬᠤ ᠨᠢ ᠵᠦᠩᠳᠡᠭᠡᠨ᠃   ᠭᠠᠴᠠᠭ᠎ᠠ ᠲᠤᠰᠬᠤᠨ ᠤ ᠬᠠᠮᠳᠤ ᠶᠢᠨ ᠪᠡᠯᠡ ᠮᠦᠩᠬᠦ ᠶᠢᠨ ᠬᠠᠮᠢᠶᠠᠷᠤᠯᠲᠠ ᠶᠢᠨ ᠲᠦᠷᠢᠮ ᠲᠤᠭᠳᠠᠭᠠᠯ ᠤᠨ ᠱᠠᠭᠠᠷᠳᠠᠯᠭ᠎ᠠ ᠶᠤᠰᠤᠭᠠᠷ ᠭᠠᠴᠠᠭᠠᠨ ᠤ ᠤᠯᠠᠨ ᠵᠢᠯ ᠤᠨ ᠲᠠᠩᠰᠠ ᠬᠠᠷ᠎ᠠ ᠶᠢ ᠬᠢᠨᠠᠨ ᠪᠠᠶᠢᠴᠠᠭᠠᠵᠤ᠂ ᠬᠢᠨᠠᠨ ᠪᠠᠶᠢᠴᠠᠭᠠᠭᠰᠠᠨ ᠪᠠᠶᠢᠳᠠᠯ ᠤᠨ ᠳ᠋ᠦᠩ ᠢᠶᠠᠷ ᠲᠤᠬᠠᠢ ᠶᠢᠨ ᠬᠠᠮᠲᠤ ᠪᠠ ᠬᠤᠪᠢ ᠬᠦᠮᠦᠨ ᠢᠶᠠᠷ ᠬᠠᠷᠢᠭᠤᠴᠠᠯᠭ᠎ᠠ ᠡᠭᠦᠷᠭᠡᠯᠡᠬᠦᠯᠬᠦ ᠪᠠᠷ ᠲᠠᠩᠰᠠ ᠬᠠᠷ᠎ᠠ ᠶᠢᠨ ᠠᠵᠢᠯ ᠢ ᠰᠢᠯᠤᠭᠤᠳᠬᠠᠪᠠ᠃    ᠭᠠᠴᠠᠭ᠎ᠠ ᠶᠢᠨ ᠡᠷᠦᠬᠡ ᠶᠢᠨ ᠲᠦᠯᠦᠭᠡᠯᠡᠭᠴᠢ ᠶᠢᠨ ᠬᠤᠷᠠᠯ ᠪᠤᠶᠤ ᠭᠠᠴᠠᠭ᠎ᠠ ᠶᠢᠨ ᠪᠦᠬᠦ ᠤᠯᠠᠨ ᠲᠦᠮᠡᠨ ᠤ ᠬᠤᠷᠠᠯ ᠢᠶᠠᠷ ᠲᠠᠮᠵᠢᠭᠤᠯᠤᠭᠠᠳ᠂ ᠭᠠᠴᠠᠭᠠᠨ ᠤ ᠠᠯᠢ ᠨᠢᠭᠡ ᠤᠳᠤᠷᠢᠳᠤᠯᠭ᠎ᠠ ᠭᠡᠳ‌ᠠᠵᠢᠯ ᠡᠭᠦᠷᠭᠡᠯᠡᠵᠦ ᠪᠦᠬᠦᠢ ᠭᠤᠷᠪᠠᠨ ᠵᠢᠯ ᠤᠨ ᠬᠤᠭᠤᠴᠠᠭᠠᠨ ᠳᠠᠭᠠᠨ ᠬᠠᠮᠲᠤ ᠶᠢᠨ ᠶᠠᠭᠤᠮ᠎ᠠ ᠶᠢ ᠡᠷᠬᠡᠪᠰᠢ ᠤᠯᠠᠨ ᠲᠦᠮᠡᠨ ᠳᠤ ᠢᠯᠡ ᠪᠠᠶᠢᠯᠭᠠᠵᠤ᠂ ᠬᠠᠮᠳᠤ ᠶᠢᠨ ᠭᠠᠵᠠᠷ ᠲᠠᠷᠢᠶ᠎ᠠ ᠶᠢ ᠲᠠᠭᠠᠭᠠᠴᠢᠯᠠᠭᠤᠯᠬᠤ ᠳᠠᠭᠠᠨ ᠢᠯᠡ ᠪᠠᠷ ᠲᠠᠭᠠᠭᠠᠴᠢᠯᠠᠭᠤᠯᠵᠤ᠂ ᠤᠷᠤᠯᠭ᠎ᠠ ᠶᠢ ᠨᠢ ᠬᠠᠮᠳᠤ ᠶᠢᠨ ᠲᠠᠩᠰᠠᠨ ᠳᠤ ᠤᠷᠤᠭᠤᠯᠬᠤ ᠠᠵᠢᠯ ᠤᠨ ᠲᠦᠷᠢᠮ ᠲᠤᠭᠳᠠᠭᠠᠯ ᠢ ᠵᠢᠷᠤᠮᠵᠢᠭᠤᠯᠤᠭᠰᠠᠨ ᠪᠠᠶᠢᠨ᠎ᠠ᠃    ᠭᠠᠴᠠᠭ᠎ᠠ ᠲᠤᠰᠬᠤᠨ ᠤ ᠶᠠᠪᠤᠳᠡᠯ ᠤᠨ ᠢᠯᠨ ᠲᠡᠪᠴᠠᠩ᠂ ᠸᠢᠴᠠᠲ ᠬᠤᠯᠪᠤᠭ᠎ᠠ᠂ ᠢᠯᠡᠵᠢᠭᠦᠯᠦᠯᠲᠡ ᠶᠢᠨ ᠰᠠᠮᠪᠠᠷ᠎ᠠ ᠲᠡᠭᠡᠷ᠎ᠡ ᠭᠠᠴᠠᠭ᠎ᠠ ᠨᠠᠮ ᠤᠨ ᠡᠭᠦᠷ ᠤᠨ ᠶᠠᠪᠤᠳᠠᠯ᠂ ᠭᠠᠴᠠᠭᠠᠠ ᠵᠦᠪᠯᠡᠯ ᠤᠨ ᠶᠠᠪᠤᠳᠠᠯ᠂ ᠡᠳ᠋ ᠤᠨ ᠵᠠᠰᠠᠭ ‍ᠤᠨ‌ᠤᠷᠤᠯᠭ᠎ᠠ ᠵᠠᠷᠤᠯᠭ᠎ᠠ ᠵᠡᠷᠭᠡ ᠶᠢ ᠴᠠᠭ ᠲᠤᠬᠠᠢ ᠳᠤᠨᠢ ᠨᠠᠶᠢᠳᠡᠯᠡᠨ ᠢᠯᠡ ᠪᠤᠯᠭᠠᠵᠦ᠂ ᠤᠯᠠᠨ ᠲᠦᠮᠡᠨ‌‍ᠤ ᠲᠤᠰᠬᠠᠬᠰᠠᠨ ᠠᠰᠠᠭᠤᠳᠡᠯ ᠢ ᠲᠡᠪᠴᠢᠶᠡᠷᠢ ᠲᠠᠢ ᠰᠤᠨᠤᠰᠤᠨ᠂ ᠨᠠᠷᠢᠯᠢᠭ ᠲᠠᠶᠢᠯᠪᠤᠷᠢᠯᠡᠨ ᠬᠠᠷᠢᠭᠤᠯᠲᠠ ᠦᠭᠬᠦ ᠶᠢ ᠪᠠᠷᠢᠮᠳᠠᠯᠠᠭᠰᠠᠨ ᠪᠠᠶᠢᠨ᠎ᠠ᠃         ᠬᠦᠷᠰᠢ ᠵᠡᠷᠭᠡᠯᠡᠳᠡᠭᠡ ᠶᠢᠨ ᠠᠷᠠᠳ ᠤᠨ ᠬᠤᠭᠤᠷᠤᠨᠳᠤᠬᠢ ᠵᠢᠭᠤᠷᠠᠭᠠᠨ ᠢ ᠴᠠᠭ ᠲᠤᠬᠠᠢ ᠳᠤ ᠨᠢ ᠢᠯᠡᠷᠡᠬᠦᠯᠦᠨ᠂ ᠬᠠᠳᠤᠯᠠᠩ ᠪᠡᠯᠴᠢᠭᠡᠷ ᠤᠨ ᠵᠠᠭᠠᠭ ᠱᠤᠭᠤᠮ ᠢ ᠲᠠᠷᠤᠢ ᠳᠤ ᠨᠢ ᠢᠯᠭᠠᠨ ᠰᠠᠯᠭᠠᠵᠤ ᠲᠤᠳᠤᠷᠬᠠᠢ ᠪᠤᠯᠭᠠᠨ᠂ ᠵᠦᠷᠢᠴᠡᠯ ᠮᠠᠷᠭᠤᠭᠠᠨ ᠢ ᠡᠪᠰᠡᠭᠦᠯᠵᠦ ᠢᠷᠡᠭᠰᠡᠨ ᠪᠠᠶᠢᠨ᠎ᠠ᠃ ᠲᠤᠰ ᠭᠠᠴᠠᠭᠠᠨ ᠤ ᠮᠠᠯᠴᠢᠨ ᠪᠠᠶᠠᠨᠳᠥ᠋ᠭᠦᠷᠡᠩ᠄ ︽ᠮᠢᠨᠦ ᠬᠦᠷᠰᠢ ᠠᠶᠢᠯ ᠲᠠᠢ ᠪᠠᠨ ᠨᠤᠲᠤᠭ ᠪᠠᠯᠴᠢᠬᠡᠷ ᠤᠨ ᠲᠠᠯ᠎ᠠ ᠪᠠᠷ ᠵᠦᠷᠢᠴᠡᠯ ᠲᠠᠢ ᠪᠠᠶᠢᠬᠤ ᠶᠢ ᠮᠠᠨ ᠤ ᠰᠡ᠊ ᠱᠦᠵᠢ ᠮᠡᠳᠡᠮᠡᠭᠴᠡ᠂ ᠡᠨᠡ ᠠᠰᠠᠭᠤᠳᠡᠯ ᠢ ᠲᠠᠷᠤᠶᠢᠬᠠᠨ ᠰᠠᠨᠠᠭᠠᠨ ᠳᠠᠭᠠᠨ ᠠᠪᠴᠤ᠂ ᠰᠤᠮᠤ ᠪᠤᠯᠤᠨ ᠬᠤᠰᠢᠭᠤᠨ ᠤ ᠨᠤᠲᠤᠭ ᠪᠠᠯᠴᠢᠬᠡᠷ ᠤᠨ ᠬᠠᠮᠢᠶᠠᠷᠤᠯᠳᠡ ᠶᠢᠨ ᠦᠷᠳᠡᠭᠡ ᠲᠠᠢ ᠬᠠᠷᠢᠯᠴᠡᠵᠦ᠂ ᠲᠤᠬᠠᠢ ᠶᠢᠨ ᠦᠶ᠎ᠠ ᠶᠢᠨ ᠨᠤᠲᠤᠭ ᠪᠠᠯᠴᠢᠬᠡᠷ ᠤᠨ ᠵᠠᠭᠠᠭ ᠬᠡᠴᠡ  ᠶᠢᠨ ᠲᠠᠩᠰᠡ ᠪᠠᠷᠢᠮᠲᠠ ᠶᠢ ᠡᠷᠢᠨ ᠤᠯᠵᠤ᠂ ᠨᠤᠲᠤᠭ ᠪᠠᠯᠴᠢᠬᠡᠷ ᠤᠨ ᠵᠠᠭᠠᠭ ᠱᠤᠭᠤᠮ ᠢ ᠲᠤᠲᠤᠷᠬᠠᠢ ᠪᠣᠯᠭᠠᠨ ᠵᠢᠭᠤᠷᠠᠭᠠᠨ ᠢ ᠰᠢᠢᠳᠪᠦᠷᠢᠯᠡᠨ ᠦᠭᠬᠦᠭᠰᠡᠨ ᠶᠤᠮ︾  ᠭᠡᠵᠦ ᠰᠤᠷᠪᠤᠯᠵᠢᠯᠠᠬᠴᠢ ᠳᠤ ᠶᠠᠷᠢᠯ᠎ᠠ᠃      ᠬᠢᠭᠰᠡᠨ ᠦᠢᠯᠡ ᠪᠠᠷ ᠢᠶᠠᠨ ᠪᠠᠭ᠋ᠠᠷᠬᠠᠭᠳᠠᠨ᠎ᠠ     ᠬᠦᠳᠡᠭᠡ ᠨᠤᠲᠤᠭ ᠢᠶᠠᠨ ᠬᠦᠭᠵᠢᠭᠦᠯᠦᠨ᠂ ᠬᠦᠮᠦᠨ ᠠᠷᠠᠳ ᠢᠶᠠᠨ ᠪᠠᠶᠠᠵᠢᠨ ᠴᠢᠨᠡᠭᠡᠯᠢᠭᠵᠢᠬᠦᠯᠬᠦ ᠪᠤᠯ ᠱᠦᠵᠢ ᠰᠡᠴᠡᠨᠪᠠᠲᠤ ᠶᠢᠨ ᠤᠭ ᠵᠤᠷᠢᠯᠲᠠ ᠮᠦᠷᠲᠡᠭᠡᠨ ᠡᠭᠦᠷᠭᠡ ᠲᠠᠭᠠᠭᠠᠯᠲᠠ ᠮᠦᠨᠴᠦ ᠬᠠᠷᠢᠭᠤᠴᠠᠯᠭ᠎ᠠ ᠭᠦᠢᠴᠡᠳᠭᠡᠯᠲᠡ ᠪᠠᠶᠢᠭ᠎ᠠ᠃      ︽ᠠᠵᠢᠯ ᠰᠠᠶᠢᠲᠤ ᠶᠢᠨ ᠠᠮᠢᠳᠤᠷᠠᠯ ᠪᠠᠶᠠᠨ᠂ ᠤᠳᠤᠷᠢᠳᠤᠯᠭ᠎ᠠ ᠰᠠᠶᠢᠲᠤ ᠶᠢᠨ ᠨᠢᠷᠤᠭᠤ ᠭᠡᠳᠡᠭᠡᠷ︾ ᠭᠡᠵᠦ ᠵᠢᠷᠦᠬᠡ ᠭᠠᠴᠠᠭ᠎ᠠ ᠨᠢ ᠤᠯᠠᠨ ᠵᠢᠯ ᠤᠨ ᠴᠢᠷᠮᠠᠶᠢᠯᠭ᠎ᠠ ᠪᠠᠷ 70% ᠶᠢᠨ ᠪᠤᠷᠳᠤᠭᠠᠨ ᠰᠠᠭᠤᠷᠢᠨ ᠭᠠᠵᠠᠷ ᠲᠤ ᠤᠰᠤᠯᠠᠯᠲᠠ ᠶᠢᠨ ᠲᠦᠬᠦᠭᠡᠷᠦᠮᠵᠢ ᠲᠦᠬᠦᠷᠵᠢᠭᠦᠯᠦᠭᠰᠡᠨ ᠢᠶᠠᠷ ᠪᠦᠬᠦ ᠰᠤᠮᠤ ᠳᠠᠭᠠᠨ ᠤᠰᠤᠯᠠᠯᠲᠠ ᠶᠢᠨ ᠨᠦᠬᠦᠴᠡᠯ ᠬᠠᠮᠤᠭ ᠰᠠᠶᠢᠨ᠂ ᠲᠠᠷᠢᠬᠤ ᠮᠡᠷᠭᠡᠵᠢᠯ ᠬᠠᠮᠤᠭ ᠦᠨᠳᠦᠷ ᠭᠠᠴᠠᠭ᠎ᠠ ᠪᠤᠯᠤᠭᠰᠠᠨ ᠪᠠᠶᠢᠳᠠᠭ᠃ ᠤᠰᠤᠯᠠᠯᠲᠠ ᠶᠢᠨ ᠲᠠᠯᠠᠪᠠᠢ ᠤᠭ ᠤᠨ 900 ᠮᠤ᠋ ᠠᠴᠠ ᠪᠠᠨ 7000 ᠮᠤ᠋ ᠪᠤᠯᠤᠨ ᠨᠡᠮᠡᠭᠳᠡᠭᠰᠡᠨ ᠪᠠᠶᠢᠨ᠎ᠠ᠃    ᠤᠷᠤᠨ ᠨᠤᠲᠤᠭ ᠤᠨ ᠲᠠᠪᠠᠭᠤᠯᠢᠭ ᠲᠠᠭᠠᠨ ᠲᠦᠰᠢᠭᠯᠡᠵᠦ᠂ ᠤᠷᠤᠨ ᠨᠤᠲᠤᠭ ᠲᠠᠭᠠᠨ ᠬᠠᠮᠤᠭ ᠲᠤᠬᠢᠷᠠᠬᠤ ᠦᠬᠡᠷ ᠲᠡᠵᠢᠬᠡᠬᠦ ᠠᠵᠤ ᠦᠢᠯᠡᠰ ᠢ ᠭᠤᠤᠯᠳᠠᠯᠭ᠎ᠠ ᠲᠠᠢ ᠠᠵᠤ ᠦᠢᠯᠡᠰ ᠪᠤᠯᠭᠠᠨ ᠠᠳᠬᠤᠪᠠ᠃ 2012 ᠤᠨ ᠳᠤ ᠭᠠᠴᠠᠭ᠎ᠠ ᠨᠠᠮ ᠤᠨ ᠡᠬᠦᠷ ᠤᠨ ᠱᠦᠵᠢ ᠪᠤᠯᠤᠨᠨᠰᠡᠨ ᠤ ᠭᠤᠷᠪᠠᠳᠤᠭᠠᠷ ᠵᠢᠯ ᠳᠡᠭᠡᠨ ︽ᠴᠤᠡᠡᠳᠦ ᠬᠠᠨ︾ ᠮᠢᠬᠠᠨ ᠦᠬᠡᠷ ᠤᠨ ᠲᠡᠵᠢᠭᠡᠨ ᠠᠷᠠᠴᠢᠯᠠᠬᠤ ᠬᠤᠷᠰᠢᠶᠠᠵᠢᠯ ᠢ ᠪᠠᠶᠢᠭᠤᠯᠤᠭᠰᠠᠨ ᠪᠠᠶᠢᠨ᠎ᠠ᠃ ᠲᠤᠰ ᠬᠤᠷᠰᠢᠶᠠᠵᠢᠯ ᠪᠤᠯ ᠡᠭᠡᠯᠵᠢᠯᠡᠨ ᠮᠠᠯᠵᠢᠬᠤ ᠪᠡᠯᠴᠢᠭᠡᠷ ᠰᠡᠯᠬᠦᠭᠡᠨ ᠮᠠᠯᠵᠢᠬᠤ ᠪᠠᠷ ᠭᠤᠤᠯ ᠠᠷᠭ᠎ᠠ ᠮᠠᠶ᠋ᠢᠭ ᠪᠤᠯᠭᠠᠨ ᠠᠮᠢ ᠠᠬᠤᠢ ᠶᠢ ᠬᠠᠮᠠᠭᠠᠯᠠᠬᠤ᠂ ᠪᠠᠶᠢᠭᠠᠯᠢᠯᠢᠭ ᠪᠦᠲᠤᠬᠡᠭᠳᠡᠬᠦᠨ ᠢ ᠡᠭᠦᠳᠬᠦ᠂ ᠦᠨᠳᠦᠰᠦᠲᠡᠨ ᠤ ᠤᠯᠠᠮᠵᠢᠯᠠᠯᠲᠤ ᠢᠳᠡᠭᠡᠨ ᠤ ᠨᠡᠷᠡᠲᠦ ᠲᠡᠮᠳᠡᠭ ᠢ ᠡᠭᠦᠳᠬᠦ ᠬᠦᠭᠵᠢᠭᠦᠯᠦᠯᠲᠡ ᠶᠢᠨ ᠰᠡᠳᠬᠢᠴᠡ ᠪᠠᠷ ᠮᠢᠬᠠᠨ ᠦᠬᠡᠷ ᠲᠡᠵᠢᠬᠡᠬᠦ᠂ ᠤᠯᠠᠮᠵᠢᠯᠠᠯᠲᠤ ᠴᠠᠭᠠᠨ ᠢᠳᠡᠭᠡᠨ ᠡᠳ᠋ᠰᠢᠭᠦᠯᠦᠨ ᠪᠤᠯᠪᠠᠰᠤᠷᠠᠭᠤᠯᠬᠤ ᠤᠨᠴᠠᠯᠢᠭᠲᠤ ᠠᠵᠤ ᠦᠢᠯᠡᠰ ᠪᠤᠯᠤᠨ᠎ᠠ᠃ ᠬᠤᠷᠰᠢᠶᠠᠵᠢᠯ ᠤᠨ ᠬᠡᠰᠢᠭᠦᠳ  ᠤᠨ ᠤᠷᠤᠯᠭ᠎ᠠ ᠶᠢ ᠨᠡᠮᠡᠭᠳᠡᠬᠦᠯᠬᠦ᠂ ᠭᠠᠳᠠᠨᠠᠬᠢ ᠵᠠᠬ᠎ᠠ ᠲᠡᠯᠭᠡᠭᠦᠷ ᠢ ᠨᠡᠭᠡᠭᠡᠬᠦ ᠶᠢᠨ ᠲᠦᠯᠦᠭᠡ᠂ ᠱᠦᠵᠢ ᠰᠡᠴᠡᠨᠪᠠᠲᠤ ᠦᠪᠡᠷ ᠢᠶᠠᠨ ᠲᠦᠷᠦᠭᠦᠯᠡᠨ ︽ᠴᠤᠭᠲᠤ ᠬᠠᠨ ᠦᠨᠳᠦᠰᠦᠲᠡᠨ ᠤ ᠢᠳᠡᠭᠡᠨ ᠤ ᠬᠢᠵᠠᠭᠠᠷᠲᠤ ᠬᠠᠷᠢᠭᠤᠴᠠᠯᠭᠠᠲᠤ ᠺᠤᠮᠫᠠᠨᠢ ᠶᠢ ᠪᠠᠶᠢᠭᠤᠯᠵᠤ᠂ ︽ᠴᠤᠨᠨᠳᠦ ᠬᠠᠨ︾ ᠦᠨᠲᠤᠰᠤᠳᠡᠨ ᠤ ᠢᠳᠡᠭᠡᠨ ᠤ ᠱᠤᠰᠢᠭ᠎ᠠ ᠲᠡᠮᠳᠡᠭ ᠢ ᠲᠠᠩᠰᠠᠯᠠᠭᠤᠯᠤᠭᠰᠠᠨ ᠪᠠᠶᠢᠨ᠎ᠠ᠃ ᠤᠳᠤ ᠬᠤᠷᠰᠢᠶᠠᠵᠢᠯ ᠨᠢ ᠬᠦᠭᠵᠢᠭᠡᠳ 30 ᠡᠷᠦᠬᠡ᠂ 123 ᠬᠦᠮᠤᠨ ᠲᠠᠢ ᠪᠤᠯᠵᠦ᠂ ᠲᠡᠵᠢᠬᠡᠨ ᠠᠷᠠᠴᠢᠯᠠᠬᠤ ᠬᠠᠰᠢᠶ᠎ᠠ ᠰᠠᠷᠡᠪᠴᠢ ᠶᠢᠨ ᠲᠠᠯᠠᠪᠠᠢ 10500 ᠲᠡᠭᠰᠢ ᠲᠦᠷᠪᠡᠯᠵᠢᠨ ᠮᠧᠲᠷ᠂ ᠮᠠᠯᠵᠢᠯ ᠤᠨ ᠡᠯ᠎ᠠ ᠵᠤᠶᠢᠯ ᠤᠨ ᠮᠠᠰᠢᠨ ᠲᠦᠭᠦᠭᠡᠷᠦᠮᠵᠢ 30 ᠲᠦᠬᠦᠷ᠂ ᠦᠬᠡᠷ ᠤᠨ ᠵᠤᠭᠰᠤᠭ᠎ᠠ ᠲᠤᠭ᠎ᠠ 2400  ᠬᠦᠷᠦᠭᠰᠡᠨ ᠪᠠᠶᠢᠨ᠎ᠠ᠃ ᠲᠤᠰ ᠬᠤᠷᠰᠢᠶᠠᠵᠢᠯ ᠤᠨ ᠬᠡᠰᠢᠬᠦᠨ ᠴᠡᠩᠬᠡᠯᠳᠦ ᠠᠴᠠ᠄ ︽2012 ᠤᠨ ᠠᠴᠠ ᠡᠮᠦᠨ᠎ᠡ ᠪᠤᠯ ᠮᠠᠯ ᠤᠨ ᠡᠬᠦᠯᠳᠡᠷ ᠰᠠᠶᠢᠵᠢᠷᠠᠭᠤᠯᠤᠯᠲᠠ ᠲᠤᠤᠷ᠎ᠠ᠂ ᠮᠠᠯ ᠦᠨ᠎ᠡ ᠬᠦᠷᠬᠦ ᠦᠬᠡᠢ ᠪᠠᠶᠢᠵᠤ᠂ ᠬᠦᠮᠤᠨ ᠪᠦᠷᠢ ᠶᠢᠨ ᠵᠢᠯ ᠤᠨ ᠲᠡᠭᠰᠢᠳᠭᠡᠯ ᠴᠡᠪᠡᠷ ᠤᠷᠤᠯᠭ᠎ᠠ ᠲᠠᠪᠤᠨ ᠮᠢᠩᠭᠠᠨ ᠲᠦᠬᠦᠷᠢᠭ ᠤᠷᠴᠢᠮ ᠯᠡ ᠬᠦᠷᠴᠦ ᠪᠠᠶᠢᠬᠰᠠᠨ ᠪᠤᠯ ᠬᠤᠷᠰᠢᠶᠠᠵᠢᠯ ᠪᠠᠶᠢᠭᠤᠯᠤᠬᠰᠠᠨ ᠠᠴᠠ ᠰᠡᠬᠦᠯᠡᠷ ᠮᠠᠯ ᠤᠨ ᠦᠨ᠎ᠡ ᠬᠠᠩᠰᠢ ᠦᠰᠴᠦ᠂ ᠤᠷᠤᠯᠭ᠎ᠠ ᠨᠡᠮᠡᠭᠳᠡᠭᠡᠳ ᠬᠦᠮᠤᠨ ᠪᠦᠷᠢ ᠶᠢᠨ ᠵᠢᠯ ᠤᠨ ᠲᠡᠭᠰᠢᠳᠭᠡᠯ ᠴᠡᠪᠡᠷ ᠤᠷᠤᠯᠭ᠎ᠠ  2 ᠲᠦᠮᠡᠨ ᠲᠦᠬᠦᠷᠢᠭ ᠬᠦᠷᠬᠦ ᠪᠤᠯᠤᠭᠰᠠᠨ ᠪᠠᠶᠢᠨ᠎ᠠ᠂ ᠡᠭᠦᠨ ᠳᠤ ᠵᠦᠪᠬᠡᠨ ᠴᠠᠭᠠᠨ ᠢᠳᠡᠬᠡᠨ ᠤ ᠰᠠᠷ᠎ᠠ ᠶᠢᠨ ᠴᠡᠪᠡᠷ ᠤᠷᠤᠯᠭ᠎ᠠ 3000 ᠲᠦᠬᠦᠷᠢᠭ ᠭᠦᠷᠴᠦ ᠪᠤᠢ︾ ᠭᠡᠵᠦ ᠠᠵᠤ ᠠᠬᠤᠢ ᠶᠢᠨ ᠬᠠᠷᠢᠴᠠᠭᠤᠯᠤᠭᠰᠠᠨ ᠲᠤᠭᠠᠴᠠᠭ᠎ᠠ ᠬᠢᠵᠦ ᠭᠠᠷᠤᠯ᠎ᠠ᠃   ᠵᠢᠷᠦᠬᠡ ᠭᠠᠴᠠᠭ᠎ᠠ ᠨᠢ 2017 ᠤᠨ ᠠᠴᠠ 2020 ᠤᠨ ᠪᠤᠯᠳᠠᠯᠠᠬᠢ ᠭᠤᠷᠪᠠᠨ ᠵᠢᠯ ᠤᠨ ᠬᠤᠭᠤᠴᠠᠭᠠᠨ ᠳᠤ ᠬᠦᠴᠢᠷᠳᠡᠢ ᠡᠷᠤᠬᠡ ᠠᠴᠠ ᠮᠠᠯ ᠲᠡᠵᠢᠬᠡᠨ ᠠᠷᠠᠴᠢᠯᠠᠬᠤ ᠨᠦᠬᠦᠴᠡᠯ ᠲᠠᠢ ᠠᠶᠢᠯ ᠢ ᠰᠤᠩᠭᠤᠵᠦ᠂ ᠡᠷᠤᠬᠡ ᠪᠦᠷᠢ ᠳᠤ 4ᠦᠬᠡᠷ ᠳᠠᠭᠠᠭᠠᠴᠢᠯᠠᠭᠤᠯᠤᠨ᠂ ᠭᠤᠷᠪᠡᠨ ᠵᠢᠯ ᠤᠨ ᠲᠠᠷᠠᠭ᠎ᠠ ᠡᠬᠡ ᠮᠡᠯ ᠢ ᠨᠢ ᠭᠠᠴᠠᠭᠠᠨ ᠳᠤ ᠪᠤᠴᠠᠭᠠᠨ ᠠᠪᠬᠤ᠂ ᠲᠦᠯ ᠮᠡᠯ ᠢ ᠨᠢ ᠪᠦᠬᠦᠨ ᠢ ᠲᠠᠭᠠᠭᠠᠴᠢᠯᠠᠬᠰᠠᠨ‌ᠡᠷᠦᠬᠡ ᠳᠤ ᠦᠭᠬᠦ ᠮᠠᠶ᠋ᠢᠭ ᠢᠶᠠᠷ ᠠᠮᠢᠳᠤᠷᠠᠯ ᠬᠦᠴᠢᠷᠲᠡᠢ ᠡᠷᠦᠬᠡ ᠶᠢ ᠲᠠᠮᠵᠢᠨ᠂ ᠪᠠᠶᠠᠵᠢᠯ ᠤᠨ ᠵᠠᠮ ᠳᠤ ᠲᠠᠭᠠᠭᠤᠯᠤᠨ ᠤᠷᠤᠭᠤᠯᠪᠠ᠃ 2018 ᠤᠨ ᠠᠴᠠ ᠤᠯᠤᠰ ᠤᠨ ︽ᠨᠠᠷᠢᠯᠢᠭ ᠤᠨᠤᠪᠴᠢᠳᠠᠢ ᠪᠠᠷ ᠶᠠᠳᠠᠭᠤ ᠶᠢ ᠲᠡᠳᠬᠦᠬᠦ᠂ ᠤᠨᠤᠴᠠᠲᠠᠢ ᠪᠠᠷ ᠶᠠᠳᠠᠭᠤ ᠠᠴᠠ ᠠᠩᠭᠢᠵᠢᠷᠠᠭᠤᠯᠬᠤ︾ ᠠᠵᠢᠯ ᠤᠨ ᠱᠠᠭᠠᠷᠳᠠᠯᠭ᠎ᠠ ᠶᠤᠰᠤᠭᠠᠷ 60.7 ᠲᠦᠮᠡᠨ ᠲᠦᠭᠦᠷᠢᠭ ᠤᠨ ᠲᠦᠷᠤᠯ ᠵᠤᠶᠢᠯ ᠤᠨ ᠮᠦᠩᠬᠦ ᠡᠷᠡᠮᠡᠯᠵᠡᠯᠡᠨ ᠤᠯᠵᠤ᠂ 24 ᠬᠦᠴᠢᠷᠳᠡᠢ ᠡᠷᠤᠬᠡ ᠳᠤ ᠮᠢᠬᠠᠨ ᠦᠬᠡᠷ ᠲᠡᠵᠢᠭᠡᠯᠭᠡᠨ ᠠᠷᠠᠴᠢᠯᠠᠭᠤᠯᠬᠤ ᠶᠢᠨ ᠬᠠᠮᠳᠤ  ᠨᠠᠶᠢᠳᠡ ᠶᠢᠨ ᠠᠰᠡᠷᠡᠮᠵᠢ  ᠶᠢᠨ ᠴᠢᠨᠠᠷᠳᠡᠢ ᠠᠵᠢᠯ ᠤᠨ ᠪᠠᠶᠢᠷᠢ ᠭᠠᠷᠭᠠᠵᠦ᠂ ᠶᠠᠳᠠᠭᠤ ᠬᠦᠴᠢᠷᠳᠡᠢ ᠡᠷᠤᠬᠡ ᠠᠴᠠ 6 ᠬᠦᠮᠤᠨ ᠢ ᠰᠤᠩᠭᠤᠨ ᠤᠢ ᠰᠢᠭᠤᠢ ᠬᠠᠮᠠᠭᠠᠯᠠᠬᠤ ᠪᠤᠶᠤ ᠵᠡᠬᠡᠯᠢ ᠴᠡᠪᠡᠷᠯᠡᠬᠦ ᠠᠵᠢᠯ ᠬᠢᠯᠭᠡᠬᠦ᠂ 8 ᠡᠷᠦᠬᠡ ᠶᠢ ᠤᠶᠢᠷᠠᠯᠴᠠᠭᠠᠬᠢ ᠠᠵᠤ ᠠᠬᠤᠶᠢᠯᠠᠯ  ᠳᠤ ᠠᠵᠢᠯ ᠤᠯᠭᠤᠬᠤ ᠵᠡᠷᠭᠡ ᠠᠷᠭ᠎ᠠ ᠠᠪᠴᠠᠯ ᠢᠶᠠᠷ ᠤᠷᠤᠯᠭ᠎ᠠ ᠶᠢ ᠨᠢ ᠨᠡᠮᠡᠭᠳᠡᠭᠦᠯᠦᠭᠰᠡᠨ ᠪᠠᠶᠢᠨ᠎ᠠ᠃     ᠨᠤᠲᠤᠭ ᠤᠨ ᠬᠠᠯᠠᠮᠵᠢ ᠵᠤᠷᠢᠬᠵᠢᠭᠤᠯᠤᠯ ᠨᠤᠮ ᠤᠨ ᠮᠦᠷ ᠤᠨ ᠮᠢᠯᠢᠶᠠᠯᠭ᠎ᠠ    ᠵᠢᠷᠦᠬᠡ ᠭᠠᠴᠠᠭ᠎ᠠ ᠶᠢᠨ ᠬᠠᠮᠲᠤ ᠶᠢᠨ ᠠᠵᠤ ᠠᠬᠤᠢ ᠬᠦᠭᠵᠢᠭᠡᠳ ᠪᠠᠰᠠ ᠵᠤᠬᠢᠬᠤ ᠬᠡᠮᠵᠢᠶᠡᠨ ᠳᠤ ᠬᠦᠷᠦᠭᠰᠡᠨ ᠪᠤᠯᠬᠤᠷ 2006 ᠤᠨ ᠳᠤ ᠭᠠᠴᠠᠭ᠎ᠠ ᠶᠢᠨ ᠲᠡᠳ᠋ ᠱᠦᠵᠢ ᠪᠤᠯᠤᠭᠰᠠᠨ ᠰᠡᠴᠡᠨᠪᠠᠲᠤ ᠭᠠᠴᠠᠭ᠎ᠠ ᠵᠦᠪᠯᠡᠯ ᠳᠡᠭᠡᠨ ︽ᠭᠠᠴᠠᠭ᠎ᠠ ᠶᠢᠨ ᠢᠶᠠᠨ ᠤᠶᠤᠳᠠᠳ ᠲᠤ ᠶᠡᠭᠡ ᠰᠤᠷᠭᠠᠭᠤᠯᠢ ᠳᠤ ᠰᠢᠯᠭᠠᠭᠤᠯᠤᠨ ᠤᠷᠤᠭᠰᠠᠨ ᠲᠤᠬᠠᠢ ᠶᠢᠨ ᠵᠢᠯ ᠳᠤ ᠨᠢ ᠵᠤᠷᠢᠭᠵᠢᠭᠤᠯᠤᠯ ᠤᠨ ᠮᠦᠩᠬᠦ 1000 ᠲᠦᠭᠦᠷᠢᠭ ᠱᠠᠩᠨᠠᠬᠤ ᠰᠠᠨᠠᠭᠠᠴᠢᠯᠠᠭ᠎ᠠ ᠭᠠᠷᠭᠠᠭᠰᠠᠨ ᠳᠤ ᠭᠠᠴᠠᠭ᠎ᠠ ᠶᠢᠨ ᠤᠳᠤᠷᠢᠳᠤᠯᠭ᠎ᠠ ᠨᠠᠷ ᠲᠤᠩ ᠤᠷᠢᠶᠠᠯᠠᠩᠬᠠᠨ ᠵᠦᠪᠰᠢᠶᠡᠷᠡᠨ ᠲᠡᠮᠵᠢᠵᠦ᠂ ᠪᠠᠭ ᠤᠨ ᠬᠤᠷᠠᠯ ᠢᠶᠠᠷ ᠤᠯᠠᠨ ᠢᠶᠠᠷ ᠢᠶᠠᠨ ᠶᠠᠷᠢᠯᠴᠠᠭᠠᠳ ᠲᠤᠬᠠᠢ ᠶᠢᠨ ᠵᠢᠯ ᠠᠴᠠ ᠨᠢ ᠬᠡᠷᠡᠭᠵᠢᠭᠦᠯᠵᠦ ᠡᠬᠢᠯᠡᠭᠰᠡᠨ ᠪᠠᠶᠢᠨ᠎ᠠ᠃ 2013 ᠤᠨ ᠠᠴᠠ ᠡᠨᠡ ᠠᠷᠭ᠎ᠠ ᠳᠤ ᠪᠠᠭ᠎ᠠ ᠬᠡᠮᠵᠢᠶᠡᠨ ᠤ ᠦᠭᠡᠷᠡᠴᠢᠯᠡᠯᠲᠡ ᠬᠢᠵᠦ᠂ ᠤᠤᠯ ᠤᠨ ᠬᠡᠷᠡᠭᠵᠢᠬᠦᠯᠵᠦ ᠪᠠᠶᠢᠬᠰᠠᠨ 1000 ᠲᠦᠭᠦᠷᠢᠭ ᠤᠨ ᠵᠤᠷᠢᠭᠵᠢᠭᠤᠯᠤᠯ ᠤᠨ ᠮᠦᠩᠬᠦ ᠶᠢ  ᠨᠡᠶᠢᠭᠡᠮ ᠤᠨ ᠰᠢᠨᠵᠢᠡᠯᠬᠦ ᠤᠬᠠᠭᠠᠨ ᠤ ᠠᠩᠬᠢ ᠶᠢᠨ 450 ᠬᠤᠪᠢ ᠠᠴᠠ ᠲᠡᠭᠡᠭᠰᠢ᠂ ᠪᠠᠶᠢᠭᠠᠯᠢ ᠶᠢᠨ ᠰᠢᠨᠵᠢᠯᠡᠬᠦ ᠤᠬᠠᠭᠠᠨ ᠤ ᠠᠩᠬᠢ ᠶᠢᠨ 420 ᠬᠤᠪᠢ ᠠᠴᠠ ᠲᠡᠭᠡᠭᠰᠢ ᠰᠢᠯᠢᠳᠡᠭ ᠬᠢᠷᠢ ᠪᠦᠲᠦᠮᠵᠢ ᠤᠯᠤᠭᠰᠠᠨ ᠤᠶᠤᠲᠠᠳ ᠲᠤ ᠤᠯᠭᠤᠬᠤ ᠪᠤᠯᠭᠠᠨ ᠬᠤᠪᠢᠷᠠᠭᠤᠯᠵᠤ᠂ ᠨᠤᠲᠤᠭ ᠤᠨ ᠬᠠᠯᠠᠮᠵᠢ ᠵᠤᠷᠢᠬᠵᠢᠭᠤᠯᠤᠯ ᠨᠤᠮ ᠤᠨ ᠮᠦᠷ ᠤᠨ ᠮᠢᠯᠢᠶᠠᠯᠭ᠎ᠠ ᠪᠤᠯᠭᠠᠵᠤ ᠦᠨᠦ ᠪᠤᠯᠲᠠᠯ᠎ᠠ ᠬᠡᠷᠡᠭᠵᠢᠭᠦᠯᠦᠭᠰᠡᠭᠡᠷ ᠪᠤᠢ᠃     ᠴᠠᠰᠤᠨ ᠲᠡᠭᠡᠷ᠎ᠡ ᠮᠦᠷ ᠲᠠᠢ᠂ ᠴᠠᠭᠠᠰᠤᠨ‌‍ᠲ᠋ᠡᠭᠡᠷ᠎ᠡ ᠨᠡᠷ᠎ᠡ ᠲᠠᠢ    ᠨᠠᠮ ᠠᠷᠠᠳ ᠲᠦᠮᠡᠨ ᠤ ᠦᠢᠯᠡᠰ ᠲᠤ ᠦᠨᠡᠨᠴᠢ ᠪᠠᠷ ᠵᠢᠳᠭᠦᠭᠰᠡᠨ ᠠᠯᠳᠠᠷ ᠭᠠᠪᠢᠶ᠎ᠠ ᠶᠢ ᠠᠷᠠᠳ ᠲᠦᠮᠡᠨ ᠨᠢ ᠦᠨᠡᠯᠡᠨ ᠤᠯᠭᠤᠬᠰᠠᠨ ᠪᠤᠯᠬᠤᠷ ᠠᠯᠬᠤᠮ ᠪᠦᠷᠢ ᠨᠢ ᠬᠢᠯᠪᠠᠭ᠎ᠠ ᠰᠠᠴᠤᠷᠠᠨ᠎ᠠ᠃      ᠵᠢᠷᠦᠬᠡ ᠭᠠᠴᠠᠭ᠎ᠠ ᠶᠢᠨ ᠨᠠᠮ ᠤᠨ ᠡᠬᠦᠷ ᠭᠠᠴᠠᠭᠠᠨ ᠵᠦᠪᠯᠡᠯ ᠤᠨ ᠭᠡᠷ ᠲᠤ ᠤᠷᠤᠬᠤ ᠳᠤ ︽ᠲᠡᠷᠢᠬᠦᠨ ᠤ ᠨᠠᠮ  ᠤᠨ ᠡᠬᠦᠷ︾᠂ ︽ᠶᠡᠷᠦᠩᠬᠡᠶᠢᠯᠡᠭᠰᠡᠨ ᠠᠵᠢᠯ ᠤᠨ ᠨᠢᠭᠡᠳᠦᠭᠡᠷ ᠲᠡᠰ︾᠂ ︽ᠡᠭᠦᠯᠳᠡᠷ ᠰᠠᠶᠢᠵᠢᠷᠠᠭᠤᠯᠤᠯᠲᠠ ᠶᠢᠨ ᠠᠵᠢᠯ ᠤᠨ ᠲᠡᠷᠢᠬᠦᠨ ᠤ ᠨᠢᠭᠡᠴᠡ︾᠂ ᠤᠯᠠᠭᠠᠨᠬᠠᠳᠠ ᠬᠤᠳᠠ ᠶᠢᠨ ︽ᠠᠷᠠᠳᠴᠢᠯᠠᠯ ᠪᠠ ᠬᠠᠤᠯᠢ ᠪᠠᠷ ᠵᠠᠰᠠᠬᠤ ᠵᠢᠱᠢᠶ᠎ᠡ ᠦᠵᠡᠭᠦᠯᠬᠦ ᠭᠠᠴᠠᠭ᠎ᠠ︾᠂ ᠤᠯᠠᠭᠠᠨᠬᠠᠳᠠ ᠬᠤᠳᠠ ᠶᠢᠨ ︽ᠦᠨᠳᠦᠰᠦᠨ ᠱᠠᠲᠤᠨ ᠤ ᠲᠡᠷᠢᠭᠦᠨ ᠤ ᠨᠠᠮ ᠤᠨ ᠵᠤᠬᠢᠶᠠᠨ ᠪᠠᠶᠢᠭᠤᠯᠤᠯᠲᠠ︾ ᠵᠡᠷᠭᠡ ᠨᠢᠳᠤ ᠬᠢᠯᠪᠠᠭᠤᠯᠤᠭᠰᠠᠨ ᠰᠢᠷ᠎ᠠ ᠲᠡᠪᠢᠰᠭᠡᠷᠳᠦ ᠤᠯᠠᠨ ᠦᠰᠦᠭᠲᠦ ᠦᠨᠡᠮᠯᠡᠬᠦ ᠪᠠᠷ ᠬᠠᠨ᠎ᠠ ᠪᠠᠨ ᠲᠦᠭᠦᠷᠭᠡᠭᠰᠡᠨ ᠬᠠᠷᠠᠭᠳᠠᠨ᠎ᠠ᠃    ᠬᠠᠨᠰᠦ᠋ᠮ᠎ᠡ ᠰᠤᠮᠤ ᠶᠢᠨ ᠠᠷᠪᠠᠨ ᠲᠠᠪᠤᠳᠤᠭᠠᠷ ᠬᠤᠭᠤᠴᠠᠭ᠎ᠠ ᠠᠴᠠ ᠡᠬᠢᠯᠡᠭᠡᠳ ᠬᠤᠭᠤᠴᠠᠭ᠎ᠠ ᠪᠤᠯᠭᠠᠨ ᠤ ᠠᠷᠠᠳ ᠤᠨ ᠲᠦᠯᠦᠭᠡᠯᠡᠭᠴᠢ᠂ ᠠᠷᠦ ᠬᠤᠷᠴᠢᠨ ᠬᠤᠰᠢᠭᠤᠨ ᠤ ᠠᠷᠪᠠᠨ ᠵᠢᠷᠭᠤᠳᠤᠭᠠᠷ ᠬᠤᠭᠤᠴᠠᠭ᠎ᠠ ᠶᠢᠨ ᠠᠷᠠᠳ  ᠤᠨ ᠲᠦᠯᠦᠭᠡᠯᠡᠭᠴᠢ᠂ ᠤᠯᠠᠭᠠᠨᠬᠠᠳᠠ ᠬᠤᠲᠠ ᠶᠢᠨ ᠲᠤᠯᠤᠳᠤᠭᠠᠷ ᠬᠤᠭᠤᠴᠠᠭ᠎ᠠ ᠶᠢᠨ ᠠᠷᠠᠳ ᠤᠨ ᠲᠦᠯᠦᠭᠡᠯᠡᠭᠴᠢ ᠰᠡᠴᠡᠨᠪᠠᠲᠤ ᠬᠤᠰᠢᠭᠤ ᠰᠤᠮᠤ ᠶᠢᠨ ᠢᠶᠠᠨ ︽ᠰᠢᠯᠢᠳᠡᠭ ᠨᠠᠮ ᠤᠨ ᠬᠡᠰᠢᠬᠦᠨ︾᠂ ︽ᠨᠠᠮ ᠤᠨ ᠰᠢᠯᠢᠳᠡᠭ ᠠᠵᠢᠯᠲᠠᠨ︾ ᠢᠶᠠᠷ ᠤᠯᠠᠨᠲᠠ ᠦᠨᠡᠯᠡᠭᠳᠡᠭᠰᠡᠭᠡᠷ ᠢᠷᠡᠭᠰᠡᠨ ᠪᠦᠭᠡᠳ  2018 ᠤᠨ ᠤ 7 ᠰᠡᠷ᠎ᠠ ᠳᠤ ︽ᠶᠠᠳᠠᠭᠤ ᠠᠴᠠ ᠠᠩᠬᠢᠵᠢᠷᠠᠭᠤᠯᠤᠨ ᠪᠤᠭᠤᠮᠳᠡ ᠳᠠᠪᠠᠭ᠋ᠤ︾ ᠵᠢᠷᠭᠤᠭ᠎ᠠ ᠶᠢ ᠦᠨᠡᠯᠡᠨ ᠰᠢᠯᠭᠠᠷᠠᠭᠤᠯᠬᠤ ᠠᠵᠢᠯᠯᠠᠭᠠᠨ ᠳᠤ ︽ᠭᠠᠴᠠᠭᠠᠨ  ᠤ ᠬᠠᠮᠤᠭ ᠤᠨ ᠭᠤᠶᠦ ᠺᠠᠳ᠋ᠷ︾ ᠢᠶᠠᠷ ᠦᠨᠡᠯᠡᠭᠳᠡᠵᠡᠢ᠃    ᠰᠡᠴᠡᠨᠪᠠᠲᠤ ᠪᠠᠷ 2017 ᠤᠨ ᠤ 6 ᠰᠡᠷ᠎ᠠ ᠳᠤ ᠠᠷᠦ ᠬᠤᠷᠴᠢᠨ ᠬᠤᠰᠢᠭᠤᠨ ᠤ ︽ᠦᠡᠲᠤᠰᠤᠳᠡᠨ ᠤ ᠪᠦᠯᠬᠦᠮᠳᠡᠯ ᠲᠡᠪᠰᠢᠯᠳᠡ ᠶᠢᠨ ᠵᠢᠱᠢᠶᠡᠴᠢ ᠬᠤᠪᠢ ᠬᠦᠮᠤᠨ︾ ᠢᠶᠠᠷ ᠰᠤᠩᠭᠤᠭᠳᠠᠵᠤ᠂ 2017 ᠤᠨ ᠤ 9 ᠰᠡᠷ᠎ᠠ  ᠳᠤ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ︽ᠦᠡᠲᠤᠰᠤᠳᠡᠨ ᠤ ᠪᠦᠯᠬᠦᠮᠳᠡᠯ ᠲᠡᠪᠰᠢᠯᠳᠡ ᠶᠢᠨ ᠵᠢᠱᠢᠶᠡᠴᠢ ᠬᠤᠪᠢ ᠬᠦᠮᠤᠨ︾ ᠤ ᠢᠷᠠᠭᠤ ᠠᠯᠳᠠᠷ ᠢ ᠲᠤᠰᠤᠭᠰᠠᠨ ᠪᠦᠭᠡᠳ ᠦᠪᠡᠷᠳᠡᠬᠡᠨ ᠵᠠᠰᠠᠬᠤ ᠤᠷᠤᠨ ᠪᠠᠶᠢᠭᠤᠯᠤᠨᠨᠳ᠋ᠬᠠᠰᠡᠨ 70 ᠵᠢᠯ ᠤᠨ ᠤᠢ ᠶᠢ ᠪᠡᠯᠬᠡᠯᠡᠬᠦ ᠶᠡᠭᠡ ᠬᠤᠷᠡᠯ ᠳᠤ ᠦᠡᠲᠤᠰᠤᠨ ᠱᠠᠲᠤᠨ ᠤ ᠠᠷᠠᠳ ᠤᠨ ᠲᠦᠯᠦᠭᠡᠯᠡᠭᠴᠢ ᠶᠢᠨ ᠬᠤᠪᠢ ᠪᠠᠷ ᠲᠠᠶᠢᠰᠠᠨ ᠳᠤ ᠭᠠᠷᠴᠤ ᠢᠯᠡᠳᠭᠡᠯ ᠬᠢᠭᠰᠡᠨ ᠪᠠᠶᠢᠨ᠎ᠠ᠃ 2018 ᠤᠨ ᠳᠤ ᠦᠡᠲᠤᠰᠤᠳᠡᠨ ᠤ ᠪᠦᠯᠬᠦᠮᠳᠡᠯ ᠲᠡᠪᠰᠢᠯᠳᠡ ᠶᠢᠨ ᠰᠢᠯᠢᠳᠡᠭ ᠲᠦᠯᠦᠬᠡᠯᠡᠭᠴᠢ ᠶᠢᠨ ᠬᠤᠪᠢ ᠪᠠᠷ ᠪᠦᠬᠦ ᠤᠯᠤᠰ ᠤᠨ ᠴᠦᠬᠡᠨ ᠲᠤᠭᠠᠳᠦ ᠦᠡᠲᠤᠰᠤᠳᠡᠨ ᠤ ᠲᠤᠭᠤᠷᠢᠨ ᠦᠵᠡᠬᠦ ᠪᠦᠯᠬᠦᠮ ᠤᠨ ᠬᠠᠮᠲᠤ ᠲᠡᠷᠢᠬᠦᠨ ᠤ ᠲᠡᠪᠰᠢᠩᠭᠤᠢ ᠭᠠᠵᠠᠷ ᠤᠷᠤᠨ ᠢᠶᠠᠷ ᠲᠤᠭᠤᠷᠢᠨ ᠦᠵᠡᠵᠦ ᠠᠮᠵᠢᠯᠲᠠ ᠲᠠᠢ ᠲᠤᠷᠰᠢᠯᠭ᠎ᠠ᠂ ᠠᠵᠢᠯ ‍ᠤᠨ‌ᠠᠷᠭ᠎ᠠ ᠮᠠᠶ᠋ᠢᠭ ᠢ ᠰᠤᠷᠤᠯᠴᠠᠭᠰᠠᠨ ᠪᠦᠭᠡᠳ‌‍ᠲ᠋ᠦ᠋ᠪ ᠤᠨ ᠤᠲᠤᠷᠢᠲᠤᠯᠭ᠎ᠠ ᠸᠠᠩ ᠶᠠᠩ ᠲᠠᠢ ᠠᠭᠤᠯᠵᠠᠵᠤ ᠦᠩᠭᠡᠷᠡᠭᠰᠡᠨ ᠪᠠᠶᠢᠨ᠎ᠠ᠃ 2019 ᠤᠨ ᠳᠤ ᠪᠦᠬᠦ ᠤᠯᠤᠰ ᠤᠨ ︽ᠦᠡᠲᠤᠰᠤᠳᠡᠨ ᠤ ᠪᠦᠯᠬᠦᠮᠳᠡᠯ ᠲᠡᠪᠰᠢᠯᠳᠡ ᠶᠢᠨ ᠵᠢᠱᠢᠶᠡᠴᠢ ᠬᠤᠪᠢ ᠬᠦᠮᠤᠨ︾ ᠢᠶᠠᠷ ᠦᠨᠡᠯᠡᠭᠳᠡᠭᠰᠡᠨ ᠪᠠᠶᠢᠨ᠎ᠠ᠃ 2020 ᠤᠨ ᠳᠤ ᠪᠦᠬᠦ ᠬᠤᠳᠡ ᠶᠢᠨ ︽ᠦᠨᠲᠤᠰᠤᠨ ᠱᠠᠲᠤᠨ ᠤ ᠴᠢᠭᠡᠴᠢ ᠰᠤᠷᠳᠡᠯ  ᠤᠨ ᠲᠠᠭᠤᠷᠢᠶᠡᠯ ᠵᠢᠱᠢᠶᠡᠴᠢ ᠺᠠᠳ᠋ᠷ︾ ᠤᠨ ᠢᠷᠠᠭᠤ ᠠᠯᠳᠡᠷ ᠢ ᠬᠦᠷᠳᠡᠪᠡ᠃      ᠬᠦᠰᠡᠯ ᠤᠨ ᠰᠠᠶᠢᠬᠠᠨ ᠨᠢ ᠢᠷᠡᠭᠡᠳᠦᠢ ᠳᠡᠭᠡᠨ ᠪᠠᠶᠢᠳᠠᠭ    ᠵᠢᠷᠦᠬᠡ ᠶᠢᠨ ᠲᠠᠯ᠎ᠠ ᠶᠢᠨ ᠰᠡᠴᠡᠨᠪᠠᠲᠤ ᠡᠷᠳᠡᠨᠢᠴᠡᠴᠡᠭ ᠤᠨ ᠬᠢᠨ ᠬᠡᠵᠦ ᠦᠳᠡᠯᠦᠭᠡ ᠪᠤᠭᠤᠷᠤᠯ ᠠᠪᠤ ᠡᠵᠢ ᠲᠠᠢ᠂ ᠤᠯᠤᠰ ᠤᠨ ᠵᠢᠤᠳᠤᠤ ᠪᠦᠬᠡ ᠶᠢᠨ ᠠᠪᠤᠷᠭᠤ ᠬᠦᠦ᠂ ᠤᠶᠤᠲᠠᠨ ᠦᠬᠢᠨ ᠲᠠᠢ ᠠᠮᠠ ᠪᠦᠯᠢ ᠵᠢᠷᠭᠤᠭᠠᠭᠤᠯᠠ ᠦᠨᠢᠷ ᠦᠳᠭᠡᠨ ᠠᠶᠢᠯ᠃      1989 ᠤᠨ ᠠᠴᠠ 18 ᠨᠠᠰᠤᠲᠠᠢ ᠠᠴᠠ ᠪᠠᠨ ᠪᠠᠷᠢᠯᠳᠤᠵᠤ ᠡᠬᠢᠯᠡᠭᠡᠳ 1992 ᠤᠨ ᠤ ᠬᠠᠨ ᠰᠦᠮ᠎ᠡ ᠶᠢᠨ ᠢᠷᠦᠭᠡᠯ ᠤᠨ ᠬᠤᠷᠠᠯ ᠤᠨ ᠨᠠᠶᠢᠷ ᠤᠨ ᠲᠡᠳ᠋᠂ 1996 ᠤᠨ ᠤ ᠬᠠᠨᠰᠦ᠋ᠮ᠎ᠡ ᠰᠤᠮᠤ ᠶᠢᠨ ᠨᠠᠶᠢᠷ ᠤᠨ ᠲᠡᠷᠢᠬᠦᠨ ᠰᠡᠴᠡᠨᠪᠠᠲᠤ ᠶᠢᠨ ᠢᠳᠡ ᠪᠠᠷᠢᠯᠳᠤᠵᠤ ᠪᠠᠶᠢᠬᠰᠠᠨ ᠦᠶ᠎ᠡ ᠳᠤ ᠬᠤᠰᠢᠭᠤᠨ ᠨᠠᠶᠢᠷ ᠬᠢᠭᠰᠡᠨ ᠲᠠᠭᠠᠷᠠᠭᠰᠠᠨ ᠦᠬᠡᠢ᠃ ᠲᠡᠷᠡ ᠪᠠᠷ 2003 ᠤᠨ ᠳᠤ 32 ᠲᠠᠢ ᠳᠠᠭᠠᠨ ᠠᠷᠦ ᠬᠤᠷᠴᠢᠨ ᠬᠤᠰᠢᠭᠤᠨ ᠨᠠᠶᠢᠷ ᠲᠤ ᠠᠩᠬ᠎ᠠ ᠤᠷᠤᠭᠠᠳ ᠲᠤᠤᠷ᠎ᠠ ᠨᠠᠢᠮᠠ ᠶᠢᠨ 13 ᠳᠤ ᠰᠠᠭᠤᠵᠤ᠂ ᠪᠠᠭᠠᠷᠢᠨ᠂ ᠬᠡᠰᠢᠭᠳᠡᠨ ᠤ ᠨᠠᠶᠢᠷ ᠲᠤ ᠲᠡᠭᠡᠷ᠎ᠡ ᠨᠠᠢᠮᠠ ᠳᠤ ᠲᠡᠪᠢᠵᠦ᠂ ᠦᠪᠡᠷᠲᠡᠭᠡᠨ ᠵᠠᠰᠠᠬᠤ ᠤᠷᠤᠨ ᠤ 50 ᠵᠢᠯ ᠤᠨ ᠤᠢ᠂ 60 ᠵᠢᠯ ᠤᠨ ᠤᠢ ᠶᠢᠨ ᠨᠠᠶᠢᠷ ᠲᠤ ᠵᠤᠳᠤᠭᠯᠠᠵᠤ᠂ ᠬᠤᠰᠢᠭᠤ ᠨᠤᠲᠤᠭ ᠤᠨ ᠢᠶᠠᠨ ᠨᠡᠷ᠎ᠡ ᠶᠢ ᠡᠷᠭᠦᠵᠦ ᠶᠠᠪᠤᠭᠰᠠᠨ ᠮᠠᠯᠴᠢᠨ ᠪᠦᠬᠡᠴᠢᠨ ᠤ ᠰᠠᠶᠢᠬᠠᠨ ᠠᠯᠳᠠᠷ ᠲᠠᠢ ᠬᠡᠬᠦ  ᠳᠤ ᠲᠡᠭᠦᠨ ᠤ ᠬᠦᠦ ᠨᠠᠴᠢᠨ ᠨᠢ 2011 ᠤᠨ ᠳᠤ ᠦᠪᠡᠷᠲᠡᠭᠡᠨ ᠵᠠᠰᠠᠬᠤ ᠤᠷᠤᠨ ᠤ ᠵᠠᠯᠠᠭᠤᠴᠤᠳ ᠪᠠᠭᠠᠴᠤᠳ  ᠤᠨ ᠵᠢᠤᠳᠤᠤ ᠪᠦᠬᠡ ᠶᠢᠨ73 ᠺᠢᠯᠤ᠋ ᠶᠢᠨ ᠲᠡᠰ ᠤᠨ ᠠᠪᠤᠷᠭᠤ ᠰᠢᠯᠭᠠᠷᠠᠭᠤᠯᠬᠤ ᠤᠷᠤᠯᠳᠤᠭᠠᠨ ᠤ ᠲᠡᠷᠢᠭᠦᠨ᠂ 2016 ᠤᠨ ᠤ ᠠᠽᠢ ᠶᠢᠨ ᠵᠠᠯᠠᠭᠤᠴᠤᠳ ᠪᠠᠭᠠᠴᠤᠳ ᠤᠨ ᠵᠢᠤᠳᠤᠤ ᠪᠦᠬᠡ ᠶᠢᠨ 81 ᠺᠢᠯᠤ᠋ ᠶᠢᠨ ᠲᠡᠰ ᠤᠨ ᠮᠠᠩᠯᠠᠢ ᠰᠢᠯᠭᠠᠷᠠᠭᠤᠯᠬᠤ ᠤᠷᠤᠯᠳᠤᠭᠠᠨ ᠤ ᠲᠡᠷᠢᠬᠦᠨ᠂ 2018 ᠤᠨ ᠳᠤ ᠪᠦᠬᠦ ᠤᠯᠤᠰ ᠤᠨ ᠵᠢᠤᠳᠤᠤ ᠪᠦᠬᠡ ᠶᠢᠨ 73 ᠺᠢᠯᠤ᠋ ᠶᠢᠨ ᠲᠡᠰ ᠤᠨ ᠠᠪᠤᠷᠭᠤ ᠰᠢᠯᠭᠠᠷᠠᠭᠤᠯᠬᠤ ᠤᠷᠤᠯᠳᠤᠭᠠᠨ ᠤ ᠲᠡᠷᠢᠭᠦᠨ᠂ ᠤᠯᠤᠰ ᠤᠨ ᠵᠢᠤᠳᠤᠤ ᠪᠦᠬᠡ ᠵᠢᠨ‌ᠠᠪᠤᠷᠭᠤ ᠪᠠᠶᠢᠭ᠎ᠠ ᠶᠢ ᠲᠤᠭᠤᠯᠭᠠᠬᠤ ᠳᠤ ᠶᠠᠭᠤᠲᠠᠢ ᠪᠠᠶᠠᠰᠬᠤᠯᠠᠩ᠂ ᠶᠠᠭᠤᠲᠠᠢ ᠬᠡᠶᠢᠮᠦᠷᠢᠯᠢᠭ᠃
 
ᠢᠷᠡᠯᠲᠡ᠄ ᠦᠪᠤᠷ ᠮᠤᠩᠭᠤᠯ ᠤᠨ ︽ᠨᠡᠶᠢᠬᠡᠮ ︾ ᠰᠡᠳᠬᠦᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号