ᠪᠠᠭᠰᠢ ᠬᠦᠮᠦᠨ ᠰᠠᠶᠢᠬᠠᠨ
ᠨᠡᠶᠢᠲᠡᠯᠡᠭᠰᠡᠨ ᠴᠠᠭ᠄
2023/11/22
                      ᠳᠤᠯᠠᠶᠢᠶ᠎ᠠ ᠵᠤᠬᠢᠶᠠᠪᠠ      ᠨᠦᠬᠦᠷ ᠮᠢᠨᠢ ᠪᠠᠭᠰᠢ ᠬᠦᠮᠦᠨ ᠪᠢᠰᠢ ᠂ ᠬᠡᠲᠡᠯ᠎ᠡ ᠮᠠᠰᠢ ᠤᠯᠠᠨ ᠬᠦᠮᠦᠰ ᠲᠡᠭᠦᠨ ᠢ ᠪᠠᠭᠰᠢ ᠬᠡᠮᠡᠨ ᠳᠠᠭᠤᠳᠠᠳᠠᠭ      ᠠᠷᠪᠠᠭᠠᠳ ᠵᠢᠯ  ᠬᠡᠴᠢᠨᠡᠬᠡᠨ ᠤᠯᠠᠨ ᠰᠤᠷᠤᠭᠴᠢ᠂ ᠭᠡᠷ ᠤᠨ ᠠᠬᠠᠮᠠᠳ ᠢᠶᠠᠷ ᠪᠠᠭᠰᠢ ᠬᠡᠮᠡᠨ ᠳᠠᠭᠤᠳᠠᠭᠤᠯᠵᠤ ᠶᠠᠪᠤᠬᠤ ᠳᠤ ᠪᠠᠨ ᠪᠠᠭᠰᠢ ᠭᠡᠳᠡᠭ ᠡᠨᠡ ᠬᠦ ᠳᠠᠭᠤᠳᠠᠯᠭ᠎ᠠ ᠶᠢᠨ ᠳᠤᠬᠠᠢ  ᠨᠠᠷᠢᠨ ᠠᠩᠬᠠᠷᠴᠤ ᠴᠤ ᠦᠵᠡᠭᠰᠡᠨ ᠦᠬᠡᠢ ᠪᠢᠯᠠ᠃ ᠵᠦᠬᠡᠷ ᠯᠨ ᠠᠵᠢᠯ ᠤᠨ ᠳᠤᠳᠤᠳᠬᠠᠯ ᠳᠠᠭᠤᠳᠠᠯᠭ᠎ᠠ ᠲᠡᠳᠦᠢ ᠪᠠᠷ ᠪᠤᠳᠤᠵᠤ ᠠᠪᠤ ᠠᠴᠠ ᠤᠯᠤᠭᠰᠠᠨ ᠨᠡᠷ᠎ᠡ  ᠪᠠᠨ ᠠᠵᠢᠭ ᠴᠤ ᠦᠬᠡᠢ ᠤᠷᠤᠯᠠᠭᠤᠯᠵᠤ ᠶᠠᠪᠤᠳᠠᠭ ᠃ ᠲᠡᠶᠢᠮᠦ ᠠᠴᠠ ᠪᠠᠭᠰᠢ ᠶᠢᠨ ᠠᠯᠪᠠᠨ ᠳᠤ ᠠᠵᠢᠯᠯᠠᠳᠠᠭ ᠦᠬᠡᠢ ᠨᠦᠬᠦᠷ ᠢ ᠮᠢᠨᠢ ᠬᠦᠮᠦᠰ 《ᠪᠠᠭᠰᠢ》 ᠬᠡᠵᠦ ᠳᠠᠭᠤᠳᠠᠭᠠᠳ ᠪᠠᠶᠢᠬᠤ ᠳᠤ ᠨᠢ ᠲᠠᠩᠴᠤ ᠳᠠᠳᠬᠤ ᠦᠬᠡᠢ ᠂ ᠵᠠᠷᠢᠮ  ᠳᠤ ᠪᠠᠨ ᠪᠦᠷ ᠴᠤ ᠬᠠᠴᠢᠨ ᠰᠡᠳᠬᠢᠭᠳᠡᠯ ᠲᠦᠷᠦᠭᠳᠡᠳᠡᠭ᠃ ᠲᠡᠷᠡ ᠴᠢᠨᠢ ᠮᠠᠨᠤᠰ ᠰᠢᠭ᠋ ᠰᠤᠷᠭᠠᠭᠤᠯᠢ ᠳᠤ ᠬᠢᠴᠢᠶᠡᠯ ᠵᠢᠭᠠᠳᠠᠭ ᠬᠦᠮᠦᠰ ᠤᠨ ᠠᠵᠢᠯ ᠤᠨ ᠴᠤᠯᠠ ᠰᠢᠦ ᠳ᠋ᠠ᠃     ᠨᠢᠬᠡ ᠤᠳᠠᠭ᠎ᠠ ᠪᠢ ᠨᠦᠬᠦᠷ ᠲᠤ ᠪᠠᠨ᠄ ︽ᠴᠢᠮ᠎ᠠ ᠶᠢ ᠬᠦᠮᠦᠰ ᠰᠢᠯᠦᠭᠴᠢ᠂ ᠵᠤᠬᠢᠶᠠᠯᠴᠢ᠂ ᠡᠰᠡᠬᠦᠯ᠎ᠡ ᠶᠠᠮᠠᠷ ᠨᠢᠬᠡᠨ ᠵᠠᠩ ᠦᠢᠯᠡ ᠶᠢᠨ ᠡᠷᠳᠡᠮᠳᠡᠨ ᠭᠡᠵᠦ ᠳᠠᠭᠤᠳᠠᠭᠰᠠᠨ ᠴᠤ  ᠶᠠᠭᠠᠬᠢᠮᠠᠢ᠂ ᠪᠠᠭᠰᠢ ᠬᠡᠵᠦ ᠳᠠᠭᠤᠳᠠᠬᠤ ᠯᠡ ᠳᠤᠬᠢᠷᠠᠮᠵᠢ ᠦᠬᠡᠢ︾ ᠭᠡᠵᠦ ᠮᠠᠷᠭᠤᠵᠤ ᠦᠩᠬᠡᠷᠡᠭᠰᠡᠨ ᠶᠤᠮ᠃ ᠲᠡᠭᠡᠭᠦ ᠳᠤ ᠲᠡᠷᠡ ᠮᠠᠨᠢ᠄ ︽ᠲᠠᠳᠠ ᠨᠠᠷ ᠦᠬᠡᠷ᠎ᠡ ᠳᠠᠭᠤᠳᠠᠯᠭ᠎ᠠ ᠤᠯᠬᠤ ᠦᠬᠡᠢ ᠶᠤᠮ ᠴᠢᠨᠢ᠃ ᠴᠢᠮ᠎ᠠ  ᠰᠢᠭ᠋ ︿ᠬᠠᠨᠢ ᠮᠢᠨᠢ﹀ ᠭᠡᠵᠦ ᠳᠠᠭᠤᠳᠠᠵᠤ ᠪᠤᠯᠬᠤ ᠦᠬᠡᠢ ᠪᠢᠵᠠ ᠳ᠋ᠠ︾ ᠬᠡᠵᠦ ᠳᠤᠭᠯᠠᠭᠠᠮ ᠪᠤᠯᠭᠠᠭᠠᠳ ᠯᠡ ᠦᠩᠬᠡᠷᠡᠭᠰᠡᠨ ᠳ᠋ᠠ᠃ ᠪᠢ ᠬᠡᠳᠤ ᠬᠤᠨᠤᠭ ᠪᠤᠳᠤᠯᠬᠢᠯᠠᠭᠠᠳ᠄ ︽ᠴᠢᠮ᠎ᠠ ᠳᠤ ᠪᠠᠭᠰᠢ ᠭᠡᠳᠡᠭ ᠳᠠᠭᠤᠳᠠᠯᠭ᠎ᠠ ᠵᠤᠭᠢᠷᠠᠬᠤ ᠦᠬᠡᠢ᠃ ᠬᠠᠷᠢᠨ ᠶᠠᠮᠠᠷ ᠶᠠᠮᠠᠷ ᠰᠤᠳᠤᠯᠭᠠᠳᠠᠨ ᠭᠡᠪᠡᠯ ᠵᠤᠬᠢᠨ᠎ᠠ᠃ ᠪᠠᠭ᠎ᠠ ᠰᠤᠷᠭᠠᠭᠤᠯᠢ ᠪᠤᠶᠤ ᠴᠡᠴᠡᠷᠯᠢᠭ ᠤᠨ ᠪᠠᠭᠰᠢ ᠢ ᠴᠤ ᠬᠦᠮᠦᠰ ᠪᠠᠭᠰᠢ ᠭᠡᠳᠡᠭ  ᠪᠢᠰᠢ ᠦᠦ︾ ᠭᠡᠪᠡ᠃ ︽ᠪᠢ ᠪᠠᠭ᠎ᠠ ᠰᠤᠷᠭᠠᠭᠤᠯᠢ ᠳᠤ ᠴᠦ ᠪᠠᠭᠰᠢᠯᠠᠵᠤ ᠦᠩᠭᠡᠷᠡᠭᠰᠡᠨ ᠦᠬᠡᠢ ᠪᠠᠶᠢᠭᠠᠳ ᠪᠠᠭᠰᠢ  ᠭᠡᠵᠦ ᠳᠠᠭᠤᠳᠠᠭᠤᠯᠬᠤ ᠴᠢᠨᠢ ᠪᠤᠶᠠᠨ ᠳ᠋ᠠ︾ ᠭᠡᠳ ᠲᠡᠷᠡ ᠮᠦᠨ ᠯᠡ ᠳᠤᠭᠯᠠᠭᠠᠮ ᠪᠤᠯᠭᠠᠭᠠᠳ ᠦᠩᠬᠡᠷᠡᠪᠡ᠃  ᠪᠢ  ᠰᠦᠨᠢᠵᠢᠨ ᠨᠤᠶᠢᠷ ᠬᠤᠯᠵᠢᠪᠠ᠃ ᠮᠠᠷᠭᠠᠰᠢ ᠨᠢ᠄ ︽ᠶᠠᠮᠠᠷ ᠠᠵᠢᠯ ᠬᠢᠵᠦ ᠪᠠᠶᠢᠪᠠᠯ ᠲᠡᠷᠡ ᠠᠵᠢᠯ ᠤᠨ ᠴᠤᠯᠠ ᠪᠠᠷ ᠨᠢ ᠳᠠᠭᠤᠳᠠᠪᠠᠯ  ᠵᠦᠢᠲᠡᠢ᠃ ᠲᠠᠭᠤᠳᠠᠯᠭ᠎ᠠ ᠭᠡᠳᠡᠭ ᠴᠢᠨᠢ ᠬᠦᠮᠦᠨ ᠬᠦᠮᠦᠨ ᠢ ᠬᠤᠭᠤᠷᠤᠨᠳᠤ ᠨᠢ ᠢᠯᠭᠠᠵᠤ ᠳᠤᠳᠤᠳᠬᠠᠬᠤ ᠶᠢᠨ ᠲᠦᠯᠦᠬᠡ ᠪᠤᠢ ᠪᠤᠯᠤᠭᠰᠠᠨ ᠶᠤᠮ ᠴᠢᠨᠢ︾ ᠬᠡᠵᠦ ᠨᠦᠬᠦᠷ ᠠᠴᠠ ᠪᠠᠨ ᠦᠷᠢ ᠨᠡᠬᠡᠬᠦ‍ ᠰᠢᠭ  ᠭᠡᠯᠡᠪᠡ᠃ ︽ᠦ᠂ ᠬᠦᠬᠡᠷᠦᠬᠦᠢ︕ ᠡᠨᠡ ᠤᠴᠢᠷ ᠲᠤ ᠰᠦᠨᠢᠵᠢᠨ ᠨᠤᠶᠢᠷ ᠦᠬᠡᠢ ᠬᠤᠨᠤᠭᠰᠠᠨ ᠤᠤ︖︾ ᠭᠡᠵᠦ ᠨᠦᠬᠦᠷ ᠮᠢᠨᠢ ᠨᠡᠮ᠎ᠡ  ᠶᠢ ᠱᠤᠭᠯᠠᠭᠠᠳ᠄ ︽ᠪᠢ ᠪᠠᠭᠰᠢ ᠬᠦᠮᠦᠨ ᠤ ᠨᠦᠬᠦᠷ ᠪᠤᠯᠬᠤᠷ ᠬᠦᠮᠦᠰ ᠨᠡᠮ᠎ᠡ ᠶᠢ ᠴᠢᠮ᠎ᠠ ᠲᠠᠢ ᠠᠳᠠᠯᠢ ᠪᠠᠷ ᠦᠵᠡᠵᠦ ︿ᠪᠠᠭᠰᠢ﹀ ᠭᠡᠵᠦ ᠳᠠᠭᠤᠳᠠᠳᠠᠭ ᠪᠠᠶᠢᠬᠤ ᠦᠬᠡᠢ ᠤᠤ︾ ᠭᠡᠪᠡ᠃ ᠨᠡᠬᠡᠷᠡᠨ ᠲᠡᠶᠢᠮᠦ ᠴᠤ ᠶᠤᠮ ᠤᠤ ᠭᠡᠵᠦ ᠪᠢ ᠪᠤᠳᠤᠭᠠᠳ ᠵᠢᠭᠠᠬᠠᠨ ᠲᠠᠶᠢᠪᠤᠰᠢᠷᠠᠪᠠ᠃ ᠨᠦᠬᠦᠷ ᠮᠢᠨᠢ ᠶᠠᠮᠠᠷ ᠲᠤ ᠪᠠᠨ ︽ᠠᠷᠢᠬᠢᠨ ᠴᠢᠳᠬᠦᠷ︾ ︽ᠨᠤᠪᠰᠢ︾ ᠭᠡᠵᠦ ᠨᠡᠷᠡᠯᠡᠭᠳᠡᠭᠰᠡᠨ ᠴᠤ ᠪᠢᠰᠢ ᠳ᠋ᠠ ᠭᠡᠵᠦ ᠪᠤᠳᠤᠭᠠᠳ ᠲᠤᠳᠤᠷ ᠤᠡᠭᠭᠤᠶᠢᠪᠠ᠃ ᠨᠢᠬᠡ ᠬᠡᠷ ᠪᠦᠯᠢ ᠳᠤ ᠴᠢᠨᠢ ᠬᠡᠨ  ᠨᠢ ᠭᠤᠤᠯᠯᠠᠵᠤ ᠪᠠᠶᠢᠬᠤ ᠪᠠᠷ ︽ᠭᠡᠨ ᠭᠡᠨ ᠤ ᠬᠢ︾ ᠭᠡᠵᠦ ᠢᠯᠭᠠᠳᠠᠭ  ᠪᠢᠰᠢ ᠦᠦ ᠬᠡᠵᠦ  ᠪᠤᠳᠤᠭᠠᠳ  ᠪᠠᠶᠠᠰᠤᠯ᠎ᠠ  ᠃ ᠢᠩᠬᠢᠵᠦ ᠪᠤᠳᠤᠪᠠᠯ  ᠪᠠᠭᠰᠢ ᠭᠡᠳᠡᠭ ᠴᠢᠨᠢ ᠠᠵᠢᠯ ᠤᠨ ᠢᠯᠭᠠᠯ  ᠳᠤ  ᠰᠠᠭᠤᠷᠢᠯᠠᠭᠳᠠᠭᠰᠠᠨ ᠳᠠᠭᠤᠳᠠᠯᠭ᠎ᠠ ᠪᠤᠯᠬᠤ  ᠨᠢ ᠢᠯᠡᠷᠬᠡᠢ ᠳᠤᠯᠠ ᠪᠢ ᠠᠭᠠᠵᠢᠮ ᠳᠤ ᠪᠠᠨ ᠡᠨᠡ ᠳᠤᠬᠠᠢ ᠪᠤᠳᠤᠬᠤ ᠪᠠᠨ ᠪᠤᠯᠢᠪᠠ ᠂ ᠨᠡᠩᠳᠡ ᠨᠤᠶᠢᠷ ᠬᠤᠯᠵᠢᠬᠤ  ᠪᠠᠨ ᠪᠤᠯᠢᠵᠠᠢ᠃      ᠲᠦᠷᠤᠬᠦᠤ ᠭᠠᠷᠠᠭ ᠠᠯᠢ ᠨᠢᠬᠡ ᠰᠤᠷᠭᠠᠭᠤᠯᠢ ᠶᠢᠨ ᠬᠢᠨ ᠨᠦᠬᠦᠷ ᠢ ᠮᠢᠨᠢ ᠪᠠᠰᠠ ᠯᠡ  ᠶᠠᠷᠢᠶ᠎ᠠ ᠢᠯᠡᠳᠬᠡᠯ ᠬᠢᠯᠬᠡᠬᠦ ᠪᠠᠷ ᠤᠷᠢᠪᠡ᠃  ᠪᠦᠳᠤᠨ ᠰᠠᠶᠢᠨ ᠲᠠᠭᠠᠷᠠᠯᠳᠤᠭᠰᠠᠨ ᠳᠤᠯᠠ ᠪᠢ ᠴᠤ ᠨᠦᠬᠦᠷ ᠢᠶᠠᠨ ᠲᠠᠭᠠᠵᠤ ᠤᠴᠢᠨ᠂  ᠲᠡᠷᠡ ᠰᠤᠷᠭᠠᠭᠤᠯᠢ ᠶᠢᠨ ᠪᠠᠭᠰᠢ ᠨᠠᠷ ᠲᠠᠢ ᠶᠠᠷᠢᠶ᠎ᠠ ᠢᠯᠡᠳᠭᠡᠯ ᠢ ᠨᠢ ᠰᠤᠨᠤᠰᠴᠠᠢ᠃      ᠨᠦᠬᠦᠷ ᠮᠠᠨᠢ ᠰᠤᠷᠤᠭᠴᠢᠳ ᠢ ᠬᠡᠷᠭᠢᠨ ᠵᠠᠩ ᠦᠢᠯᠡ ᠪᠠᠨ ᠲᠡᠭᠡᠳᠦᠯᠡᠳᠡᠭ ᠬᠦᠮᠦᠨ ᠪᠤᠯᠭᠠᠨ ᠬᠦᠮᠦᠵᠢᠬᠦᠯᠬᠦ ᠬᠢᠬᠡᠳ ᠨᠤᠮ ᠪᠢᠴᠢᠭ ᠢ ᠨᠢ ᠢᠯᠡᠭᠦᠦ  ᠣᠩᠰᠢᠭᠤᠯᠬᠤ  ᠳᠤᠬᠠᠢ ᠪᠠᠭᠰᠢ ᠨᠠᠷ ᠲᠤ ᠵᠤᠷᠢᠭᠤᠯᠤᠭᠰᠠᠨ ᠶᠠᠷᠢᠶ᠎ᠠ ᠢᠯᠡᠳᠭᠡᠯ ᠬᠢᠵᠠᠢ᠃      ︽ᠴᠠᠭ ᠦᠶ᠎ᠡ ᠨᠡᠶᠢᠬᠡᠮ ᠬᠦᠭᠵᠢᠬᠡᠳ ᠬᠦᠮᠦᠨ ᠪᠦᠬᠦᠨ ᠰᠦᠯᠵᠢᠶᠡᠨ ᠠᠴᠠ ᠪᠦᠬᠦ ᠬᠡᠷᠡᠭᠴᠡᠭᠡᠲᠡᠢ ᠵᠦᠢᠯ ᠢᠶᠠᠨ ᠱᠦᠬᠦᠨ ᠤᠯᠵᠤ ᠪᠤᠯᠬᠤ ᠪᠤᠯᠤᠮᠵᠢᠲᠠᠢ ᠰᠠᠶᠢᠬᠠᠨ ᠴᠠᠭ ᠪᠤᠯᠵᠤ ᠪᠠᠶᠢᠨ᠎ᠠ᠃ ᠶᠠᠭ ᠡᠬᠦᠨ ᠢ ᠲᠠᠭᠠᠭᠠᠳ ᠲᠡᠭᠦᠨ ᠤ ᠰᠦᠬᠡᠷᠭᠦ ᠨᠦᠯᠦᠬᠡ ᠶᠠᠪᠤᠵᠤ ᠪᠠᠶᠢᠳᠠᠭ᠃ ᠪᠢᠲᠠ ᠶᠠᠭᠤ ᠪᠦᠬᠦᠨ ᠢᠶᠠᠨ ᠲᠧᠭᠨᠢᠭ ᠲᠤ ᠨᠠᠶᠢᠳᠠᠭᠰᠠᠨ ᠠᠴᠠ ᠵᠠᠯᠬᠠᠭᠤ ᠲᠡᠭᠡᠷ᠎ᠡ ᠪᠠᠨ ᠮᠠᠷᠳᠠᠮᠠᠭᠠᠢ ᠪᠤᠯᠤᠭᠠᠳ ᠶᠠᠪᠤᠵᠤ ᠪᠠᠶᠢᠭ᠎ᠠ᠃ ᠡᠪᠦᠬᠡᠴᠦᠦᠯ ᠮᠢᠨᠢ ᠠᠯᠢ ᠵᠠᠯᠠᠭᠤ ᠳᠤ ᠨᠢ ᠪᠤᠯᠤᠭᠰᠠᠨ ᠬᠤᠷᠢᠮ ᠳᠤ ᠬᠠᠮᠢᠭ᠎ᠠ ᠶᠢᠨ ᠬᠡᠨ ᠢᠷᠡᠭᠡᠳ ᠭᠡᠳᠦᠢ ᠤᠤᠭᠤᠵᠤ ᠶᠠᠭᠤ ᠭᠡᠵᠦ ᠬᠡᠯᠡᠭᠰᠡᠨ ᠳᠤ ᠭᠦᠷᠲᠡᠯ᠎ᠡ  ᠴᠡᠭᠡᠵᠢᠯᠡᠵᠦ ᠪᠠᠶᠢᠬᠤ ᠳᠤ ᠪᠢᠲᠠᠨ ᠤ ᠭᠡᠦᠭᠡᠳ ᠦᠴᠦᠭᠡᠳᠦᠷ ᠦᠨᠦᠳᠦᠷ ᠢᠶᠠᠨ ᠮᠠᠷᠳᠠᠨ ᠬᠤᠳᠬᠤᠬᠤ ᠬᠡᠮᠵᠢᠶᠡᠨ ᠳᠤ ᠬᠦᠷᠴᠦ ᠪᠠᠶᠢᠨ᠎ᠠ᠃ ᠦᠨᠦᠳᠦᠷ ᠴᠡᠬᠡᠵᠢᠨ ᠳᠤ ᠪᠠᠨ ᠨᠤᠮ ᠲᠠᠢ ᠡᠪᠦᠬᠡᠴᠦᠦᠯ ᠤᠨ ᠮᠢᠨᠢ ᠤᠯᠠᠩᠭᠢ ᠨᠢ ᠦᠨᠡᠨ ᠤ ᠭᠠᠵᠠᠷ ᠢ ᠵᠤᠷᠢᠵᠠᠭᠠᠬᠰᠠᠨ ᠪᠦᠬᠡᠳ ᠪᠢᠲᠠ ᠴᠤ ᠦᠪᠯᠡᠵᠦ ᠠᠪᠤᠭᠰᠠᠨ ᠴᠡᠬᠡᠵᠢᠯᠡᠬᠦ ᠴᠢᠳᠠᠪᠤᠷᠢ ᠪᠠᠨ ᠠᠯᠳᠠᠵᠤ ᠪᠠᠶᠢᠭ᠎ᠠ ᠤᠴᠢᠷ  ᠠᠴᠠ ᠵᠠᠪᠠᠯ ᠨᠤᠮ ᠤᠩᠰᠢᠬᠤ ᠴᠢᠬᠤᠯᠲᠠᠢ ᠪᠤᠯᠤᠭᠰᠠᠨ᠃ ᠡᠪᠦᠬᠡᠴᠦᠦᠯ ᠤᠨ ᠢᠶᠠᠨ ᠪᠢᠴᠢᠵᠦ ᠦᠯᠡᠳᠡᠭᠡᠭᠰᠡᠨ ᠠᠮᠢᠳᠤᠷᠠᠬᠤ ᠤᠬᠠᠭᠠᠨ ᠢ ᠤᠩᠰᠢᠨ ᠰᠤᠷᠬᠤ ᠯᠡ ᠴᠢᠬᠤᠯᠲᠠᠢ ᠪᠤᠯᠤᠭᠰᠠᠨ᠃  ᠨᠤᠮ ᠪᠢᠴᠢᠭ ᠪᠤᠯ ᠲᠡᠦᠬᠡᠨ ᠬᠦᠮᠦᠰ  ᠤᠨ ᠦᠪᠡᠷ ᠤᠨ ᠠᠯᠳᠠᠵᠤ ᠤᠯᠤᠭᠰᠠᠨ ᠢᠶᠠᠨ ᠲᠡᠮᠳᠡᠭᠯᠡᠭᠰᠡᠨ ᠳᠤᠷᠰᠢᠯᠭ᠎ᠠ ᠶᠤᠮ᠃ ᠲᠡᠭᠦᠨ ᠢ ᠤᠩᠰᠢᠬᠤ ᠪᠠᠷ ᠪᠢᠲᠡ ᠪᠡᠶ᠎ᠡ ᠪᠠᠷ ᠢᠶᠠᠨ ᠶᠠᠪᠤᠵᠤ ᠪᠠᠶᠢᠵᠤ᠂ ᠪᠦᠳᠦᠷᠢᠵᠦ ᠪᠠᠶᠢᠵᠤ ᠤᠶᠢᠯᠠᠭᠠᠨ ᠭᠡᠷᠰᠡᠦᠵᠢᠬᠦ ᠴᠠᠭ ᠢᠶᠠᠨ ᠠᠷᠪᠢᠯᠠᠨ ᠰᠢᠨᠡᠴᠢᠯᠡᠯᠲᠡ ᠬᠦᠭᠵᠢᠯᠲᠡ ᠳᠤ ᠪᠠᠨ  ᠵᠠᠷᠤᠴᠠᠭᠤᠯᠵᠤ ᠴᠢᠳᠠᠬᠤ ᠶᠤᠮ ᠁︾ ᠨᠦᠬᠦᠷ ᠤᠨ ᠮᠢᠨᠢ ᠶᠠᠷᠢᠶ᠎ᠠ ᠪᠦᠬᠦᠯᠢ ᠬᠤᠶᠠᠷ ᠴᠠᠭ ᠦᠷᠬᠦᠯᠵᠢᠯᠡᠪᠡ᠃ ᠤᠨᠤᠭᠠᠵᠤ ᠶᠠᠷᠢᠭᠰᠠᠨ ᠡᠳᠡᠭᠡᠷ ᠶᠠᠷᠢᠶᠠᠨ ᠳᠤ ᠤᠯᠠᠨ ᠭᠦᠮᠦᠨ ᠦᠶ᠎ᠡ ᠦᠶ᠎ᠡ ᠠᠯᠠᠭ᠎ᠠ ᠳᠠᠰᠢᠵᠤ ᠤᠤᠬᠠᠶᠢᠯᠠᠨ᠂ ᠪᠢ ᠴᠤ ᠡᠳᠦᠷᠵᠢᠨ ᠬᠠᠮᠳᠤ ᠠᠮᠢᠳᠤᠷᠠᠵᠤ ᠪᠠᠶᠢᠭᠠᠳ ᠴᠤ ᠠᠩᠬᠠᠷᠳᠠᠭ ᠦᠬᠡᠢ ᠨᠦᠬᠦᠷ ᠢᠶᠠᠨ  ᠠᠩᠬ᠎ᠠ ᠮᠡᠳᠡᠭᠰᠡᠨ ᠰᠢᠭ ᠭᠠᠶᠢᠬᠠᠰᠢᠷᠠᠵᠤ ᠭᠠᠷᠪᠠ᠃    ᠤᠳᠠᠭ᠎ᠠ ᠪᠤᠯᠭᠠᠨ ᠶᠠᠷᠢᠶ᠎ᠠ ᠢᠯᠡᠳᠭᠡᠯ ᠳᠤ ᠤᠷᠢᠭᠳᠠᠭᠠᠳ ᠤᠴᠢᠬᠤ ᠳᠤ ᠨᠢ ᠲᠡᠮᠢ ᠠᠩᠬᠠᠷᠳᠠᠭ ᠦᠬᠡᠢ ᠮᠦᠷᠲᠡᠭᠡᠨ ᠡᠳᠦᠷ ᠳᠤᠳᠤᠮ ᠤᠨ  ᠶᠠᠷᠢᠳᠠᠭ᠂ ᠰᠤᠷᠳᠠᠯᠴᠢᠯᠠᠳᠠᠭ ᠵᠦᠢᠯ ᠢ ᠨᠢ ᠦᠨᠡᠭᠡᠷ ᠠᠷᠭᠠᠯ ᠤᠨ ᠬᠢᠷᠢ ᠦᠨ᠎ᠡ ᠦᠬᠡᠢ  ᠭᠡᠮᠡᠨ ᠰᠠᠨᠠᠵᠤ ᠶᠠᠪᠤᠭᠰᠠᠨ ᠪᠠᠶᠢᠵᠠᠢ ᠪᠢ᠃ ᠨᠦᠬᠦᠷ ᠮᠢᠨᠢ ᠤᠤᠯ  ᠳᠤ ᠪᠠᠨ ᠰᠢᠯᠦᠭ ᠵᠤᠬᠢᠶᠠᠯ ᠤᠨ ᠨᠤᠮ ᠯᠡ ᠪᠢᠴᠢᠳᠡᠭ ᠪᠠᠶᠢᠭᠰᠠᠨ ᠢᠶᠠᠨ ᠬᠤᠵᠢᠮ ᠨᠢ ᠶᠠᠭᠤᠨ ᠳᠤ  ᠵᠠᠩ ᠦᠢᠯᠡ ᠪᠠᠨ ᠴᠢᠬᠤᠯᠠᠴᠢᠯᠠᠨ ᠰᠤᠳᠤᠯᠵᠤ᠂ ᠶᠠᠭᠤᠨ ᠳᠤ ᠨᠡᠷ᠎ᠡ ᠬᠦᠨᠳᠦ ᠬᠠᠷᠠᠮᠵᠢ ᠮᠦᠩᠬᠦ ᠪᠠᠨ ᠱᠤᠯᠤᠭᠤᠯᠵᠤ ᠪᠠᠶᠢᠭᠰᠠᠨ ᠴᠦ ᠬᠡᠳᠦᠨ ᠵᠢᠯ ᠢᠶᠠᠷ ᠡᠳᠦᠷ ᠰᠦᠨᠢ ᠦᠬᠡᠢ ᠵᠢᠳᠬᠦᠵᠦ  ᠵᠠᠩ ᠦᠢᠯᠡ ᠶᠢᠨ ᠳᠤᠯᠢ ᠨᠠᠶᠢᠷᠠᠭᠤᠯᠤᠭᠰᠠᠨ ᠵᠢᠴᠢ ᠨᠠᠶᠢᠷᠠᠭᠤᠯᠵᠤ ᠳᠠᠭᠤᠰᠴᠢᠬᠠᠭᠠᠳ ᠪᠠᠰᠠ ᠶᠠᠭᠤᠨ ᠳᠤ  ᠰᠤᠷᠤᠭᠴᠢᠳ ᠲᠤ ᠲᠡᠷᠡ ᠪᠦᠬᠦᠨ ᠢᠶᠠᠨ ᠤᠯᠠᠮᠵᠢᠯᠠᠨ ᠲᠡᠯᠬᠡᠷᠡᠭᠦᠯᠬᠦ ᠬᠡᠵᠦ ᠶᠠᠷᠢᠶ᠎ᠠ ᠢᠯᠡᠳᠬᠡᠯ ᠬᠢᠵᠦ ᠶᠠᠭᠠᠷᠠᠳᠠᠭ ᠢ ᠨᠢ ᠪᠢ ᠡᠨᠡ ᠤᠳᠠᠭ᠎ᠠ ᠲᠠᠭᠠᠵᠤ ᠢᠷᠡᠭᠡᠳ ᠰᠠᠶ᠋ᠢ ᠭᠦᠢᠴᠡᠳ ᠤᠶᠢᠯᠠᠭᠠᠯ᠎ᠠ᠃    ᠶᠠᠷᠢᠶ᠎ᠠ ᠢᠯᠡᠳᠬᠡᠯ ᠳᠠᠭᠤᠰᠬᠤ ᠳᠤ ᠮᠠᠰᠢ ᠤᠯᠠᠨ ᠬᠦᠮᠦᠨ ᠶᠠᠷᠢᠶᠠᠨ ᠤ ᠲᠠᠪᠴᠠᠩ ᠵᠦᠭ ᠰᠢᠬᠠᠯᠳᠤᠨ ᠨᠦᠬᠦᠷ  ᠢᠶᠠᠷ ᠮᠢᠨᠢ ᠭᠠᠷ ᠤᠨ ᠦᠰᠦᠭ ᠵᠢᠷᠤᠭᠤᠯᠤᠨ᠂ ᠬᠠᠶ᠋ᠢᠭ ᠢ ᠨᠢ ᠦᠯᠡᠳᠡᠭᠡᠵᠦ᠄ ︽ᠪᠠᠭᠰᠢ ᠡ᠂ ᠨᠠᠳᠠ ᠳᠤ ᠨᠢᠬᠡ᠂ ᠨᠠᠳᠠ ᠳᠤ ᠨᠢᠬᠡ︾ ᠭᠡᠵᠡᠭᠡᠨ ᠴᠢᠬᠢᠯᠳᠤᠨ᠎ᠠ᠃ ᠬᠠᠷᠠᠵᠤ ᠵᠤᠭᠰᠤᠭᠰᠠᠨ ᠮᠢᠨᠦ ᠰᠡᠳᠬᠢᠯ  ᠶᠡᠷᠦ ᠪᠤᠰᠤ ᠪᠠᠷ ᠳᠤᠭᠳᠤᠯᠤᠯ᠎ᠠ᠃ ᠨᠦᠬᠦᠷ ᠮᠢᠨᠢ ᠪᠠᠭᠰᠢ ᠪᠢᠰᠢ ᠪᠠᠶᠢᠳᠠᠯ᠎ᠠ ᠬᠦᠮᠦᠰ ᠶᠠᠭᠤᠨ ᠳᠤ ᠪᠠᠭᠰᠢ ᠭᠡᠵᠦ ᠳᠠᠭᠤᠳᠠᠭᠠᠳ ᠪᠠᠶᠢᠳᠠᠭ ᠤᠨ  ᠨᠢᠭᠤᠴᠠ ᠨᠢ ᠢᠩᠬᠢᠬᠡᠳ ᠯᠡ ᠲᠠᠶᠢᠯᠤᠭᠳᠠᠵᠠᠢ᠃ ᠪᠢ ᠪᠠᠭᠰᠢ ᠭᠡᠳᠡᠭ ᠳᠠᠭᠤᠳᠠᠯᠭ᠎ᠠ ᠶᠢ ᠢᠩᠬᠢᠵᠦ ᠯᠡ ᠤᠤᠯ ᠤᠳᠬ᠎ᠠ ᠪᠠᠷ ᠨᠢ ᠤᠶᠢᠯᠠᠭᠠᠵᠤ ᠠᠪᠤᠯ᠎ᠠ᠃ ᠪᠠᠭᠰᠢ ᠭᠡᠳᠡᠭ ᠦᠬᠡ ᠵᠦᠪᠬᠡᠨ ᠠᠵᠢᠯ ᠠᠯᠪᠠᠨ ᠤ ᠨᠡᠷᠡᠶᠢᠳᠦᠯ ᠪᠢᠰᠢ ᠬᠠᠷᠢᠨ ᠶᠠᠭᠤ ᠪᠠᠷ ᠴᠤ ᠵᠦᠢᠷᠡᠯᠡᠰᠢ ᠦᠬᠡᠢ ᠤᠶᠤᠨ ᠤ ᠲᠡᠭᠡᠳᠦ ᠬᠦᠨᠳᠦᠳᠬᠡᠯ ᠪᠠᠶᠢᠵᠠᠢ᠃    ᠪᠢ ᠨᠦᠬᠦᠷ ᠲᠤ ᠪᠠᠨ ᠡᠷᠭᠡᠯᠡᠨ ᠠᠭᠠᠰᠢᠯᠠᠵᠤ ᠪᠠᠭᠰᠢ ᠳᠠᠭᠤᠳᠠᠯᠭ᠎ᠠ ᠪᠠᠨ ᠬᠠᠷᠠᠮᠨᠠᠵᠤ᠂ ᠪᠠᠰᠠ ᠪᠠᠰᠤᠵᠤ ᠪᠠᠶᠢᠭᠰᠠᠨ ᠢᠶᠠᠨ ᠪᠤᠳᠤᠭᠠᠳ ᠬᠠᠴᠠᠷ ᠨᠢᠭᠤᠷ ᠬᠠᠯᠠᠭᠤ ᠳᠦᠦᠭᠡᠬᠦ‍ ᠰᠢᠭ ᠪᠤᠯᠪᠠ᠃ ᠮᠦᠨ ᠴᠤ ᠨᠦᠬᠦᠷ ᠮᠢᠨᠢ ᠲᠡᠷᠡ ᠬᠢᠷᠢ ᠨᠡᠳᠡ  ᠳᠤ ᠲᠡᠶᠢᠮᠦ ᠬᠠᠯᠠᠭᠤᠨ ᠡᠬᠡᠯᠢᠲᠡᠢ ᠬᠠᠨᠳᠤᠵᠤ ᠳᠤᠭᠯᠠᠭᠠᠮ ᠪᠢᠰᠢ ᠪᠤᠯ ᠠᠷᠭᠠᠳᠠᠯ ᠢᠶᠠᠷ ᠢᠯᠪᠢᠵᠦ ᠪᠠᠶᠢᠭᠰᠠᠨ ᠢ ᠨᠢ ᠪᠤᠳᠤᠭᠠᠳ ᠵᠢᠷᠦᠬᠡᠨ ᠳᠤ ᠬᠠᠶᠢᠯ ᠪᠠᠭᠤᠯ᠎ᠠ᠃ ᠲᠡᠭᠡᠲᠡᠯ᠎ᠡ ᠠᠷᠤ ᠳᠤ᠄ ︽ᠴᠧᠨ ᠪᠠᠭᠰᠢ ᠠᠮᠤᠷ︾ ᠬᠡᠬᠦ ᠬᠠᠯᠠᠭᠤᠬᠠᠨ ᠳᠠᠭᠤᠨ ᠪᠤᠳᠤᠯ ᠠᠴᠠ ᠮᠢᠨᠢ ᠰᠡᠷᠡᠭᠡᠪᠡ᠃ ᠡᠷᠬᠢᠵᠦ ᠬᠠᠷᠠᠪᠠᠯ ᠮᠢᠨᠦ ᠠᠷᠪᠠᠭᠠᠳ ᠵᠢᠯ ᠤᠨ ᠡᠮᠦᠨ᠎ᠡ ᠡᠷᠬᠢᠯᠡᠵᠦ ᠪᠠᠶᠢᠭᠰᠠᠨ ᠠᠩᠬᠢ ᠶᠢᠨ ᠮᠢᠨᠢ ᠬᠤᠶᠠᠷ ᠰᠤᠷᠤᠭᠴᠢ᠃ ᠲᠡᠲᠡ ᠨᠡᠷ ᠮᠢᠨᠢ ᠴᠤ ᠪᠠᠭᠰᠢ ᠪᠤᠯᠴᠢᠬᠠᠭᠠᠳ ᠳᠤᠰ ᠰᠤᠷᠭᠠᠭᠤᠯᠢ ᠳᠤ ᠪᠠᠭᠰᠢᠯᠠᠵᠤ ᠪᠠᠶᠢᠭᠰᠠᠨ ᠠᠵᠢ᠃ ᠪᠦᠬᠦᠯᠢ ᠠᠷᠪᠠᠨ ᠵᠢᠷᠭᠤᠭᠠᠨ ᠵᠢᠯ ᠰᠤᠷᠤᠭᠴᠢ᠂ ᠠᠬᠠᠮᠠᠳ ᠪᠦᠬᠦᠨ ᠢᠶᠠᠷ ᠳᠠᠭᠤᠳᠠᠭᠤᠯᠵᠤ ᠯᠡ ᠶᠠᠪᠤᠭᠠᠳ ᠶᠡᠷᠦ ᠨᠢ ᠡᠩ ᠤᠨ ᠯᠡ ᠪᠤᠯᠵᠤ ᠳᠠᠳᠤᠭᠰᠠᠨ ᠪᠠᠭᠰᠢ ᠭᠡᠳᠡᠭ ᠡᠨᠡ ᠬᠦ ᠳᠠᠭᠤᠳᠠᠯᠭ᠎ᠠ ᠦᠨᠦᠳᠦᠷ ᠬᠦᠨᠳᠦ ᠶᠢᠨ ᠵᠢᠩ ᠲᠠᠢ ᠰᠠᠨᠠᠭᠳᠠᠭᠰᠠᠨ ᠢ ᠶᠠᠭᠠᠭᠢᠨ᠎ᠠ︖    ᠪᠠᠭᠰᠢ ᠬᠦᠮᠦᠰ ᠶᠡᠷᠦ ᠨᠢ ᠦᠪᠡᠷ ᠢ ᠪᠠᠨ ᠪᠠᠭᠰᠢ ᠬᠡᠵᠦ ᠮᠡᠳᠡᠳᠡᠭ ᠦᠬᠡᠢ᠂ ᠬᠠᠷᠢᠨ ᠪᠠᠭᠰᠢ ᠶᠢᠨ ᠢᠶᠠᠨ ᠤᠶᠤᠨ ᠢ ᠬᠦᠬᠦᠵᠦ ᠦᠰᠦᠭᠰᠡᠨ ᠬᠦᠮᠦᠰ ᠯᠡ ᠲᠡᠭᠦᠨ ᠢ ᠪᠠᠭᠰᠢ ᠬᠡᠮᠡᠨ ᠵᠢᠷᠦᠬᠡ ᠰᠡᠳᠬᠢᠯ ᠢᠶᠠᠷ ᠢᠶᠠᠨ ᠵᠢᠩᠬᠢᠨᠢ ᠮᠡᠳᠡᠷᠡᠳᠡᠭ ᠶᠤᠮ ᠪᠠᠶᠢᠨ᠎ᠠ᠃ ︽ᠨᠢᠬᠡ ᠲᠦᠷᠦᠯ ᠤᠨ ᠡᠵᠢ ᠠᠪᠤ᠂ ᠠᠷᠪᠠᠨ ᠲᠦᠷᠦᠯ ᠤᠨ ᠪᠠᠭᠰᠢ︾ ᠭᠡᠳᠡᠭ ᠦᠬᠡ  ᠶᠢ ᠵᠢᠷᠦᠬᠡᠨ ᠳᠤ ᠪᠠᠨ ᠪᠠᠭᠰᠢ ᠲᠠᠢ ᠬᠦᠮᠦᠨ ᠯᠡ ᠮᠦᠩᠬᠡᠯᠡᠵᠦ ᠦᠯᠡᠳᠡᠭᠡᠭᠰᠡᠨ ᠶᠤᠮ ᠪᠠᠶᠢᠵᠢ ᠳ᠋ᠠ᠃    ᠬᠤᠶᠠᠷ ᠰᠤᠷᠤᠭᠴᠢ ᠮᠢᠨᠢ᠄ ︽ᠪᠠᠭᠰᠢ ᠡ᠂ ᠲᠠ ᠮᠠᠨᠤᠰ ᠢᠶᠠᠨ ᠴᠤ ᠪᠠᠭᠰᠢ ᠪᠤᠯᠳᠠᠯ᠎ᠠ ᠬᠦᠮᠦᠵᠢᠬᠦᠯᠴᠢᠬᠡᠭᠡᠳ ᠵᠤᠭᠰᠤᠭᠰᠠᠨ ᠪᠢᠰᠢ᠂ ᠮᠦᠨ ᠬᠦᠮᠦᠨ ᠶᠠᠪᠤᠬᠤ ᠶᠢᠨ ᠶᠤᠰᠤ ᠶᠢ ᠨᠡᠩ ᠬᠦᠨ  ᠤᠶᠢᠯᠠᠭᠠᠭᠤᠯᠳᠠᠭ ᠡᠶᠢᠮᠤᠷᠬᠦᠤ ᠪᠠᠭᠰᠢ  ᠲᠠᠢ ᠵᠤᠯᠭᠠᠭᠤᠯᠤᠭᠰᠠᠨ ᠳᠤ ᠮᠠᠰᠢ ᠪᠠᠶᠠᠷᠯᠠᠯ᠎ᠠ᠃ ᠲᠠ ᠨᠠᠷ ᠲᠤ ᠪᠠᠨ ᠠᠵᠠ ᠵᠢᠷᠭᠠᠯ ᠬᠦᠰᠡᠶ᠎ᠡ︾ ᠭᠡᠪᠡ᠃ ᠵᠢᠷᠦᠬᠡᠨ  ᠤ ᠮᠢᠨᠢ ᠬᠠᠶᠢᠯ ᠰᠡᠳᠬᠢᠯ ᠢ ᠮᠢᠨᠢ ᠠᠷᠢᠭᠤᠰᠬᠠᠵᠤ ᠨᠢᠳᠦᠨ ᠳᠤ  ᠴᠢᠢᠯᠡᠭᠡᠨᠡᠯ᠎ᠡ ᠁     ᠪᠠᠭᠰᠢ ᠬᠦᠮᠦᠨ ᠰᠠᠶᠢᠬᠠᠨ ᠡ︕ 
 
ᠢᠷᠡᠯᠲᠡ᠄ ᠦᠪᠤᠷ ᠮᠤᠩᠭᠤᠯ ᠤᠨ ︽ᠨᠡᠶᠢᠬᠡᠮ︾ ᠰᠡᠳᠬᠦᠯ ᠤᠨ ᠬᠤᠷᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号