ᠨᠢᠭᠡ᠂ ᠠᠮᠢ ᠠᠬᠤᠢ ᠵᠢᠨ ᠣᠷᠴᠢᠨ ᠲᠣᠭᠣᠷᠢᠨ᠄ ᠡᠭᠦᠯᠳᠡᠷ᠎ᠤᠨ ᠬᠤᠴᠠ ᠵᠢ ᠣᠷᠣᠭᠤᠯᠤᠨ ᠠᠪᠴᠢᠷᠠᠬᠤ ᠣᠷᠣᠨ ᠪᠤᠯᠤᠨ ᠤᠭ ᠭᠠᠷᠤᠯᠲᠠ ᠵᠢᠨ ᠣᠷᠣᠨ᠎ᠤ ᠠᠭᠤᠷ ᠠᠮᠢᠰᠬᠤᠯ᠎ᠤᠨ ᠪᠠᠢ᠌ᠳᠠᠯ᠂ ᠲᠡᠵᠢᠭᠡᠯ ᠡᠪᠡᠰᠦ ᠪᠣᠷᠳᠣᠭ᠋ᠠᠨ᠎ᠤ ᠡᠬᠢ ᠪᠠᠶᠠᠯᠢᠭ᠎ᠨᠢ ᠦᠨᠳᠦᠰᠦᠨ᠎ᠳᠡᠭᠡᠨ ᠠᠳᠠᠯᠢᠪᠲᠤᠷ ᠪᠠᠢ᠌ᠬᠤ ᠬᠡᠷᠡᠭᠲᠡᠶ᠃
ᠬᠣᠶᠠᠷ᠂ ᠡᠭᠦᠯᠳᠡᠷ ᠣᠷᠣᠭᠤᠯᠬᠤ ᠤᠯᠠᠷᠢᠯ᠄ ᠶᠡᠷᠦ᠎ᠳᠡᠭᠡᠨ ᠬᠠᠪᠤᠷ᠎ᠤᠨ ᠤᠯᠠᠷᠢᠯ ᠪᠤᠶᠤ ᠨᠠᠮᠤᠷ᠎ᠤᠨ ᠤᠯᠠᠷᠢᠯ᠎ᠳᠤ ᠣᠷᠤᠭᠤᠯᠳᠠᠭ᠂ ᠡᠨᠡ ᠬᠣᠶᠠᠷ ᠤᠯᠠᠷᠢᠯ᠎ᠳᠤ ᠠᠭᠤᠷ ᠠᠮᠢᠰᠬᠤᠯ ᠳᠤᠯᠠᠭ᠋ᠠᠨ᠂ ᠲᠤᠨᠳᠠᠰᠤᠨ᠎ᠤ ᠬᠡᠮᠵᠢᠶ᠎ᠡ ᠬᠠᠷᠢᠴᠠᠩᠭᠤᠶ ᠪᠠᠭ᠎ᠠ᠂ ᠭᠠᠵᠠᠷ᠎ᠤᠨ ᠭᠠᠳᠠᠷᠭᠤ ᠭᠠᠩ ᠬᠠᠭᠤᠷᠠᠶ᠂ ᠡᠪᠡᠰᠦ ᠪᠣᠷᠳᠣᠭ᠎ᠠ ᠡᠯᠪᠡᠭ ᠪᠣᠯᠬᠣᠷ ᠡᠭᠦᠯᠳᠡᠷ ᠣᠷᠣᠭᠤᠯᠬᠤ᠎ᠳᠤ ᠬᠠᠮᠤᠭ ᠲᠣᠬᠢᠷᠠᠮᠵᠢᠲᠠᠶ᠃
ᠭᠤᠷᠪᠠ᠂ ᠬᠤᠴᠠ ᠵᠢᠨ ᠰᠣᠩᠭᠣᠯᠲᠠ᠄ ᠣᠷᠣᠭᠤᠯᠤᠨ ᠠᠪᠴᠢᠷᠠᠭᠰᠠᠨ ᠬᠣᠴᠠ ᠵᠢᠨ ᠤᠳᠤᠮ᠎ᠤᠨ ᠴᠠᠳᠢᠭ᠎ᠤᠨ ᠪᠦᠷᠢᠨ ᠪᠦᠲᠦᠨ ᠡᠰᠡᠬᠦ᠂ ᠭᠠᠳᠠᠷ ᠳᠦᠷᠰᠦ ᠵᠢᠨ ᠣᠨᠴᠠᠯᠢᠭ᠎ᠨᠢ ᠲᠤᠰ ᠡᠭᠦᠯᠳᠡᠷ᠎ᠤᠨ ᠱᠠᠭ᠋ᠠᠷᠳᠠᠯᠭ᠎ᠠ᠎ᠳᠤ ᠨᠡᠢ᠌ᠴᠡᠭᠰᠡᠨ ᠪᠠᠢ᠌ᠬᠤ ᠡᠰᠡᠬᠦ᠃ ᠬᠡᠭᠡᠯ᠎ᠲᠠᠢ ᠣᠷᠣᠭᠤᠯᠤᠨ ᠠᠪᠴᠢᠷᠠᠬᠤ᠎ᠳᠠᠭᠠᠨ ᠬᠡᠭᠡᠯ᠎ᠤᠨ ᠬᠤᠭᠤᠴᠠᠭ᠎ᠠ᠎ᠨᠢ 2 ᠰᠠᠷ᠎ᠠ᠎ᠠᠴᠠ ᠬᠡᠲᠦᠷᠡᠵᠦ ᠪᠣᠯᠬᠤ ᠦᠭᠡᠢ᠃ ᠬᠤᠴᠠ ᠵᠢᠨ ᠦᠷᠡᠵᠢᠯ᠎ᠤᠨ ᠡᠷᠬᠡᠲᠡᠨ᠎ᠤ ᠪᠣᠢ᠌ᠵᠢᠯᠲᠠ ᠵᠢᠨ ᠪᠠᠢ᠌ᠳᠠᠯ ᠪᠠ ᠦᠷ᠎ᠡ ᠵᠢᠨ ᠰᠢᠩᠭᠡᠨ᠎ᠤ ᠴᠢᠨᠠᠷ᠎ᠢ ᠡᠷᠬᠡᠪᠰᠢ ᠪᠠᠢ᠌ᠴᠠᠭ᠋ᠠᠬᠤ ᠬᠡᠷᠡᠭᠲᠡᠶ᠃
ᠳᠥᠷᠪᠡ᠂ ᠬᠣᠨᠢᠨ ᠰᠦᠷᠦᠭ᠎ᠤᠨ ᠪᠦᠲᠦᠴᠡ᠄ ᠡᠩ᠎ᠤᠨ ᠪᠠᠢ᠌ᠳᠠᠯ᠎ᠳᠤ ᠡᠭᠦᠯᠳᠡᠷ᠎ᠤᠨ ᠬᠤᠴᠠ ᠣᠷᠣᠭᠤᠯᠬᠤ᠎ᠳᠤ ᠬᠢᠵᠠᠭ᠋ᠠᠯᠠᠩ ᠰᠣᠶᠣᠭ᠋ᠠᠯᠠᠩ ᠵᠶ᠋ᠠᠷ ᠭᠣᠤᠯ ᠪᠣᠯᠭ᠋ᠠᠵᠤ᠂ ᠬᠤᠴᠠ ᠪᠠ ᠡᠮ᠎ᠡ ᠬᠤᠨᠢᠨ᠎ᠤ ᠬᠠᠷᠢᠴᠠᠯ᠎ᠨᠢ 1 : 20 ~ 1 : 30 ᠪᠣᠯᠤᠨ᠎ᠠ᠃
ᠲᠠᠪᠤ᠂ ᠬᠢᠵᠢᠭ᠎ᠤᠨ ᠪᠠᠢ᠌ᠳᠠᠯ᠄ ᠬᠢᠵᠢᠭ ᠳᠡᠯᠭᠡᠷᠡᠭᠰᠡᠨ ᠣᠷᠤᠨ᠎ᠠᠴᠠ ᠡᠭᠦᠯᠳᠡᠷ᠎ᠤᠨ ᠬᠤᠴᠠ ᠤᠷᠤᠭᠤᠯᠬᠤ ᠵᠢ ᠡᠷᠡᠰ ᠬᠢᠵᠠᠭ᠋ᠠᠷᠯᠠᠵᠤ᠂ ᠬᠢᠵᠢᠭ ᠪᠠᠢ᠌ᠴᠠᠭ᠋ᠠᠬᠤ ᠵᠢ ᠴᠢᠩᠭ᠋ᠠᠳᠬᠠᠬᠤ ᠵᠢᠨ ᠬᠠᠮᠲᠤ 《ᠭᠤᠷᠪᠠᠨ ᠦᠨᠡᠮᠯᠡᠯ》 (ᠠᠬᠤᠢ ᠲᠠᠯᠠᠪᠠᠢ᠎ᠳᠠᠬᠢ ᠬᠢᠵᠢᠭ ᠪᠠᠢ᠌ᠴᠠᠭ᠋ᠠᠭᠰᠠᠨ ᠦᠨᠡᠮᠯᠡᠯ᠂ ᠵᠦᠭᠡᠭᠡᠪᠦᠷᠢ ᠵᠢᠨ ᠬᠢᠵᠢᠭ ᠪᠠᠢ᠌ᠴᠠᠭ᠋ᠠᠭᠰᠠᠨ ᠦᠨᠡᠮᠯᠡᠯ ᠪᠣᠯᠤᠨ ᠵᠦᠭᠡᠭᠡᠪᠦᠷᠢ ᠵᠢᠨ ᠪᠠᠭ᠋ᠠᠵᠢ ᠬᠡᠷᠡᠭᠰᠡᠯ᠎ᠤᠨ ᠠᠷᠢᠭᠤᠳᠬᠠᠭᠰᠠᠨ ᠦᠨᠡᠮᠯᠡᠯ) ᠪᠦᠷᠢᠨ ᠭᠦᠢᠴᠡᠳ ᠪᠠᠢ᠌ᠬᠤ ᠬᠡᠷᠡᠭᠲᠡᠶ᠃
ᠵᠢᠷᠭᠤᠭ᠎ᠠ᠂ ᠲᠤᠰᠠᠭ᠋ᠠᠷᠯᠠᠬᠤ ᠬᠤᠭᠤᠴᠠᠭ᠋ᠠᠨ᠎ᠤ ᠬᠠᠮᠢᠶᠠᠷᠤᠯᠲᠠ᠄ 45 ᠡᠳᠦᠷ ᠲᠤᠰᠠᠭ᠋ᠠᠷᠯᠠᠨ ᠲᠡᠵᠢᠭᠡᠵᠦ᠂ ᠬᠠᠯᠳᠠᠪᠤᠷᠢᠲᠤ ᠡᠪᠡᠳᠴᠢᠨ ᠪᠠᠢ᠌ᠬᠤ ᠥᠬᠡᠶ ᠵᠢ ᠦᠨᠡᠨᠬᠦ ᠪᠠᠲᠤᠯᠠᠭᠰᠠᠨ᠎ᠤ ᠳᠠᠷᠠᠭ᠎ᠠ ᠰᠠᠶᠢ ᠰᠦᠷᠦᠭ ᠨᠡᠢ᠌ᠯᠡᠭᠦᠯᠦᠨ᠎ᠡ᠃
ᠳᠣᠯᠣᠭ᠎ᠠ᠂ ᠵᠦᠭᠡᠭᠡᠪᠦᠷᠢᠯᠡᠬᠦ᠄ ᠵᠦᠭᠡᠭᠡᠪᠦᠷᠢᠯᠡᠬᠦ ᠵᠠᠶ ᠵᠢᠨ ᠬᠣᠯᠠ ᠤᠢ᠌ᠷ᠎ᠠ ᠵᠢ ᠦᠨᠳᠦᠰᠦᠯᠡᠨ ᠡᠪᠡᠰᠦ ᠪᠣᠷᠳᠣᠭ᠎ᠠ ᠵᠢᠴᠢ ᠤᠰᠤ ᠤᠮᠳᠠ ᠵᠢ ᠭᠦᠢᠴᠡᠳ ᠪᠡᠯᠡᠳᠬᠡᠵᠦ᠂ ᠬᠣᠯᠠ ᠵᠠᠮ᠎ᠤᠨ ᠵᠦᠭᠡᠭᠡᠪᠦᠷᠢ ᠵᠢᠨ ᠶᠠᠪᠤᠴᠠ᠎ᠳᠤ ᠲᠤᠭᠳᠠᠭᠰᠠᠨ ᠬᠤᠭᠤᠴᠠᠭ᠎ᠠ᠎ᠲᠠᠢ ᠬᠣᠨᠢ ᠵᠢ ᠤᠰᠤ ᠪᠠ ᠴᠢᠨᠠᠷ ᠰᠠᠢ᠌ᠲᠠᠶ ᠬᠠᠭᠤᠷᠠᠶ ᠡᠪᠡᠰᠦ᠂ ᠨᠣᠭᠣᠭ᠋ᠠᠨ ᠰᠢᠭᠦᠰᠦᠯᠢᠭ ᠪᠣᠷᠳᠣᠭ᠎ᠠ ᠲᠡᠵᠢᠭᠡᠵᠦ᠂ ᠨᠠᠷᠢᠯᠢᠭ ᠪᠣᠷᠳᠣᠭ᠎ᠠ ᠵᠢ ᠳᠤᠲᠠᠭᠤ ᠥᠭᠭᠦᠨ᠎ᠡ᠃