ᠪᠢᠶᠠᠨᠴᠢ ᠲᠠᠬᠢᠶ᠎ᠠ (边鸡) ᠵᠢᠨ ᠢᠷᠡᠯᠲᠡ᠎ᠨᠢ ᠤᠳᠣ ᠪᠤᠯᠲᠠᠯ᠎ᠠ ᠲᠡᠦᠬᠡᠨ ᠳᠡᠭᠡᠷ᠎ᠡ ᠦᠨᠡᠨ ᠪᠤᠳᠠᠳᠠᠢ ᠲᠡᠮᠳᠡᠭᠯᠡᠯ ᠪᠠᠢ᠌ᠬᠤ ᠦᠭᠡᠢ ᠶᠣᠮ᠃ ᠤᠯᠠᠮᠵᠢᠯᠠᠯ ᠶᠠᠷᠢᠶᠠᠨ᠎ᠠᠴᠠ ᠦᠨᠳᠦᠰᠦᠯᠡᠯ᠂ ᠲᠤᠰ ᠲᠠᠬᠢᠶ᠎ᠠ᠎ᠨᠢ ᠴᠢᠩ᠎ᠤᠨ ᠲᠡᠭᠷᠢ ᠲᠡᠳᠭᠦᠭᠴᠢ (ᠪᠠᠷᠤᠭ ᠨᠡᠢ᠌ᠲᠡ ᠵᠢᠨ ᠤᠨ ᠲᠤᠭ᠋ᠠᠯᠠᠯ᠎ᠤᠨ 1750 ᠣᠨ᠎ᠤ ᠤᠷᠴᠢᠮ) ᠵᠢᠨ ᠦᠶ᠎ᠡ᠎ᠳᠤ᠂ ᠦᠪᠦᠷ ᠮᠣᠩᠭᠣᠯ᠎ᠤᠨ ᠤᠯᠠᠭ᠋ᠠᠨᠴᠠᠪ ᠠᠢ᠌ᠮᠠᠭ᠎ᠲᠤ᠂ ᠶᠠᠭ ᠰᠠᠶᠢᠬᠠᠨ ᠠᠲᠠᠷ ᠬᠠᠭ᠋ᠠᠯᠪᠤᠷᠢᠯᠠᠬᠤ ᠦᠶᠡᠰ᠎ᠲᠤ᠂ ᠹᠧᠩ ᠲᠢᠶᠠᠨ ᠹᠦ᠋ (ᠤᠳᠤᠬᠢ ᠯᠢᠶᠣᠤᠨᠢᠩ)᠎ᠠᠴᠠ ᠠᠪᠴᠢᠷᠠᠭᠰᠠᠨ ᠲᠤᠮᠤ ᠶᠠᠰᠤᠲᠤ ᠲᠠᠬᠢᠶ᠎ᠠ᠎ᠨᠢ ᠤᠷᠲᠤ ᠬᠤᠭᠤᠴᠠᠭ᠋ᠠᠨ᠎ᠤ ᠲᠡᠵᠢᠭᠡᠬᠦ᠎ᠪᠠᠷ ᠳᠠᠮᠵᠢᠭ᠋ᠠᠳ᠂ ᠪᠠᠢ᠌ᠭ᠋ᠠᠯᠢ᠎ᠲᠠᠢ ᠵᠤᠬᠢᠴᠠᠵᠤ᠂ ᠠᠭ᠋ᠠᠵᠢᠮ ᠵᠶ᠋ᠠᠷ ᠦᠰᠦᠨ ᠦᠷᠡᠵᠢᠭᠡᠳ ᠨᠢᠭᠡᠨ ᠤᠨᠴᠠᠭ᠋ᠠᠢ ᠡᠭᠦᠯᠳᠡᠷ ᠪᠣᠯᠵᠣ ᠬᠣᠪᠢᠷᠠᠭᠰᠠᠨ ᠪᠠᠢ᠌ᠨ᠎ᠠ᠃
ᠦᠪᠦᠷ ᠮᠣᠩᠭᠣᠯ᠎ᠤᠨ ᠤᠯᠠᠭ᠋ᠠᠨᠴᠠᠪ ᠠᠢ᠌ᠮᠠᠭ᠎ᠨᠢ ᠮᠣᠨᠢ ᠠᠭᠤᠯᠠ ᠬᠠᠢ᠌ᠷᠬᠠᠨᠤ ᠳᠣᠮᠳᠠ ᠬᠡᠰᠡᠭ᠎ᠤᠨ ᠡᠮᠦᠨ᠎ᠡ ᠬᠤᠢ᠌ᠨ᠎ᠠ ᠬᠣᠶᠠᠷ ᠬᠤᠷᠮᠣᠢ ᠵᠢᠨ ᠦᠨᠳᠦᠷᠯᠢᠭ ᠳᠣᠪᠣᠷᠬᠠᠭ ᠭᠠᠵᠠᠷ᠎ᠲᠤ ᠪᠠᠢ᠌ᠵᠤ᠂ ᠳᠠᠯᠠᠢ ᠵᠢᠨ ᠲᠦᠪᠰᠢᠨ᠎ᠠᠴᠠ ᠪᠠᠷᠤᠭ 1500m ᠦᠨᠳᠦᠷ᠂ ᠵᠢᠯ᠎ᠤᠨ ᠭᠡᠷᠡᠯ ᠳᠤᠰᠬᠤ ᠴᠠᠭ᠎ᠨᠢ 3001.5 ᠴᠠᠭ ᠪᠠᠢ᠌ᠵᠤ᠂ ᠳᠦᠷᠪᠡᠨ ᠤᠯᠠᠷᠢᠯ᠎ᠤᠨ ᠳᠣᠯᠠᠭ᠋ᠠᠨᠤ ᠵᠦᠷᠢᠶ᠎ᠡ᠎ᠨᠢ ᠶᠡᠬᠡ᠂ ᠬᠠᠮᠤᠭ ᠦᠨᠳᠦᠷ ᠳᠣᠯᠠᠭ᠋ᠠᠨᠤ ᠬᠡᠮᠵᠢᠶ᠎ᠡ᠎ᠨᠢ 36℃ ᠪᠠᠢ᠌ᠵᠤ᠂ ᠬᠠᠮᠤᠭ ᠳᠤᠤᠷ᠎ᠠ ᠳᠤᠯᠠᠭ᠋ᠠᠨ᠎ᠤ ᠬᠡᠮᠵᠢᠶ᠎ᠡ -34℃ ᠪᠠᠢ᠌ᠳᠠᠭ᠃ ᠨᠡᠢ᠌ᠲᠡᠯᠢᠭ ᠡᠬᠡ ᠬᠠᠭᠤᠷᠠᠢ ᠵᠢᠨ ᠠᠭᠤᠷ ᠠᠮᠢᠰᠬᠤᠯ ᠪᠠᠢ᠌ᠵᠤ᠂ ᠵᠢᠯ᠎ᠤᠨ ᠲᠡᠭᠰᠢᠳᠭᠡᠭᠰᠡᠨ ᠳᠣᠯᠠᠭ᠋ᠠᠨᠤ ᠬᠡᠮᠵᠢᠶ᠎ᠡ᠎ᠨᠢ 2~5℃᠂ ᠵᠢᠯ᠎ᠤᠨ ᠬᠤᠷ᠎ᠠ ᠲᠤᠨᠤᠳᠠᠰᠤᠨᠤ ᠬᠡᠮᠵᠢᠶ᠎ᠡ᠎ᠨᠢ 201~652mm᠂ ᠤᠯᠠᠩᠬᠢ᠎ᠨᠢ 7~8 ᠰᠠᠷ᠎ᠠ᠎ᠳᠤ ᠲᠦᠪᠯᠡᠷᠡᠵᠦ᠂ ᠬᠢᠷᠠᠭᠤ ᠦᠭᠡᠢ ᠬᠤᠭᠤᠴᠠᠭ᠎ᠠ᠎ᠨᠢ 90~130 ᠡᠳᠦᠷ ᠪᠠᠢ᠌ᠳᠠᠭ᠃ ᠲᠤᠰ ᠭᠠᠵᠠᠷ ᠤᠷᠤᠨ᠎ᠤ ᠲᠠᠷᠢᠮᠠᠯ᠎ᠤᠨ ᠵᠦᠢ᠍ᠯ᠎ᠨᠢ ᠭᠤᠤᠯᠳᠠᠭᠤ ᠪᠤᠭᠤᠳᠠᠢ᠂ ᠶᠤᠤᠮᠠᠢ᠂ ᠡᠷᠳᠡᠨᠢ ᠰᠢᠰᠢ᠂ ᠨᠠᠷᠢᠮᠤ᠂ ᠨᠤᠶᠠᠨ ᠰᠢᠰᠢ᠂ ᠲᠦᠮᠦᠰᠦ ᠪᠠ ᠬᠣᠮᠠ ᠣᠯᠣᠰᠣ ᠵᠡᠷᠭᠡ ᠪᠠᠢ᠌ᠳᠠᠭ᠃
ᠲᠤᠰ ᠭᠠᠵᠠᠷ ᠤᠷᠤᠨ᠎ᠤ ᠠᠭᠤᠷ ᠠᠮᠢᠰᠬᠤᠯ ᠬᠠᠬᠢᠷ ᠬᠦᠢ᠍ᠲᠡᠨ ᠪᠠᠢ᠌ᠳᠠᠭ᠎ᠠᠴᠠ ᠲᠠᠬᠢᠶᠠᠨ᠎ᠤ ᠪᠡᠯᠭᠡ ᠪᠤᠯᠪᠠᠰᠤᠷᠠᠬᠤ᠎ᠨᠢ ᠤᠷᠤᠢ ᠪᠠᠢ᠌ᠳᠠᠭ᠃ ᠪᠤᠷᠳᠤᠭ᠎ᠠ ᠨᠦᠬᠦᠬᠦ ᠦᠶᠡᠰ᠎ᠲᠤ ᠭᠤᠤᠯᠳᠠᠭᠤ ᠰᠢᠮ᠎ᠡ ᠲᠡᠵᠢᠭᠡᠯ ᠰᠠᠢ᠌ᠲᠠᠢ ᠶᠤᠤᠮᠠᠢ᠎ᠪᠠᠷ ᠲᠡᠵᠢᠭᠡᠳᠡᠭ᠃ ᠤᠷᠲᠤ ᠬᠤᠭᠤᠴᠠᠭ᠋ᠠᠨ᠎ᠠᠴᠠ ᠨᠠᠰᠢ ᠠᠷᠠᠳ᠎ᠤᠨ ᠳᠣᠮᠳᠠ ᠲᠤᠮᠤ ᠦᠨᠳᠡᠭᠡ ᠵᠢ᠎ᠨᠢ ᠰᠣᠩᠭᠣᠵᠣ ᠨᠡᠪᠴᠢᠭᠦᠯᠬᠦ ᠳᠠᠳᠬᠠᠯ᠎ᠲᠠᠢ ᠪᠠᠢ᠌ᠳᠠᠭ᠃ ᠡᠨᠡ ᠬᠦ᠌ ᠰᠢᠯᠲᠠᠭ᠋ᠠᠨ᠎ᠠᠴᠠ ᠪᠢᠶᠠᠨᠴᠢ ᠲᠠᠬᠢᠶ᠎ᠠ᠎ᠨᠢ ᠰᠠᠢ᠌ᠨ ᠡᠭᠦᠯᠳᠡᠷ᠎ᠤᠨ ᠲᠠᠬᠢᠶ᠎ᠠ ᠪᠣᠯᠵᠣ ᠬᠤᠪᠢᠷᠠᠭᠰᠠᠨ ᠪᠠᠢ᠌ᠨ᠎ᠠ᠃
(ᠨᠢᠭᠡ) ᠪᠡᠶ᠎ᠡ ᠭᠠᠯᠪᠢᠷ
1. ᠭᠠᠳᠠᠷ ᠳᠦᠷᠰᠦ ᠵᠢᠨ ᠤᠨᠴᠠᠯᠢᠭ
ᠪᠢᠶᠠᠨᠴᠢ ᠲᠠᠬᠢᠶ᠎ᠠ ᠵᠢᠨ ᠪᠡᠶ᠎ᠡ ᠵᠢᠨ ᠬᠡᠯᠪᠡᠷᠢ᠎ᠨᠢ ᠳᠣᠮᠳᠠ ᠵᠡᠷᠭᠡ ᠵᠢᠨ᠂ ᠪᠡᠶ᠎ᠡ᠎ᠨᠢ ᠦᠷᠭᠡᠨ᠂ ᠴᠡᠭᠡᠵᠢᠨ ᠬᠡᠰᠡᠭ᠎ᠨᠢ ᠬᠦᠭᠵᠢᠩᠭᠦᠢ᠂ ᠪᠣᠯᠴᠢᠩ ᠮᠢᠬ᠎ᠠ᠎ᠨᠢ ᠲᠦᠭᠦᠷᠢᠬᠡᠨ᠂ ᠨᠢᠷᠣᠭᠣ᠎ᠨᠢ ᠲᠡᠭᠰᠢ ᠮᠦᠷᠲᠡᠭᠡᠨ ᠦᠷᠭᠡᠨ᠂ ᠰᠢᠯᠪᠢ᠎ᠨᠢ ᠤᠷᠲᠤ ᠪᠦᠭᠡᠳ ᠪᠤᠵᠠᠭ᠋ᠠᠢ ᠪᠠᠢ᠌ᠳᠠᠭ᠃ ᠪᠦᠬᠦ ᠪᠡᠶ᠎ᠡ ᠵᠢᠨ ᠦᠳᠦ᠎ᠨᠢ ᠦᠷᠪᠦᠭᠡᠷ᠂ ᠨᠤᠯᠤᠤᠷ ᠦᠳᠦ᠎ᠨᠢ ᠨᠢᠭᠲᠠ ᠰᠢᠭ᠋᠂ ᠪᠡᠶ᠎ᠡ᠎ᠨᠢ ᠶᠤᠸᠠᠮᠪᠣᠣ ᠬᠡᠯᠪᠡᠷᠢᠲᠡᠢ ᠪᠠᠢ᠌ᠳᠠᠭ᠃
ᠪᠢᠶᠠᠨᠴᠢ ᠲᠠᠬᠢᠶ᠎ᠠ᠎ᠨᠢ ᠳᠠᠩ ᠰᠡᠴᠢᠭ ᠵᠶ᠋ᠡᠷ ᠭᠣᠣᠯᠯᠠᠵᠤ᠂ ᠴᠦᠬᠡᠨ ᠲᠤᠭ᠋ᠠᠨ᠎ᠤ ᠬᠢᠨᠢ ᠭᠦᠷᠡᠯᠵᠡᠭᠡᠨ᠎ᠡ ᠰᠡᠴᠢᠭ ᠪᠠ ᠪᠤᠷᠴᠠᠭ᠎ᠤᠨ ᠰᠡᠴᠢᠭ᠎ᠲᠠᠢ ᠪᠠᠢ᠌ᠳᠠᠭ᠃ ᠡᠷᠡᠭᠴᠢᠨ ᠲᠠᠬᠢᠶᠠᠨ᠎ᠤ ᠰᠡᠴᠢᠭ᠎ᠤᠨ ᠬᠡᠯᠪᠡᠷᠢ᠎ᠨᠢ ᠠᠰᠬᠠᠨ᠂ ᠡᠮᠡᠭᠴᠢᠨ ᠲᠠᠬᠢᠶᠠᠨ᠎ᠤ ᠰᠡᠴᠢᠭ᠎ᠨᠢ ᠪᠠᠭ᠎ᠠ ᠰᠢᠭ᠋᠂ ᠢᠯᠡ ᠲᠤᠳᠤᠷᠬᠠᠢ S ᠬᠡᠯᠪᠡᠷᠢ ᠵᠢᠨ ᠮᠤᠷᠤᠢ᠎ᠲᠠᠢ᠃ ᠰᠡᠴᠢᠭ᠎ᠤᠨ ᠦᠩᠭᠡ᠎ᠨᠢ ᠰᠤᠷᠭᠤᠭ ᠤᠯᠠᠭ᠋ᠠᠨ᠂ ᠬᠣᠰᠢᠭᠤ᠎ᠨᠢ ᠤᠬᠤᠷ ᠦᠷᠭᠡᠨ᠂ ᠳᠤᠭᠤᠭᠰᠢ ᠮᠤᠷᠤᠢ᠂ ᠬᠠᠷ᠎ᠠ ᠦᠩᠭᠡ᠂ ᠬᠦᠷᠡᠩ ᠦᠩᠭᠡ᠂ ᠰᠢᠷ᠎ᠠ ᠦᠩᠭᠡ᠎ᠲᠠᠢ᠎ᠨᠢ ᠤᠯᠠᠨ ᠪᠠᠢ᠌ᠳᠠᠭ᠃ ᠨᠢᠳᠦ᠎ᠨᠢ ᠪᠦᠳᠦᠭᠦᠨ ᠪᠦᠭᠡᠳ ᠴᠣᠭᠲᠠᠢ᠂ ᠰᠣᠯᠣᠩᠭ᠋ᠠᠨ ᠪᠦᠷᠬᠦᠭᠦᠯ᠎ᠨᠢ ᠤᠯᠠᠭ᠋ᠠᠨ ᠪᠣᠶᠣ ᠬᠠᠷ᠎ᠠ ᠤᠯᠠᠭ᠋ᠠᠨ ᠦᠩᠭᠡ᠎ᠲᠠᠢ᠃ ᠨᠢᠭᠤᠷ᠂ ᠮᠣᠯᠴᠣᠭ᠂ ᠴᠢᠬᠢᠨ ᠳᠡᠯᠪᠢ᠎ᠨᠢ ᠤᠯᠠᠭ᠋ᠠᠨ ᠦᠩᠭᠡ᠎ᠲᠠᠢ ᠪᠠᠢ᠌ᠳᠠᠭ᠃ ᠨᠢᠭᠤᠷ᠎ᠤᠨ ᠬᠡᠰᠡᠭ᠎ᠨᠢ ᠨᠡᠯᠢᠶᠡᠳ ᠴᠡᠪᠡᠷᠬᠡᠨ᠂ ᠤᠷᠲᠤ ᠤᠬᠤᠷ᠎ᠨᠢ ᠠᠳᠠᠯᠢ ᠪᠤᠰᠤ ᠵᠢᠨ ᠨᠠᠷᠢᠨ ᠦᠳᠦ ᠤᠷᠭᠤᠭᠰᠠᠨ ᠪᠠᠢ᠌ᠳᠠᠭ᠃
ᠡᠷᠡᠭᠴᠢᠨ ᠲᠠᠬᠢᠶᠠᠨ᠎ᠤ ᠦᠳᠦᠨ᠎ᠤ ᠦᠩᠭᠡ᠎ᠨᠢ ᠭᠤᠤᠯᠳᠠᠭᠤ ᠤᠯᠠᠭ᠋ᠠᠨ ᠬᠠᠷ᠎ᠠ ᠪᠣᠶᠣ ᠰᠢᠷ᠎ᠠ ᠬᠠᠷ᠎ᠠ ᠦᠩᠭᠡ ᠪᠠᠢ᠌ᠵᠤ᠂ ᠬᠠᠶᠠ ᠵᠠᠷᠢᠮ᠎ᠨᠢ ᠰᠢᠷ᠎ᠠ ᠴᠠᠭ᠋ᠠᠨ ᠦᠩᠭᠡ᠎ᠲᠠᠢ ᠪᠣᠶᠣ ᠴᠠᠭ᠋ᠠᠨ ᠦᠨᠡᠰᠦᠨ ᠦᠩᠭᠡ᠎ᠲᠠᠢ ᠪᠠᠢ᠌ᠳᠠᠭ᠃
ᠡᠮᠡᠭᠴᠢᠨ ᠲᠠᠬᠢᠶᠠᠨ᠎ᠤ ᠦᠳᠦᠨ᠎ᠤ ᠦᠩᠭᠡ᠎ᠨᠢ ᠴᠠᠭ᠋ᠠᠨ ᠦᠩᠭᠡ᠂ ᠦᠨᠡᠰᠦᠨ ᠦᠩᠭᠡ᠂ ᠬᠠᠷ᠎ᠠ᠂ ᠭᠦᠢ᠍ᠬᠡᠨ ᠰᠢᠷ᠎ᠠ᠂ ᠣᠯᠣᠰᠣᠨ ᠰᠢᠷ᠎ᠠ᠂ ᠣᠯᠠᠭ᠋ᠠᠨ ᠰᠠᠷᠠᠯ᠂ ᠰᠠᠭ᠋ᠠᠷᠮᠠᠭ ᠦᠩᠭᠡ ᠵᠡᠷᠭᠡ ᠪᠠᠢ᠌ᠵᠤ᠂ ᠡᠭᠦᠨ᠎ᠤ ᠳᠤᠲᠤᠷ᠎ᠠ ᠣᠯᠣᠰᠣᠨ ᠰᠢᠷ᠎ᠠ ᠦᠩᠭᠡ ᠵᠢ ᠪᠠᠰᠠ ᠭᠦᠨ ᠬᠦᠷᠡᠩ᠂ ᠭᠦᠢ᠍ᠬᠡᠨ ᠬᠦᠷᠡᠩ᠂ ᠤᠯᠠᠭ᠋ᠠᠨ ᠰᠢᠷ᠎ᠠ᠂ ᠣᠯᠣᠰᠣᠨ ᠰᠢᠷ᠎ᠠ ᠭᠡᠵᠦ ᠳᠦᠷᠪᠡᠨ ᠲᠦᠷᠦᠯ ᠬᠤᠪᠢᠶᠠᠨ᠎ᠠ᠃
ᠪᠢᠶᠠᠨᠴᠢ ᠲᠠᠬᠢᠶ᠎ᠠ ᠵᠢᠨ ᠰᠢᠯᠪᠢ ᠵᠢᠨ ᠬᠡᠰᠡᠭ᠎ᠲᠤᠨᠢ ᠬᠦᠭᠵᠢᠩᠭᠦᠢ ᠰᠢᠯᠪᠢ ᠵᠢᠨ ᠦᠰᠦ᠎ᠲᠠᠢ ᠪᠠᠢ᠌ᠳᠠᠭ ᠴᠤ᠌ ᠤᠷᠴᠢᠮ᠎ᠤᠨ ᠵᠢᠯ᠎ᠠᠴᠠ ᠨᠠᠰᠢ ᠪᠠᠭ᠋ᠠᠰᠬᠤ ᠬᠠᠨᠳᠣᠰᠢ᠎ᠲᠠᠢ ᠪᠣᠯᠪᠠ᠃ ᠡᠷᠡᠭᠴᠢᠨ ᠲᠡᠬᠢᠶᠠᠨᠤ ᠰᠡᠭᠦᠯ᠎ᠤᠨ ᠦᠳᠦ᠎ᠨᠢ ᠬᠦᠭᠵᠢᠩᠭᠦᠢ ᠪᠢᠰᠢ᠂ ᠡᠮᠡᠭᠴᠢᠨ ᠲᠠᠬᠢᠶᠠᠨ᠎ᠤ ᠰᠡᠭᠦᠯ᠎ᠤᠨ ᠦᠳᠦ᠎ᠨᠢ ᠤᠬᠤᠷ ᠮᠦᠷᠲᠡᠭᠡᠨ ᠳᠡᠭᠡᠭᠰᠢ ᠡᠷᠲᠡᠢ᠌ᠭᠰᠡᠨ ᠪᠠᠢ᠌ᠳᠠᠭ᠃ ᠰᠢᠯᠪᠢ ᠵᠢᠨ ᠤᠯᠠᠩᠬᠢ᠎ᠨᠢ ᠬᠠᠷ᠎ᠠ ᠤᠯᠠᠭ᠋ᠠᠨ ᠦᠩᠭᠡ᠎ᠲᠠᠢ ᠪᠠᠢ᠌ᠵᠤ᠂ ᠴᠦᠬᠡᠨ ᠲᠤᠭ᠋ᠠᠨ᠎ᠤ ᠬᠢᠨᠢ ᠮᠢᠬᠠᠨ ᠦᠩᠭᠡ᠎ᠲᠠᠢ ᠪᠣᠶᠣ ᠦᠨᠡᠰᠦᠨ ᠦᠩᠭᠡ᠎ᠲᠠᠢ ᠪᠠᠢ᠌ᠳᠠᠭ᠃ ᠴᠡᠭᠡᠵᠢᠨ ᠶᠠᠰᠤ᠎ᠨᠢ ᠨᠡᠯᠢᠶᠡᠳ ᠤᠷᠲᠤ ᠶᠤᠮ᠃
2. ᠪᠡᠶ᠎ᠡ ᠵᠢᠨ ᠵᠢᠩ᠂ ᠪᠡᠶ᠎ᠡ ᠵᠢᠨ ᠬᠡᠮᠵᠢᠶ᠎ᠡ
1982 ᠣᠨ᠎ᠤ ᠱᠠᠨ ᠰᠢ ᠵᠢᠨ ᠲᠠᠷᠢᠶᠠᠯᠠᠩ᠎ᠤᠨ ᠶᠡᠬᠡ ᠰᠤᠷᠭ᠋ᠠᠭᠤᠯᠢ ᠵᠢᠨ ᠮᠠᠯ ᠠᠵᠣ ᠠᠬᠤᠢ ᠵᠢᠨ ᠰᠠᠯᠪᠤᠷᠢ ᠵᠢᠨ᠎ᠬᠢᠨ᠎ᠤ ᠪᠠᠢ᠌ᠴᠠᠭ᠋ᠠᠨ ᠬᠡᠮᠵᠢᠭᠰᠡᠨᠢ ᠦᠨᠳᠦᠰᠦᠯᠡᠪᠡᠯ᠂ ᠪᠢᠶᠠᠨᠴᠢ ᠲᠠᠬᠢᠶ᠎ᠠ ᠵᠢᠨ ᠪᠡᠶ᠎ᠡ ᠵᠢᠨ ᠵᠢᠩ᠂ ᠪᠡᠶ᠎ᠡ ᠵᠢᠨ ᠬᠡᠮᠵᠢᠶ᠎ᠡ᠎ᠨᠢ ᠬᠦᠰᠦᠨᠦᠭᠲᠦ 2—5᠎ᠳᠤ ᠦᠵᠡᠭᠦᠯᠦᠭᠰᠡᠨ ᠮᠡᠲᠦ᠃
ᠬᠦᠰᠦᠨᠦᠭᠲᠦ 2—5 ᠪᠢᠶᠡᠨᠴᠢ ᠲᠠᠬᠢᠶ᠎ᠠ ᠵᠢᠨ ᠪᠡᠶ᠎ᠡ ᠵᠢᠨ ᠵᠢᠩ᠂ ᠪᠡᠶ᠎ᠡ ᠵᠢᠨ ᠬᠡᠮᠵᠢᠶ᠎ᠡ

(ᠬᠤᠶᠠᠷ) ᠦᠢ᠍ᠯᠡᠳᠪᠦᠷᠢᠯᠡᠯ᠎ᠤᠨ ᠴᠢᠳᠠᠪᠤᠷᠢ
1. ᠦᠨᠳᠡᠭᠡᠯᠡᠬᠦ ᠴᠢᠳᠠᠪᠤᠷᠢ
ᠲᠠᠷᠢᠶᠠᠯᠠᠬᠤ ᠡᠷᠦᠬᠡ᠎ᠳᠤ ᠲᠡᠵᠢᠭᠡᠵᠦ ᠪᠠᠢ᠌ᠭ᠎ᠠ ᠪᠢᠶᠠᠨᠴᠢ ᠲᠠᠬᠢᠶ᠎ᠠ᠎ᠨᠢ ᠡᠩ᠎ᠤᠨ ᠦᠶ᠎ᠡ᠎ᠳᠤ ᠪᠦᠷ 7 ᠰᠠᠷ᠎ᠠ ᠤᠷᠴᠢᠮ (210 ᠡᠳᠦᠷ ᠪᠣᠯᠬᠣ ᠦᠶ᠎ᠡ᠎ᠳᠤ) ᠪᠣᠯᠪᠠᠯ ᠡᠬᠢᠯᠡᠵᠦ ᠦᠨᠳᠡᠭᠡᠯᠡᠳᠡᠭ᠃ ᠡᠬᠢᠯᠡᠵᠦ ᠦᠨᠳᠡᠭᠡᠯᠡᠬᠦ ᠦᠶ᠎ᠡ ᠵᠢᠨ ᠪᠡᠶ᠎ᠡ ᠵᠢᠨ ᠵᠢᠩ᠎ᠨᠢ 1.5kg ᠪᠠᠢ᠌ᠵᠤ᠂ 65 ᠭᠠᠷᠠᠭ ᠪᠣᠯᠬᠣ ᠦᠶ᠎ᠡ᠎ᠳᠡᠭᠡᠨ 150 ᠦᠨᠳᠡᠭᠡ ᠦᠨᠳᠡᠭᠡᠯᠡᠳᠡᠭ᠃
ᠪᠢᠶᠠᠨᠴᠢ ᠲᠠᠬᠢᠶ᠎ᠠ ᠵᠢᠨ ᠦᠨᠳᠡᠭᠡᠨ᠎ᠤ ᠬᠦᠨᠳᠦ᠎ᠨᠢ ᠡᠩ᠎ᠤᠨ ᠦᠶ᠎ᠡ᠎ᠳᠤ 60g ᠤᠷᠴᠢᠮ ᠪᠠᠢ᠌ᠵᠤ᠂ 70~80g᠎ᠤᠨ ᠦᠨᠳᠡᠭᠡ ᠴᠤ᠌ ᠤᠯᠠᠨ ᠪᠠᠢ᠌ᠳᠠᠭ᠃ 1960—1979 ᠣᠨ ᠪᠤᠯᠲᠠᠯ᠎ᠠ ᠳᠦᠷᠪᠡᠳᠡᠬᠢ ᠤᠳᠠᠭ᠎ᠠ ᠪᠠᠢ᠌ᠴᠠᠭ᠋ᠠᠯᠲᠠ ᠬᠢᠭᠰᠡᠨ᠎ᠢ ᠦᠨᠳᠦᠰᠦᠯᠡᠪᠡᠯ᠂ ᠨᠡᠢ᠌ᠲᠡ 910 ᠦᠨᠳᠡᠭᠡ ᠵᠢ ᠬᠡᠮᠵᠢᠭᠰᠡᠨ᠎ᠳᠤ ᠲᠡᠭᠰᠢᠳᠭᠡᠭᠰᠡᠨ ᠬᠦᠨᠳᠦ᠎ᠨᠢ 66g ᠪᠠᠢ᠌ᠵᠤ᠂ ᠡᠨᠡ᠎ᠨᠢ ᠲᠤᠰ ᠲᠠᠬᠢᠶᠠᠨ᠎ᠤ ᠡᠭᠦᠯᠳᠡᠷ᠎ᠤᠨ ᠨᠢᠭᠡ ᠵᠦᠢ᠍ᠯ᠎ᠤᠨ ᠳᠣᠪᠤᠢ᠌ᠮ᠎ᠠ ᠤᠨᠴᠠᠯᠢᠭ ᠮᠦᠨ᠃
ᠪᠢᠶᠠᠨᠴᠢ ᠲᠠᠬᠢᠶᠠᠨ᠎ᠤ ᠦᠨᠳᠡᠭᠡᠨ ᠬᠠᠯᠢᠰᠣ᠎ᠨᠢ ᠭᠦᠨ ᠬᠦᠷᠡᠩ ᠦᠩᠭᠡᠲᠠᠢᠬᠢᠨᠢ 70% ᠵᠢ ᠡᠵᠡᠯᠡᠵᠦ᠂ ᠡᠭᠦᠨ᠎ᠠᠴᠠ ᠭᠠᠳᠠᠨ᠎ᠠ ᠬᠦᠷᠡᠩ ᠦᠩᠭᠡ᠎ᠲᠠᠢ ᠪᠣᠶᠣ ᠭᠦᠢ᠍ᠬᠡᠨ ᠬᠦᠷᠡᠩ ᠦᠩᠭᠡ᠎ᠲᠠᠢ ᠪᠠᠢ᠌ᠳᠠᠭ᠃ ᠦᠨᠳᠡᠭᠡᠨ ᠬᠠᠯᠢᠰᠣ᠎ᠨᠢ ᠵᠤᠵᠠᠭ᠋ᠠᠨ ᠮᠦᠷᠲᠡᠭᠡᠨ ᠨᠢᠭᠲᠠ᠂ ᠲᠡᠭᠰᠢᠳᠭᠡᠭᠰᠡᠨ ᠵᠤᠵᠠᠭ᠋ᠠᠨ᠎ᠤ ᠬᠡᠮᠵᠢᠶ᠎ᠠ 0.386mm ᠪᠠᠢ᠌ᠵᠤ᠂ ᠡᠭᠦᠨ᠎ᠤ ᠳᠤᠲᠤᠷ᠎ᠠ 0.4mm᠎ᠠᠴᠠ ᠳᠡᠭᠡᠭᠰᠢ᠎ᠨᠢ 40% ᠵᠢ ᠡᠵᠡᠯᠡᠨ᠎ᠡ᠃ ᠦᠨᠳᠡᠭᠡᠨ ᠬᠡᠯᠪᠡᠷᠢ ᠵᠢᠨ ᠢᠯᠡᠳᠭᠡᠮᠵᠢ ᠲᠤᠭ᠎ᠠ᠎ᠨᠢ 1.33᠃
ᠪᠢᠶᠠᠨᠴᠢ ᠲᠠᠬᠢᠶ᠎ᠠ ᠵᠢᠨ ᠦᠨᠳᠡᠭᠡ ᠵᠢᠨ ᠬᠠᠳᠠᠭ᠋ᠠᠯᠠᠬᠤ ᠬᠤᠭᠤᠴᠠᠭ᠎ᠠ ᠲᠤᠩ ᠤᠷᠲᠤ᠂ ᠲᠤᠬᠠᠢ ᠵᠢᠨ ᠭᠠᠵᠠᠷ᠎ᠤᠨ ᠪᠠᠢ᠌ᠭ᠋ᠠᠯᠢ ᠵᠢᠨ ᠨᠦᠭᠦᠴᠡᠯ ᠳᠤᠤᠷ᠎ᠠ 130 ᠡᠳᠦᠷ ᠪᠣᠯᠬᠣ ᠦᠶᠡᠰ᠎ᠲᠤ᠂ ᠤᠭᠤᠷᠠᠭ᠎ᠤᠨ ᠵᠠᠳᠠᠷᠠᠬᠤ ᠬᠡᠮᠵᠢᠶ᠎ᠡ᠎ᠨᠢ ᠰᠠᠶᠢ 27.5% ᠬᠦᠷᠳᠡᠭ᠃
ᠪᠢᠶᠠᠨᠴᠢ ᠲᠠᠬᠢᠶ᠎ᠠ ᠵᠢᠨ ᠴᠢᠰᠤᠨ ᠲᠤᠯᠪᠤ ᠵᠢᠨ ᠬᠡᠮᠵᠢᠶ᠎ᠡ᠎ᠨᠢ ᠲᠤᠩ ᠦᠨᠳᠦᠷ᠂ ᠦᠪᠦᠷ ᠮᠣᠩᠭᠣᠯ᠎ᠤᠨ ᠲᠠᠷᠢᠶᠠᠯᠠᠩ ᠬᠦᠳᠡᠭᠡ ᠠᠵᠣ ᠠᠬᠤᠢ ᠵᠢᠨ ᠶᠡᠬᠡ ᠰᠤᠷᠭ᠋ᠠᠭᠤᠯᠢ ᠵᠢᠨ ᠬᠡᠮᠵᠢᠭᠰᠡᠨᠢ ᠦᠨᠳᠦᠰᠦᠯᠡᠪᠡᠯ᠂ 15.5%᠎ᠳᠤ ᠬᠦᠷᠴᠦ᠂ ᠠᠩᠬ᠎ᠠ ᠦᠨᠳᠡᠭᠡᠯᠡᠬᠦ ᠦᠶ᠎ᠡ ᠵᠢᠨ ᠴᠢᠰᠤᠨ ᠲᠤᠯᠪᠤ ᠵᠢᠨ ᠬᠡᠮᠵᠢᠶ᠎ᠡ᠎ᠨᠢ ᠬᠠᠮᠤᠭ ᠦᠨᠳᠦᠷ᠎ᠲᠡᠭᠡᠨ 48% ᠬᠦᠷᠳᠡᠭ᠃
2. ᠮᠢᠬᠠᠨ᠎ᠤ ᠭᠠᠷᠴᠠ
ᠬᠡᠮᠵᠢᠯᠲᠡ ᠵᠢ ᠦᠨᠳᠦᠰᠦᠯᠡᠪᠡᠯ᠂ ᠪᠢᠶᠠᠨᠴᠢ ᠲᠠᠬᠢᠶ᠎ᠠ ᠵᠢᠨ ᠦᠰᠦᠯᠲᠡ ᠵᠢᠨ ᠱᠠᠲᠤᠨ᠎ᠤ ᠪᠡᠶ᠎ᠡ ᠵᠢᠨ ᠵᠢᠩ᠎ᠨᠢ ᠬᠦᠰᠦᠨᠦᠭᠲᠦ 2—6᠎ᠳᠤ ᠦᠵᠡᠭᠦᠯᠦᠭᠰᠡᠨ ᠮᠡᠲᠦ᠃
ᠬᠦᠰᠦᠨᠦᠭᠲᠦ 2—6 ᠪᠢᠶᠡᠨᠴᠢ ᠲᠠᠬᠢᠶᠠᠨ᠎ᠤ ᠦᠰᠦᠯᠲᠡ ᠵᠢᠨ ᠱᠠᠲᠤᠨ᠎ᠳᠠᠬᠢ ᠪᠡᠶ᠎ᠡ ᠵᠢᠨ ᠬᠦᠨᠳᠦ (ᠨᠢᠭᠡᠴᠢ᠄ g)

ᠲᠠᠷᠢᠶᠠᠯᠠᠬᠤ ᠤᠷᠤᠨ᠎ᠳᠤ ᠲᠡᠵᠢᠭᠡᠭᠰᠡᠨ ᠪᠦᠳᠦᠭᠦᠨ ᠲᠠᠬᠢᠶ᠎ᠠ᠎ᠳᠤ ᠬᠡᠮᠵᠢᠯᠲᠡ ᠬᠢᠭᠰᠡᠨ ᠦᠷ᠎ᠡ ᠳ᠋ᠦᠩ᠎ᠨᠢ ᠬᠦᠰᠦᠨᠦᠭᠲᠦ 2—7᠎ᠳᠤ ᠦᠵᠡᠭᠦᠯᠦᠭᠰᠡᠨ ᠮᠡᠲᠦ᠃
ᠬᠦᠰᠦᠨᠦᠭᠲᠦ 2—7 ᠪᠢᠶᠠᠨᠴᠢ ᠲᠠᠬᠢᠶ᠎ᠠ ᠵᠢᠨ ᠠᠯᠠᠰᠢᠨ᠎ᠤ ᠬᠡᠮᠵᠢᠯᠲᠡ

ᠪᠢᠶᠠᠨᠴᠢ ᠲᠠᠬᠢᠶ᠎ᠠ ᠵᠢᠨ ᠴᠡᠭᠡᠵᠢᠨ ᠪᠤᠯᠴᠢᠩ᠂ ᠭᠤᠶ᠎ᠠ ᠵᠢᠨ ᠪᠣᠯᠴᠢᠩ ᠮᠢᠬ᠎ᠠ᠎ᠨᠢ ᠡᠯᠪᠡᠭ ᠳᠦᠭᠦᠷᠡᠩ ᠪᠠᠢ᠌ᠵᠤ ᠠᠯᠠᠰᠢᠨ᠎ᠤ ᠪᠦᠬᠦ ᠬᠦᠨᠳᠦ ᠵᠢᠨ 26.3% ᠵᠢ ᠡᠵᠡᠯᠡᠳᠡᠭ᠃ ᠪᠣᠯᠴᠢᠩ᠎ᠤᠨ ᠰᠢᠷᠬᠡᠭ᠎ᠨᠢ ᠨᠠᠷᠢᠨ ᠵᠦᠭᠡᠯᠡᠬᠡᠨ᠃ ᠠᠷᠠᠰᠤᠨ᠎ᠤ ᠦᠩᠭᠡ᠎ᠨᠢ ᠴᠠᠭ᠋ᠠᠨ ᠪᠣᠶᠣ ᠬᠦᠬᠡ ᠦᠩᠭᠡ᠎ᠪᠠᠷ ᠭᠤᠤᠯᠯᠠᠳᠠᠭ᠃ ᠰᠢᠷᠠᠭᠰᠠᠨ ᠲᠠᠬᠢᠶ᠎ᠠ ᠪᠣᠯᠭ᠋ᠠᠨ ᠪᠣᠯᠪᠠᠰᠤᠷᠠᠭᠤᠯᠬᠤ᠎ᠳᠤ ᠲᠤᠬᠢᠷᠠᠳᠠᠭ᠃ ᠱᠠᠨ ᠰᠢ ᠮᠣᠵᠢ ᠵᠢᠨ ᠶᠢᠦ ᠢᠦᠢ ᠵᠢᠨ ᠰᠢᠷᠠᠭᠰᠠᠨ ᠲᠠᠬᠢᠶ᠎ᠠ᠎ᠨᠢ ᠪᠠᠷᠤᠭ ᠵᠠᠭᠤ ᠭᠠᠷᠤᠢ ᠵᠢᠯ᠎ᠤᠨ ᠲᠡᠥᠬᠡ᠎ᠲᠠᠢ ᠪᠣᠯᠵᠠᠢ᠃
3. ᠦᠷᠡᠵᠢᠬᠦ ᠴᠢᠳᠠᠪᠤᠷᠢ
ᠲᠤᠰ ᠭᠠᠵᠠᠷ ᠤᠷᠤᠨ᠎ᠨᠢ ᠬᠠᠬᠢᠷ ᠬᠦᠢ᠍ᠲᠡᠨ ᠪᠣᠯᠬᠣᠷ ᠵᠢᠯ ᠪᠦᠷᠢ ᠵᠢᠨ ᠬᠠᠪᠤᠷ᠎ᠤᠨ ᠨᠡᠪᠴᠢᠭᠦᠯᠬᠦ ᠬᠤᠭᠤᠴᠠᠭ᠎ᠠ᠎ᠨᠢ 4 ᠰᠠᠷ᠎ᠠ ᠵᠢᠨ ᠳᠣᠮᠳᠠᠴᠢ᠎ᠠᠴᠠ 6 ᠰᠠᠷ᠎ᠠ ᠵᠢᠨ ᠬᠤᠭᠤᠷᠤᠨᠳᠣ ᠪᠠᠢ᠌ᠵᠤ᠂ ᠵᠤᠨ᠎ᠤ ᠨᠡᠪᠴᠢᠭᠦᠯᠬᠦ ᠬᠤᠭᠤᠴᠠᠭ᠎ᠠ᠎ᠨᠢ 7~8 ᠰᠠᠷ᠎ᠠ᠎ᠳᠤ ᠶᠠᠪᠤᠭᠳᠠᠳᠠᠭ᠃ ᠦᠷ᠎ᠡ ᠵᠢᠨ ᠲᠠᠬᠢᠶᠠᠨ ᠰᠦᠷᠦᠭ᠎ᠤᠨ ᠡᠷᠡᠭᠴᠢᠨ ᠡᠮᠡᠭᠴᠢᠨ᠎ᠤ ᠬᠠᠷᠢᠴᠠᠯ᠎ᠨᠢ 1∶10~15 ᠪᠠᠢ᠌ᠳᠠᠭ᠃ ᠪᠠᠢ᠌ᠭ᠋ᠠᠯᠢ ᠵᠢᠨ ᠨᠡᠪᠴᠢᠭᠦᠯᠬᠦ ᠠᠷᠭ᠎ᠠ ᠵᠢ ᠬᠡᠷᠡᠭᠯᠡᠪᠡᠯ᠂ ᠨᠡᠪᠴᠢᠯᠲᠠ ᠵᠢᠨ ᠨᠤᠷᠮ᠎ᠠ᠎ᠨᠢ 80%~90%᠎ᠳᠤ ᠬᠦᠷᠳᠡᠭ᠃ ᠦᠷ᠎ᠡ ᠵᠢᠨ ᠲᠠᠬᠢᠶᠠᠨ ᠲᠠᠯᠠᠪᠠᠢ᠎ᠳᠤ᠂ ᠦᠷ᠎ᠡ ᠵᠢᠨ ᠦᠨᠳᠡᠭᠡᠨ᠎ᠤ ᠦᠷ᠎ᠡ ᠲᠤᠭᠲᠠᠬᠤ ᠨᠤᠷᠮ᠎ᠠ᠎ᠨᠢ 90% ᠪᠠᠢ᠌ᠵᠤ᠂ ᠦᠷ᠎ᠡ ᠲᠤᠭᠲᠠᠭᠰᠠᠨ ᠦᠨᠳᠡᠭᠡᠨ᠎ᠤ ᠨᠡᠪᠴᠢᠯᠲᠡ ᠵᠢᠨ ᠨᠤᠷᠮ᠎ᠠ᠎ᠨᠢ 80% ᠤᠷᠴᠢᠮ ᠪᠠᠢ᠌ᠳᠠᠭ᠃
ᠪᠢᠶᠠᠨᠴᠢ ᠲᠠᠬᠢᠶ᠎ᠠ ᠵᠢᠨ ᠳᠠᠷᠣᠰᠢᠬᠤ ᠴᠢᠨᠠᠷ᠎ᠨᠢ ᠴᠢᠩᠭ᠎ᠠ᠃ ᠲᠠᠷᠢᠶᠠᠯᠠᠬᠤ ᠡᠷᠦᠬᠡ᠎ᠳᠤ ᠡᠩ᠎ᠤᠨ ᠪᠠᠢ᠌ᠳᠠᠯ ᠳᠤᠤᠷ᠎ᠠ ᠵᠢᠯ ᠪᠦᠷᠢ ᠨᠢᠭᠡ ᠣᠳᠠᠭ᠎ᠠ ᠨᠡᠪᠴᠢᠭᠦᠯᠳᠡᠭ᠃ ᠴᠤᠷᠪᠠᠭ᠎ᠠ ᠵᠢᠨ ᠤᠨᠳᠤᠷᠤᠯᠲᠠ ᠵᠢᠨ ᠨᠤᠷᠮ᠎ᠠ᠎ᠨᠢ ᠶᠡᠷᠦ᠎ᠳᠡᠭᠡᠨ 85%~90%᠂ ᠴᠤᠷᠪᠡ ᠵᠢᠨ ᠤᠨᠳᠣᠷᠣᠯᠲᠠ ᠵᠢᠨ ᠨᠣᠷᠮ᠎ᠠ᠎ᠨᠢ 90%~94% ᠪᠠᠢ᠌ᠳᠠᠭ᠃
(ᠭᠤᠷᠪᠠ) ᠠᠷᠠᠴᠢᠯᠠᠵᠤ ᠬᠠᠮᠢᠶᠠᠷᠬᠤ ᠤᠨᠴᠠᠯᠢᠭ
1. ᠬᠦᠢ᠍ᠲᠡᠨ᠎ᠢ ᠲᠡᠰᠪᠦᠷᠢᠯᠡᠬᠦ ᠴᠢᠳᠠᠪᠤᠷᠢ
ᠪᠢᠶᠠᠨᠴᠢ ᠲᠠᠬᠢᠶ᠎ᠠ᠎ᠨᠢ ᠬᠦᠢ᠍ᠲᠡᠨ ᠬᠢᠭᠡᠳ ᠭᠠᠩ ᠬᠠᠭᠤᠷᠠᠢ ᠠᠭᠤᠷ ᠠᠮᠢᠰᠬᠤᠯ᠎ᠢ ᠲᠡᠰᠪᠦᠷᠢᠯᠡᠬᠦ ᠴᠢᠳᠠᠪᠤᠷᠢ᠎ᠲᠠᠢ ᠪᠠᠢ᠌ᠬᠤ᠎ᠠᠴᠠ ᠮᠠᠨ᠎ᠤ ᠣᠯᠣᠰ᠎ᠤᠨ ᠤᠮᠠᠷᠠᠲᠤ ᠤᠷᠤᠨ᠎ᠳᠤ ᠲᠡᠵᠢᠭᠡᠬᠦ᠎ᠳᠤ ᠲᠤᠬᠢᠷᠠᠳᠠᠭ᠂ ᠬᠡᠷᠪᠡ ᠬᠠᠯᠠᠭᠤᠨ ᠤᠷᠤᠨ᠎ᠳᠤ ᠲᠡᠵᠢᠭᠡᠪᠡᠯ ᠡᠷᠬᠡᠪᠰᠢ ᠡᠭᠦᠷ᠎ᠤᠨ ᠳᠤᠲᠤᠷᠠᠬᠢ ᠳᠣᠯᠠᠭ᠋ᠠᠨ ᠪᠠ ᠴᠢᠭᠢᠭᠲᠦᠴᠡ ᠵᠢ ᠲᠤᠬᠢᠷᠠᠭᠤᠯᠵᠤ ᠦᠭᠬᠦ ᠮᠦᠷᠲᠡᠭᠡᠨ ᠤᠨᠴᠠᠭ᠋ᠠᠢ᠌ᠯᠠᠨ ᠵᠤᠨ᠎ᠤ ᠤᠯᠠᠷᠢᠯ᠎ᠳᠤ ᠨᠠᠷᠠᠰᠢᠬᠤ᠎ᠠᠴᠠ ᠰᠡᠷᠭᠡᠢ᠌ᠯᠡᠵᠦ᠂ ᠳᠣᠯᠠᠭ᠋ᠠᠨᠢᠨᠢ ᠳᠤᠷᠤᠭᠰᠢᠯᠠᠭᠤᠯᠬᠤ ᠠᠵᠢᠯ᠎ᠢ ᠰᠠᠢ᠌ᠲᠤᠷ ᠬᠢᠬᠦ ᠬᠡᠷᠡᠭᠲᠡᠢ᠃
2. ᠪᠡᠯᠭᠡ ᠪᠣᠯᠪᠠᠰᠤᠷᠠᠬᠤ᠎ᠨᠢ ᠤᠳᠠᠭ᠋ᠠᠨ
ᠪᠢᠶᠠᠨᠴᠢ ᠲᠠᠬᠢᠶ᠎ᠠ᠎ᠨᠢ ᠡᠩ᠎ᠤᠨ ᠦᠶ᠎ᠡ᠎ᠳᠤ 7 ᠰᠠᠷ᠎ᠠ ᠪᠣᠯᠣᠮᠠᠨᠵᠢᠨ ᠡᠬᠢᠯᠡᠵᠦ ᠦᠨᠳᠡᠭᠡᠯᠡᠳᠡᠭ᠂ ᠡᠬᠢᠯᠡᠵᠦ ᠦᠨᠳᠡᠭᠡᠯᠡᠬᠦ᠎ᠨᠢ ᠵᠢᠭ᠋ᠠᠬᠠᠨ ᠤᠳᠠᠭ᠋ᠠᠨ᠂ ᠡᠢ᠌ᠮᠦ᠎ᠠᠴᠠ ᠦᠨᠳᠡᠭᠡᠯᠡᠬᠦ᠎ᠠᠴᠠ ᠡᠮᠦᠨ᠎ᠡ ᠪᠣᠶᠣ ᠦᠨᠳᠡᠭᠡᠯᠡᠵᠦ ᠪᠠᠢ᠌ᠭ᠎ᠠ ᠬᠤᠭᠤᠴᠠᠭ᠋ᠠᠨ᠎ᠳᠤ ᠭᠡᠷᠡᠯᠲᠦᠭᠦᠯᠦᠯᠭᠡ ᠵᠢ ᠨᠡᠮᠡᠭᠳᠡᠭᠦᠯᠵᠦ᠂ ᠪᠢᠶᠠᠨᠴᠢ ᠲᠠᠬᠢᠶ᠎ᠠ ᠵᠢᠨ ᠦᠨᠳᠡᠭᠡᠯᠡᠬᠦ ᠴᠢᠳᠠᠪᠤᠷᠢ ᠵᠢ᠎ᠨᠢ ᠳᠡᠭᠡᠭᠰᠢᠯᠡᠭᠦᠯᠳᠡᠭ᠃
3. ᠦᠨᠳᠡᠭᠡᠨ᠎ᠤ ᠴᠢᠰᠤᠨ ᠲᠤᠯᠪᠤ ᠵᠢᠨ ᠨᠤᠷᠮ᠎ᠠ᠎ᠨᠢ ᠦᠨᠳᠦᠷ
ᠠᠷᠠᠴᠢᠯᠠᠵᠣ ᠲᠡᠵᠢᠭᠡᠬᠦ ᠶᠠᠪᠤᠴᠠ᠎ᠳᠠᠭᠠᠨ᠂ ᠡᠷᠡᠭᠦᠯ ᠬᠠᠮᠠᠭ᠋ᠠᠯᠠᠯ᠎ᠢ ᠰᠠᠢ᠌ᠲᠤᠷ ᠠᠩᠬᠠᠷᠴᠤ᠂ ᠪᠠᠺᠲ᠋ᠧᠷᠢ ᠵᠢᠨ ᠴᠢᠨᠠᠷᠲᠠᠢ ᠰᠠᠪᠠ ᠵᠢᠨ ᠦᠷᠪᠢᠰᠦᠯ ᠣᠯᠬᠣ᠎ᠠᠴᠠ ᠰᠡᠷᠭᠡᠢ᠌ᠯᠡᠵᠦ ᠴᠢᠰᠤᠨ ᠲᠤᠯᠪᠤ ᠵᠢᠨ ᠨᠤᠷᠮ᠎ᠠ ᠵᠢ ᠪᠠᠭ᠋ᠠᠰᠬᠠᠨ᠂ ᠦᠨᠳᠡᠭᠡᠨ᠎ᠤ ᠴᠢᠨᠠᠷ ᠴᠢᠨᠰᠠᠭ᠎ᠠ ᠵᠢ ᠳᠡᠭᠡᠭᠰᠢᠯᠡᠭᠦᠯᠦᠨ᠎ᠡ᠃
(ᠢᠷᠡᠯᠲᠠ᠄ ᠤᠳᠬᠠᠨᠬᠦᠦ᠂ ᠤᠶᠤᠨᠴᠢᠮᠡᠭ᠎ᠤᠨ ᠨᠠᠢ᠌ᠷᠠᠭᠤᠯᠤᠭᠰᠠᠨ 《ᠦᠨᠳᠡᠭᠡᠨ ᠲᠠᠬᠢᠶ᠎ᠠ ᠵᠢᠨ ᠰᠠᠢ᠌ᠨ ᠡᠭᠦᠯᠳᠡᠷ ᠰᠣᠩᠭᠣᠬᠣ ᠮᠡᠷᠭᠡᠵᠢᠯ》 ᠭᠡᠬᠦ ᠨᠣᠮ᠎ᠠᠴᠠ ᠰᠣᠩᠭᠣᠨ ᠰᠡᠢ᠌ᠷᠡᠭᠦᠯᠪᠡ᠃)