ᠠᠳᠤᠭᠤ ᠲᠡᠯᠯᠡᠬᠦ
ᠨᠡᠶᠢᠲᠡᠯᠡᠭᠰᠡᠨ ᠴᠠᠭ᠄
2021/11/10
     ᠠᠳᠤᠭᠤ ᠲᠡᠯᠯᠡᠬᠦ ᠪᠣᠯ ᠪᠠᠶᠠᠷ ᠬᠦᠷ ᠪᠢᠯᠬᠠᠭᠰᠠᠨ ᠮᠠᠯᠵᠢᠯ ᠠᠵᠢᠯ ᠤᠨ ᠳᠤᠮᠳᠠᠬᠢ ᠪᠠᠰᠠ ᠨᠢᠭᠡᠨ ᠴᠢᠬᠤᠯᠠ ᠠᠭᠤᠯᠭ᠎ᠠ ᠪᠣᠯᠤᠨ᠎ᠠ᠃ ᠠᠳᠤᠭᠤ ᠲᠡᠯᠯᠡᠬᠦ ᠡᠳᠦᠷ ᠪᠠ ᠪᠠᠶᠢᠷᠢ ᠲᠠᠯᠠᠪᠠᠢ ᠪᠠᠨ ᠲᠣᠭᠲᠠᠭᠠᠭᠰᠠᠨ ᠤ ᠳᠠᠷᠠᠭ᠎ᠠ ᠭᠡᠷ ᠤᠨ ᠡᠵᠡᠨ ᠠᠴᠠ ᠠᠶᠢᠯ ᠬᠤᠲᠠ ᠶᠢᠨ ᠬᠢᠨ ᠤ ᠮᠠᠯᠴᠢᠳ ᠲᠠᠭᠠᠨ ᠴᠢᠮᠡᠭᠡ ᠲᠠᠷᠬᠠᠭᠠᠨ᠂ ᠬᠠᠰᠢᠷ ᠠᠳᠤᠭᠤᠴᠢᠨ᠂ ᠰᠠᠶᠢᠨ ᠤᠷᠭᠠᠴᠢᠨ ᠪᠠ ᠬᠦᠴᠦ ᠲᠣᠷᠪᠢᠲᠠᠢ ᠵᠠᠯᠠᠭᠤᠴᠤᠳ ᠢᠶᠠᠨ ᠤᠷᠢᠨ ᠵᠠᠯᠠᠵᠤ ᠬᠠᠪᠰᠤᠷᠤᠯᠭ᠎ᠠ ᠪᠣᠯᠭᠠᠳᠠᠭ᠃      ᠠᠳᠤᠭᠤ ᠲᠡᠯᠯᠡᠬᠦ ᠠᠵᠢᠯ ᠳᠤ ᠶᠡᠭᠡ ᠣᠯᠠᠨ ᠴᠡᠭᠡᠷ ᠪᠡᠯᠭᠡᠳᠡᠯ ᠤᠨ ᠳᠦᠷᠢᠮ ᠪᠠᠶᠢᠳᠠᠭ ᠦᠭᠡᠢ᠃ ᠵᠤᠨ ᠤ ᠬᠠᠯᠠᠭᠤᠨ ᠪᠣᠯᠬᠤ ᠠᠴᠠ ᠡᠮᠦᠨ᠎ᠡ ᠵᠤᠵᠠᠭᠠᠨ ᠪᠦᠭᠡᠳ ᠤᠷᠲᠦ ᠪᠣᠯᠤᠭᠰᠠᠨ ᠳᠡᠯ ᠢ ᠨᠢ ᠬᠠᠶᠢᠴᠢᠯᠠᠨ ᠠᠪᠴᠦ ᠬᠠᠯᠠᠭᠤᠨ ᠢ ᠦᠩᠭᠡᠷᠡᠭᠡᠬᠦ ᠳᠤ ᠰᠡᠷᠢᠭᠦᠴᠡᠯ ᠪᠣᠯᠭᠠᠬᠤ ᠭᠡᠰᠡᠨ ᠨᠢ ᠭᠤᠣᠯ ᠵᠣᠷᠢᠯᠭ᠎ᠠ ᠪᠠᠶᠢᠵᠤ᠂ ᠳᠠᠷᠠᠭᠠᠯᠠᠪᠠᠯ ᠬᠠᠶᠢᠴᠢᠯᠠᠨ ᠠᠪᠤᠭᠰᠠᠨ ᠳᠡᠯ ᠤᠨ ᠨᠢᠭᠡ ᠬᠡᠰᠡᠭ ᠢ ᠨᠢ ᠬᠤᠳᠠᠯᠳᠤᠨ ᠠᠮᠢᠳᠤᠷᠠᠯ ᠳᠠᠭᠠᠨ ᠣᠷᠤᠯᠭ᠎ᠠ ᠪᠣᠯᠭᠠᠵᠤ᠂ ᠪᠠᠰᠠ ᠨᠢᠭᠡ ᠬᠡᠰᠡᠭ ᠢ ᠨᠢ ᠳᠡᠭᠡᠰᠦ ᠲᠠᠮᠤᠬᠤ᠂ ᠮᠤᠷᠢᠨ ᠤ ᠨᠣᠭᠲᠤ ᠴᠤᠯᠪᠤᠭᠤᠷ ᠲᠤ ᠬᠡᠷᠡᠭᠯᠡᠬᠦ᠂ ᠦᠷᠦᠭᠡᠯ ᠲᠤᠰᠢᠶ᠎ᠠ ᠮᠣᠰᠬᠢᠵᠤ ᠠᠪᠬᠤ᠂ ᠦᠬᠡᠷ ᠤᠨ ᠪᠤᠷᠠᠨᠳᠠᠭ ᠲᠠᠮᠤᠵᠤ ᠠᠪᠬᠤ᠂ ᠲᠤᠭᠤᠯ ᠪᠠᠷᠢᠭᠤ ᠶᠢᠨ ᠵᠡᠯ᠎ᠡ ᠶᠢᠨ ᠳᠡᠭᠡᠰᠦ ᠪᠣᠯᠭᠠᠬᠤ ᠵᠡᠷᠭᠡ ᠡᠳᠦᠷ ᠲᠣᠳᠤᠮ ᠤᠨ ᠵᠠᠷᠤᠳᠠᠯ ᠬᠡᠷᠡᠭᠰᠡᠯ ᠳᠤ ᠵᠣᠷᠢᠭᠤᠯᠳᠠᠭ᠃      ᠮᠣᠩᠭᠤᠯᠴᠣᠣᠳ ᠠᠳᠤᠭᠤ ᠲᠡᠯᠯᠡᠬᠦ ᠳᠡᠭᠡᠨ ᠠᠳᠤᠭᠤᠨ ᠤ ᠪᠠᠨ ᠳᠡᠯ ᠢ ᠦᠯᠡᠳᠡᠭᠡᠬᠦ ᠶᠢ ᠬᠠᠷᠢᠨ ᠣᠨᠴᠠ ᠠᠩᠬᠠᠷᠳᠠᠭ ᠶᠤᠮ᠃      ︵ᠢᠷᠡᠯᠲᠡ᠄ ᠪᠤᠷᠵᠤᠤ᠂ ᠤᠯᠠᠭᠠᠨᠪᠠᠭᠠᠲᠤᠷ᠂ ᠲᠠᠨ᠎ᠠ ᠶᠢᠨ ᠨᠠᠶᠢᠷᠠᠭᠤᠯᠤᠭᠰᠠᠨ ︽ᠲᠠᠪᠤᠨ ᠬᠤᠰᠢᠭᠤ ᠮᠠᠯ ᠤᠨ ᠠᠷᠠᠴᠢᠯᠠᠭ᠎ᠠ ᠶᠢᠨ ᠰᠤᠶᠤᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠲᠠᠪᠤᠨ ᠬᠤᠰᠢᠭᠤ ᠮᠠᠯ ᠤᠨ ᠠᠷᠠᠴᠢᠯᠠᠭ᠎ᠠ ᠶᠢᠨ ᠰᠤᠶᠤᠯ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号