【ᠠᠳᠣᠭᠤ ᠮᠠᠯ ᠤᠨ ᠲᠠᠮᠠᠭ᠎ᠠ】 ᠬᠠᠰ ᠲᠠᠮᠠᠭ᠎ᠠ
ᠨᠡᠶᠢᠲᠡᠯᠡᠭᠰᠡᠨ ᠴᠠᠭ᠄
2021/6/9
     ᠬᠠᠰ ᠲᠠᠮᠠᠭ᠎ᠠ ᠶᠢ ᠵᠦᠪ ᠡᠷᠭᠢᠭᠰᠡᠨ ᠬᠠᠰ ᠲᠠᠮᠠᠭ᠎ᠠ ᠪᠠ ᠪᠤᠷᠤᠭᠤ ᠡᠷᠭᠢᠭᠰᠡᠨ ᠬᠠᠰ ᠲᠠᠮᠠᠭ᠎ᠠ ᠭᠡᠵᠦ ᠬᠤᠶᠠᠷ ᠵᠦᠢᠯ ᠳᠤ ᠬᠤᠪᠢᠶᠠᠨ᠎ᠠ᠃ ᠨᠡᠷᠡᠶᠢᠳᠦᠯ ᠤᠨ ᠲᠠᠯ᠎ᠠ ᠪᠠᠷ ᠬᠠᠰ ᠲᠠᠮᠠᠭ᠎ᠠ ᠶᠢ ᠪᠠᠰᠠ ᠶᠤᠩᠷᠦᠩ ᠲᠠᠮᠠᠭ᠎ᠠ ᠪᠠ ᠶᠤᠭᠤᠷᠠᠩ ᠲᠠᠮᠠᠭ᠎ᠠ ᠭᠡᠵᠦ ᠬᠤᠪᠢᠶᠠᠳᠠᠭ᠃ ᠬᠠᠰ ᠲᠠᠮᠠᠭ᠎ᠠ ᠪᠣᠯ ᠳᠡᠯᠡᠬᠡᠢ ᠶᠢᠨ ᠡᠯ᠎ᠡ ᠣᠯᠣᠰ ᠤᠷᠤᠨ ᠳᠤ ᠨᠡᠶᠢᠳᠡᠮ ᠳᠡᠯᠭᠡᠷᠡᠭᠰᠡᠨ ᠡᠷᠲᠡᠨ ᠤ ᠲᠠᠮᠠᠭ᠎ᠠ ᠶᠢᠨ ᠨᠢᠭᠡ ᠪᠣᠯᠣᠨ᠎ᠠ᠃ ᠡᠷᠳᠡᠮᠲᠡᠳ ᠤᠨ ᠬᠡᠯᠡᠬᠦ ᠪᠠᠷ ᠰᠢᠨ᠎ᠡ ᠴᠢᠯᠠᠭᠤᠨ ᠵᠡᠪᠰᠡᠭ ᠤᠨ ᠦᠶ᠎ᠡ ᠶᠢᠨ ᠤᠩᠭᠤᠨ ᠠᠴᠠ ᠮᠠᠯᠲᠠᠨ ᠭᠠᠷᠭᠠᠭᠰᠠᠨ ᠸᠠᠭᠠᠷ ᠰᠠᠪᠠ ᠳᠡᠭᠡᠷ᠎ᠡ ᠰᠡᠶᠢᠯᠦᠭᠰᠡᠨ ᠬᠠᠰ ᠲᠠᠮᠠᠭ᠎ᠠ ᠶᠢᠨ ᠲᠡᠮᠳᠡᠭ ᠳᠦᠷᠰᠦ  ᠨᠢ ᠡᠷᠲᠡᠨ ᠤ ᠴᠢᠭᠳᠠ ᠲᠠᠮᠠᠭ᠎ᠠ ᠠᠴᠠ ᠡᠭᠦᠰᠦᠯ ᠲᠠᠢ ᠭᠡᠵᠦ ᠪᠣᠢ᠃ ᠬᠠᠰ ᠲᠠᠮᠠᠭ᠎ᠠ ᠶᠢᠨ ᠵᠠᠭᠪᠤᠷ ᠳᠦᠷᠰᠦ ᠶᠢ ᠮᠣᠩᠭᠤᠯᠴᠣᠳ ᠵᠠᠷᠤᠳᠠᠯ ᠪᠠᠷᠢᠳᠠᠯ ᠤᠨ ᠵᠦᠢᠯ᠂ ᠦᠨ᠎ᠡ ᠪᠡᠨ᠎ᠡ ᠲᠠᠢ ᠡᠳ᠋ᠯᠡᠯ ᠬᠡᠷᠡᠭᠰᠡᠯ ᠵᠡᠷᠭᠡ ᠠᠮᠢᠳᠤᠷᠠᠯ ᠤᠨ ᠬᠡᠷᠡᠭᠴᠡᠭᠡᠲᠡᠢ ᠶᠠᠭᠤᠮ᠎ᠠ ᠳᠡᠭᠡᠷ᠎ᠡ ᠵᠢᠷᠤᠭᠰᠠᠨ ᠪᠠ ᠰᠡᠶᠢᠯᠦᠭᠰᠡᠨ ᠨᠢ ᠤᠯᠠᠨ ᠬᠠᠷᠠᠭᠳᠠᠳᠠᠭ᠃ ᠡᠭᠦᠨ ᠢᠶᠠᠷ ᠪᠠᠷᠠᠬᠤ ᠦᠭᠡᠢ ᠬᠠᠰ ᠲᠠᠮᠠᠭ᠎ᠠ ᠶᠢ ᠳᠡᠯᠡᠬᠡᠢ ᠶᠢᠨ ᠤᠯᠠᠨ ᠭᠠᠵᠠᠷ ᠤᠳ ᠲᠤ ᠴᠤ ᠬᠡᠷᠡᠭᠯᠡᠵᠦ ᠪᠠᠶᠢᠭᠰᠠᠨ᠃ ᠵᠢᠱᠢᠶᠡᠯᠡᠬᠦ ᠳᠤ᠂ ᠭᠧᠷᠮᠡᠨ ᠣᠯᠣᠰ ᠤᠨ ᠨᠠᠼᠢᠰ ᠤᠨ ᠪᠦᠯᠦᠭᠲᠡᠨ ᠨᠦᠭᠦᠳ ᠤᠯᠠᠭᠠᠨ ᠪᠦᠰᠡᠨ ᠳᠡᠭᠡᠷ᠎ᠡ ᠬᠠᠷ᠎ᠠ ᠪᠣᠶᠣ ᠰᠢᠷ᠎ᠠ ᠦᠩᠭᠡ ᠶᠢᠨ ᠬᠠᠰ ᠲᠠᠮᠠᠭ᠎ᠠ ᠶᠢ ᠵᠢᠷᠣᠵᠣ ᠵᠡᠭᠦᠨ ᠭᠠᠷ ᠤᠨ ᠠᠳᠬᠤᠭᠠᠯ ᠳᠠᠭᠠᠨ ᠵᠡᠭᠦᠳᠡᠭ ᠪᠠᠶᠢᠵᠠᠢ᠃      ᠤᠶᠢᠷ᠎ᠡ ᠶᠢᠨ ᠵᠢᠯ ᠤᠳ ᠲᠤ ᠵᠠᠷᠢᠮ ᠲᠤᠯᠢ ᠪᠢᠴᠢᠭ ᠲᠤ ᠬᠠᠰ ᠲᠠᠮᠠᠭ᠎ᠠ ᠶᠢ ᠬᠢᠲᠠᠳ ᠤᠨ ︽玺︾ ᠲᠠᠮᠠᠭ᠎ᠠ  ᠲᠠᠢ ᠠᠳᠡᠭᠦᠷᠡᠨ ᠲᠠᠶᠢᠯᠪᠤᠷᠢᠯᠠᠵᠤ ᠪᠠᠶᠢᠨ᠎ᠠ᠃ ᠬᠢᠲᠠᠳ ᠤᠨ ︽玺︾ ᠲᠠᠮᠠᠭ᠎ᠠ ᠪᠣᠯ ᠡᠷᠲᠡᠨ ᠤ ᠵᠦᠩᠶᠤᠸᠠᠨ ᠤᠷᠤᠨ ᠤ ᠲᠦᠷᠦ ᠤᠯᠠᠮᠵᠢᠯᠠᠬᠤ ᠬᠠᠰ ᠲᠠᠮᠠᠭ᠎ᠠ ᠶᠤᠮ᠃      ᠲᠠᠪᠤᠨ ᠬᠤᠰᠢᠭᠤ ᠮᠠᠯ ᠤᠨ ᠦᠮᠴᠢ ᠶᠢᠨ ᠲᠠᠮᠠᠭ᠎ᠠ ᠪᠣᠯᠬᠤ ᠬᠠᠰ ᠲᠠᠮᠠᠭ᠎ᠠ ᠨᠢ ᠦᠨᠢ ᠤᠳᠠᠭᠠᠨ ᠲᠡᠦᠬᠡ ᠲᠠᠢ ᠪᠠᠶᠢᠵᠤ᠂ ᠲᠡᠷᠡ ᠨᠢ ᠮᠠᠯ ᠰᠦᠷᠦᠭ᠂ ᠡᠳ᠋ ᠬᠦᠷᠦᠩᠭᠡ ᠡᠭᠦᠷᠢᠲᠡ ᠠᠮᠤᠷ ᠠᠮᠤᠭᠤᠯᠠᠩ ᠤᠷᠤᠰᠢᠬᠤ ᠶᠢ ᠬᠦᠰᠡᠵᠦ᠂ ᠭᠡᠷ ᠬᠤᠲᠠᠯᠠ ᠪᠠᠷ ᠢᠶᠠᠨ ᠡᠭᠦᠷᠢᠲᠡ ᠲᠦᠪᠰᠢᠨ ᠵᠢᠷᠭᠠᠯ ᠲᠠᠢ ᠪᠠᠶᠢᠬᠤ ᠶᠢ ᠪᠡᠯᠭᠡᠳᠡᠭᠰᠡᠨ᠂ ᠮᠠᠯᠴᠢᠨ ᠲᠦᠮᠡᠨ ᠤ ᠳᠣᠮᠳᠠ ᠤᠷᠲᠤ ᠤᠳᠠᠭᠠᠨ ᠬᠤᠭᠤᠴᠠᠭ᠎ᠠ ᠪᠠᠷ ᠬᠡᠷᠡᠭᠯᠡᠭᠳᠡᠵᠦ ᠢᠷᠡᠭᠰᠡᠨ ᠲᠠᠮᠠᠭ᠎ᠠ ᠪᠣᠯᠬᠤ ᠶᠣᠮ᠃      ︵ᠢᠷᠡᠯᠲᠡ᠄ ᠪᠤᠷᠵᠤᠤ᠂ ᠤᠯᠠᠭᠠᠨᠪᠠᠭᠠᠲᠤᠷ᠂ ᠲᠠᠨ᠎ᠠ ᠶᠢᠨ ᠨᠠᠶᠢᠷᠠᠭᠤᠯᠤᠭᠰᠠᠨ ︽ᠲᠠᠪᠤᠨ ᠬᠤᠰᠢᠭᠤ ᠮᠠᠯ ᠤᠨ ᠠᠷᠠᠴᠢᠯᠠᠭ᠎ᠠ ᠶᠢᠨ ᠰᠤᠶᠤᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠲᠠᠪᠤᠨ ᠬᠤᠰᠢᠭᠤ ᠮᠠᠯ ᠤᠨ ᠠᠷᠠᠴᠢᠯᠠᠭ᠎ᠠ ᠶᠢᠨ ᠰᠤᠶᠤᠯ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号