ᠥᠷᠭᠡᠰᠦᠲᠦ ᠬᠡᠮᠬᠡ ᠲᠠᠷᠢᠵᠤ ᠪᠣᠶᠢᠵᠢᠭᠤᠯᠬᠤ ᠮᠡᠷᠭᠡᠵᠢᠯ︱ᠥᠷᠭᠡᠰᠦᠲᠦ ᠬᠡᠮᠬᠡ ᠶᠢᠨ ᠦᠷ᠎ᠡ ᠶᠢ ᠰᠢᠢᠳᠪᠦᠷᠢᠯᠡᠬᠦ
ᠨᠡᠶᠢᠲᠡᠯᠡᠭᠰᠡᠨ ᠴᠠᠭ᠄
2024/11/16
      ᠨᠢᠭᠡ᠂ ᠦᠷ᠎ᠡ ᠶᠢᠨ ᠨᠠᠬᠢᠶᠠᠯᠠᠬᠤ ᠶᠢ ᠲᠦᠷᠭᠡᠳᠬᠡᠬᠦ       ᠦᠷ᠎ᠡ ᠶᠢ ᠳᠡᠪᠲᠦᠭᠡᠭᠰᠡᠨ ᠤ ᠳᠠᠷᠠᠭᠠᠬᠢ ᠦᠷ᠎ᠡ ᠶᠢ ᠴᠡᠪᠡᠷ ᠨᠣᠶᠢᠲᠠᠨ ᠱᠠ ᠪᠥᠰ ᠢᠶᠠᠷ ᠪᠣᠭᠤᠵᠤ᠂ ᠭᠠᠳᠠᠷ ᠨᠢ ᠮᠤᠰᠬᠢᠵᠤ ᠬᠠᠲᠠᠭᠠᠭᠰᠠᠨ ᠨᠣᠶᠢᠲᠠᠨ ᠠᠯᠴᠢᠭᠤᠷ ᠢᠶᠠᠷ ᠪᠤᠭᠤᠭᠠᠳ 25~30℃ ᠤᠨ ᠨᠥᠬᠦᠴᠡᠯ ᠳᠣᠣᠷ᠎ᠠ ᠨᠠᠬᠢᠶᠠᠯᠠᠬᠤ ᠶᠢ ᠲᠦᠷᠭᠡᠳᠬᠡᠨ᠎ᠡ᠃ ᠡᠳᠦᠷ ᠪᠦᠷᠢ ᠪᠦᠯᠢᠶᠡᠨ ᠤᠰᠤ ᠪᠠᠷ 1~2 ᠤᠳᠠᠭ᠎ᠠ ᠤᠬᠢᠶᠠᠵᠤ᠂ ᠤᠬᠢᠶᠠᠵᠤ ᠴᠡᠪᠡᠷᠯᠡᠭᠰᠡᠨ ᠤ ᠳᠠᠷᠠᠭ᠎ᠠ ᠦᠷᠭᠦᠯᠵᠢᠯᠡᠨ ᠨᠠᠬᠢᠶᠠᠯᠠᠭᠤᠯᠵᠤ᠂ 25~30℃ ᠤᠨ ᠨᠥᠬᠦᠴᠡᠯ ᠳᠣᠣᠷ᠎ᠠ 16~20 ᠴᠠᠭ ᠤᠨ ᠳᠣᠲᠣᠷ᠎ᠠ ᠨᠠᠬᠢᠶᠠᠯᠠᠬᠤ ᠪᠣᠯᠤᠨ᠎ᠠ᠂ ᠨᠢᠭᠡᠨᠲᠡ ᠨᠠᠬᠢᠶᠠᠯᠠᠭᠰᠠᠨ ᠦᠷ᠎ᠡ ᠶᠢ ᠬᠡᠰᠡᠭ ᠪᠦᠯᠦᠭ ᠬᠤᠪᠢᠶᠠᠨ ᠲᠡᠭᠦᠵᠦ ᠭᠠᠷᠭᠠᠬᠤ ᠪᠤᠶᠤ 5~8℃ ᠤᠨ ᠨᠥᠬᠦᠴᠡᠯ ᠳᠣᠣᠷ᠎ᠠ ᠲᠠᠯᠪᠢᠵᠤ᠂ ᠪᠦᠬᠦᠨ ᠢ ᠨᠠᠬᠢᠶᠠᠯᠠᠭᠰᠠᠨ ᠤ ᠳᠠᠷᠠᠭ᠎ᠠ ᠬᠠᠮᠲᠤ  ᠳᠤᠨᠢ ᠲᠠᠷᠢᠨ᠎ᠠ᠃      ᠬᠤᠶᠠᠷ᠂ ᠦᠷ᠎ᠡ ᠶᠢ ᠳᠡᠪᠲᠦᠭᠡᠵᠤ ᠲᠠᠷᠢᠬᠤ ᠮᠡᠷᠭᠡᠵᠢᠯ      ᠪᠦᠯᠢᠶᠡᠨ ᠤᠰᠤᠨ ᠳᠤ ᠳᠡᠪᠲᠦᠭᠡᠬᠦ ᠪᠤᠶᠤ ᠡᠮ ᠳᠤ ᠳᠡᠪᠲᠦᠭᠡᠬᠦ ᠦᠷ᠎ᠡ ᠶᠢ 25~30℃ ᠤᠨ ᠳᠤᠯᠠᠭᠠᠨ ᠤ ᠬᠡᠮᠵᠢᠶᠡᠨ ᠳᠤ 4~6 ᠴᠠᠭ ᠳᠡᠪᠲᠦᠭᠡᠵᠦ᠂ ᠬᠠᠭᠤᠷᠠᠢ ᠬᠦᠨᠳᠦ ᠶᠢᠨ ᠬᠢᠨᠢ 50%~60% ᠶᠢᠨ ᠬᠦᠨᠳᠦ ᠶᠢᠨ ᠤᠰᠤ ᠶᠢ ᠦᠷ᠎ᠡ ᠳᠤ ᠰᠢᠩᠭᠡᠭᠡᠵᠦ᠂ ᠳᠠᠷᠠᠭ᠎ᠠ ᠨᠢ ᠭᠠᠷ ᠢᠶᠠᠷ ᠢᠶᠠᠨ ᠦᠷ᠎ᠡ ᠶᠢᠨ ᠬᠠᠯᠢᠰᠤᠨ ᠳᠡᠭᠡᠷᠡᠬᠢ ᠰᠠᠯᠢᠰᠤᠲᠤ ᠰᠢᠩᠭᠡᠨ ᠢ ᠤᠬᠢᠶᠠᠵᠤ᠂ ᠰᠣᠶᠣᠭᠠᠯᠠᠬᠤ ᠶᠢ ᠬᠤᠷᠢᠭᠯᠠᠬᠤ ᠪᠣᠳᠠᠰ ᠢ ᠴᠡᠪᠡᠷᠯᠡᠵᠦ᠂ ᠬᠤᠯᠢᠴᠠ ᠪᠣᠯᠣᠨ ᠨᠠᠬᠢᠶᠠᠯᠠᠬᠤ ᠦᠭᠡᠢ ᠦᠷ᠎ᠡ ᠶᠢ ᠬᠥᠪᠥᠭᠦᠯᠵᠦ᠂ ᠴᠡᠪᠡᠷ ᠤᠰᠤ ᠪᠠᠷ ᠤᠬᠢᠶᠠᠵᠤ ᠴᠡᠪᠡᠷᠯᠡᠨ᠎ᠡ᠃      ᠭᠤᠷᠪᠠ᠂ ᠦᠷ᠎ᠡ ᠶᠢ ᠲᠠᠷᠢᠶᠠᠨ ᠡᠮ ᠢᠶᠠᠷ ᠳᠡᠪᠲᠦᠭᠡᠵᠦ ᠲᠠᠷᠢᠬᠤ      77.2% ᠤᠨ ᠬᠥᠭᠡᠴᠦ ᠶᠢᠨ ᠬᠦᠴᠢᠯ ᠤᠨ ᠳᠠᠪᠤᠰᠤᠨ ᠬᠦᠴᠢᠯ ᠤᠨ ᠤᠰᠤᠨ ᠡᠮ ᠪᠤᠶᠤ 25% ᠶᠢᠨ ᠮᠧᠲ᠋ᠢᠯ ᠬᠢᠷᠠᠭᠤ ᠶᠢᠨ ᠶᠡᠷᠦᠨᠳᠡᠭ ᠤᠨ ᠴᠢᠭᠢᠭᠰᠡᠭ ᠨᠤᠨᠳᠠᠭ ᠡᠮ ᠢ 800 ᠳᠠᠬᠢᠨ ᠤ ᠰᠢᠩᠭᠡᠨ ᠢᠶᠠᠷ 20 ᠮᠢᠨᠦ᠋ᠲ ᠦᠷ᠎ᠡ ᠶᠢ ᠳᠡᠪᠲᠦᠭᠡᠪᠡᠯ ᠥᠷᠭᠡᠰᠦᠲᠦ ᠬᠡᠮᠬᠡ ᠶᠢᠨ ᠬᠢᠵᠢᠭ ᠡᠪᠡᠳᠴᠢᠨ ᠢ ᠰᠡᠷᠭᠡᠶᠢᠯᠡᠵᠦ ᠴᠢᠳᠠᠨ᠎ᠠ᠃ 50% ᠶᠢᠨ ᠹᠦ᠋ ᠮᠧᠢ ᠬᠤᠣᠰ ᠴᠢᠭᠢᠭᠲᠦᠭᠦᠯᠦᠭᠴᠢ ᠨᠤᠨᠳᠠᠭ ᠡᠮ ᠢ 500 ᠳᠠᠬᠢᠨ ᠤ ᠰᠢᠩᠭᠡᠨ ᠢᠶᠠᠷ 20 ᠮᠢᠨᠦ᠋ᠲ ᠦᠷ᠎ᠡ ᠶᠢ ᠳᠡᠪᠲᠦᠭᠡᠪᠡᠯ ᠪᠣᠭᠤᠮ᠎ᠠ ᠡᠪᠡᠳᠴᠢᠨ᠂ ᠡᠰᠢ ᠬᠤᠪᠠᠭ᠋ᠠᠶᠢᠷᠠᠬᠤ ᠡᠪᠡᠳᠴᠢᠨ ᠢ ᠰᠡᠷᠭᠡᠶᠢᠯᠡᠵᠦ ᠴᠢᠳᠠᠨ᠎ᠠ᠃
 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠬᠢᠮ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号