ᠭᠠᠯᠵᠠᠭᠤ ᠡᠪᠡᠳᠴᠢᠨ ᠲᠠᠢ ᠬᠤᠯᠪᠣᠭᠳᠠᠬᠤ ᠮᠡᠳᠡᠯᠭᠡ ︵ᠬᠤᠶᠠᠷ︶
ᠨᠡᠶᠢᠲᠡᠯᠡᠭᠰᠡᠨ ᠴᠠᠭ᠄
2024/6/7
      ᠲᠠᠪᠤ᠂ ᠭᠠᠯᠵᠠᠭᠤ ᠡᠪᠡᠳᠴᠢᠨ ᠳᠤ ᠶᠠᠮᠠᠷ ᠶᠠᠮᠠᠷ ᠡᠮᠴᠢᠯᠡᠭᠡᠨ ᠤ ᠭᠤᠣᠯ ᠢᠯᠡᠷᠡᠯ ᠪᠠ ᠨᠢᠳᠦᠨ ᠤ ᠡᠪᠡᠳᠴᠢᠨ ᠤ ᠬᠤᠪᠢᠷᠠᠯᠲᠠ ᠪᠠᠶᠢᠳᠠᠭ ᠪᠣᠢ︖      ᠠᠮᠢᠲᠠᠨ ᠤ ᠡᠮᠴᠢᠯᠡᠭᠡᠨ ᠤ ᠢᠯᠡᠷᠡᠯ ᠨᠢ ᠪᠦᠷ ᠠᠳᠠᠯᠢᠪᠲᠤᠷ᠂ ᠶᠡᠷᠦ ᠳᠡᠭᠡᠨ ᠭᠠᠯᠵᠠᠭᠤ ᠪᠠᠯᠠᠮᠠᠳ ᠬᠡᠯᠪᠡᠷᠢ ᠪᠠ ᠮᠢᠨᠴᠦᠭᠦᠷᠡᠬᠦ ᠬᠡᠯᠪᠡᠷᠢ ᠭᠡᠵᠦ ᠬᠤᠶᠠᠷ ᠲᠥᠷᠥᠯ ᠳᠤ ᠠᠩᠭᠢᠯᠠᠳᠠᠭ᠃      ᠨᠣᠬᠠᠢ᠄ ᠲᠡᠭᠦᠨ ᠤ ᠭᠠᠯᠵᠠᠭᠤ ᠪᠠᠯᠠᠮᠠᠳ ᠬᠡᠯᠪᠡᠷᠢ ᠶᠢ ᠤᠷᠢᠳᠠᠴᠢ ᠬᠤᠭᠤᠴᠠᠭ᠎ᠠ᠂ ᠬᠥᠭᠡᠷᠦᠯᠲᠡ ᠶᠢᠨ ᠬᠤᠭᠤᠴᠠᠭ᠎ᠠ ᠪᠠ ᠮᠢᠨᠴᠦᠭᠦᠷᠡᠯ ᠤᠨ ᠬᠤᠭᠤᠴᠠᠭ᠎ᠠ ᠭᠡᠵᠦ ᠬᠤᠪᠢᠶᠠᠨ᠎ᠠ᠃      ᠤᠷᠢᠳᠠᠴᠢ ᠬᠤᠭᠤᠴᠠᠭ᠎ᠠ ᠪᠤᠶᠤ ᠤᠶᠢᠳᠬᠠᠷᠯᠠᠬᠤ ᠬᠤᠭᠤᠴᠠᠭ᠎ᠠ ᠨᠢ ᠪᠠᠷᠤᠭ ᠬᠠᠭᠠᠰ ᠡᠳᠦᠷ ᠠᠴᠠ ᠬᠤᠶᠠᠷ ᠡᠳᠦᠷ ᠪᠠᠶᠢᠳᠠᠭ᠃ ᠡᠪᠡᠳᠴᠢᠨ ᠲᠠᠢ ᠨᠣᠬᠠᠢ ᠴᠤᠭ ᠰᠦᠯᠳᠡ ᠦᠭᠡᠢ᠂ ᠦᠷᠭᠦᠯᠵᠢ ᠬᠠᠷᠠᠩᠭᠤᠢ ᠳᠤ ᠳᠠᠯᠳᠠᠯᠠᠵᠤ᠂ ᠬᠥᠮᠥᠨ ᠲᠠᠢ ᠣᠶᠢᠷᠠᠳᠬᠤ ᠳᠤᠷ᠎ᠠ ᠦᠭᠡᠢ ᠪᠤᠶᠤ ᠦᠭᠡ ᠶᠢ ᠨᠢ ᠰᠣᠨᠣᠰᠬᠤ ᠦᠭᠡᠢ᠂ ᠠᠯᠪᠠᠳᠠᠯᠭ᠎ᠠ ᠪᠠᠷ ᠬᠦᠳᠡᠯᠭᠡᠪᠡᠯ ᠡᠵᠡᠨ ᠢᠶᠠᠨ ᠬᠠᠵᠠᠵᠤ᠂ ᠵᠠᠩ ᠠᠭᠠᠰᠢ ᠨᠢ ᠡᠩ ᠤᠨ ᠦᠶ᠎ᠡ ᠶᠢᠨ ᠬᠢ ᠲᠠᠢ ᠠᠳᠠᠯᠢ ᠦᠭᠡᠢ ᠪᠠᠶᠢᠳᠠᠭ᠃ ᠡᠪᠡᠳᠴᠢᠨ ᠲᠠᠢ ᠨᠣᠬᠠᠢ ᠶᠢᠨ ᠢᠳᠡᠭᠡᠨ ᠤ ᠳᠤᠷᠠᠰᠢᠯ ᠨᠢ ᠬᠡᠪ ᠤᠨ ᠪᠤᠰᠤ ᠪᠣᠯᠵᠤ᠂ ᠣᠨᠳᠣᠣ ᠶᠠᠭᠤᠮ᠎ᠠ ᠢᠳᠡᠬᠦ ᠳᠤᠷᠠᠲᠠᠢ ᠪᠣᠯᠵᠤ᠂ ᠬᠤᠭᠤᠯᠠᠢ ᠨᠢ ᠬᠥᠩᠭᠡᠨ ᠮᠢᠨᠴᠦᠭᠦᠷᠡᠨ᠂ ᠶᠠᠭᠤᠮ᠎ᠠ ᠵᠠᠯᠭᠢᠬᠤ ᠳᠠᠭᠠᠨ ᠬᠦᠵᠦᠭᠦᠦ ᠪᠠᠨ ᠰᠤᠩᠭᠠᠳᠠᠭ᠃ ᠬᠡᠦᠬᠡᠨ ᠬᠠᠷᠠᠭ᠎ᠠ ᠲᠣᠮᠣᠷᠠᠵᠤ᠂ ᠣᠶᠢᠯᠲᠠ ᠶᠢᠨ ᠴᠢᠳᠠᠪᠤᠷᠢ ᠨᠡᠮᠡᠭᠳᠡᠨ᠎ᠡ᠃ ᠬᠤᠷᠢᠴᠠᠯ ᠤᠨ ᠬᠦᠰᠡᠯ ᠨᠡᠮᠡᠭᠳᠡᠨ᠂ ᠥᠪᠡᠷ ᠤᠨ ᠪᠡᠶ᠎ᠡ ᠪᠤᠶᠤ ᠪᠤᠰᠤᠳ ᠨᠣᠬᠠᠢ ᠶᠢᠨ ᠪᠡᠯᠭᠡ ᠶᠢᠨ ᠡᠷᠬᠡᠲᠡᠨ ᠢ ᠦᠨᠦᠷᠯᠡᠨ ᠳᠣᠯᠢᠶᠠᠵᠤ᠂ ᠰᠢᠯᠦᠰᠦᠨ ᠤ ᠰᠢᠭᠦᠷᠡᠯᠲᠡ ᠨᠢ ᠠᠭᠠᠵᠢᠮ ᠢᠶᠠᠷ ᠨᠡᠮᠡᠭᠳᠡᠵᠦ᠂ ᠬᠤᠶᠢᠲᠤ ᠪᠡᠶ᠎ᠡ ᠨᠢ ᠵᠥᠭᠡᠯᠡᠨ ᠪᠠᠭᠤᠷᠠᠢ ᠪᠣᠯᠳᠠᠭ᠃      ᠬᠥᠭᠡᠷᠦᠯᠲᠡ ᠶᠢᠨ ᠬᠤᠭᠤᠴᠠᠭ᠎ᠠ ᠪᠤᠶᠤ ᠬᠡᠳᠡᠷ ᠳᠣᠭᠰᠢᠨ ᠬᠤᠭᠤᠴᠠᠭ᠎ᠠ ᠨᠢ ᠪᠠᠷᠤᠭ 2~4 ᠡᠳᠦᠷ ᠪᠠᠶᠢᠳᠠᠭ᠃ ᠡᠪᠡᠳᠴᠢᠨ ᠲᠠᠢ ᠨᠣᠬᠠᠢ ᠶᠡᠭᠡ ᠳᠣᠭᠰᠢᠨ ᠪᠥᠭᠡᠳ ᠦᠷᠭᠦᠯᠵᠢ ᠬᠥᠮᠥᠨ ᠮᠠᠯ ᠢ ᠳᠠᠭᠠᠷᠢᠳᠠᠭ᠃ ᠬᠡᠶᠢᠷᠬᠡᠯ ᠨᠢ ᠶᠡᠷᠦ  ᠨᠢ ᠤᠶᠢᠳᠬᠠᠷ ᠪᠤᠬᠢᠨᠢᠳᠤᠯ ᠲᠠᠢ ᠰᠣᠯᠪᠢᠴᠠᠨ ᠢᠯᠡᠷᠡᠵᠦ᠂ ᠡᠪᠡᠳᠴᠢᠨ ᠲᠠᠢ ᠨᠣᠬᠠᠢ ᠦᠷᠭᠦᠯᠵᠢ ᠨᠢᠭᠡ ᠵᠦᠢᠯ ᠤᠨ ᠣᠨᠴᠠᠭᠠᠶ ᠬᠢᠯᠠᠷ ᠪᠠ ᠠᠶᠤᠵᠤ ᠡᠮᠢᠶᠡᠬᠦ ᠢᠯᠡᠷᠡᠯ ᠭᠠᠷᠭᠠᠵᠤ᠂ ᠭᠠᠯᠵᠠᠭᠤᠷᠠᠨ ᠳᠠᠭᠠᠷᠢᠵᠤ᠂ ᠳᠥᠷᠪᠡᠨ ᠮᠥᠴᠢ᠂ ᠰᠡᠭᠦᠯ ᠵᠢᠴᠢ ᠪᠡᠯᠭᠡ ᠶᠢᠨ ᠬᠡᠰᠡᠭ ᠢᠶᠠᠨ ᠬᠠᠵᠠᠳᠠᠭ᠃ ᠡᠪᠡᠳᠴᠢᠨ ᠲᠠᠢ ᠨᠣᠬᠠᠢ ᠦᠷᠭᠦᠯᠵᠢ ᠬᠡᠭᠡᠷ᠎ᠡ ᠭᠠᠳᠠᠨ᠎ᠠ ᠬᠡᠰᠦᠵᠦ᠂ ᠴᠢᠨᠠᠭᠰᠢᠯᠠᠪᠠᠯ ᠬᠡᠳᠦᠨ ᠠᠷᠪᠠᠨ ᠺᠢᠯᠣᠮᠧᠲᠷ ᠤᠨ ᠴᠠᠭᠠᠨ᠎ᠠ ᠬᠡᠰᠦᠵᠦ ᠶᠠᠪᠤᠳᠠᠭ ᠪᠥᠭᠡᠳ ᠣᠯᠠᠩᠬᠢ ᠨᠢ ᠬᠠᠷᠢᠬᠤ ᠦᠭᠡᠢ᠂ ᠬᠥᠮᠥᠨ ᠮᠠᠯ ᠢ ᠬᠠᠵᠠᠵᠤ ᠰᠢᠷᠬᠠᠲᠤᠭᠤᠯᠳᠠᠭ᠂ ᠡᠪᠡᠳᠴᠢᠨ ᠤ ᠪᠠᠶᠢᠳᠠᠯ ᠤᠨ ᠬᠥᠭᠵᠢᠯᠲᠡ ᠶᠢ ᠳᠠᠭᠠᠯᠳᠤᠨ ᠤᠬᠠᠮᠰᠠᠷ ᠨᠢ ᠰᠠᠭᠠᠳ ᠲᠤ ᠤᠴᠠᠷᠠᠵᠤ᠂ ᠲᠤᠰᠬᠠᠯ ᠨᠢ ᠰᠠᠮᠠᠭᠤᠷᠠᠨ᠂ ᠭᠠᠯᠵᠠᠭᠤᠷᠠᠨ ᠬᠠᠵᠠᠳᠠᠭ᠃ ᠠᠮᠢᠲᠠᠨ ᠢᠯᠡᠳᠲᠡ ᠡᠴᠡᠵᠦ ᠲᠤᠷᠠᠬᠤ᠂ ᠬᠤᠴᠠᠬᠤ ᠳᠠᠭᠤᠨ ᠰᠥᠭᠡᠩᠭᠢ ᠪᠣᠯᠬᠤ᠂ ᠨᠢᠳᠦᠨ ᠴᠡᠴᠡᠭᠡᠢ ᠬᠤᠲᠣᠶᠢᠬᠤ᠂ ᠬᠡᠦᠬᠡᠨ ᠬᠠᠷᠠᠭ᠎ᠠ ᠰᠠᠷᠨᠢᠬᠤ ᠪᠤᠶᠤ ᠬᠡᠦᠬᠡᠨ ᠬᠠᠷᠠᠭ᠎ᠠ ᠠᠪᠴᠢᠬᠤ᠂ ᠰᠢᠯᠦᠰᠦ ᠭᠤᠭᠤᠵᠢᠬᠤ ᠪᠠ ᠰᠡᠭᠦᠯ ᠢᠶᠠᠨ ᠬᠠᠪᠴᠢᠬᠤ ᠵᠡᠷᠭᠡ ᠢᠯᠡᠷᠡᠯ ᠭᠠᠷᠳᠠᠭ᠃      ᠮᠢᠨᠴᠦᠭᠦᠷᠡᠬᠦ ᠬᠤᠭᠤᠴᠠᠭ᠎ᠠ ᠨᠢ ᠪᠠᠷᠤᠭ 1~2 ᠡᠳᠦᠷ ᠪᠠᠶᠢᠵᠤ᠂ ᠮᠢᠨᠴᠦᠭᠦᠷᠡᠬᠦ ᠨᠢ ᠲᠦᠷᠭᠡᠨ ᠬᠥᠭᠵᠢᠵᠦ᠂ ᠳᠣᠣᠷᠠᠳᠤ ᠡᠷᠡᠦ ᠨᠢ ᠳᠣᠷᠣᠭᠰᠢ ᠤᠨᠵᠢᠢᠵᠤ᠂ ᠬᠡᠯᠡ ᠨᠢ ᠤᠨᠵᠢᠵᠤ᠂ ᠰᠢᠯᠦᠰᠦ ᠨᠢ ᠮᠡᠳᠡᠭᠳᠡᠮ᠎ᠡ ᠭᠤᠭᠤᠵᠢᠵᠤ᠂ ᠤᠳᠠᠯ ᠦᠭᠡᠢ ᠳᠥᠷᠪᠡᠨ ᠮᠥᠴᠢ ᠪᠠ ᠬᠤᠶᠢᠲᠤ ᠪᠡᠶ᠎ᠡ ᠨᠢ ᠮᠢᠨᠴᠦᠭᠦᠷᠡᠵᠦ᠂ ᠭᠠᠵᠠᠷ ᠬᠡᠪᠲᠡᠵᠦ ᠳᠡᠶᠢᠯᠬᠦ ᠦᠭᠡᠢ ᠪᠣᠯᠵᠤ᠂ ᠬᠠᠮᠤᠭ ᠰᠡᠭᠦᠯ ᠳᠤ ᠠᠮᠢᠰᠬᠤᠯ ᠤᠨ ᠲᠥᠪ ᠨᠢ ᠮᠢᠨᠴᠦᠭᠦᠷᠡᠬᠦ ᠪᠤᠶᠤ ᠳᠣᠷᠣᠶᠢᠲᠠᠬᠤ ᠶᠢᠨ ᠬᠠᠷᠠᠭ᠎ᠠ ᠪᠠᠷ ᠦᠬᠦᠳᠡᠭ᠃      ᠪᠦᠬᠦ᠋ᠢᠯᠡ ᠡᠪᠡᠳᠴᠢᠨ ᠤ ᠶᠠᠪᠤᠴᠠ ᠨᠢ 6~8 ᠡᠳᠦᠷ ᠪᠠᠶᠢᠵᠤ᠂ ᠴᠥᠭᠡᠨ ᠲᠣᠭᠠᠨ ᠤ ᠡᠪᠡᠳᠴᠢᠨ ᠤ ᠵᠢᠱᠢᠶ᠎ᠡ  ᠨᠢ 10 ᠡᠳᠦᠷ ᠪᠣᠯᠲᠠᠯ᠎ᠠ ᠦᠷᠭᠦᠯᠵᠢᠯᠡᠳᠡᠭ᠃      ᠵᠢᠷᠭᠤᠭ᠎ᠠ᠂ ᠭᠠᠯᠵᠠᠭᠤ ᠡᠪᠡᠳᠴᠢᠨ ᠬᠥᠮᠥᠨ ᠳᠤ ᠶᠠᠮᠠᠷ ᠶᠠᠮᠠᠷ ᠬᠤᠣᠷ ᠬᠥᠨᠥᠭᠡᠯ ᠲᠠᠢ ᠪᠤᠢ︖      ᠬᠥᠮᠥᠨ ᠲᠤᠰ ᠡᠪᠡᠳᠴᠢᠨ ᠳᠤ ᠨᠡᠷᠪᠡᠭᠳᠡᠬᠦ ᠨᠢ ᠣᠯᠠᠩᠬᠢ ᠨᠢ ᠭᠠᠯᠵᠠᠭᠤ ᠡᠪᠡᠳᠴᠢᠨ ᠲᠠᠢ ᠠᠮᠢᠲᠠᠨ ᠳᠤ ᠬᠠᠵᠠᠭᠳᠠᠭᠰᠠᠨ ᠠᠴᠠ ᠪᠣᠯᠤᠭᠰᠠᠨ ᠶᠤᠮ᠂ ᠡᠪᠡᠳᠴᠢᠯᠡᠪᠡᠯ ᠦᠬᠦᠬᠦ ᠨᠤᠷᠮ᠎ᠠ ᠨᠢ ᠪᠠᠷᠤᠭ 100% ᠪᠠᠶᠢᠳᠠᠭ᠂ ᠡᠶᠢᠮᠦ ᠠᠴᠠ ᠰᠡᠷᠭᠡᠶᠢᠯᠡᠬᠦ ᠲᠠᠷᠢᠯᠭ᠎ᠠ ᠨᠢ ᠲᠤᠰ ᠡᠪᠡᠳᠴᠢᠨ ᠳᠤ ᠲᠤᠶᠢᠯ ᠤᠨ ᠴᠢᠬᠤᠯᠠ ᠠᠴᠢ ᠬᠤᠯᠪᠣᠭᠳᠠᠯ ᠲᠠᠢ ᠶᠤᠮ᠃ ᠡᠪᠡᠳᠴᠢᠨ ᠤ ᠡᠬᠢᠨ ᠤ ᠦᠶ᠎ᠡ ᠳᠤ ᠲᠣᠯᠣᠭᠠᠢ ᠡᠪᠡᠳᠬᠦ᠂ ᠲᠠᠮᠢᠷᠳᠠᠬᠤ᠂ ᠢᠳᠡᠭᠡᠨ ᠤ ᠳᠤᠷᠠᠰᠢᠯ ᠮᠠᠭᠤᠳᠠᠬᠤ᠂ ᠳᠤᠷ᠎ᠠ ᠪᠣᠯᠭᠢᠬᠤ ᠪᠠ ᠪᠥᠭᠡᠯᠵᠢᠬᠦ ᠵᠡᠷᠭᠡ ᠢᠯᠡᠷᠡᠯ ᠲᠠᠢ᠂ ᠬᠠᠵᠠᠭᠳᠠᠭᠰᠠᠨ ᠬᠡᠰᠡᠭ ᠲᠤ ᠬᠠᠯᠠᠭᠤᠷᠠᠬᠤ᠂ ᠵᠠᠭᠠᠲᠤᠨᠠᠬᠤ᠂ ᠢᠷᠪᠡᠭᠡᠨᠡᠵᠦ ᠡᠪᠡᠳᠬᠦ ᠵᠡᠷᠭᠡ ᠪᠠᠶᠢᠳᠠᠯ ᠢᠯᠡᠷᠡᠵᠦ᠂ ᠡᠪᠡᠳᠴᠢᠲᠡᠨ ᠤ ᠰᠤᠳᠠᠯ ᠤᠨ ᠯᠤᠭᠰᠢᠯᠲᠠ ᠬᠤᠷᠳᠤᠰᠬᠤ᠂ ᠬᠡᠦᠬᠡᠨ ᠬᠠᠷᠠᠭ᠎ᠠ ᠲᠣᠮᠣᠷᠠᠬᠤ᠂ ᠨᠢᠯᠪᠤᠰᠤ ᠠᠷᠪᠢᠳᠬᠤ᠂ ᠰᠢᠯᠦᠰᠦ ᠭᠤᠭᠤᠵᠢᠬᠤ᠂ ᠬᠥᠯᠥᠰᠦ ᠭᠠᠷᠬᠤ᠂ ᠵᠠᠷᠢᠮ ᠳᠠᠭᠠᠨ ᠠᠮᠢᠰᠬᠤᠯ ᠤᠨ ᠪᠤᠯᠴᠢᠩ ᠪᠠ ᠵᠠᠯᠭᠢᠭᠤᠷ ᠤᠨ ᠬᠡᠰᠡᠭ ᠲᠤ ᠲᠠᠲᠠᠪᠠᠯᠵᠠᠬᠤ᠂ ᠠᠮᠢᠰᠬᠤᠯ ᠴᠢᠬᠤᠯᠳᠠᠬᠤ ᠢᠯᠡᠷᠡᠯ ᠲᠠᠢ᠃ ᠡᠪᠡᠳᠴᠢᠲᠡᠨ ᠤᠰᠤ ᠶᠢ ᠦᠵᠡᠮᠡᠭᠴᠡ ᠠᠶᠤᠳᠠᠭ᠂ ᠡᠶᠢᠮᠦ ᠠᠴᠠ ︽ᠤᠰᠤᠨ ᠠᠴᠠ ᠠᠶᠤᠬᠤ ᠭᠡᠮ︾ ᠭᠡᠳᠡᠭ᠃ ᠡᠪᠡᠳᠴᠢᠨ ᠬᠥᠳᠡᠯᠬᠦ ᠵᠠᠪᠰᠠᠷ ᠠᠶᠤᠬᠤ᠂ ᠤᠶᠢᠳᠬᠠᠷᠯᠠᠬᠤ᠂ ᠵᠠᠷᠢᠮ ᠦᠶ᠎ᠡ ᠳᠤ ᠪᠠᠴᠢᠮᠳᠠᠨ ᠰᠠᠨᠳᠤᠷᠴᠤ᠂ ᠪᠡᠶ᠎ᠡ ᠪᠠᠨ ᠪᠠᠷᠢᠵᠤ ᠳᠡᠶᠢᠯᠬᠦ ᠦᠭᠡᠢ ᠪᠣᠯᠳᠠᠭ᠃  ᠶᠡᠷᠦ ᠳᠡᠭᠡᠨ 3~4 ᠡᠳᠦᠷ ᠡᠪᠡᠳᠴᠢᠯᠡᠭᠰᠡᠨ ᠤ ᠳᠠᠷᠠᠭ᠎ᠠ ᠪᠦᠬᠦ ᠪᠡᠶ᠎ᠡ ᠮᠢᠨᠴᠦᠭᠦᠷᠡᠨ ᠦᠬᠦᠳᠡᠭ᠃      ᠳᠣᠯᠤᠭ᠎ᠠ᠂ ᠶᠠᠮᠠᠷᠰᠢᠤ ᠬᠥᠮᠥᠨ ᠭᠠᠯᠵᠠᠭᠤ ᠡᠪᠡᠳᠴᠢᠨ ᠳᠤ ᠠᠮᠠᠷᠬᠠᠨ ᠨᠡᠷᠪᠡᠭᠳᠡᠳᠡᠭ ᠪᠣᠢ︖ ᠠᠩᠬᠠᠷᠬᠤ ᠵᠦᠢᠯ  ᠨᠢ ᠶᠠᠭᠤ ᠪᠤᠢ︖      ᠭᠠᠯᠵᠠᠭᠤ ᠡᠪᠡᠳᠴᠢᠨ ᠳᠤ ᠬᠠᠯᠳᠠᠪᠤᠷᠢᠯᠠᠭᠰᠠᠳ ᠲᠠᠢ ᠠᠷᠪᠢᠨ ᠣᠶᠢᠷᠠᠲᠤᠳᠠᠭ ᠬᠥᠮᠥᠰ᠂ ᠲᠣᠰ ᠸᠢᠷᠦ᠋ᠰ ᠢ ᠬᠡᠷᠡᠭᠯᠡᠵᠦ ᠪᠠᠶᠢᠭ᠎ᠠ ᠲᠤᠷᠰᠢᠯᠲᠠ ᠶᠢᠨ ᠲᠠᠰᠤᠭ ᠤᠨ ᠠᠵᠢᠯᠲᠠᠨ᠂ ᠮᠠᠯ ᠤᠨ ᠡᠮᠴᠢ᠂ ᠨᠣᠬᠠᠢ ᠲᠡᠵᠢᠭᠡᠭᠴᠢ ᠵᠡᠷᠭᠡ᠂ ᠡᠳᠡᠭᠡᠷ ᠬᠥᠮᠥᠰ ᠪᠣᠯ ᠠᠶᠤᠯ ᠶᠡᠬᠡᠲᠡᠢ ᠬᠥᠮᠥᠰ ᠲᠤ ᠲᠣᠭᠠᠴᠠᠭᠳᠠᠬᠤ ᠤᠴᠢᠷ ᠠᠴᠠ ᠸᠠᠺᠼᠢᠨ ᠤ ᠲᠠᠷᠢᠯᠭ᠎ᠠ ᠬᠢᠪᠡᠯ ᠵᠣᠬᠢᠨ᠎ᠠ᠃      ᠨᠠᠢᠮᠠ᠂ ᠭᠠᠯᠵᠠᠭᠤ ᠠᠮᠢᠳᠠᠨ ᠢ ᠬᠡᠷᠬᠢᠨ ᠢᠯᠭᠠᠨ ᠲᠠᠨᠢᠬᠤ ᠪᠤᠢ︖      ᠭᠠᠯᠵᠠᠭᠤ ᠠᠮᠢᠲᠠᠨ ᠤ ᠡᠬᠢᠨ ᠤ ᠦᠶ᠎ᠡ ᠶᠢᠨ ᠢᠯᠡᠷᠡᠯ ᠪᠣᠯ ᠵᠠᠩ ᠠᠭᠠᠰᠢ ᠶᠢᠨ ᠢᠯᠡᠷᠬᠡᠢ ᠬᠤᠪᠢᠷᠠᠯᠲᠠ᠂ ᠵᠢᠱᠢᠶᠡᠯᠡᠪᠡᠯ ᠵᠣᠪᠠᠨᠢᠬᠤ ᠪᠤᠶᠤ ᠠᠶᠤᠬᠤ᠂ ᠮᠡᠳᠡᠷᠡᠯ ᠤᠨ ᠬᠠᠷᠰᠢᠯ ᠡᠭᠦᠰᠬᠦ ᠵᠡᠷᠭᠡ᠃ ᠵᠠᠷᠢᠮ ᠡᠪᠡᠳᠴᠢᠨ ᠲᠠᠢ ᠠᠷᠢᠶᠠᠲᠠᠨ  ᠨᠢ ᠡᠵᠡᠨ ᠳᠡᠭᠡᠨ ᠲᠤᠶᠢᠯ ᠤᠨ ᠨᠥᠬᠦᠷᠰᠡᠭ ᠪᠠᠶᠢᠵᠤ᠂ ᠰᠡᠭᠦᠯ ᠢᠶᠠᠨ ᠰᠢᠷᠪᠠᠯᠵᠠᠭᠤᠯᠤᠨ ᠪᠢᠯᠳᠠᠤᠴᠢᠯᠠᠳᠠᠭ ᠪᠣᠯᠪᠠᠴᠤ ᠬᠥᠩᠭᠡᠨ ᠰᠡᠳᠡᠯᠲᠡ ᠶᠢᠨ ᠳᠣᠣᠷ᠎ᠠ ᠪᠠᠰᠠ ᠬᠥᠮᠥᠨ ᠢ ᠬᠠᠵᠠᠵᠤ᠂ ᠬᠥᠮᠥᠨ ᠢ ᠰᠠᠨᠠᠭᠠᠴᠢᠯᠠᠭ᠎ᠠ ᠠᠴᠠ ᠪᠠᠨ ᠳᠠᠭᠠᠷᠢᠵᠤ᠂ ᠵᠠᠷᠢᠮ ᠨᠢ ᠰᠦᠷᠦᠭ ᠠᠴᠠ ᠪᠠᠨ ᠰᠠᠯᠵᠤ᠂ ᠪᠤᠰᠤᠳ ᠠᠮᠢᠲᠠᠨ ᠲᠠᠢ ᠬᠠᠮᠲᠤ ᠪᠠᠶᠢᠬᠤ ᠦᠭᠡᠢ᠂ ᠡᠵᠡᠨ ᠳᠡᠭᠡᠨ ᠳᠣᠲᠣᠨᠣ ᠦᠭᠡᠢ ᠪᠣᠯᠵᠤ᠂ ᠵᠠᠷᠢᠮ ᠨᠢ ᠵᠢᠱᠢᠶᠡᠯᠡᠪᠡᠯ ᠰᠢᠷᠣᠢ ᠢᠳᠡᠬᠦ᠂ ᠡᠪᠡᠰᠦ ᠬᠠᠵᠠᠬᠤ᠂ ᠮᠣᠳᠣ ᠬᠠᠵᠠᠬᠤ ᠮᠡᠲᠦ ᠶᠢᠨ ᠰᠣᠨᠢᠨ ᠢᠳᠡᠰᠢ ᠳᠤ ᠰᠢᠨᠤᠳᠠᠭ᠃ ᠡᠳᠡᠭᠡᠷ ᠬᠡᠪ ᠤᠨ ᠪᠤᠰᠤ ᠢᠯᠡᠷᠡᠯ ᠢ ᠬᠡᠷᠪᠡ ᠨᠠᠷᠢᠨ ᠠᠵᠢᠭᠯᠠᠬᠤ ᠦᠭᠡᠢ ᠪᠣᠯ ᠣᠯᠵᠤ ᠮᠡᠳᠡᠬᠦ ᠳᠤ ᠪᠡᠷᠬᠡ ᠶᠤᠮ᠃ ᠡᠪᠡᠳᠴᠢᠨ ᠲᠠᠢ ᠠᠮᠢᠲᠠᠨ ᠡᠪᠡᠳᠴᠢᠨ ᠡᠮᠭᠡᠭ ᠤᠨ ᠬᠠᠮᠤᠭ ᠡᠬᠢᠨ ᠤ ᠦᠶ᠎ᠡ ᠳᠤ ᠰᠢᠯᠦᠰᠦᠨ ᠳᠤᠨᠢ ᠶᠡᠭᠡ ᠬᠡᠮᠵᠢᠶᠡᠨ ᠤ ᠭᠠᠯᠵᠠᠭᠤ ᠡᠪᠡᠳᠴᠢᠨ ᠤ ᠸᠢᠷᠦ᠋ᠰ ᠠᠭᠤᠯᠵᠤ ᠪᠠᠶᠢᠳᠠᠭ ᠲᠤᠯᠠ᠂ ᠡᠨᠡ ᠦᠶ᠎ᠡ ᠳᠤ ᠬᠡᠷᠪᠡ ᠣᠶᠢᠷ᠎ᠠ ᠳᠣᠲᠣᠨᠣ ᠪᠠᠶᠢᠬᠤ᠂ ᠨᠠᠭᠠᠳᠪᠠᠯ ᠠᠮᠠᠷᠬᠠᠨ ᠬᠠᠯᠳᠠᠪᠤᠷᠢᠯᠠᠵᠤ ᠡᠪᠡᠳᠴᠢᠨ ᠣᠯᠳᠠᠭ᠃      ᠭᠠᠯᠵᠠᠭᠤ ᠠᠮᠢᠲᠠᠨ ᠡᠪᠡᠳᠴᠢᠨ ᠬᠥᠳᠡᠯᠦᠭᠰᠡᠨ ᠤ ᠡᠬᠢᠨ ᠤ ᠬᠤᠭᠤᠴᠠᠭ᠎ᠠ ᠶᠢ ᠥᠩᠭᠡᠷᠡᠪᠡᠯ ᠳᠠᠷᠤᠢ ᠬᠥᠭᠡᠷᠦᠯᠲᠡ ᠶᠢᠨ ᠬᠤᠭᠤᠴᠠᠭᠠᠨ ᠳᠠᠭᠠᠨ ᠣᠷᠣᠳᠠᠭ᠂ ᠡᠨᠡ ᠦᠶ᠎ᠡ ᠳᠤ ᠰᠠᠭᠤᠵᠤ ᠲᠣᠭᠲᠠᠬᠤ ᠦᠭᠡᠢ᠂ ᠨᠠᠭᠠᠰᠢ ᠴᠠᠭᠠᠰᠢ ᠭᠦᠶᠦᠯᠳᠦᠨ᠂ ᠦᠷᠭᠦᠯᠵᠢ ᠬᠠᠵᠠᠵᠤ ᠪᠠᠷᠬᠢᠷᠠᠳᠠᠭ᠂ ᠡᠨᠡ ᠦᠶ᠎ᠡ ᠳᠤ ᠲᠠᠨᠢᠬᠤ ᠦᠭᠡᠢ ᠬᠥᠮᠥᠨ ᠪᠠ ᠲᠠᠨᠢᠯ ᠬᠥᠮᠥᠨ ᠢᠶᠠᠨ ᠢᠯᠭᠠᠨ ᠲᠠᠨᠢᠵᠤ ᠳᠡᠶᠢᠯᠬᠦ ᠦᠭᠡᠢ ᠪᠣᠯᠵᠤ᠂ ᠬᠥᠮᠥᠨ ᠢ ᠳᠠᠭᠠᠷᠢᠬᠤ ᠭᠠᠯᠵᠠᠭᠤᠷᠠᠭᠰᠠᠨ ᠪᠠᠶᠢᠳᠠᠯ ᠲᠠᠢ ᠪᠠᠶᠢᠵᠤ᠂ ᠣᠯᠠᠩᠬᠢ ᠨᠢ ᠪᠦᠷ ᠡᠨᠡ ᠦᠶ᠎ᠡ ᠳᠤ ᠬᠠᠵᠠᠭᠳᠠᠵᠤ ᠰᠢᠷᠬᠠᠲᠤᠭᠰᠠᠨ ᠪᠠᠶᠢᠳᠠᠭ᠃ ᠳᠠᠷᠠᠭ᠎ᠠ ᠨᠢ ᠡᠪᠡᠳᠴᠢᠨ ᠲᠠᠢ ᠨᠣᠬᠠᠢ ᠰᠡᠭᠦᠯ ᠢᠶᠠᠨ ᠤᠨᠵᠢᠭᠤᠯᠤᠨ᠂ ᠰᠡᠭᠦᠯ ᠢᠶᠠᠨ ᠬᠠᠪᠴᠢᠵᠤ᠂ ᠠᠮᠠ ᠪᠠᠨ ᠠᠩᠭᠠᠶᠢᠨ ᠰᠢᠯᠦᠰᠦ ᠪᠠᠨ ᠭᠤᠭᠤᠵᠢᠭᠤᠯᠵᠤ᠂ ᠵᠠᠯᠭᠢᠬᠤ ᠳᠤ ᠬᠦᠴᠢᠷᠳᠡᠵᠦ᠂ ᠠᠯᠬᠤᠬᠤ ᠳᠤ ᠬᠠᠶᠢᠪᠠᠯᠵᠠᠨ ᠳᠠᠶᠢᠪᠠᠯᠵᠠᠵᠤ᠂ ᠪᠥᠬᠦ ᠪᠡᠶ᠎ᠡ ᠶᠢᠨ ᠦᠰᠦ  ᠨᠢ ᠪᠣᠰᠣᠨ᠎ᠠ᠃ ᠰᠡᠭᠦᠯᠴᠢ ᠶᠢᠨ ᠬᠤᠭᠤᠴᠠᠭᠠᠨ ᠳᠤ ᠣᠷᠣᠮᠠᠭᠴᠠ᠂ ᠡᠪᠡᠳᠴᠢᠨ ᠲᠠᠢ ᠠᠮᠢᠲᠠᠨ ᠮᠠᠰᠢ ᠲᠦᠷᠭᠡᠨ ᠢᠶᠠᠷ ᠠᠮᠢᠰᠬᠤᠯ ᠴᠢᠬᠤᠯᠳᠠᠵᠤ᠂ ᠪᠦᠬᠦ ᠪᠡᠶ᠎ᠡ ᠨᠢ ᠳᠣᠷᠣᠶᠢᠲᠠᠨ ᠦᠬᠦᠳᠡᠭ᠃      ᠠᠩᠬᠠᠷᠤᠭᠤᠰᠢᠲᠠᠢ ᠨᠢ᠂ ᠴᠥᠭᠡᠨ ᠲᠣᠭᠠᠨ ᠤ ᠭᠠᠯᠵᠠᠭᠤ ᠠᠮᠢᠲᠠᠨ ︽ᠨᠠᠮᠵᠢᠭᠤᠨ ᠬᠡᠯᠪᠡᠷᠢ︾ ᠪᠠᠷ ᠢᠯᠡᠷᠡᠨ᠎ᠡ᠂ ᠳᠠᠷᠤᠢ ᠢᠯᠡᠷᠬᠡᠢ ᠬᠥᠭᠡᠷᠦᠯᠲᠡ ᠶᠢᠨ ᠢᠯᠡᠷᠡᠯ ᠪᠠᠶᠢᠬᠤ ᠦᠭᠡᠢ︔ ᠪᠠᠰᠠ ᠵᠠᠷᠢᠮ ᠴᠥᠭᠡᠨ ᠲᠣᠭᠠᠨ ᠤ ᠠᠮᠢᠲᠠᠨ ᠡᠪᠡᠳᠴᠢᠯᠡᠬᠦ ᠦᠭᠡᠢ᠂ ︽ᠸᠢᠷᠦ᠋ᠰ ᠲᠠᠢ ᠪᠠᠶᠢᠳᠠᠯ︾  ᠢᠶᠠᠷ ᠭᠠᠯᠵᠠᠭᠤ ᠡᠪᠡᠳᠴᠢᠨ ᠤ ᠸᠢᠷᠦ᠋ᠰ ᠢ ᠪᠡᠶ᠎ᠡ  ᠳᠡᠭᠡᠨ ᠠᠪᠴᠤ ᠶᠠᠪᠤᠨ᠂ ᠬᠥᠮᠥᠨ ᠪᠤᠶᠤ ᠪᠤᠰᠤᠳ ᠠᠮᠢᠲᠠᠨ ᠳᠤ ᠬᠠᠯᠳᠠᠪᠤᠷᠢᠯᠠᠳᠠᠭ ᠪᠣᠯᠪᠠᠴᠤ ᠥᠪᠡᠷ ᠢᠶᠠᠨ ᠡᠪᠡᠳᠴᠢᠯᠡᠬᠦ ᠦᠭᠡᠢ ᠪᠠᠶᠢᠳᠠᠭ᠂ ᠡᠶᠢᠮᠦᠷᠬᠦ ᠳᠠᠯᠳᠠ ᠭᠡᠮ ᠨᠢ ᠨᠡᠩ ᠠᠶᠤᠯᠲᠠᠢ ᠪᠠᠶᠢᠳᠠᠭ᠃      ᠶᠢᠰᠦ᠂ ᠨᠣᠬᠠᠢ᠂ ᠮᠤᠤᠷ ᠢ ᠵᠥᠭᠡᠭᠡᠪᠦᠷᠢᠯᠡᠬᠦ᠂ ᠬᠤᠳᠠᠯᠳᠤᠬᠤ ᠳᠤ ᠬᠢᠵᠢᠭ ᠪᠠᠶᠢᠴᠠᠭᠠᠨ᠎ᠠ ᠦᠦ ᠦᠭᠡᠢ ᠤᠤ︖      ᠨᠣᠬᠠᠢ᠂ ᠮᠤᠤᠷ ᠢ ᠵᠥᠭᠡᠭᠡᠪᠦᠷᠢᠯᠡᠬᠦ ᠪᠤᠶᠤ ᠬᠤᠳᠠᠯᠳᠤᠬᠤ ᠠᠴᠠ ᠡᠮᠦᠨ᠎ᠡ᠂ ᠡᠵᠡᠨ ᠨᠢ ᠠᠮᠢᠳᠡᠠ ᠤ ᠬᠢᠵᠢᠭ ᠢ ᠰᠡᠷᠭᠡᠶᠢᠯᠡᠬᠦ ᠠᠵᠢᠯ ᠳᠤ ᠬᠢᠨᠠᠯᠲᠠ ᠲᠠᠯᠪᠢᠬᠤ ᠪᠠᠶᠢᠭᠤᠯᠤᠮᠵᠢ ᠳᠤ ᠬᠢᠵᠢᠭ ᠤᠨ ᠪᠠᠶᠢᠴᠠᠭᠠᠯᠲᠠ ᠬᠢᠯᠭᠡᠬᠦ ᠪᠠᠷ ᠮᠡᠳᠡᠭᠦᠯᠵᠦ᠂ ᠠᠮᠢᠳᠡᠠ ᠤ ᠬᠢᠵᠢᠭ ᠢ ᠰᠡᠷᠭᠡᠶᠢᠯᠡᠬᠦ ᠠᠵᠢᠯ ᠳᠤ ᠬᠢᠨᠠᠯᠲᠠ ᠲᠠᠯᠪᠢᠬᠤ ᠪᠠᠶᠢᠭᠤᠯᠤᠮᠵᠢ ᠠᠴᠠ ᠬᠢᠵᠢᠭ ᠤᠨ ᠪᠠᠶᠢᠴᠠᠭᠠᠯᠲᠠ ᠳᠤ ᠬᠢᠷᠢ ᠲᠡᠩᠴᠡᠭᠰᠡᠨ ᠨᠣᠬᠠᠢ᠂ ᠮᠤᠤᠷ ᠲᠤ ᠠᠮᠢᠳᠡᠠ ᠤ ᠬᠢᠵᠢᠭ ᠤᠨ ᠪᠠᠶᠢᠴᠠᠭᠠᠯᠲᠠ ᠳᠤ ᠬᠢᠷᠢ ᠲᠡᠩᠴᠡᠭᠰᠡᠨ ᠭᠡᠷᠡᠴᠢ ᠬᠢᠵᠦ ᠥᠭᠬᠦ ᠬᠡᠷᠡᠭᠲᠡᠢ︔ ᠨᠣᠬᠠᠢ ᠶᠢ ᠵᠥᠭᠡᠭᠡᠪᠦᠷᠢᠯᠡᠬᠦ ᠪᠤᠶᠤ ᠬᠤᠳᠠᠯᠳᠤᠬᠤ ᠳᠠᠭᠠᠨ ᠭᠠᠯᠵᠠᠭᠤ ᠡᠪᠡᠳᠴᠢᠨ ᠤ ᠡᠭᠡᠯᠢᠯᠡᠭᠡ ᠶᠢᠨ ᠲᠡᠮᠳᠡᠭ ᠲᠠᠢ ᠪᠠᠶᠢᠵᠤ᠂ ᠡᠵᠡᠨ ᠨᠢ ᠡᠷᠬᠡᠪᠰᠢ ᠬᠢᠵᠢᠭ ᠤᠨ ᠪᠠᠶᠢᠴᠠᠭᠠᠯᠲᠠ ᠳᠤ ᠬᠢᠷᠢ ᠲᠡᠩᠴᠡᠭᠰᠡᠨ ᠭᠡᠷᠡᠴᠢ ᠲᠠᠢ ᠪᠠᠶᠢᠬᠤ ᠬᠡᠷᠡᠭᠲᠡᠢ᠃
 
ᠢᠷᠡᠯᠲᠡ᠄ ᠦᠪᠦᠷ ᠮᠣᠩᠭᠤᠯ ᠤᠨ ᠠᠮᠢᠲᠠᠨ ᠤ ᠬᠢᠵᠢᠭ ᠡᠪᠡᠳᠴᠢᠨ ᠢ ᠰᠡᠷᠭᠡᠶᠢᠯᠡᠨ ᠬᠢᠵᠠᠭᠠᠷᠯᠠᠬᠤ ᠲᠥᠪ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号