ᠰᠤᠷᠪᠤᠯᠵᠢᠯᠠᠨ ᠶᠠᠷᠢᠯᠴᠠᠭᠰᠠᠨ ᠴᠠᠭ᠄ 2015 ᠣᠨ᠎ᠤ 2 ᠳ᠋ᠤᠭ᠋ᠠᠷ ᠰᠠᠷ᠎ᠠ ᠵᠢᠨ 13᠎ᠤ ᠡᠳᠥᠷ᠎ᠤᠨ ᠦᠳᠡ ᠵᠢᠨ ᠬᠣᠢ᠌ᠨᠠᠬᠢ 3᠄ 30 ᠴᠠᠭ᠎ᠲᠤ
ᠰᠤᠷᠪᠤᠯᠵᠢᠯᠠᠭ᠎ᠠ ᠬᠦᠯᠢᠶᠡᠭᠰᠡᠨ ᠵᠣᠴᠢᠨ᠄ ᠦᠪᠥᠷ ᠮᠣᠩᠭᠤᠯ᠎ᠤᠨ ᠦᠪᠡᠷᠳᠡᠭᠡᠨ ᠵᠠᠰᠠᠬᠤ ᠣᠷᠣᠨ᠎ᠤ ᠡᠷᠡᠭᠥᠯ ᠬᠠᠮᠠᠭ᠋ᠠᠯᠠᠯ ᠲᠦᠯᠥᠪᠯᠡᠭᠡᠲᠦ ᠦᠷᠡᠵᠢᠯ᠎ᠤᠨ ᠵᠦᠪᠯᠡᠯ᠎ᠤᠨ ᠳᠡᠳ᠋ ᠡᠷᠬᠢᠯᠡᠭᠴᠢ᠂ ᠦᠪᠡᠷᠳᠡᠭᠡᠨ ᠵᠠᠰᠠᠬᠤ ᠣᠷᠣᠨ᠎ᠤ ᠡᠮ ᠡᠮᠨᠡᠯᠭᠡ ᠡᠷᠡᠭᠥᠯ ᠬᠠᠮᠠᠭ᠋ᠠᠯᠠᠯ᠎ᠤᠨ ᠪᠠᠢ᠌ᠭᠤᠯᠤᠯ᠎ᠤᠨ ᠦᠭᠡᠷᠡᠴᠢᠯᠡᠯᠲᠡ ᠵᠢᠨ ᠠᠵᠢᠯ᠎ᠤᠨ ᠠᠯᠪᠠᠨ ᠭᠡᠷ᠎ᠤᠨ ᠡᠷᠬᠢᠯᠡᠭᠴᠢ ᠬᠤ᠌ ᠸᠸᠨ ᠢ
ᠰᠦᠯᠵᠢᠶᠡᠨ ᠠᠨᠳᠠ ᠨᠠᠷ ᠡ᠂ ᠰᠠᠢ᠌ᠨ ᠪᠠᠢ᠌ᠵᠠᠭ᠋ᠠᠨ᠎ᠠ ᠤᠤ! ᠦᠪᠥᠷ ᠮᠣᠩᠭᠤᠯ᠎ᠤᠨ ᠦᠪᠡᠷᠳᠡᠭᠡᠨ ᠵᠠᠰᠠᠬᠤ ᠣᠷᠣᠨ᠎ᠤ ᠵᠠᠰᠠᠭ᠎ᠤᠨ ᠶᠠᠪᠤᠳᠠᠯ᠎ᠤᠨ ᠶᠡᠷᠥᠩᠬᠡᠢ᠌ᠯᠡᠭᠰᠡᠨ ᠫᠤᠷᠲᠸᠯ ᠰᠠᠢ᠌ᠲ᠎ᠤᠨ 《ᠰᠦᠯᠵᠢᠶᠡᠨ ᠳᠡᠭᠡᠷᠡᠬᠢ ᠰᠤᠷᠪᠤᠯᠵᠢᠯᠠᠭ᠎ᠠ》 ᠫᠷᠤᠭ᠌ᠷᠠᠮ᠎ᠢ ᠬᠦᠯᠢᠶᠡᠨ ᠠᠪᠴᠦ ᠰᠣᠨᠢᠷᠬᠠᠬᠤ ᠵᠢ ᠤᠭᠲᠤᠵᠦ ᠪᠠᠢ᠌ᠨ᠎ᠠ᠃ ᠦᠨᠥᠳᠥᠷ ᠪᠢᠳᠡ ᠦᠪᠡᠷᠳᠡᠭᠡᠨ ᠵᠠᠰᠠᠬᠤ ᠣᠷᠣᠨ᠎ᠤ ᠡᠷᠡᠭᠥᠯ ᠬᠠᠮᠠᠭ᠋ᠠᠯᠠᠯ ᠲᠦᠯᠥᠪᠯᠡᠭᠡᠲᠦ ᠦᠷᠡᠵᠢᠯ᠎ᠤᠨ ᠵᠦᠪᠯᠡᠯ᠎ᠤᠨ ᠳᠡᠳ᠋ ᠡᠷᠬᠢᠯᠡᠭᠴᠢ ᠬᠤ᠌ ᠸᠸᠨ ᠢ ᠵᠢ ᠤᠷᠢᠵᠦ 《ᠳᠤᠮᠳᠠᠳᠦ ᠤᠯᠤᠰ· ᠦᠪᠥᠷ ᠮᠣᠩᠭᠤᠯ》 ᠰᠦᠯᠵᠢᠶᠡᠨ ᠳᠡᠭᠡᠷ᠎ᠡ ᠣᠯᠠᠨ᠎ᠲᠠᠢ ᠰᠣᠯᠢᠯᠴᠠᠭ᠎ᠠ ᠬᠢᠯᠭᠡᠬᠦ ᠵᠢᠨ ᠬᠠᠮᠲᠦ ᠰᠦᠯᠵᠢᠶᠡᠨ ᠠᠨᠳᠠ ᠨᠠᠷ᠎ᠤᠨ ᠠᠰᠠᠭᠤᠭᠰᠠᠨ᠎ᠳᠤ ᠬᠠᠷᠢᠭᠤᠯᠲᠠ ᠦᠭᠬᠦ ᠪᠣᠯᠤᠨ᠎ᠠ᠂ ᠬᠤ᠌ ᠡᠷᠬᠢᠯᠡᠭᠴᠢ ᠲᠠ ᠰᠠᠢ᠌ᠨ ᠪᠠᠢ᠌ᠨ᠎ᠠ ᠤᠤ᠂ 《ᠳᠤᠮᠳᠠᠳᠦ ᠤᠯᠤᠰ· ᠦᠪᠥᠷ ᠮᠣᠩᠭᠤᠯ》 ᠰᠦᠯᠵᠢᠶ᠎ᠡ ᠲᠠᠨ᠎ᠢ ᠪᠠᠶᠠᠷᠯᠠᠨ ᠤᠭᠲᠤᠵᠦ ᠪᠠᠢ᠌ᠨ᠎ᠠ!
ᠬᠤ᠌ ᠸᠸᠨ ᠢ᠄ ᠬᠦᠲᠥᠯᠥᠭᠴᠢ ᠲᠠ ᠰᠠᠢ᠌ᠨ ᠪᠠᠢ᠌ᠨ᠎ᠠ ᠤᠤ᠂ ᠰᠦᠯᠵᠢᠶᠡᠨ ᠠᠨᠳᠠ ᠨᠠᠷ ᠰᠠᠢ᠌ᠨ ᠪᠠᠢ᠌ᠵᠠᠭ᠋ᠠᠨ᠎ᠠ ᠤᠤ! ᠰᠢᠶᠠᠨ᠎ᠤ ᠱᠠᠲᠥᠨ᠎ᠤ ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶᠠᠨ᠎ᠤ ᠶᠡᠷᠥᠩᠬᠡᠢ᠌ᠯᠡᠭᠰᠡᠨ ᠦᠭᠡᠷᠡᠴᠢᠯᠡᠯᠲᠡ ᠵᠢᠨ ᠲᠤᠬᠠᠢ ᠰᠡᠳᠥᠪ ᠵᠶ᠋ᠠᠷ ᠡᠨᠳᠡ ᠲᠠ ᠣᠯᠠᠨ᠎ᠲᠠᠢ ᠰᠣᠯᠢᠯᠴᠠᠭ᠎ᠠ ᠬᠢᠬᠦ ᠪᠣᠯᠣᠭᠰᠠᠨ᠎ᠳᠤ ᠲᠣᠩ ᠪᠠᠶᠠᠷᠲᠠᠢ ᠪᠠᠢ᠌ᠨ᠎ᠠ᠃ ᠦᠪᠥᠷ ᠮᠣᠩᠭᠤᠯ᠎ᠤᠨ ᠦᠪᠡᠷᠳᠡᠭᠡᠨ ᠵᠠᠰᠠᠬᠤ ᠣᠷᠣᠨ᠎ᠤ ᠡᠷᠡᠭᠥᠯ ᠬᠠᠮᠠᠭ᠋ᠠᠯᠠᠯ ᠪᠠ ᠲᠦᠯᠥᠪᠯᠡᠭᠡᠲᠦ ᠦᠷᠡᠵᠢᠯ᠎ᠤᠨ ᠠᠵᠢᠯ ᠦᠢ᠍ᠯᠡᠰ᠎ᠤᠨ ᠦᠭᠡᠷᠡᠴᠢᠯᠡᠯᠲᠡ ᠬᠦᠭᠵᠢᠯᠲᠡ ᠵᠢ ᠶᠡᠷᠦ᠎ᠠᠴᠠ ᠠᠩᠬᠠᠷᠴᠦ ᠳᠡᠮᠵᠢᠭᠰᠡᠭᠡᠷ ᠢᠷᠡᠭᠰᠡᠨ ᠰᠦᠯᠵᠢᠶᠡᠨ ᠠᠨᠳᠠ ᠨᠠᠷ᠎ᠲᠤ ᠲᠠᠯᠠᠷᠬᠠᠵᠦ ᠪᠠᠢ᠌ᠨ᠎ᠠ᠃
ᠬᠦᠲᠥᠯᠥᠭᠴᠢ᠄ ᠬᠤ᠌ ᠡᠷᠬᠢᠯᠡᠭᠴᠢ ᠡ᠂ ᠮᠠᠨ᠎ᠤ ᠣᠷᠣᠨ᠎ᠤ ᠬᠤᠰᠢᠭᠤ ᠰᠢᠶᠠᠨ᠎ᠤ ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶᠠᠨ᠎ᠤ ᠦᠭᠡᠷᠡᠴᠢᠯᠡᠯᠲᠡ ᠵᠢ ᠠᠯᠢ ᠦᠶ᠎ᠡ᠎ᠠᠴᠠ ᠡᠬᠢᠯᠡᠭᠥᠯᠥᠭᠰᠡᠨ ᠪᠣᠢ᠂ ᠬᠡᠳᠥᠢ ᠶᠡᠬᠡ ᠬᠡᠪᠴᠢᠶᠡᠨ᠎ᠳᠤ ᠦᠷᠨᠢᠭᠥᠯᠵᠦ ᠪᠠᠢ᠌ᠭ᠎ᠠ ᠪᠣᠢ?
ᠬᠤ᠌ ᠸᠸᠨ ᠢ᠄ ᠮᠠᠨ᠎ᠤ ᠣᠷᠣᠨ᠎ᠤ ᠬᠤᠰᠢᠭᠤ ᠰᠢᠶᠠᠨ᠎ᠤ ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶᠠᠨ᠎ᠤ ᠦᠭᠡᠷᠡᠴᠢᠯᠡᠯᠲᠡ ᠵᠢ 2012 ᠣᠨ᠎ᠤ 5 ᠳ᠋ᠤᠭ᠋ᠠᠷ ᠰᠠᠷ᠎ᠠ᠎ᠳᠤ ᠡᠬᠢᠯᠡᠭᠥᠯᠥᠭᠰᠡᠨ᠃ ᠡᠬᠢᠯᠡᠯᠲᠡ ᠵᠢᠨ ᠱᠠᠲᠦ ᠦᠶ᠎ᠡ᠎ᠳᠤ᠂ ᠡᠯ᠎ᠡ ᠭᠠᠵᠠᠷ᠎ᠤᠳ ᠡᠮ ᠵᠶ᠋ᠠᠷ ᠡᠮᠨᠡᠯᠭᠡ᠎ᠳᠤ ᠨᠦᠬᠥᠪᠥᠷᠢ ᠣᠷᠣᠭᠣᠯᠵᠦ ᠪᠠᠢ᠌ᠭ᠎ᠠ ᠵᠢ ᠦᠭᠡᠢ᠌ᠰᠭᠡᠬᠦ᠂ ᠠᠵᠢᠯᠲᠠᠨ᠎ᠤ ᠶᠠᠪᠤᠳᠠᠯ ᠬᠤᠪᠢᠶᠠᠷᠢᠯᠠᠯᠲᠠ ᠵᠢᠨ ᠳᠦᠷᠢᠮᠤ ᠦᠭᠡᠷᠡᠴᠢᠯᠡᠯᠲᠡ ᠵᠢ ᠭᠦᠨᠵᠡᠭᠡᠢ᠌ᠷᠡᠭᠥᠯᠬᠦ᠂ ᠬᠠᠤᠯᠢ ᠵᠢᠨ ᠡᠷᠬᠡᠲᠡᠨ᠎ᠠᠴᠠ ᠵᠠᠰᠠᠬᠤ ᠪᠦᠲᠥᠴᠡ ᠪᠠᠢ᠌ᠭᠤᠯᠬᠤ᠂ ᠡᠮᠨᠡᠯᠭᠡ ᠵᠢᠨ ᠬᠣᠷᠢᠶᠠᠨ᠎ᠤ ᠲᠣᠲᠤᠭ᠋ᠠᠳᠦ ᠬᠠᠮᠢᠶᠠᠷᠤᠯᠲᠠ ᠵᠢ ᠴᠢᠩᠭ᠋ᠠᠳᠬᠠᠬᠤ ᠵᠡᠷᠭᠡ ᠵᠢᠨ ᠲᠣᠭᠣᠷᠢᠨ᠎ᠳᠤ ᠢᠳᠡᠪᠬᠢᠲᠠᠢ ᠬᠠᠢ᠌ᠨ ᠰᠦᠪᠡᠭᠴᠢᠯᠡᠯᠲᠡ ᠬᠢᠪᠡ᠃ 2014 ᠣᠨ᠎ᠳᠤ᠂ ᠪᠢᠳᠡ ᠤᠯᠤᠰ᠎ᠤᠨ ᠡᠷᠡᠭᠥᠯ ᠬᠠᠮᠠᠭ᠋ᠠᠯᠠᠯ ᠲᠦᠯᠥᠪᠯᠡᠭᠡᠲᠦ ᠦᠷᠡᠵᠢᠯ᠎ᠤᠨ ᠵᠦᠪᠯᠡᠯ ᠵᠡᠷᠭᠡ ᠲᠠᠪᠤᠨ ᠶᠠᠮᠤᠨ ᠵᠦᠪᠯᠡᠯ᠎ᠤᠨ 《ᠰᠢᠶᠠᠨ᠎ᠤ ᠱᠠᠲᠤᠨ᠎ᠤ ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶᠠᠨ᠎ᠤ ᠶᠡᠷᠥᠩᠬᠡᠢ᠌ᠯᠡᠭᠰᠡᠨ ᠦᠭᠡᠷᠡᠴᠢᠯᠡᠯᠲᠡ ᠵᠢ ᠲᠦᠯᠬᠢᠨ ᠠᠬᠢᠭᠤᠯᠬᠤ ᠲᠤᠬᠠᠢ ᠰᠠᠨᠠᠯ》᠎ᠢ ᠦᠨᠳᠥᠰᠥᠯᠡᠨ᠂ ᠦᠪᠡᠷᠳᠡᠭᠡᠨ ᠵᠠᠰᠠᠬᠤ ᠣᠷᠣᠨ᠎ᠤ ᠡᠷᠡᠭᠥᠯ ᠬᠠᠮᠠᠭ᠋ᠠᠯᠠᠯ ᠲᠦᠯᠥᠪᠯᠡᠭᠡᠲᠦ ᠦᠷᠡᠵᠢᠯᠤ ᠵᠦᠪᠯᠡᠯ᠂ ᠡᠳ᠋᠎ᠤᠨ ᠵᠠᠰᠠᠭ ᠵᠡᠷᠭᠡ 5 ᠰᠠᠯᠠᠭ᠎ᠠ ᠮᠦᠴᠢᠷ ᠬᠠᠮᠲᠤᠷᠠᠨ 《ᠦᠪᠥᠷ ᠮᠣᠩᠭᠤᠯ᠎ᠤᠨ ᠦᠪᠡᠷᠳᠡᠭᠡᠨ ᠵᠠᠰᠠᠬᠤ ᠣᠷᠣᠨ᠎ᠤ ᠬᠤᠰᠢᠭᠤ ᠰᠢᠶᠠᠨ᠎ᠤ ᠱᠠᠲᠤᠨ᠎ᠤ ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶᠠᠨ᠎ᠤ ᠶᠡᠷᠥᠩᠬᠡᠢ᠌ᠯᠡᠭᠰᠡᠨ ᠦᠭᠡᠷᠡᠴᠢᠯᠡᠯᠲᠡ ᠵᠢᠨ ᠲᠤᠷᠰᠢᠯᠲᠠ ᠵᠢᠨ ᠬᠡᠷᠡᠭᠵᠢᠭᠥᠯᠬᠦ ᠰᠠᠨᠠᠯ》᠎ᠢ ᠳᠠᠷᠤᠮᠠᠯᠯᠠᠨ ᠶᠠᠪᠤᠭᠤᠯᠵᠦ᠂ ᠮᠠᠨ᠎ᠤ ᠣᠷᠣᠨ᠎ᠤ ᠬᠤᠰᠢᠭᠤ ᠰᠢᠶᠠᠨ᠎ᠤ ᠱᠠᠲᠤᠨ᠎ᠤ ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶᠠᠨ᠎ᠤ ᠶᠡᠷᠥᠩᠬᠡᠢ᠌ᠯᠡᠭᠰᠡᠨ ᠦᠭᠡᠷᠡᠴᠢᠯᠡᠯᠲᠡ ᠵᠢᠨ ᠬᠠᠷᠠᠯᠲᠠ ᠪᠠ ᠡᠭᠥᠷᠭᠡ ᠵᠢ ᠣᠯᠠᠨ ᠨᠢᠭᠡ ᠠᠯᠬᠤᠮ ᠲᠣᠳᠤᠷᠬᠠᠢ᠌ᠯᠠᠪᠠ᠃ ᠮᠠᠨ᠎ᠤ ᠣᠷᠣᠨ᠎ᠨᠢ ᠤᠯᠤᠰ᠎ᠠᠴᠠ ᠲᠣᠭᠲᠠᠭ᠋ᠠᠭᠰᠠᠨ 15 ᠲᠤᠷᠰᠢᠯᠲᠠ ᠵᠢᠨ ᠬᠤᠰᠢᠭᠤ ᠰᠢᠶᠠᠨ᠎ᠤ ᠰᠠᠭᠤᠷᠢᠨ ᠳᠡᠭᠡᠷ᠎ᠡ ᠪᠠᠰᠠ ᠦᠪᠡᠷᠳᠡᠭᠡᠨ ᠵᠠᠰᠠᠬᠤ ᠣᠷᠣᠨ᠎ᠤ ᠱᠠᠲᠤᠨ᠎ᠤ 25 ᠲᠤᠷᠰᠢᠯᠲᠠ ᠵᠢᠨ ᠴᠢᠭ᠋᠎ᠢ ᠨᠡᠮᠡᠵᠦ᠂ ᠤᠯᠤᠰ ᠪᠣᠯᠣᠨ ᠦᠪᠡᠷᠳᠡᠭᠡᠨ ᠵᠠᠰᠠᠬᠤ ᠣᠷᠣᠨ᠎ᠤ ᠲᠤᠷᠰᠢᠯᠲᠠ ᠵᠢᠨ ᠬᠤᠰᠢᠭᠤ ᠰᠢᠶᠠᠨ᠎ᠤ ᠶᠡᠷᠥᠩᠬᠡᠢ ᠲᠣᠭ᠎ᠠ ᠵᠢ 40᠎ᠳᠤ ᠬᠦᠷᠥᠭᠥᠯᠥᠭᠡᠳ᠂ ᠪᠦᠬᠦ ᠣᠷᠣᠨ᠎ᠤ ᠬᠠᠭ᠋ᠠᠰ᠎ᠠᠴᠠ ᠳᠡᠭᠡᠭᠰᠢᠬᠢ ᠬᠤᠰᠢᠭᠤ ᠰᠢᠶᠠᠨ᠎ᠢ ᠬᠠᠮᠤᠷᠤᠭᠤᠯᠪᠠ᠃
ᠬᠦᠲᠥᠯᠥᠭᠴᠢ᠄ ᠮᠠᠨ᠎ᠤ ᠣᠷᠣᠨ᠎ᠤ ᠬᠤᠰᠢᠭᠤ ᠰᠢᠶᠠᠨ᠎ᠤ ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶᠠᠨ᠎ᠤ ᠦᠭᠡᠷᠡᠴᠢᠯᠡᠯᠲᠡ ᠶᠠᠮᠠᠷ ᠶᠠᠮᠠᠷ ᠰᠢᠨ᠎ᠡ ᠠᠬᠢᠴᠠ᠎ᠲᠠᠢ ᠪᠣᠯᠪᠠ?
ᠬᠤ᠌ ᠸᠸᠨ ᠢ᠄ ᠦᠩᠭᠡᠷᠡᠭᠰᠡᠨ ᠨᠢᠭᠡ ᠵᠢᠯ᠎ᠳᠤ᠂ ᠡᠩ ᠲᠡᠷᠢᠭᠥᠨᠳᠤ ᠳᠡᠭᠡᠳᠦ ᠵᠡᠷᠭᠡᠯᠡᠯ᠎ᠤᠨ ᠵᠢᠷᠤᠭ ᠲᠦᠯᠥᠪᠯᠡᠭᠡ ᠬᠢᠬᠦ ᠵᠢ ᠴᠢᠩᠭ᠋ᠠᠷᠠᠭᠤᠯᠤᠨ᠂ ᠠᠯᠢ ᠣᠯᠠᠨ ᠲᠦᠭᠥᠷ ᠲᠦᠷᠦ ᠵᠢᠨ ᠪᠣᠳᠤᠯᠭ᠎ᠠ᠂ ᠪᠢᠴᠢᠭ ᠮᠠᠲᠸᠷᠢᠶᠠᠯᠤᠳᠢ ᠨᠡᠢ᠌ᠲᠡᠯᠡᠪᠡ᠃ ᠵᠢᠱ᠌ᠢᠶᠡᠯᠡᠪᠡᠯ᠂ ᠡᠮ᠎ᠤᠨ ᠵᠦᠢ᠍ᠯ᠎ᠳᠤ ᠦᠨ᠎ᠡ ᠨᠡᠮᠡᠬᠦ ᠵᠢ ᠦᠭᠡᠢ᠌ᠰᠭᠡᠬᠦ᠂ ᠰᠢᠨᠵᠢᠯᠡᠬᠦ ᠤᠬᠠᠭ᠋ᠠᠨᠴᠢ ᠨᠦᠬᠥᠪᠥᠷᠢᠯᠡᠬᠦ ᠲᠣᠭᠲᠠᠴᠠ ᠪᠠᠢ᠌ᠭᠤᠯᠬᠤ ᠲᠠᠯ᠎ᠠ᠎ᠪᠠᠷ᠂ ᠦᠪᠡᠷᠳᠡᠭᠡᠨ ᠵᠠᠰᠠᠬᠤ ᠣᠷᠣᠨ 《ᠦᠪᠥᠷ ᠮᠣᠩᠭᠤᠯ᠎ᠤᠨ ᠦᠪᠡᠷᠳᠡᠭᠡᠨ ᠵᠠᠰᠠᠬᠤ ᠣᠷᠣᠨ᠎ᠤ ᠬᠤᠰᠢᠭᠤ ᠰᠢᠶᠠᠨ᠎ᠤ ᠱᠠᠲᠤᠨ᠎ᠤ ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶᠠᠨ᠎ᠤ ᠦᠭᠡᠷᠡᠴᠢᠯᠡᠯᠲᠡ ᠵᠢᠨ ᠲᠤᠷᠰᠢᠯᠲᠠ ᠵᠢᠨ ᠡᠮᠴᠢᠯᠡᠭᠡᠨ᠎ᠤ ᠦᠢ᠍ᠯᠡᠴᠢᠯᠡᠭᠡ ᠵᠢᠨ ᠦᠨ᠎ᠡ ᠬᠠᠩᠰᠢ᠎ᠳᠤ ᠲᠣᠬᠢᠷᠠᠭᠤᠯᠤᠯᠲᠠ ᠬᠢᠬᠦ ᠰᠠᠨᠠᠯ》᠂ 《ᠵᠠᠰᠠᠭ᠎ᠤᠨ ᠣᠷᠳᠤᠨ᠎ᠠᠴᠠ ᠡᠷᠡᠭᠥᠯ ᠬᠠᠮᠠᠭ᠋ᠠᠯᠠᠯ᠎ᠳᠤ ᠣᠷᠣᠭᠤᠯᠤᠯᠲᠠ ᠣᠷᠣᠭᠤᠯᠬᠤ ᠲᠦᠷᠦ ᠵᠢᠨ ᠪᠣᠳᠤᠯᠭ᠎ᠠ ᠵᠢ ᠤᠯᠠᠮ ᠨᠢᠭᠡ ᠠᠯᠬᠤᠮ ᠲᠡᠭᠥᠯᠳᠡᠷᠵᠢᠭᠥᠯᠬᠦ ᠲᠤᠬᠠᠢ ᠰᠠᠨᠠᠯ》᠎ᠢ ᠨᠡᠢ᠌ᠲᠡᠯᠡᠪᠡ; ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶᠠᠨ᠎ᠤ ᠡᠮ᠎ᠤᠨ ᠵᠦᠢ᠍ᠯ ᠬᠤᠳᠠᠯᠳᠤᠨ ᠠᠪᠬᠤ ᠲᠣᠭᠲᠠᠴᠠ ᠵᠢᠨ ᠲᠠᠯ᠎ᠠ᠎ᠪᠠᠷ᠂ 《ᠦᠪᠥᠷ ᠮᠣᠩᠭᠤᠯ᠎ᠤᠨ ᠦᠪᠡᠷᠳᠡᠭᠡᠨ ᠵᠠᠰᠠᠬᠤ ᠣᠷᠣᠨ᠎ᠤ ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶᠠᠨ᠎ᠤ ᠪᠠᠢ᠌ᠩᠭᠤ ᠬᠡᠷᠡᠭᠯᠡᠬᠦ ᠬᠢᠮᠳᠠ ᠡᠮ᠎ᠤᠨ ᠵᠦᠢ᠍ᠯ ᠬᠤᠳᠠᠯᠳᠤᠨ ᠠᠪᠬᠤ ᠲᠦᠰᠥᠯ》᠂ 《ᠦᠪᠥᠷ ᠮᠣᠩᠭᠤᠯ᠎ᠤᠨ ᠦᠪᠡᠷᠳᠡᠭᠡᠨ ᠵᠠᠰᠠᠬᠤ ᠣᠷᠣᠨ᠎ᠤ ᠡᠮᠴᠢᠯᠡᠭᠡᠨ᠎ᠤ ᠪᠠᠢ᠌ᠭᠤᠯᠤᠮᠵᠢ ᠵᠢᠨ ᠦᠷᠲᠡᠭ ᠶᠡᠬᠡᠲᠠᠢ ᠵᠠᠷᠤᠴᠠᠭᠤᠯᠬᠤ ᠮᠠᠲᠸᠷᠢᠶᠠᠯ᠎ᠢ ᠢᠯᠡ ᠬᠤᠳᠠᠯᠳᠤᠨ ᠠᠪᠬᠤ ᠬᠠᠮᠢᠶᠠᠷᠤᠯᠲᠠ ᠵᠢᠨ ᠠᠷᠭ᠎ᠠ》᠂ 《ᠡᠮᠨᠡᠯᠭᠡ ᠡᠷᠡᠭᠥᠯ ᠬᠠᠮᠠᠭ᠋ᠠᠯᠠᠯ᠎ᠤᠨ ᠪᠠᠢ᠌ᠭᠤᠯᠤᠮᠵᠢ ᠵᠢᠨ ᠡᠮ᠎ᠤᠨ ᠵᠦᠢ᠍ᠯ ᠲᠣᠬᠢᠷᠠᠭᠤᠯᠤᠨ ᠬᠡᠷᠡᠭᠯᠡᠬᠦ ᠬᠠᠮᠢᠶᠠᠷᠤᠯᠲᠠ ᠵᠢᠨ ᠠᠵᠢᠯ᠎ᠢ ᠵᠢᠷᠤᠮᠵᠢᠭᠤᠯᠬᠤ ᠲᠤᠬᠠᠢ ᠦᠪᠥᠷ ᠮᠣᠩᠭᠤᠯ᠎ᠤᠨ ᠡᠷᠡᠭᠥᠯ ᠬᠠᠮᠠᠭ᠋ᠠᠯᠠᠯ ᠲᠦᠯᠥᠪᠯᠡᠭᠡᠲᠦ ᠦᠷᠡᠵᠢᠯ᠎ᠤᠨ ᠵᠦᠪᠯᠡᠯ᠎ᠤᠨ ᠮᠡᠳᠡᠭᠳᠡᠯ》 ᠵᠡᠷᠭᠡ ᠵᠢ ᠨᠡᠢ᠌ᠲᠡᠯᠡᠪᠡ; ᠣᠳᠣ ᠦᠶ᠎ᠡ ᠵᠢᠨ ᠡᠮᠨᠡᠯᠭᠡ ᠵᠢᠨ ᠬᠣᠷᠢᠶᠠᠨ᠎ᠤ ᠬᠠᠮᠢᠶᠠᠷᠤᠯᠲᠠ ᠵᠢᠨ ᠳᠦᠷᠢᠮ᠎ᠢ ᠪᠠᠢ᠌ᠭᠤᠯᠤᠨ ᠲᠡᠭᠥᠯᠳᠡᠷᠵᠢᠭᠥᠯᠬᠦ ᠲᠠᠯ᠎ᠠ᠎ᠪᠠᠷ᠂ 《ᠪᠦᠬᠦ ᠣᠷᠣᠨ᠎ᠤ ᠬᠤᠰᠢᠭᠤ ᠰᠢᠶᠠᠨ᠎ᠤ ᠱᠠᠲᠤᠨ᠎ᠤ ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶᠠᠨ᠎ᠤ ᠠᠵᠢᠯᠲᠠᠨ᠎ᠤ ᠶᠠᠪᠤᠳᠠᠯ ᠬᠤᠪᠢᠶᠠᠷᠢᠯᠠᠯᠲᠠ ᠵᠢᠨ ᠳᠦᠷᠢᠮ᠎ᠤᠨ ᠦᠭᠡᠷᠡᠴᠢᠯᠡᠯᠲᠡ ᠵᠢ ᠭᠦᠨᠵᠡᠭᠡᠢ᠌ᠷᠡᠭᠥᠯᠬᠦ ᠵᠢᠯᠤᠭᠣᠳᠬᠤ ᠰᠠᠨᠠᠯ》᠎ᠢ ᠨᠡᠢ᠌ᠲᠡᠯᠡᠪᠡ᠃ ᠡᠳᠡᠭᠡᠷ ᠲᠦᠷᠦ ᠵᠢᠨ ᠪᠣᠳᠤᠯᠭ᠎ᠠ ᠵᠢᠨ ᠪᠢᠴᠢᠭ ᠮᠠᠲᠸᠷᠢᠶᠠᠯᠤᠳᠢ ᠨᠡᠢ᠌ᠲᠡᠯᠡᠭᠰᠡᠨ ᠶᠠᠪᠤᠳᠠᠯ᠎ᠨᠢ ᠬᠤᠰᠢᠭᠤ ᠰᠢᠶᠠᠨ᠎ᠤ ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶᠠᠨ᠎ᠤ ᠦᠭᠡᠷᠡᠴᠢᠯᠡᠯᠲᠡ᠎ᠳᠤ ᠲᠦᠷᠦ ᠵᠢᠨ ᠪᠣᠳᠤᠯᠭ᠎ᠠ ᠵᠢᠨ ᠦᠨᠳᠥᠰᠥᠯᠡᠯ ᠬᠠᠩᠭ᠋ᠠᠭᠰᠠᠨ ᠪᠦᠭᠡᠳ ᠦᠭᠡᠷᠡᠴᠢᠯᠡᠯᠲᠡ ᠵᠢᠨ ᠴᠢᠭᠯᠡᠯ᠎ᠢ ᠲᠣᠳᠤᠷᠬᠠᠢ ᠵᠢᠭ᠋ᠠᠵᠦ ᠦᠭᠭᠥᠭᠰᠡᠨ ᠪᠠᠢ᠌ᠨ᠎ᠠ᠃
ᠬᠤ᠌ ᠸᠸᠨ ᠢ᠄ ᠳᠠᠷᠠᠭ᠋ᠠᠯᠠᠪᠠᠯ ᠲᠦᠷᠦ ᠵᠢᠨ ᠪᠣᠳᠤᠯᠭ᠎ᠠ᠂ ᠠᠷᠭ᠎ᠠ ᠬᠡᠮᠵᠢᠶ᠎ᠡ ᠵᠢᠨ ᠨᠠᠢ᠌ᠳᠠᠪᠥᠷᠢᠵᠢᠭᠤᠯᠤᠯᠲᠠ ᠵᠢ ᠴᠢᠩᠭ᠋ᠠᠷᠠᠭᠤᠯᠤᠭᠰᠠᠨ᠎ᠠᠴᠠ ᠦᠭᠡᠷᠡᠴᠢᠯᠡᠯᠲᠡ ᠵᠢᠨ ᠠᠵᠢᠯ ᠢᠳᠡᠪᠬᠢᠲᠠᠢ ᠠᠬᠢᠴᠠ᠎ᠲᠠᠢ ᠪᠣᠯᠪᠠ᠃ ᠣᠳᠣᠬᠠᠨ᠎ᠳᠤ᠂ ᠪᠦᠬᠦ ᠣᠷᠣᠨ᠎ᠤ ᠬᠤᠰᠢᠭᠤ ᠰᠢᠶᠠᠨ᠎ᠤ ᠱᠠᠲᠤᠨ᠎ᠤ 67 ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶ᠎ᠠ ᠰᠢᠨᠵᠢᠯᠡᠬᠦ ᠤᠬᠠᠭ᠋ᠠᠨᠴᠢ᠎ᠪᠠᠷ ᠲᠦᠰᠥᠭᠡᠯᠡᠨ ᠪᠣᠳᠤᠭᠰᠠᠨ ᠰᠠᠭᠤᠷᠢᠨ ᠳᠡᠭᠡᠷ᠎ᠡ᠂ ᠡᠮ᠎ᠤᠨ ᠵᠦᠢ᠍ᠯ᠎ᠳᠤ ᠦᠨ᠎ᠡ ᠨᠡᠮᠡᠬᠦ ᠵᠢ ᠪᠦᠬᠥᠨ ᠵᠶ᠋ᠠᠷ ᠵᠶ᠋ᠠᠨ ᠦᠭᠡᠢ᠌ᠰᠭᠡᠵᠦ᠂ ᠡᠭᠥᠨ᠎ᠠᠴᠠ ᠪᠣᠯᠵᠦ ᠪᠠᠭ᠋ᠠᠰᠤᠭᠰᠠᠨ ᠣᠷᠣᠯᠭ᠎ᠠ ᠵᠢ ᠡᠮᠴᠢᠯᠡᠭᠡᠨ᠎ᠤ ᠮᠡᠷᠭᠡᠵᠢᠯ᠎ᠤᠨ ᠦᠢ᠍ᠯᠡᠴᠢᠯᠡᠭᠡᠨ᠎ᠤ ᠦᠨ᠎ᠡ ᠬᠠᠩᠰᠢ᠎ᠳᠤ ᠲᠤᠬᠢᠷᠠᠭᠤᠯᠤᠯᠲᠠ ᠬᠢᠬᠦ᠂ ᠵᠠᠰᠠᠭ᠎ᠤᠨ ᠣᠷᠳᠤᠨ᠎ᠤ ᠣᠷᠣᠭᠤᠯᠤᠯᠲᠠ ᠵᠢ ᠨᠡᠮᠡᠭᠳᠡᠭᠥᠯᠬᠦ ᠪᠠ ᠡᠮᠨᠡᠯᠭᠡ ᠵᠢᠨ ᠬᠣᠷᠢᠶᠠᠨ᠎ᠤ ᠬᠠᠮᠢᠶᠠᠷᠤᠯᠲᠠ ᠵᠢ ᠴᠢᠩᠭ᠋ᠠᠳᠬᠠᠬᠤ᠂ ᠠᠵᠢᠯᠯᠠᠭ᠋ᠠᠨ᠎ᠤ ᠦᠪᠡᠷ᠎ᠤᠨ ᠦᠷᠲᠡᠭ᠎ᠢ ᠠᠷᠪᠢᠯᠠᠬᠤ ᠵᠡᠷᠭᠡ᠎ᠪᠠᠷ ᠳᠠᠮᠵᠢᠭᠤᠯᠤᠨ ᠣᠯᠠᠨ ᠲᠠᠯ᠎ᠠ ᠵᠢᠨ᠎ᠬᠢᠨ ᠬᠠᠮᠲᠥᠪᠡᠷ ᠡᠭᠥᠷᠭᠡᠯᠡᠬᠦ ᠪᠣᠯᠭ᠋ᠠᠪᠠ; ᠪᠠᠢ᠌ᠩᠭᠤ ᠬᠡᠷᠡᠭᠯᠡᠬᠦ ᠬᠢᠮᠳᠠ ᠡᠮ᠎ᠤᠨ ᠵᠦᠢ᠍ᠯ᠎ᠤᠨ ᠨᠡᠷ᠎ᠡ ᠮᠡᠳᠡᠭᠥᠯᠥᠨ ᠬᠤᠳᠠᠯᠳᠤᠨ ᠠᠪᠬᠤ ᠠᠵᠢᠯ᠎ᠢ ᠡᠬᠢᠯᠡᠭᠥᠯᠵᠦ᠂ ᠦᠢ᠍ᠯᠡᠳᠪᠥᠷᠢᠯᠡᠬᠦ ᠠᠵᠦ ᠠᠬᠤᠢ᠌ᠯᠠᠯ᠂ ᠲᠣᠬᠢᠷᠠᠭᠤᠯᠤᠨ ᠬᠦᠷᠭᠡᠬᠦ ᠠᠵᠦ ᠠᠬᠤᠢ᠌ᠯᠠᠯ᠎ᠳᠤ ᠬᠢᠨᠠᠨ ᠰᠢᠯᠭ᠋ᠠᠯᠲᠠ ᠬᠢᠵᠦ ᠪᠤᠴᠠᠭ᠋ᠠᠵᠦ ᠭᠠᠷᠭ᠋ᠠᠬᠤ ᠲᠣᠭᠲᠠᠴᠠ ᠵᠢ ᠲᠡᠭᠥᠯᠳᠡᠷᠵᠢᠭᠥᠯᠥᠨ᠂ ᠡᠮᠴᠢᠯᠡᠭᠡᠨ᠎ᠤ ᠪᠠᠢ᠌ᠭᠤᠯᠤᠮᠵᠢ᠎ᠨᠤᠭᠤᠳ᠎ᠤᠨ ᠡᠮ᠎ᠤᠨ ᠵᠦᠢ᠍ᠯ᠎ᠢ ᠬᠡᠷᠡᠭᠯᠡᠬᠦ᠎ᠳᠠᠬᠢ ᠬᠢᠨᠠᠯᠲᠠ ᠬᠠᠮᠢᠶᠠᠷᠤᠯᠲᠠ ᠵᠢ ᠴᠢᠩᠭ᠋ᠠᠷᠠᠭᠤᠯᠪᠠ; ᠣᠷᠳᠤᠰ᠎ᠤᠨ ᠵᠠᠭᠥᠨᠭ᠋ᠠᠷ ᠬᠤᠰᠢᠭᠤ᠂ ᠳᠠᠯᠠᠳ ᠬᠤᠰᠢᠭᠤ᠂ ᠦᠤᠰᠢᠨ ᠬᠤᠰᠢᠭᠤ᠂ ᠡᠵᠡᠨᠬᠣᠷᠣᠭᠠ ᠬᠤᠰᠢᠭᠤ ᠪᠣᠯᠣᠨ ᠣᠲᠣᠭ ᠬᠤᠰᠢᠭᠤ᠂ ᠪᠤᠭᠤᠲᠦ ᠬᠣᠲᠠ ᠵᠢᠨ ᠲᠦᠮᠡᠳ ᠪᠠᠷᠠᠭᠤᠨ ᠬᠤᠰᠢᠭᠤ᠂ ᠮᠠᠨᠵᠤᠤᠷ ᠬᠣᠲᠠ ᠵᠡᠷᠭᠡ ᠲᠤᠷᠰᠢᠯᠲᠠ ᠵᠢᠨ ᠴᠢᠭ᠋᠎ᠤᠨ ᠭᠠᠵᠠᠷ ᠣᠷᠣᠨ᠎ᠨᠤᠭᠤᠳ ᠡᠮᠨᠡᠯᠭᠡ ᠵᠢᠨ ᠬᠣᠷᠢᠶᠠᠨ᠎ᠤ ᠳᠠᠷᠤᠭ᠎ᠠ ᠵᠢᠨ ᠲᠤᠰᠢᠶᠠᠯ᠎ᠤᠨ ᠬᠤᠭᠤᠴᠠᠭ᠋ᠠᠨ᠎ᠤ ᠬᠠᠷᠠᠯᠲᠠᠲᠦ ᠬᠠᠮᠢᠶᠠᠷᠤᠯᠲᠠ ᠵᠢᠨ ᠳᠦᠷᠢᠮ᠎ᠢ ᠬᠡᠷᠡᠭᠵᠢᠭᠥᠯᠵᠦ᠂ ᠰᠢᠢ᠍ᠳᠪᠥᠷᠢᠲᠦ ᠪᠣᠳᠤᠯᠭ᠎ᠠ ᠲᠣᠭᠲᠠᠭ᠋ᠠᠬᠤ᠂ ᠬᠡᠷᠡᠭᠵᠢᠭᠥᠯᠬᠦ᠂ ᠬᠢᠨᠠᠯᠲᠠ ᠲᠠᠯᠪᠢᠬᠤ ᠵᠢᠨ ᠬᠠᠷᠢᠯᠴᠠᠨ ᠬᠢᠵᠠᠭ᠋ᠠᠷᠯᠠᠭᠰᠠᠨ ᠠᠵᠢᠯᠯᠠᠭ᠋ᠠᠨ᠎ᠤ ᠬᠠᠮᠢᠶᠠᠷᠤᠯᠲᠠ ᠵᠢᠨ ᠲᠣᠭᠲᠠᠴᠠ ᠵᠢ ᠠᠯᠬᠤᠮ ᠠᠯᠬᠤᠮ ᠵᠶ᠋ᠠᠷ ᠪᠣᠢ ᠪᠣᠯᠭ᠋ᠠᠭᠰᠠᠨ ᠪᠠᠢ᠌ᠨ᠎ᠠ; ᠮᠠᠨᠵᠤᠤᠷ ᠬᠣᠲᠠ᠂ ᠰᠢᠨ᠎ᠡ ᠪᠠᠷᠭᠤ ᠵᠡᠭᠥᠨ ᠬᠤᠰᠢᠭᠤ᠂ ᠵᠠᠯᠠᠨ ᠠᠢ᠌ᠯ ᠬᠣᠲᠠ ᠵᠡᠷᠭᠡ ᠬᠤᠰᠢᠭᠤ ᠰᠢᠶᠠᠨᠨᠦᠭᠦᠳ ᠨᠡᠢ᠌ᠭᠡᠮ ᠲᠣᠭᠣᠷᠢᠭ᠎ᠤᠨ ᠡᠷᠡᠭᠥᠯ ᠬᠠᠮᠠᠭ᠋ᠠᠯᠠᠯ᠎ᠤᠨ ᠦᠢ᠍ᠯᠡᠴᠢᠯᠡᠭᠡᠨ᠎ᠤ ᠪᠠᠢ᠌ᠭᠤᠯᠤᠮᠵᠢ᠂ ᠰᠢᠶᠠᠩ ᠪᠠᠯᠭ᠋ᠠᠰᠦ ᠵᠢᠨ ᠡᠷᠡᠭᠥᠯ ᠬᠠᠮᠠᠭ᠋ᠠᠯᠠᠯ᠎ᠤᠨ ᠬᠣᠷᠢᠶ᠎ᠠ ᠬᠢᠭᠡᠳ ᠬᠤᠰᠢᠭᠤ ᠰᠢᠶᠠᠨ᠎ᠤ ᠡᠮᠨᠡᠯᠭᠡ ᠵᠢᠨ ᠬᠣᠷᠢᠶ᠎ᠠ ᠵᠢᠨ ᠬᠣᠶᠠᠷ ᠲᠠᠯ᠎ᠠ᠎ᠪᠠᠷ ᠵᠶ᠋ᠠᠨ ᠰᠢᠯᠵᠢᠭᠥᠯᠥᠨ ᠣᠨᠣᠰᠢᠯᠠᠬᠤ ᠠᠵᠢᠯ ᠦᠷᠨᠢᠭᠥᠯᠬᠦ ᠶᠠᠪᠤᠳᠠᠯ᠎ᠢ ᠬᠠᠢ᠌ᠨ ᠰᠦᠪᠡᠭᠴᠢᠯᠡᠭᠰᠡᠨ ᠪᠠᠢ᠌ᠨ᠎ᠠ; ᠮᠣᠩᠭᠤᠯ ᠡᠮᠨᠡᠯᠭᠡ ᠬᠢᠲᠠᠳ ᠡᠮᠨᠡᠯᠭᠡ ᠵᠢᠨ ᠪᠠᠢ᠌ᠭᠤᠯᠤᠮᠵᠢ᠎ᠳᠤ ᠡᠮᠨᠡᠭᠥᠯᠥᠭᠰᠡᠨᠤ ᠳᠠᠩᠰᠠ ᠲᠠᠢ᠌ᠯᠬᠤ ᠬᠠᠷᠢᠴᠠᠯ᠎ᠢ 10%~20%᠎ᠪᠠᠷ ᠳᠡᠭᠡᠭᠰᠢᠯᠡᠭᠥᠯᠵᠦ᠂ ᠳᠠᠩᠰᠠ ᠲᠠᠢ᠌ᠯᠬᠤ ᠵᠢᠨ ᠡᠬᠢᠯᠡᠵᠦ ᠵᠠᠷᠤᠴᠠᠭᠤᠯᠬᠤ ᠱᠤᠭᠤᠮ᠎ᠢ 20%~50%᠎ᠪᠠᠷ ᠪᠠᠭᠤᠷᠠᠭᠤᠯᠪᠠ; ᠮᠣᠩᠭᠤᠯ ᠡᠮᠨᠡᠯᠭᠡ ᠬᠢᠲᠠᠳ ᠡᠮᠨᠡᠯᠭᠡ ᠵᠢᠨ ᠤᠯᠠᠮᠵᠢᠯᠠᠯᠲᠦ ᠵᠠᠰᠠᠬᠤ ᠠᠷᠭ᠎ᠠ ᠵᠢ ᠡᠮᠨᠡᠯᠭᠡ᠎ᠳᠤ ᠰᠠᠭᠤᠭᠰᠠᠨ᠎ᠤ ᠳᠠᠩᠰᠠ ᠲᠠᠢ᠌ᠯᠬᠤ ᠬᠡᠪᠴᠢᠶᠡᠨ᠎ᠳᠤ ᠣᠷᠣᠭᠤᠯᠤᠨ᠎ᠠ; ᠮᠣᠩᠭᠤᠯ ᠡᠮᠨᠡᠯᠭᠡ ᠵᠢᠨ ᠡᠮᠴᠢᠯᠡᠭᠡᠨ᠎ᠤ ᠦᠢ᠍ᠯᠡᠴᠢᠯᠡᠭᠡ ᠵᠢᠨ 387 ᠲᠦᠷᠥᠯ ᠵᠦᠢ᠍ᠯ᠎ᠤᠨ ᠦᠨ᠎ᠡ ᠬᠠᠩᠰᠢ ᠵᠢ ᠵᠣᠬᠢᠶᠠᠨ ᠪᠠᠢ᠌ᠭᠤᠯᠤᠨ ᠲᠣᠬᠢᠷᠠᠭᠤᠯᠵᠦ᠂ ᠰᠢᠨ᠎ᠡ ᠦᠨ᠎ᠡ ᠬᠠᠩᠰᠢ ᠵᠢᠨ ᠪᠠᠷᠢᠮᠵᠢᠶ᠎ᠠ ᠵᠢ 2014 ᠣᠨ᠎ᠤ 8 ᠳ᠋ᠤᠭ᠋ᠠᠷ ᠰᠠᠷ᠎ᠠ ᠵᠢᠨ 1᠎ᠤ ᠡᠳᠥᠷ᠎ᠠᠴᠠ ᠨᠢᠭᠡᠨᠲᠡ ᠵᠢᠩᠬᠢᠨᠢ᠎ᠪᠠᠷ ᠡᠬᠢᠯᠡᠵᠦ ᠬᠡᠷᠡᠭᠵᠢᠭᠥᠯᠪᠡ᠃
ᠬᠦᠲᠥᠯᠥᠭᠴᠢ᠄ ᠦᠭᠡᠷᠡᠴᠢᠯᠡᠯᠲᠡ ᠵᠢᠨ ᠣᠯᠣᠭᠰᠠᠨ ᠭᠣᠣᠯ ᠪᠣᠯᠬᠤ ᠠᠮᠵᠢᠯᠲᠠ ᠵᠢ ᠲᠠ ᠪᠢᠳᠡᠨ᠎ᠳᠤ ᠲᠣᠭ᠋ᠠᠴᠢᠵᠦ ᠦᠭᠭᠥᠨ᠎ᠡ ᠤᠤ?
ᠬᠤ᠌ ᠸᠸᠨ ᠢ᠄ ᠦᠭᠡᠷᠡᠴᠢᠯᠡᠯᠲᠡ ᠦᠨᠡᠬᠡᠷ ᠵᠣᠬᠢᠬᠤ ᠠᠮᠵᠢᠯᠲᠠ ᠣᠯᠪᠠ᠃ ᠵᠢᠱ᠌ᠢᠶᠡᠯᠡᠪᠡᠯ᠂ 2014 ᠣᠨ᠎ᠤ 12 ᠳ᠋ᠤᠭ᠋ᠠᠷ ᠰᠠᠷ᠎ᠠ ᠪᠣᠯᠲᠠᠯ᠎ᠠ᠂ ᠪᠦᠬᠦ ᠣᠷᠣᠨ᠎ᠤ ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶᠠᠨ᠎ᠳᠤ ᠣᠨᠣᠰᠢᠯᠠᠭᠤᠯᠤᠨ ᠡᠮᠨᠡᠭᠥᠯᠥᠭᠰᠡᠨ ᠬᠦᠮᠥᠨ ᠤᠳᠠᠭ᠎ᠠ ᠪᠠᠷᠤᠭ 3500 ᠲᠦᠮᠡᠨ ᠬᠦᠮᠥᠨ᠂ ᠡᠮᠨᠡᠯᠭᠡ᠎ᠳᠤ ᠣᠷᠣᠭᠰᠠᠨ ᠬᠦᠮᠥᠨ ᠤᠳᠠᠭ᠎ᠠ᠎ᠨᠢ 205 ᠲᠦᠮᠡᠨ ᠬᠦᠮᠥᠨ ᠪᠠᠢ᠌ᠵᠦ᠂ ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶᠠᠨ᠎ᠤ ᠶᠡᠬᠡ ᠡᠮᠴᠢ ᠨᠠᠷ ᠡᠳᠥᠷ᠎ᠲᠤ ᠳᠤᠮᠳᠠᠴᠢ᠎ᠪᠠᠷ 5.6 ᠬᠦᠮᠥᠨ ᠤᠳᠠᠭ᠎ᠠ ᠪᠠ ᠡᠳᠥᠷ᠎ᠲᠤ 2.4 ᠣᠷᠣ ᠡᠮᠨᠡᠯᠭᠡ᠎ᠳᠤ ᠰᠠᠭᠤᠯᠭ᠋ᠠᠨ ᠣᠨᠣᠰᠢᠯᠠᠨ ᠡᠮᠨᠡᠵᠦ ᠪᠠᠢ᠌ᠬᠤ ᠪᠦᠭᠡᠳ ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶᠠᠨ᠎ᠤ ᠡᠪᠡᠳᠴᠢᠲᠡᠨ᠎ᠤ ᠣᠷᠣ ᠵᠢᠨ ᠬᠡᠷᠡᠭᠯᠡᠯᠲᠡ ᠵᠢᠨ ᠨᠣᠷᠮ᠎ᠠ 76% ᠣᠷᠴᠢᠮ ᠪᠠᠢ᠌ᠵᠦ᠂ ᠴᠦᠮ ᠦᠩᠭᠡᠷᠡᠭᠰᠡᠨᠤᠬᠢᠠᠴᠠ ᠢᠯᠡᠷᠬᠡᠢ ᠳᠡᠭᠡᠭᠰᠢᠯᠡᠭᠰᠡᠨ ᠪᠠᠢ᠌ᠨ᠎ᠠ᠃ ᠡᠮᠨᠡᠯᠭᠡ ᠵᠢᠨ ᠬᠣᠷᠢᠶᠠᠨ᠎ᠤ ᠡᠭᠥᠳᠡᠨ ᠡᠮᠨᠡᠯᠭᠡ ᠵᠢᠨ ᠡᠮ᠎ᠤᠨ ᠵᠠᠷᠤᠳᠠᠯ 42%᠎ᠢ ᠡᠵᠡᠯᠡᠵᠦ᠂ ᠳᠡᠭᠡᠷ᠎ᠡ ᠵᠢᠯ᠎ᠤᠨ᠎ᠬᠢ᠎ᠠᠴᠠ ᠵᠠᠭᠤᠨ᠎ᠤ ᠴᠢᠭ᠋᠎ᠤᠨ 0.5᠎ᠪᠠᠷ ᠪᠠᠭᠤᠷᠠᠪᠠ; ᠡᠮᠨᠡᠯᠭᠡ ᠵᠢᠨ ᠬᠣᠷᠢᠶᠠᠨ᠎ᠳᠤ ᠰᠠᠭᠤᠭᠰᠠᠨ᠎ᠤ ᠡᠮ᠎ᠤᠨ ᠵᠠᠷᠤᠳᠠᠯ 43% ᠵᠢ ᠡᠵᠡᠯᠡᠵᠦ᠂ ᠳᠡᠭᠡᠷ᠎ᠡ ᠵᠢᠯ᠎ᠤᠨ᠎ᠬᠢ᠎ᠠᠴᠠ ᠵᠠᠭᠤᠨ᠎ᠤ ᠴᠢᠭ᠋᠎ᠤᠨ 0.6᠎ᠪᠠᠷ ᠪᠠᠭᠤᠷᠠᠪᠠ᠃ ᠦᠨᠳᠥᠰᠥᠨ ᠱᠠᠲᠤᠨ᠎ᠤ ᠣᠯᠠᠨ ᠲᠦᠮᠡᠨ᠎ᠤ ᠬᠦᠷᠲᠡᠵᠦ ᠪᠦᠬᠥᠢ ᠦᠭᠡᠷᠡᠴᠢᠯᠡᠯᠲᠡ ᠵᠢᠨ ᠠᠰᠢᠭ ᠲᠤᠰᠠ᠎ᠨᠢ ᠬᠠᠰᠢ ᠯᠠ ᠡᠬᠢᠯᠡᠯᠲᠡ᠎ᠳᠡᠭᠡᠨ ᠪᠠᠢ᠌ᠭ᠎ᠠ ᠪᠦᠭᠡᠳ ᠰᠢᠶᠠᠨ᠎ᠤ ᠱᠠᠲᠤᠨ᠎ᠤ ᠠᠯᠪᠠᠨ᠎ᠠᠴᠠ ᠪᠠᠢ᠌ᠭᠤᠯᠤᠭᠰᠠ ᠡᠮᠨᠡᠯᠭᠡ ᠵᠢᠨ ᠬᠣᠷᠢᠶᠠᠨ᠎ᠤ ᠶᠡᠷᠥᠩᠬᠡᠢ᠌ᠯᠡᠭᠰᠡᠨ ᠦᠭᠡᠷᠡᠴᠢᠯᠡᠯᠲᠡ ᠵᠢᠨ ᠭᠦᠨᠵᠡᠭᠡᠢ᠌ᠷᠡᠬᠦ ᠵᠢ ᠳᠠᠭ᠋ᠠᠯᠳᠤᠭᠤᠯᠤᠨ᠂ ᠦᠭᠡᠷᠡᠴᠢᠯᠡᠯᠲᠡ ᠵᠢᠨ ᠠᠰᠢᠭ ᠲᠤᠰᠠ ᠵᠢ ᠤᠯᠠᠮ ᠨᠢᠭᠡ ᠠᠯᠬᠤᠮ ᠲᠠᠯᠪᠢᠵᠦ ᠭᠠᠷᠭ᠋ᠠᠬᠤ ᠲᠤᠯᠠ᠂ ᠠᠷᠠᠳ ᠣᠯᠠᠨ ᠨᠡᠩ ᠢᠯᠡᠭᠥᠦ ᠪᠤᠳᠠᠲᠦ ᠠᠰᠢᠭ ᠣᠯᠬᠤ ᠶᠤᠮ᠃
ᠬᠦᠲᠥᠯᠥᠭᠴᠢ᠄ ᠲᠡᠭᠡᠪᠡᠯ᠂ ᠦᠪᠡᠷᠳᠡᠭᠡᠨ ᠵᠠᠰᠠᠬᠤ ᠣᠷᠣᠨ᠎ᠤ ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶᠠᠨ᠎ᠤ ᠦᠭᠡᠷᠡᠴᠢᠯᠡᠯᠲᠡ ᠵᠢᠨ ᠠᠬᠢᠴᠠ᠎ᠳᠤ ᠭᠣᠣᠯᠳᠠᠭᠤ ᠶᠠᠮᠠᠷ ᠬᠦᠴᠢᠷᠳᠡᠯ ᠲᠤᠯᠭ᠋ᠠᠷᠠᠭᠰᠠᠨ ᠪᠣᠢ?
ᠬᠤ᠌ ᠸᠸᠨ ᠢ᠄ ᠣᠳᠣᠬᠠᠨ᠎ᠳᠤ ᠡᠮ ᠡᠮᠨᠡᠯᠭᠡ ᠡᠷᠡᠭᠥᠯ ᠬᠠᠮᠠᠭ᠋ᠠᠯᠠᠯ᠎ᠤᠨ ᠪᠠᠢ᠌ᠭᠤᠯᠤᠯ᠎ᠤᠨ ᠦᠭᠡᠷᠡᠴᠢᠯᠡᠯᠲᠡ ᠪᠡᠷᠬᠡ ᠵᠢ ᠲᠤᠭᠤᠯᠬᠤ᠂ ᠬᠦᠴᠢᠷ ᠠᠰᠠᠭᠤᠳᠠᠯ᠎ᠢ ᠰᠢᠢ᠍ᠳᠪᠥᠷᠢᠯᠡᠬᠦ ᠬᠤᠭᠤᠴᠠᠭ᠋ᠠᠨ᠎ᠳᠤ ᠣᠷᠣᠯ᠎ᠠ ᠭᠡᠵᠦ ᠬᠡᠯᠡᠵᠦ ᠪᠣᠯᠤᠨ᠎ᠠ᠂ ᠬᠦᠴᠢᠷ ᠬᠠᠰᠢᠯᠠ ᠲᠣᠩ ᠠᠷᠪᠢᠨ ᠪᠠᠢ᠌ᠨ᠎ᠠ᠂ ᠬᠡᠳᠥᠢ᠌ᠪᠡᠷ ᠮᠠᠨ᠎ᠤ ᠣᠷᠣᠨ᠎ᠤ ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶᠠᠨ᠎ᠤ ᠦᠭᠡᠷᠡᠴᠢᠯᠡᠯᠲᠡ ᠵᠣᠬᠢᠬᠤ ᠠᠬᠢᠴᠠ᠎ᠲᠠᠢ ᠪᠣᠯᠣᠭᠰᠠᠨ ᠪᠣᠯᠪᠠᠴᠦ ᠦᠭᠡᠷᠡᠴᠢᠯᠡᠯᠲᠡ ᠵᠢᠨ ᠬᠠᠷᠠᠯᠲᠠ ᠵᠢᠨ ᠱᠠᠭ᠋ᠠᠷᠳᠠᠯᠭ᠎ᠠ ᠵᠢᠴᠢ ᠲᠡᠷᠢᠭᠥᠨᠤ ᠭᠠᠵᠠᠷ ᠣᠷᠣᠨ᠎ᠲᠠᠢ ᠬᠠᠷᠢᠴᠠᠭᠤᠯᠪᠠᠯ᠂ ᠪᠠᠰᠠ ᠵᠣᠬᠢᠬᠤ ᠵᠦᠷᠢᠶ᠎ᠡ᠎ᠲᠠᠢ ᠪᠠᠢ᠌ᠭ᠎ᠠ ᠪᠦᠭᠡᠳ ᠬᠤᠰᠢᠭᠤ ᠰᠢᠶᠠᠨ᠎ᠤ ᠱᠠᠲᠤᠨ᠎ᠤ ᠠᠯᠪᠠᠨ᠎ᠠᠴᠠ ᠪᠠᠢ᠌ᠭᠤᠯᠤᠭᠰᠠᠨ ᠡᠮᠨᠡᠭᠡ ᠵᠢᠨ ᠬᠣᠷᠢᠶᠠᠨ᠎ᠤ ᠶᠡᠷᠥᠩᠬᠡᠢ᠌ᠯᠡᠭᠰᠡᠨ ᠦᠭᠡᠷᠡᠴᠢᠯᠡᠯᠲᠡ ᠵᠢᠨ ᠲᠦᠷᠦ ᠵᠢᠨ ᠪᠣᠳᠤᠯᠭ᠎ᠠ ᠵᠢᠨ ᠰᠢᠰᠲᠸᠮᠲᠦ ᠴᠢᠨᠠᠷ᠂ ᠪᠦᠬᠥᠯᠢ ᠴᠣᠭᠴᠠᠲᠦ ᠴᠢᠨᠠᠷ᠂ ᠬᠠᠮᠲᠤᠷᠠᠯ᠎ᠲᠦ ᠴᠢᠨᠠᠷ᠎ᠢ ᠴᠢᠩᠭ᠋ᠠᠳᠬᠠᠬᠤ ᠬᠡᠷᠡᠭᠲᠡᠢ ᠪᠠᠢ᠌ᠨ᠎ᠠ᠃ ᠦᠭᠡᠷᠡᠴᠢᠯᠡᠯᠲᠡ ᠵᠢᠨ ᠪᠠᠢ᠌ᠳᠠᠯ᠎ᠠᠴᠠ ᠠᠪᠴᠦ ᠦᠵᠡᠪᠡᠯ᠂ ᠮᠠᠨ᠎ᠤ ᠣᠷᠣᠨ ᠮᠦᠨᠬᠦ ᠠᠩᠬᠠᠨ᠎ᠤ ᠱᠠᠲᠦ ᠦᠶ᠎ᠡ᠎ᠳᠡᠭᠡᠨ ᠣᠷᠣᠰᠢᠵᠦ ᠪᠠᠢ᠌ᠭ᠎ᠠ ᠪᠦᠭᠡᠳ ᠮᠠᠰᠢ ᠣᠯᠠᠨ ᠠᠵᠢᠯ᠎ᠢ ᠦᠷᠭᠥᠯᠵᠢᠯᠡᠨ ᠲᠦᠯᠬᠢᠨ ᠠᠬᠢᠭᠤᠯᠬᠤ ᠬᠡᠷᠡᠭᠲᠡᠢ ᠪᠠᠢ᠌ᠨ᠎ᠠ᠃ ᠵᠢᠱ᠌ᠢᠶᠡᠯᠡᠪᠡᠯ᠂ ᠦᠨ᠎ᠡ ᠬᠠᠩᠰᠢ ᠵᠢᠨ ᠲᠣᠬᠢᠷᠠᠭᠤᠯᠤᠯᠲᠠ ᠵᠢᠨ ᠲᠠᠯ᠎ᠠ᠎ᠪᠠᠷ᠂ ᠡᠳ᠋᠎ᠤᠨ ᠵᠠᠰᠠᠭ᠎ᠤᠨ ᠲᠤᠰᠠᠯᠠᠮᠵᠢ ᠵᠢᠨ ᠲᠠᠯ᠎ᠠ᠎ᠪᠠᠷ᠂ ᠡᠮᠨᠡᠯᠭᠡ ᠵᠢᠨ ᠳᠠᠭ᠋ᠠᠳᠬᠠᠯ᠎ᠤᠨ ᠳᠠᠩᠰᠠ ᠲᠠᠢ᠌ᠯᠬᠤ ᠲᠠᠯ᠎ᠠ᠎ᠪᠠᠷ ᠬᠠᠮᠢᠶ᠎ᠠ ᠪᠦᠬᠥᠢ ᠲᠦᠭᠥᠷ ᠲᠦᠷᠦ ᠵᠢᠨ ᠪᠣᠳᠤᠯᠭ᠎ᠠ ᠵᠢ ᠲᠦᠷᠭᠡᠬᠡᠨ ᠨᠡᠢ᠌ᠲᠡᠯᠡᠵᠦ᠂ ᠲᠡᠭᠥᠯᠳᠡᠷᠵᠢᠭᠥᠯᠬᠦ ᠵᠢᠨ ᠬᠠᠮᠲᠦ ᠨᠠᠢ᠌ᠳᠠᠪᠥᠷᠢᠵᠢᠭᠤᠯᠬᠤ ᠴᠢᠬᠤᠯᠠᠲᠠᠢ ᠪᠠᠢ᠌ᠭ᠎ᠠ᠎ᠨᠢ ᠮᠠᠨ᠎ᠤ ᠣᠢ᠌ᠷ᠎ᠠ ᠵᠢᠨ ᠬᠤᠭᠤᠴᠠᠭ᠋ᠠᠨ᠎ᠤ ᠦᠭᠡᠷᠡᠴᠢᠯᠡᠯᠲᠡ ᠵᠢ ᠲᠦᠯᠬᠢᠨ ᠠᠬᠢᠭᠤᠯᠬᠤ ᠵᠢᠨ ᠭᠣᠣᠯᠳᠠᠯᠭ᠎ᠠ ᠪᠣᠯᠵᠦ ᠪᠠᠢ᠌ᠭ᠎ᠠ ᠲᠤᠯᠠ᠂ ᠦᠨ᠎ᠡ ᠬᠠᠩᠰᠢ ᠵᠢᠨ ᠲᠣᠬᠢᠷᠠᠭᠤᠯᠤᠯᠲᠠ ᠵᠢ ᠣᠷᠣᠨ ᠪᠠᠢ᠌ᠷᠢ᠎ᠳᠤ᠎ᠨᠢ ᠬᠦᠷᠥᠭᠥᠯᠬᠦ᠂ ᠡᠳ᠋᠎ᠤᠨ ᠵᠠᠰᠠᠭ᠎ᠤᠨ ᠲᠤᠰᠠᠯᠠᠮᠵᠢ ᠵᠢ ᠣᠷᠣᠨ ᠪᠠᠢ᠌ᠷᠢ᠎ᠳᠤ᠎ᠨᠢ ᠬᠦᠷᠥᠭᠥᠯᠬᠦ᠂ ᠡᠮᠨᠡᠯᠭᠡ ᠵᠢᠨ ᠳᠠᠭ᠋ᠠᠳᠬᠠᠯ᠎ᠤᠨ ᠳᠠᠩᠰᠠ ᠲᠠᠢ᠌ᠯᠬᠤ ᠵᠢ ᠣᠷᠣᠨ ᠪᠠᠢ᠌ᠷᠢ᠎ᠳᠤ᠎ᠨᠢ ᠬᠦᠷᠥᠭᠥᠯᠬᠦ 《ᠭᠤᠷᠪᠠ ᠵᠢ ᠣᠷᠣᠨ ᠪᠠᠢ᠌ᠷᠢ᠎ᠳᠤ᠎ᠨᠢ ᠬᠦᠷᠥᠭᠥᠯᠬᠦ》 ᠵᠢ ᠴᠢᠷᠮᠠᠢ᠌ᠵᠦ ᠪᠠᠢ᠌ᠭ᠋ᠠᠳ ᠲᠦᠷᠭᠡᠬᠡᠨ ᠭᠦᠢ᠍ᠴᠡᠳᠭᠡᠬᠦ ᠬᠡᠷᠡᠭᠲᠡᠢ ᠪᠠᠢ᠌ᠨ᠎ᠠ᠃
ᠬᠦᠲᠥᠯᠥᠭᠴᠢ᠄ ᠡᠨᠡᠬᠦ 《ᠭᠤᠷᠪᠠ ᠵᠢ ᠣᠷᠣᠨ ᠪᠠᠢ᠌ᠷᠢ᠎ᠳᠤ᠎ᠨᠢ ᠬᠦᠷᠥᠭᠥᠯᠬᠦ》 ᠵᠢ ᠬᠡᠷᠬᠢᠨ ᠲᠠᠢ᠌ᠯᠪᠥᠷᠢᠯᠠᠬᠤ ᠪᠣᠢ᠂ ᠲᠠ ᠮᠠᠨᠳᠤ ᠶᠠᠷᠢᠭ᠋ᠠᠳ ᠦᠭᠭᠥᠨ᠎ᠡ ᠤᠤ?
ᠬᠤ᠌ ᠸᠸᠨ ᠢ᠄ 《ᠦᠨ᠎ᠡ ᠬᠠᠩᠰᠢ ᠵᠢᠨ ᠲᠣᠬᠢᠷᠠᠭᠤᠯᠤᠯᠲᠠ ᠵᠢ ᠣᠷᠣᠨ ᠪᠠᠢ᠌ᠷᠢ᠎ᠳᠤ᠎ᠨᠢ ᠬᠦᠷᠥᠭᠥᠯᠬᠦ》 ᠭᠡᠰᠡᠨ᠎ᠨᠢ ᠪᠣᠯ 《ᠶᠡᠷᠥᠩᠬᠡᠢ ᠬᠡᠮᠵᠢᠶ᠎ᠡ ᠵᠢ ᠡᠵᠡᠮᠳᠡᠬᠦ᠂ ᠪᠦᠲᠥᠴᠡ ᠵᠢ ᠲᠣᠬᠢᠷᠠᠭᠤᠯᠬᠤ᠂ ᠦᠰᠥᠯᠲᠡ᠎ᠲᠠᠢ ᠪᠠᠭᠤᠷᠠᠯᠲᠠ᠎ᠲᠠᠢ ᠪᠠᠢ᠌ᠯᠭ᠋ᠠᠵᠦ᠂ ᠠᠯᠬᠤᠮ ᠠᠯᠬᠤᠮ ᠵᠶ᠋ᠠᠷ ᠣᠷᠣᠨ ᠪᠠᠢ᠌ᠷᠢ᠎ᠳᠤ᠎ᠨᠢ ᠬᠦᠷᠥᠭᠥᠯᠬᠦ》 ᠵᠠᠷᠴᠢᠮ᠎ᠤᠨ ᠶᠣᠰᠤᠭ᠋ᠠᠷ᠂ ᠡᠮ᠎ᠤᠨ ᠦᠨᠡᠳᠤ ᠨᠡᠮᠡᠬᠦ ᠬᠡᠰᠡᠭ᠎ᠢ ᠦᠭᠡᠢ᠌ᠰᠭᠡᠨ᠂ ᠲᠣᠮᠦ ᠬᠡᠯᠪᠡᠷᠢ ᠵᠢᠨ ᠲᠦᠬᠥᠭᠡᠷᠥᠮᠵᠢᠪᠠᠷ ᠪᠠᠢ᠌ᠴᠠᠭ᠋ᠠᠵᠦ ᠵᠠᠰᠠᠬᠤ ᠪᠠ ᠰᠢᠯᠭ᠋ᠠᠨ ᠪᠠᠢ᠌ᠴᠠᠭ᠋ᠠᠬᠤ ᠦᠨ᠎ᠡ ᠬᠠᠩᠰᠢ ᠵᠢ ᠪᠠᠭᠤᠷᠠᠭᠤᠯᠵᠦ᠂ ᠣᠨᠣᠰᠢᠯᠠᠨ ᠡᠮᠨᠡᠬᠦ᠂ ᠮᠡᠰᠡ ᠵᠠᠰᠠᠯ ᠬᠢᠬᠦ᠂ ᠰᠤᠪᠢᠯᠠᠬᠤ᠂ ᠣᠷᠣ ᠪᠣᠯᠣᠨ ᠮᠣᠩᠭᠤᠯ ᠬᠢᠲᠠᠳ ᠡᠮ ᠡᠮᠨᠡᠯᠭᠡ ᠵᠢᠨ ᠦᠢ᠍ᠯᠡᠴᠢᠯᠡᠭᠡᠨ᠎ᠤ ᠦᠨ᠎ᠡ ᠬᠠᠩᠰᠢ ᠵᠢ ᠵᠦᠢ ᠵᠣᠬᠢᠰᠲᠠᠢ ᠳᠡᠭᠡᠭᠰᠢᠯᠡᠭᠥᠯᠬᠦ ᠵᠡᠷᠭᠡ ᠠᠷᠭ᠎ᠠ ᠬᠡᠮᠵᠢᠶ᠎ᠡ᠎ᠪᠠᠷ ᠳᠠᠮᠵᠢᠭᠤᠯᠤᠨ᠂ ᠡᠮᠴᠢᠯᠡᠭᠡ ᠵᠢᠨ ᠦᠢ᠍ᠯᠡᠴᠢᠯᠡᠭᠡᠨ᠎ᠤ ᠦᠨ᠎ᠡ ᠬᠠᠩᠰᠢ ᠵᠢ ᠲᠣᠬᠢᠷᠠᠭᠤᠯᠬᠤ ᠵᠢᠨ ᠬᠠᠮᠲᠦ ᠠᠯᠬᠤᠮ ᠠᠯᠬᠤᠮ ᠵᠶ᠋ᠠᠷ ᠰᠢᠯᠤᠭᠤᠳᠬᠠᠬᠤ ᠶᠠᠪᠤᠳᠠᠯ ᠪᠣᠯᠤᠨ᠎ᠠ᠃ ᠣᠳᠣᠬᠠᠨ᠎ᠳᠤ᠂ ᠮᠠᠨ᠎ᠤ ᠣᠷᠣᠨ᠎ᠤ ᠡᠮᠴᠢ ᠵᠢᠨ ᠬᠠᠩᠭ᠋ᠠᠵᠦ ᠪᠦᠬᠥᠢ ᠦᠢ᠍ᠯᠡᠴᠢᠯᠡᠭᠡᠨ᠎ᠤ ᠦᠨ᠎ᠡ ᠬᠠᠩᠰᠢ ᠢᠯᠡᠷᠬᠡᠢ ᠳᠣᠣᠷ᠎ᠠ ᠪᠠᠢ᠌ᠵᠦ᠂ ᠦᠢ᠍ᠯᠡᠴᠢᠯᠡᠭᠡᠨ᠎ᠤ ᠦᠨ᠎ᠡ ᠬᠠᠩᠰᠢ ᠵᠢ᠎ᠨᠢ ᠲᠣᠬᠢᠷᠠᠭᠤᠯᠬᠤ ᠶᠠᠪᠤᠳᠠᠯ ᠭᠡᠳ ᠰᠠᠶᠢ ᠡᠬᠢᠯᠡᠵᠦ᠂ ᠲᠣᠭᠲᠠᠭ᠋ᠠᠭᠰᠠᠨ ᠦᠨ᠎ᠡ ᠬᠠᠩᠰᠢ ᠲᠣᠬᠢᠷᠠᠭᠤᠯᠬᠤ ᠬᠡᠮᠵᠢᠶ᠎ᠡ ᠶᠣᠰᠤᠭ᠋ᠠᠷ ᠪᠣᠯ ᠵᠠᠷᠢᠮ ᠭᠠᠵᠠᠷ᠎ᠤᠳ᠎ᠤᠨ ᠨᠦᠬᠥᠪᠥᠷᠢᠯᠡᠬᠦᠨᠢ ᠪᠠᠰᠠ ᠬᠦᠷᠥᠯᠴᠡᠬᠦ ᠦᠭᠡᠢ ᠪᠠᠢ᠌ᠨ᠎ᠠ᠃ ᠪᠢᠳᠡ ᠶᠠᠭ ᠤᠯᠠᠮ ᠨᠢᠭᠡ ᠠᠯᠬᠤᠮ ᠪᠠᠢ᠌ᠴᠠᠭ᠋ᠠᠨ ᠰᠤᠳᠤᠯᠵᠦ᠂ ᠲᠣᠬᠢᠷᠠᠭᠤᠯᠬᠤ ᠰᠠᠨᠠᠯ᠎ᠢ ᠤᠯᠠᠮ ᠨᠢᠭᠡ ᠠᠯᠬᠤᠮ ᠲᠡᠭᠥᠯᠳᠡᠷᠵᠢᠭᠥᠯᠬᠦ ᠶᠠᠪᠤᠳᠠᠯ᠎ᠢ ᠴᠢᠷᠮᠠᠢ᠌ᠨ ᠲᠦᠯᠬᠢᠨ ᠠᠬᠢᠭᠤᠯᠵᠦ᠂ ᠦᠨ᠎ᠡ ᠬᠠᠩᠰᠢ ᠬᠢᠨᠠᠨ ᠵᠦᠪᠰᠢᠶᠡᠷᠡᠬᠦ᠂ ᠲᠣᠬᠢᠷᠠᠭᠤᠯᠬᠤ ᠡᠷᠬᠡ ᠮᠡᠳᠡᠯ᠎ᠢ ᠠᠢ᠌ᠮᠠᠭ ᠬᠣᠲᠠ ᠪᠣᠯᠣᠨ ᠬᠤᠰᠢᠭᠤ ᠰᠢᠶᠠᠨ᠎ᠳᠤ ᠪᠠᠭᠤᠯᠭ᠋ᠠᠵᠦ᠂ ᠰᠢᠨᠵᠢᠯᠡᠬᠦ ᠤᠬᠠᠭ᠋ᠠᠨᠴᠢ᠎ᠪᠠᠷ ᠲᠦᠰᠥᠭᠡᠯᠡᠨ ᠪᠣᠳᠣᠵᠦ᠂ ᠵᠦᠢ ᠵᠣᠬᠢᠰᠲᠠᠢ ᠲᠣᠬᠢᠷᠠᠭᠤᠯᠤᠨ᠂ ᠲᠣᠬᠢᠷᠠᠭᠤᠯᠤᠭᠰᠠᠨ᠎ᠤ ᠳᠠᠷᠠᠭ᠋ᠠᠬᠢ ᠡᠮᠴᠢᠯᠡᠭᠡ ᠵᠢᠨ ᠦᠢ᠍ᠯᠡᠴᠢᠯᠡᠭᠡᠨ᠎ᠤ ᠦᠨ᠎ᠡ ᠬᠠᠩᠰᠢ ᠵᠢ ᠡᠮᠴᠢᠯᠡᠭᠡᠨ᠎ᠤ ᠠᠵᠢᠯᠲᠠᠳ᠎ᠤᠨ ᠮᠡᠷᠭᠡᠵᠢᠯ᠎ᠤᠨ ᠬᠦᠳᠡᠯᠮᠥᠷᠢ ᠦᠢ᠍ᠯᠡᠴᠢᠯᠡᠭᠡᠨ᠎ᠤ ᠦᠷᠲᠡᠭ᠎ᠢ ᠬᠠᠷᠠᠭᠤᠯᠬᠤ ᠪᠣᠯᠭ᠋ᠠᠨ᠂ ᠡᠮᠴᠢ ᠨᠠᠷ᠎ᠢ ᠨᠡᠷ᠎ᠡ ᠬᠦᠨᠳᠦ᠎ᠲᠠᠢ ᠠᠵᠢᠯᠯᠠᠭᠤᠯᠬᠤ ᠪᠣᠯᠤᠨ᠎ᠠ᠃
《ᠡᠳ᠋᠎ᠤᠨ ᠵᠠᠰᠠᠭ᠎ᠠᠴᠠ ᠨᠦᠬᠥᠪᠥᠷᠢᠯᠡᠬᠦ ᠵᠢ ᠤᠷᠣᠨ ᠪᠠᠢ᠌ᠷᠢ᠎ᠳᠤ᠎ᠨᠢ ᠬᠦᠷᠥᠭᠥᠯᠬᠦ》 ᠭᠡᠰᠡᠨ᠎ᠨᠢ ᠪᠣᠯ ᠡᠮᠨᠡᠯᠭᠡ ᠵᠢᠨ ᠬᠣᠷᠢᠶᠠᠨ᠎ᠤ ᠡᠮ᠎ᠤᠨ ᠵᠦᠢ᠍ᠯ᠎ᠳᠤ ᠦᠨ᠎ᠡ ᠨᠡᠮᠡᠬᠦ ᠵᠢ ᠦᠭᠡᠢ᠌ᠰᠭᠡᠭᠰᠡᠨᠠᠴᠠ ᠪᠣᠯᠣᠭᠰᠠᠨ᠎ᠤ ᠬᠠᠰᠤᠭᠳᠠᠭᠰᠠᠨ ᠵᠦᠢ ᠵᠣᠬᠢᠰᠲᠠᠢ ᠣᠷᠣᠯᠭ᠎ᠠ᠎ᠳᠤ ᠡᠳ᠋᠎ᠤᠨ ᠵᠠᠰᠠᠭ᠎ᠠᠴᠠ ᠲᠤᠰᠠᠯᠠᠬᠤ ᠵᠢ ᠬᠡᠯᠡᠵᠦ ᠪᠠᠢ᠌ᠭ᠎ᠠ ᠪᠦᠭᠡᠳ ᠦᠪᠡᠷᠳᠡᠭᠡᠨ ᠵᠠᠰᠠᠬᠤ ᠣᠷᠣᠨ ᠪᠤᠳᠠᠲᠠᠢ ᠨᠦᠬᠥᠪᠥᠷᠢᠯᠡᠬᠦ ᠠᠷᠭ᠎ᠠ ᠵᠢ ᠲᠦᠷᠭᠡᠬᠡᠨ ᠨᠡᠢ᠌ᠲᠡᠯᠡᠵᠦ᠂ ᠦᠪᠡᠷᠳᠡᠭᠡᠨ ᠵᠠᠰᠠᠬᠤ ᠣᠷᠣᠨ᠂ ᠠᠢ᠌ᠮᠠᠭ ᠬᠣᠲᠠ ᠪᠣᠯᠣᠨ ᠬᠤᠰᠢᠭᠤ ᠰᠢᠶᠠᠨ ᠭᠤᠷᠪᠠᠨ ᠱᠠᠲᠤᠨ᠎ᠤ ᠡᠳ᠋᠎ᠤᠨ ᠵᠠᠰᠠᠭ ᠬᠤᠪᠢᠳᠠᠨ ᠡᠭᠥᠷᠭᠡᠯᠡᠬᠦ ᠬᠠᠷᠢᠴᠠᠯ᠎ᠢ ᠲᠣᠳᠤᠷᠬᠠᠢ᠌ᠯᠠᠬᠤ ᠬᠡᠷᠡᠭᠲᠡᠢ᠃ ᠡᠯ᠎ᠡ ᠭᠠᠵᠠᠷ᠎ᠤᠳ ᠨᠦᠬᠥᠪᠥᠷᠢᠯᠡᠬᠦ ᠠᠷᠭ᠎ᠠ ᠵᠢ ᠦᠨᠳᠥᠰᠥᠯᠡᠨ᠂ ᠵᠠᠷᠤᠯᠭ᠎ᠠ ᠵᠢᠨ ᠪᠦᠲᠥᠴᠡ᠎ᠳᠡᠭᠡᠨ ᠴᠠᠭ ᠲᠤᠬᠠᠢᠳᠤᠨᠢ ᠲᠣᠬᠢᠷᠠᠭᠤᠯᠤᠯᠲᠠ ᠬᠢᠵᠦ᠂ ᠲᠤᠰᠠᠯᠠᠬᠤ ᠪᠡᠯᠡ ᠮᠦᠩᠭᠦ ᠵᠢ ᠣᠷᠣᠨ ᠪᠠᠢ᠌ᠷᠢ᠎ᠳᠤ᠎ᠨᠢ ᠬᠦᠷᠥᠭᠥᠯᠥᠨ᠂ ᠡᠮᠨᠡᠯᠭᠡ ᠵᠢᠨ ᠬᠣᠷᠢᠶᠠᠨ᠎ᠤ ᠬᠡᠪ᠎ᠤᠨ ᠠᠵᠢᠯᠯᠠᠭ᠋ᠠᠨ᠎ᠢ ᠦᠨᠡᠨᠬᠦ ᠪᠠᠲᠤᠯᠠᠬᠤ ᠬᠡᠷᠡᠭᠲᠡᠢ᠃
《ᠡᠮᠨᠡᠯᠭᠡ ᠵᠢᠨ ᠳᠠᠩᠰᠠ ᠲᠠᠢ᠌ᠯᠬᠤ ᠵᠢ ᠣᠷᠣᠨ ᠪᠠᠢ᠌ᠷᠢ᠎ᠳᠤ᠎ᠨᠢ ᠬᠦᠷᠥᠭᠥᠯᠬᠦ》 ᠭᠡᠰᠡᠨ᠎ᠨᠢ ᠪᠣᠯ ᠬᠣᠲᠠ ᠪᠠᠯᠭ᠋ᠠᠰᠦ ᠵᠢᠨ ᠠᠵᠢᠯᠲᠠᠨ ᠠᠵᠢᠯᠴᠢᠨ᠂ ᠡᠰᠡᠭᠥᠯᠡ ᠬᠣᠲᠠ ᠪᠠᠯᠭ᠋ᠠᠰᠦ ᠵᠢᠨ ᠰᠠᠭᠤᠭ᠋ᠠᠯᠢ ᠠᠷᠠᠳ᠂ ᠲᠠᠷᠢᠶᠠᠴᠢᠨ ᠮᠠᠯᠴᠢᠨ ᠭᠡᠰᠡᠨ ᠦᠭᠡᠢ᠂ ᠡᠮᠴᠢᠯᠡᠭᠡ ᠵᠢᠨ ᠦᠢ᠍ᠯᠡᠴᠢᠯᠡᠭᠡᠨ᠎ᠤ ᠦᠨ᠎ᠡ ᠬᠠᠩᠰᠢ ᠵᠢ ᠲᠣᠬᠢᠷᠠᠭᠤᠯᠤᠭᠰᠠᠨ᠎ᠤ ᠳᠠᠷᠠᠭ᠎ᠠ᠂ ᠦᠨ᠎ᠡ ᠬᠠᠩᠰᠢ ᠲᠣᠬᠢᠷᠠᠭᠤᠯᠤᠭ᠋ᠠᠳ ᠨᠡᠮᠡᠭᠳᠡᠭᠰᠡᠨ ᠡᠨᠡᠬᠦ ᠬᠡᠰᠡᠭ ᠵᠠᠷᠤᠳᠠᠯ᠎ᠢ ᠴᠦᠮ ᠡᠮᠨᠡᠯᠭᠡ ᠵᠢᠨ ᠳᠠᠭ᠋ᠠᠳᠬᠠᠯ᠎ᠳᠤ ᠲᠠᠯᠪᠢᠨ ᠳᠠᠩᠰᠠ ᠲᠠᠢ᠌ᠯᠵᠦ᠂ ᠡᠮᠨᠡᠯᠭᠡ ᠵᠢᠨ ᠬᠣᠷᠢᠶᠠᠨ᠎ᠤ ᠬᠡᠪ᠎ᠤᠨ ᠶᠣᠰᠤᠨ᠎ᠤ ᠵᠠᠷᠤᠳᠠᠯ᠎ᠢ ᠡᠵᠡᠯᠡᠨ ᠬᠡᠷᠡᠭᠯᠡᠬᠦ ᠮᠦᠷᠲᠡᠭᠡᠨ ᠪᠠᠰᠠ ᠠᠷᠠᠳ ᠣᠯᠠᠨ᠎ᠤ ᠡᠪᠡᠳᠴᠢᠨ ᠵᠶ᠋ᠠᠨ ᠦᠵᠡᠭᠥᠯᠵᠦ ᠡᠮᠨᠡᠭᠥᠯᠥᠭᠰᠡᠨᠤ ᠡᠭᠥᠷᠭᠡᠯᠡᠯᠢ ᠨᠡᠮᠡᠭᠳᠡᠭᠥᠯᠬᠦ ᠦᠭᠡᠢ᠎ᠪᠠᠷ ᠬᠠᠷᠢᠨ ᠡᠮᠨᠡᠯᠭᠡ ᠵᠢᠨ ᠳᠠᠭ᠋ᠠᠳᠬᠠᠯ᠎ᠤᠨ ᠪᠡᠯᠡ ᠮᠦᠩᠭᠦ᠎ᠠᠴᠠ ᠡᠭᠥᠷᠭᠡᠯᠡᠬᠦ ᠪᠣᠯᠤᠨ᠎ᠠ᠃
ᠣᠳᠣ ᠲᠤᠷᠰᠢᠯᠲᠠ ᠵᠢᠨ ᠴᠢᠭ᠋᠎ᠤᠨ ᠬᠤᠰᠢᠭᠤ ᠰᠢᠶᠠᠨ ᠪᠦᠬᠥᠨ ᠠᠯᠪᠠᠨ᠎ᠠᠴᠠ ᠡᠷᠬᠢᠯᠡᠭᠰᠡᠨ ᠡᠮᠨᠡᠯᠭᠡ ᠵᠢᠨ ᠬᠣᠷᠢᠶᠠᠨ᠎ᠤ ᠶᠡᠷᠥᠩᠬᠡᠢ᠌ᠯᠡᠭᠰᠡᠨ ᠦᠭᠡᠷᠡᠴᠢᠯᠡᠯᠲᠡ ᠵᠢ ᠮᠠᠰᠢ ᠴᠢᠬᠤᠯᠠᠴᠢᠯᠠᠨ ᠦᠵᠡᠵᠦ ᠪᠠᠢ᠌ᠭ᠎ᠠ ᠪᠦᠭᠡᠳ ᠦᠭᠡᠷᠡᠴᠢᠯᠡᠯᠲᠡ ᠵᠢᠨ ᠲᠦᠷᠦ ᠵᠢᠨ ᠪᠣᠳᠤᠯᠭ᠎ᠠ ᠵᠢᠨ ᠢᠵᠢ ᠪᠦᠷᠢᠳᠥᠭᠥᠯᠥᠯᠲᠡ ᠵᠢ ᠣᠷᠣᠨ ᠪᠠᠢ᠌ᠷᠢ᠎ᠳᠤ᠎ᠨᠢ ᠬᠦᠷᠥᠭᠥᠯᠬᠦ ᠶᠠᠪᠤᠳᠠᠯ ᠲᠡᠳᠡᠨ᠎ᠳᠤ ᠬᠠᠮᠤᠭ᠎ᠠᠴᠠ ᠪᠠᠴᠢᠮ ᠬᠡᠷᠡᠭᠴᠡᠭᠡ᠎ᠲᠠᠢ ᠪᠠᠢ᠌ᠵᠦ᠂ 《ᠭᠤᠷᠪᠠ ᠵᠢ ᠣᠷᠣᠨ ᠪᠠᠢ᠌ᠷᠢ᠎ᠳᠤ᠎ᠨᠢ ᠬᠦᠷᠥᠭᠥᠯᠬᠦ》᠎ᠨᠢ ᠪᠤᠰᠤᠳ ᠡᠯ᠎ᠡ ᠵᠦᠢ᠍ᠯ᠎ᠤᠨ ᠦᠭᠡᠷᠡᠴᠢᠯᠡᠯᠲᠡ ᠵᠢᠨ ᠠᠵᠢᠯ᠎ᠢ ᠤᠷᠤᠭᠰᠢᠲᠠᠢ ᠲᠦᠯᠬᠢᠨ ᠠᠬᠢᠭᠤᠯᠬᠤ᠎ᠳᠤ ᠠᠰᠢᠭᠲᠠᠢ ᠪᠠᠢ᠌ᠨ᠎ᠠ᠃ ᠬᠡᠷᠪᠡ 《ᠭᠤᠷᠪᠠ ᠵᠢ ᠣᠷᠣᠨ ᠪᠠᠢ᠌ᠷᠢ᠎ᠳᠤ᠎ᠨᠢ ᠬᠦᠷᠥᠭᠥᠯᠬᠦ》 ᠠᠰᠠᠭᠤᠳᠠᠯ᠎ᠢ ᠰᠢᠢ᠍ᠳᠪᠥᠷᠢᠯᠡᠴᠢᠪᠡᠯ᠂ ᠬᠤᠰᠢᠭᠤ ᠰᠢᠶᠠᠨ᠎ᠤ ᠠᠯᠪᠠᠨ᠎ᠠᠴᠠ ᠡᠷᠬᠢᠯᠡᠭᠰᠡᠨ ᠡᠮᠨᠡᠯᠭᠡ ᠵᠢᠨ ᠬᠣᠷᠢᠶᠠᠨ᠎ᠤ ᠶᠡᠷᠥᠩᠬᠡᠢ᠌ᠯᠡᠭᠰᠡᠨ ᠦᠭᠡᠷᠡᠴᠢᠯᠡᠯᠲᠡ ᠵᠢᠨ ᠠᠬᠢᠴᠠ ᠶᠡᠬᠡᠬᠡᠨ ᠲᠦᠷᠭᠡᠳᠬᠦ ᠵᠢᠨ ᠤᠯᠠᠮ ᠵᠶ᠋ᠠᠷ ᠠᠷᠠᠳ ᠣᠯᠠᠨ᠎ᠤ 《ᠡᠪᠡᠳᠴᠢᠨ ᠦᠵᠡᠭᠥᠯᠬᠦᠳᠤ ᠬᠦᠴᠢᠷ》᠂ 《ᠡᠪᠡᠳᠴᠢᠨ ᠦᠵᠡᠭᠥᠯᠬᠦᠳᠤ ᠦᠨᠡᠲᠡᠢ》 ᠪᠠᠢ᠌ᠬᠤ ᠠᠰᠭᠤᠳᠠᠯ᠎ᠢ ᠰᠢᠢ᠍ᠳᠪᠥᠷᠢᠯᠡᠬᠦ ᠶᠠᠪᠤᠳᠠᠯ ᠠᠯᠬᠤᠮ ᠠᠯᠬᠤᠮ ᠵᠶ᠋ᠠᠷ ᠨᠠᠮᠳᠠᠵᠦ᠂ ᠡᠴᠥᠰᠲᠡᠭᠡᠨ ᠠᠷᠠᠳ ᠣᠯᠠᠨ ᠡᠪᠡᠳᠴᠢᠨ᠎ᠢᠶᠠᠨ ᠦᠵᠡᠭᠥᠯᠵᠦ ᠳᠡᠢ᠌ᠯᠥᠨ᠂ ᠡᠪᠡᠳᠴᠢᠨ ᠵᠶ᠋ᠠᠨ ᠰᠠᠢ᠌ᠲᠤᠷ ᠦᠵᠡᠭᠥᠯᠬᠦ ᠪᠣᠯᠤᠨ᠎ᠠ᠃
ᠬᠦᠲᠥᠯᠥᠭᠴᠢ᠄ ᠲᠡᠭᠡᠪᠡᠯ ᠠᠷᠠᠳ ᠣᠯᠠᠨ ᠡᠪᠡᠳᠴᠢᠨ ᠵᠶ᠋ᠠᠨ ᠦᠵᠡᠭᠥᠯᠬᠦᠳᠤ ᠴᠣᠬᠣᠮ᠎ᠳᠠᠭᠠᠨ ᠶᠠᠭᠤᠨ᠎ᠠᠴᠠ ᠪᠣᠯᠤᠭ᠋ᠠᠳ 《ᠬᠦᠴᠢᠷ》 ᠪᠠᠢ᠌ᠭ᠎ᠠ ᠪᠣᠢ᠂ ᠶᠠᠭᠤᠨ᠎ᠠᠴᠠ ᠪᠣᠯᠤᠭ᠋ᠠᠳ 《ᠦᠨᠡᠲᠡᠢ》 ᠪᠠᠢ᠌ᠭ᠎ᠠ ᠪᠣᠢ᠂ ᠡᠭᠥᠨ᠎ᠠᠴᠠ ᠭᠠᠳᠠᠨ᠎ᠠ᠂ ᠠᠷᠠᠳ ᠣᠯᠠᠨ ᠪᠠᠰᠠ ᠶᠠᠭᠤᠨ᠎ᠳᠤ ᠰᠡᠳᠭᠢᠯ ᠲᠠᠯᠪᠢᠵᠦ ᠪᠠᠢ᠌ᠭ᠎ᠠ ᠪᠣᠢ?
ᠬᠤ᠌ ᠸᠸᠨ ᠢ᠄ ᠦᠩᠭᠡᠷᠡᠭᠰᠡᠨ᠎ᠳᠤ ᠡᠮᠨᠡᠯᠭᠡ ᠡᠷᠡᠭᠥᠯ ᠬᠠᠮᠠᠭ᠋ᠠᠯᠠᠯ᠎ᠤᠨ ᠡᠬᠢ ᠪᠠᠶᠠᠯᠢᠭ ᠨᠡᠯᠢᠶᠡᠳ ᠪᠠᠴᠢᠮ ᠪᠠᠢ᠌ᠵᠦ᠂ ᠭᠠᠴᠠᠭ᠎ᠠ ᠲᠣᠰᠬᠤᠨ᠎ᠤ ᠡᠷᠡᠭᠥᠯ ᠬᠠᠮᠠᠭ᠋ᠠᠯᠠᠯ᠎ᠤᠨ ᠦᠷᠥᠭᠡ ᠨᠡᠢ᠌ᠳᠡᠮᠵᠢᠭᠡᠳᠥᠢ ᠮᠦᠷᠲᠡᠭᠡᠨ ᠨᠦᠬᠥᠴᠡᠯ᠎ᠨᠢ ᠮᠠᠰᠢ ᠪᠦᠳᠥᠭᠥᠯᠢᠭ᠂ ᠰᠢᠶᠠᠩ ᠪᠠᠯᠭ᠋ᠠᠰᠦ ᠵᠢᠨ ᠡᠷᠡᠭᠥᠯ ᠬᠠᠮᠠᠭ᠋ᠠᠯᠠᠯ᠎ᠤᠨ ᠬᠣᠷᠢᠶ᠎ᠠ ᠪᠠᠢ᠌ᠯ᠎ᠠ ᠴᠦ᠍ ᠭᠡᠰᠡᠨ ᠪᠦᠷᠢᠨᠰᠢᠭᠡᠳᠥᠢ ᠲᠤᠯᠠ᠂ ᠠᠷᠠᠳ ᠣᠯᠠᠨ ᠡᠪᠡᠳᠴᠢᠨ ᠵᠶ᠋ᠠᠨ ᠦᠵᠡᠭᠥᠯᠬᠦᠳᠤ ᠡᠮᠴᠢ ᠪᠤᠶᠤ ᠡᠮᠨᠡᠯᠭᠡ ᠵᠢᠨ ᠬᠣᠷᠢᠶ᠎ᠠ ᠣᠯᠳᠠᠬᠤ ᠦᠭᠡᠢ᠂ ᠡᠮᠨᠡᠯᠭᠡ ᠡᠷᠡᠭᠥᠯ ᠬᠠᠮᠠᠭ᠋ᠠᠯᠠᠯ᠎ᠤᠨ ᠡᠬᠢ ᠪᠠᠶᠠᠯᠢᠭ ᠬᠤᠮᠰᠠᠳᠠᠵᠦ ᠪᠠᠢ᠌ᠭᠰᠠᠨ ᠪᠣᠯᠬᠣᠷ 《ᠬᠦᠴᠢᠷ》 ᠪᠠᠢ᠌ᠭᠰᠠᠨ ᠪᠠᠢ᠌ᠨ᠎ᠠ᠃ ᠰᠢᠨ᠎ᠡ ᠨᠢᠭᠡᠨ ᠡᠭᠡᠯᠵᠢ ᠵᠢᠨ ᠡᠮ ᠡᠮᠨᠡᠯᠭᠡ ᠡᠷᠡᠭᠢᠯ ᠬᠠᠮᠠᠭ᠋ᠠᠯᠠᠯ᠎ᠤᠨ ᠪᠠᠢ᠌ᠭᠤᠯᠤᠯ᠎ᠤᠨ ᠦᠭᠡᠷᠡᠴᠢᠯᠡᠯᠲᠡ᠎ᠠᠴᠠ ᠨᠠᠰᠢ᠂ 《ᠦᠨᠳᠥᠰᠥᠨ ᠵᠦᠢ᠍ᠯ᠎ᠢ ᠪᠠᠲᠤᠯᠠᠬᠤ᠂ ᠦᠨᠳᠥᠰᠥᠨ ᠱᠠᠲᠦ ᠵᠢ ᠬᠦᠴᠥᠷᠬᠡᠭᠵᠢᠭᠥᠯᠬᠦ᠂ ᠲᠣᠭᠲᠠᠴᠠ ᠪᠠᠢ᠌ᠭᠤᠯᠬᠤ》᠎ᠪᠠᠷ ᠳᠠᠮᠵᠢᠭᠤᠯᠤᠨ᠂ ᠦᠨᠳᠥᠰᠥᠨ ᠱᠠᠲᠦ ᠠᠯᠬᠤᠮ ᠠᠯᠬᠤᠮ ᠵᠶ᠋ᠠᠷ ᠬᠦᠴᠥᠷᠬᠡᠭᠵᠢᠵᠦ ᠢᠷᠡᠪᠡ᠂ ᠣᠳᠣ ᠭᠠᠴᠠᠭ᠎ᠠ ᠲᠣᠰᠬᠤᠨ ᠨᠢᠭᠡᠪᠥᠷᠢ᠎ᠳᠤ ᠴᠦᠮ ᠡᠷᠡᠭᠥᠯ ᠬᠠᠮᠠᠭ᠋ᠠᠯᠠᠯ᠎ᠤᠨ ᠦᠷᠥᠭᠡ᠎ᠲᠠᠢ᠂ ᠰᠢᠶᠠᠩ ᠪᠠᠯᠭ᠋ᠠᠰᠦ ᠨᠢᠭᠡᠪᠥᠷᠢ᠎ᠳᠤ ᠠᠳᠠᠭ᠎ᠲᠠᠭᠠᠨ ᠨᠢᠭᠡ ᠡᠷᠡᠭᠥᠯ ᠬᠠᠮᠠᠭ᠋ᠠᠯᠠᠯ᠎ᠤᠨ ᠬᠣᠷᠢᠶ᠎ᠠ᠎ᠲᠠᠢ᠂ ᠬᠤᠰᠢᠭᠤ ᠰᠢᠶᠠᠨ ᠨᠢᠭᠡᠪᠥᠷᠢ᠎ᠳᠤ ᠰᠢᠶᠠᠨ᠎ᠤ ᠱᠠᠲᠤᠨ᠎ᠤ ᠡᠮᠨᠡᠯᠭᠡ ᠵᠢᠨ ᠬᠣᠷᠢᠶ᠎ᠠ ᠠᠳᠠᠭ᠎ᠲᠠᠭᠠᠨ ᠬᠣᠶᠠᠷ ᠪᠠᠢ᠌ᠵᠦ᠂ ᠬᠠᠲᠠᠭᠤ ᠬᠡᠷᠡᠭᠰᠡᠯ᠎ᠤᠨ ᠲᠣᠬᠢᠷᠠᠭᠤᠯᠤᠯᠲᠠ ᠵᠢᠨ ᠲᠠᠯ᠎ᠠ᠎ᠠᠴᠠ ᠠᠪᠴᠦ ᠦᠵᠡᠪᠡᠯ᠂ ᠣᠯᠠᠨ ᠲᠦᠮᠡᠨ᠎ᠤ ᠡᠪᠡᠳᠴᠢᠨ ᠵᠶ᠋ᠠᠨ ᠦᠵᠡᠭᠥᠯᠬᠦᠳᠤ ᠬᠦᠴᠢᠷ ᠪᠠᠢ᠌ᠬᠤ ᠠᠰᠠᠭᠤᠳᠠᠯ᠎ᠢ ᠦᠨᠳᠥᠰᠥᠨ᠎ᠳᠡᠭᠡᠨ ᠰᠢᠢ᠍ᠳᠪᠥᠷᠢᠯᠡᠪᠡ᠃ ᠭᠡᠪᠡᠴᠦ ᠡᠪᠡᠳᠴᠢᠨ ᠦᠵᠡᠭᠥᠯᠵᠦ ᠪᠠᠢ᠌ᠭ᠎ᠠ ᠬᠦᠮᠥᠰ᠎ᠠᠴᠠ ᠠᠪᠴᠦ ᠦᠵᠡᠪᠡᠯ᠂ ᠣᠯᠠᠨ ᠲᠦᠮᠡᠨ᠎ᠤ ᠠᠮᠢᠳᠤᠷᠠᠯ᠎ᠤᠨ ᠬᠢᠷᠢ ᠬᠡᠮᠵᠢᠶ᠎ᠡ ᠪᠣᠯᠣᠨ ᠡᠮᠴᠢᠯᠡᠭᠡ ᠵᠢᠨ ᠦᠢ᠍ᠯᠡᠴᠢᠯᠡᠭᠡᠨ᠎ᠤ ᠬᠡᠷᠡᠭᠴᠡᠭᠡ ᠵᠢᠨ ᠳᠡᠭᠡᠭᠰᠢᠯᠡᠬᠦ ᠵᠢ ᠳᠠᠭ᠋ᠠᠯᠳᠤᠨ᠂ ᠴᠦᠭᠡᠨ ᠪᠣᠰᠦ ᠡᠪᠡᠳᠴᠢᠲᠡᠨ ᠬᠠᠷᠢᠨ ᠳᠡᠭᠡᠳᠦ ᠱᠠᠲᠤᠨ᠎ᠤ ᠡᠮᠨᠡᠯᠭᠡ ᠵᠢᠨ ᠬᠣᠷᠢᠶᠠᠨ᠎ᠳᠤ ᠣᠴᠢᠵᠦ ᠪᠠᠢ᠌ᠬᠤ᠎ᠠᠴᠠ ᠪᠣᠯᠤᠭ᠋ᠠᠳ ᠰᠢᠶᠠᠩ ᠪᠠᠯᠭ᠋ᠠᠰᠦ ᠵᠢᠨ ᠡᠷᠡᠭᠥᠯ ᠬᠠᠮᠠᠭ᠋ᠠᠯᠠᠯ᠎ᠤᠨ ᠬᠣᠷᠢᠶ᠎ᠠ ᠪᠠᠰᠠ ᠬᠡᠰᠡᠭ ᠵᠠᠷᠢᠮ ᠬᠤᠰᠢᠭᠤ ᠰᠢᠶᠠᠨ᠎ᠤ ᠡᠮᠨᠡᠯᠭᠡ ᠵᠢᠨ ᠬᠣᠷᠢᠶᠠᠨ᠎ᠳᠤ ᠡᠮᠴᠢ ᠨᠠᠷ ᠡᠳᠥᠷ ᠪᠦᠷᠢ ᠡᠪᠡᠳᠴᠢᠲᠡᠨ᠎ᠢ ᠬᠦᠯᠢᠶᠡᠬᠦ ᠦᠵᠡᠭᠳᠡᠯ ᠭᠠᠷᠴᠦ᠂ 《ᠡᠪᠡᠳᠴᠢᠨ ᠦᠵᠡᠭᠥᠯᠬᠦ ᠬᠦᠴᠢᠷ》 ᠪᠠᠢ᠌ᠭᠰᠠᠨ ᠶᠠᠪᠤᠳᠠᠯ᠎ᠳᠤ ᠰᠢᠨ᠎ᠡ ᠬᠤᠪᠢᠷᠠᠯᠲᠠ ᠭᠠᠷᠪᠠ᠂ ᠡᠨᠡ᠎ᠨᠢ ᠪᠤᠳᠠᠲᠠᠢ ᠬᠣᠶᠠᠷ ᠲᠠᠯ᠎ᠠ᠎ᠪᠠᠷ ᠢᠯᠡᠷᠡᠵᠦ ᠪᠣᠢ᠄ ᠨᠢᠭᠡ᠎ᠳᠤ ᠶᠡᠬᠡ ᠡᠮᠨᠡᠯᠭᠡ ᠵᠢᠨ ᠬᠣᠷᠢᠶᠠᠨ᠎ᠤ ᠲᠦᠬᠥᠭᠡᠷᠥᠮᠵᠢᠨᠢ ᠲᠡᠷᠢᠭᠥᠨᠤ᠂ ᠦᠢ᠍ᠯᠡᠴᠢᠯᠡᠬᠦ ᠴᠢᠳᠠᠪᠥᠷᠢ᠎ᠨᠢ ᠴᠢᠩᠭ᠎ᠠ ᠪᠣᠯᠬᠣᠷ ᠬᠦᠮᠥᠨ ᠠᠷᠪᠢᠳᠤᠭ᠋ᠠᠳ ᠵᠣᠪᠠᠯᠠᠩ ᠪᠣᠯᠵᠦ᠂ ᠶᠡᠷᠦ᠎ᠠᠴᠠ ᠳ᠋ᠤᠭ᠋ᠠᠷ ᠣᠯᠬᠤ᠎ᠳᠤ ᠬᠦᠴᠢᠷ ᠪᠠᠢ᠌ᠵᠦ᠂ ᠡᠪᠡᠳᠴᠢᠨ ᠦᠵᠡᠭᠥᠯᠬᠦ᠂ ᠪᠠᠢ᠌ᠴᠠᠭ᠋ᠠᠯᠭ᠋ᠠᠬᠤ᠎ᠳᠤ ᠮᠦᠷᠯᠡᠭᠡᠳ ᠤᠳᠠᠭ᠋ᠠᠨ ᠴᠠᠭ ᠵᠶ᠋ᠠᠷ ᠬᠦᠯᠢᠶᠡᠬᠦ ᠴᠢᠬᠤᠯᠠᠲᠠᠢ ᠪᠦᠭᠡᠳ ᠨᠡᠷ᠎ᠡ᠎ᠲᠠᠢ ᠲᠤᠰᠬᠠᠢ ᠮᠡᠷᠭᠡᠵᠢᠲᠡᠨ ᠵᠶ᠋ᠠᠷ ᠡᠪᠡᠳᠴᠢᠨ ᠦᠵᠡᠭᠥᠯᠬᠦᠳᠤ ᠨᠡᠩ ᠪᠡᠷᠬᠡ ᠪᠠᠢ᠌ᠳᠠᠭ; ᠬᠣᠶᠠᠷ᠎ᠲᠤ ᠬᠤᠰᠢᠭᠤ ᠰᠢᠶᠠᠨ᠎ᠤ ᠱᠠᠲᠤᠨ᠎ᠠᠴᠠ ᠳᠡᠭᠡᠭᠰᠢᠬᠢ ᠡᠮᠨᠡᠯᠭᠡ ᠵᠢᠨ ᠬᠣᠷᠢᠶᠠᠨ᠎ᠤ ᠬᠡᠪᠴᠢᠶ᠎ᠡ᠎ᠨᠢ ᠶᠡᠬᠡ᠂ ᠠᠵᠢᠯᠯᠠᠭ᠋ᠠᠨ᠎ᠤ ᠦᠪᠡᠷ᠎ᠤᠨ ᠦᠷᠲᠡᠭ᠎ᠨᠢ ᠦᠨᠳᠥᠷ᠂ ᠵᠠᠷᠤᠳᠠᠯ ᠬᠣᠷᠢᠶᠠᠬᠤ᠎ᠨᠢ ᠶᠡᠬᠡ ᠪᠣᠯᠬᠣᠷ᠂ ᠶᠡᠬᠡᠩᠬᠢ ᠲᠣᠭ᠋ᠠᠨ᠎ᠤ ᠬᠣᠲᠠ ᠬᠦᠳᠡᠭᠡ ᠵᠢᠨ ᠰᠠᠭᠤᠭ᠋ᠠᠯᠢ ᠠᠷᠠᠳ᠎ᠲᠤ ᠠᠪᠴᠦ ᠬᠡᠯᠡᠪᠡᠯ᠂ 《ᠡᠪᠡᠳᠴᠢᠨ ᠦᠵᠡᠭᠥᠯᠬᠦᠳᠤ ᠦᠨᠡᠲᠡᠢ》 ᠪᠠᠢ᠌ᠬᠤ ᠵᠢ ᠪᠡᠶ᠎ᠡ᠎ᠪᠠᠷ ᠵᠶ᠋ᠠᠨ ᠦᠩᠭᠡᠷᠡᠭᠡᠭᠡᠳ᠂ ᠬᠡᠳᠥᠢ᠌ᠪᠡᠷ ᠡᠮᠨᠡᠯᠭᠡ ᠵᠢᠨ ᠳᠠᠭ᠋ᠠᠳᠬᠠᠯ᠎ᠳᠤ ᠳᠠᠩᠰᠠ ᠲᠠᠢ᠌ᠯᠤᠭᠰᠠᠨ᠎ᠤ ᠳᠠᠷᠠᠭ᠎ᠠ᠂ ᠡᠪᠡᠳᠴᠢᠲᠡᠨ ᠪᠠᠰᠠ ᠡᠮᠴᠢᠯᠡᠭᠡᠨ᠎ᠤ ᠵᠣᠬᠢᠬᠤ ᠵᠠᠷᠤᠳᠠᠯ᠎ᠢ ᠡᠭᠥᠷᠭᠡᠯᠡᠬᠦ ᠬᠡᠷᠡᠭᠲᠡᠢ ᠲᠤᠯᠠ᠂ ᠡᠭᠥᠨ᠎ᠠᠴᠠ ᠪᠣᠯᠤᠭ᠋ᠠᠳ ᠪᠠᠰᠠ ᠨᠦᠭᠥᠭᠡ ᠨᠢᠭᠡ ᠲᠠᠯ᠎ᠠ ᠵᠢᠨ ᠡᠪᠡᠳᠴᠢᠨ ᠦᠵᠡᠭᠥᠯᠬᠦᠳᠤ ᠬᠦᠴᠢᠷ ᠪᠠᠢ᠌ᠬᠤ᠎ᠳᠤ ᠬᠦᠷᠥᠭᠥᠯᠵᠦ ᠪᠠᠢ᠌ᠨ᠎ᠠ᠃
ᠡᠢ᠌ᠮᠦ᠎ᠠᠴᠠ᠂ ᠡᠪᠡᠳᠴᠢᠨ ᠦᠵᠡᠭᠥᠯᠬᠦᠳᠤ ᠬᠦᠴᠢᠷ᠂ ᠡᠪᠡᠳᠴᠢᠨ ᠦᠵᠡᠭᠥᠯᠬᠦᠳᠤ ᠦᠨ᠎ᠡ᠎ᠲᠠᠢ ᠪᠠᠢ᠌ᠬᠤ ᠰᠢᠨ᠎ᠡ ᠠᠰᠠᠭᠤᠳᠠᠯ᠎ᠢ ᠰᠢᠢ᠍ᠳᠪᠥᠷᠢᠯᠡᠬᠦ᠎ᠳᠤ᠂ ᠬᠤᠰᠢᠭᠤ ᠰᠢᠶᠠᠨ᠎ᠤ ᠱᠠᠲᠤᠨ᠎ᠤ ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶᠠᠨ᠎ᠤ ᠶᠡᠷᠥᠩᠬᠡᠢ᠌ᠯᠡᠭᠰᠡᠨ ᠦᠭᠡᠷᠡᠴᠢᠯᠡᠯᠲᠡ ᠵᠢ ᠲᠦᠷᠭᠡᠳᠭᠡᠨ ᠠᠬᠢᠭᠤᠯᠵᠦ᠂ ᠠᠷᠭ᠎ᠠ ᠪᠦᠬᠥ᠎ᠨᠢ ᠰᠦᠪᠡᠭᠴᠢᠯᠡᠵᠦ ᠪᠠᠢ᠌ᠭ᠋ᠠᠳ ᠴᠢᠳᠠᠪᠥᠷᠢᠲᠠᠨ ᠬᠦᠮᠥᠵᠢᠭᠥᠯᠵᠦ᠂ ᠴᠢᠳᠠᠪᠥᠷᠢᠲᠠᠨ ᠣᠷᠣᠭᠤᠯᠵᠦ ᠢᠷᠡᠨ᠂ ᠴᠢᠳᠠᠪᠥᠷᠢᠲᠠᠨ ᠦᠯᠡᠳᠡᠭᠡᠨ ᠠᠪᠴᠦ᠂ ᠬᠤᠰᠢᠭᠤ ᠰᠢᠶᠠᠨ᠎ᠤ ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶᠠᠨ᠎ᠤ ᠵᠦᠭᠡᠯᠡᠨ ᠪᠤᠳᠠᠲᠦ ᠬᠦᠴᠥ᠎ᠨᠢ ᠶᠡᠬᠡᠪᠡᠷ ᠳᠡᠭᠡᠭᠰᠢᠯᠡᠭᠥᠯᠬᠦᠨᠢ ᠪᠠᠰᠠᠴᠦ ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶᠠᠨ᠎ᠤ ᠦᠭᠡᠷᠡᠴᠢᠯᠡᠯᠲᠡ ᠵᠢᠨ ᠴᠢᠬᠤᠯᠠ ᠠᠭᠤᠯᠭ᠎ᠠ ᠪᠣᠯᠤᠨ᠎ᠠ᠃ ᠲᠡᠭᠡᠪᠡᠯ ᠪᠠᠰᠠ ᠠᠷᠠᠳ᠎ᠲᠤ ᠲᠦᠬᠥᠮ ᠦᠵᠡᠭᠥᠯᠵᠦ ᠠᠷᠠᠳ᠎ᠲᠤ ᠠᠰᠢᠭ ᠬᠦᠷᠲᠡᠭᠡᠬᠦ ᠲᠠᠯ᠎ᠠ᠎ᠪᠠᠷ᠂ ᠠᠵᠢᠯ ᠵᠶ᠋ᠠᠨ ᠦᠷᠭᠥᠯᠵᠢᠯᠡᠨ ᠪᠤᠳᠠᠲᠠᠢ ᠬᠢᠵᠦ᠂ ᠠᠷᠠᠳ ᠣᠯᠠᠨ᠎ᠤ ᠡᠪᠡᠳᠴᠢᠨ ᠵᠶ᠋ᠠᠨ ᠦᠵᠡᠭᠥᠯᠵᠦ ᠡᠮᠨᠡᠭᠥᠯᠬᠦᠳᠤᠨᠢ ᠠᠯᠢ ᠪᠣᠯᠬᠤᠢ᠌ᠴᠠ ᠲᠦᠬᠥᠮ ᠬᠠᠩᠭ᠋ᠠᠬᠤ ᠬᠡᠷᠡᠭᠲᠡᠢ ᠪᠠᠢ᠌ᠨ᠎ᠠ᠃ ᠡᠭᠥᠨ᠎ᠠᠴᠠ ᠭᠠᠳᠠᠨ᠎ᠠ᠂ ᠦᠢ᠍ᠯᠡᠴᠢᠯᠡᠭᠡᠨ᠎ᠤ ᠴᠢᠳᠠᠪᠥᠷᠢ᠎ᠪᠠᠨ ᠳᠡᠭᠡᠭᠰᠢᠯᠡᠭᠥᠯᠥᠨ᠂ ᠦᠢ᠍ᠯᠡᠴᠢᠯᠡᠬᠦ ᠣᠪᠣᠷ ᠵᠶ᠋ᠠᠨ ᠬᠠᠯᠠᠨ ᠰᠠᠢ᠌ᠵᠢᠷᠠᠭᠤᠯᠵᠦ᠂ ᠡᠮᠴᠢ ᠪᠠ ᠡᠪᠡᠳᠴᠢᠲᠡᠨ᠎ᠤ ᠡᠶ᠎ᠡ ᠵᠣᠬᠢᠴᠠᠯ᠎ᠲᠠᠢ ᠬᠠᠷᠢᠴᠠᠭ᠎ᠠ ᠵᠢ ᠪᠠᠢ᠌ᠭᠤᠯᠬᠤ᠎ᠨᠢ ᠮᠦᠨᠴᠦ ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶᠠᠨ᠎ᠤ ᠦᠭᠡᠷᠡᠴᠢᠯᠡᠯᠲᠡ ᠵᠢᠨ ᠬᠠᠷᠠᠯᠲᠠ ᠪᠣᠯᠤᠨ᠎ᠠ᠃ ᠡᠳᠡᠭᠡᠷ ᠪᠣᠯ ᠠᠷᠠᠳ ᠣᠯᠠᠨ᠎ᠤ ᠮᠠᠰᠢ ᠰᠡᠳᠭᠢᠯ ᠲᠠᠯᠪᠢᠵᠦ ᠪᠠᠢ᠌ᠭ᠎ᠠ ᠶᠠᠪᠤᠳᠠᠯ ᠪᠣᠯᠤᠨ᠎ᠠ᠃
ᠬᠦᠲᠥᠯᠥᠭᠴᠢ᠄ ᠮᠠᠨ᠎ᠤ ᠣᠷᠣᠨ᠎ᠤ ᠬᠤᠰᠢᠭᠤ ᠰᠢᠶᠠᠨ᠎ᠤ ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶᠠᠨ᠎ᠤ ᠦᠭᠡᠷᠡᠴᠢᠯᠡᠯᠲᠡ ᠳᠠᠷᠠᠭ᠎ᠠ ᠠᠯᠬᠤᠮ᠎ᠳᠤ ᠪᠠᠰᠠ ᠶᠠᠮᠠᠷ ᠶᠠᠮᠠᠷ ᠠᠵᠢᠯ᠎ᠢ ᠰᠠᠢ᠌ᠲᠤᠷ ᠠᠳᠬᠤᠬᠤ ᠬᠡᠷᠡᠭᠲᠡᠢ ᠪᠤᠢ?
ᠬᠤ᠌ ᠸᠸᠨ ᠢ᠄ ᠡᠨᠡ ᠵᠢᠯ᠂ ᠮᠠᠨ᠎ᠤ ᠣᠷᠣᠨ᠎ᠤ ᠬᠤᠰᠢᠭᠤ ᠰᠢᠶᠠᠨ᠎ᠤ ᠱᠠᠲᠤᠨ᠎ᠤ ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶᠠᠨ᠎ᠤ ᠶᠡᠷᠥᠩᠬᠡᠢ᠌ᠯᠡᠭᠰᠡᠨ ᠦᠭᠡᠷᠡᠴᠢᠯᠡᠯᠲᠡ ᠵᠢ ᠤᠯᠤᠰ᠎ᠤᠨ ᠱᠠᠭ᠋ᠠᠷᠳᠠᠯᠭ᠎ᠠ ᠵᠢ ᠦᠨᠳᠥᠰᠥᠯᠡᠨ ᠪᠦᠬᠦ ᠲᠠᠯ᠎ᠠ᠎ᠪᠠᠷ ᠳᠡᠯᠭᠡᠷᠡᠭᠥᠯᠬᠦ ᠲᠤᠯᠠ᠂ ᠴᠠᠭ ᠨᠡᠯᠢᠶᠡᠳ ᠪᠠᠴᠢᠮ ᠪᠠᠢ᠌ᠵᠦ᠂ ᠨᠢᠭᠡᠲᠥᠯᠲᠡᠢ ᠲᠦᠯᠥᠪᠯᠡᠨ ᠠᠬᠢᠭᠤᠯᠬᠤ ᠴᠢᠬᠤᠯᠠᠲᠠᠢ ᠭᠣᠣᠯᠳᠠᠯᠭ᠎ᠠ᠎ᠲᠠᠢ ᠡᠭᠥᠷᠭᠡ ᠪᠠᠰᠠ ᠮᠠᠰᠢ ᠠᠷᠪᠢᠨ᠂ ᠮᠠᠰᠢ ᠨᠦᠰᠡᠷ ᠬᠦᠨᠳᠦ ᠪᠣᠯᠬᠣᠷ᠂ ᠲᠦᠯᠬᠢᠨ ᠠᠬᠢᠭᠤᠯᠬᠤ ᠡᠷᠴᠢᠮ ᠵᠶ᠋ᠠᠨ ᠤᠯᠠᠮ ᠨᠢᠭᠡ ᠠᠯᠬᠤᠮ ᠨᠡᠮᠡᠭᠳᠡᠭᠥᠯᠬᠦ ᠴᠢᠬᠤᠯᠠᠲᠠᠢ ᠪᠠᠢ᠌ᠵᠦ᠂ ᠳᠣᠣᠷᠠᠬᠢ ᠬᠡᠳᠥᠨ ᠲᠠᠯ᠎ᠠ ᠵᠢᠨ ᠠᠵᠢᠯ᠎ᠢ ᠭᠣᠣᠯᠳᠠᠯᠭ᠎ᠠ᠎ᠲᠠᠢ ᠰᠠᠢ᠌ᠲᠤᠷ ᠠᠳᠬᠤᠬᠤ ᠬᠡᠷᠡᠭᠲᠡᠢ ᠪᠠᠢ᠌ᠨ᠎ᠠ᠄
ᠨᠢᠭᠡ᠎ᠳᠤ ᠰᠢᠶᠠᠨ᠎ᠤ ᠬᠡᠪᠴᠢᠶᠡᠨ᠎ᠤ ᠡᠮᠨᠡᠯᠭᠡ ᠵᠢᠨ ᠡᠬᠢ ᠪᠠᠶᠠᠯᠢᠭ᠎ᠤᠨ ᠲᠤᠬᠢᠷᠠᠭᠤᠯᠤᠯᠲᠠ ᠵᠢ ᠰᠢᠯᠢᠳᠡᠭᠵᠢᠭᠥᠯᠬᠦ ᠲᠠᠯ᠎ᠠ᠎ᠪᠠᠷ᠂ ᠰᠢᠶᠠᠨ᠎ᠤ ᠱᠠᠲᠤᠨ᠎ᠤ ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶᠠᠨ᠎ᠤ ᠴᠢᠳᠠᠮᠵᠢ ᠵᠢᠨ ᠣᠷᠣᠨ ᠪᠠᠢ᠌ᠷᠢ ᠵᠢ ᠤᠯᠠᠮ ᠨᠢᠭᠡ ᠠᠯᠬᠤᠮ ᠲᠣᠳᠤᠷᠬᠠᠢ᠌ᠯᠠᠨ᠂ ᠦᠨᠳᠥᠰᠥᠨ ᠡᠮᠨᠡᠯᠭᠡ ᠡᠷᠡᠭᠥᠯ ᠬᠠᠮᠠᠭ᠋ᠠᠯᠠᠯ᠎ᠤᠨ ᠦᠢ᠍ᠯᠡᠴᠢᠯᠡᠭᠡ ᠬᠠᠩᠭ᠋ᠠᠬᠤ ᠲᠠᠯ᠎ᠠ ᠵᠢᠨ ᠬᠠᠷᠢᠭᠤᠴᠴᠠᠯᠭᠠᠪᠠᠨ ᠭᠦᠢ᠍ᠴᠡᠳᠭᠡᠬᠦ ᠵᠢ᠎ᠨᠢ ᠲᠦᠯᠬᠢᠨ ᠠᠬᠢᠭᠤᠯᠤᠨ᠎ᠠ᠃
ᠬᠣᠶᠠᠷ᠎ᠲᠤ ᠬᠠᠮᠢᠶᠠᠷᠤᠯᠲᠠ ᠵᠢᠨ ᠪᠠᠢ᠌ᠭᠤᠯᠤᠯ᠎ᠢ ᠦᠭᠡᠷᠡᠴᠢᠯᠡᠬᠦ ᠲᠠᠯ᠎ᠠ᠎ᠪᠠᠷ᠂ ᠰᠢᠶᠠᠨ᠎ᠤ ᠱᠠᠲᠤᠨ᠎ᠤ ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶᠠᠨ᠎ᠤ ᠠᠮᠵᠢᠯᠲᠠ ᠪᠦᠲᠥᠮᠵᠢ ᠵᠢ ᠬᠢᠨᠠᠨ ᠰᠢᠯᠭ᠋ᠠᠬᠤ ᠠᠷᠭ᠎ᠠ ᠵᠢ ᠲᠣᠭᠲᠠᠭ᠋ᠠᠨ᠂ ᠴᠢᠳᠠᠮᠵᠢ ᠵᠢᠨ ᠣᠷᠣᠨ ᠪᠠᠢ᠌ᠷᠢ᠂ ᠨᠡᠢ᠌ᠲᠡ ᠵᠢᠨ ᠠᠰᠠᠷᠠᠮᠵᠢ ᠵᠢᠨ ᠡᠭᠥᠷᠭᠡ ᠬᠠᠷᠢᠭᠤᠴᠠᠯᠭ᠎ᠠ ᠵᠢ ᠭᠦᠢ᠍ᠴᠡᠳᠭᠡᠬᠦ᠂ ᠵᠠᠷᠤᠳᠠᠯ᠎ᠢ ᠬᠢᠵᠠᠭ᠋ᠠᠷᠯᠠᠬᠤ᠂ ᠠᠵᠢᠯᠯᠠᠭ᠋ᠠᠨ᠎ᠤ ᠦᠷ᠎ᠡ ᠪᠦᠲᠥᠮᠵᠢ ᠪᠠ ᠨᠡᠢ᠌ᠭᠡᠮ᠎ᠤᠨ᠎ᠬᠢᠨ᠎ᠤ ᠬᠠᠨᠤᠮᠵᠢ ᠵᠢᠨ ᠬᠡᠮᠵᠢᠶ᠎ᠡ ᠵᠡᠷᠭᠡ ᠬᠢᠨᠠᠨ ᠰᠢᠯᠭ᠋ᠠᠬᠤ ᠭᠦᠢ᠍ᠴᠡᠳᠭᠡᠬᠦ ᠲᠣᠭ᠎ᠠ ᠵᠢ ᠲᠣᠪᠣᠢ᠌ᠯᠭ᠋ᠠᠨ᠂ ᠬᠤᠰᠢᠭᠤ ᠰᠢᠶᠠᠨ᠎ᠤ ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶᠠᠨ᠎ᠤ ᠠᠮᠵᠢᠯᠲᠠ ᠪᠦᠲᠥᠮᠵᠢ ᠵᠢ ᠬᠢᠨᠠᠨ ᠰᠢᠯᠭ᠋ᠠᠬᠤ ᠵᠢᠴᠢ ᠬᠣᠷᠢᠶᠠᠨ ᠳᠠᠷᠤᠭ᠎ᠠ ᠵᠢᠨ ᠣᠨ᠎ᠤ ᠪᠠ ᠲᠤᠰᠢᠶᠠᠯ᠎ᠤᠨ ᠬᠤᠭᠤᠴᠠᠭ᠋ᠠᠨ᠎ᠤ ᠬᠠᠷᠢᠭᠤᠴᠠᠯᠭ᠎ᠠ ᠵᠢ ᠬᠢᠨᠠᠨ ᠰᠢᠯᠭ᠋ᠠᠬᠤ ᠵᠢ ᠦᠷᠨᠢᠭᠥᠯᠥᠨᠡ; ᠰᠢᠶᠠᠨ᠎ᠤ ᠱᠠᠲᠤᠨ᠎ᠤ ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶᠠᠨ᠎ᠤ ᠪᠡᠶ᠎ᠡ᠎ᠪᠠᠨ ᠳᠠᠭ᠋ᠠᠭ᠋ᠠᠭᠰᠠᠨ ᠬᠠᠤᠯᠢ ᠵᠢᠨ ᠡᠷᠬᠡᠲᠡᠨ᠎ᠤ ᠪᠠᠢ᠌ᠷᠢ ᠰᠠᠭᠤᠷᠢ ᠪᠣᠯᠣᠨ ᠡᠵᠡᠩᠨᠡᠯᠲᠡ ᠬᠠᠮᠢᠶᠠᠷᠤᠯᠲᠠ ᠵᠢᠨ ᠡᠵᠡᠨ ᠮᠡᠳᠡᠬᠦ ᠡᠷᠬᠡ ᠵᠢ ᠨᠠᠢ᠌ᠳᠠᠪᠥᠷᠢᠵᠢᠭᠤᠯᠵᠦ᠂ ᠬᠤᠰᠢᠭᠤ ᠰᠢᠶᠠᠨ᠎ᠤ ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶ᠎ᠠ ᠵᠢ ᠵᠠᠰᠠᠭ ᠵᠠᠬᠢᠷᠭ᠋ᠠᠨᠴᠢᠯᠠᠬᠤ ᠵᠢ ᠲᠦᠯᠬᠢᠨ ᠠᠬᠢᠭᠤᠯᠵᠦ᠂ ᠡᠮᠨᠡᠯᠭᠡ ᠵᠢᠨ ᠬᠣᠷᠢᠶᠠᠨ᠎ᠤ ᠵᠠᠰᠠᠭ ᠵᠠᠬᠢᠷᠭ᠋ᠠᠨ᠎ᠤ ᠲᠡᠰᠢ ᠠᠯᠬᠤᠮ ᠠᠯᠬᠤᠮ ᠵᠶ᠋ᠠᠷ ᠦᠭᠡᠢ᠌ᠰᠭᠡᠨᠡ᠃
ᠬᠤ᠌ ᠸᠸᠨ ᠢ᠄ ᠭᠤᠷᠪᠠ᠎ᠳᠤ ᠡᠮ᠎ᠤᠨ ᠵᠦᠢ᠍ᠯ ᠬᠠᠩᠭ᠋ᠠᠬᠤ ᠪᠠᠲᠤᠯᠠᠭ᠎ᠠ ᠵᠢᠨ ᠳᠦᠷᠢᠮ᠎ᠢ ᠲᠡᠭᠥᠯᠳᠡᠷᠵᠢᠭᠥᠯᠬᠦ ᠲᠠᠯ᠎ᠠ᠎ᠪᠠᠷ᠂ ᠲᠣᠭᠲᠠᠭ᠋ᠠᠭᠰᠠᠨ ᠡᠮ᠎ᠤᠨ ᠵᠦᠢ᠍ᠯ᠎ᠢ ᠳᠠᠭ᠋ᠠᠭ᠋ᠠᠴᠢᠯᠠᠯᠲᠠ ᠣᠯᠣᠭᠰᠠᠨ ᠦᠢ᠍ᠯᠡᠳᠪᠥᠷᠢᠯᠡᠬᠦ ᠠᠵᠦ ᠠᠬᠤᠢ᠌ᠯᠠᠯ᠎ᠠᠴᠠ ᠰᠢᠭᠤᠳ ᠲᠣᠬᠢᠷᠠᠭᠤᠯᠤᠨ ᠬᠦᠷᠭᠡᠬᠦ ᠪᠤᠶᠤ ᠲᠣᠬᠢᠷᠠᠭᠤᠯᠤᠨ ᠬᠦᠷᠭᠡᠬᠦ ᠴᠢᠳᠠᠪᠥᠷᠢ᠎ᠲᠠᠢ ᠡᠵᠡᠩᠨᠡᠯᠲᠡ ᠵᠢᠨ ᠠᠵᠦ ᠠᠬᠤᠢ᠌ᠯᠠᠯ᠎ᠳᠤ ᠦᠪᠡᠷ ᠵᠶ᠋ᠠᠨ ᠨᠠᠢ᠌ᠳᠠᠵᠦ ᠵᠢᠭ᠋ᠠᠨ ᠲᠣᠭᠲᠠᠭ᠋ᠠᠭᠰᠠᠨ ᠡᠮᠨᠡᠯᠭᠡ ᠵᠢᠨ ᠬᠣᠷᠢᠶᠠᠨ᠎ᠳᠤ ᠲᠣᠬᠢᠷᠠᠭᠤᠯᠤᠨ ᠬᠦᠷᠭᠡᠯᠡᠭᠡᠵᠦ ᠪᠣᠯᠬᠤ ᠪᠦᠭᠡᠳ ᠵᠠᠪᠰᠠᠷ᠎ᠤᠨ ᠭᠣᠭᠴᠣᠭ᠎ᠠ ᠵᠢ ᠪᠠᠭ᠋ᠠᠰᠬᠠᠨ᠎ᠠ᠃ ᠠᠭᠯᠠᠭ ᠪᠣᠢ᠌ᠳᠠ᠂ ᠵᠠᠮ ᠬᠠᠷᠢᠯᠴᠠᠭ᠎ᠠ ᠲᠦᠬᠥᠮ ᠦᠭᠡᠢ ᠭᠠᠵᠠᠷ ᠣᠷᠣᠨ᠎ᠤ ᠡᠮ᠎ᠤᠨ ᠵᠦᠢ᠍ᠯ᠎ᠢ ᠲᠣᠬᠢᠷᠠᠭᠤᠯᠤᠨ ᠬᠦᠷᠭᠡᠬᠦ ᠶᠠᠪᠤᠳᠠᠯ᠎ᠢ ᠡᠯ᠎ᠡ ᠱᠠᠲᠤᠨ᠎ᠤ ᠡᠷᠡᠭᠥᠯ ᠬᠠᠮᠠᠭ᠋ᠠᠯᠠᠯ ᠲᠦᠯᠥᠪᠯᠡᠭᠡᠲᠦ ᠦᠷᠡᠵᠢᠯ᠎ᠤᠨ ᠰᠠᠯᠠᠭ᠎ᠠ ᠮᠦᠴᠢᠷ᠎ᠠᠴᠠ ᠬᠤᠯᠠ ᠣᠢ᠌ᠷ᠎ᠠ ᠵᠢ᠎ᠨᠢ ᠤᠶᠠᠯᠳᠤᠭᠤᠯᠬᠤ᠂ ᠬᠣᠲᠠ ᠬᠦᠳᠡᠭᠡ ᠵᠢ ᠬᠠᠮᠲᠤᠷᠠᠯᠴᠠᠭᠤᠯᠬᠤ ᠵᠠᠷᠴᠢᠮ᠎ᠤᠨ ᠶᠣᠰᠤᠭ᠋ᠠᠷ᠂ ᠲᠣᠬᠢᠷᠠᠭᠤᠯᠤᠨ ᠬᠦᠷᠭᠡᠬᠦ ᠵᠢᠨ ᠲᠦᠪᠯᠡᠷᠡᠴᠡ ᠵᠢ᠎ᠨᠢ ᠳᠡᠭᠡᠭᠰᠢᠯᠡᠭᠥᠯᠥᠨ᠂ ᠰᠢᠶᠠᠨ ᠰᠢᠶᠠᠩ ᠲᠣᠰᠬᠤᠨ᠎ᠢ ᠨᠢᠭᠡ ᠴᠣᠭᠴᠠᠵᠢᠭᠤᠯᠤᠨ ᠲᠣᠬᠢᠷᠠᠭᠤᠯᠤᠨ ᠬᠦᠷᠭᠡᠬᠦ ᠵᠢ ᠠᠯᠬᠤᠮ ᠠᠯᠬᠤᠮ ᠵᠶ᠋ᠠᠷ ᠪᠡᠶᠡᠯᠡᠭᠥᠯᠥᠨ᠎ᠡ᠃
ᠳᠦᠷᠪᠡ᠎ᠳᠤ ᠡᠮᠨᠡᠯᠭᠡ ᠵᠢᠨ ᠳᠠᠭ᠋ᠠᠳᠬᠠᠯ᠎ᠤᠨ ᠵᠠᠷᠤᠴᠠᠭᠤᠯᠭ᠎ᠠ ᠵᠢᠨ ᠳᠦᠷᠢᠮ᠎ᠢ ᠦᠭᠡᠷᠡᠴᠢᠯᠡᠬᠦ ᠲᠠᠯ᠎ᠠ᠎ᠪᠠᠷ᠂ ᠡᠪᠡᠳᠴᠢᠨ᠎ᠤ ᠲᠦᠷᠥᠯ ᠵᠶ᠋ᠠᠷ᠎ᠨᠢ ᠵᠠᠷᠤᠳᠠᠯ ᠦᠭᠬᠦ᠎ᠪᠠᠷ ᠭᠣᠣᠯ ᠪᠣᠯᠭ᠋ᠠᠨ᠂ ᠬᠦᠮᠥᠨ ᠵᠶ᠋ᠠᠷ᠎ᠨᠢ᠂ ᠣᠷᠣ ᠪᠠ ᠡᠳᠥᠷ ᠵᠶ᠋ᠠᠷ᠎ᠨᠢ ᠵᠡᠷᠭᠡ ᠨᠡᠢ᠌ᠯᠡᠮᠡᠯ ᠮᠠᠶᠢᠭ᠎ᠤᠨ ᠵᠠᠷᠤᠳᠠᠯ ᠦᠭᠬᠦ ᠠᠷᠭ᠎ᠠ ᠮᠠᠶᠢᠭ᠎ᠤᠨ ᠦᠭᠡᠷᠡᠴᠢᠯᠡᠯᠲᠡ ᠵᠢ ᠦᠷᠭᠥᠯᠵᠢᠯᠡᠨ ᠶᠠᠪᠤᠭᠤᠯᠬᠤ ᠬᠡᠷᠡᠭᠲᠡᠢ᠃ ᠡᠮᠴᠢᠯᠡᠭᠡᠨ᠎ᠤ ᠠᠷᠭ᠎ᠠ ᠵᠠᠮ᠎ᠤᠨ ᠬᠠᠮᠢᠶᠠᠷᠤᠯᠲᠠ ᠵᠢ ᠴᠢᠩᠭ᠋ᠠᠳᠬᠠᠨ᠂ ᠣᠨᠣᠰᠢᠯᠠᠨ ᠡᠮᠨᠡᠬᠦ ᠡᠪᠡᠳᠴᠢᠨ᠎ᠤ ᠲᠦᠷᠥᠯ᠎ᠤᠨ ᠬᠡᠪᠴᠢᠶ᠎ᠡ ᠵᠢ ᠲᠣᠳᠤᠷᠬᠠᠢ᠌ᠯᠠᠵᠦ᠂ ᠲᠣᠬᠢᠷᠠᠬᠤ ᠡᠮᠴᠢᠯᠡᠭᠡᠨ᠎ᠤ ᠠᠷᠭ᠎ᠠ ᠵᠠᠮ᠂ ᠵᠤᠷ᠎ᠢ ᠬᠠᠮᠲᠤᠷᠠᠭᠤᠯᠤᠨ ᠣᠨᠣᠰᠢᠯᠠᠨ ᠡᠮᠨᠡᠬᠦ ᠵᠢᠷᠤᠮᠵᠢᠯ᠎ᠢ ᠪᠠᠢ᠌ᠭᠤᠯᠤᠨ᠎ᠠ᠃
ᠲᠠᠪᠤ᠎ᠳᠤ ᠡᠮᠨᠡᠯᠭᠡ ᠵᠢᠨ ᠬᠣᠷᠢᠶᠠᠨ᠎ᠤ ᠬᠠᠮᠢᠶᠠᠷᠤᠯᠲᠠ ᠵᠢ ᠴᠢᠩᠭ᠋ᠠᠳᠬᠠᠬᠤ ᠲᠠᠯ᠎ᠠ᠎ᠪᠠᠷ᠂ ᠬᠣᠷᠢᠶᠠᠨ ᠳᠠᠷᠤᠭ᠎ᠠ ᠬᠠᠷᠢᠭᠤᠴᠠᠬᠤ ᠳᠦᠷᠢᠮ᠎ᠢ ᠨᠠᠢ᠌ᠳᠠᠪᠥᠷᠢᠵᠢᠭᠤᠯᠤᠨ᠂ ᠬᠣᠷᠢᠶᠠᠨ ᠳᠠᠷᠤᠭ᠎ᠠ ᠵᠢ ᠰᠢᠯᠢᠨ ᠳᠡᠪᠰᠢᠭᠥᠯᠵᠦ ᠲᠣᠮᠢᠯᠠᠨ ᠬᠡᠷᠡᠭᠯᠡᠬᠦ ᠳᠦᠷᠢᠮ ᠪᠠᠢ᠌ᠭᠤᠯᠤᠨ᠂ ᠬᠣᠷᠢᠶᠠᠨ ᠳᠠᠷᠤᠭ᠎ᠠ ᠵᠢ ᠲᠤᠰᠬᠠᠢ ᠠᠵᠢᠯ᠎ᠤᠨ ᠪᠣᠯᠭ᠋ᠠᠬᠤ ᠪᠠ ᠲᠤᠰᠬᠠᠢ᠌ᠵᠢᠭᠤᠯᠬᠤ ᠪᠠᠢ᠌ᠭᠤᠯᠤᠯᠲᠠ ᠵᠢ ᠲᠦᠯᠬᠢᠨ ᠠᠬᠢᠭᠤᠯᠵᠦ᠂ ᠬᠣᠷᠢᠶᠠᠨ ᠳᠠᠷᠤᠭ᠎ᠠ ᠵᠢᠨ ᠣᠷᠣᠯᠭ᠎ᠠ ᠵᠢ ᠡᠮᠨᠡᠯᠭᠡ ᠵᠢᠨ ᠬᠣᠷᠢᠶᠠᠨ᠎ᠤ ᠠᠵᠦ ᠠᠬᠤᠢ ᠵᠢᠨ ᠣᠷᠣᠯᠭᠠᠯᠤᠭᠠ ᠰᠢᠭᠤᠳ ᠬᠣᠯᠪᠤᠭᠳᠠᠭᠤᠯᠬᠤ ᠵᠢ ᠴᠢᠩᠭ᠎ᠠ ᠴᠠᠭ᠋ᠠᠵᠠᠯᠠᠬᠤ ᠬᠡᠷᠡᠭᠲᠡᠢ; ᠡᠮᠨᠡᠯᠭᠡ ᠵᠢᠨ ᠠᠵᠢᠯᠲᠠᠳ᠎ᠢ ᠦᠨᠡᠯᠡᠬᠦ ᠳᠦᠷᠢᠮ᠎ᠢ ᠲᠡᠭᠥᠯᠳᠡᠷᠵᠢᠭᠥᠯᠥᠨ᠂ ᠮᠡᠷᠭᠡᠵᠢᠯ᠎ᠤᠨ ᠴᠢᠳᠠᠪᠥᠷᠢ ᠪᠠ ᠦᠢ᠍ᠯᠡᠴᠢᠯᠡᠭᠡᠨ᠎ᠤ ᠶᠠᠰᠦ ᠴᠢᠨᠠᠷ᠎ᠤᠨ ᠬᠢᠨᠠᠨ ᠰᠢᠯᠭ᠋ᠠᠬᠤ ᠵᠢ ᠲᠣᠪᠣᠢ᠌ᠯᠭ᠋ᠠᠵᠦ᠂ ᠬᠢᠨᠠᠨ ᠰᠢᠯᠭ᠋ᠠᠭᠰᠠᠨ ᠦᠷ᠎ᠡ ᠳ᠋ᠦᠩ᠎ᠢ ᠡᠮᠨᠡᠯᠭᠡ ᠵᠢᠨ ᠠᠵᠢᠯᠲᠠᠳ᠎ᠢ ᠠᠵᠢᠯ᠎ᠤᠨ ᠪᠠᠢ᠌ᠷᠢ᠎ᠳᠤ ᠤᠷᠢᠨ ᠬᠡᠷᠡᠭᠯᠡᠬᠦ᠂ ᠮᠡᠷᠭᠡᠵᠢᠯ᠎ᠤᠨ ᠴᠤᠯᠠ ᠳᠡᠪᠰᠢᠭᠥᠯᠬᠦ᠂ ᠬᠤᠪᠢ ᠬᠦᠮᠥᠨ᠎ᠤ ᠴᠠᠯᠢᠩ ᠬᠦᠯᠥᠰᠦᠯᠦᠭᠡᠨᠢ ᠬᠣᠯᠪᠤᠭᠳᠠᠭᠤᠯᠵᠦ᠂ 《ᠡᠮ᠎ᠢ ᠬᠡᠲᠥᠷᠡᠲᠡᠯ᠎ᠡ ᠬᠡᠷᠡᠭᠯᠡᠬᠦ》᠂ 《ᠬᠡᠲᠥᠷᠡᠲᠡᠯ᠎ᠡ ᠡᠮᠨᠡᠨ ᠵᠠᠰᠠᠬᠤ》 ᠵᠡᠷᠭᠡ ᠠᠰᠠᠭᠤᠳᠠᠯ᠎ᠢ ᠰᠢᠢ᠍ᠳᠪᠥᠷᠢᠯᠡᠬᠦ ᠶᠠᠪᠤᠳᠠᠯ᠎ᠢ ᠠᠬᠢᠭᠤᠯᠤᠨ᠂ ᠡᠮᠨᠡᠯᠭᠡ ᠵᠢᠨ ᠠᠵᠢᠯᠲᠠᠳ᠎ᠤᠨ ᠠᠵᠢᠯ᠎ᠤᠨ ᠢᠳᠡᠪᠬᠢᠵᠢᠯ᠎ᠢ᠎ᠨᠢ ᠭᠦᠢ᠍ᠴᠡᠳ ᠳᠠᠢ᠌ᠴᠢᠯᠠᠨ᠎ᠠ᠃
ᠵᠢᠷᠭᠤᠭ᠎ᠠ᠎ᠳᠤ ᠳᠡᠭᠡᠳᠦ ᠱᠠᠲᠦ ᠪᠠ ᠳᠣᠣᠷᠠᠲᠦ ᠱᠠᠲᠦ᠎ᠪᠠᠷ ᠵᠶ᠋ᠠᠨ ᠬᠠᠮᠲᠤᠷᠠᠨ ᠬᠦᠳᠡᠯᠥᠯᠴᠡᠬᠦ ᠵᠢ ᠴᠢᠩᠭ᠋ᠠᠳᠬᠠᠬᠤ ᠲᠠᠯ᠎ᠠ᠎ᠪᠠᠷ᠂ ᠱᠠᠲᠦ ᠬᠤᠪᠢᠶᠠᠨ ᠣᠨᠣᠰᠢᠯᠠᠨ ᠡᠮᠨᠡᠬᠦ ᠳᠦᠷᠢᠮ ᠪᠠᠢ᠌ᠭᠤᠯᠬᠤ ᠵᠢ ᠲᠦᠯᠬᠢᠨ ᠠᠬᠢᠭᠤᠯᠵᠦ᠂ ᠰᠢᠶᠠᠨ᠂ ᠰᠢᠶᠠᠩ᠂ ᠲᠣᠰᠬᠤᠨ᠎ᠤ ᠡᠮᠨᠡᠯᠭᠡ ᠡᠷᠡᠭᠥᠯ ᠬᠠᠮᠠᠭ᠋ᠠᠯᠠᠯ᠎ᠤᠨ ᠪᠠᠢ᠌ᠭᠤᠯᠤᠮᠵᠢ ᠵᠢᠨ ᠴᠢᠳᠠᠮᠵᠢ ᠵᠢᠨ ᠣᠷᠣᠨ ᠪᠠᠢ᠌ᠷᠢ ᠪᠠ ᠦᠢ᠍ᠯᠡᠴᠢᠯᠡᠭᠡᠨ᠎ᠤ ᠴᠢᠳᠠᠪᠥᠷᠢ ᠵᠢᠨ ᠲᠣᠭᠣᠷᠢᠨ᠎ᠳᠤ᠂ ᠡᠯ᠎ᠡ ᠱᠠᠲᠤᠨ᠎ᠤ ᠡᠮᠨᠡᠯᠭᠡ ᠡᠷᠡᠭᠥᠯ ᠬᠠᠮᠠᠭ᠋ᠠᠯᠠᠯ᠎ᠤᠨ ᠪᠠᠢ᠌ᠭᠤᠯᠤᠮᠵᠢ ᠵᠢᠨ ᠣᠨᠣᠰᠢᠯᠠᠨ ᠡᠮᠨᠡᠬᠦ ᠭᠣᠣᠯ ᠡᠪᠡᠳᠴᠢᠨ᠎ᠤ ᠲᠦᠷᠥᠯᠢ ᠲᠣᠭᠲᠠᠭ᠋ᠠᠨ᠂ ᠡᠮᠨᠡᠯᠭᠡ᠎ᠳᠤ ᠣᠷᠣᠬᠤ ᠭᠠᠷᠬᠤ ᠪᠠ ᠰᠢᠯᠵᠢᠭᠥᠯᠥᠨ ᠣᠨᠣᠰᠢᠯᠠᠬᠤ ᠪᠠᠷᠢᠮᠵᠢᠶ᠎ᠠ ᠵᠢ ᠲᠣᠳᠤᠷᠬᠠᠢ᠌ᠯᠠᠵᠦ᠂ ᠦᠨᠳᠥᠰᠥᠨ ᠱᠠᠲᠦ ᠠᠩᠬ᠎ᠠ ᠣᠨᠣᠰᠢᠯᠠᠬᠤ᠂ ᠬᠣᠶᠠᠷ ᠲᠠᠯ᠎ᠠ᠎ᠪᠠᠷ ᠵᠶ᠋ᠠᠨ ᠰᠢᠯᠵᠢᠭᠥᠯᠥᠨ ᠣᠨᠣᠰᠢᠯᠠᠬᠤ᠂ ᠲᠦᠷᠭᠡᠨ ᠴᠢᠨᠠᠷᠲᠠᠢ ᠪᠠ ᠤᠳᠠᠭ᠋ᠠᠨ ᠴᠢᠨᠠᠷᠲᠠᠢ ᠡᠪᠡᠳᠴᠢᠨ᠎ᠢ ᠬᠣᠪᠢᠶᠠᠨ ᠵᠠᠰᠠᠬᠤ᠂ ᠳᠡᠭᠡᠳᠦ ᠱᠠᠲᠦ ᠪᠠ ᠳᠣᠣᠷᠠᠲᠦ ᠱᠠᠲᠦ᠎ᠪᠠᠷ ᠵᠶ᠋ᠠᠨ ᠬᠠᠮᠲᠤᠷᠠᠨ ᠬᠦᠳᠡᠯᠥᠯᠴᠡᠭᠰᠡᠨ ᠣᠨᠣᠰᠢᠯᠠᠨ ᠡᠮᠨᠡᠬᠦ ᠵᠠᠭᠪᠤᠷ᠎ᠢ ᠠᠯᠬᠤᠮ ᠠᠯᠬᠤᠮ ᠵᠶ᠋ᠠᠷ ᠪᠠᠢ᠌ᠭᠤᠯᠬᠤ ᠬᠡᠷᠡᠭᠲᠡᠢ᠃
ᠳᠣᠯᠤᠭ᠎ᠠ᠎ᠳᠤ ᠵᠣᠬᠢᠶᠠᠨ ᠪᠠᠢ᠌ᠭᠤᠯᠤᠨ ᠶᠠᠪᠤᠭᠳᠠᠭᠤᠯᠬᠤ ᠲᠠᠯ᠎ᠠ᠎ᠪᠠᠷ᠂ ᠡᠭᠥᠷᠭᠡ ᠬᠤᠪᠢᠶᠠᠷᠢᠯᠠᠭᠰᠠᠨ ᠲᠦᠰᠥᠯᠢ ᠴᠢᠩᠭ᠎ᠠ ᠨᠠᠢ᠌ᠳᠠᠪᠥᠷᠢᠵᠢᠭᠤᠯᠵᠦ᠂ ᠰᠠᠯᠠᠭ᠎ᠠ ᠮᠦᠴᠢᠷ᠎ᠤᠨ ᠬᠣᠭᠣᠷᠣᠨᠳᠦ ᠵᠢᠨ ᠬᠠᠮᠲᠤᠷᠠᠨ ᠬᠠᠮᠵᠢᠯᠴᠠᠬᠤ ᠵᠢ ᠴᠢᠩᠭ᠋ᠠᠳᠬᠠᠨ᠂ ᠦᠭᠡᠷᠡᠴᠢᠯᠡᠯᠲᠡ ᠵᠢᠨ ᠨᠡᠢ᠌ᠯᠡᠮᠡᠯ ᠬᠦᠴᠥ᠎ᠨᠢ ᠪᠣᠢ ᠪᠣᠯᠭ᠋ᠠᠬᠤ ᠬᠡᠷᠡᠭᠲᠡᠢ; ᠬᠢᠨᠠᠨ ᠵᠢᠯᠤᠭᠣᠳᠴᠦ ᠪᠠᠢ᠌ᠴᠠᠭ᠋ᠠᠬᠤ ᠵᠢ ᠴᠠᠭ ᠬᠤᠭᠤᠴᠠᠭ᠋ᠠᠨ᠎ᠳᠤ᠎ᠨᠢ ᠲᠣᠬᠢᠷᠠᠭᠤᠯᠤᠨ ᠦᠷᠨᠢᠭᠥᠯᠵᠦ᠂ ᠠᠰᠠᠭᠤᠳᠠᠯ᠎ᠢ ᠴᠠᠭ ᠲᠤᠬᠠᠢᠳᠤᠨᠢ ᠣᠯᠵᠦ ᠮᠡᠳᠡᠬᠦ ᠪᠠ ᠰᠢᠢ᠍ᠳᠪᠥᠷᠢᠯᠡᠨ᠂ ᠨᠡᠢ᠌ᠲᠡᠯᠢᠭ ᠵᠢᠱ᠌ᠢᠶ᠎ᠡ ᠪᠣᠢ ᠪᠣᠯᠭ᠋ᠠᠨ ᠳᠡᠯᠭᠡᠷᠡᠭᠥᠯᠬᠦ ᠬᠡᠷᠡᠭᠲᠡᠢ; ᠡᠯ᠎ᠡ ᠭᠠᠵᠠᠷ᠎ᠤᠨ᠎ᠬᠢᠨ᠎ᠤ ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶᠠᠨ᠎ᠤ ᠦᠭᠡᠷᠡᠴᠢᠯᠡᠯᠲᠡ ᠵᠢ ᠬᠤᠰᠢᠭᠤ ᠰᠢᠶᠠᠨ᠎ᠤ ᠠᠷᠠᠳ᠎ᠤᠨ ᠵᠠᠰᠠᠭ᠎ᠤᠨ ᠣᠷᠳᠤᠨ᠎ᠤ ᠠᠮᠵᠢᠯᠲᠠ ᠪᠦᠲᠥᠮᠵᠢ ᠵᠢ ᠬᠢᠨᠠᠨ ᠰᠢᠯᠭ᠋ᠠᠬᠤ ᠠᠭᠤᠯᠭ᠎ᠠ᠎ᠳᠠᠭᠠᠨ ᠣᠷᠣᠭᠤᠯᠵᠦ᠂ ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶ᠎ᠠ ᠵᠢ ᠬᠢᠨᠠᠨ ᠰᠢᠯᠭ᠋ᠠᠵᠦ ᠦᠨᠡᠯᠡᠬᠦ ᠶᠠᠪᠤᠳᠠᠯ᠎ᠢ ᠴᠢᠩᠭ᠋ᠠᠷᠠᠭᠤᠯᠬᠤ ᠵᠢ ᠢᠳᠡᠪᠬᠢᠲᠠᠢ᠎ᠪᠠᠷ ᠲᠦᠯᠬᠢᠨ ᠠᠬᠢᠭᠤᠯᠬᠤ ᠬᠡᠷᠡᠭᠲᠡᠢ᠃
ᠶᠡᠷᠥᠩᠬᠡᠢ᠎ᠳᠤᠨᠢ ᠠᠪᠴᠦ ᠬᠡᠯᠡᠪᠡᠯ᠂ ᠬᠤᠰᠢᠭᠤ ᠰᠢᠶᠠᠨ᠎ᠤ ᠠᠯᠪᠠᠨ᠎ᠠᠴᠠ ᠪᠠᠢ᠌ᠭᠤᠯᠤᠭᠰᠠᠨ ᠡᠮᠨᠡᠯᠭᠡ ᠵᠢᠨ ᠬᠣᠷᠢᠶᠠᠨ᠎ᠤ ᠦᠭᠡᠷᠡᠴᠢᠯᠡᠯᠲᠡ ᠪᠣᠯ ᠠᠷᠠᠳ᠎ᠤᠨ ᠠᠮᠢᠳᠤᠷᠠᠯ᠎ᠤᠨ ᠨᠢᠭᠡ ᠵᠦᠢ᠍ᠯ᠎ᠤᠨ ᠴᠢᠬᠤᠯᠠ ᠶᠡᠬᠡ ᠪᠦᠭᠡᠳ ᠪᠤᠳᠤᠯᠢᠶᠠᠨᠲᠠᠢ ᠢᠨᠵᠸᠨ᠋ᠸᠷᠢᠩ ᠪᠣᠯᠬᠤ ᠲᠤᠯᠠ᠂ ᠦᠭᠡᠷᠡᠴᠢᠯᠡᠯᠲᠡ ᠵᠢ ᠲᠦᠯᠬᠢᠨ ᠤᠷᠤᠭᠰᠢᠯᠠᠭᠤᠯᠬᠤ᠎ᠳᠤ ᠣᠯᠠᠨ ᠲᠠᠯ᠎ᠠ᠎ᠪᠠᠷ ᠵᠡᠷᠭᠡ᠎ᠳᠤ᠎ᠨᠢ ᠶᠠᠪᠤᠭᠳᠠᠭᠤᠯᠵᠦ᠂ ᠦᠭᠡᠷᠡᠴᠢᠯᠡᠯᠲᠡ ᠵᠢᠨ ᠠᠷᠭ᠎ᠠ ᠪᠠᠷᠢᠯ᠎ᠨᠢ ᠡᠮᠨᠡᠯᠭᠡ ᠵᠢᠨ ᠬᠣᠷᠢᠶᠠᠨ᠎ᠤ ᠨᠡᠢ᠌ᠲᠡ ᠵᠢᠨ ᠠᠰᠠᠷᠠᠮᠵᠢ ᠵᠢᠨ ᠴᠢᠨᠠᠷ᠎ᠢ ᠬᠠᠮᠠᠭ᠋ᠠᠯᠠᠬᠤ ᠬᠡᠷᠡᠭᠲᠡᠢ ᠮᠦᠷᠲᠡᠭᠡᠨ ᠪᠠᠰᠠ ᠡᠮᠨᠡᠯᠭᠡ ᠵᠢᠨ ᠠᠵᠢᠯᠲᠠᠳ᠎ᠤᠨ ᠢᠳᠡᠪᠬᠢᠵᠢᠯ᠎ᠢ ᠳᠠᠢ᠌ᠴᠢᠯᠠᠵᠦ᠂ ᠪᠠᠰᠠ ᠡᠮᠨᠡᠯᠭᠡ᠎ᠶᠢᠨ ᠬᠣᠷᠢᠶᠠᠨ᠎ᠤ ᠬᠦᠭᠵᠢᠯᠲᠡ ᠵᠢᠨ ᠦᠷᠭᠥᠯᠵᠢᠯᠡᠬᠦ ᠴᠢᠨᠠᠷ᠎ᠢ ᠪᠠᠲᠤᠯᠠᠬᠤ ᠬᠡᠷᠡᠭᠲᠡᠢ᠃ ᠪᠢᠲᠡ ᠰᠤᠳᠤᠯᠤᠯᠲᠠ ᠬᠢᠬᠦ᠎ᠪᠠᠨ ᠴᠢᠩᠭ᠋ᠠᠳᠬᠠᠨ᠂ ᠴᠦᠬᠥᠷᠡᠯ ᠦᠭᠡᠢ ᠴᠢᠷᠮᠠᠢ᠌ᠵᠦ᠂ ᠦᠭᠡᠷᠡᠴᠢᠯᠡᠯᠲᠡ ᠵᠢᠨ ᠬᠠᠷᠠᠯᠲᠠ ᠵᠢᠨ ᠱᠠᠭ᠋ᠠᠷᠳᠠᠯᠭ᠎ᠠ ᠵᠢ ᠡᠷᠲᠡᠬᠡᠨ ᠪᠡᠶᠡᠯᠡᠭᠥᠯᠬᠦᠪᠠᠷ ᠴᠢᠷᠮᠠᠢ᠌ᠨ᠎ᠠ᠃
ᠬᠦᠲᠥᠯᠥᠭᠴᠢ᠄ ᠲᠠᠨ᠎ᠤ ᠶᠠᠷᠢᠭᠰᠠᠨ ᠲᠣᠩ ᠮᠠᠭᠲᠠᠭᠤᠰᠢᠲᠠᠢ ᠪᠠᠢ᠌ᠨ᠎ᠠ᠃ ᠦᠭᠡᠷᠡᠴᠢᠯᠡᠯᠲᠡ ᠵᠢ ᠲᠦᠯᠬᠢᠨ ᠤᠷᠤᠭᠰᠢᠯᠠᠭᠤᠯᠬᠤ ᠡᠳᠡᠭᠡᠷ ᠠᠷᠭ᠎ᠠ ᠬᠡᠮᠵᠢᠶ᠎ᠡ᠎ᠨᠦᠭᠦᠳ ᠦᠨᠡᠬᠡᠷ ᠪᠤᠲᠠᠲᠠᠢ ᠮᠦᠷᠲᠡᠭᠡᠨ ᠲᠤᠰᠠᠲᠠᠢ᠃
ᠰᠦᠯᠵᠢᠶᠡᠨ᠎ᠤ ᠠᠨᠳᠠ ᠴᠡᠩᠬᠡᠷ ᠣᠭᠲᠠᠷᠭᠤᠢ ᠴᠠᠭ᠋ᠠᠨ ᠡᠭᠥᠯᠡ᠄ ᠬᠦᠮᠥᠰ᠎ᠤᠨ ᠬᠦᠰᠡᠵᠦ ᠪᠠᠢ᠌ᠭᠰᠠᠨ᠎ᠢ ᠬᠤ᠌ ᠡᠷᠬᠢᠯᠡᠭᠴᠢ ᠲᠠ ᠦᠨᠡᠬᠡᠷ ᠶᠠᠷᠢᠵᠦ ᠭᠠᠷᠭ᠋ᠠᠯ᠎ᠠ᠂ ᠠᠷᠠᠳ ᠣᠯᠠᠨ᠎ᠤ 《ᠡᠪᠡᠳᠴᠢᠨ ᠵᠶ᠋ᠠᠨ ᠦᠵᠡᠭᠥᠯᠬᠦᠳᠤ ᠬᠦᠴᠢᠷ ᠪᠠᠢ᠌ᠬᠤ᠂ ᠦᠨᠡᠲᠡᠢ ᠪᠠᠢ᠌ᠬᠤ》 ᠠᠰᠠᠭᠤᠳᠠᠯ ᠠᠯᠬᠤᠮ ᠠᠯᠬᠤᠮ ᠵᠶ᠋ᠠᠷ ᠰᠢᠢ᠍ᠳᠪᠥᠷᠢᠯᠡᠭᠳᠡᠬᠦ ᠶᠤᠮ ᠪᠠᠢ᠌ᠨ᠎ᠠ᠃
ᠬᠦᠲᠥᠯᠥᠭᠴᠢ᠄ ᠴᠠᠭ᠎ᠤᠨ ᠬᠠᠷᠠᠭ᠎ᠠ᠎ᠠᠴᠠ ᠪᠣᠯᠤᠭ᠋ᠠᠳ ᠦᠨᠥᠳᠥᠷ᠎ᠤᠨ ᠰᠤᠷᠪᠤᠯᠵᠢᠯᠠᠨ ᠶᠠᠷᠢᠯᠴᠠᠬᠤ᠎ᠪᠠᠨ ᠡᠨᠳᠡ ᠬᠦᠷᠭᠡᠶ᠎ᠡ᠃ ᠬᠤ᠌ ᠡᠷᠬᠢᠯᠡᠭᠴᠢ ᠶᠠᠭ᠋ᠠᠷᠠᠤ ᠪᠠᠢ᠌ᠲᠠᠯ᠎ᠠ᠎ᠪᠠᠨ ᠮᠠᠨ᠎ᠤ ᠰᠦᠯᠵᠢᠶᠡᠨ ᠳᠡᠭᠡᠷ᠎ᠡ ᠰᠤᠷᠪᠤᠯᠵᠢᠯᠠᠬᠤ ᠫᠷᠤᠭ᠌ᠷᠠᠮ᠎ᠳᠤ ᠮᠣᠷᠢᠯᠠᠨ ᠰᠠᠭ᠋ᠠᠲᠠᠭᠰᠠᠨ᠎ᠳᠤ ᠲᠠᠯᠠᠷᠬᠠᠵᠦ ᠪᠠᠢ᠌ᠬᠤ ᠵᠢᠨ ᠵᠡᠷᠭᠡᠴᠡᠪᠡᠷ ᠰᠦᠯᠵᠢᠶᠡᠨ ᠠᠨᠳᠠ ᠨᠠᠷ᠎ᠤᠨ ᠢᠳᠡᠪᠬᠢᠲᠠᠢ ᠣᠷᠣᠯᠴᠠᠵᠦ ᠠᠰᠠᠭᠤᠯᠲᠠ ᠠᠰᠠᠭᠤᠭᠰᠠᠨ᠎ᠳᠤ ᠲᠠᠯᠠᠷᠬᠠᠵᠦ ᠪᠠᠢ᠌ᠨ᠎ᠠ᠂ ᠦᠨᠥᠳᠥᠷ᠎ᠤᠨ ᠰᠤᠷᠪᠤᠯᠵᠢᠯᠠᠨ ᠶᠠᠷᠢᠯᠴᠠᠬᠤ ᠡᠨᠳᠡ ᠬᠦᠷᠥᠭᠡᠳ ᠳᠠᠭᠤᠰᠪᠠ᠂ ᠳᠠᠷᠠᠭ᠋ᠠᠴᠢ ᠵᠢᠨ ᠫᠷᠤᠭ᠌ᠷᠠᠮ᠎ᠳᠤ ᠵᠣᠯᠭ᠋ᠠᠶ᠎ᠠ᠃