ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠭᠥᠳᠡᠯᠭᠡᠭᠡᠨ᠎ᠤ ᠲᠠᠷᠠᠭ᠎ᠠ ᠶᠠᠭ᠋ᠠᠬᠢᠭ᠋ᠠᠳ ᠲᠡᠭᠰᠢᠯᠡᠬᠦ ᠭᠥᠳᠡᠯᠥᠯ᠎ᠢ ᠬᠢᠪᠡᠯ ᠵᠣᠬᠢᠰᠳᠠᠢ ᠪᠣᠢ?
ᠨᠡᠶ᠋ᠢᠲᠡᠯᠡᠭᠰᠡᠨ ᠴᠠᠭ᠄ 2021-10-28

    ᠲᠡᠭᠰᠢᠯᠡᠬᠦ ᠭᠥᠳᠡᠯᠥᠯ ᠪᠣᠯ ᠭᠥᠳᠡᠯᠭᠡᠭᠡᠨ᠎ᠤ ᠲᠠᠷᠠᠭ᠎ᠠ ᠶᠠᠪᠣᠭᠳᠠᠭᠤᠯᠬᠤ ᠨᠢᠬᠡ ᠲᠥᠷᠥᠯ᠎ᠤᠨ ᠭᠥᠳᠡᠯᠥᠯ ᠪᠠᠶ᠋ᠢᠵᠣ᠂ ᠬᠤᠷᠴᠠ ᠰᠢᠷᠣᠭᠦᠨ ᠭᠥᠳᠡᠯᠭᠡᠭᠡᠨ᠎ᠤ ᠪᠠᠶ᠋ᠢᠳᠠᠯ᠎ᠠᠴᠠ ᠨᠠᠮ ᠲᠠᠶ᠋ᠢᠪᠣᠩ ᠠᠮᠠᠷᠠᠯᠳᠠ ᠵᠢᠨ ᠪᠠᠶ᠋ᠢᠳᠠᠯ ᠪᠣᠯᠵᠣ ᠬᠤᠪᠢᠷᠠᠬᠤ᠎ᠳᠤ ᠲᠣᠭᠳᠠᠭᠤᠨ ᠰᠢᠯᠵᠢᠯᠳᠠ ᠵᠢ ᠬᠠᠩᠭ᠋ᠠᠬᠤ ᠪᠥᠭᠡᠳ ᠰᠢᠷᠥᠭᠦᠨ ᠭᠥᠳᠡᠯᠭᠡᠭᠡᠨ᠎ᠠᠴᠠ ᠪᠣᠯᠣᠭᠰᠠᠨ ᠣᠯᠠᠨ ᠠᠷᠪᠢᠨ ᠪᠡᠶ᠎ᠡ ᠮᠠᠬᠠᠪᠣᠳ᠎ᠤᠨ ᠵᠣᠬᠢᠴᠠᠯᠳᠣᠬᠤ ᠥᠭᠡᠢ ᠪᠣᠶᠣ ᠭᠡᠮᠳᠥᠭᠡᠬᠦ᠎ᠠᠴᠠ ᠵᠠᠶ᠋ᠢᠯᠠᠭᠤᠯᠬᠤ ᠶᠣᠮ᠃
    ᠥᠢ᠍ᠯᠡᠳᠣᠯ᠎ᠨᠢ᠄
    (1) ᠮᠡᠳᠡᠷᠡᠯ᠎ᠢ ᠨᠠᠮᠵᠢᠭᠤᠯᠵᠣ᠂ ᠣᠨᠳᠠᠬᠤ ᠵᠢ ᠠᠬᠢᠭᠤᠯᠳᠠᠭ᠃ ᠭᠥᠳᠡᠯᠭᠡᠭᠡᠨ ᠬᠢᠬᠦ ᠥᠶᠡᠰ ᠪᠡᠶ᠎ᠡ ᠮᠠᠬᠠᠪᠣᠳ ᠭᠥᠭᠡᠷᠣᠯᠳᠠ ᠵᠢᠨ ᠪᠠᠶ᠋ᠢᠳᠠᠯ᠎ᠳᠤ ᠣᠷᠣᠰᠢᠵᠣ᠂ ᠲᠡᠭᠰᠢᠯᠡᠬᠦ ᠭᠥᠳᠡᠯᠥᠯ ᠵᠶ᠋ᠠᠷ ᠲᠠᠮᠵᠢᠨ ᠵᠣᠬᠢᠴᠠᠭᠤᠯᠵᠣ᠂ ᠠᠭᠤᠵᠢᠭᠤ ᠲᠠᠯᠪᠢᠭᠤ ᠪᠠᠶ᠋ᠢᠳᠠᠯ᠎ᠳᠤ ᠭᠥᠷᠭᠡᠳᠡᠭ᠃
    (2) ᠢᠳᠡᠪᠬᠢᠳᠠᠢ ᠠᠮᠢᠰᠬᠤᠯ᠎ᠤᠨ ᠭᠥᠳᠡᠯᠭᠡᠭᠡᠨ᠎ᠢ ᠪᠠᠷᠢᠮᠳᠠᠯᠠᠵᠣ᠂ ᠭᠥᠢ᠍ᠴᠡᠳ ᠭᠡᠮᠵᠢᠶᠡᠨ᠎ᠤ ᠭᠥᠴᠢᠯᠳᠥ᠋ᠷᠣᠭ᠌ᠴᠢ ᠵᠢ ᠨᠥᠭᠦᠪᠥᠷᠢᠯᠡᠳᠡᠭ᠃
    (3) ᠲᠥᠷᠪᠡᠨ ᠮᠥᠴᠢ ᠥᠷᠭᠦᠯᠵᠢᠯᠡᠨ ᠭᠥᠳᠡᠯᠭᠡᠭᠡᠨ᠎ᠳᠤ ᠣᠷᠣᠯᠴᠠᠵᠣ᠂ ᠴᠢᠰᠣ ᠵᠢ ᠵᠢᠷᠣᠭᠡᠨ᠎ᠳᠤ ᠪᠣᠴᠠᠭ᠋ᠠᠵᠣ᠂ ᠭᠡᠨᠡᠳᠳᠠ ᠵᠢᠨ ᠴᠢᠨᠠᠷᠳᠠᠢ ᠭᠥᠳᠡᠯᠭᠡᠭᠡᠨ ᠵᠣᠭᠰᠣᠭᠰᠠᠨ᠎ᠠᠴᠠ ᠪᠣᠯᠣᠭᠰᠠᠨ ᠵᠢᠷᠣᠭᠡᠨ᠎ᠤ ᠴᠢᠰᠣ ᠲᠣᠳᠠᠭᠳᠠᠬᠤ᠂ ᠵᠢᠷᠣᠭᠡᠨ᠎ᠤ ᠲᠠᠪᠳᠠᠮᠵᠢ᠎ᠨᠢ ᠭᠡᠪ᠎ᠤᠨ ᠪᠣᠰᠣ ᠵᠡᠷᠭᠡ ᠡᠷᠡᠭᠦᠯ ᠪᠣᠰᠣ ᠲᠣᠰᠬᠠᠯ᠎ᠠᠴᠠ ᠵᠠᠶ᠋ᠢᠯᠠᠭᠤᠯᠬᠤ ᠶᠣᠮ᠃
    (4) ᠭᠥᠳᠡᠯᠭᠡᠭᠡᠨ᠎ᠠᠴᠠ ᠪᠣᠯᠣᠭᠰᠠᠨ ᠪᠣᠯᠴᠢᠩ᠎ᠤᠨ ᠱᠡᠷᠬᠢᠷᠠᠵᠣ ᠡᠪᠡᠳᠬᠦ ᠪᠡ ᠭᠥᠰᠢᠭᠦᠨ ᠪᠣᠯᠬᠤ ᠵᠢ ᠭᠥᠩᠭᠡᠷᠡᠭᠦᠯᠵᠣ᠂ ᠥᠶ᠎ᠡ ᠭᠡᠰᠢᠭᠦᠣ ᠵᠢ ᠬᠠᠮᠠᠭ᠋ᠠᠯᠠᠨ᠂ ᠥᠶ᠎ᠡ ᠭᠡᠰᠢᠭᠦᠨ᠎ᠤ ᠲᠠᠷᠣᠭ᠋ᠠᠰᠣ ᠵᠢ ᠪᠠᠭ᠋ᠠᠰᠬᠠᠳᠠᠭ᠃ ᠲᠡᠭᠰᠢᠯᠡᠬᠦ ᠭᠥᠳᠡᠯᠥᠯ᠎ᠢ ᠪᠠᠰᠨ ᠠᠭᠤᠵᠢᠭᠤ ᠲᠠᠯᠪᠢᠭᠤ ᠠᠯᠬᠤᠬᠤ ᠪᠣᠶᠣ ᠣᠳᠠᠭ᠋ᠠᠨ ᠭᠥᠶᠥᠬᠦ ᠵᠡᠷᠭᠡ ᠭᠥᠴᠥᠯᠡᠴᠨ᠎ᠪᠠᠷ ᠨᠡᠯᠢᠶᠡᠳ ᠪᠠᠭ᠎ᠠ ᠭᠥᠳᠡᠯᠭᠡᠭᠡᠨ᠎ᠢ ᠶᠠᠪᠣᠭᠳᠠᠭᠤᠯᠵᠣ ᠭᠥᠳᠡᠯᠭᠡᠭᠡᠨ᠎ᠳᠤ ᠣᠷᠣᠯᠴᠠᠭᠰᠠᠨ ᠪᠣᠯᠴᠢᠩ᠎ᠤᠳ᠎ᠢ ᠪᠥᠷᠢᠮᠥᠰᠣᠨ ᠲᠠᠳᠠᠨ ᠴᠢᠩᠭ᠋ᠠᠵᠣ᠂ ᠡᠯ᠎ᠡ ᠥᠶ᠎ᠡ ᠭᠡᠰᠢᠭᠦᠨ᠎ᠤ ᠣᠶᠠᠨ ᠬᠠᠳᠠᠨ ᠭᠤᠯᠭᠤᠮᠳᠠᠭ᠋ᠠᠢ ᠪᠠᠶ᠋ᠢᠬᠤ ᠵᠢ ᠪᠠᠳᠣᠯᠠᠵᠣ᠂ ᠭᠥᠨ ᠠᠮᠢᠰᠬᠤᠭ᠎ᠠ ᠠᠪᠴᠣ ᠪᠠᠴᠢᠮᠳᠠᠭᠰᠠᠨ ᠰᠠᠳᠬᠢᠯ ᠰᠠᠨᠠᠭ᠋ᠠᠨ᠎ᠤ ᠪᠠᠶ᠋ᠢᠳᠠᠯ᠎ᠢ ᠲᠣᠬᠢᠷᠠᠭᠤᠯᠳᠠᠭ᠃ ᠲᠡᠭᠰᠢᠯᠡᠬᠦ ᠭᠥᠳᠡᠯᠥᠯ ᠪᠠ ᠪᠡᠯᠡᠳᠭᠡᠯ ᠭᠥᠳᠡᠯᠥᠯ᠎ᠨᠢ ᠠᠳᠠᠯᠢᠬᠠᠨ ᠴᠢᠬᠤᠯᠨ ᠪᠠᠶ᠋ᠢᠵᠣ᠂ ᠣᠮᠳᠠᠭ᠋ᠠᠶ᠋ᠢᠯᠠᠵᠣ ᠪᠣᠯᠣᠰᠢ ᠥᠭᠡᠢ ᠶᠣᠮ᠃ ᠲᠡᠭᠰᠢᠯᠡᠬᠦ ᠭᠥᠳᠡᠯᠥᠯ᠎ᠢ ᠢᠳᠡᠪᠬᠢᠳᠡᠢ ᠰᠠᠶ᠋ᠢᠳᠣᠷ ᠬᠢᠵᠣ᠂ ᠭᠥᠮᠥᠨ᠎ᠤ ᠪᠡᠶ᠎ᠡ᠎ᠳᠤ ᠭᠥᠳᠡᠯᠭᠡᠭᠡᠨ᠎ᠤ ᠠᠴᠢ ᠲᠣᠰᠨ ᠵᠢ ᠭᠥᠷᠳᠡᠭᠡᠵᠣ᠂ ᠭᠥᠳᠡᠯᠭᠡᠭᠡᠨ ᠵᠣᠬᠢᠰ ᠥᠭᠡᠢ ᠪᠣᠯᠣᠭᠰᠠᠨ ᠣᠯᠠᠨ ᠠᠷᠪᠢᠨ ᠭᠡᠮᠳᠣᠯ ᠡᠭᠦᠰᠬᠦ᠎ᠠᠴᠠ ᠵᠠᠶ᠋ᠢᠯᠠᠭᠤᠯᠬᠤ ᠶᠣᠮ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠪᠡᠶ᠎ᠡ ᠵᠢᠨ ᠲᠠᠮᠢᠷ᠎ᠤᠨ ᠲᠤᠪᠴᠢᠶ᠎ᠡ
          
ᠬᠠᠮᠢᠶ᠎ᠡ ᠪᠦᠬᠦᠢ ᠰᠣᠨᠢᠨ
ᠲᠤᠭᠤᠢ ᠣᠨᠣᠬᠤ᠄ ᠪᠡᠶ᠎ᠠ ᠴᠢᠭᠢᠷᠠᠬ᠍ᠵᠢᠭᠤᠯᠬᠤ ᠤᠨᠴᠠ ᠰᠠᠶ᠋ᠢᠨ ᠬᠥᠳᠡᠯᠭᠡᠭᠡᠨ
ᠠᠯᠬᠤᠬᠤ᠎ᠨᠢ ᠤᠯᠠᠨ ᠵᠦᠢ᠍ᠯ᠎ᠤᠨ ᠦᠮᠠᠨ᠎ᠢ ᠰᠡᠷᠭᠡᠶ᠋ᠢᠯᠡᠨ᠎ᠡ
ᠪᠤᠯᠴᠢᠩ ᠬᠢᠭᠡᠳ ᠴᠡᠭᠡᠵᠢᠯᠡᠬᠦ ᠴᠢᠳᠠᠪᠤᠷᠢ
 ᠬᠡᠤᠬᠡᠤᠨ᠎ᠤᠨ ᠵᠠᠩ ᠠᠭ᠋ᠠᠰᠢ ᠵᠢ ᠲᠠᠮᠢᠷ᠎ᠤᠨ ᠬᠥᠳᠡᠯᠬᠡᠬᠡᠨ ᠨᠥᠯᠤᠬᠡᠯᠡᠳᠡᠭ
 ᠬᠦᠳᠡᠯᠭᠡᠭᠡᠨ ᠬᠢᠬᠦ ᠦᠬᠡᠢ ᠤᠳᠠᠭ᠋ᠠᠨ ᠰᠠᠭᠤᠪᠠᠯ ᠡᠷᠳᠡ ᠦᠳᠡᠯᠦᠨ᠎ᠠ
 
            