ᠮᠣᠩᠭᠤᠯ ᠪᠦᠬᠡ ᠬᠡᠴᠢᠨᠡᠡ ᠵᠠᠭᠤ ᠮᠢᠩᠭ᠋ᠠᠠ ᠵᠢᠯ᠎ᠤᠨ ᠲᠤᠷᠰᠢ ᠰᠢᠯᠢᠳᠡᠭᠵᠢᠨ ᠳᠡᠭᠦᠯᠳᠡᠷᠵᠢᠭᠡᠳ ᠡᠳᠦᠭᠡ᠎ᠳᠤ ᠬᠦᠷᠴᠦ ᠢᠷᠡᠭᠰᠡᠡ ᠶᠣᠮ᠃ ᠣᠲᠣ ᠵᠠᠷᠢᠮᠠᠳ᠎ᠨᠢ ᠠᠮᠠ ᠨᠡᠭᠡᠭᠡᠭᠰᠡᠭᠡᠷ 《᠁ ᠪᠦᠬᠡ ᠵᠢ ᠬᠦᠭᠵᠢᠭᠦᠯᠦᠨ᠎ᠡ》 ᠭᠡᠵᠤ ᠶᠠᠷᠢᠭ᠋ᠠᠳ ᠪᠠᠶ᠋ᠢᠬᠤ ᠶᠤᠮ᠃ ᠰᠢᠨᠡᠴᠢᠯᠡᠵᠦ ᠪᠠᠶ᠋ᠢᠨ᠎ᠠ ᠭᠡᠪᠡᠯ ᠤᠤᠷ ᠠᠭᠤᠯᠤᠭᠳᠠᠬᠤᠨ᠎ᠢ᠎ᠨᠢ ᠤᠷᠬᠢᠭᠳᠠᠭᠤᠯᠵᠦ ᠪᠠᠶ᠋ᠢᠨ᠎ᠠ ᠭᠡᠰᠡᠡ ᠶᠠᠪᠤᠳᠠᠯ᠃ ᠦᠩᠭᠡᠷᠡᠭᠰᠡᠡ᠎ᠳᠤ ᠵᠠᠷᠢᠮ ᠬᠦᠮᠦᠨ 《ᠪᠦᠬᠡ ᠵᠢᠨ ᠡᠮᠦᠰᠳᠡᠭ ᠪᠤᠯᠢᠭ᠋ᠠᠷᠢ ᠭᠤᠲᠤᠯ᠎ᠢ ᠵᠦᠭᠡᠯᠡᠡ ᠭᠤᠲᠤᠯ ᠪᠤᠯᠭ᠋ᠠᠨ᠎ᠠ᠂ ᠵᠤᠲᠤᠭ᠎ᠤᠨ ᠲᠤᠪᠤᠷᠤᠤ ᠵᠢ᠎ᠨᠢ ᠠᠪᠴᠦ ᠬᠠᠶᠠᠭ᠋ᠠᠳ ᠪᠦᠰ ᠵᠤᠳᠤᠭ ᠪᠤᠯᠭ᠋ᠠᠨ᠎ᠠ᠂ ᠵᠠᠩᠭᠢᠶ᠎ᠠ ᠵᠢ ᠪᠠᠷᠢᠯᠳᠤᠭ᠋ᠠᠠᠳᠤ ᠵᠡᠭᠦᠯᠭᠡᠬᠦ ᠦᠭᠡᠢ》 ᠭᠡᠮᠡᠬᠦ ᠮᠡᠳᠦ᠎ᠪᠠᠷ ᠪᠠᠭ᠍ᠠᠨ ᠤᠷᠤᠯᠳᠤᠯᠭ᠎ᠠ ᠬᠢᠵᠦ ᠪᠠᠶ᠋ᠢᠭᠰᠠᠠ ᠶᠤᠮ᠃ ᠰᠢᠯᠲᠠᠭ᠋ᠠᠠᠨᠢ ᠤᠯᠢᠮᠫᠢᠺ᠎ᠤᠨ ᠲᠠᠮᠢᠷ᠎ᠤᠨ ᠲᠦᠷᠦᠯ ᠵᠦᠢ᠍ᠯ᠎ᠤᠨ 《ᠰᠢᠷᠬᠠᠳᠤᠭᠤᠯᠬᠤ ᠦᠭᠡᠢ ᠭᠡᠮᠳᠦᠭᠡᠬᠦ ᠦᠭᠡᠢ ᠬᠤᠪᠴᠠᠰᠤ ᠬᠤᠨᠠᠷ᠎ᠲᠠᠢ ᠪᠠᠶ᠋ᠢᠬᠤ》 ᠭᠡᠰᠡᠡ ᠱᠠᠭ᠋ᠠᠷᠳᠠᠯᠭ᠎ᠠ᠎ᠳᠤ ᠵᠤᠬᠢᠴᠠᠭᠤᠯᠵᠦ ᠪᠠᠶ᠋ᠢᠬᠤ ᠶᠤᠮ ᠭᠡᠨ᠎ᠡ᠃ ᠰᠠᠶ᠋ᠢᠨ᠂ ᠵᠦᠪ ᠵᠦᠢ᠍ᠯ ᠪᠤᠯ ᠰᠢᠯᠭ᠋ᠠᠭᠲᠠᠠ ᠦᠯᠡᠳᠡᠵᠦ᠂ ᠠᠨᠠᠢ᠂ ᠨᠠᠵᠠᠭ᠋ᠠᠢ ᠵᠦᠢ᠍ᠯ ᠪᠤᠯ ᠤᠷᠬᠢᠭᠳᠠᠠ ᠭᠡᠭᠡᠭᠳᠡᠳᠡᠭ ᠤᠴᠢᠷ᠎ᠲᠠᠢ ᠶᠤᠮ ᠳ᠋ᠠ! ᠮᠤᠩᠭᠤᠯ ᠪᠦᠬᠡ ᠲᠤᠪᠤᠷᠤᠤ᠎ᠲᠦ ᠵᠤᠲᠤᠭ᠂ ᠲᠤᠷᠭ᠋ᠠᠠ ᠵᠠᠩᠭᠢᠶ᠎ᠠ᠂ ᠲᠤᠤᠱ᠌ᠤᠤ ᠭᠤᠲᠤᠯ ᠵᠡᠷᠭᠡ᠎ᠠᠴᠠ᠎ᠪᠠᠨ ᠵᠠᠶ᠋ᠢᠳᠠᠪᠠᠯ ᠦᠩᠭᠡ ᠲᠦᠷᠬᠦ᠎ᠪᠠᠨ ᠠᠯᠳᠠᠭ᠋ᠠᠳ ᠬᠦᠭ᠎ᠤᠨ ᠶᠠᠭᠤᠮ᠎ᠠ ᠪᠤᠯᠵᠦ ᠳᠠᠭᠤᠰᠤᠨ᠎ᠠ᠃
ᠮᠣᠩᠭᠤᠯ ᠪᠥᠬᠡ ᠵᠢᠨ ᠣᠷᠣᠰᠢᠯ ᠲᠣᠬᠳᠠᠨᠢᠯᠤᠨ ᠰᠠᠭᠤᠷᠢ ᠪᠣᠯᠣᠬᠰᠠᠨ ᠮᠦᠷᠲᠡᠭᠡᠨ ᠦᠷᠦᠭᠡᠯ ᠪᠤᠰᠤᠳ᠎ᠠᠴᠠ ᠡᠷᠡᠰ ᠢᠯᠭ᠋ᠠᠬᠳᠠᠭᠰᠠᠨ ᠥᠪᠡᠷᠮᠢᠴᠡ ᠣᠨᠴᠠᠯᠢᠭ᠎ᠢ᠎ᠨᠢ ᠤᠯᠠᠮ ᠪᠠᠬᠢᠵᠢᠭᠦᠯᠳ᠂ ᠦᠯᠦ ᠬᠦᠷᠦᠯᠴᠡᠬᠦ ᠲᠠᠯ᠎ᠠ ᠵᠢ᠎ᠨᠢ ᠡᠷᠡᠰ ᠰᠢᠢ᠍ᠳᠮᠡᠭᠡᠢ ᠥᠭᠡᠷᠡᠴᠢᠯᠡᠵᠦ ᠭᠦᠷᠦᠨ ᠲᠥᠷᠦ ᠪᠠ ᠳᠡᠯᠡᠬᠡᠢ ᠨᠡᠶ᠋ᠢᠳᠡ ᠵᠢᠨ ᠤᠷᠤᠯᠳᠤᠭ᠋ᠠᠨ᠎ᠳᠤ ᠡᠷᠳᠡ ᠨᠢᠭᠡᠨ ᠡᠳᠦᠷ ᠣᠷᠣᠯᠴᠠᠭᠤᠯᠬᠤ᠎ᠨᠢ ᠮᠣᠩᠭᠤᠯ ᠰᠤᠶᠤᠯ᠎ᠤᠨ ᠲᠠᠩᠰᠤᠬ ᠬᠦᠷᠦᠰᠦᠨ᠎ᠳᠤ ᠢᠳᠡᠯᠢᠭ ᠰᠢᠮ᠎ᠡ ᠬᠦᠷᠭᠡᠬᠦ ᠪᠣᠯᠣᠨ᠎ᠠ᠃ ᠮᠣᠩᠭᠤᠯ ᠪᠥᠬᠡ ᠪᠣᠯ ᠵᠥᠪᠬᠡᠨ ᠨᠢᠭᠡ ᠵᠦᠢ᠍ᠯ᠎ᠤᠨ ᠲᠠᠮᠢᠷ᠎ᠤᠨ ᠬᠥᠳᠡᠯᠭᠡᠭᠡᠨ ᠲᠡᠳᠤᠢ ᠪᠢᠰᠢ᠂ ᠮᠣᠩᠭᠤᠯ ᠪᠥᠬᠡ ᠪᠣᠯ ᠦᠨᠳᠦᠰᠦᠳᠡᠨ᠎ᠤ ᠤᠬᠠᠮᠰᠠᠷ᠂ ᠦᠨᠳᠦᠰᠦᠳᠡᠨ᠎ᠤ ᠰᠤᠶᠤᠯ ᠵᠶ᠋ᠠᠨ ᠬᠥᠭᠵᠢᠭᠦᠯᠤᠨ᠎ᠠ ᠭᠡᠰᠡᠨ ᠬᠠᠯᠭᠢᠮ᠎ᠠ ᠴᠠᠯᠭᠢᠮ᠎ᠠ ᠤᠬᠠᠮᠰᠠᠷ᠂ ᠬᠦᠰᠡᠯ ᠡᠷᠡᠮᠵᠡᠯᠡᠯ᠎ᠤᠨ ᠪᠡᠯᠭᠡ ᠳᠡᠮᠪᠡᠷᠢᠯ᠂ ᠳᠠᠭᠤ᠎ᠪᠠᠨ ᠨᠢᠭᠡᠳᠭᠡᠵᠦ ᠲᠤᠭᠳᠤᠷᠬᠤ ᠬᠦᠴᠤ᠎ᠪᠠᠨ ᠬᠠᠮᠳᠤᠳᠬᠠᠬᠤ ᠪᠠᠳᠤ ᠨᠢᠬᠳᠠᠷᠠᠯ᠎ᠤᠨ ᠬᠠᠳᠠᠭᠤ ᠴᠤᠤᠷᠢᠶ᠎ᠠ ᠪᠣᠯᠬᠤ ᠶᠣᠮ᠃
ᠣᠶ᠋ᠢᠷ᠎ᠠ ᠵᠢᠨ ᠵᠢᠯ᠎ᠠᠴᠠ ᠡᠬᠢᠯᠡᠨ᠂ ᠮᠣᠩᠭᠤᠯ ᠰᠤᠶᠤᠯ ᠵᠶ᠋ᠠᠨ ᠠᠪᠤᠷᠠᠨ᠎ᠠ ᠭᠡᠮᠡᠨ ᠮᠣᠩᠭᠤᠯ ᠵᠶ᠋ᠠᠨ ᠮᠡᠳᠡᠳᠡᠭ ᠮᠥᠷᠳᠡᠭᠡᠨ ᠮᠣᠩᠭᠤᠯ ᠰᠤᠶᠤᠯ ᠵᠶ᠋ᠠᠨ ᠰᠡᠷᠭᠦᠭᠡᠵᠦ ᠬᠥᠭᠵᠢᠭᠦᠯᠦᠨ᠎ᠠ ᠭᠡᠵᠦ ᠰᠠᠨᠠᠵᠦ ᠶᠠᠷᠢᠳᠠᠭ ᠯᠡ ᠲᠡᠳᠤᠢ ᠦᠭᠡᠢ ᠰᠡᠳᠬᠢᠵᠦ ᠪᠣᠳᠠᠳᠠᠢ᠎ᠪᠠᠷ ᠪᠥᠳᠦᠭᠡᠵᠦ ᠬᠢᠳᠡᠭ ᠬᠦᠮᠦᠰ᠎ᠤᠨ ᠣᠶ᠋ᠢᠭᠠ ᠦᠭᠡᠢ ᠴᠢᠷᠮᠠᠶ᠋ᠢᠯᠭ᠎ᠠ ᠴᠥᠬᠦᠷᠡᠰᠢ ᠦᠭᠡᠢ ᠣᠷᠣᠯᠳᠣᠯᠭ᠎ᠠ᠎ᠪᠠᠷ ᠮᠣᠩᠭᠤᠯ ᠪᠥᠬᠡ ᠮᠠᠨᠢ ᠰᠢᠯᠢ ᠵᠢᠨ ᠭᠤᠣᠯ ᠵᠶ᠋ᠠᠷ ᠭᠤᠣᠯᠳᠠᠭᠤ ᠪᠠᠷᠢᠯᠳᠣᠳᠠᠭ ᠪᠠᠶ᠋ᠢᠭᠰᠠᠨ ᠵᠶ᠋ᠠᠨ ᠦᠨᠦ ᠪᠥᠬᠦ ᠣᠷᠣᠨ᠎ᠤ ᠠᠶ᠋ᠢᠮᠠᠭ ᠬᠤᠰᠢᠭᠤᠳ ᠵᠶ᠋ᠠᠷ ᠲᠥᠭᠡᠵᠦ᠂ ᠨᠠᠶ᠋ᠢᠷ ᠨᠠᠭ᠋ᠠᠳᠤᠮ᠎ᠤᠨ ᠨᠢᠭᠡᠨ ᠭᠤᠣᠯ ᠠᠭᠤᠯᠭ᠎ᠠ ᠪᠣᠯᠣᠭᠰᠠᠨ ᠪᠠᠶᠠᠷᠯᠠᠭᠤᠰᠢᠳᠠᠢ ᠪᠠᠶ᠋ᠢᠳᠠᠯ ᠢᠯᠡᠷᠡᠭᠰᠡᠨ ᠪᠠᠶ᠋ᠢᠨ᠎ᠠ᠃ ᠪᠠᠶᠠᠷᠯᠠᠭᠤᠰᠢᠳᠠᠢ ᠭᠡᠳᠡᠭ᠎ᠤᠨ ᠣᠴᠢᠷ ᠰᠢᠯᠲᠠᠭ᠋ᠠᠨ᠎ᠨᠢ ᠨᠢᠭᠡ ᠵᠦᠢ᠍ᠯ᠎ᠤᠨ ᠪᠡᠶ᠎ᠡ ᠵᠢᠨ ᠲᠠᠮᠢᠷ᠎ᠤᠨ ᠬᠥᠳᠡᠯᠭᠡᠭᠡᠨ ᠭᠠᠵᠠᠷ ᠠᠪᠴᠦ ᠳᠡᠯᠭᠡᠷᠡᠭᠰᠡᠨ᠎ᠳᠤ ᠪᠠᠶ᠋ᠢᠭ᠎ᠠ ᠪᠢᠰᠢ᠃ ᠮᠣᠩᠭᠤᠯ ᠪᠥᠬᠡ ᠪᠣᠯ ᠵᠥᠪᠬᠡᠨ ᠨᠢᠭᠡ ᠵᠦᠢ᠍ᠯ᠎ᠤᠨ ᠲᠠᠮᠢᠷ᠎ᠤᠨ ᠬᠥᠳᠡᠯᠭᠡᠭᠡᠨ ᠲᠡᠳᠤᠢ ᠪᠢᠰᠢ᠂ ᠮᠣᠩᠭᠤᠯ ᠪᠥᠬᠡ ᠪᠣᠯ ᠦᠨᠳᠦᠰᠦᠳᠡᠨ᠎ᠤ ᠤᠬᠠᠮᠰᠠᠷ᠂ ᠦᠨᠳᠦᠰᠦᠳᠡᠨ᠎ᠤ ᠰᠤᠶᠤᠯ ᠵᠶ᠋ᠠᠨ ᠬᠥᠭᠵᠢᠭᠦᠯᠤᠨ᠎ᠠ ᠭᠡᠰᠡᠨ ᠬᠠᠯᠭᠢᠮ᠎ᠠ ᠴᠠᠯᠭᠢᠮ᠎ᠠ ᠤᠬᠠᠮᠰᠠᠷ᠂ ᠬᠦᠰᠡᠯ ᠡᠷᠡᠮᠵᠡᠯᠡᠯ᠎ᠤᠨ ᠪᠡᠯᠭᠡ ᠳᠡᠮᠪᠡᠷᠢᠯ᠂ ᠳᠠᠭᠤ᠎ᠪᠠᠨ ᠨᠢᠭᠡᠳᠭᠡᠵᠦ ᠲᠤᠭᠳᠤᠷᠬᠤ ᠬᠦᠴᠤ᠎ᠪᠠᠨ ᠬᠠᠮᠳᠤᠳᠬᠠᠬᠤ ᠪᠠᠳᠤ ᠨᠢᠬᠳᠠᠷᠠᠯ᠎ᠤᠨ ᠬᠠᠳᠠᠭᠤ ᠴᠤᠤᠷᠢᠶ᠎ᠠ ᠪᠣᠯᠬᠤ ᠶᠣᠮ᠃
ᠭᠡᠬᠦ᠎ᠳᠡᠭᠡᠨ ᠣᠶ᠋ᠢᠷ᠎ᠠ ᠵᠢᠨ ᠠᠷᠪᠠᠭ᠋ᠠᠳ ᠵᠢᠯ᠎ᠤᠨ ᠮᠣᠩᠭᠤᠯ ᠪᠥᠬᠡ ᠵᠢᠨ ᠥᠭᠡᠷᠡᠴᠢᠯᠡᠯᠳᠡ ᠪᠣᠯ ᠮᠣᠩᠭᠤᠯ ᠪᠥᠬᠡ᠎ᠪᠠᠨ ᠤᠯᠤᠰ ᠭᠦᠷᠦᠨ ᠪᠠ ᠳᠡᠯᠡᠬᠡᠢ ᠨᠡᠶ᠋ᠢᠳᠡ ᠵᠢᠨ ᠲᠠᠮᠢᠷ᠎ᠤᠨ ᠤᠷᠤᠯᠳᠤᠭ᠋ᠠᠨ᠎ᠤ ᠨᠥᠬᠦᠴᠡᠯ ᠪᠠᠷᠢᠮᠵᠢᠶ᠎ᠠ᠎ᠳᠤ ᠬᠦᠷᠭᠡᠬᠦ ᠡᠭᠦᠳᠡᠨ᠎ᠠᠴᠠ ᠶᠠᠪᠣᠭᠳᠠᠵᠦ ᠢᠷᠡᠭᠰᠡᠨ᠎ᠢ ᠰᠡᠳᠬᠢᠬᠦᠰᠢᠲᠡᠢ᠃ ᠮᠠᠨ᠎ᠤ ᠮᠣᠩᠭᠤᠯ ᠪᠥᠬᠡ᠎ᠳᠤ ᠣᠨᠤᠭ᠎ᠠ ᠲᠠᠭ᠋ᠠᠷᠠᠬᠰᠠᠨ ᠬᠤᠶᠠᠷ ᠪᠥᠬᠡ ᠴᠠᠭ ᠲᠣᠬᠳᠠᠭ᠋ᠠᠬᠤ ᠦᠭᠡᠢ᠎ᠪᠠᠷ ᠬᠤᠨᠣᠭᠤᠳᠠ ᠥᠨᠵᠢᠭᠦᠳᠠ ᠪᠠᠷᠢᠯᠳᠤᠵᠦ ᠪᠣᠯᠳᠠᠭ ᠤᠷᠤᠯᠳᠤᠭ᠋ᠠᠨ᠎ᠳᠤ ᠦᠯᠦ ᠵᠣᠬᠢᠴᠠᠬᠤ ᠨᠢᠭᠡᠨ ᠵᠠᠩᠰᠢᠯ ᠪᠣᠢ᠃ ᠡᠨᠡ ᠲᠠᠯ᠎ᠠ᠎ᠪᠠᠷ ᠪᠥᠬᠡ ᠰᠤᠳᠤᠯᠤᠭᠴᠢᠳ ᠣᠯᠠᠨ ᠶᠠᠩᠵᠦ᠎ᠪᠠᠷ ᠰᠡᠳᠭᠢᠵᠦ ᠲᠥᠮᠡᠨ ᠵᠦᠢ᠍ᠯ ᠵᠶ᠋ᠠᠷ ᠳᠤᠷᠰᠢᠵᠦ ᠪᠠᠶ᠋ᠢᠨ᠎ᠠ᠃ ᠡᠩ ᠲᠡᠷᠢᠭᠦᠨ᠎ᠳᠤ ᠴᠠᠭ᠋ᠠᠷᠢᠭ ᠵᠢᠷᠤᠵᠦ ᠤᠶᠠᠭ᠎ᠠ ᠪᠥᠬᠡ ᠵᠢᠨ ᠨᠢᠭᠡ᠎ᠨᠢ ᠨᠥᠭᠦᠭᠡ ᠡᠳᠡᠭᠡᠳ ᠵᠶ᠋ᠠᠨ ᠴᠠᠭ᠋ᠠᠷᠢᠭ᠎ᠠᠴᠠ ᠳᠦᠯᠬᠢᠨ ᠭᠠᠷᠭ᠋ᠠᠬᠤ ᠪᠤᠶᠤ ᠬᠠᠶᠠᠴᠢᠬᠠᠪᠠᠯ ᠳᠡᠶ᠋ᠢᠯᠦᠭᠰᠡᠨ ᠵᠶ᠋ᠠᠷ ᠪᠣᠲᠣᠲᠠᠬ᠃ ᠡᠨᠡ᠎ᠨᠢ ᠬᠤᠶᠠᠷ ᠤᠶᠠᠭ᠎ᠠ ᠪᠥᠬᠡ ᠬᠠᠷᠢᠯᠴᠠᠨ ᠨᠣᠣᠷᠠᠯᠲᠣᠭ᠋ᠠᠳ ᠲᠣᠩ ᠦᠵᠡᠮᠤᠷᠢ ᠮᠠᠭᠤᠳᠠᠢ ᠪᠣᠯᠵᠦ᠂ ᠦᠵᠡᠭᠴᠢᠳ ᠣᠯᠠᠨ᠎ᠳᠤ ᠭᠤᠸ᠎ᠠ ᠰᠠᠶ᠋ᠢᠬᠠᠨ᠎ᠤ ᠲᠠᠭ᠋ᠠᠰᠢᠶᠠᠯ ᠭᠦᠷᠳᠡᠭᠡᠵᠦ ᠴᠢᠳᠠᠳᠠᠭ ᠦᠭᠡᠢ᠎ᠨᠢ ᠮᠡᠳᠡᠭᠡᠵᠢ ᠵᠢᠨ ᠬᠡᠷᠡᠭ᠃ ᠣᠶ᠋ᠢᠷ᠎ᠠ ᠵᠢᠨ ᠬᠤᠶᠠᠷ ᠵᠢᠯ᠎ᠳᠤ ᠪᠠᠰᠠ ᠲᠣᠲᠤᠭᠤᠷ ᠲᠡᠪᠡᠷᠢᠭᠦᠯᠬᠦ ᠠᠷᠭ᠎ᠠ ᠰᠡᠳᠦᠭᠰᠡᠨ ᠪᠠᠶ᠋ᠢᠨ᠎ᠠ᠃ ᠲᠡᠷᠡ᠎ᠨᠢ ᠵᠣᠭᠤᠰ ᠰᠢᠳᠡᠭᠦᠯᠦᠨ ᠬᠡᠨ᠎ᠨᠢ ᠣᠷᠢᠳᠠᠪᠡᠷ ᠲᠣᠳᠤᠭᠤᠷ ᠲᠡᠪᠡᠷᠢᠬᠦ᠎ᠪᠠᠨ ᠲᠣᠬᠳᠠᠭ᠋ᠠᠵᠦ᠂ ᠲᠣᠳᠣᠭᠤᠷ ᠲᠡᠪᠡᠷᠢᠵᠦ ᠪᠠᠷᠢᠯᠳᠤᠭ᠋ᠠᠳ ᠪᠠᠰᠠ ᠢᠯᠭ᠋ᠠᠭᠤᠷᠢ ᠭᠠᠷᠬᠤ ᠦᠭᠡᠢ ᠪᠠᠷᠢᠴᠠ᠎ᠪᠠᠨ ᠠᠯᠳᠠᠪᠠᠯ ᠲᠠᠬᠢᠭ᠋ᠠᠳ ᠨᠥᠭᠦᠭᠡ᠎ᠨᠢ ᠲᠣᠳᠣᠭᠤᠷ ᠲᠡᠪᠡᠷᠢᠡ ᠪᠠᠷᠢᠯᠳᠤᠨ᠎ᠠ᠃ ᠡᠨᠡ ᠪᠣᠯ ᠦᠵᠡᠬᠦ᠎ᠳᠤ ᠵᠦᠭᠡᠷ ᠮᠦᠷᠲᠡᠭᠡᠨ ᠢᠯᠭ᠋ᠠᠭᠤᠷᠢ ᠭᠠᠷᠬᠤ᠎ᠨᠢ ᠴᠤ᠌ ᠲᠥᠷᠭᠡᠨ ᠪᠣᠯᠣᠮᠠᠷ ᠠᠷᠭ᠎ᠠ ᠮᠥᠨ᠃ ᠮᠣᠩᠭᠤᠯ ᠪᠦᠭᠡ ᠵᠢᠨ ᠪᠥᠳᠦᠮᠵᠢᠳᠡᠢ ᠥᠭᠡᠷᠡᠴᠢᠯᠡᠯᠳᠡ᠂ ᠤᠯᠤᠰ᠎ᠤᠨ ᠲᠣᠳᠣᠭ᠋ᠠᠳᠣ ᠭᠠᠳᠠᠭ᠋ᠠᠳᠤ ᠵᠢᠨ ᠮᠥᠷᠦ᠋ᠢ᠍ᠴᠡᠭᠡᠨ᠎ᠳᠤ ᠵᠣᠬᠢᠴᠠᠭᠤᠯᠤᠭᠰᠠᠨ ᠰᠢᠢ᠍ᠳᠪᠤᠷᠢᠳᠦ ᠥᠭᠡᠷᠡᠴᠢᠯᠡᠯᠳᠡ ᠮᠦᠨ ᠭᠡᠵᠦ ᠬᠡᠯᠡᠵᠦ ᠪᠣᠯᠣᠮᠠᠷ᠃ ᠡᠨᠡ᠎ᠨᠢ ᠮᠣᠩᠭᠤᠯ ᠪᠥᠬᠡ ᠵᠢᠨ ᠥᠪᠡᠷᠮᠢᠴᠡ ᠣᠨᠴᠠᠯᠢᠭ᠎ᠢ ᠨᠥᠯᠥᠬᠡᠯᠡᠭᠰᠡᠨ ᠦᠭᠡᠢ᠂ ᠬᠠᠮᠤᠭ᠎ᠤᠨ ᠰᠢᠯᠢᠳᠡᠭ ᠰᠤᠩᠭᠤᠯᠳᠠ᠎ᠳᠤ ᠲᠣᠭ᠋ᠠᠴᠠᠬᠳᠠᠨᠠ ᠭᠡᠵᠦ ᠪᠢᠳᠡ ᠰᠠᠨᠠᠵᠦ ᠪᠠᠶ᠋ᠢᠨ᠎ᠠ᠃
ᠣᠳᠣ ᠬᠤᠰᠢᠭᠤ ᠠᠶ᠋ᠢᠮᠠᠭ ᠣᠷᠣᠨ᠎ᠤ ᠵᠠᠷᠢᠮ ᠤᠷᠤᠯᠳᠤᠭ᠋ᠠᠨ᠎ᠳᠠᠭᠠᠨ ᠲᠡᠭᠡᠷ᠎ᠡ ᠨᠠᠢ᠍ᠮᠠ᠎ᠳᠤ ᠲᠡᠪᠢᠭᠰᠡᠨ ᠪᠥᠬᠡ᠎ᠪᠠᠨ ᠳᠤᠭᠤᠷ᠎ᠠ ᠪᠠᠷᠢᠯᠳᠤᠭᠤᠯᠵᠦ ᠪᠠᠶ᠋ᠢᠨ᠎ᠠ᠃ ᠮᠢᠨᠤ ᠦᠵᠡᠬᠦ᠎ᠪᠠᠷ ᠡᠨᠡ ᠪᠣᠯ ᠮᠠᠭᠤ ᠡᠬᠢᠯᠡᠯᠳᠡ᠂ ᠬᠠᠵᠠᠭ᠋ᠠᠢ ᠦᠭᠡᠷᠡᠴᠢᠯᠡᠯᠳᠡ ᠮᠥᠨ᠃ ᠨᠢᠭᠡ ᠯᠡ ᠪᠠᠷᠢᠯᠳᠤᠭ᠎ᠠ᠎ᠪᠠᠷ ᠢᠯᠠᠵᠦ ᠢᠯᠠᠭᠳᠠᠭᠰᠠᠨ ᠵᠶ᠋ᠠᠨ ᠲᠣᠬᠳᠠᠭ᠋ᠠᠳᠠᠭ ᠪᠤᠯ ᠤᠳᠠᠭ᠋ᠠᠨ ᠣᠨ᠎ᠤ ᠲᠡᠦᠬᠡᠳᠦ ᠮᠣᠩᠭᠤᠯ ᠪᠥᠬᠡ ᠵᠢᠨ ᠨᠢᠬᠡ ᠦᠨᠳᠦᠰᠦᠨ ᠣᠨᠴᠠᠯᠢᠭ ᠮᠥᠨ᠃ ᠡᠨᠡᠬᠦ ᠦᠨᠳᠦᠰᠦᠨ ᠣᠨᠴᠠᠯᠢᠭ᠎ᠢ ᠦᠭᠡᠶ᠋ᠢᠰᠭᠡᠵᠦ ᠶᠠᠭ᠋ᠠᠬᠢᠬᠰᠠᠨ ᠴᠤ᠌ ᠪᠣᠯᠬᠤ ᠦᠭᠡᠢ! ᠨᠢᠭᠡ ᠯᠡ ᠪᠠᠷᠢᠯᠳᠤᠭ᠎ᠠ᠎ᠪᠠᠷ ᠢᠯᠠᠵᠦ ᠢᠯᠠᠬᠳᠠᠬᠰᠠᠨ ᠵᠶ᠋ᠠᠨ ᠲᠣᠬᠳᠠᠭ᠋ᠠᠬᠤᠨᠢ ᠣᠳᠣ ᠦᠶ᠎ᠡ ᠵᠢᠨ ᠤᠷᠤᠯᠳᠤᠭ᠋ᠠᠨ᠎ᠢ ᠬᠢᠯᠭ᠋ᠠᠰᠤᠨ ᠲᠡᠳᠤᠢ ᠴᠦ᠍ ᠬᠠᠷᠰᠢᠯᠠᠬᠤ ᠦᠭᠡᠢ ᠪᠠᠶ᠋ᠢᠳᠠᠯ᠎ᠠ ᠶᠠᠮᠠᠷ ᠵᠣᠷᠢᠯᠭ᠎ᠠ᠎ᠪᠠᠷ ᠬᠥᠩᠭᠡᠨ ᠬᠠᠭᠤᠳᠠᠮ ᠵᠶ᠋ᠠᠷ ᠥᠭᠡᠷᠡᠴᠢᠯᠡᠵᠦ ᠪᠠᠶ᠋ᠢᠭ᠎ᠠ ᠪᠣᠢ᠃ ᠬᠠᠶᠠ ᠵᠠᠷᠢᠮ ᠦᠨᠳᠦᠰᠦᠳᠡᠨ᠎ᠤ ᠪᠥᠬᠡ ᠪᠠᠷᠢᠯᠲᠣᠭ᠋ᠠᠨᠳᠤ ᠬᠡᠳᠣᠨ ᠮᠢᠨᠦ᠋ᠲ ᠵᠶ᠋ᠠᠷ ᠬᠢᠵᠠᠭ᠋ᠠᠷᠯᠠᠵᠦ᠂ ᠲᠡᠷᠡ ᠬᠤᠭᠤᠴᠠᠭ᠋ᠠᠨ᠎ᠳᠤ᠎ᠨᠢ ᠬᠡᠳᠤ ᠤᠳᠠᠭ᠎ᠠ ᠴᠢᠨᠠᠬᠰᠢᠯᠠᠪᠠᠯ ᠳᠦᠷᠪᠡ ᠲᠠᠪᠣᠨ ᠤᠳᠠᠭ᠎ᠠ ᠪᠠᠷᠢᠯᠳᠤᠵᠦ ᠪᠣᠯᠳᠠᠭ᠃ ᠪᠢᠲᠡ ᠡᠭᠦᠨ᠎ᠢ ᠳᠠᠭᠤᠷᠢᠶᠠᠵᠦ ᠪᠠᠶ᠋ᠢᠨ᠎ᠠ ᠭᠡᠵᠢ ᠤᠤ? ᠶᠠᠭᠤᠮ᠎ᠠ ᠵᠢ ᠨᠠᠷᠢᠨ ᠨᠢᠬᠳᠠᠯᠠᠳᠠᠭ ᠦᠭᠡᠢ ᠵᠠᠷᠢᠮ ᠬᠦᠮᠦᠰ ᠮᠣᠩᠭᠤᠯ ᠪᠦᠭᠡ ᠵᠢᠨ ᠨᠢᠭᠡ ᠯᠡ ᠪᠠᠷᠢᠯᠳᠤᠭ᠎ᠠ᠎ᠪᠠᠷ ᠳᠡᠶ᠋ᠢᠯᠵᠦ ᠳᠡᠶ᠋ᠢᠯᠦᠭᠳᠡᠭᠰᠡᠨ ᠵᠶ᠋ᠠᠨ ᠲᠣᠬᠳᠠᠭ᠋ᠠᠬᠤᠨᠢ ᠰᠠᠶ᠋ᠢᠨ ᠪᠥᠬᠡ ᠭᠡᠨᠡᠳᠡᠬᠦ ᠠᠶᠤᠯᠲᠠᠢ᠂ ᠳᠤᠭᠤᠷ᠎ᠠ ᠪᠠᠷᠢᠯᠳᠤᠭ᠋ᠠᠨ ᠪᠣᠯ ᠰᠠᠶᠢ ᠵᠢᠩᠬᠢᠨᠢ ᠰᠠᠶ᠋ᠢᠨ ᠪᠥᠬᠡ ᠵᠢ ᠰᠢᠯᠭ᠋ᠠᠷᠠᠭᠤᠯᠵᠦ ᠴᠢᠳᠠᠨ᠎ᠠ ᠭᠡᠵᠦ ᠬᠡᠯᠡᠳᠡᠭ᠃ ᠦᠨᠡᠨ᠎ᠳᠡᠭᠡᠨ ᠡᠨᠡ ᠪᠣᠯ ᠦᠨᠳᠦᠰᠦ ᠪᠠᠷᠢᠮᠳᠠ ᠦᠭᠡᠢ ᠦᠵᠡᠯᠳᠡ ᠪᠣᠯᠬᠤ ᠶᠣᠮ᠃ 《ᠪᠥᠬᠡ ᠪᠦᠳᠦᠭᠦᠨ ᠡᠪᠡᠰᠤᠨ᠎ᠳᠤ ᠪᠦᠳᠦᠷᠢᠨᠠ》 ᠭᠡᠭᠴᠢ᠎ᠪᠠᠷ ᠪᠦᠭᠡ ᠬᠦᠮᠦᠨ᠎ᠳᠤ ᠠᠪᠴᠦ ᠬᠡᠯᠡᠪᠡᠯ᠂ ᠬᠠᠶᠠ ᠭᠡᠨᠡᠳᠡᠬᠦ ᠶᠠᠪᠤᠳᠠᠯ ᠵᠠᠶ᠋ᠢᠯᠠᠰᠢ ᠦᠭᠡᠢ ᠭᠠᠷᠤᠨ᠎ᠠ᠃ ᠭᠡᠪᠡᠴᠤ ᠤᠳᠠᠭ᠎ᠠ ᠳᠠᠷᠠᠭ᠎ᠠ ᠣᠶ᠋ᠢᠴᠢᠭ᠋ᠠᠳ ᠪᠠᠶ᠋ᠢᠪᠠᠯ ᠭᠡᠨᠡᠳᠡᠯ ᠪᠢᠰᠢ ᠬᠠᠷᠢᠨ ᠴᠢᠳᠠᠯ ᠮᠡᠷᠭᠡᠵᠢᠯ ᠲᠤᠳᠠᠭᠤ ᠵᠢᠨ ᠬᠢᠨᠢ᠂ ᠶᠠᠭ ᠡᠶ᠋ᠢᠮᠦ᠎ᠪᠠᠷ ᠵᠶ᠋ᠠᠨ ᠮᠠᠨᠠᠶ᠋ᠢᠬᠢᠨᠳᠤ ᠠᠷᠪᠠᠭ᠋ᠠᠳ ᠵᠢᠯ᠎ᠤᠨ ᠲᠣᠷᠰᠢ ᠪᠥᠷ ᠦᠵᠦ ᠵᠠᠢ᠎ᠳᠤ ᠶᠠᠪᠤᠳᠠᠭ ᠪᠥᠬᠡ ᠵᠥᠩᠳᠡᠭᠡᠨ ᠬᠠᠷᠠᠬᠳᠠᠳᠠᠭ ᠪᠠᠶ᠋ᠢᠬᠰᠠᠨ ᠪᠢᠰᠢᠦ᠃ ᠴᠢᠨᠠᠬᠰᠢᠯᠠᠪᠠᠯ ᠨᠠᠰᠤᠨ᠎ᠳᠠᠭᠠᠨ ᠭᠠᠭᠴᠠᠬᠠᠨ ᠬᠠᠶᠠᠬᠳᠠᠬᠰᠠᠨ ᠵᠤᠭᠰᠤᠭ᠎ᠠ ᠪᠥᠬᠡ ᠴᠤ᠌ ᠭᠠᠷᠴᠤ ᠪᠠᠶ᠋ᠢᠬᠰᠠᠨ ᠶᠤᠮ᠃ ᠲᠡᠶ᠋ᠢᠮᠦ᠎ᠪᠠᠷ ᠵᠶ᠋ᠠᠨ ᠳᠣᠭᠤᠷᠠ ᠪᠠᠷᠢᠯᠳᠣᠭᠤᠯᠬᠤ ᠮᠠᠭᠤ ᠡᠬᠢᠯᠡᠯᠳᠡ ᠬᠠᠵᠠᠭ᠋ᠠᠢ ᠥᠭᠡᠷᠡᠴᠢᠯᠡᠯᠳᠡ ᠵᠢ ᠲᠠᠰᠤ ᠵᠣᠬᠰᠣᠭ᠋ᠠᠬᠰᠠᠨᠨᠢ ᠳᠡᠭᠡᠷ᠎ᠡ᠃
ᠣᠶ᠋ᠢᠷ᠎ᠠ᠎ᠳᠤ ᠵᠠᠷᠢᠮ ᠬᠤᠰᠢᠭᠤ ᠠᠶ᠋ᠢᠮᠠᠭ ᠨᠠᠶ᠋ᠢᠷ ᠬᠢᠬᠦ᠎ᠳᠡᠭᠡᠨ ᠪᠥᠬᠡ᠎ᠪᠠᠨ ᠨᠣᠳᠤᠭ᠎ᠤᠨ ᠪᠥᠬᠡ ᠪᠠ ᠭᠠᠳᠠᠨ᠎ᠠ ᠵᠢᠨ ᠪᠥᠬᠡ ᠭᠡᠵᠦ ᠬᠤᠪᠢᠶᠠᠨ ᠪᠠᠷᠢᠯᠳᠤᠭᠤᠯᠬᠤ ᠪᠣᠯᠪᠠ᠃ ᠡᠨᠡ ᠪᠣᠯ ᠪᠠᠰᠠ ᠰᠣᠯᠣᠭ᠋ᠠᠢ ᠪᠣᠳᠣᠯ᠂ ᠱᠤᠳᠤᠷᠠᠭᠠ ᠬᠢᠳᠡᠯ ᠮᠥᠨ᠃ ᠡᠨᠡ ᠪᠣᠯ ᠬᠤᠰᠢᠭᠤ ᠠᠶ᠋ᠢᠮᠠᠭ ᠭᠦᠷᠦᠨ ᠲᠥᠷᠦ ᠭᠡᠵᠦ ᠢᠯᠭ᠋ᠠᠯ ᠦᠭᠡᠢ ᠪᠦᠬᠦᠨ᠎ᠢ ᠤᠬᠳᠤᠨ ᠣᠷᠣᠯᠴᠠᠭᠤᠯᠳᠠᠭ ᠮᠣᠩᠭᠤᠯ ᠪᠥᠭᠡ ᠵᠢᠨ ᠴᠢᠬᠤᠯᠠ ᠣᠨᠴᠠᠯᠢᠭ᠎ᠠᠴᠠ ᠳᠡᠷᠰᠯᠡᠭᠰᠡᠨ ᠶᠠᠪᠤᠳᠠᠯ ᠪᠣᠯᠣᠨ᠎ᠠ᠃ ᠡᠬᠦᠨ᠎ᠳᠤ ᠨᠤᠳᠤᠭ᠎ᠤᠨ ᠪᠦᠭᠡ ᠪᠠ ᠭᠠᠳᠠᠨ᠎ᠠ ᠵᠢᠨ ᠪᠦᠭᠡ ᠭᠡᠵᠦ ᠬᠤᠪᠢᠶᠠᠵᠦ ᠪᠠᠷᠢᠯᠳᠤᠭᠤᠯᠬᠤ ᠵᠢᠨ ᠨᠠᠷᠢᠨ ᠣᠴᠢᠷ᠎ᠨᠢ ᠶᠠᠭᠤ ᠪᠣᠢ? ᠮᠠᠭ᠋ᠠᠳᠯᠠᠪᠠᠯ ᠬᠤᠶᠠᠷ ᠪᠣᠯᠣᠮᠵᠢ ᠪᠠᠶ᠋ᠢᠵᠦ ᠮᠡᠳᠡᠨ᠎ᠡ᠃ ᠨᠢᠭᠡ᠎ᠳᠤ᠂ ᠨᠤᠳᠤᠭ᠎ᠤᠨ ᠪᠥᠬᠡ᠎ᠪᠠᠨ ᠳᠡᠭᠡᠷ᠎ᠡ ᠨᠠᠢ᠍ᠮᠠ᠎ᠳᠤ ᠲᠡᠪᠢᠬᠦᠯᠦᠨ᠂ ᠱᠠᠩ ᠣᠯᠭᠤᠨ ᠪᠠᠶᠠᠰᠬᠠᠵᠦ᠂ ᠨᠤᠳᠤᠭ᠎ᠤᠨ ᠵᠠᠯᠠᠭᠤ ᠪᠥᠭᠡᠴᠤᠳ ᠵᠶ᠋ᠠᠨ ᠬᠥᠭᠵᠢᠭᠡᠨ ᠤᠷᠮᠠᠰᠢᠭᠤᠯᠬᠤ ᠭᠡᠰᠡᠨ ᠰᠠᠨᠠᠭ᠎ᠠ᠎ᠲᠠᠢ ᠪᠠᠶ᠋ᠢᠵᠦ ᠮᠠᠭ᠋ᠠᠳ᠃ ᠦᠭᠡᠷ᠎ᠡ ᠨᠢᠭᠡ ᠣᠳᠬ᠎ᠠ᠎ᠨᠢ ᠪᠥᠭᠡ ᠵᠢᠨ ᠱᠠᠩ᠎ᠲᠠᠢ ᠶᠡᠭᠡ ᠯᠡ ᠬᠤᠯᠪᠣᠭ᠎ᠠ᠎ᠲᠠᠢ ᠪᠠᠶ᠋ᠢᠵᠦ ᠮᠡᠳᠡᠨ᠎ᠠ᠃ ᠲᠣᠬᠠᠢ᠍ᠢ᠍ᠯᠠᠪᠠᠯ ᠲᠡᠭᠡᠷ᠎ᠡ ᠨᠠᠢ᠍ᠮᠠ ᠵᠢᠨ ᠱᠠᠩᠢ ᠭᠠᠳᠠᠨ᠎ᠠ ᠵᠢᠨ ᠬᠦᠮᠦᠨ᠎ᠳᠤ ᠪᠥᠭᠦᠳᠡ ᠵᠢ ᠥᠭᠬᠦ᠎ᠠᠴᠠ ᠵᠠᠶ᠋ᠢᠯᠠᠰᠬᠢᠵᠦ᠂ ᠨᠤᠳᠤᠭᠤᠨᠬᠢᠨᠳᠡᠭᠡᠨ ᠣᠯᠭᠤᠬᠤ ᠭᠡᠰᠡᠨ ᠨᠣᠲᠣᠬ᠍ᠴᠢ ᠠᠮᠢᠨᠴᠢᠷ ᠤᠬᠠᠭ᠋ᠠᠨ ᠪᠣᠯᠬᠤ ᠶᠣᠮ᠃ ᠮᠣᠩᠭᠤᠯᠴᠣᠳ ᠬᠠᠶ᠋ᠢᠯᠵᠦ ᠤᠬᠢᠯᠠᠵᠦ ᠪᠠᠶ᠋ᠢᠮᠠᠨ ᠬᠦᠮᠦᠨ ᠪᠣᠯᠵᠦ᠂ ᠬᠠᠶᠠᠬᠳᠠᠵᠦ ᠤᠨᠠᠵᠦ ᠪᠠᠶ᠋ᠢᠮᠠᠨ ᠪᠥᠭᠡ ᠪᠣᠯᠣᠨ᠎ᠠ ᠭᠡᠵᠦ ᠶᠠᠷᠢᠲᠠᠬ᠃ ᠦᠵᠦᠭᠦᠷ ᠰᠣᠳᠣᠨ ᠪᠥᠬᠡᠴᠤᠳ᠎ᠲᠠᠢ ᠨᠣᠴᠣᠯᠳᠣᠨ ᠪᠠᠶ᠋ᠢᠵᠦ ᠮᠡᠭᠡ ᠬᠢᠳᠡᠯ ᠡᠵᠡᠮᠰᠢᠨ᠂ ᠬᠠᠶᠠᠬᠳᠠᠨ ᠪᠠᠶ᠋ᠢᠵᠦ ᠳᠣᠷᠰᠢᠯᠭ᠎ᠠ ᠰᠤᠷᠭ᠋ᠠᠮᠵᠢ ᠬᠦᠷᠳᠡᠵᠦ᠂ ᠲᠡᠭᠡᠭᠡᠳ ᠯᠡ ᠤᠷᠮ᠎ᠠ᠎ᠪᠠᠨ ᠬᠥᠭᠵᠢᠭᠡᠨ ᠤᠷ᠎ᠠ᠎ᠪᠠᠨ ᠳᠡᠭᠡᠭᠰᠢᠯᠡᠭᠦᠯᠦᠨ ᠪᠥᠭᠡᠴᠢᠨ ᠪᠣᠯᠬᠤ ᠶᠣᠰᠤᠳᠠᠢ ᠪᠢᠵᠡ᠃ ᠨᠡᠷᠡᠳᠤ ᠪᠥᠭᠡᠴᠤᠳᠠᠴᠠ ᠬᠥᠨᠳᠡᠶ᠋ᠢᠯᠡᠵᠦ᠂ ᠰᠢᠨ᠎ᠠ ᠭᠠᠷ ᠪᠤᠶᠤ ᠶᠡᠷᠦ ᠵᠢᠨ ᠪᠥᠭᠡᠴᠤᠳᠲᠠᠢ ᠪᠠᠷᠢᠯᠳᠤᠭ᠋ᠠᠳ ᠦᠵᠦ ᠠᠪᠴᠤ᠂ ᠱᠠᠩ ᠲᠣᠰᠤᠬᠰᠠᠨᠠᠴᠠ ᠠᠯᠳᠠᠷᠳᠤ ᠪᠥᠭᠡᠴᠤᠤᠯᠲᠠᠢ ᠪᠠᠷᠢᠯᠲᠣᠵᠦ᠂ ᠬᠠᠶᠠᠳᠠᠯ ᠮᠡᠷᠭᠡᠵᠢᠯ ᠰᠤᠷᠤᠭ᠋ᠠᠳ᠂ ᠰᠢᠷᠤᠢ᠎ᠳᠤ ᠤᠨᠠᠬᠰᠠᠨ᠎ᠨᠢ ᠳᠡᠭᠡᠷ᠎ᠡ ᠪᠢᠰᠢᠦ᠃ ᠬᠤᠶᠠᠷ ᠵᠣᠭᠤᠰᠣᠨ᠎ᠤ ᠲᠥᠯᠦᠭᠡ ᠤᠯᠠᠮᠵᠢᠯᠠᠯᠳᠤ ᠮᠣᠩᠭᠤᠯ ᠪᠥᠭᠡ ᠵᠢᠨ ᠵᠶ᠋ᠠᠨ ᠰᠠᠶ᠋ᠢᠬᠠᠨ ᠵᠠᠩᠰᠢᠯ ᠵᠶ᠋ᠠᠨ ᠡᠪᠳᠡᠪᠡᠯ ᠬᠠᠨ ᠲᠡᠭᠷᠢ ᠵᠢᠨ ᠬᠠᠶᠠᠭ᠎ᠠ ᠪᠠᠷᠠᠯᠠᠬᠰᠠᠨ ᠬᠤᠯᠠ ᠵᠢᠨ ᠬᠠᠷᠠᠭ᠎ᠠ ᠪᠢᠰᠢ ᠬᠠᠷᠢᠨ ᠬᠤᠶᠠᠷ ᠴᠡᠴᠡᠭᠡᠢ᠎ᠪᠠᠨ ᠨᠢᠭᠡᠳᠭᠡᠵᠦ ᠬᠠᠮᠠᠷ᠎ᠤᠨ ᠦᠵᠦᠭᠦᠷ ᠵᠶ᠋ᠠᠨ ᠱᠠᠭ᠋ᠠᠢ᠍ᠢ᠍ᠬᠰᠠᠨ ᠬᠤᠯᠤᠭ᠋ᠠᠨ᠎ᠠ ᠵᠢᠨ ᠬᠠᠷᠠᠴᠠ ᠯᠡ ᠲᠡᠳᠤᠢ ᠪᠢᠰᠢᠦ᠃ ᠡᠶ᠋ᠢᠨᠬᠦ ᠭᠠᠳᠠᠨ᠎ᠠ ᠲᠣᠳᠣᠨ᠎ᠠ ᠬᠤᠪᠢᠶᠠᠵᠦ ᠪᠠᠷᠢᠯᠳᠣᠭᠤᠯᠬᠤ ᠰᠣᠯᠣᠭ᠋ᠠᠢ ᠪᠣᠳᠣᠯ᠂ ᠱᠤᠳᠤᠷᠠᠭᠠ ᠬᠢᠳᠡᠯ᠎ᠢ ᠡᠷᠡᠰ ᠬᠤᠷᠢᠬᠯᠠᠵᠦ ᠲᠠᠰᠤ ᠵᠣᠬᠰᠣᠭ᠋ᠠᠬᠤᠨᠢ ᠵᠦᠢ᠍ᠳᠠᠢ ᠭᠡᠯᠲᠡᠢ᠃
ᠣᠶ᠋ᠢᠷ᠎ᠠ᠎ᠳᠤ ᠪᠠᠰᠠ ᠨᠢᠭᠡᠨ ᠬᠠᠴᠢᠨ ᠶᠠᠷᠢᠶ᠎ᠠ ᠵᠢᠭᠳᠡᠢ ᠬᠡᠯᠡᠯᠭᠡ ᠰᠣᠨᠣᠰᠳᠠᠭ᠋ᠠᠳ ᠪᠠᠶ᠋ᠢᠬᠤ ᠪᠣᠯᠣᠯ᠎ᠠ᠃ ᠰᠢᠭᠤᠳ ᠬᠡᠯᠡᠪᠡᠯ 《ᠮᠣᠩᠭᠤᠯ ᠪᠥᠬᠡ ᠵᠢᠨ ᠵᠣᠳᠤᠭ ᠳᠡᠩᠳᠡᠭᠦᠦ ᠬᠠᠳᠠᠭᠤ ᠪᠣᠯᠬᠤᠷ ᠪᠠᠷᠢᠬᠤ᠎ᠳᠤ ᠶᠠᠷᠰᠢᠭᠲᠠᠢ》 ᠭᠡᠳᠡᠯ᠎ᠡ 《ᠪᠠᠰᠠ ᠶᠠᠭᠤᠨᠠᠢ ᠡᠷᠢᠶᠡᠨ ᠮᠡᠷᠢᠶᠡᠨ ᠶᠠᠭᠤᠮ᠎ᠠ ᠰᠠᠮᠪᠠᠭ᠋ᠠᠨᠠᠭᠤᠯᠣᠭ᠋ᠠᠳ ᠵᠠᠩᠭᠢᠶ᠎ᠠ ᠵᠡᠭᠦᠭᠡᠳ ᠶᠠᠮᠠᠷ ᠬᠡᠷᠡᠭᠲᠠᠢ ᠪᠤᠢ》᠂ 《ᠠᠯᠳᠠ᠂ ᠮᠥᠩᠭᠦ᠂ ᠭᠠᠤᠯᠢᠨ ᠲᠣᠪᠣᠷᠤᠤ᠎ᠨᠢ ᠲᠠᠳᠠᠬᠳᠠᠨ ᠰᠤᠭᠤᠷᠠᠬᠤ᠎ᠳᠠᠭᠠᠨ ᠭᠠᠷ ᠰᠢᠷᠬᠠᠳᠣᠭᠤᠯᠣᠭ᠋ᠠᠳ ᠪᠠᠶ᠋ᠢᠬᠤ ᠶᠤᠮ》 ᠭᠡᠬᠦ ᠮᠡᠲᠦ ᠵᠢᠨ ᠱᠠᠯ ᠳᠡᠮᠡᠢ ᠶᠠᠷᠢᠶ᠎ᠠ ᠴᠢᠬᠢᠨ ᠴᠢᠭᠢᠷᠡ ᠪᠣᠯᠣᠭ᠋ᠠᠳ ᠪᠠᠶ᠋ᠢᠨ᠎ᠠ᠃ ᠡᠨᠡ ᠪᠣᠯ ᠬᠡᠴᠢᠨᠡᠨ ᠵᠠᠭᠤᠨ ᠵᠢᠯ᠎ᠤᠨ ᠰᠢᠯᠢᠯᠳᠡ ᠵᠢ ᠳᠠᠮᠵᠢᠭ᠋ᠠᠳ ᠣᠷᠣᠰᠢᠬᠰᠠᠭ᠋ᠠᠷ ᠢᠷᠡᠭᠰᠡᠨ ᠥᠪᠡᠷᠮᠢᠴᠡ ᠣᠨᠴᠠᠯᠢᠭ᠎ᠲᠠᠢ ᠮᠣᠩᠭᠤᠯ ᠪᠥᠬᠡ ᠵᠢᠨ ᠵᠣᠳᠤᠭᠢ ᠪᠠᠰᠠ ᠦᠭᠡᠷᠡᠴᠢᠯᠡᠬᠦ ᠶᠠᠷᠢᠶ᠎ᠠ ᠬᠡᠯᠡᠯᠴᠡᠭᠡ ᠭᠠᠷᠭ᠋ᠠᠵᠦ ᠪᠠᠶ᠋ᠢᠭ᠎ᠠ ᠤᠬᠠᠭ᠋ᠠᠨ᠎ᠲᠠᠢ᠃ ᠴᠣᠬᠤᠮ ᠶᠠᠮᠠᠷ ᠰᠠᠨᠠᠭ᠎ᠠ᠎ᠲᠠᠢ ᠪᠣᠢ? ᠮᠣᠩᠭᠤᠯ ᠪᠦᠭᠡ ᠵᠢ ᠶᠠᠫᠤᠨ᠎ᠤ ᠰᠦᠮᠦᠦ ᠪᠥᠬᠡ ᠰᠢᠭ ᠠᠯᠠᠪᠴᠢ ᠡᠮᠥᠰᠦᠭᠦᠯᠦᠭᠡᠳ ᠠᠳᠬᠤᠵᠦ ᠪᠠᠵᠠᠬᠳᠠᠬᠤ ᠶᠠᠭᠤᠮ᠎ᠠ ᠦᠭᠡᠢ ᠪᠣᠯᠭ᠋ᠠᠵᠦ ᠵᠦᠭᠡᠷ ᠨᠥᠷᠢᠯᠳᠦᠭᠦᠯᠦᠨᠠ ᠭᠡᠵᠢ ᠤᠤ? ᠡᠰᠡᠭᠦᠯ᠎ᠠ ᠥᠨᠥ ᠨᠢᠯᠬ᠎ᠠ ᠬᠡᠦᠬᠡᠳ᠎ᠤᠨ ᠪᠠᠷᠢᠨᠳᠠᠭ ᠰᠢᠭ᠋ ᠶᠠᠭᠤᠮ᠎ᠠ ᠨᠥᠮᠥᠷᠢᠭᠦᠯᠦᠭᠡᠳ ᠨᠣᠴᠣᠯᠳᠣᠭᠤᠯᠤᠨᠠ ᠤᠤ? ᠪᠣᠯᠬᠤ ᠦᠭᠡᠢ! ᠡᠯ᠎ᠡ ᠦᠨᠳᠦᠰᠦᠳᠡᠨ᠎ᠤ ᠪᠥᠬᠡ ᠵᠢᠨ ᠬᠤᠪᠴᠠᠰᠤ ᠵᠠᠰᠠᠯ᠎ᠨᠢ ᠪᠦᠷ ᠥᠪᠡᠷ ᠥᠪᠡᠷ᠎ᠤᠨ ᠵᠶ᠋ᠠᠨ ᠶᠠᠩᠵᠦ᠂ ᠶᠣᠰᠤ ᠵᠠᠩᠰᠢᠯ᠎ᠲᠠᠢ ᠪᠠᠶ᠋ᠢᠲᠠᠬ᠃ ᠲᠡᠶ᠋ᠢᠮᠦ᠎ᠪᠠᠷ ᠵᠶ᠋ᠠᠨ ᠪᠡᠶ᠎ᠡ ᠪᠡᠶᠡᠨᠤᠬᠢᠪᠠᠨ ᠰᠤᠷᠬᠤ ᠯᠡ ᠶᠣᠰᠤᠳᠠᠢ᠂ ᠪᠡᠶ᠎ᠡ ᠪᠡᠶᠡᠨᠤᠬᠢᠳᠡᠭᠡᠨ ᠳᠠᠳᠬᠤ ᠯᠡ ᠣᠴᠢᠷᠲᠠᠢ᠃ ᠢᠩᠭᠢᠪᠡᠯ ᠰᠠᠶᠢ ᠥᠩᠭᠡ ᠪᠥᠷᠢ ᠵᠢᠨ ᠴᠡᠴᠡᠭ ᠵᠡᠷᠭᠡ᠎ᠪᠠᠷ ᠪᠠᠳᠠᠷᠠᠨ ᠳᠡᠯᠭᠡᠷᠡᠵᠦ ᠴᠢᠳᠠᠬᠤ ᠶᠣᠮ᠃ ᠶᠢᠷᠳᠢᠨᠴᠤ᠎ᠳᠤ ᠳᠣᠭ᠋ᠠᠯᠠᠰᠢ ᠦᠭᠡᠢ ᠣᠯᠠᠨ ᠬᠡᠷᠡᠭ ᠪᠣᠳᠠᠰ ᠣᠷᠣᠰᠢᠵᠦ ᠪᠠᠶ᠋ᠢᠳᠠᠭ᠎ᠤᠨ ᠰᠢᠯᠳᠠᠭ᠋ᠠᠨ ᠪᠣᠯ ᠳᠡᠳᠡᠭᠡᠷ ᠬᠡᠷᠡᠭ ᠪᠣᠳᠠᠰ ᠪᠥᠬᠦᠨ ᠥᠪᠡᠷ ᠥᠪᠡᠷ᠎ᠤᠨ ᠵᠶ᠋ᠠᠨ ᠣᠨᠴᠠᠯᠢᠭ᠎ᠲᠠᠢ ᠪᠠᠶ᠋ᠢᠭ᠎ᠠ᠎ᠠᠴᠠ ᠪᠣᠯᠣᠬᠰᠠᠨ ᠪᠢᠯᠡ᠃ ᠬᠡᠷᠪᠡ ᠲᠡᠷᠡ᠎ᠬᠦ ᠣᠨᠴᠠᠯᠢᠭ᠎ᠢ᠎ᠨᠢ ᠲᠠᠶᠠᠬᠲᠠᠬᠤ ᠪᠤᠶᠤ ᠣᠨᠴᠠᠯᠢᠭ᠎ᠨᠢ ᠤᠰᠠᠳᠤᠪᠠᠯ ᠶᠢᠷᠳᠢᠨᠴᠤ ᠵᠢᠨ ᠬᠡᠷᠡᠭ ᠪᠣᠳᠠᠰ᠎ᠤᠨ ᠣᠯᠠᠨ ᠶᠠᠩᠵᠦᠳᠤ ᠰᠢᠨᠵᠢ᠎ᠨᠢ ᠠᠷᠢᠯᠬᠤ ᠪᠣᠶᠤ ᠥᠪᠡᠷ ᠵᠶ᠋ᠠᠨ ᠮᠥᠬᠦᠬᠦ᠎ᠳᠤ ᠯᠡ ᠬᠦᠷᠦᠨ᠎ᠠ᠃ ᠡᠶ᠋ᠢᠨᠬᠦ ᠮᠣᠩᠭᠤᠯ ᠪᠥᠬᠡ ᠵᠢᠨ ᠲᠦᠷᠢᠮ᠎ᠳᠤ ᠦᠭᠡᠷᠡᠴᠢᠯᠡᠯᠲᠡ ᠬᠢᠬᠦ᠎ᠳᠡᠭᠡᠨ ᠭᠦᠨ ᠤᠬᠠᠭ᠋ᠠᠨ᠎ᠤ ᠬᠥᠭᠵᠢᠯᠳᠡ ᠵᠢᠨ ᠵᠢᠮ᠎ᠡ ᠬᠠᠤᠯᠢ ᠵᠢ ᠡᠷᠬᠡᠪᠰᠢ ᠵᠢᠷᠤᠮᠯᠠᠵᠦ᠂ ᠬᠡᠷᠡᠭ ᠪᠣᠳᠠᠰ᠎ᠤᠨ ᠥᠪᠡᠷᠮᠢᠴᠡ ᠣᠨᠴᠠᠯᠢᠭ᠎ᠢ ᠵᠠᠪᠠᠯ ᠬᠠᠮᠠᠭ᠋ᠠᠯᠠᠨ ᠲᠡᠭᠦᠯᠳᠡᠷᠵᠢᠭᠦᠯᠵᠦ᠂ ᠭᠡᠮ ᠰᠣᠭᠤᠭ᠎ᠢ᠎ᠨᠢ ᠥᠭᠡᠷᠡᠴᠢᠯᠡᠨ ᠵᠠᠰᠠᠯᠳᠠᠢ ᠪᠠᠶ᠋ᠢᠨ᠎ᠠ᠃
ᠮᠣᠩᠭᠤᠯ ᠪᠥᠬᠡ ᠮᠠᠨᠢ ᠤᠳᠠᠭ᠋ᠠᠨ ᠣᠨ᠎ᠤ ᠪᠣᠯᠪᠠᠰᠤᠷᠠᠭᠤᠯᠣᠯᠳᠠ ᠰᠤᠩᠭᠤᠯᠳᠠ᠎ᠪᠠᠷ ᠳᠠᠮᠵᠢᠭ᠋ᠠᠳ ᠥᠪᠡᠷ᠎ᠤᠨ ᠭᠡᠰᠡᠨ ᠰᠢᠯᠢᠳᠡᠭ ᠣᠨᠴᠠᠯᠢᠭ ᠵᠶ᠋ᠠᠨ ᠪᠥᠷᠢᠯᠳᠦᠭᠦᠯᠦᠭᠰᠡᠨ ᠶᠣᠮ᠃ ᠬᠠᠷᠠᠭ᠋ᠠᠴᠢ —
ᠮᠣᠩᠭᠤᠯ ᠪᠥᠬᠡ ᠮᠠᠨᠢ ᠬᠤᠪᠴᠠᠰᠤ ᠵᠠᠰᠠᠯ ᠵᠶ᠋ᠠᠷ ᠵᠶ᠋ᠠᠨ ᠦᠭᠡᠷ᠎ᠡ ᠪᠤᠰᠤᠳ᠎ᠠᠴᠠ ᠢᠯᠭ᠋ᠠᠬᠲᠠᠲᠠᠬ᠃ ᠠᠯᠳᠠ᠂ ᠮᠥᠩᠭᠦ᠂ ᠭᠠᠤᠯᠢ᠂ ᠵᠡᠰ ᠲᠣᠪᠣᠷᠤᠤ ᠵᠢᠨ ᠰᠦᠯᠵᠢᠭᠡᠳᠣ ᠵᠣᠳᠤᠭ ᠭᠢᠯᠠᠯᠵᠠᠭᠤᠯᠤᠨ᠂ ᠲᠠᠪᠤᠨ ᠥᠩᠭᠡ ᠵᠢᠨ ᠲᠣᠷᠭ᠎ᠠ ᠳᠤᠷᠳᠤᠩ ᠰᠠᠴᠤᠷᠠᠭᠤᠯᠣᠭᠰᠠᠨ ᠰᠦᠷᠳᠦ ᠵᠠᠩᠭᠢᠶ᠎ᠠ ᠬᠡᠶ᠋ᠢᠰᠭᠡᠵᠦ᠂ ᠠᠷᠰᠯᠠᠨ᠎ᠤ ᠬᠡᠪ ᠳᠦᠷᠢ ᠪᠥᠬᠦᠢ ᠥᠩᠭᠡᠳᠦ ᠬᠠᠳᠬᠣᠮᠠᠯᠲᠠᠢ ᠲᠤᠬᠤᠤ ᠰᠡᠩᠬᠡᠯᠵᠡᠭᠦᠯᠦᠭᠡᠳ ᠶᠠᠭᠤᠳᠠᠢ ᠭᠤᠶᠣ᠂ ᠶᠠᠭᠤᠳᠠᠢ ᠰᠦᠷᠯᠢᠭ ᠪᠣᠢ!
ᠮᠣᠩᠭᠤᠯ ᠪᠥᠬᠡ ᠮᠠᠨᠢ ᠨᠤᠳᠤᠭ᠎ᠤᠨ ᠪᠠ ᠬᠠᠷᠢ ᠵᠢᠨ ᠭᠡᠵᠦ ᠠᠩᠭᠢᠯᠠᠳᠠᠭ ᠦᠭᠡᠢ ᠳᠦᠷᠪᠡᠨ ᠵᠦᠭ ᠨᠠᠢ᠍ᠮᠠᠨ ᠵᠣᠪᠬᠢᠰ᠎ᠤᠨ ᠳᠤᠷᠠᠳᠠᠢ ᠪᠠᠭ᠍ᠠᠲᠠᠢ ᠪᠦᠬᠦ ᠬᠦᠮᠦᠰ᠎ᠢ ᠣᠷᠣᠯᠴᠠᠭᠤᠯᠳᠠᠭ᠃ ᠡᠨᠡ ᠪᠣᠯ ᠴᠤᠬᠤᠮ ᠪᠤᠰᠤᠳ᠎ᠲᠤ ᠭᠠᠶ᠋ᠢᠬᠠᠬᠳᠠᠬᠰᠠᠨ ᠣᠨᠴᠠᠯᠢᠭ ᠮᠥᠨ᠃ ᠶᠠᠭᠤᠳᠠᠢ ᠪᠠᠭᠳᠠᠭ᠋ᠠᠮᠵᠢᠳᠠᠢ᠂ ᠶᠠᠭᠤᠳᠠᠢ ᠨᠠᠶ᠋ᠢᠷᠠᠮᠳᠠᠭᠤ ᠪᠢᠯᠡ!
ᠮᠣᠩᠭᠤᠯ ᠪᠥᠬᠡ ᠮᠠᠨᠢ ᠵᠢᠩ᠎ᠤᠨ ᠣᠳᠣ ᠲᠣᠩᠭᠤ᠎ᠶ᠋ᠢᠨ ᠱᠠᠭ᠋ᠠᠶ᠋ᠢᠵᠦ ᠲᠠᠷᠭᠤᠨ ᠡᠴᠡᠩᠬᠡᠢ ᠬᠤᠪᠢᠶᠠᠳᠠᠭ ᠦᠭᠡᠢ ᠬᠡᠨ ᠴᠤ᠌ ᠪᠦᠷ ᠪᠠᠷᠢᠯᠳᠤᠵᠦ ᠪᠣᠯᠳᠠᠭ᠃ ᠶᠠᠭᠤᠳᠠᠢ ᠳᠦᠭᠦᠮ ᠬᠢᠯᠪᠠᠷᠬᠠᠨ ᠠᠵᠢ⁈
ᠮᠣᠩᠭᠤᠯ ᠪᠥᠬᠡ ᠮᠠᠨᠢ ᠪᠠᠶ᠋ᠢᠨ ᠳᠠᠬᠢᠨ ᠬᠠᠶᠠᠯᠴᠠᠵᠦ᠂ ᠪᠣᠰᠤᠨ ᠪᠣᠰᠣᠨ ᠨᠣᠴᠣᠯᠳᠤᠭ᠋ᠠᠳ᠂ ᠤᠷᠮ᠎ᠠ ᠬᠤᠭᠤᠯᠵᠦ ᠤᠶ᠋ᠢᠳᠬᠠᠷ ᠬᠦᠷᠭᠡᠳᠡᠭ ᠦᠭᠡᠢ᠂ ᠬᠠᠷᠢᠨ ᠨᠢᠭᠡ ᠯᠡ ᠪᠠᠷᠢᠯᠳᠤᠭ᠋ᠠᠨ ᠵᠶ᠋ᠠᠷ ᠰᠢᠢ᠍ᠳᠪᠤᠷᠢᠯᠡᠳᠡᠭ᠃ ᠡᠨᠡ ᠪᠣᠯ ᠪᠠᠰᠠ ᠪᠤᠰᠤᠳ᠎ᠠᠴᠠ ᠢᠯᠭ᠋ᠠᠷᠠᠳᠠᠭ ᠥᠪᠡᠷᠮᠢᠴᠠ ᠣᠨᠴᠠᠯᠢᠭ ᠮᠥᠨ᠃ ᠶᠠᠭᠤᠳᠠᠢ ᠢᠯᠭᠤᠮ ᠰᠢᠯᠣᠭᠤᠬᠠᠨ ᠮᠥᠷᠦ᠋ᠢ᠍ᠴᠠᠭᠡᠨ ᠪᠢᠯᠡ!
ᠮᠤᠩᠭᠤᠯ ᠪᠦᠬᠡ ᠵᠢᠨ ᠮᠠᠨᠢ ᠪᠡᠯᠡᠳᠭᠡᠯ ᠬᠦᠳᠡᠯᠭᠡᠭᠡᠨ ᠳᠡᠪᠢᠯᠭᠡ ᠭᠡᠭᠴᠢ ᠴᠠᠭ᠋ᠠᠨ᠎ᠠ᠎ᠪᠠᠨ ᠢᠯᠡ ᠳᠤᠳᠤᠬᠠᠨ ᠤᠨᠴᠠᠯᠢᠭ᠎ᠲᠠᠢ᠂ ᠠᠭᠤᠳᠠᠮ ᠳᠠᠯᠠᠪᠠᠢ ᠵᠢᠨ ᠵᠡᠭᠦᠨ ᠪᠠᠷᠠᠭᠤᠨ ᠬᠤᠶᠠᠷ ᠳᠠᠯ᠎ᠠ᠎ᠠᠴᠠ ᠮᠠᠬᠰᠢᠨ ᠭᠠᠷᠤᠬᠰᠠᠨ ᠪᠦᠬᠡᠴᠣᠳ ᠬᠤᠷᠢ ᠭᠤᠴᠢᠨ ᠮᠸᠲᠷ ᠠᠭ᠋ᠠᠵᠢᠭᠤᠬᠠᠨ ᠬᠦᠶᠦᠭᠰᠡᠭᠡᠷ ᠳᠠᠯᠠᠪᠠᠢ ᠵᠢᠨ ᠭᠤᠤᠯ᠎ᠳᠤ ᠬᠦᠷᠦᠮᠡᠭᠴᠡ ᠳᠡᠪᠢᠵᠦ ᠡᠬᠢᠯᠡᠳᠡᠭ᠃ ᠳᠡᠷᠡ᠎ᠨᠢ ᠠᠪᠤᠷᠭᠤ ᠪᠦᠷᠭᠦᠳ ᠬᠦᠨ ᠤᠬᠳᠠᠷᠭᠤᠢ᠎ᠳᠤ ᠬᠦᠴᠦᠳᠤ ᠵᠢᠭᠦᠷ ᠵᠶ᠋ᠠᠨ ᠳᠡᠯᠭᠡᠨ ᠬᠤᠮᠢᠨ ᠳᠤᠬᠯᠠᠵᠦ ᠪᠠᠶ᠋ᠢᠭ᠎ᠠ ᠴᠤ᠌ ᠶᠣᠮᠰᠢᠬ᠂ ᠰᠦᠷᠳᠤ ᠪᠤᠭᠤ ᠬᠤᠷᠳᠤ᠎ᠪᠠᠨ ᠭᠠᠶ᠋ᠢᠬᠠᠭᠤᠯᠤᠬᠰᠠᠨ ᠶᠤᠮ ᠤᠤ ᠭᠡᠮᠡᠷ ᠡᠶ᠋ᠢᠰᠢ᠎ᠪᠠᠨ ᠨᠢᠭᠡ ᠬᠠᠯᠢᠨ᠂ ᠳᠡᠶ᠋ᠢᠰᠢ᠎ᠪᠠᠨ ᠨᠢᠭᠡ ᠳᠡᠭᠳᠡᠨ ᠪᠠᠶ᠋ᠢᠭ᠎ᠠ ᠰᠢᠭ᠋ ᠬᠦᠳᠡᠯᠭᠡᠭᠡᠨ ᠬᠢᠵᠦ ᠪᠤᠯᠴᠢᠩ ᠰᠢᠷᠪᠤᠰᠤ ᠵᠢᠨ ᠵᠶ᠋ᠠᠨ ᠴᠢᠯᠡᠭᠡ ᠵᠢ ᠳᠠᠶ᠋ᠢᠯᠤᠨ᠂ ᠪᠠᠷᠢᠯᠳᠤᠭ᠋ᠠᠨ᠎ᠳᠠᠭᠠᠨ ᠪᠡᠯᠡᠳᠭᠡᠳᠡᠭ᠎ᠨᠢ ᠨᠢᠳᠤᠨ᠎ᠳᠤ ᠠᠶᠠᠳᠠᠶ᠋ᠢᠬᠠᠨ ᠬᠠᠷᠠᠭᠳᠠᠳᠠᠭ᠂ ᠶᠠᠭᠤᠳᠠᠢ ᠰᠦᠷᠯᠢᠭ᠂ ᠶᠠᠭᠤᠳᠠᠢ ᠴᠤᠭ᠎ᠲᠠᠢ ᠠᠵᠢ!
ᠮᠤᠩᠭᠤᠯ ᠪᠦᠬᠡ ᠵᠢᠨ ᠮᠠᠨᠢ ᠳᠠᠯᠠᠪᠠᠢ᠎ᠳᠤ ᠤᠷᠤᠬᠤ ᠠᠶᠠᠯᠭᠤ ᠦᠭᠡᠷ᠎ᠡ ᠶᠠᠮᠠᠷ ᠴᠤ᠌ ᠤᠯᠤᠰ ᠭᠦᠷᠦᠨ᠎ᠳᠤ ᠪᠠᠶ᠋ᠢᠳᠠᠭ ᠦᠭᠡᠢ᠃ ᠳᠡᠯᠡᠬᠡᠢ ᠨᠡᠶ᠋ᠢᠳᠡ᠎ᠪᠠᠷ ᠵᠶ᠋ᠠᠨ ᠬᠡᠷᠡᠭᠯᠡᠵᠦ ᠪᠠᠶ᠋ᠢᠭ᠎ᠠ ᠠᠶᠠᠯᠭᠤ ᠪᠤᠯ ᠪᠦᠷ ᠣᠬ᠍ᠵᠣᠮ ᠤᠬᠤᠷ ᠪᠠᠶ᠋ᠢᠵᠦ᠂ ᠳᠡᠷᠡ᠎ᠨᠢ ᠤᠷᠮ᠎ᠠ ᠵᠤᠷᠢᠭ ᠬᠦᠭᠵᠢᠭᠡᠬᠦ ᠵᠢᠨ ᠬᠠᠮᠳᠤ ᠪᠠᠴᠢᠮᠳᠠᠬᠤ ᠰᠡᠳᠭᠢᠯ ᠳᠦᠷᠦᠭᠦᠯᠬᠦᠨᠢ ᠶᠠᠷᠢᠶᠠᠨ ᠦᠭᠡᠢ᠃ ᠭᠡᠬᠦ᠎ᠳᠡᠭᠡᠨ ᠤᠷᠳᠤ ᠵᠢᠨ ᠳᠠᠭᠤᠤ᠎ᠪᠠᠷ ᠰᠠᠭᠤᠷᠢᠯᠠᠬᠰᠠᠨ ᠮᠤᠩᠭᠤᠯ ᠪᠦᠬᠡ ᠵᠢᠨ ᠤᠷᠢᠶ᠎ᠠ ᠪᠤᠯ ᠴᠡᠪᠡᠷ ᠲᠤᠩᠭ᠋ᠠᠯᠠᠭ ᠠᠮᠢᠰᠬᠤᠯ᠎ᠲᠠᠢ ᠴᠡᠯᠡᠭᠡᠷ ᠳᠠᠯ᠎ᠠ ᠵᠢᠨ ᠠᠭᠤᠳᠠᠮ ᠳᠠᠯᠠᠪᠠᠢ᠎ᠳᠤ ᠴᠡᠭᠡᠵᠢ᠎ᠪᠠᠨ ᠳᠡᠨᠡᠶ᠋ᠢᠯᠭᠡᠨ ᠳᠠᠭᠤᠯᠠᠵᠦ ᠪᠠᠶ᠋ᠢᠭ᠎ᠠ ᠬᠤᠷᠢᠮ ᠨᠠᠶ᠋ᠢᠷ᠎ᠤᠨ ᠤᠷᠳᠤ ᠵᠢᠨ ᠳᠠᠭᠤᠤ ᠵᠢ ᠰᠠᠨᠠᠬᠳᠠᠭᠤᠯᠤᠨ ᠬᠦᠮᠦᠨ᠎ᠤ ᠰᠡᠳᠭᠢᠯ᠎ᠢ ᠠᠳᠠᠪᠠᠰᠢ ᠶᠡᠭᠡ ᠲᠠᠶ᠋ᠢᠪᠤᠰᠢᠷᠠᠭᠤᠯᠤᠬᠰᠠᠨ ᠰᠠᠭᠤᠷᠢᠨ ᠳᠡᠭᠡᠷ᠎ᠡ ᠮᠦᠷᠦ᠋ᠢ᠍ᠴᠡᠬᠦ ᠵᠤᠷᠢᠭ᠎ᠢ᠎ᠨᠢ ᠬᠦᠪᠴᠢᠯᠡᠳᠡᠭ ᠵᠶ᠋ᠠᠷ ᠵᠶ᠋ᠠᠨ ᠶᠡᠷᠤ ᠪᠤᠰᠤ ᠵᠢᠨ ᠷᠢᠳᠢ ᠰᠢᠳᠢ᠎ᠲᠠᠢ ᠶᠣᠮᠰᠢᠬ ᠪᠤᠳᠤᠬᠳᠠᠳᠠᠭ᠃ ᠶᠠᠭᠤᠳᠠᠢ ᠢᠷᠠᠭᠤ᠂ ᠶᠠᠭᠤᠳᠠᠢ ᠤᠶᠠᠩᠭ᠋ᠠᠯᠢᠭ ᠪᠤᠢ!
ᠮᠣᠩᠭᠤᠯ ᠪᠥᠬᠡ ᠵᠢᠨ ᠣᠷᠣᠰᠢᠯ ᠲᠣᠬᠳᠠᠨᠢᠯᠤᠨ ᠰᠠᠭᠤᠷᠢ ᠪᠣᠯᠣᠬᠰᠠᠨ ᠮᠦᠷᠲᠡᠭᠡᠨ ᠦᠷᠦᠭᠡᠯ ᠪᠤᠰᠤᠳ᠎ᠠᠴᠠ ᠡᠷᠡᠰ ᠢᠯᠭ᠋ᠠᠬᠳᠠᠭᠰᠠᠨ ᠡᠳᠡᠭᠡᠷ ᠥᠪᠡᠷᠮᠢᠴᠡ ᠣᠨᠴᠠᠯᠢᠭ᠎ᠢ᠎ᠨᠢ ᠤᠯᠠᠮ ᠪᠠᠬᠢᠵᠢᠭᠦᠯᠳ᠂ ᠦᠯᠦ ᠬᠦᠷᠦᠯᠴᠡᠬᠦ ᠲᠠᠯ᠎ᠠ ᠵᠢ᠎ᠨᠢ ᠡᠷᠡᠰ ᠰᠢᠢ᠍ᠳᠮᠡᠭᠡᠢ ᠥᠭᠡᠷᠡᠴᠢᠯᠡᠵᠦ ᠭᠦᠷᠦᠨ ᠲᠥᠷᠦ ᠪᠠ ᠳᠡᠯᠡᠬᠡᠢ ᠨᠡᠶ᠋ᠢᠳᠡ ᠵᠢᠨ ᠤᠷᠤᠯᠳᠤᠭ᠋ᠠᠨ᠎ᠳᠤ ᠡᠷᠳᠡ ᠨᠢᠭᠡᠨ ᠡᠳᠦᠷ ᠣᠷᠣᠯᠴᠠᠭᠤᠯᠬᠤ᠎ᠨᠢ ᠮᠣᠩᠭᠤᠯ ᠰᠤᠶᠤᠯ᠎ᠤᠨ ᠲᠠᠩᠰᠤᠬ ᠬᠦᠷᠦᠰᠦᠨ᠎ᠳᠤ ᠢᠳᠡᠯᠢᠭ ᠰᠢᠮ᠎ᠡ ᠬᠦᠷᠭᠡᠬᠦ ᠪᠣᠯᠣᠨ᠎ᠠ᠃ ᠲᠡᠷᠡ᠎ᠬᠦ ᠦᠯᠵᠡᠶ᠋ᠢᠲᠦ ᠮᠦᠴᠡ ᠣᠲᠠᠯ ᠦᠭᠡᠢ ᠢᠷᠡᠨ᠎ᠡ ᠭᠡᠲᠡᠭ᠎ᠲᠤ ᠪᠢᠲᠡ ᠲᠡᠭᠦᠰ ᠢᠳᠡᠭᠡᠯ᠎ᠲᠠᠢ ᠪᠢᠯᠡ᠃