ᠲᠠᠮᠢᠷ ᠤᠨ ᠬᠦᠳᠡᠯᠬᠡᠭᠡᠡ ᠳᠤ ᠤᠷᠤᠯᠴᠠᠬᠤ ᠤᠷᠮ᠎ᠠ ᠶᠢ ᠬᠡᠷᠬᠢᠨ ᠲᠡᠭᠡᠭᠰᠢᠯᠡᠬᠦᠯᠬᠦ ᠪᠤᠢ
ᠨᠡᠶᠢᠲᠡᠯᠡᠭᠰᠡᠨ ᠴᠠᠭ᠄
2018/12/28
     ᠲᠡᠮᠢᠷ ᠤᠨ ᠬᠦᠳᠡᠯᠬᠡᠬᠡᠨ ᠳᠤ ᠤᠷᠤᠯᠴᠠᠬᠤ ᠨᠢ ᠪᠡᠶ᠎ᠠ ᠮᠠᠬᠠᠪᠤᠳ ᠲᠤ ᠠᠰᠢᠭᠳᠠᠢ ᠭᠡᠳᠡᠭ ᠢ ᠲᠡᠶᠠᠭᠠᠷ ᠪᠦᠷ ᠮᠡᠳᠡᠳᠡᠭ ᠴᠤ᠂ ᠪᠠᠶᠢᠡᠭᠭᠤ ᠪᠠᠷᠢᠮᠳᠠᠯᠠᠬᠤ ᠳᠤ ᠬᠦᠴᠢᠷ ᠪᠠᠶᠢᠳᠠᠭ᠃ ᠠᠩᠭ᠍ᠯᠢ ᠶᠢᠨ ᠲᠠᠮᠢᠷ ᠤᠨ ᠲᠠᠰᠬᠠᠯᠵᠢᠭᠤᠯᠤᠬᠴᠢ Ucoach ᠲᠠᠮᠢᠷ ᠤᠨ ᠬᠦᠳᠡᠯᠬᠡᠬᠡᠨ ᠳᠤ ᠤᠷᠤᠯᠴᠠᠬᠤ ᠤᠷᠮ᠎ᠠ ᠶᠢ ᠲᠡᠭᠡᠭᠰᠢᠯᠡᠬᠦᠯᠬᠦ ᠲᠠᠪᠤᠨ ᠠᠷᠭ᠎ᠠ ᠶᠢ ᠰᠤᠳᠤᠯᠤᠨ ᠭᠠᠷᠭᠠᠬᠰᠠᠨ ᠶᠤᠮ᠃     ᠨᠢᠬᠡᠳᠦᠭᠡᠷ ᠲᠤ᠂ ᠲᠤᠬᠢᠯᠢᠭ ᠱᠠᠬᠠᠢ ᠪᠡᠯᠡᠳᠬᠡᠨ᠎ᠠ᠃ ᠲᠠᠮᠢᠷ ᠤᠨ ᠬᠡᠷᠡᠭᠰᠡᠯ ᠤᠨ ᠲᠤᠰᠬᠠᠢ ᠲᠡᠯᠬᠡᠬᠦᠷ ᠲᠤ ᠬᠦᠷᠴᠦ ᠬᠦᠳᠡᠯᠬᠡᠬᠡᠨ ᠬᠢᠬᠦ ᠳᠤ ᠲᠤᠬᠢᠷᠠᠮᠵᠢᠳᠠᠢ ᠱᠠᠬᠠᠢ ᠬᠤᠳᠠᠯᠳᠤᠨ ᠠᠪᠬᠤ ᠨᠢ ᠪᠡᠶ᠎ᠠ ᠳᠤ ᠠᠰᠢᠬᠳᠠᠢ ᠪᠠᠷ ᠪᠡᠷᠠᠬᠤ ᠦᠬᠡᠢ᠂ ᠲᠠᠮᠢᠷ ᠤᠨ ᠬᠦᠳᠡᠯᠬᠡᠬᠡᠨ ᠳᠤ ᠤᠷᠤᠯᠴᠠᠬᠤ ᠤᠷᠮ᠎ᠠ ᠶᠢ ᠴᠤ ᠬᠦᠭᠵᠢᠬᠡᠳᠡᠭ᠃     ᠬᠤᠶᠡᠳᠤᠭᠠᠷ ᠲᠤ᠂ ᠬᠠᠷᠠᠯᠳᠠ ᠪᠠᠨ ᠲᠤᠭᠳᠠᠭᠠᠨ᠎ᠠ᠃ ᠨᠢᠬᠡ ᠡᠳᠦᠷ ᠲᠤ ᠬᠡᠳᠦᠢ ᠴᠠᠭ ᠬᠦᠳᠡᠯᠬᠡᠬᠡᠨ ᠬᠢᠬᠦ ᠪᠤᠶᠤ ᠬᠡᠳᠦᠢ ᠬᠤᠯᠠ ᠵᠠᠢ ᠬᠦᠶᠦᠬᠦ ᠬᠡᠬᠦ ᠵᠡᠷᠬᠡ ᠶᠢ ᠵᠢᠭᠰᠠᠭᠠᠵᠦ ᠭᠠᠷᠭᠠᠨ᠎ᠠ᠃ ᠪᠠᠰᠠ ᠪᠡᠶ᠎ᠠ ᠶᠢᠨ ᠬᠦᠨᠳᠦ ᠪᠠᠨ ᠬᠡᠳᠦᠢ ᠺᠢᠯᠦᠭᠷᠡᠮ ᠪᠠᠭᠤᠷᠠᠭᠤᠯᠬᠤ ᠪᠠᠷ ᠬᠠᠷᠠᠯᠳᠠ ᠪᠤᠯᠭᠠᠵᠦ ᠪᠤᠯᠤᠨ᠎ᠠ᠃ ᠡᠶᠢᠮᠦᠷᠬᠦ ᠲᠤᠳᠤᠷᠬᠠᠢ ᠬᠠᠷᠠᠯᠳᠠ ᠲᠦᠯᠦᠪᠯᠡᠭᠡ ᠨᠢ ᠮᠠᠰᠢ ᠴᠢᠩᠭ᠎ᠠ ᠬᠦᠳᠡᠯᠬᠡᠭᠴᠢ ᠬᠦᠴᠦᠨ ᠪᠤᠯᠵᠦ᠂ ᠲᠠᠮᠢᠷ ᠤᠨ ᠬᠦᠳᠡᠯᠬᠡᠬᠡᠨ ᠢ ᠪᠠᠶᠢᠡᠭᠭᠤ ᠪᠠᠷᠢᠮᠳᠠᠯᠠᠬᠤ ᠳᠤ ᠲᠤᠰᠠᠯᠠᠬᠤ ᠪᠤᠯᠤᠨ᠎ᠠ᠃     ᠭᠤᠷᠪᠠᠳᠤᠭᠠᠷ ᠲᠤ᠂ ᠬᠦᠳᠡᠯᠬᠡᠬᠡᠨ ᠬᠢᠬᠦ ᠲᠠᠯᠠᠪᠤᠷ ᠢᠶᠠᠨ ᠦᠷᠬᠦᠯᠵᠢ ᠰᠤᠯᠢᠵᠦ ᠪᠠᠶᠢᠪᠠᠯ ᠰᠠᠶᠢᠨ᠃     ᠲᠦᠷᠪᠡᠳᠦᠭᠡᠷ ᠲᠤ᠂ ᠨᠠᠶᠢᠵᠠ ᠨᠦᠬᠦᠳ ᠢᠶᠠᠨ ᠴᠤᠭᠯᠠᠭᠤᠯᠤᠨ᠂ ᠬᠠᠮᠳᠤ ᠪᠠᠷ ᠴᠠᠭ ᠪᠤᠯᠵᠤᠨ ᠬᠦᠳᠡᠯᠬᠡᠬᠡᠨ ᠬᠢᠨ᠎ᠠ᠃     ᠲᠠᠪᠤᠳᠤᠭᠠᠷ ᠲᠤ᠂ ᠰᠢᠨ᠎ᠠ ᠰᠢᠨᠵᠢᠯᠡᠬᠦ ᠤᠬᠠᠭᠠᠨ ᠮᠡᠷᠬᠡᠵᠢᠯ ᠤᠨ ᠲᠦᠬᠦᠬᠡᠷᠦᠮᠵᠢ ᠶᠢ ᠠᠰᠢᠬᠯᠠᠨ᠎ᠠ᠃ ᠵᠢᠱᠢᠶᠡᠯᠡᠪᠡᠯ ᠭᠠᠷ ᠤᠳᠠᠰᠤᠨ ᠳᠠᠭᠠᠨ ᠤᠶᠤᠨᠴᠢ ᠬᠡᠷᠡᠭᠯᠡᠭᠡᠨ ᠤ ᠰᠢᠰᠲ᠋ᠧᠮ ᠤᠭᠰᠠᠷᠠᠨ᠂ ᠲᠡᠬᠦᠨ ᠲᠡᠬᠡᠷᠡᠬᠢ ᠬᠦᠳᠡᠯᠬᠡᠬᠡᠨ ᠤ ᠲᠦᠰᠦᠪ ᠢᠶᠠᠷ ᠬᠦᠳᠡᠯᠬᠡᠬᠡᠨ ᠬᠢᠬᠦ ᠪᠤᠶᠤ ᠬᠦᠳᠡᠯᠭᠡᠭᠡᠨ ᠬᠢᠭᠰᠡᠨ ᠪᠠᠶᠢᠳᠠᠯ ᠢᠶᠠᠨ ᠬᠢᠨᠡᠨ ᠬᠡᠮᠵᠢᠵᠦ ᠪᠤᠯᠤᠨ᠎ᠠ᠃ ᠪᠠᠰᠠ ᠭᠠᠷ ᠤᠳᠠᠰᠤᠨ ᠤ ᠵᠦᠬᠡᠯᠡᠨ ᠲᠤᠨᠤᠭ ᠢ ᠠᠰᠢᠬᠯᠠᠨ᠂ ᠰᠦᠯᠵᠢᠶᠠᠨ ᠲᠡᠭᠡᠷ᠎ᠠ ᠨᠡᠶᠢᠵᠡ ᠨᠦᠬᠦᠳ ᠲᠠᠢ ᠪᠠᠨ ᠪᠤᠯᠵᠤᠨ ᠤᠷᠤᠯᠳᠤᠵᠦ ᠪᠤᠯᠤᠨ᠎ᠠ᠃ ᠡᠳᠦᠷ ᠪᠦᠷᠢ ᠬᠦᠶᠦᠬᠦ ᠨᠢ ᠡᠷᠡᠭᠳᠡᠶᠢᠴᠤᠳ ᠤᠨ ᠠᠮᠢ ᠨᠠᠰᠦ ᠶᠢ 6.2 ᠵᠢᠯ᠂ ᠡᠮᠡᠭᠳᠡᠶᠢᠴᠤᠳ ᠤᠨ ᠠᠮᠢ ᠨᠠᠰᠦ ᠶᠢ 5.6 ᠵᠢᠯ ᠤᠷᠳᠤᠳᠬᠠᠬᠤ ᠪᠤᠯᠤᠨ᠎ᠠ᠃ ᠭᠠᠷᠠᠭ ᠪᠦᠷᠢ 60 — 150 ᠮᠢᠨᠦ᠋ᠲ ᠬᠦᠶᠦᠬᠦ ᠶᠢ ᠪᠠᠷᠢᠮᠳᠠᠯᠠᠭᠠᠷᠠᠢ᠃
 
ᠢᠷᠡᠯᠲᠡ᠄ ᠤᠯᠠᠭᠠᠨᠬᠠᠳᠠ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号