ᠪᠦᠵᠢᠭᠯᠡᠪᠡᠯ ᠦᠳᠡᠯᠬᠦ ᠶᠢ ᠤᠳᠠᠭᠠᠰᠢᠷᠠᠭᠤᠯᠵᠤ ᠪᠤᠯᠤᠨ᠎ᠠ
ᠨᠡᠶᠢᠲᠡᠯᠡᠭᠰᠡᠨ ᠴᠠᠭ᠄
2018/12/28
   ᠠᠮᠧᠷᠢᠺᠠ ᠶᠢᠨ ᠰᠢᠨ᠎ᠠ ᠵᠧᠷᠰᠢ ᠵᠸᠤ ᠶᠢᠨ ᠷᠤᠰᠮᠠᠨ ᠶᠠᠰᠤᠨ ᠤ ᠡᠮᠨᠡᠯᠭᠡ ᠶᠢᠨ ᠰᠤᠳᠤᠯᠭᠠᠨ ᠤ  ᠭᠠᠵᠠᠷ   ᠤᠨ  ᠹᠢᠽᠢᠺ‌ᠵᠠᠰᠠᠯ ᠢᠶᠠᠷ ᠡᠷᠡᠬᠦᠯᠵᠢᠬᠦᠯᠬᠦ ᠲᠤᠰᠬᠠᠢ ᠮᠡᠷᠭᠡᠵᠢᠯᠳᠡᠨ ᠹᠠᠯᠺᠧᠨ ᠢᠯᠡᠷᠭᠡᠶᠢᠯᠡᠬᠦ   ᠳᠡᠭᠡᠨ᠂  ᠪᠦᠵᠢᠭᠯᠡᠪᠡᠯ  ᠦᠳᠡᠯᠬᠦ  ᠠᠬᠢᠴᠠ  ᠵᠢ‌ᠤᠲᠠᠭᠠᠰᠢᠷᠠᠭᠤᠯᠤᠨ᠎ᠠ᠂ ᠡᠨᠡ ᠨᠢ ᠨᠠᠰᠤᠳᠠᠶᠢᠴᠤᠳ ᠤᠨ ᠡᠷᠡᠬᠦᠯ ᠮᠠᠨᠳᠤ ᠳᠤ ᠦᠨᠡᠨ ᠬᠦ ᠠᠰᠢᠬᠳᠠᠢ᠃ ᠲᠠᠨᠽᠯᠠᠬᠤ ᠪᠤᠯ  ᠬᠤᠪᠢ‌ᠵᠢᠨ ᠪᠡᠶ᠎ᠡ ᠶᠢᠨ ᠬᠥᠨᠳᠤ ᠶᠢ ᠬᠥᠢᠴᠡᠳ ᠠᠰᠢᠭᠯᠠᠬᠤ ᠨᠢᠭᠡ ᠵᠦᠢᠯ ᠤᠨ ᠪᠦᠳᠤᠮᠵᠢᠳᠠᠢ ᠪᠡᠶ᠎ᠡ ᠪᠤᠯᠪᠠᠰᠤᠷᠠᠭᠤᠯᠬᠤ ᠠᠷᠭ᠎ᠠ  ᠮᠠᠶ᠋ᠢᠭ ᠮᠦᠨ︔ ᠸᠠᠯᠢᠰ ᠪᠦᠵᠢᠭ ᠨᠢ ᠨᠠᠰᠤᠳᠠᠶᠢᠴᠤᠳ ᠤᠨ ᠵᠢᠷᠤᠭᠡ ᠪᠠ ᠴᠢᠰᠤᠨ ᠰᠤᠳᠠᠯ ᠤᠨ ᠡᠷᠡᠬᠦᠯ ᠮᠠᠨᠳᠤ ᠳᠤ  ᠠᠰᠢᠬᠳᠠᠢ  ᠶᠤᠮ‌‍ᠭᠡᠵᠠᠢ᠃ ᠹᠠᠯᠺᠧᠨ ᠪᠠᠰᠠ ᠴᠢᠬᠤᠯᠠᠴᠢᠯᠠᠬᠤ ᠳᠠᠭᠠᠨ᠂ ᠪᠦᠵᠢᠭᠯᠡᠭᠴᠢ ᠶᠢᠨ ᠵᠠᠪᠠᠯ ᠪᠠᠷᠢᠮᠳᠠᠯᠠᠳᠠᠭ ᠠᠳᠠᠯᠢ ᠪᠤᠰᠤ ᠦᠢᠯᠡ ᠬᠥᠳᠡᠯᠤᠯ ᠨᠢ ᠭᠤᠤᠯᠯᠠᠬᠤ ᠪᠤᠯᠴᠢᠩ ᠤᠨ ᠪᠦᠯᠦᠭ  ᠢ ᠪᠤᠯᠪᠠᠰᠤᠷᠠᠭᠤᠯᠬᠤ ᠳᠤ ᠲᠦᠢᠯ ᠤᠨ ᠴᠢᠬᠤᠯᠠ ᠪᠠᠶᠢᠳᠠᠭ ᠭᠡᠵᠠᠢ᠃  ᠠᠮᠧᠷᠢᠺᠠ   ᠶᠢᠨ《ᠨᠠᠰᠤᠳᠠᠶᠢᠴᠤᠳ ᠤᠨ ᠡᠪᠡᠳᠴᠢᠨ ᠤ ᠤᠬᠠᠭᠠᠨ ᠬᠢᠭᠡᠳ ᠨᠠᠰᠤᠳᠠᠶᠢᠴᠤᠳ ᠤᠨ ᠠᠨᠠᠭᠠᠬᠤ ᠤᠬᠠᠭᠠᠨ ᠤ ᠲᠠᠩᠰᠠ ᠡᠪᠭᠡᠮᠡᠯ》ᠰᠡᠳᠬᠦᠯ ᠳᠤ ᠨᠡᠶᠢᠳᠡᠯᠡᠭᠰᠡᠨ  ᠨᠢᠭᠡᠨ  ᠰᠤᠳᠤᠯᠭᠠᠨ   ᠳᠤ  ᠢᠯᠡᠷᠡᠬᠦᠯᠦᠭᠰᠡᠨ   ᠢᠶᠠᠷ᠂  ᠪᠦᠵᠢᠭ   ᠤᠨ  ᠪᠤᠯᠪᠠᠰᠤᠷᠠᠭᠤᠯᠤᠯ   ᠳᠤ ᠤᠷᠤᠯᠴᠠᠳᠠᠭ ᠪᠡᠶ᠎ᠡ ᠰᠤᠯᠠ ᠨᠠᠰᠤᠳᠠᠶᠢᠴᠤᠳ ᠢ ᠬᠠᠷᠢᠴᠠᠭᠤᠯᠤᠭᠰᠠᠨ ᠲᠤᠭᠤᠶᠢᠯᠠᠩ ᠤᠨ ᠨᠠᠰᠤᠳᠠᠶᠢᠴᠤᠳ   ᠲᠠᠢ  ᠠᠳᠠᠯᠢᠳᠬᠠᠪᠠᠯ ᠲᠡᠳᠡᠨ ᠤ ᠲᠡᠩᠴᠡᠬᠦᠷᠢᠰᠢᠬᠦᠯᠬᠦ ᠴᠢᠳᠠᠪᠤᠷᠢ ᠨᠢ ᠨᠡᠩ ᠴᠢᠩᠭ᠎ᠠ ᠪᠠᠶᠢᠵᠤ᠂ ᠦᠢᠴᠢᠬᠤ ᠤᠳᠠᠭ᠎ᠠ ᠨᠢ ᠨᠡᠩ ᠴᠦᠭᠡᠨ ᠪᠠᠶᠢᠳᠠᠭ᠃             ᠠᠮᠧᠷᠢᠺᠠ ᠶᠢᠨ《ᠰᠢᠨ᠎ᠠ ᠢᠩᠭ᠍ᠯᠠᠨᠳ᠋ ᠤᠨ  ᠠᠨᠠᠭᠠᠬᠤ  ᠤᠬᠠᠭᠠᠨ   ᠤ  ᠰᠡᠳᠬᠦᠯ》   ᠳᠤ  ᠨᠡᠶᠢᠳᠡᠯᠡᠭᠰᠡᠨ  ᠨᠢᠭᠡᠨ‌‍ᠰᠤᠳᠤᠯᠭᠠᠨ ᠳᠤ ᠢᠯᠡᠷᠭᠡᠶᠢᠯᠡᠭᠰᠡᠨ ᠢᠶᠠᠷ᠂ ᠪᠦᠵᠢᠭ  ᠪᠤᠯ  ᠨᠠᠰᠤᠳᠠᠶᠢᠴᠤᠳ   ᠤᠨ  ᠮᠡᠨᠡᠭ  ᠡᠪᠡᠳᠴᠢᠨ   ᠤ  ᠲᠦᠭᠰᠢᠬᠦᠷᠢ  ᠵᠢ‌‍ᠪᠠᠭᠤᠷᠠᠭᠤᠯᠵᠤ ᠲᠠᠶᠢᠯᠬᠦ ᠴᠤᠷ ᠤᠨ ᠭᠠᠭᠴᠠ ᠪᠡᠶ᠎ᠡ ᠶᠢᠨ ᠬᠥᠳᠡᠯᠭᠡᠭᠡᠨ ᠮᠦᠨ᠃  ᠡᠬᠦᠨ   ᠠᠴᠠ  ᠭᠠᠳᠠᠨ᠎ᠠ᠂  ᠨᠠᠰᠤᠳᠠᠶᠢᠴᠤᠳ‌‍ᠪᠦ᠋ᠵᠢᠭ ᠪᠤᠯᠪᠠᠰᠤᠷᠠᠬᠤ ᠨᠢ ᠮᠦᠨ ᠴᠦ ᠲᠠᠭᠤᠤ ᠬᠥᠭᠵᠢᠮ ᠤᠨ ᠵᠠᠰᠠᠯᠭ᠎ᠠ ᠪᠠ ᠨᠡᠶᠢᠭᠡᠮ  ᠤᠨ ᠬᠠᠷᠢᠯᠴᠠᠭᠠᠨ   ᠤ  ᠵᠠᠰᠠᠯᠭ᠎ᠠ  ᠵᠢᠨ‌‍ᠲ᠋ᠡᠬᠦᠰ ᠰᠠᠶᠢᠬᠠᠨ ᠤᠶᠠᠯᠳᠤᠯ ᠮᠦᠨ᠂ ᠡᠨᠡ ᠨᠢ ᠪᠡᠶ᠎ᠡ ᠶᠢᠨ ᠬᠤᠷᠮᠤᠨ   ᠢ  ᠨᠡᠩ  ᠤᠯᠠᠨ  ᠱᠦᠬᠦᠷᠡᠬᠦᠯᠬᠦ   ᠳᠤ  ᠬᠠᠪᠰᠤᠷᠤᠯᠭ᠎ᠠ ᠪᠤᠯᠵᠤ᠂ ᠬᠥᠮᠤᠨ ᠢ ᠨᠡᠩ ᠪᠠᠶᠠᠷ ᠪᠠᠶᠠᠰᠬᠤᠯᠠᠩᠳᠠᠢ ᠪᠤᠯᠭᠠᠵᠤ ᠴᠢᠳᠠᠳᠠᠭ᠃  ᠪᠦᠵᠢᠭ  ᠦᠰᠦᠷᠬᠦ   ᠶᠢᠨ  ᠪᠡᠶ᠎ᠡ  ᠰᠡᠳᠬᠢᠯ  ᠳ᠋ᠥ‌ᠤᠯᠭᠤᠬᠤ ᠠᠴᠢ ᠲᠤᠰᠠ ᠨᠢ ᠪᠡᠶ᠎ᠡ ᠶᠢ ᠢᠯᠢᠬᠦ  ᠠᠴᠠ ᠨᠢᠭᠡ ᠴᠤ ᠲᠤᠤᠷ᠎ᠠ ᠦᠭᠡᠢ ᠪᠠᠶᠢᠳᠠᠭ᠃
 
ᠢᠷᠡᠯᠲᠡ᠄ ᠠᠷᠡᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号