| ᠬᠦᠮᠦᠰ ᠵᠠᠷᠢᠮ ᠦᠶ᠎ᠠ ᠳᠤ ᠪᠠᠶ᠎ᠠ ᠪᠠᠨ ᠪᠤᠯᠪᠠᠰᠤᠷᠠᠭᠤᠯᠬᠤ ᠠᠷᠭ᠎ᠠ ᠪᠠᠷ ᠠᠭᠤᠷ ᠤᠴᠠᠭᠠᠷ ᠢᠶᠠᠨ ᠭᠠᠷᠭᠠᠳᠠᠭ᠃ | ᠬᠡᠬᠦ ᠳᠡᠭᠡᠨ ᠡᠨᠡ ᠨᠢ ᠵᠠᠷᠢᠮ ᠦᠶ᠎ᠠ ᠳᠤ ᠬᠦᠮᠦᠨ ᠤ ᠠᠮᠢ ᠨᠠᠰᠤ ᠶᠢ ᠬᠤᠷᠤᠭᠠᠵᠤ ᠮᠠᠳᠠᠨ᠎ᠠ᠃ ᠺᠠᠨᠠᠳᠠ ᠶᠢᠨ | ᠠᠨᠯᠤᠸᠧᠶᠧ ᠮᠤᠵᠢ ᠶᠢᠨ ᠮᠠᠶᠢᠺᠮᠠᠰᠲᠧ ᠶᠡᠭᠡ ᠰᠤᠷᠭᠠᠭᠤᠯᠢ ᠶᠢᠨ ᠬᠦᠮᠦᠨ ᠠᠮᠠ ᠶᠢᠨ ᠡᠷᠡᠬᠦᠯ ᠮᠠᠨᠳᠤ ᠶᠢᠨ | ᠰᠤᠳᠤᠯᠤᠯ ᠤᠨ ᠭᠠᠵᠠᠷ ᠤᠨ ᠰᠤᠳᠤᠯᠤᠯᠳᠠ ᠳᠤ ᠢᠯᠡᠷᠡᠬᠦᠯᠦᠭᠰᠡᠨ ᠢᠶᠠᠷ᠂ ᠬᠦᠮᠦᠨ ᠠᠭᠤᠷ ᠤᠴᠠᠭᠠᠷ ᠲᠠᠢ ᠪᠠᠶᠢᠬᠤ | ᠪᠤᠶᠤ ᠲᠠᠮᠢᠷ ᠤᠨ ᠬᠦᠳᠡᠯᠬᠡᠬᠡᠨ ᠬᠡᠳᠦᠷᠠᠬᠦ ᠦᠶᠠᠰ ᠨᠢᠬᠡ ᠴᠠᠭ ᠤᠨ ᠲᠤᠳᠤᠷ᠎ᠠ ᠵᠢᠷᠦᠬᠡᠨ ᠡᠪᠡᠳᠴᠢᠨ ᠡᠬᠦᠰᠬᠦ | ᠲᠦᠭᠰᠢᠬᠦᠷᠢ ᠲᠡᠬᠢᠨ ᠢᠶᠠᠷ ᠨᠡᠮᠡᠭᠳᠡᠨ᠎ᠡ᠃ ᠨᠡᠩ ᠢᠯᠡᠬᠦᠦ ᠠᠭᠤᠷ ᠤᠴᠠᠭᠠᠷ ᠲᠠᠢ ᠦᠶ᠎ᠠ ᠳᠤ ᠰᠢᠷᠦᠬᠦᠨ ᠬᠦᠳᠡᠯᠬᠡᠬᠡᠨ | ᠬᠢᠬᠦ ᠨᠢ ᠵᠢᠷᠦᠬᠡᠨ ᠡᠪᠡᠳᠴᠢᠨ ᠡᠬᠦᠰᠬᠦ ᠲᠦᠭᠰᠢᠬᠦᠷᠢ ᠶᠢ 3 ᠲᠠᠬᠢᠨ ᠢᠶᠠᠷ ᠨᠡᠮᠡᠭᠳᠡᠬᠦᠯᠦᠨ᠎ᠡ᠂ ᠢᠯᠠᠩᠭᠤᠶ᠎ᠠ | ᠤᠷᠤᠢ ᠶᠢᠨ 6 ᠴᠠᠭ ᠠᠴᠠ ᠰᠦᠨᠢ ᠶᠢᠨ 12 ᠴᠠᠭ ᠤᠨ ᠬᠤᠭᠤᠷᠤᠨᠳᠤ ᠵᠢᠷᠦᠬᠡᠨ ᠡᠪᠡᠳᠴᠢᠨ ᠡᠬᠦᠰᠬᠦ ᠲᠦᠭᠰᠢᠬᠦᠷᠢ | ᠨᠡᠩ ᠶᠡᠭᠡ ᠪᠤᠯᠤᠨ᠎ᠠ᠃ | ᠡᠨᠡᠬᠦ ᠵᠦᠢᠯ ᠤᠨ ᠰᠤᠳᠤᠯᠤᠯ ᠨᠢ᠂ ᠬᠦᠮᠦᠨ ᠤ ᠨᠠᠰᠤ ᠵᠢᠯ᠂ ᠲᠠᠮᠠᠬᠢ ᠲᠠᠳᠠᠬᠤ ᠡᠰᠡᠬᠦ᠂ ᠮᠢᠬ᠎ᠠ ᠮᠠᠷᠢᠶ᠎ᠠ᠂ | ᠴᠢᠰᠤᠨ ᠲᠠᠷᠤᠯᠳᠠ ᠵᠡᠷᠬᠡ ᠪᠤᠰᠤᠳ ᠡᠷᠡᠬᠦᠯ ᠮᠡᠨᠳᠦ ᠶᠢᠨ ᠡᠯᠧᠮᠧᠨ᠋ᠲ ᠢ ᠴᠤ ᠪᠤᠳᠤᠯᠬᠢᠯᠠᠬᠰᠠᠨ ᠪᠠᠶᠢᠨ᠎ᠠ᠃ | ᠰᠤᠳᠤᠯᠤᠬᠴᠢᠳ ᠠᠴᠠ 50 ᠭᠠᠷᠤᠢ ᠤᠯᠤᠰ ᠤᠨ 1.2 ᠲᠦᠮᠡᠨ ᠵᠢᠷᠦᠬᠡᠨ ᠡᠪᠡᠳᠴᠢᠳᠡᠨ ᠳᠤ ᠪᠠᠶᠢᠴᠠᠭᠠᠯᠳᠠ | ᠬᠢᠭᠰᠡᠨ ᠤ ᠳ᠋ᠦᠩ ᠳᠤ᠂ ᠲᠤᠮᠳᠠᠴᠢ ᠨᠠᠰᠤ ᠨᠢ 58 ᠪᠤᠯᠬᠤ ᠵᠢᠷᠦᠭᠡᠨ ᠡᠪᠡᠳᠴᠢᠳᠡᠳ ᠤᠨ 13% ᠨᠢ ᠵᠢᠷᠦᠭᠡᠨ | ᠡᠪᠡᠳᠴᠢᠨ ᠬᠦᠳᠡᠯᠬᠦ ᠠᠴᠠ ᠡᠮᠦᠨ᠎ᠡ 1 ᠴᠠᠭ ᠤᠨ ᠲᠤᠳᠤᠷ᠎ᠠ ᠲᠠᠮᠢᠷ ᠤᠨ ᠬᠦᠳᠡᠯᠬᠡᠬᠡᠨ ᠬᠢᠵᠤ᠂ ᠡᠬᠦᠨ ᠳᠤ | 14% ᠤᠨ ᠬᠦᠮᠦᠨ ᠨᠢ ᠠᠭᠤᠷᠯᠠᠵᠤ ᠤᠴᠠᠭᠠᠷᠯᠠᠬᠰᠠᠨ ᠪᠠᠶᠢᠨ᠎ᠠ᠃ | ᠲᠠᠮᠢᠷ ᠤᠨ ᠬᠦᠳᠡᠯᠭᠡᠭᠡᠨ ᠨᠢ ᠬᠦᠮᠦᠨ ᠤ ᠡᠷᠡᠬᠦᠯ ᠮᠠᠨᠳᠤ ᠳᠤ ᠠᠰᠢᠭᠳᠠᠢ ᠪᠠᠶᠢᠵᠤ ᠵᠢᠷᠦᠬᠡᠨ ᠡᠪᠡᠳᠴᠢᠨ ᠢ | ᠰᠡᠷᠬᠡᠶᠢᠯᠡᠵᠤ ᠴᠢᠳᠠᠨ᠎ᠠ᠃ ᠬᠡᠳᠡᠯ᠎ᠡ ᠬᠦᠮᠦᠨ ᠶᠡᠬᠡᠪᠡᠷ ᠠᠭᠤᠷᠯᠠᠬᠤ ᠪᠤᠶᠤ ᠬᠡᠳᠦ ᠰᠢᠷᠦᠬᠦᠨ ᠬᠦᠳᠡᠯᠬᠡᠬᠡᠨ ᠬᠢᠬᠦ ᠨᠢ | ᠴᠢᠰᠤᠨ ᠲᠠᠷᠤᠯᠳᠠ ᠶᠢ ᠦᠨᠳᠦᠷᠵᠢᠬᠦᠯᠵᠤ᠂ ᠵᠢᠷᠦᠬᠡᠨ ᠴᠤᠬᠢᠯᠭ᠎ᠠ ᠶᠢ ᠲᠦᠷᠬᠡᠳᠭᠡᠨᠠ᠃ | |