ᠦᠪᠦᠷ ᠮᠤᠩᠭᠤᠯ ᠤᠨ ᠠᠩᠬᠠᠳᠠᠭᠴᠢ ᠤᠯᠢᠮᠫᠢᠺ ᠤᠨ ᠠᠪᠤᠷᠭᠤ —  ᠵᠠᠩ ᠰᠢᠶᠤᠤ ᠫᠢᠩ
ᠨᠡᠶᠢᠲᠡᠯᠡᠭᠰᠡᠨ ᠴᠠᠭ᠄
2018/12/29
     ᠦᠬᠡᠷᠡᠴᠢᠯᠠᠯᠳᠠ ᠨᠡᠬᠡᠬᠡᠯᠳᠠ ᠶᠢᠨ 40 ᠵᠢᠯ ᠪᠤᠯ ᠲᠤᠮᠳᠠᠳᠤ ᠤᠯᠤᠰ ᠤᠨ ᠪᠡᠶ᠎ᠠ ᠶᠢᠨ ᠲᠠᠮᠢᠷ ᠤᠨ ᠪᠠᠭᠤᠷᠠᠢ ᠠᠴᠠ ᠪᠠᠨ ᠬᠦᠴᠦᠷᠬᠡᠭᠵᠢᠭᠰᠡᠡ ᠶᠠᠪᠤᠴᠠ ᠶᠢ ᠬᠠᠷᠠᠭᠤᠯᠤᠭᠰᠠᠠ 40 ᠵᠢᠯ ᠪᠤᠯᠤᠨ᠎ᠠ᠂ ᠡᠨᠡᠬᠦ ᠶᠠᠪᠤᠴᠠ ᠲᠤᠮᠳᠠ ᠮᠠᠨ ᠤ ᠤᠷᠤᠨ ᠤ ᠪᠡᠶ᠎ᠠ ᠶᠢᠨ ᠲᠠᠮᠢᠷ ᠤᠨ ᠦᠢᠯᠡᠰ ᠴᠤ ᠦᠬᠡᠷᠡᠴᠢᠯᠠᠯᠳᠠ ᠨᠡᠬᠡᠬᠡᠯᠳᠠ ᠶᠢᠨ ᠲᠤᠮᠤ ᠤᠷᠴᠢᠨ ᠳᠤ ᠨᠠᠩ ᠴᠢᠯᠦᠬᠡᠳᠠᠢ ᠬᠦᠭᠵᠢᠵᠤ᠂ ᠤᠯᠤᠰ ᠤᠨ ᠲᠤᠳᠤᠷ᠎ᠠ ᠪᠠᠨ ᠪᠤᠶᠤ ᠵᠡᠷᠬᠡᠯᠡᠳᠡᠭᠡ ᠤᠯᠤᠰ ᠯᠤᠭ᠎ᠠ ᠶᠢᠨ ᠶᠠᠪᠤᠯᠴᠠᠭ᠎ᠠ ᠰᠤᠯᠢᠯᠴᠠᠭ᠎ᠠ ᠪᠠᠨ ᠴᠢᠩᠭᠠᠳᠬᠠᠵᠤ᠂ ᠲᠠᠮᠢᠷᠴᠢᠳ ᠤᠨ ᠤᠷ᠎ᠠ ᠮᠠᠷᠬᠡᠵᠢᠯ᠂ ᠤᠬᠠᠭᠠᠨ ᠰᠠᠨᠠᠭ᠎ᠠ᠂ ᠪᠠᠭᠰᠢᠨᠠᠷ ᠤᠨ ᠵᠢᠭᠠᠨ ᠰᠤᠷᠭᠠᠯᠳᠠ᠂ ᠰᠤᠶᠤᠯ ᠪᠤᠯᠪᠠᠰᠤᠷᠠᠯ ᠤᠨ ᠲᠠᠯ᠎ᠠ ᠳᠤ ᠴᠦᠮ ᠶᠡᠬᠡᠬᠡᠨ ᠲᠡᠬᠡᠭᠰᠢᠯᠡᠯᠳᠠ ᠲᠠᠢ ᠪᠤᠯᠤᠭᠰᠠᠠ ᠪᠠᠶᠢᠨ᠎ᠠ᠃ ᠡᠬᠦᠨ ᠤ ᠰᠠᠭᠤᠷᠢᠨ ᠲᠡᠬᠡᠷ᠎ᠠ ᠠᠮᠵᠢᠯᠳᠠ ᠪᠦᠳᠦᠮᠵᠢ ᠴᠤ ᠮᠡᠳᠡᠭᠳᠡᠮ᠎ᠠ ᠢᠯᠡᠷᠡᠵᠤ᠂ ᠨᠠᠶᠠᠭᠠᠳ ᠤᠨ ᠳᠤ ᠡᠮᠡᠭᠳᠡᠢ ᠶᠢᠨ ᠵᠢᠤᠳᠤᠤ ᠪᠦᠬᠡ ᠶᠢᠨ ᠠᠩᠬᠢ ᠶᠢᠨ ᠭᠤᠤ ᠹᠧᠩ ᠯᠢᠶᠠᠨ ᠲᠠᠷᠠᠭᠠᠯᠠᠨ ᠭᠤᠷᠪᠠ ᠤᠳᠠᠭ᠎ᠠ ᠲᠡᠯᠡᠬᠡᠢ ᠶᠢᠨ ᠠᠪᠤᠷᠭᠤ ᠶᠢᠨ ᠠᠯᠳᠠᠨ ᠮᠧᠳᠠᠯ ᠠᠪᠤᠭᠰᠠᠠ︔ ᠶᠡᠷᠡᠨ ᠤᠨ ᠤ ᠪᠡᠬᠡᠵᠢᠩ ᠤᠨ ᠠᠽᠢᠶ᠎ᠠ ᠶᠢᠨ ᠲᠠᠮᠢᠷ ᠤᠨ ᠴᠤᠭᠯᠠᠭᠠᠨ ᠳᠤ ᠬᠤᠷᠠᠭ᠎ᠠ᠂ ᠪᠤᠤ ᠢᠤᠢ ᠬᠤᠶᠠᠭᠤᠯᠠ ᠡᠷᠡᠭᠳᠡᠢ ᠶᠢᠨ ᠤᠯᠠᠨ ᠤᠯᠤᠰ ᠤᠨ ᠪᠦᠬᠡ ᠶᠢᠨ ᠠᠯᠳᠠᠨ ᠮᠧᠳᠠᠯ ᠤᠯᠵᠤ᠂ ᠲᠤᠮᠳᠠᠳᠤ ᠤᠯᠤᠰ ᠤᠨ ᠤᠯᠠᠨ ᠤᠯᠤᠰ ᠤᠨ ᠪᠦᠬᠡ ᠶᠢᠨ ᠲᠦᠷᠦᠯ ᠵᠦᠢᠯ ᠳᠤ ᠠᠽᠢᠶ᠎ᠠ ᠶᠢᠨ ᠲᠠᠮᠢᠷ ᠤᠨ ᠴᠤᠭᠯᠠᠭᠠᠨ ᠤ ᠠᠯᠳᠠᠨ ᠮᠧᠳᠠᠯ ᠦᠬᠡᠢ ᠲᠡᠤᠬᠡ ᠶᠢ ᠡᠴᠦᠰᠯᠡᠬᠦᠯᠦᠭᠰᠡᠡ︔ ᠰᠢᠨ᠎ᠠ ᠵᠠᠭᠤᠨ ᠳᠤ ᠤᠷᠤᠵᠤ ᠪᠦᠬᠦ ᠲᠠᠯ᠎ᠠ ᠪᠠᠷ ᠦᠬᠡᠷᠡᠴᠢᠯᠠᠯᠳᠠ ᠬᠢᠵᠤ ᠪᠦᠬᠦ ᠲᠠᠯ᠎ᠠ ᠪᠠᠷ ᠴᠢᠯᠦᠬᠡᠳᠠᠢ ᠶᠠᠪᠤᠯᠴᠠᠭᠰᠠᠠ ᠤ ᠤᠯᠠᠮ ᠢᠶᠠᠷ 2008 ᠤᠨ ᠳᠤ ᠵᠠᠩ ᠰᠢᠶᠤᠤ ᠫᠢᠩ ᠪᠡᠬᠡᠵᠢᠩ ᠤᠨ ᠤᠯᠢᠮᠫᠢᠺ ᠤᠨ ᠲᠠᠮᠢᠷ ᠤᠨ ᠴᠤᠭᠯᠠᠭᠠᠨ ᠲᠡᠬᠡᠷ᠎ᠠ ᠡᠷᠡᠭᠳᠡᠢ ᠶᠢᠨ ᠪᠤᠤᠺᠰ ᠤᠨ ᠤᠷᠤᠯᠳᠤᠭᠠᠨ ᠤ 81 ᠺᠢᠯᠦᠭᠷᠠᠮ ᠤᠨ ᠲᠡᠰ ᠲᠤ ᠠᠯᠳᠠᠨ ᠮᠧᠳᠠᠯ ᠤᠯᠵᠤ᠂ ᠦᠪᠦᠷ ᠮᠤᠩᠭᠤᠯ ᠤᠨ ᠠᠩᠬᠠᠳᠠᠭᠴᠢ ᠤᠯᠢᠮᠫᠢᠺ ᠤᠨ ᠠᠪᠤᠷᠭᠤ ᠪᠤᠯᠤᠭᠰᠠᠠ ᠁     ᠠᠯᠳᠠᠨ ᠮᠧᠳᠠᠯ ᠤᠯᠤᠭᠰᠠᠠ ᠤ ᠲᠠᠷᠠᠭ᠎ᠠ ᠪᠡᠯᠬᠡᠯᠡᠬᠦ ᠤᠯᠤᠰ ᠤᠨ ᠲᠤᠭ ᠢ ᠬᠦᠷᠳᠡᠯ᠎ᠠ ᠪᠢ ᠡᠷᠳᠡ ᠪᠡᠯᠡᠳᠬᠡᠬᠡᠳ ᠪᠠᠶᠢᠪᠠ︾      ᠵᠠᠩ ᠰᠢᠶᠤᠤ ᠫᠢᠩ ᠤᠨ 2008 ᠤᠨ ᠤ ᠪᠡᠬᠡᠵᠢᠩ ᠤᠨ ᠤᠯᠢᠮᠫᠢᠺ ᠤᠨ ᠲᠠᠮᠢᠷ ᠤᠨ ᠴᠤᠭᠯᠠᠭᠠᠨ ᠲᠡᠬᠡᠷ᠎ᠠ ᠠᠯᠳᠠᠨ ᠮᠧᠳᠠᠯ ᠠᠪᠤᠭᠰᠠᠠ ᠭᠱᠠᠠ ᠢ ᠲᠠᠬᠢᠨ ᠡᠷᠬᠢᠴᠡᠬᠦᠯᠵᠤ ᠶᠠᠷᠢᠬᠤ ᠳᠤ ᠲᠤᠬᠠᠢ ᠶᠢᠨ ᠦᠶ᠎ᠠ ᠳᠤ ᠲᠡᠬᠦᠨ ᠤ ᠲᠠᠰᠬᠠᠯᠵᠢᠭᠤᠯᠤᠭᠴᠢ ᠪᠠᠶᠢᠭᠰᠠᠠ ᠴᠢᠯᠠᠭᠤ ᠶᠢᠨ ᠴᠡᠬᠡᠵᠢᠨ ᠳᠤ ᠦᠴᠦᠬᠡᠳᠦᠷ ᠤᠨ ᠪᠤᠯᠤᠭᠰᠠᠠ ᠤᠴᠢᠷ ᠮᠡᠳᠤ ᠲᠤᠪ ᠲᠤᠳᠤᠷᠬᠠᠢ ᠪᠠᠶᠢᠯ᠎ᠠ᠃      — 8 ᠰᠠᠷ᠎ᠠ ᠶᠢᠨ 24 ᠤ ᠦᠳᠠ ᠶᠢᠨ ᠬᠤᠶᠢᠨ᠎ᠠ ᠶᠢᠨ 4 ᠴᠠᠭ ᠤᠨ ᠦᠶ᠎ᠠ ᠪᠠᠷ ᠶᠠᠭ ᠠᠯᠳᠠᠠ ᠮᠧᠳᠠᠯ ᠤᠨ ᠲᠦᠯᠦᠬᠡ ᠲᠡᠮᠡᠴᠡᠬᠦ ᠲᠤᠭᠯᠠᠯᠳᠠ ᠪᠠᠨ ᠡᠬᠢᠯᠡᠬᠦᠯᠦᠭᠰᠡᠡ᠂ ᠰᠢᠢᠳᠪᠤᠷᠢᠳᠤ ᠤᠷᠤᠯᠳᠤᠭᠠᠨ ᠠᠴᠠ ᠡᠮᠦᠨ᠎ᠠ ᠵᠠᠩ ᠰᠢᠶᠤᠤ ᠫᠢᠩ ᠲᠡᠯᠡᠬᠡᠢ ᠶᠢᠨ ᠡᠮᠦᠨ᠎ᠠ ᠭᠤᠷᠪᠠᠨ ᠨᠡᠷᠡᠰ ᠲᠤ ᠵᠢᠭᠰᠠᠵᠤ ᠪᠠᠶᠢᠭ᠎ᠠ ᠪᠤᠤᠺᠰᠴᠢᠨ ᠢ ᠢᠯᠠᠵᠤ᠂ ᠬᠦᠴᠦᠷᠬᠡᠭ ᠲᠦᠪᠯᠡᠷᠡᠭᠰᠡᠡ ᠬᠠᠳᠠᠭᠤ ᠲᠤᠭᠤᠢᠢᠯᠠᠩ ᠠᠴᠠ ᠰᠢᠪᠳᠤᠯᠵᠤ ᠭᠠᠷᠤᠭᠰᠠᠠ ᠲᠤᠯᠠ ᠲᠡᠳ᠋ ᠲᠡᠷᠢᠬᠦᠨ ᠪᠤᠯᠬᠤ ᠳᠤ ᠨᠦᠬᠦᠬᠡ ᠲᠤᠭᠤᠢᠢᠯᠠᠩ ᠠᠴᠠ ᠰᠢᠪᠳᠤᠯᠵᠤ ᠭᠠᠷᠴᠤ ᠢᠷᠡᠭᠰᠡᠡ ᠲᠡᠯᠡᠬᠡᠢ ᠶᠢᠨ ᠲᠠᠪᠤᠳᠤᠭᠠᠷ ᠪᠠᠶᠢᠷᠢᠨ ᠳᠤ ᠪᠠᠶᠢᠭ᠎ᠠ ᠠᠶᠢᠷᠯᠠᠨᠳ᠋ ᠤᠨ ᠲᠠᠮᠢᠷᠴᠢᠨ ᠲᠠᠢ ᠬᠠᠷᠭᠤᠬᠤ ᠦᠶ᠎ᠠ ᠳᠤ ᠡᠨᠡᠬᠦ ᠠᠯᠳᠠᠨ ᠮᠧᠳᠠᠯ ᠨᠢᠬᠡᠨᠳᠠ ᠵᠠᠩ ᠰᠢᠶᠤᠤ ᠫᠢᠩ ᠤᠷᠤᠭᠤ ᠬᠡᠯᠪᠠᠶᠢᠬᠦ‍ ᠰᠢᠭ ᠪᠤᠯᠵᠤ᠂ ᠠᠯᠳᠠᠨ ᠮᠧᠳᠠᠯ ᠢ ᠤᠯᠴᠢᠬᠠᠬᠤ ᠳᠤ ᠪᠢ ᠢᠳᠡᠬᠡᠯ ᠲᠡᠬᠦᠯᠳᠡᠷ ᠪᠠᠶᠢᠬᠰᠠᠠ ᠶᠤᠮ᠃
    ︽ᠲᠡᠯᠡᠬᠡᠢ ᠶᠢᠨ ᠬᠠᠮᠤᠭ ᠰᠢᠯᠢᠳᠡᠭ ᠪᠤᠤᠺᠰᠴᠢᠨ ᠢ ᠴᠢ ᠴᠦᠮ ᠢᠯᠠᠭᠠᠳ ᠭᠠᠷᠴᠤ ᠢᠷᠡᠭᠰᠡᠡ ᠪᠠᠶᠢᠬᠤ ᠳᠤ ᠤᠳᠤ ᠶᠠᠭᠤᠨ ᠠᠴᠠ ᠠᠶᠤᠬᠤ ᠪᠤᠢ︖ ᠵᠤᠷᠢᠬᠳᠠᠢ ᠲᠤᠭᠯᠠ︾ ᠬᠡᠵᠤ ᠴᠢᠯᠠᠭᠤ ᠲᠠᠰᠬᠠᠯᠵᠢᠭᠤᠯᠤᠭᠴᠢ ᠦᠪᠡᠷ ᠤᠨ ᠡᠨᠡᠬᠦ ᠢᠳᠡᠬᠡᠯ ᠢᠶᠠᠨ ᠵᠠᠩ ᠰᠢᠶᠤᠤ ᠫᠢᠩ ᠳᠤ ᠤᠯᠠᠮᠵᠢᠯᠠᠵᠤ ᠬᠠᠶᠢᠷᠠᠳᠤ ᠱᠠᠪᠢ ᠶᠢᠨ ᠢᠶᠠᠨ ᠢᠳᠡᠬᠡᠯ ᠵᠤᠷᠢᠬ ᠢ ᠨᠢ ᠲᠠᠰᠤᠷᠠᠯᠳᠠ ᠦᠬᠡᠢ ᠡᠷᠴᠢᠯᠠᠵᠤ ᠪᠠᠶᠢᠪᠠ᠃     — 2008 ᠤᠨ ᠤ ᠤᠯᠢᠮᠫᠢᠺ ᠪᠤᠯ ᠵᠠᠭᠤᠨ ᠵᠢᠯ ᠳᠤ ᠲᠤᠬᠢᠶᠠᠯᠳᠤᠬᠤ ᠦᠬᠡᠢ ᠤᠯᠤᠰ ᠲᠠᠭᠠᠨ ᠶᠠᠪᠤᠭᠳᠠᠭᠰᠠᠠ ᠤᠯᠢᠮᠫᠢᠺ᠂ ᠵᠠᠩ ᠰᠢᠶᠤᠤ ᠫᠢᠩ ᠤᠨ ᠡᠷᠡᠭᠳᠡᠢ ᠶᠢᠨ ᠪᠤᠤᠺᠰ ᠤᠨ 81 ᠺᠢᠯᠦᠭᠷᠠᠮ ᠤᠨ ᠲᠡᠰ ᠤᠨ ᠤᠷᠤᠯᠳᠤᠭᠠᠨ ᠨᠢ ᠲᠤᠰ ᠬᠤᠭᠤᠴᠠᠭᠠᠨ ᠤ ᠤᠯᠢᠮᠫᠢᠺ ᠤᠨ ᠬᠠᠮᠤᠭ ᠰᠡᠬᠦᠯᠴᠢ ᠶᠢᠨ ᠨᠢᠬᠡ ᠲᠦᠷᠦᠯ᠂ ᠦᠪᠦᠷ ᠮᠤᠩᠭᠤᠯ ᠤᠯᠢᠮᠫᠢᠺ ᠤᠨ ᠲᠡᠤᠬᠡᠨ ᠳᠤ ᠠᠯᠳᠠᠨ ᠮᠧᠳᠠᠯ ᠦᠬᠡᠢ ᠲᠡᠤᠬᠡ ᠪᠠᠨ ᠡᠴᠦᠰᠯᠡᠬᠦᠯᠵᠤ ᠲᠡᠶᠢᠯᠬᠦ ᠡᠰᠡᠬᠦ ᠨᠢ ᠴᠦᠮ ᠡᠨᠡ ᠨᠢᠬᠡ ᠲᠠᠯᠠᠪᠠᠢ ᠤᠷᠤᠯᠳᠤᠭᠠᠨ ᠢᠶᠠᠷ ᠲᠤᠭᠳᠠᠭᠠᠭᠳᠠᠬᠤ ᠲᠤᠯᠠ ᠲᠤᠬᠠᠢ ᠶᠢᠨ ᠦᠶ᠎ᠠ ᠳᠤ ᠮᠠᠠ ᠤ ᠤᠷᠤᠨ ᠤ ᠲᠠᠷᠤᠭ᠎ᠠ ᠤᠳᠤᠷᠢᠳᠤᠯᠭ᠎ᠠ ᠴᠤ ᠮᠠᠰᠢ ᠴᠢᠬᠤᠯᠠᠴᠢᠯᠠᠵᠤ ︽ᠵᠠᠩ ᠰᠢᠶᠤᠤ ᠫᠢᠩ ᠤᠨ ᠢᠯᠠᠬᠤ ᠪᠤᠯᠤᠮᠵᠢ ᠬᠢᠷᠢ ᠵᠡᠷᠬᠡ ᠪᠠᠶᠢᠬᠤ ᠪᠤᠢ︖︾ ᠬᠡᠵᠤ ᠨᠠᠮ᠎ᠠ ᠠᠴᠠ ᠠᠰᠠᠭᠤᠬᠤ ᠳᠤ ᠪᠢ ᠲᠡᠳᠡᠨ ᠳᠤ ︽6᠄ 4 ᠶᠢᠨ ᠬᠠᠷᠢᠴᠠᠯ ᠪᠤᠢ᠂ ᠵᠠᠩ ᠰᠢᠶᠤᠤ ᠫᠢᠩ ᠤᠨ ᠢᠯᠠᠬᠤ ᠪᠤᠯᠤᠮᠵᠢ 6 ᠬᠠᠷᠢᠴᠠᠯ ᠢ ᠡᠵᠡᠯᠡᠨ᠎ᠠ︾ ᠬᠡᠵᠤ ᠲᠡᠳᠡᠨ ᠢᠶᠠᠨ ᠪᠠᠰᠠ ᠵᠤᠷᠢᠬᠵᠢᠭᠤᠯᠵᠤ ᠪᠠᠶᠢᠭᠰᠠᠠ ᠡ  ᠃
    — ᠦᠨᠡᠨ ᠳᠡᠭᠡᠨ ᠪᠢ ᠠᠯᠢ ᠡᠷᠳᠡ ᠠᠴᠠ ᠵᠠᠩ ᠰᠢᠶᠤᠤ ᠫᠢᠩ ᠠᠯᠳᠠᠨ ᠮᠧᠳᠠᠯ ᠤᠯᠤᠭᠰᠠᠠ ᠤ ᠲᠠᠷᠠᠭ᠎ᠠ ᠬᠡᠷᠬᠢᠨ ᠪᠡᠯᠬᠡᠯᠡᠬᠦ ᠲᠤᠬᠠᠢ ᠬᠦᠷᠳᠡᠯ᠎ᠠ ᠴᠦᠮ ᠨᠠᠷᠢᠨ ᠪᠤᠳᠤᠯᠬᠢᠯᠠᠵᠤ᠂ ᠦᠪᠡᠷ ᠤᠨ ᠲᠦᠷᠡᠶᠢᠪᠴᠢ ᠳᠡᠭᠡᠨ ᠤᠯᠤᠰ ᠤᠨ ᠲᠤᠭ ᠢᠶᠠᠨ ᠬᠢᠵᠤ᠂ ᠲᠡᠬᠦᠨ ᠢᠶᠠᠨ ᠪᠠᠰᠠ ᠲᠠᠮᠢᠷᠴᠢᠨ ᠳᠤ ᠦᠵᠡᠬᠦᠯᠪᠠᠯ ᠰᠡᠳᠬᠢᠴᠠ ᠳᠤᠨᠢ ᠲᠠᠷᠤᠭᠠᠰᠤ ᠪᠤᠯᠬᠤ ᠠᠴᠠ ᠬᠢᠴᠢᠶᠠᠵᠤ᠂ ᠠᠯᠳᠠᠨ ᠮᠧᠳᠠᠯ ᠤᠯᠤᠭᠰᠠᠠ ᠤ ᠲᠠᠷᠠᠭᠠᠬᠢ ᠲᠡᠷᠡ ᠭᠱᠠᠠ ᠳᠤ ᠵᠠᠩ ᠰᠢᠶᠤᠤ ᠫᠢᠩ ᠳᠤ ᠭᠠᠷᠳᠠᠭᠤᠯᠤᠭᠰᠠᠠ ᠶᠤᠮ ᠬᠡᠵᠤ ᠴᠢᠯᠠᠭᠤ ᠬᠦᠭᠵᠢᠶᠠᠨᠳᠠᠢ ᠶᠠᠷᠢᠬᠤ ᠶᠢᠨ ᠢᠶᠠᠨ ᠲᠠᠭᠠᠤ ᠭᠠᠷ ᠤᠳᠠᠰᠤᠨ ᠲᠡᠬᠡᠷ᠎ᠠ ᠠᠴᠠ ᠪᠠᠨ ᠲᠤᠬᠠᠢ ᠶᠢᠨ ᠦᠶ᠎ᠠ ᠳᠤ ᠰᠡᠬᠦᠳᠡᠷᠯᠡᠭᠰᠡᠡ ᠸᠢᠳᠢᠣ᠋ ᠪᠢᠴᠢᠯᠬᠡ ᠪᠠᠨ ᠭᠠᠷᠭᠠᠵᠤ ᠰᠤᠷᠪᠤᠯᠵᠢᠯᠠᠭᠴᠢ ᠳᠤ ᠦᠵᠡᠬᠦᠯᠦᠨ᠎ᠠ᠃     ︽ᠮᠢᠨᠤ ᠰᠡᠳᠬᠢᠯ ᠳᠤ ᠲᠡᠷᠡ ᠨᠢᠬᠡᠨᠳᠠ ᠵᠦᠪᠬᠡᠨ ᠮᠢᠨᠤ ᠲᠠᠰᠬᠠᠯᠵᠢᠭᠤᠯᠤᠭᠴᠢ ᠪᠢᠰᠢ ᠬᠠᠷᠢᠨ ᠮᠢᠨᠤ ᠬᠠᠮᠤᠭ ᠤᠨ ᠬᠠᠶᠢᠷᠠᠳᠠᠢ ᠬᠡᠷ ᠤᠨ ᠬᠦᠮᠦᠨ ᠮᠦᠨ︾     ᠪᠡᠬᠡᠵᠢᠩ ᠤᠨ ᠤᠯᠢᠮᠫᠢᠺ ᠠᠴᠠ ᠡᠮᠦᠨ᠎ᠠ ᠵᠠᠩ ᠰᠢᠶᠤᠤ ᠫᠢᠩ ᠢ ᠠᠯᠳᠠᠨ ᠮᠧᠳᠠᠯ ᠤᠯᠴᠢᠬᠠᠨ᠎ᠠ ᠬᠡᠳᠡᠭ ᠢ ᠪᠤᠳᠤᠵᠤ ᠤᠯᠬᠤ ᠬᠦᠮᠦᠨ ᠪᠠᠷᠤᠭ ᠲᠡᠮᠡᠢ ᠪᠠᠶᠢᠬᠤ ᠦᠬᠡᠢ ᠪᠠᠶᠢᠵᠠᠢ᠃ ᠲᠤᠭᠤᠢᠢᠯᠠᠩ ᠬᠤᠪᠢᠶᠠᠬᠤ ᠰᠢᠪᠠᠭ᠎ᠠ ᠰᠤᠭᠤᠯᠤᠭᠰᠠᠠ ᠤ ᠰᠡᠬᠦᠯᠡᠷ ᠬᠦᠮᠦᠰ ᠡᠬᠦᠨ ᠤ ᠲᠤᠬᠠᠢ ᠨᠠᠩ ᠴᠤ ᠬᠦᠰᠡᠯ ᠡᠪᠦᠷᠯᠡᠬᠦ ᠪᠠᠨ ᠪᠤᠯᠢᠪᠠ᠃ ᠤᠴᠢᠷ ᠨᠢ ᠲᠤᠬᠠᠢ ᠶᠢᠨ ᠦᠶ᠎ᠠ ᠶᠢᠨ ᠲᠡᠯᠡᠬᠡᠢ ᠶᠢᠨ ᠠᠪᠤᠷᠭᠤ᠂ ᠡᠸᠦ᠋ᠷᠦᠫᠠ ᠶᠢᠨ ᠠᠪᠤᠷᠭᠤ ᠵᠡᠷᠬᠡ ᠨᠡᠷᠡᠳᠤ ᠪᠤᠤᠺᠰᠴᠢᠨ ᠴᠦᠮ ᠵᠠᠩ ᠰᠢᠶᠤᠤ ᠫᠢᠩ ᠲᠠᠢ ᠨᠢᠬᠡ ᠲᠤᠭᠤᠢᠢᠯᠠᠩ ᠳᠤ ᠬᠤᠪᠢᠶᠠᠭᠳᠠᠵᠤ᠂ ᠲᠤᠭᠤᠢᠢᠯᠠᠩ ᠤᠨ ᠤᠷᠤᠯᠳᠤᠭᠠᠨ ᠠᠴᠠ ᠰᠢᠪᠳᠤᠯᠵᠤ ᠭᠠᠷᠬᠤ ᠨᠢ ᠨᠢᠬᠡᠨᠳᠠ ᠪᠡᠶᠡᠯᠡᠭᠳᠡᠰᠢ ᠦᠬᠡᠢ ᠬᠠᠳᠠᠭᠤ ᠰᠢᠯᠭᠠᠯᠳᠠ ᠪᠤᠯᠤᠭᠰᠠᠠ ᠪᠠᠶᠢᠯ᠎ᠠ᠃ ᠬᠡᠳᠡᠯ᠎ᠠ ᠡᠳᠡᠬᠡᠷ ᠬᠦᠴᠦᠷᠬᠡᠭ ᠦᠷᠢᠰᠦᠯᠳᠦᠭᠴᠢ ᠶᠢᠨ ᠡᠮᠦᠨ᠎ᠠ ᠵᠠᠩ ᠰᠢᠶᠤᠤ ᠫᠢᠩ ᠪᠤᠯᠤᠨ ᠲᠠᠰᠬᠠᠯᠵᠢᠭᠤᠯᠤᠭᠴᠢ ᠴᠢᠯᠠᠭᠤ ᠬᠤᠶᠠᠭᠤᠯᠠ ᠬᠠᠷᠢᠨ ᠦᠴᠦᠬᠡᠨ ᠴᠤ ᠰᠦᠷᠳᠡᠭᠡ ᠦᠬᠡᠢ᠂ ᠠᠯᠢ ᠡᠷᠳᠡ ᠠᠴᠠ ᠪᠠᠨ ᠪᠡᠯᠡᠳᠬᠡᠯ ᠪᠤᠯᠪᠠᠰᠤᠷᠠᠯ ᠢᠶᠠᠨ ᠪᠦᠷᠢᠨ ᠰᠠᠶᠢᠨ ᠬᠢᠭᠰᠡᠡ ᠲᠡᠳᠡ ᠬᠤᠶᠠᠭᠤᠯᠠ ᠲᠠᠯᠠᠪᠠᠢ ᠪᠤᠯᠭᠠᠨ ᠤ ᠦᠷᠢᠰᠦᠯᠳᠦᠭᠴᠢ ᠪᠠᠨ ᠬᠡᠷᠬᠢᠨ ᠢᠯᠠᠬᠤ ᠲᠤᠬᠠᠢ ᠲᠤᠳᠤᠷ᠎ᠠ ᠲᠤᠳᠤᠷ᠎ᠠ ᠪᠠᠨ ᠲᠤᠭ᠎ᠠ ᠲᠠᠢ᠃
     — ᠬᠡᠳᠦ ᠤᠳᠠᠭᠠᠨ ᠤ ᠲᠡᠯᠡᠬᠡᠢ ᠶᠢᠨ ᠰᠤᠩᠭᠤᠯᠳᠠ ᠪᠠᠷ ᠲᠡᠮᠵᠢᠨ ᠵᠠᠩ ᠰᠢᠶᠤᠤ ᠫᠢᠩ ᠤᠯᠢᠮᠫᠢᠺ ᠤᠨ ᠡᠷᠬᠡ ᠶᠢ ᠤᠯᠵᠤ᠂ ᠡᠬᠦᠨ ᠤ ᠪᠠᠨ ᠲᠠᠷᠡᠭᠠᠬᠠᠨ ᠪᠢᠳᠠ ᠲᠠᠷᠡ ᠲᠠᠷᠤᠢ ᠳᠤᠨᠢ ᠤᠯᠢᠮᠫᠢᠺ ᠤᠨ ᠤᠷᠤᠯᠳᠤᠭᠠᠨ ᠤ ᠡᠷᠬᠡ ᠶᠢ ᠤᠯᠤᠭᠰᠠᠠ ᠪᠦᠬᠦ ᠲᠡᠯᠡᠬᠡᠢ ᠶᠢᠨ ᠪᠤᠰᠤᠳ 81 ᠺᠢᠯᠦᠭᠷᠠᠮ ᠲᠡᠰ ᠲᠤ ᠤᠷᠤᠯᠳᠤᠬᠤ ᠵᠠᠩ ᠰᠢᠶᠤᠤ ᠫᠢᠩ ᠤᠨ 27 ᠦᠷᠢᠰᠦᠯᠳᠦᠭᠴᠢ ᠶᠢᠨ ᠤᠷᠤᠯᠳᠤᠭᠠᠨ ᠤ ᠪᠢᠴᠢᠯᠬᠡ ᠶᠢ ᠴᠦᠮ ᠤᠯᠵᠤ᠂ ᠪᠦᠬᠦ ᠦᠷᠢᠰᠦᠯᠳᠦᠭᠴᠢ ᠶᠢᠨ ᠢᠶᠠᠨ ᠲᠤᠭᠯᠠᠬᠤ ᠠᠷᠭ᠎ᠠ ᠪᠠᠷᠢᠯ ᠢ ᠰᠤᠳᠤᠯᠵᠤ᠂ ᠮᠠᠰᠢ ᠶᠡᠭᠡ ᠰᠤᠳᠤᠯᠭᠠᠨ ᠬᠢᠵᠤ ᠮᠡᠭᠡ ᠮᠡᠷᠬᠡᠵᠢᠯ ᠢ ᠬᠠᠨᠳᠤᠯᠭᠠᠳᠤ ᠴᠢᠨᠠᠷᠳᠠᠢ ᠪᠠᠷ ᠪᠠᠶᠢᠯᠳᠤᠬᠤ ᠪᠤᠳᠤᠯᠭ᠎ᠠ ᠲᠤᠭᠳᠠᠭᠠᠵᠤ ᠪᠤᠯᠪᠠᠰᠤᠷᠠᠭᠤᠯᠪᠠ᠃ ᠡᠬᠦᠨ ᠠᠴᠠ ᠭᠠᠳᠠᠨ᠎ᠠ ᠪᠠᠰᠠ ᠡᠷᠡᠬᠦᠯ ᠬᠠᠮᠠᠭᠠᠯᠠᠯ᠂ ᠬᠡᠮᠳᠤᠯ ᠰᠢᠷᠬᠠᠳᠤᠯ᠂ ᠰᠡᠳᠬᠢᠯ ᠰᠠᠨᠠᠭ᠎ᠠ᠂ ᠤᠨᠳᠠᠵᠤ ᠠᠮᠠᠷᠠᠬᠤ᠂ ᠬᠤᠭᠤᠯᠠ ᠤᠮᠳᠠ ᠵᠡᠷᠬᠡ ᠪᠦᠬᠦ ᠲᠠᠯ᠎ᠠ ᠳᠤ ᠪᠠᠳᠤᠯᠠᠭ᠎ᠠ ᠬᠠᠩᠭᠠᠵᠤ᠂ ᠦᠷᠢᠰᠦᠯᠳᠦᠭᠴᠢ ᠲᠠᠢ ᠪᠠᠨ ᠲᠠᠯᠠᠪᠠᠢ ᠲᠡᠬᠡᠷ᠎ᠠ ᠶᠠᠭᠠᠬᠢᠵᠤ ᠲᠤᠭᠯᠠᠬᠤ᠂ ᠶᠠᠮᠠᠷ ᠮᠡᠭᠡ ᠮᠡᠷᠬᠡᠵᠢᠯ ᠢᠶᠠᠷ ᠢᠯᠠᠬᠤ ᠶᠢ ᠪᠦᠷ ᠲᠠᠮᠢᠷᠴᠢᠨ ᠤ ᠲᠠᠷᠢᠬᠢ ᠲᠤᠯᠤᠭᠠᠢ᠂ ᠦᠪᠡᠷ ᠤᠨ ᠲᠠᠷᠢᠬᠢ ᠲᠤᠯᠤᠭᠠᠢ ᠳᠠᠭᠠᠨ ᠲᠤᠪ ᠲᠤᠳᠤᠷᠬᠠᠢ ᠴᠡᠬᠡᠵᠢᠯᠡᠵᠤ᠂ ᠶᠠᠮᠠᠷ ᠴᠤ ᠶᠠᠭᠤᠮ᠎ᠠ ᠶᠢ ᠨᠢᠳᠤᠨ ᠳᠤ ᠦᠵᠡᠭᠳᠡᠵᠤ ᠭᠠᠷ ᠲᠤ ᠪᠠᠷᠢᠬᠳᠠᠮᠠᠷ ᠬᠢᠵᠤ ᠪᠤᠯᠪᠠᠰᠤᠷᠠᠭᠰᠠᠠ ᠲᠤᠯᠠ ᠤᠳᠠᠭ᠎ᠠ ᠪᠤᠯᠭᠠᠨ ᠤ ᠦᠷᠢᠰᠦᠯᠳᠦᠭᠴᠢ ᠪᠠᠨ ᠴᠦᠮ ᠠᠮᠠᠷᠬᠠᠨ ᠢᠯᠠᠵᠤ ᠪᠠᠶᠢᠭᠰᠠᠠ᠂ ᠬᠡᠳᠦ᠋ᠢᠪᠠᠷ ᠬᠠᠳᠠᠭᠤ ᠴᠢᠩᠭ᠎ᠠ ᠦᠷᠢᠰᠦᠯᠳᠦᠭᠴᠢ ᠲᠠᠭᠠᠷᠠᠭᠰᠠᠠ ᠪᠤᠯᠪᠠᠴᠤ᠂ ᠡᠩ ᠤᠨ ᠴᠠᠭ ᠤᠨ ᠪᠤᠯᠪᠠᠰᠤᠷᠠᠯ ᠰᠠᠶᠢᠨ ᠰᠤᠳᠤᠯᠭᠠᠨ ᠰᠠᠶᠢᠨ ᠲᠤᠯᠠ ᠴᠠᠭᠠᠳᠤᠬᠢ ᠪᠠᠨ ᠭᠠᠷᠴᠠᠭ᠎ᠠ ᠦᠬᠡᠢ ᠬᠤᠨᠵᠢᠭᠰᠠᠠ ᠶᠤᠮ ᠬᠡᠵᠤ ᠴᠢᠯᠠᠭᠤ ᠡᠳᠦᠷ ᠰᠦᠨᠢ ᠦᠬᠡᠢ ᠬᠦᠴᠦ ᠬᠦᠯᠦᠰᠤ ᠪᠠᠨ ᠤᠷᠤᠰᠬᠠᠨ ᠤᠶᠤᠨ ᠤᠬᠠᠭᠠᠨ ᠢᠶᠠᠨ ᠰᠢᠪᠬᠠᠵᠤ ᠪᠠᠶᠢᠭᠰᠠᠠ ᠲᠤᠬᠠᠢ ᠶᠢᠨ ᠴᠠᠭ ‍ᠦᠶ᠎ᠠ ᠪᠠᠨ ᠡᠷᠬᠢᠴᠡᠬᠦᠯᠬᠦ ᠳᠡᠭᠡᠨ ᠰᠢᠯᠢᠳᠡᠭ ᠲᠠᠮᠢᠷᠴᠢᠨ ᠬᠦᠮᠦᠵᠢᠬᠦᠯᠬᠦ ᠳᠤ ᠪᠠᠭᠰᠢ ᠶᠢᠨ ᠶᠠᠳᠠᠷᠠᠭ᠎ᠠ ᠠᠵᠢᠯᠯᠠᠭ᠎ᠠ ᠮᠠᠰᠢ ᠶᠡᠭᠡ ᠰᠢᠤ ᠬᠡᠵᠤ ᠰᠤᠷᠪᠤᠯᠵᠢᠯᠠᠭᠴᠢ ᠳᠤ ᠰᠡᠬᠦᠷᠡᠰᠤ ᠠᠯᠳᠠᠨ ᠶᠠᠷᠢᠨ᠎ᠠ᠃ ᠵᠠᠩ ᠰᠢᠶᠤᠤ ᠫᠢᠩ ᠪᠡᠬᠡᠵᠢᠩ ᠤᠨ ᠤᠯᠢᠮᠫᠢᠺ ᠲᠤ ᠠᠮᠵᠢᠯᠳᠠ ᠤᠯᠤᠭᠰᠠᠠ ᠤ ᠭᠠᠪᠢᠶ᠎ᠠ ᠵᠢᠳᠬᠦᠯ ᠢ ᠦᠨᠡᠯᠡᠬᠦ ᠳᠤ ᠲᠠᠰᠬᠠᠯᠵᠢᠭᠤᠯᠤᠭᠴᠢ ᠴᠢᠯᠠᠭᠤ ᠶᠢᠨ ᠬᠦᠴᠦ ᠬᠦᠳᠡᠯᠮᠦᠷᠢ ᠶᠢ ᠤᠮᠳᠤᠭᠠᠢᠢᠯᠠᠬᠤ ᠶᠢᠨ ᠠᠷᠭ᠎ᠠ ᠦᠬᠡᠢ᠃ ᠤᠳᠤᠬᠠᠨ ᠳᠤ ᠱᠧᠨᠵᠸᠠ ᠳᠤ ︽ᠰᠢᠶᠤᠤ ᠫᠢᠩ ᠪᠡᠶ᠎ᠠ ᠶᠢᠨ ᠲᠠᠮᠢᠷ︾ ᠢ ᠡᠷᠬᠢᠯᠡᠵᠤ ᠶᠠᠪᠤᠭ᠎ᠠ ᠵᠠᠩ ᠰᠢᠶᠤᠤ ᠫᠢᠩ ᠸᠢᠴᠠᠲ ᠢᠶᠠᠷ ᠰᠤᠷᠪᠤᠯᠵᠢᠯᠠᠭᠴᠢ ᠶᠢᠨ ᠰᠤᠷᠪᠤᠯᠵᠢᠯᠠᠭ᠎ᠠ ᠶᠢ ᠬᠦᠯᠢᠶᠡᠬᠦ ᠳᠡᠭᠡᠨ᠄      — ᠦᠪᠦᠷ ᠮᠤᠩᠭᠤᠯ ᠤᠨ ᠪᠡᠶ᠎ᠠ ᠶᠢᠨ ᠲᠠᠮᠢᠷ ᠤᠨ ᠲᠡᠤᠬᠡᠨ ᠳᠠᠬᠢ ᠠᠩᠬᠠᠳᠠᠭᠴᠢ ᠤᠯᠢᠮᠫᠢᠺ ᠤᠨ ᠠᠯᠳᠠᠨ ᠮᠧᠳᠠᠯ ᠢ ᠤᠯᠤᠭᠰᠠᠠ ᠳᠠᠭᠠᠨ ᠪᠢ ᠲᠦᠢᠯ ᠢᠶᠠᠷ ᠤᠮᠤᠭᠰᠢᠳᠠᠭ᠂ ᠡᠨᠡᠬᠦ ᠠᠯᠳᠠᠨ ᠮᠧᠳᠠᠯ ᠢ ᠤᠯᠤᠭᠰᠠᠠ ᠭᠠᠪᠢᠶ᠎ᠠ ᠵᠢᠳᠬᠦᠯ ᠪᠤᠯᠤᠨ ᠢᠷᠠᠭᠤ ᠠᠯᠳᠠᠷ ᠪᠤᠯ ᠡᠬᠦᠨ ᠤ ᠲᠦᠯᠦᠬᠡ ᠰᠢᠮᠳᠠᠭᠰᠠᠭᠠᠷ ᠢᠷᠡᠭᠰᠡᠡ ᠬᠠᠮᠳᠤ ᠨᠢᠬᠡᠴᠠ ᠶᠢᠨ ᠬᠢ᠂ ᠠᠯᠳᠠᠨ ᠮᠧᠳᠠᠯ ᠤᠨ ᠲᠦᠯᠦᠬᠡ ᠬᠦᠴᠦ ᠬᠦᠯᠦᠰᠤ ᠪᠠᠨ ᠤᠷᠤᠰᠬᠠᠭᠰᠠᠠ ᠮᠠᠨ ᠤ ᠬᠠᠮᠳᠤ ᠨᠠᠶᠢᠳᠠ ᠵᠢᠴᠢ ᠪᠦᠬᠦᠳᠠ ᠬᠦᠮᠦᠰ ᠲᠡᠭᠡᠨ ᠪᠢ ᠲᠠᠬᠢᠨᠳᠠ ᠲᠠᠯᠠᠷᠬᠠᠵᠤ ᠪᠠᠶᠢᠨ᠎ᠠ︕ ᠨᠠᠩ ᠢᠯᠠᠩᠭᠤᠶ᠎ᠠ ᠴᠢᠯᠠᠭᠤ ᠲᠠᠰᠬᠠᠯᠵᠢᠭᠤᠯᠤᠭᠴᠢ ᠳᠠᠭᠠᠨ ᠬᠠᠮᠤᠭ ᠠᠴᠠ ᠢᠯᠡᠬᠦᠦ ᠲᠠᠯᠠᠷᠬᠠᠨ᠎ᠠ᠂ ᠪᠤᠰᠤᠳ ᠤᠨ ᠨᠢᠳᠤᠨ ᠳᠤ ᠴᠢᠯᠠᠭᠤ ᠵᠦᠪᠬᠡᠨ ᠵᠠᠩ ᠰᠢᠶᠤᠤ ᠫᠢᠩ ᠤᠨ ᠲᠠᠰᠬᠠᠯᠵᠢᠭᠤᠯᠤᠭᠴᠢ ᠲᠡᠳᠦᠢ᠂ ᠬᠡᠬᠦ ᠳᠤ ᠮᠢᠨᠤ ᠰᠡᠳᠬᠢᠯ ᠳᠤ ᠲᠡᠷᠡ ᠨᠢᠬᠡᠨᠳᠠ ᠵᠦᠪᠬᠡᠨ ᠮᠢᠨᠤ ᠲᠠᠰᠬᠠᠯᠵᠢᠭᠤᠯᠤᠭᠴᠢ ᠪᠢᠰᠢ ᠬᠠᠷᠢᠨ ᠮᠢᠨᠤ ᠬᠠᠮᠤᠭ ᠤᠨ ᠬᠠᠶᠢᠷᠠᠳᠠᠢ ᠬᠡᠷ ᠤᠨ ᠬᠦᠮᠦᠨ ᠮᠦᠨ ᠬᠡᠵᠤ ᠶᠠᠷᠢᠬᠰᠠᠠ ᠪᠢᠯᠠ᠃
    ᠤᠯᠢᠮᠫᠢᠺ ᠨᠢ ᠨᠢᠬᠡᠨ ᠲᠠᠮᠢᠷᠴᠢᠨ ᠬᠦᠮᠦᠨ ᠳᠤ ᠠᠪᠴᠤ ᠬᠡᠯᠡᠪᠠᠯ ᠬᠠᠮᠤᠭ ᠤᠨ ᠲᠤᠮᠤ ᠬᠠᠷᠠᠯᠳᠠ ᠪᠠᠶᠢᠭᠰᠠᠠ ᠶᠤᠮ ᠪᠤᠯ ᠴᠢᠯᠠᠭᠤ ᠡᠨᠡᠬᠦ ᠬᠠᠷᠠᠯᠳᠠ ᠶᠢᠨ ᠲᠦᠯᠦᠬᠡ 20 ᠵᠢᠯ ᠵᠢᠳᠬᠦᠪᠠ᠃     — ᠤᠤᠯ ᠨᠢ ᠪᠢ ᠵᠢᠤᠳᠤᠤ ᠪᠦᠬᠡ ᠶᠢᠨ ᠲᠠᠮᠢᠷᠴᠢᠨ ᠪᠠᠶᠢᠵᠤ᠂ ᠠᠵᠠ ᠪᠤᠰᠤ ᠬᠡᠮᠳᠤᠯ ᠰᠢᠷᠬᠠᠳᠤᠯ ᠠᠴᠠ ᠪᠤᠯᠵᠤ 88 ᠤᠨ ᠳᠤ ᠲᠦᠷᠦᠯ ᠵᠦᠢᠯ ᠠᠯᠤᠰᠯᠠᠵᠤ ᠪᠤᠤᠺᠰ ᠪᠤᠯᠪᠠᠰᠤᠷᠠᠭᠰᠠᠠ ᠶᠤᠮ᠃ ᠦᠪᠦᠷ ᠮᠤᠩᠭᠤᠯ ᠤᠨ ᠪᠤᠤᠺᠰ ᠤᠨ ᠠᠩᠬᠢ ᠠᠩᠬ᠎ᠠ ᠪᠠᠶᠢᠭᠤᠯᠤᠭᠳᠠᠵᠤ ᠪᠠᠶᠢᠭᠰᠠᠠ ᠲᠡᠷᠡ ᠦᠶᠡᠰ ᠶᠠᠭ 1988 ᠤᠨ ᠤ ᠰᠸᠦ᠋ᠯ ᠤᠨ ᠤᠯᠢᠮᠫᠢᠺ ᠶᠠᠪᠤᠭᠳᠠᠵᠤ ᠪᠠᠶᠢᠭᠰᠠᠠ ᠲᠤᠯᠠ ᠲᠧᠯᠸᠢᠰ ᠲᠡᠬᠡᠷ᠎ᠠ ᠠᠴᠠ ᠤᠯᠢᠮᠫᠢᠺ ᠬᠡᠭᠴᠢ ᠲᠡᠯᠡᠬᠡᠢ ᠶᠢᠨ ᠤᠳᠤᠨ ᠰᠤᠳᠤᠨ ᠢᠷᠠᠵᠤ ᠲᠡᠮᠡᠴᠡᠳᠡᠭ ᠲᠡᠯᠡᠬᠡᠢ ᠶᠢᠨ ᠬᠠᠮᠤᠭ ᠦᠨᠳᠦᠷ ᠲᠦᠪᠰᠢᠨ ᠤ ᠲᠠᠪᠴᠠᠩ ᠬᠡᠳᠡᠭ ᠢ ᠦᠢᠯᠠᠭᠠᠵᠤ᠂ ᠡᠨᠡ ᠲᠡᠮᠡᠴᠡᠬᠡᠨ ᠳᠤ ᠶᠠᠭᠠᠬᠢᠵᠤ ᠨᠢᠬᠡ ᠤᠷᠤᠳᠠᠭ ᠪᠤᠯ ᠬᠡᠰᠡᠡ ᠪᠤᠳᠤᠯ ᠲᠡᠷᠡ ᠦᠶᠡᠰ ᠠᠴᠠ ᠤᠷᠭᠤᠭᠰᠠᠠ ᠡ᠃ ᠬᠡᠳᠡᠯ᠎ᠠ ᠰᠠᠨᠠᠭᠠᠨ ᠳᠤ ᠦᠬᠡᠢ ᠨᠢ ᠲᠦᠷᠪᠠᠨ ᠵᠢᠯ ᠤᠨ ᠲᠠᠷᠠᠭᠠᠬᠢ ᠪᠠᠷᠤᠽᠢᠯᠦᠨᠠ ᠶᠢᠨ ᠤᠯᠢᠮᠫᠢᠺ ᠲᠤ ᠪᠢ ᠦᠪᠡᠷ ᠤᠨ ᠪᠡᠶ᠎ᠠ ᠪᠠᠷ ᠢᠶᠠᠨ ᠤᠷᠤᠭᠰᠠᠠ ᠨᠢ ᠶᠤᠰᠤᠳᠠᠢ ᠵᠡᠬᠦᠳᠤ ᠰᠢᠭ ᠰᠠᠨᠠᠭᠳᠠᠵᠤ ᠪᠠᠶᠢᠭᠰᠠᠠ᠂ ᠬᠡᠳᠦ᠋ᠢᠪᠠᠷ ᠦᠪᠡᠷ ᠤᠨ ᠠᠩᠬᠠᠳᠠᠭᠴᠢ ᠤᠯᠢᠮᠫᠢᠺ ᠲᠤ ᠠᠮᠵᠢᠯᠳᠠ ᠤᠯᠵᠤ ᠴᠢᠳᠠᠭ᠎ᠠ ᠦᠬᠡᠢ ᠴᠤ ᠲᠡᠷᠡ ᠦᠶ᠎ᠠ ᠶᠢᠨ ᠮᠢᠨᠤ ᠪᠤᠳᠤᠯ ᠳᠤ ᠰᠡᠬᠦᠯᠡᠷ ᠪᠢ ᠪᠠᠭᠰᠢ ᠪᠤᠯᠵᠤ ᠦᠪᠡᠷ ᠤᠨ ᠱᠠᠪᠢ ᠪᠠᠨ ᠤᠯᠢᠮᠫᠢᠺ ᠲᠤ ᠮᠧᠳᠠᠯ ᠠᠪᠤᠭᠤᠯᠤᠨ᠎ᠠ ᠬᠡᠰᠡᠡ ᠠᠯᠤᠰ ᠤᠨ ᠪᠤᠳᠤᠯ ᠨᠠᠳᠠᠳᠤ ᠤᠷᠤᠵᠤ ᠢᠷᠡᠭᠰᠡᠡ᠂ 2004 ᠤᠨ ᠳᠤ ᠦᠪᠡᠷ ᠤᠨ ᠲᠡᠬᠦᠦ ᠪᠠᠨ ᠲᠠᠭᠠᠭᠤᠯᠵᠤ ᠤᠯᠢᠮᠫᠢᠺ ᠲᠤ ᠤᠷᠤᠬᠤ ᠳᠤ ᠠᠷᠠᠢ ᠠᠵᠠ ᠮᠠᠭᠤᠳᠠᠵᠤ᠂ ᠦᠪᠡᠷ ᠤᠨ ᠬᠢᠷᠢ ᠬᠡᠮᠵᠢᠶ᠎ᠠ ᠪᠠᠰᠠ ᠠᠷᠠᠢ ᠴᠢᠩᠭᠠᠷᠠᠵᠤ ᠢᠷᠡᠭᠰᠡᠡ ᠦᠬᠡᠢ ᠮᠠᠭᠠᠳ ᠠᠮᠵᠢᠯᠳᠠ ᠤᠯᠵᠤ ᠴᠢᠳᠠᠭ᠎ᠠ ᠦᠬᠡᠢ᠃ ᠡᠬᠦᠨ ᠤ ᠰᠡᠬᠦᠯᠡᠷ ᠪᠢ ᠤᠯᠤᠰ ᠤᠨ ᠲᠤᠳᠤᠷ᠎ᠠ 81 ᠺᠢᠯᠦᠭᠷᠠᠮ ᠳᠤ ᠰᠤᠭᠤᠷᠠᠵᠤ ᠭᠠᠷᠴᠤ ᠢᠷᠡᠭᠰᠡᠡ ᠦᠪᠡᠷ ᠤᠨ ᠭᠠᠷ ᠤᠨ ᠱᠠᠪᠢ ᠵᠠᠩ ᠰᠢᠶᠤᠤ ᠫᠢᠩ ︵ᠦᠨᠡᠨ ᠳᠡᠭᠡᠨ ᠬᠠᠳᠠᠪᠠᠭᠠᠳᠤᠷ ᠤᠨ ᠪᠤᠯᠪᠠᠰᠤᠷᠠᠯ ᠤᠨ ᠲᠤᠰᠠᠯᠠᠭᠴᠢ ᠪᠠᠶᠢᠵᠠᠢ︶ ᠢᠶᠠᠨ ᠲᠠᠭᠠᠭᠤᠯᠵᠤ ᠤᠯᠠᠨ ᠤᠯᠤᠰ ᠤᠨ ᠲᠡᠮᠡᠴᠡᠬᠡᠨ ᠳᠤ ᠤᠯᠠᠨᠳᠠ ᠤᠷᠤᠯᠴᠠᠭᠤᠯᠵᠤ᠂ ᠲᠡᠬᠦᠨ ᠤ ᠤᠷ᠎ᠠ ᠠᠪᠢᠶᠠᠰ᠂ ᠪᠤᠯᠪᠠᠰᠤᠷᠠᠯ ᠤᠨ ᠲᠤᠷᠰᠢᠯᠭ᠎ᠠ᠂ ᠲᠤᠭᠯᠠᠬᠤ ᠠᠷᠭ᠎ᠠ ᠮᠠᠶ᠋ᠢᠭ ᠢ ᠲᠡᠬᠡᠭᠰᠢᠯᠡᠬᠦᠯᠵᠤ᠂ 2008 ᠤᠨ ᠤ ᠤᠯᠢᠮᠫᠢᠺ ᠲᠤ ᠪᠡᠯᠡᠳᠬᠡᠯ ᠬᠢᠵᠤ᠂ ︽ᠲᠡᠮ ᠲᠡᠮ ᠳᠡᠭᠡᠨ ᠲᠡᠬᠡᠰᠤ ᠡᠷᠴᠢᠮ ᠳᠡᠭᠡᠨ︾ ᠬᠡᠳᠡᠭ ᠢᠶᠠᠷ ᠨᠠᠮ ᠵᠠᠰᠠᠭ ᠠᠴᠠ ᠪᠡᠬᠡᠵᠢᠩ ᠤᠯᠢᠮᠫᠢᠺ ᠢ ᠴᠢᠬᠤᠯᠠᠴᠢᠯᠠᠨ ᠬᠦᠨᠳᠦᠳᠬᠡᠵᠤ ᠦᠵᠡᠵᠤ᠂ ᠮᠠᠨ ᠤ ᠦᠪᠡᠷᠳᠡᠬᠡᠨ ᠵᠠᠰᠠᠬᠤ ᠤᠷᠤᠨ ᠤ ᠨᠠᠮ ᠵᠠᠰᠠᠭ ᠠᠴᠠ ᠪᠠᠰᠠ ᠵᠠᠪᠠᠯ ᠮᠧᠳᠠᠯ ᠠᠪᠬᠤ ᠬᠡᠷᠡᠭᠳᠡᠢ ᠬᠡᠰᠡᠡ ᠡᠬᠦᠷᠬᠡ ᠲᠤᠰᠢᠶᠠᠵᠤ᠂ ᠮᠧᠳᠠᠯ ᠠᠪᠬᠤ ᠡᠬᠦᠷᠬᠡ ᠪᠠᠨ ᠠᠯᠳᠠᠨ ᠮᠧᠳᠠᠯ ᠠᠪᠴᠤ ᠲᠠᠪᠠᠭᠤᠯᠤᠨ ᠪᠡᠶᠡᠯᠡᠬᠦᠯᠦᠭᠰᠡᠡ ᠳᠡᠭᠡᠨ ᠪᠢ ᠪᠠᠰᠠ ᠮᠠᠰᠢ ᠤᠮᠤᠭᠰᠢᠵᠤ ᠪᠤᠢ᠂ ︽ᠴᠢᠷᠮᠠᠶᠢᠯᠳᠠ ᠬᠦᠮᠦᠨ ᠢ ᠭᠤᠮᠤᠳᠠᠭᠠᠬᠤ ᠦᠬᠡᠢ︾ ᠬᠡᠳᠡᠭ ᠢᠶᠠᠷ ᠶᠡᠷᠦᠨᠢ ᠦᠪᠡᠷ ᠤᠨ ᠲᠤᠳᠤᠷ᠎ᠠ ᠪᠠᠨ ᠪᠤᠳᠤᠯ ᠲᠠᠢ ᠢᠮᠠᠭᠳᠠ ᠦᠪᠡᠷ ᠤᠨ ᠪᠡᠶ᠎ᠠ ᠪᠠᠨ ᠴᠢᠩᠭ᠎ᠠ ᠱᠠᠭᠠᠷᠳᠠᠵᠤ ᠠᠵᠢᠯᠯᠠᠵᠤ ᠪᠠᠶᠢᠪᠠᠯ ᠬᠡᠵᠢᠶ᠎ᠠ ᠴᠤ ᠬᠡᠰᠡᠡ ᠦᠪᠡᠷ ᠤᠨ ᠬᠦᠰᠡᠯ ᠱᠠᠭᠠᠷᠳᠠᠯᠭ᠎ᠠ ᠳᠤ ᠪᠠᠨ ᠬᠦᠷᠴᠤ ᠴᠢᠳᠠᠨ᠎ᠠ ᠬᠡᠵᠤ ᠴᠢᠯᠠᠭᠤ ᠤᠯᠢᠮᠫᠢᠺ ᠤᠨ ᠲᠤᠬᠠᠢ ᠡᠳᠦᠢ ᠵᠢᠯ ᠲᠡᠮᠡᠴᠡᠵᠤ ᠶᠠᠪᠤᠭᠰᠠᠠ ᠤᠯᠤᠯᠳᠠ ᠲᠦᠷᠦᠭᠳᠡᠯ ᠢᠶᠠᠨ ᠡᠶᠢᠨᠬᠦ ᠶᠠᠷᠢᠭᠰᠠᠠ ᠪᠢᠯᠠ᠃
    ᠪᠡᠬᠡᠵᠢᠩ ᠤᠨ ᠤᠯᠢᠮᠫᠢᠺ ᠲᠤ ᠠᠮᠵᠢᠯᠳᠠ ᠭᠠᠷᠭᠠᠨ᠎ᠠ ᠬᠡᠵᠤ ᠰᠢᠢᠳᠮᠡᠭ ᠪᠤᠳᠤᠭᠰᠠᠠ ᠴᠢᠯᠠᠭᠤ ᠦᠪᠡᠷ ᠤᠨ ᠪᠡᠶ᠎ᠠ ᠪᠠᠨ ᠴᠠᠭ ᠢᠮᠠᠭᠳᠠ ᠰᠠᠨᠠᠭᠤᠯᠬᠤ ᠶᠢᠨ ᠲᠦᠯᠦᠬᠡ 2001 ᠤᠨ ᠳᠤ ᠪᠡᠬᠡᠵᠢᠩ 2008 ᠤᠨ ᠤ ᠤᠯᠢᠮᠫᠢᠺ ᠤᠨ ᠲᠠᠮᠢᠷ ᠤᠨ ᠴᠤᠭᠯᠠᠭᠠᠨ ᠢ ᠡᠷᠬᠢᠯᠡᠬᠦ ᠡᠷᠬᠡ ᠶᠢ ᠤᠯᠤᠭᠰᠠᠠ ᠴᠢᠮᠡᠭᠡ ᠶᠢ ᠤᠷᠤᠰ ᠤᠨ ᠮᠤᠰᠺᠧᠨ ᠳᠤ ᠲᠤᠩᠬᠠᠭᠯᠠᠬᠰᠠᠠ ᠤ ᠲᠡᠷᠡ ᠲᠠᠷᠤᠢ ᠳᠤ ᠲᠡᠷᠡ ᠨᠠᠶᠢᠵᠢ  ᠨᠦᠬᠦᠳ ᠢᠶᠠᠨ ᠡᠷᠢᠵᠤ ᠤᠳᠠᠰᠤᠨ ᠤ ᠨᠤᠮᠧᠷ ᠤᠨ ᠰᠡᠬᠦᠯᠴᠢ ᠶᠢᠨ ᠲᠦᠷᠪᠡᠨ ᠤᠷᠤᠨ ᠨᠢ 2008 ᠬᠡᠬᠦ ᠨᠤᠮᠧᠷ ᠢ ᠤᠯᠵᠤ ᠦᠪᠡᠷ ᠤᠨ ᠢᠶᠠᠨ ᠤᠳᠠᠰᠤᠨ ᠤ ᠨᠤᠮᠧᠷ ᠢᠶᠠᠨ ᠪᠤᠯᠭᠠᠭᠰᠠᠠ ᠪᠠᠶᠢᠨ᠎ᠠ᠃     — ᠤᠳᠤ ᠴᠤ ᠬᠡᠰᠡᠡ ᠮᠠᠨ ᠤ ᠰᠫᠤᠷᠲ ᠤᠨ ᠤᠯᠠᠨ ᠬᠦᠮᠦᠰ 2008 ᠬᠡᠬᠦ ᠤᠳᠠᠰᠤᠨ ᠤ ᠨᠤᠮᠧᠷ ᠴᠢᠨᠢ ᠴᠢᠮ᠎ᠠ ᠳᠤ ᠠᠵᠠ ᠬᠡᠶᠢᠮᠦᠷᠢ ᠠᠪᠴᠢᠷᠠᠭᠰᠠᠠ ᠪᠠᠶᠢᠨ᠎ᠠ᠂ ᠲᠡᠷᠡ ᠵᠢᠯ ᠴᠢ ᠠᠯᠳᠠᠨ ᠮᠧᠳᠠᠯ ᠠᠪᠴᠤ ᠠᠷᠠᠳ ᠲᠦᠮᠡᠨ ᠢᠶᠠᠨ ᠪᠠᠶᠠᠰᠬᠠᠭᠰᠠᠠ ᠰᠢᠤ ᠬᠡᠵᠤ ᠶᠠᠷᠢᠳᠠᠭ ᠡ ᠬᠡᠵᠤ ᠴᠢᠯᠠᠭᠤ ᠡᠨᠡᠬᠦ ᠵᠢᠵᠢᠭ ᠦᠯᠢᠬᠡᠷ ᠢᠶᠠᠨ ᠰᠤᠷᠪᠤᠯᠵᠢᠯᠠᠭᠴᠢ ᠲᠠᠢ ᠬᠤᠪᠢᠶᠠᠯᠴᠠᠬᠤ ᠳᠤ ᠮᠠᠰᠢ ᠪᠠᠶᠠᠷᠳᠠᠢ ᠪᠠᠶᠢᠯ᠎ᠠ᠃    ︽ᠮᠡᠷᠬᠡᠵᠢᠯ ᠤᠨ ᠪᠤᠤᠺᠰ ᠤᠨ ᠲᠠᠪᠴᠠᠩ ᠳᠤ ᠤᠷᠤᠭᠰᠠᠠ ᠦᠬᠡᠢ ᠨᠢ ᠨᠠᠳᠠᠳᠤ ᠠᠪᠴᠤ ᠬᠡᠯᠡᠪᠠᠯ ᠬᠠᠷᠠᠮᠰᠠᠯᠳᠠᠢ ᠶᠠᠪᠤᠳᠠᠯ︾     ᠵᠠᠩ ᠰᠢᠶᠤᠤ ᠫᠢᠩ ᠤᠨ ᠪᠤᠤᠺᠰ ᠲᠠᠢ ᠬᠤᠪᠢ ᠪᠠᠷᠢᠯᠳᠤᠯᠭ᠎ᠠ ᠲᠠᠢ ᠪᠤᠯᠤᠭᠰᠠᠠ ᠨᠢ ᠲᠠᠰᠬᠠᠯᠵᠢᠭᠤᠯᠤᠭᠴᠢ ᠴᠢᠯᠠᠭᠤ ᠶᠢᠨ ᠵᠠᠮ ᠮᠦᠷ ᠲᠠᠢ ᠮᠠᠰᠢ ᠲᠦᠰᠦᠬᠡᠳᠠᠢ᠃ ᠲᠤᠬᠠᠢ ᠶᠢᠨ ᠦᠶ᠎ᠠ ᠳᠤ ᠦᠪᠦᠷ ᠮᠤᠩᠭᠤᠯ ᠤᠨ ᠪᠦᠬᠡ ᠶᠢᠨ ᠠᠩᠬᠢ ᠳᠤ ᠪᠠᠶᠢᠬᠰᠠᠠ ᠵᠠᠩ ᠰᠢᠶᠤᠤ ᠫᠢᠩ ᠮᠦᠨ ᠲᠦᠷᠦᠯ ᠵᠦᠢᠯ ᠠᠯᠤᠰᠯᠠᠵᠤ ᠪᠤᠤᠺᠰ ᠪᠤᠯᠪᠠᠰᠤᠷᠠᠵᠤ ᠡᠬᠢᠯᠡᠭᠰᠡᠡ ᠶᠤᠮ᠃     — ᠲᠤᠮᠳᠠᠳᠤ ᠰᠤᠷᠭᠠᠭᠤᠯᠢ ᠶᠢᠨ ᠦᠶ᠎ᠠ ᠳᠤ ᠲᠧᠯᠸᠢᠰ ᠲᠡᠬᠡᠷ᠎ᠠ ᠠᠴᠠ ᠪᠤᠤᠺᠰ ᠤᠨ ᠠᠪᠤᠷᠭᠤᠴᠤᠳ ᠤᠨ ᠲᠡᠮᠡᠴᠡᠬᠡᠨ ᠤ ᠬᠢᠯᠡᠰ ᠬᠤᠷᠤᠮ ᠤᠳ ᠨᠢ ᠨᠠᠳᠠᠳᠤ ᠮᠠᠰᠢ ᠬᠦᠨ ᠲᠦᠷᠦᠭᠳᠡᠯ ᠦᠭᠬᠦᠭᠰᠡᠡ ᠠᠴᠠ ᠲᠤᠬᠠᠢ ᠶᠢᠨ ᠦᠶ᠎ᠠ ᠳᠤ ᠪᠤᠤᠺᠰ ᠢ ᠲᠦᠢᠯ ᠢᠶᠠᠷ ᠰᠤᠨᠢᠷᠬᠠᠵᠤ ᠡᠷᠬᠡ ᠦᠬᠡᠢ ᠲᠠᠳᠠᠭᠳᠠᠵᠤ ᠪᠠᠶᠢᠭᠰᠠᠠ᠂ ᠬᠡᠪᠠᠴᠤ ᠲᠤᠬᠠᠢ ᠶᠢᠨ ᠦᠶ᠎ᠠ ᠳᠤ ᠮᠠᠨ ᠤ ᠦᠪᠡᠷᠳᠡᠬᠡᠨ ᠵᠠᠰᠠᠬᠤ ᠤᠷᠤᠨ ᠤ ᠲᠠᠮᠢᠷ ᠤᠨ ᠠᠩᠬᠢ ᠳᠤ ᠪᠠᠰᠠ ᠪᠤᠤᠺᠰ ᠤᠨ ᠠᠩᠬᠢ ᠪᠠᠶᠢᠨ᠎ᠠ ᠬᠡᠳᠡᠭ ᠢ ᠮᠡᠳᠡᠬᠦ ᠦᠬᠡᠢ ᠪᠤᠯᠬᠤᠷ ᠪᠦᠬᠡ ᠶᠢᠨ ᠠᠩᠬᠢ ᠳᠤ ᠨᠡᠷ᠎ᠠ ᠮᠡᠳᠡᠬᠦᠯᠵᠤ ᠤᠴᠢᠬᠰᠠᠠ ᠶᠤᠮ᠃ ᠬᠦᠷᠴᠤ ᠤᠴᠢᠬᠰᠠᠠ ᠤ ᠰᠡᠬᠦᠯᠡᠷ ᠨᠢ ᠰᠠᠢᠢ ᠪᠤᠤᠺᠰ ᠤᠨ ᠠᠩᠬᠢ ᠪᠠᠶᠢᠬᠤ ᠶᠢ ᠮᠡᠳᠡᠭᠰᠡᠡ ᠲᠤᠯᠠ ᠬᠡᠳᠦ᠋ᠢᠪᠠᠷ ᠪᠦᠬᠡ ᠶᠢᠨ ᠠᠩᠬᠢ ᠳᠤ ᠤᠷᠤᠭᠰᠠᠠ ᠪᠤᠯᠪᠠᠴᠤ ᠪᠤᠤᠺᠰ ᠤᠨ ᠲᠠᠯᠠᠪᠠᠢ ᠳᠤ ᠪᠤᠯᠪᠠᠰᠤᠷᠠᠵᠤ ᠪᠠᠶᠢᠭ᠎ᠠ ᠲᠠᠮᠢᠷᠴᠢᠳ ᠢ ᠬᠠᠮᠤᠭ ᠠᠴᠠ ᠢᠯᠡᠬᠦᠤ ᠠᠩᠬᠠᠷᠴᠤ᠂ ᠪᠤᠤᠺᠰ ᠤᠨ ᠲᠠᠪᠴᠠᠩ ᠨᠠᠮ᠎ᠠ ᠪᠠᠨ ᠲᠠᠳᠠᠵᠤ ᠪᠠᠶᠢᠭᠰᠠᠠ ᠲᠤᠯᠠ ᠡᠴᠦᠰ ᠲᠡᠭᠡᠨ ᠪᠢ ᠬᠠᠰᠢᠯᠠ ᠪᠤᠤᠺᠰ ᠤᠨ ᠠᠩᠬᠢ ᠳᠤ ᠰᠢᠯᠵᠢᠵᠤ ᠴᠢᠳᠠᠭᠰᠠᠠ ᠶᠤᠮ ᠬᠡᠵᠤ ᠲᠡᠷᠡ ᠶᠠᠷᠢᠵᠤ ᠪᠠᠶᠢᠯ᠎ᠠ᠃ ᠪᠡᠭᠡᠵᠢᠩ ᠤᠨ ᠤᠯᠢᠮᠫᠢᠺ ᠠᠴᠠ ᠡᠮᠦᠨ᠎ᠠ᠂ ᠬᠡᠳᠦ᠋ᠢᠪᠠᠷ ᠡᠯ᠎ᠠ ᠲᠠᠯ᠎ᠠ ᠶᠢᠨ ᠪᠠᠳᠤᠯᠠᠭ᠎ᠠ ᠶᠢᠨ ᠠᠵᠢᠯ ᠴᠦᠮ ᠮᠠᠰᠢ ᠪᠦᠷᠢᠨ ᠲᠦᠬᠦᠷ ᠪᠠᠶᠢᠭᠰᠠᠠ ᠬᠡᠬᠦ ᠳᠤ ᠵᠠᠩ ᠰᠢᠶᠤᠤ ᠫᠢᠩ ᠤᠨ ᠦᠪᠡᠷ ᠤᠨ ᠬᠢᠨᠢ ᠤᠷᠤᠯᠳᠤᠭᠠᠨ ᠤ ᠪᠠᠶᠢᠳᠠᠯ ᠦᠨᠡᠨ ᠳᠡᠭᠡᠨ ᠬᠠᠮᠤᠭ ᠤᠷᠬᠢᠯ ᠤᠨ ᠦᠶ᠎ᠠ ᠪᠢᠰᠢ ᠬᠡᠳᠡᠭ ᠢᠶᠠᠨ ᠲᠡᠷᠡ ᠦᠪᠡᠷ ᠢᠶᠠᠨ ᠮᠠᠰᠢ ᠲᠤᠳᠤᠷᠬᠠᠢ ᠮᠡᠳᠡᠨ᠎ᠠ᠃         — ᠤᠯᠢᠮᠫᠢᠺ ᠠᠴᠠ ᠡᠮᠦᠨ᠎ᠠ ᠨᠠᠳᠠᠳᠤ ᠨᠡᠯᠢᠶᠡᠳ ᠤᠯᠠᠨ ᠬᠦᠴᠢᠷ ᠲᠦᠪᠡᠭ ᠲᠤᠯᠭᠠᠷᠠᠵᠤ ᠪᠠᠶᠢᠭᠰᠠᠠ ᠡ᠂ 2007 ᠤᠨ ᠤ ᠲᠡᠯᠡᠬᠡᠢ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ᠳᠤ ᠢᠯᠠᠭᠳᠠᠭᠠᠳ ᠪᠤᠴᠠᠵᠤ ᠢᠷᠡᠭᠰᠡᠡ ᠤ ᠰᠡᠬᠦᠯᠡᠷ᠂ ᠨᠢᠬᠡ ᠬᠤᠭᠤᠴᠠᠭ᠎ᠠ ᠵᠠᠷᠤᠴᠠᠭᠤᠯᠤᠨ ᠲᠤᠬᠢᠷᠠᠭᠤᠯᠤᠯᠳᠠ ᠬᠢᠵᠤ᠂ ᠤᠯᠢᠮᠫᠢᠺ ᠤᠨ ᠤᠷᠤᠯᠳᠤᠭᠠᠨ ᠳᠤ ᠤᠷᠤᠬᠤ ᠠᠴᠠ ᠡᠮᠦᠨ᠎ᠠ ᠦᠪᠡᠷ ᠤᠨ ᠬᠠᠭᠤᠴᠢᠨ ᠰᠢᠷᠬ᠎ᠠ ᠪᠠᠰᠠ ᠲᠠᠬᠢᠨ ᠬᠦᠳᠡᠯᠵᠤ᠂ ᠰᠡᠳᠬᠢᠴᠠ ᠶᠢᠨ ᠲᠠᠯ᠎ᠠ ᠳᠤ ᠨᠡᠯᠢᠶᠡᠳ ᠲᠠᠷᠤᠭᠠᠰᠤ ᠪᠤᠯᠵᠤ ᠪᠠᠶᠢᠭᠰᠠᠠ ᠶᠤᠮ᠃ — ᠡᠶᠢᠮᠦᠷᠬᠦ ᠪᠠᠶᠢᠳᠠᠯ ᠲᠤᠤᠷ᠎ᠠ ᠠᠯᠢᠪᠠ ᠬᠦᠴᠢᠷᠳᠡᠯ ᠢ ᠢᠯᠠᠨ ᠡᠴᠦᠰ ᠲᠡᠭᠡᠨ ᠠᠯᠳᠠᠨ ᠮᠧᠳᠠᠯ ᠤᠯᠤᠨ᠎ᠠ ᠬᠡᠳᠡᠭ ᠢ ᠦᠨᠡᠨ ᠢᠳᠡᠬᠡᠵᠤ ᠶᠠᠳᠠᠮᠠᠷ᠂ ᠰᠢᠢᠳᠪᠤᠷᠢᠳᠤ ᠤᠷᠤᠯᠳᠤᠭᠠᠨ ᠳᠤ ᠡᠰᠡᠷᠬᠦ ᠡᠳᠡᠬᠡᠳ ᠢᠶᠠᠨ ᠢᠯᠠᠵᠤ ᠠᠯᠳᠠᠨ ᠮᠧᠳᠠᠯ ᠤᠯᠤᠭᠰᠠᠠ ᠲᠡᠷᠡ ᠦᠶ᠎ᠠ ᠳᠤ ᠲᠤᠳᠤᠷ᠎ᠠ ᠲᠦᠢᠯ ᠤᠨ ᠨᠠᠮ ᠲᠦᠯᠬᠡᠨ ᠪᠠᠶᠢᠭᠰᠠᠠ ᠶᠤᠮ᠂ ᠨᠢᠬᠡ ᠭᠠᠷᠠᠭ ᠤᠨ ᠬᠢᠨᠢ ᠲᠠᠷᠠᠭ᠎ᠠ ᠰᠠᠶ᠋ᠢ ᠤᠯᠢᠮᠫᠢᠺ ᠤᠨ ᠠᠯᠳᠠᠨ ᠮᠧᠳᠠᠯ ᠤᠯᠤᠭᠰᠠᠠ ᠮᠢᠨᠢ ᠦᠨᠡᠨ ᠪᠤᠳᠠᠳᠠᠢ ᠤᠴᠢᠷ ᠬᠡᠳᠡᠭ ᠢᠶᠠᠨ ᠰᠡᠬᠡᠵᠤ ᠮᠡᠳᠡᠪᠠ᠂ ᠬᠡᠳᠦ᠋ᠢᠪᠠᠷ ᠪᠡᠯᠡᠳᠬᠡᠯ ᠪᠤᠯᠪᠠᠰᠤᠷᠠᠯ ᠢᠶᠠᠨ ᠰᠠᠶᠢᠳᠤᠷ ᠬᠢᠭᠰᠡᠡ ᠬᠡᠬᠦ ᠳᠤ ᠢᠯᠠᠯᠳᠠ ᠪᠤᠯᠤᠨ ᠪᠠᠶᠠᠷ ᠪᠠᠶᠠᠰᠤᠯ ᠢᠷᠡᠭᠰᠡᠡ ᠨᠢ ᠮᠦᠨ ᠯᠠ ᠬᠡᠳᠦ ᠬᠡᠨᠡᠳᠳᠠ ᠰᠠᠨᠠᠭᠳᠠᠭᠰᠠᠠ ᠠᠴᠠ ᠦᠪᠡᠷ ᠢᠶᠠᠨ ᠬᠦᠷᠳᠡᠯ᠎ᠠ ᠡᠨᠡ ᠨᠢ ᠦᠨᠡᠨ ᠬᠡᠳᠡᠭ ᠢ ᠢᠳᠡᠬᠡᠵᠤ ᠶᠠᠳᠠᠮᠠᠷ ᠪᠠᠶᠢᠭᠰᠠᠠ ᠶᠤᠮ᠃ ᠦᠪᠡᠷᠳᠡᠬᠡᠨ ᠵᠠᠰᠠᠬᠤ ᠤᠷᠤᠨ ᠤ ᠨᠠᠮ ᠵᠠᠰᠠᠭ ᠤᠨ ᠪᠤᠤᠺᠰ ᠤᠨ ᠠᠩᠬᠢ ᠳᠠᠬᠢ ᠲᠡᠮᠵᠢᠯᠬᠡ ᠳᠤ ᠲᠠᠬᠢᠨᠳᠠ ᠲᠠᠯᠠᠷᠬᠠᠵᠤ ᠪᠠᠶᠢᠨ᠎ᠠ᠃     ᠪᠡᠬᠡᠵᠢᠩ ᠤᠨ ᠤᠯᠢᠮᠫᠢᠺ ᠤᠨ ᠲᠠᠷᠠᠭ᠎ᠠ ᠵᠠᠩ ᠰᠢᠶᠤᠤ ᠫᠢᠩ ᠤᠨ ᠲᠤᠬᠠᠢ ᠰᠤᠷᠠᠭ ᠴᠢᠮᠡᠭᠡ ᠠᠭᠠᠵᠢᠮ ᠳᠠᠭᠠᠨ ᠲᠠᠰᠤᠷᠠᠵᠤ᠂ ︽ᠰᠢᠯᠢᠩᠬᠤᠳᠠ ᠳᠤ ᠦᠪᠡᠷ ᠤᠨ ᠠᠳᠠᠯ ᠦᠢᠯᠡᠰ ᠬᠡᠳ ᠶᠠᠭᠠᠷᠠᠵᠤ ᠶᠠᠪᠤᠨ᠎ᠠ︾ ᠬᠡᠬᠦ ᠴᠢᠮᠡᠭᠡ ᠶᠢ ᠬᠡᠨ ᠨᠢᠬᠡᠨ ᠠᠴᠠ ᠪᠠᠨ ᠲᠤᠭᠤᠯᠵᠤ ᠪᠠᠶᠢᠯ᠎ᠠ᠃ ᠤᠯᠢᠮᠫᠢᠺ ᠤᠨ ᠲᠠᠷᠠᠭᠠᠬᠢ ᠠᠷᠪᠠᠨ ᠵᠢᠯ ᠤᠨ ᠠᠳᠠᠯ ᠠᠮᠢᠳᠤᠷᠠᠯ ᠤᠨ ᠲᠤᠬᠠᠢ ᠲᠡᠷᠡ᠄     — ᠪᠤᠤᠺᠰ ᠤᠨ ᠲᠠᠪᠴᠠᠩ ᠠᠴᠠ ᠠᠶᠠᠷᠯᠠᠭᠰᠠᠠ ᠤ ᠰᠡᠬᠦᠯᠡᠷ ᠪᠢ ᠪᠡᠬᠡᠵᠢᠩ ᠤᠨ ᠶᠡᠭᠡ ᠰᠤᠷᠭᠠᠭᠤᠯᠢ ᠳᠤ ᠰᠤᠷᠤᠯᠴᠠᠵᠤ ᠦᠪᠡᠷ ᠢ ᠪᠠᠨ ᠴᠡᠨᠡᠭᠯᠡᠵᠤ ᠲᠠᠷᠠᠭᠠᠴᠢ ᠶᠢᠨ ᠠᠯᠬᠤᠮ ᠤᠨ ᠲᠠᠮᠢᠷ ᠤᠨ ᠠᠵᠢᠯ ᠳᠠᠭᠠᠨ ᠨᠠᠩ ᠰᠢᠰᠲ᠋ᠧᠮᠵᠢᠯᠡᠭᠰᠡᠡ᠂ ᠮᠡᠷᠬᠡᠵᠢᠯ ᠤᠨ ᠰᠠᠭᠤᠷᠢ ᠲᠠᠯᠪᠢᠭᠰᠠᠠ ᠶᠤᠮ᠃ ᠤᠳᠤᠬᠠᠨ ᠳᠤ ᠲᠤᠮᠳᠠᠳᠤ ᠤᠯᠤᠰ ᠤᠨ ᠪᠤᠤᠺᠰ ᠤᠨ ᠨᠡᠶᠢᠬᠡᠮᠯᠢᠭ ᠤᠨ ᠮᠡᠷᠬᠡᠵᠢᠯ ᠤᠨ ᠪᠤᠤᠺᠰ ᠢ ᠠᠬᠢᠭᠤᠯᠬᠤ ᠬᠡᠯᠳᠡᠰ ᠤᠨ ᠲᠠᠷᠤᠭ᠎ᠠ ᠶᠢᠨ ᠠᠵᠢᠯ ᠳᠤ ᠭᠠᠷᠴᠤ᠂ ᠮᠦᠨ ᠮᠡᠷᠬᠡᠵᠢᠯ ᠤᠨ ᠪᠤᠤᠺᠰ ᠤᠨ ᠤᠷᠤᠯᠳᠤᠭᠠᠨ ᠢ ᠲᠡᠯᠬᠡᠷᠡᠬᠦᠯᠬᠦ ᠺᠤᠮᠫᠠᠨᠢ᠂ ︽ᠰᠢᠶᠤᠤ ᠫᠢᠩ ᠪᠡᠶ᠎ᠠ ᠶᠢᠨ ᠲᠠᠮᠢᠷ︾ ᠢ ᠡᠷᠬᠢᠯᠡᠡ ᠬᠢᠵᠤ ᠪᠤᠢ ᠬᠡᠵᠤ ᠲᠦᠬᠦᠮᠬᠡᠨ ᠬᠠᠷᠢᠭᠤᠯᠤᠯ᠎ᠠ᠃     ᠪᠡᠬᠡᠵᠢᠩ ᠤᠨ ᠤᠯᠢᠮᠫᠢᠺ ᠤᠨ ᠡᠷᠡᠭᠳᠡᠢ ᠶᠢᠨ ᠪᠤᠤᠺᠰ ᠤᠨ ᠤᠷᠤᠯᠳᠤᠭᠠᠨ ᠳᠤ ᠵᠠᠩ ᠰᠢᠶᠤᠤ ᠫᠢᠩ ᠠᠴᠠ ᠭᠠᠳᠠᠨ᠎ᠠ ᠽᠸᠤ ᠱᠢ ᠮᠢᠩ ᠪᠠᠰᠠ ᠨᠢᠬᠡ ᠠᠯᠳᠠᠨ ᠮᠧᠳᠠᠯ ᠤᠯᠵᠤ᠂ ᠬᠡᠳᠦᠨ ᠵᠢᠯ ᠤᠨ ᠲᠠᠷᠠᠭ᠎ᠠ ᠲᠡᠷᠡ ᠮᠡᠷᠬᠡᠵᠢᠯ ᠤᠨ ᠪᠤᠤᠺᠰ ᠤᠨ ᠲᠠᠪᠴᠠᠩ ᠳᠤ ᠰᠢᠯᠵᠢᠵᠤ ᠦᠪᠡᠷ ᠤᠨ ᠬᠦᠰᠡᠯ ᠬᠠᠷᠠᠯᠳᠠ ᠶᠢᠨ ᠢᠶᠠᠨ ᠲᠦᠯᠦᠬᠡ ᠡᠳᠦᠬᠡ ᠬᠦᠷᠳᠡᠯ᠎ᠠ ᠪᠠᠨ ᠲᠡᠮᠡᠴᠡᠵᠤ ᠶᠠᠪᠤᠭᠰᠠᠭᠠᠷ᠃ ᠪᠤᠤᠺᠰᠴᠢᠨ ᠪᠤᠯᠭᠠᠨ ᠳᠤ ᠴᠦᠮ ᠮᠡᠷᠬᠡᠵᠢᠯ ᠤᠨ ᠪᠤᠤᠺᠰ ᠤᠨ ᠲᠠᠪᠴᠠᠩ ᠳᠤ ᠭᠠᠷᠬᠤ ᠬᠦᠰᠡᠯ ᠪᠤᠢ᠂ ᠬᠡᠬᠦ ᠳᠤ ᠰᠢᠨ᠎ᠠ ᠬᠠᠭᠤᠴᠢᠨ ᠰᠢᠷᠬ᠎ᠠ ᠪᠡᠶ᠎ᠠ ᠶᠢ ᠤᠷᠢᠶᠠᠭᠰᠠᠠ ᠵᠠᠩ ᠰᠢᠶᠤᠤ ᠫᠢᠩ ᠳᠤ ᠰᠠᠨᠠᠭ᠎ᠠ ᠨᠢ ᠪᠠᠶᠢᠪᠠᠴᠤ ᠤᠨᠤᠭ᠎ᠠ ᠨᠢ ᠬᠦᠷᠬᠦ ᠦᠬᠡᠢ᠃     — ᠮᠡᠷᠬᠡᠵᠢᠯ ᠤᠨ ᠪᠤᠤᠺᠰ ᠤᠨ ᠲᠠᠪᠴᠠᠩ ᠳᠤ ᠤᠷᠤᠭᠰᠠᠠ ᠦᠬᠡᠢ ᠨᠢ ᠨᠠᠳᠠᠳᠤ ᠠᠪᠴᠤ ᠬᠡᠯᠡᠪᠠᠯ ᠬᠠᠷᠠᠮᠰᠠᠯᠳᠠᠢ ᠶᠠᠪᠤᠳᠠᠯ᠂ ᠬᠡᠬᠦ ᠳᠤ ᠪᠡᠶ᠎ᠠ ᠲᠡᠬᠡᠷᠡᠬᠢ ᠰᠢᠨ᠎ᠠ ᠬᠠᠭᠤᠴᠢᠨ ᠰᠢᠷᠬ᠎ᠠ ᠨᠢ ᠮᠢᠨᠤ ᠪᠤᠯᠪᠠᠰᠤᠷᠠᠯ ᠪᠤᠯᠤᠨ ᠤᠷᠤᠯᠳᠤᠭᠠᠨ ᠢ ᠨᠠᠩ ᠰᠠᠶᠢᠳᠤᠷ ᠪᠡᠶᠡᠯᠡᠬᠦᠯᠬᠦ ᠶᠢ ᠵᠦᠪᠰᠢᠶᠡᠷᠡᠬᠦ ᠦᠬᠡᠢ ᠪᠤᠯᠤᠭᠰᠠᠠ ᠲᠤᠯᠠ ᠠᠷᠭ᠎ᠠ ᠪᠤᠰᠤ ᠪᠤᠤᠺᠰ ᠤᠨ ᠲᠠᠪᠴᠠᠩ ᠠᠴᠠ ᠠᠶᠠᠷᠯᠠᠬᠤ ᠰᠤᠩᠭᠤᠯᠳᠠ ᠬᠢᠭᠰᠡᠡ ᠶᠤᠮ᠃     ᠬᠡᠳᠦ᠋ᠢᠪᠠᠷ ᠮᠡᠷᠬᠡᠵᠢᠯ ᠤᠨ ᠪᠤᠤᠺᠰᠴᠢᠨ ᠪᠤᠯᠵᠤ ᠴᠢᠳᠠᠭ᠎ᠠ ᠦᠬᠡᠢ ᠪᠤᠯᠪᠠᠴᠤ ᠤᠳᠤᠬᠠᠨ ᠳᠤ ᠲᠤᠮᠳᠠᠳᠤ ᠤᠯᠤᠰ ᠤᠨ ᠪᠤᠤᠺᠰ ᠤᠨ  ᠨᠡᠶᠢᠬᠡᠮᠯᠢᠭ ᠤᠨ ᠮᠡᠷᠬᠡᠵᠢᠯ ᠤᠨ ᠪᠤᠤᠺᠰ ᠢ ᠠᠬᠢᠭᠤᠯᠬᠤ ᠬᠡᠯᠳᠡᠰ ᠤᠨ ᠲᠠᠷᠤᠭ᠎ᠠ ᠶᠢᠨ ᠠᠵᠢᠯ ᠳᠤ ᠭᠠᠷᠤᠭᠰᠠᠠ ᠨᠢ ᠮᠢᠨᠤ ᠮᠡᠷᠬᠡᠵᠢᠯ ᠤᠨ ᠪᠤᠤᠺᠰ ᠤᠨ ᠬᠦᠰᠡᠯ ᠢ ᠲᠡᠷᠬᠡᠯᠰᠢᠬᠦᠯᠦᠯ᠎ᠠ ᠬᠡᠵᠤ ᠦᠵᠡᠵᠤ ᠪᠠᠶᠢᠨ᠎ᠠ᠃ ᠵᠠᠩ ᠰᠢᠶᠤᠤ ᠫᠢᠩ ᠬᠡᠳᠦ᠋ᠢᠪᠠᠷ ᠪᠤᠤᠺᠰ ᠤᠨ ᠲᠠᠪᠴᠠᠩ ᠠᠴᠠ ᠡᠷᠳᠡ ᠠᠶᠠᠷᠯᠠᠭᠰᠠᠠ ᠪᠤᠯᠪᠠᠴᠤ ᠲᠡᠷᠡ ᠪᠤᠤᠺᠰ ᠤᠨ ᠲᠦᠷᠦᠯ ᠵᠦᠢᠯ ᠳᠤ ᠬᠡᠮᠵᠢᠶᠡᠯᠡᠰᠢ ᠦᠬᠡᠢ ᠬᠠᠶᠢᠷ᠎ᠠ ᠲᠠᠢ᠂ ᠴᠠᠭ ᠢᠮᠠᠭᠳᠠ ᠠᠩᠬᠠᠷᠤᠨ ᠬᠠᠯᠠᠮᠵᠢᠯᠠᠵᠤ᠂ ᠡᠳᠦᠬᠡ ᠬᠦᠷᠳᠡᠯ᠎ᠠ ᠪᠤᠤᠺᠰ ᠤᠨ ᠲᠦᠷᠦᠯ ᠵᠦᠢᠯ ᠤᠨ ᠬᠦᠭᠵᠢᠯᠳᠠ ᠶᠢᠨ ᠲᠦᠯᠦᠬᠡ ᠬᠦᠴᠦ ᠨᠡᠮᠡᠷᠢ ᠪᠠᠨ ᠦᠵᠡᠬᠦᠯᠦᠭᠰᠡᠬᠡᠷ᠃ 2016 ᠤᠨ ᠤ 1 ᠰᠠᠷ᠎ᠠ ᠶᠢᠨ 23 ᠤ ᠡᠳᠦᠷ᠂ ᠲᠡᠷᠡ ᠪᠠᠰᠠ ᠦᠪᠡᠷ ᠢᠶᠠᠨ ᠪᠤᠤᠺᠰ ᠤᠨ ᠺᠯᠦ᠋ᠪ ᠪᠠᠶᠢᠭᠤᠯᠵᠤ᠂ ᠦᠪᠦᠷ ᠮᠤᠩᠭᠤᠯ ᠤᠨ ᠪᠡᠶ᠎ᠠ ᠶᠢᠨ ᠲᠠᠮᠢᠷ ᠤᠨ ᠦᠢᠯᠡᠰ ᠪᠤᠯᠤᠨ ᠪᠤᠤᠺᠰ ᠤᠨ ᠦᠢᠯᠡᠰ ᠲᠤ ᠰᠢᠯᠢᠳᠡᠭ ᠲᠠᠮᠢᠷᠴᠢᠨ ᠢ ᠬᠦᠮᠦᠵᠢᠬᠦᠯᠬᠦ ᠪᠠᠷ ᠵᠢᠳᠬᠦᠵᠤ ᠶᠠᠪᠤᠨ᠎ᠠ᠃     — ᠪᠤᠤᠺᠰ ᠨᠢ ᠬᠦᠴᠦ ᠴᠢᠳᠠᠯ ᠪᠤᠯᠤᠨ ᠡᠷᠴᠢ ᠵᠤᠷᠢᠬ ᠤᠨ ᠲᠡᠮᠡᠴᠡᠬᠡᠨ ᠪᠤᠯᠬᠤ ᠪᠠᠷ ᠪᠠᠷᠠᠬᠤ ᠦᠬᠡᠢ ᠲᠡᠷᠡ ᠮᠦᠨ ᠴᠤ ᠤᠶᠤᠨ ᠤᠬᠠᠭᠠᠨ ᠤ ᠦᠷᠢᠰᠦᠯᠳᠦᠬᠡᠨ ᠪᠤᠯᠤᠨ᠎ᠠ᠃ ᠪᠤᠤᠺᠰ ᠨᠢ ᠨᠠᠳᠠᠳᠤ ᠠᠪᠴᠤ ᠬᠡᠯᠡᠪᠠᠯ ᠨᠢᠬᠡ ᠵᠦᠢᠯ ᠤᠨ ᠠᠮᠢᠳᠤᠷᠠᠯ ᠤᠨ ᠵᠤᠷᠢᠬ ᠰᠠᠨᠠᠭ᠎ᠠ ᠪᠤᠯᠬᠤ ᠶᠤᠮ᠃ ᠨᠢᠬᠡᠨ ᠪᠤᠤᠺᠰᠴᠢᠨ ᠪᠤᠯᠤᠭᠰᠠᠠ ᠬᠤᠪᠢ ᠳᠤ ᠪᠤᠤᠺᠰ ᠤᠨ ᠰᠫᠤᠷᠲ ᠢ ᠲᠡᠯᠬᠡᠷᠡᠬᠦᠯᠬᠦ ᠨᠢ ᠪᠢᠳᠠᠨ ᠤ ᠡᠬᠦᠷᠬᠡ ᠬᠠᠷᠢᠭᠤᠴᠠᠯᠭ᠎ᠠ ᠮᠦᠨ ᠬᠡᠵᠤ ᠪᠢ ᠦᠵᠡᠳᠡᠭ᠃     ᠠᠷᠪᠠᠨ ᠵᠢᠯ ᠤᠨ ᠠᠮᠵᠢᠯᠳᠠ ᠪᠦᠳᠦᠮᠵᠢ᠄     1998 ᠦᠪᠦᠷ ᠮᠤᠩᠭᠤᠯ ᠤᠨ ᠪᠤᠤᠺᠰ ᠤᠨ ᠠᠩᠬᠢ ᠳᠤ ᠡᠯᠰᠡᠭᠳᠡᠵᠤ᠂ ᠴᠢᠯᠠᠭᠤ ᠪᠠᠭᠰᠢ ᠠᠴᠠ ᠪᠤᠤᠺᠰ ᠤᠨ ᠮᠡᠷᠬᠡᠵᠢᠯ ᠢ ᠰᠤᠷᠤᠯᠴᠠᠵᠤ ᠡᠬᠢᠯᠡᠪᠠ     2002 ᠪᠦᠬᠦ ᠤᠯᠤᠰ ᠤᠨ ᠪᠤᠤᠺᠰ ᠤᠨ ᠮᠠᠩᠯᠠᠢ ᠰᠢᠯᠭᠠᠷᠠᠭᠤᠯᠬᠤ ᠤᠷᠤᠯᠳᠤᠭᠠᠨ ᠳᠤ ᠲᠡᠳ᠋ᠯᠡᠪᠠ     2003 ᠪᠦᠬᠦ ᠤᠯᠤᠰ ᠤᠨ ᠪᠤᠤᠺᠰ ᠤᠨ ᠮᠠᠩᠯᠠᠢ ᠰᠢᠯᠭᠠᠷᠠᠭᠤᠯᠬᠤ ᠤᠷᠤᠯᠳᠤᠭᠠᠨ ᠵᠢᠴᠢ ᠤᠯᠢᠮᠫᠢᠺ ᠤᠨ ᠡᠷᠬᠡ ᠶᠢ ᠲᠡᠮᠡᠴᠡᠬᠦ ᠤᠷᠤᠯᠳᠤᠭᠠᠨ ᠳᠤ ᠲᠡᠳ᠋ᠯᠡᠪᠠ     2004 ᠪᠦᠬᠦ ᠤᠯᠤᠰ ᠤᠨ ᠠᠪᠤᠷᠭᠤᠴᠤᠳ ᠤᠨ ᠤᠷᠤᠯᠳᠤᠭᠠᠨ ᠳᠤ ᠮᠠᠩᠯᠠᠶᠢᠯᠠᠪᠠ     2004 ᠤᠯᠤᠰ ᠤᠨ ᠪᠤᠤᠺᠰ ᠤᠨ ᠠᠩᠬᠢ ᠳᠤ ᠡᠯᠰᠡᠭᠳᠡᠪᠠ     2005 ᠠᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠲᠠᠮᠢᠷ ᠤᠨ ᠴᠤᠭᠯᠠᠭᠠᠨ ᠳᠤ ᠬᠦᠷᠡᠯ ᠮᠧᠳᠠᠯ ᠤᠯᠪᠠ     2006 ᠪᠦᠬᠦ ᠤᠯᠤᠰ ᠤᠨ ᠠᠪᠤᠷᠭᠤᠴᠤᠳ ᠤᠨ ᠤᠷᠤᠯᠳᠤᠭᠠᠨ ᠳᠤ ᠲᠡᠳ᠋ᠯᠡᠪᠠ     2007 ᠬᠤᠷᠢᠨ ᠲᠦᠷᠪᠡᠳᠦᠬᠡᠷ ᠬᠤᠭᠤᠴᠠᠭᠠᠨ ᠤ ᠠᠽᠢᠶ᠎ᠠ ᠶᠢᠨ ᠪᠤᠤᠺᠰ ᠤᠨ ᠮᠠᠩᠯᠠᠢ ᠰᠢᠯᠭᠠᠷᠠᠭᠤᠯᠬᠤ ᠤᠷᠤᠯᠳᠤᠭᠠᠨ ᠳᠤ ᠡᠷᠡᠭᠳᠡᠢ ᠶᠢᠨ 81 ᠺᠢᠯᠦᠭᠷᠠᠮ ᠤᠨ ᠲᠡᠰ ᠲᠤ ᠮᠦᠩᠬᠦᠨ ᠮᠧᠳᠠᠯ ᠤᠯᠪᠠ     2008 ᠪᠡᠬᠡᠵᠢᠩ ᠤᠨ ᠤᠯᠢᠮᠫᠢᠺ ᠤᠨ ᠲᠠᠮᠢᠷ ᠤᠨ ᠴᠤᠭᠯᠠᠭᠠᠨ ᠤ ᠡᠷᠡᠭᠳᠡᠢ ᠶᠢᠨ ᠪᠤᠤᠺᠰ ᠤᠨ 81 ᠺᠢᠯᠦᠭᠷᠠᠮ ᠤᠨ ᠲᠡᠰ ᠲᠤ ᠠᠯᠳᠠᠨ ᠮᠧᠳᠠᠯ ᠤᠯᠪᠠ     2009 ᠠᠷᠪᠠᠨ ᠨᠢᠬᠡᠳᠦᠬᠡᠷ ᠬᠤᠭᠤᠴᠠᠭᠠᠨ ᠤ ᠪᠦᠬᠦ ᠤᠯᠤᠰ ᠤᠨ ᠲᠠᠮᠢᠷ ᠤᠨ ᠴᠤᠭᠯᠠᠭᠠᠨ ᠳᠤ ᠠᠯᠳᠠᠨ ᠮᠧᠳᠠᠯ ᠤᠯᠪᠠ
 
ᠢᠷᠡᠯᠲᠡ᠄ ᠦᠪᠦᠷ ᠮᠤᠩᠭᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号