ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠴᠠᠬᠢᠮ ᠰᠣᠷᠪᠣᠯᠵᠢᠯᠠᠭ᠎ᠠ
ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠳᠠᠪᠤᠰᠤ ᠪᠠᠭ᠎ᠠ ᠢᠳᠡᠭᠡᠷᠡᠢ!
ᠨᠡᠶ᠋ᠢᠲᠡᠯᠡᠭᠰᠡᠨ ᠴᠠᠭ᠄ 2025-03-26

    ᠲᠠᠪᠣᠰᠣ ᠠᠷᠪᠢᠨ ᠢᠳᠡᠬᠦ᠎ᠨᠢ ᠬᠥᠮᠥᠨ᠎ᠤ ᠪᠡᠶ᠎ᠡ᠎ᠳᠤ ᠮᠠᠰᠢ ᠮᠠᠭᠤ ᠶᠣᠮ᠃ ᠡᠩ᠎ᠤᠨ ᠪᠠᠶ᠋ᠢᠳᠠᠯ᠎ᠳᠤ᠂ ᠭᠤᠷᠪᠠᠨ ᠬᠦᠮᠦᠨ ᠠᠮᠨ᠎ᠲᠠᠢ ᠨᠢᠬᠡ ᠠᠶ᠋ᠢᠯ᠎ᠤᠨ ᠨᠢᠬᠡ ᠵᠢᠯ᠎ᠳᠤ ᠢᠳᠡᠬᠦ ᠲᠠᠪᠣᠰᠣᠨ᠎ᠤ ᠬᠡᠮᠵᠢᠶ᠎ᠠ 16 ᠣᠭᠤᠳᠠ ᠪᠠᠶ᠋ᠢᠬᠤ ᠶᠣᠰᠣᠳᠠᠢ᠃ ᠬᠡᠪᠡᠴᠦ᠂ ᠣᠯᠠᠩᠬᠢ ᠬᠥᠮᠥᠨ᠎ᠤ ᠳᠠᠪᠤᠰᠤ ᠢᠳᠡᠬᠦ ᠬᠡᠮᠵᠢᠶ᠎ᠡ ᠡᠭᠦᠨ᠎ᠠᠴᠠ ᠬᠤᠯᠠ ᠬᠡᠲᠦᠷᠡᠵᠦ ᠪᠠᠶ᠋ᠢᠨ᠎ᠠ᠃

    ᠨᠢᠭᠡᠨ ᠪᠠᠶ᠋ᠢᠴᠠᠭ᠋ᠠᠯᠳᠠ ᠵᠢᠨ ᠲᠤᠭ᠎ᠠ ᠪᠠᠷᠢᠮᠳᠠ᠎ᠠᠴᠠ ᠦᠵᠡᠪᠡᠯ᠂ ᠮᠠᠨ᠎ᠤ ᠣᠯᠣᠰ᠎ᠤᠨ ᠡᠮᠦᠨᠡᠳᠣ ᠣᠷᠣᠨ᠎ᠤ ᠬᠥᠮᠥᠰ᠎ᠤᠨ ᠡᠳᠦᠷ ᠪᠦᠷᠢ ᠵᠢᠨ ᠢᠳᠡᠬᠦ ᠲᠠᠪᠣᠰᠣᠨ᠎ᠤ ᠬᠡᠮᠵᠢᠶ᠎ᠠ ᠲᠡᠭᠰᠢᠳᠬᠡᠭᠡᠳ 8-10 ᠭ᠋ᠷᠠᠮ ᠪᠠᠶ᠋ᠢᠵᠦ᠂ ᠣᠮᠠᠷᠠᠳᠣ ᠣᠷᠣᠨ᠎ᠤ ᠬᠥᠮᠥᠰ᠎ᠤᠨ ᠡᠳᠦᠷ ᠪᠦᠷᠢ ᠵᠢᠨ ᠢᠳᠡᠬᠦ ᠲᠠᠪᠣᠰᠣᠨ᠎ᠤ ᠬᠡᠮᠵᠢᠶ᠎ᠠ ᠲᠡᠭᠰᠢᠳᠬᠡᠭᠡᠳ 18 ᠭ᠋ᠷᠠᠮ᠎ᠳᠤ ᠬᠦᠷᠴᠦ ᠪᠣᠢ᠃ ᠪᠠᠰᠨ ᠵᠠᠷᠢᠮ ᠲᠠᠪᠣᠰᠣ ᠴᠢᠩᠭ᠎ᠠ ᠢᠳᠡᠳᠡᠭ ᠲᠠᠳᠬᠠᠯ᠎ᠲᠠᠢ ᠬᠦᠮᠦᠰ᠎ᠤᠨ ᠡᠳᠦᠷ ᠪᠦᠷᠢ ᠵᠢᠨ ᠢᠳᠡᠬᠦ ᠲᠠᠪᠣᠰᠣᠨ᠎ᠤ ᠬᠡᠮᠵᠢᠶ᠎ᠠ 20-25 ᠭ᠋ᠷᠠᠮ᠎ᠳᠤ ᠬᠦᠷᠴᠦ ᠪᠠᠶ᠋ᠢᠨ᠎ᠠ᠃ ᠲᠡᠭᠰᠢᠳᠬᠡᠬᠡᠳ ᠪᠤᠳᠤᠪᠠᠯ ᠮᠠᠨ᠎ᠤ ᠣᠯᠣᠰ᠎ᠤᠨ ᠬᠦᠮᠦᠨ ᠡᠳᠦᠷ ᠪᠦᠷᠢ 14.5 ᠭ᠋ᠷᠠᠮ ᠳᠠᠪᠤᠰᠤ ᠢᠳᠡᠵᠦ ᠪᠠᠶ᠋ᠢᠨ᠎ᠠ᠃

     ᠲᠡᠭᠡᠪᠡᠯ᠂ ᠲᠠᠪᠣᠰᠣ ᠵᠢ ᠬᠡᠳᠦᠷᠡᠳᠡᠯ᠎ᠡ ᠢᠳᠡᠪᠡᠯ ᠪᠡᠶ᠎ᠡ᠎ᠳᠤ ᠶᠠᠮᠠᠷ ᠢᠯᠡᠷᠡᠯ ᠭᠠᠷᠳᠠᠭ ᠪᠣᠢ?

    1. ᠠᠮᠨ ᠬᠠᠳᠠᠬᠤ ᠶᠡᠭᠡ ᠬᠡᠮᠵᠢᠶᠠᠨ᠎ᠤ ᠨᠠᠳ᠋ᠷᠢ ᠠᠭᠤᠯᠣᠭᠰᠠᠨ ᠬᠤᠭᠤᠯᠨ ᠢᠳᠡᠭᠰᠡᠨ᠎ᠤ ᠲᠠᠷᠠᠭ᠎ᠠ᠂ ᠪᠡᠶ᠎ᠡ ᠎ᠳᠠᠬᠢ ᠲᠠᠪᠣᠰᠣ ᠪᠣᠯᠣᠨ ᠣᠰᠣᠨ᠎ᠤ ᠠᠭᠤᠯᠣᠭᠳᠠᠬᠤᠨ᠎ᠤ ᠲᠡᠩᠴᠡᠬᠦᠷᠢ ᠠᠯᠳᠠᠭᠳᠠᠭᠰᠠᠨ ᠰᠢᠭ᠋ ᠰᠠᠨᠠᠭᠳᠠᠵᠤ᠂ ᠠᠮᠠ ᠬᠠᠲᠠᠳᠠᠭ᠃ ᠲᠡᠩᠴᠡᠬᠦᠷᠢ᠎ᠪᠠᠨ ᠪᠠᠲᠤᠯᠠᠬᠤ ᠵᠢᠨ ᠲᠦᠯᠦᠬᠡ ᠬᠥᠮᠥᠰ ᠠᠷᠪᠢᠨ ᠣᠰᠣ ᠣᠣᠭᠤᠬᠤ ᠬᠡᠷᠡᠭᠳᠠᠢ ᠪᠣᠯᠳᠠᠭ᠃ ᠡᠶ᠋ᠢᠮᠦ᠎ᠠᠴᠠ ᠬᠥᠮᠥᠰ ᠶᠡᠭᠡ ᠬᠡᠮᠵᠢᠶ᠎ᠠ᠎ᠪᠠᠷ ᠣᠰᠣ ᠤᠤᠭᠤᠳᠠᠭ᠃

    2. ᠦᠢ᠍ᠯᠡ ᠬᠦᠳᠡᠯᠭᠡᠭᠡᠨ ᠤᠳᠠᠭ᠋ᠠᠰᠢᠷᠠᠬᠤ ᠤᠷᠲᠤ ᠬᠤᠭᠤᠴᠠᠭ᠋ᠠᠨ᠎ᠤ ᠲᠤᠷᠰᠢ ᠬᠡᠲᠦᠷᠡᠲᠡᠯ᠎ᠡ ᠳᠠᠪᠤᠰᠤ ᠢᠳᠡᠪᠡᠯ ᠬᠦᠮᠦᠨ᠎ᠤ ᠪᠡᠶ᠎ᠡ ᠲᠤᠲᠤᠷᠠᠬᠢ ᠤᠰᠤ ᠠᠯᠳᠠᠭᠳᠠᠵᠤ᠂ ᠲᠠᠷᠢᠬᠢ ᠲᠤᠯᠤᠭ᠋ᠠᠢ ᠵᠢᠨ ᠰᠡᠳᠬᠢᠭᠦ ᠴᠢᠳᠠᠪᠤᠷᠢ ᠤᠳᠠᠭ᠋ᠠᠰᠢᠷᠠᠵᠤ᠂ ᠦᠢ᠍ᠯᠡ ᠬᠦᠳᠡᠯᠭᠡᠭᠡᠨ ᠤᠳᠠᠭ᠋ᠠᠨ ᠪᠣᠯᠳᠠᠭ᠃

    3. ᠭᠠᠷ᠎ᠤᠨ ᠬᠤᠷᠣᠭᠤ ᠮᠣᠬᠤᠶ᠋ᠢᠵᠦ ᠪᠦᠲᠦᠬᠦᠷᠡᠬᠦ ᠬᠡᠷᠪᠡ ᠲᠠᠨ᠎ᠤ ᠪᠡᠶ᠎ᠡ ᠵᠢᠨ ᠬᠦᠨᠳᠣ ᠨᠡᠮᠡᠭᠳᠡᠭᠰᠡᠨ ᠦᠬᠡᠢ ᠪᠠᠶ᠋ᠢᠳᠠᠯ᠎ᠳᠤ ᠭᠠᠷ᠎ᠤᠨ ᠬᠤᠷᠣᠭᠤ ᠴᠢᠨᠢ ᠪᠦᠳᠦᠭᠦᠷᠡᠭᠰᠡᠨ ᠪᠠᠶ᠋ᠢᠪᠠᠯ᠂ ᠡᠨᠡ᠎ᠨᠢ ᠣᠷᠳᠣ ᠬᠤᠭᠤᠴᠠᠭ᠋ᠠᠨ᠎ᠤ ᠲᠣᠷᠰᠢ ᠬᠡᠳᠦᠷᠡᠳᠡᠯ᠎ᠡ ᠲᠠᠪᠣᠰᠣ ᠢᠳᠡᠭᠰᠡᠨ᠎ᠠᠴᠠ ᠪᠣᠯᠣᠭᠰᠠᠨ ᠪᠠᠶ᠋ᠢᠵᠤ ᠮᠡᠳᠡᠨ᠎ᠡ᠃

    4. ᠲᠣᠯᠣᠭ᠋ᠠᠢ ᠡᠪᠡᠳᠬᠦ 《ᠠᠩᠭ᠍ᠯᠢ ᠵᠢᠨ ᠠᠨᠠᠭ᠋ᠠᠬᠤ ᠣᠬᠠᠭ᠋ᠠᠨ᠎ᠤ ᠰᠡᠳᠬᠦᠯ》᠎ᠳᠤ ᠨᠡᠶ᠋ᠢᠲᠡᠯᠡᠭᠰᠡᠨ ᠨᠢᠬᠡᠨ ᠰᠣᠳᠣᠯᠭ᠋ᠠᠨ᠎ᠤ ᠪᠦᠲᠦᠬᠡᠯ᠎ᠳᠤ ᠲᠡᠮᠳᠡᠭᠯᠡᠭᠰᠡᠨ ᠵᠶ᠋ᠠᠷ᠄ ᠡᠳᠦᠷ ᠪᠦᠷᠢ 3500 ᠮᠢᠯᠢᠭᠷᠡᠮ ᠨᠠᠳ᠋ᠷᠢ ᠢᠳᠡᠳᠡᠭ ᠨᠠᠰᠣᠨ ᠎ᠳᠤ ᠬᠦᠷᠦᠭᠰᠡᠳ᠎ᠢ ᠡᠳᠦᠷ ᠪᠦᠷᠢ 1500 ᠮᠢᠯᠢᠭᠷᠡᠮ ᠨᠠᠳ᠋ᠷᠢ ᠢᠳᠡᠳᠡᠭ ᠬᠦᠮᠦᠨ᠎ᠲᠠᠢ ᠬᠠᠷᠢᠴᠠᠭᠤᠯᠪᠠᠯ᠂ ᠲᠣᠯᠣᠭ᠋ᠠᠢ ᠡᠪᠡᠳᠬᠦ ᠡᠪᠡᠳᠴᠢᠨ ᠣᠯᠬᠤ ᠠᠶᠤᠯ ᠡᠷᠡᠰᠳᠡᠯ ᠭᠤᠷᠪᠠᠨ᠎ᠤ ᠨᠢᠬᠡ᠎ᠪᠠᠷ ᠳᠡᠭᠡᠭᠰᠢᠯᠡᠳᠡᠭ᠃

    5. ᠪᠠᠶ᠋ᠢᠩᠭᠤ ᠰᠢᠬᠡᠰᠦ ᠬᠦᠷᠬᠦ ᠣᠰᠣ ᠠᠷᠪᠢᠨ ᠣᠣᠭᠤᠬᠤ᠎ᠨᠢ ᠪᠠᠶ᠋ᠢᠩᠭᠤ ᠰᠢᠬᠡᠰᠦ ᠬᠦᠷᠬᠦ ᠵᠢᠨ ᠴᠣᠷ᠎ᠤᠨ ᠭᠠᠭᠴᠨ ᠰᠢᠯᠳᠠᠭ᠋ᠠᠨ ᠪᠢᠰᠢ᠃ ᠲᠠᠪᠣᠰᠣ ᠠᠷᠪᠢᠨ ᠢᠳᠡᠪᠡᠯ ᠪᠠᠰᠠ ᠪᠠᠶ᠋ᠢᠩᠭᠤ ᠰᠢᠬᠡᠰᠦ ᠬᠦᠷᠬᠦ ᠪᠠᠶ᠋ᠢᠳᠠᠯ᠎ᠲᠠᠢ ᠪᠣᠯᠳᠠᠭ᠃ ᠬᠦᠮᠦᠨ ᠬᠡᠳᠦᠷᠡᠳᠡᠯ᠎ᠡ ᠲᠠᠪᠣᠰᠣ ᠢᠳᠡᠭᠰᠡᠨ ᠦᠶ᠎ᠡ᠎ᠳᠤ᠂ ᠪᠡᠶ᠎ᠡ ᠵᠢᠨ ᠴᠣᠯᠣ ᠡᠷᠬᠡᠳᠡᠨ ᠶᠠᠭ᠋ᠠᠷᠠᠯᠲᠠᠢ ᠠᠵᠢᠯᠯᠠᠮᠠᠨᠵᠢᠨ ᠰᠠᠶᠢ ᠢᠯᠡᠬᠦᠳᠡᠭᠰᠡᠨ ᠲᠠᠪᠣᠰᠣ ᠵᠢ ᠪᠡᠶ᠎ᠡ᠎ᠠᠴᠠ ᠭᠠᠳᠠᠭᠰᠢᠯᠠᠭᠤᠯᠬᠤ ᠪᠣᠯᠬᠤᠷ ᠪᠠᠶ᠋ᠢᠩᠭᠤ ᠰᠢᠭᠡᠯᠭᠡᠳᠡᠭ᠃

    ᠲᠠᠪᠣᠰᠣ ᠵᠢ ᠠᠷᠪᠢᠨ ᠢᠳᠡᠪᠡᠯ ᠴᠢᠰᠦᠨ ᠲᠠᠷᠣᠯᠳᠠ ᠥᠨᠳᠥᠷᠰᠢᠬᠦ᠎ᠠᠴᠠ ᠭᠠᠳᠠᠨ᠎ᠠ᠂ ᠬᠤᠳᠣᠭᠤᠳᠣᠨ᠎ᠤ ᠦᠮᠡᠨ᠂ ᠮᠠᠷᠢᠶᠠᠯᠠᠬᠤ᠂ ᠵᠢᠷᠦᠬᠡᠨ ᠲᠠᠮᠢᠷ᠎ᠢ ᠮᠠᠭᠤᠳᠠᠭᠤᠯᠬᠤ᠂ ᠶᠠᠰᠣ ᠰᠡᠶ᠋ᠢᠷᠡᠭᠵᠢᠬᠦᠯᠬᠦ ᠵᠡᠷᠬᠡ ᠡᠪᠡᠳᠴᠢᠨ᠎ᠢ ᠡᠬᠦᠰᠬᠡᠬᠦ ᠠᠶᠣᠯ ᠎ᠲᠠᠢ᠃ ᠡᠶ᠋ᠢᠮᠦ᠎ᠠᠴᠠ ᠲᠠᠪᠣᠰᠣ ᠵᠢ ᠬᠡᠮᠵᠢᠶ᠎ᠠ᠎ᠲᠠᠢ ᠢᠳᠡᠪᠡᠯ ᠵᠣᠬᠢᠨ᠎ᠠ᠃

    1. ᠬᠤᠭᠤᠯᠨ ᠬᠢᠬᠦ᠎ᠳᠡᠭᠡᠨ ᠼᠣᠣ᠂ ᠨᠢᠮᠪᠡᠭᠡ ᠵᠢᠨ ᠰᠢᠬᠦᠰᠦ ᠵᠡᠷᠬᠡ ᠬᠦᠴᠢᠯᠯᠢᠭ ᠠᠮᠳᠠ ᠲᠣᠬᠢᠷᠠᠭᠤᠯᠣᠭᠴᠢ ᠎ᠪᠠᠷ ᠲᠠᠪᠣᠰᠣ ᠪᠣᠯᠣᠨ ᠵᠢᠶᠠᠩᠶᠢᠣ ᠵᠢ ᠣᠷᠣᠯᠠᠭᠤᠯᠵᠦ ᠬᠡᠷᠡᠭᠯᠡᠨ᠎ᠡ᠃

    2. ᠵᠢᠩᠨᠡᠬᠦ᠂ ᠰᠢᠷᠠᠬᠤ᠂ ᠴᠢᠨᠠᠬᠤ ᠵᠡᠷᠬᠡ ᠠᠷᠭ᠎ᠠ ᠵᠢ ᠬᠡᠷᠡᠭᠯᠡᠵᠦ᠂ ᠲᠠᠪᠣᠰᠣ ᠪᠠᠭ᠎ᠠ ᠬᠢᠨ᠎ᠡ᠃ ᠲᠠᠪᠣᠰᠣ ᠬᠢᠭᠰᠡᠨ ᠱᠦᠯᠦ᠎ᠲᠠᠢ ᠬᠤᠭᠤᠯᠠᠨ᠎ᠤ᠎ᠪᠠᠨ ᠱᠦᠯᠦ ᠵᠢ ᠪᠣᠯᠬᠤ ᠵᠢᠨ ᠲᠣᠳᠣᠷ᠎ᠠ ᠣᠣᠭᠤᠬᠤ ᠦᠬᠡᠢ᠃

    3. ᠣᠷᠣᠰ ᠰᠣᠩᠬᠢᠨ᠎ᠠ᠂ ᠲᠦᠪᠡᠳ ᠬᠠᠰᠢ᠂ ᠰᠢᠷ᠎ᠠ ᠯᠣᠣᠪᠠᠩ ᠵᠡᠷᠬᠡ ᠠᠮᠳᠠᠳᠠᠢ ᠨᠣᠭᠤᠭ᠎ᠠ ᠴᠠᠭ᠎ᠠ ᠵᠢ ᠢᠯᠡᠬᠦᠦ ᠢᠳᠡᠨ᠎ᠡ᠃

    4. ᠰᠡᠷᠢᠬᠦᠨ ᠨᠣᠭᠤᠭ᠎ᠠ ᠬᠢᠬᠦ᠎ᠳᠡᠭᠡᠨ ᠲᠠᠪᠣᠰᠣ ᠵᠢ ᠬᠠᠮᠤᠭ᠎ᠤᠨ ᠰᠡᠬᠦᠯ᠎ᠳᠤ ᠬᠢᠨ᠎ᠡ᠃ ᠪᠠᠭ᠎ᠠ ᠲᠠᠪᠣᠰᠣ ᠰᠠᠴᠣᠭᠰᠠᠨ᠎ᠤ ᠲᠠᠷᠠᠭ᠎ᠠ ᠼᠣᠣ ᠬᠢᠪᠡᠯ ᠠᠮᠳᠠ᠎ᠨᠢ ᠰᠠᠶ᠋ᠢᠬᠠᠨ ᠪᠣᠯᠳᠠᠭ᠃

    5. ᠵᠢᠶᠠᠩᠶᠢᠣ ᠵᠡᠷᠬᠡ ᠠᠮᠳᠠ ᠲᠣᠬᠢᠷᠠᠭᠤᠯᠣᠭᠴᠢ ᠵᠢ ᠬᠡᠷᠡᠭᠯᠡᠵᠦ ᠬᠤᠭᠤᠯᠨ ᠬᠢᠬᠦ᠎ᠳᠡᠭᠡᠨ ᠪᠠᠭ᠎ᠠ ᠪᠠᠭ᠎ᠠ᠎ᠪᠠᠷ ᠲᠣᠰᠣᠭ᠋ᠠᠨ᠎ᠠ᠃ ᠬᠠᠷᠢᠨ ᠨᠢᠬᠡ ᠯᠨ ᠲᠣᠣᠷ᠎ᠠ ᠬᠢᠬᠦ ᠦᠬᠡᠢ᠃

    6. ᠠᠯᠢᠪᠠ ᠬᠤᠭᠤᠯᠨᠨ᠎ᠳᠤ ᠪᠦᠷ ᠲᠠᠪᠣᠰᠣ ᠬᠢᠬᠦ ᠠᠯᠪᠠ ᠦᠬᠡᠢ᠃ ᠨᠢᠭᠡ ᠡᠷᠡᠨ᠎ᠤ ᠬᠤᠭᠤᠯᠠ ᠵᠢᠨ ᠬᠠᠮᠤᠭ ᠎ᠤᠨ ᠰᠡᠬᠦᠯ᠎ᠳᠤ ᠤᠤᠭᠤᠬᠤ ᠱᠦᠯᠦᠨ᠎ᠳᠡᠭᠡᠨ ᠲᠠᠪᠣᠰᠣ ᠬᠢᠬᠦ ᠦᠬᠡᠢ ᠪᠠᠶ᠋ᠢᠵᠦ ᠪᠣᠯᠣᠨ᠎ᠠ᠃

ᠢᠷᠡᠯᠲᠡ᠄ ᠬᠤᠯᠪᠤᠭ᠎ᠠ ᠰᠦᠯᠵᠢᠶ᠎ᠡ
          
ᠬᠠᠮᠢᠶ᠎ᠡ ᠪᠦᠬᠦᠢ ᠰᠣᠨᠢᠨ
ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠬᠠᠩᠰᠢ ᠵᠢᠨ ᠡᠳᠦᠷ ᠪᠣᠯᠪᠠᠰᠤᠨ ᠲᠠᠭᠢᠯᠭ᠎ᠠ ᠬᠢᠬᠦ ᠰᠠᠨᠠᠭ᠋ᠠᠴᠢᠯᠠᠭ᠎ᠠ ᠵᠢᠨ ᠪᠢᠴᠢᠭ
ᠴᠠᠬᠢᠯᠭ᠋ᠠᠨ ᠬᠤᠯᠪᠤᠭ᠎ᠠ ᠰᠦᠯᠵᠢᠶᠡᠨ᠎ᠤ ᠮᠡᠬᠡᠯᠡᠯ᠎ᠤᠨ 《ᠪᠠᠭ᠋ᠠᠵᠢ》 ᠪᠤᠯᠬᠤ᠎ᠠᠴᠠ ᠬᠢᠴᠢᠶᠡᠭᠡᠷᠡᠢ
ᠬᠡᠦᠬᠡᠳ᠎ᠤᠨ ᠨᠠᠷᠠᠰᠢᠬᠤ᠎ᠠᠴᠠ ᠰᠡᠷᠬᠡᠶ᠋ᠢᠯᠡᠬᠦ᠎ᠳᠤ ᠳᠤᠤᠷᠠᠬᠢ ᠵᠢᠷᠭᠤᠭ᠋ᠠᠨ ᠲᠠᠯ᠎ᠠ ᠵᠢ ᠠᠩᠬᠠᠷᠬᠤ ᠬᠡᠷᠡᠭᠳᠡᠢ
ᠬᠥᠮᠥᠨ᠎ᠤ ᠬᠦᠴᠦᠨ᠎ᠤ ᠡᠬᠢ ᠪᠠᠶᠠᠯᠢᠭ ᠪᠠ ᠨᠡᠶ᠋ᠢᠭᠡᠮ᠎ᠤᠨ ᠪᠠᠲᠤᠯᠠᠭ᠎ᠠ ᠵᠢᠨ ᠰᠠᠯᠠᠭ᠎ᠠ ᠮᠥᠴᠢᠷ᠎ᠠᠴᠠ ᠴᠤᠤᠷᠬᠠᠯ᠎ᠢ ᠨᠢᠴᠤᠭ᠋ᠠᠵᠠᠢ
ᠬᠣᠨᠣᠭ ᠥᠨᠵᠢᠭᠰᠡᠨ ᠲᠠᠷᠪᠤᠰ ᠬᠣᠣᠷᠲᠠᠢ ᠤᠤ?
 
            