1. ᠭᠦᠯᠡᠮᠵᠢᠨ ᠳᠤ ᠪᠦᠬᠡᠷᠡᠩᠬᠡᠢ ᠰᠤᠩᠭᠢᠨ᠎ᠠ ᠶᠢ ᠶᠠᠮᠠᠷ ᠦᠶ᠎ᠠ ᠳᠤ ᠲᠠᠷᠢᠪᠠᠯ ᠲᠤᠭᠢᠷᠠᠬᠤ ᠪᠤᠢ︖ ᠴᠢᠭᠢᠯᠡᠭᠦ | ᠬᠤᠭᠤᠴᠠᠭᠠᠨ ᠳᠤᠨᠢ ᠶᠠᠭᠠᠭᠢᠨ ᠰᠢᠨᠵᠢᠯᠡᠭᠦ ᠤᠬᠠᠭᠠᠠᠴᠢ ᠪᠠᠷ ᠠᠷᠠᠴᠢᠯᠠᠬᠤ ᠪᠤᠢ︖ | 2 ᠳ᠋ᠤᠭᠠᠷ ᠰᠠᠷ᠎ᠠ ᠶᠢᠨ ᠡᠭᠢ ᠪᠠᠷ ᠭᠦᠯᠡᠮᠵᠢᠨ ᠲᠤᠳᠤᠷᠠᠭᠢ ᠭᠠᠵᠠᠷ ᠰᠢᠷᠤᠢ ᠪᠠᠨ ᠲᠡᠭᠰᠢᠯᠡᠵᠤ᠂ 1m ᠦᠷᠭᠡᠨ | ᠲᠠᠳᠠᠭᠠᠯ ᠭᠠᠷᠭᠠᠵᠤ᠂ ᠲᠡᠭᠰᠢ ᠲᠦᠷᠪᠡᠯᠵᠢᠨ ᠮᠧᠲᠷ ᠪᠦᠷᠢ 50g ᠨᠡᠶᠢᠯᠡᠮᠡᠯ ᠪᠤᠷᠳᠤᠭᠤᠷ ᠤᠷᠤᠭᠤᠯᠵᠤ᠂ 15cm | ᠭᠦᠢᠭᠡᠨ ᠬᠠᠭᠠᠯᠪᠤᠷᠢᠯᠠᠵᠤ ᠨᠠᠷᠬᠠᠳᠠᠨ ᠲᠡᠭᠰᠢᠯᠡᠨ᠎ᠡ᠃ 2 ᠳ᠋ᠤᠭᠠᠷ ᠰᠠᠷ᠎ᠠ ᠶᠢᠨ 5 ᠤ ᠪᠠᠷᠤᠭ ᠢᠶᠠᠷ ᠤᠷᠢᠳ ᠢᠶᠠᠷ ᠲᠡᠪᠳᠦᠳᠡᠯ᠎ᠡ | ᠤᠰᠤᠯᠠᠵᠤ᠂ ᠲᠡᠭᠰᠢ ᠲᠦᠷᠪᠡᠯᠵᠢᠨ ᠮᠧᠲᠷ ᠪᠦᠷᠢ ᠪᠦᠬᠡᠷᠡᠩᠬᠡᠢ ᠰᠤᠩᠭᠢᠨ᠎ᠠ ᠶᠢᠨ ᠦᠷ᠎ᠡ 8g᠂ ᠰᠢᠷ᠎ᠠ ᠬᠠᠯᠢᠰᠤᠳᠤ | ᠰᠤᠩᠭᠢᠨ᠎ᠠ ᠶᠢᠨ ᠦᠷ᠎ᠡ 10g ᠰᠠᠴᠤᠨ ᠲᠠᠷᠢᠵᠤ᠂ ᠰᠠᠴᠤᠠᠠᠰᠠᠨ ᠤ ᠪᠠᠨ ᠰᠡᠭᠦᠯᠡᠷ ᠦᠷ᠎ᠡ ᠪᠠᠨ ᠰᠢᠷᠤᠢ ᠳᠤ ᠤᠷᠤᠭᠤᠯᠵᠤ᠂ | 1cm ᠰᠢᠷᠤᠢ ᠪᠠᠷ ᠬᠤᠴᠢᠵᠤ᠂ ᠲᠠᠳᠠᠭᠠᠯ ᠳᠠᠭᠠᠨ ᠬᠤᠤᠷᠳᠤ ᠲᠤᠳᠤᠷᠭ᠎ᠠ ᠰᠠᠴᠤᠠᠠᠰᠠᠨ ᠤ ᠰᠡᠭᠦᠯᠡᠷ᠂ ᠰᠦᠯᠢᠶᠤᠤ | ᠪᠦᠷᠭᠦᠭᠦᠯ ᠢᠶᠠᠷ ᠲᠠᠷᠤᠵᠤ᠂ ᠲᠤᠯᠠᠭᠠᠨ ᠪᠠ ᠴᠢᠭᠢᠭ ᠢ ᠨᠢ ᠬᠠᠮᠠᠭᠠᠯᠠᠨ᠎ᠠ᠃ 80% ᠨᠢ ᠴᠢᠭᠢᠯᠡᠭᠰᠡᠨ ᠤ ᠰᠡᠭᠦᠯᠡᠷ | ᠪᠦᠷᠭᠦᠭᠦᠯ ᠢᠶᠠᠨ ᠠᠪᠴᠤ᠂ ᠭᠦᠯᠡᠮᠵᠢᠨ ᠤ ᠲᠤᠳᠤᠷᠠᠭᠢ ᠲᠤᠯᠠᠭᠠᠨ ᠢ 30℃ ᠠᠴᠠ ᠲᠤᠷᠤᠠᠠᠰᠢ ᠭᠢᠵᠠᠭᠠᠷᠯᠠᠨ᠎ᠠ᠃ | ᠪᠦᠭᠡᠷᠡᠩᠭᠡᠢ ᠰᠤᠩᠭᠢᠨ᠎ᠠ ᠶᠢᠨ ᠦᠨᠳᠤᠰᠤ ᠨᠢ ᠭᠦᠢᠭᠡᠨ ᠲᠤᠯᠠ ᠭᠦᠷᠤᠰᠤ ᠰᠢᠷᠤᠢ ᠨᠢ ᠦᠷᠭᠦᠯᠵᠢ ᠴᠢᠭᠢᠭ ᠲᠠᠢ | ᠪᠠᠶᠢᠬᠤ ᠶᠢ ᠪᠠᠳᠤᠯᠠᠵᠤ᠂ ᠴᠢᠭᠢᠯᠡᠭᠰᠡᠨ ᠤ ᠭᠢᠨᠢ ᠰᠡᠭᠦᠯᠡᠷ ᠨᠢ ᠨᠢᠭᠡ ᠤᠳᠠᠭ᠎ᠠ ᠤᠰᠤᠯᠠᠵᠤ᠂ ᠰᠡᠭᠦᠯᠡᠷ ᠨᠢ 10 ᠬᠤᠨᠤᠭ | ᠪᠤᠯᠬᠤ ᠪᠦᠷᠢ ᠨᠢᠭᠡ ᠤᠳᠠᠭ᠎ᠠ ᠤᠰᠤᠯᠠᠨ᠎ᠠ᠃ ᠤᠳᠠᠭ᠎ᠠ ᠪᠦᠷᠢ ᠤᠰᠤᠯᠠᠬᠤ ᠳᠠᠭᠠᠨ ᠲᠤᠩᠭᠠᠯᠠᠭ ᠡᠳᠤᠷ ᠤᠨ ᠦᠳᠡ ᠶᠢᠨ | ᠡᠮᠦᠨᠡᠭᠢ ᠴᠠᠭ ᠢ ᠰᠤᠩᠭᠤᠵᠤ᠂ ᠵᠠᠶᠢᠯᠠᠬᠤ ᠠᠴᠠ ᠪᠠᠨ 7~10 ᠬᠤᠨᠤᠭ ᠤᠨ ᠡᠮᠦᠨ᠎ᠠ ᠰᠠᠯᠭᠢ ᠨᠠᠪᠳᠡᠷᠡᠭᠦᠯᠦᠨ ᠤᠰᠤ ᠶᠢ | ᠭᠢᠵᠠᠭᠠᠷᠯᠠᠵᠤ ᠴᠢᠭᠢ ᠶᠢ ᠪᠤᠯᠪᠠᠰᠤᠷᠠᠭᠤᠯᠤᠨ᠎ᠠ᠃ | ᠪᠦᠭᠡᠷᠡᠩᠬᠡᠢ ᠰᠤᠩᠭᠢᠨ᠎ᠠ ᠶᠢ ᠬᠤᠶᠠᠷ ᠨᠠᠪᠴᠢᠯᠠᠵᠤ ᠨᠢᠭᠡ ᠭᠤᠤᠯᠴᠢᠯᠠᠬᠤ ᠦᠶᠡᠰ ᠤᠰᠤᠯᠠᠯᠳᠠ ᠲᠠᠢ | ᠤᠶᠠᠯᠳᠤᠭᠤᠯᠤᠨ ᠮᠤ᠋ ᠪᠦᠷ 6kg ᠰᠢᠭᠡᠰᠦᠯᠢᠭ ᠡᠳ᠋ ᠪᠤᠶᠤ 13kg ᠭᠦᠭᠦᠷ ᠬᠦᠴᠢᠯ ᠤᠨ ᠠᠮᠮᠤᠨᠢ ᠨᠦᠭᠦᠨ ᠤᠷᠤᠭᠤᠯᠵᠤ᠂ | 20 ᠡᠳᠤᠷ ᠠᠯᠤᠰᠯᠠᠭᠠᠳ ᠲᠠᠭᠢᠨᠳᠡ 10kg ᠰᠢᠭᠡᠰᠦᠯᠢᠭ ᠡᠳ᠋ ᠪᠤᠶᠤ 23kg ᠭᠦᠭᠦᠷ ᠬᠦᠴᠢᠯ ᠤᠨ ᠠᠮᠮᠤᠨᠢ | ᠤᠷᠤᠭᠤᠯᠤᠨ᠎ᠠ᠃ ᠪᠠᠰᠠ ᠭᠡᠮ ᠬᠤᠷᠤᠬᠠᠢ ᠶᠢ ᠰᠡᠷᠭᠡᠶᠢᠯᠡᠭᠦ ᠲᠠᠢ ᠤᠶᠠᠯᠳᠤᠭᠤᠯᠤᠨ ᠨᠠᠪᠴᠢᠨ ᠲᠡᠭᠡᠭᠦᠷ ᠨᠢ 2~3 ᠤᠳᠠᠭ᠎ᠠ | ᠰᠦᠷᠴᠢᠵᠤ ᠪᠤᠯᠤᠨ᠎ᠠ᠃ | | 2. ᠪᠦᠭᠡᠷᠡᠩᠬᠡᠢ ᠰᠤᠩᠭᠢᠨ᠎ᠠ ᠶᠢᠨ ᠭᠡᠮ ᠬᠤᠷᠤᠬᠠᠢ ᠶᠢᠨ ᠭᠦᠨᠦᠭᠡᠯ ᠢ ᠶᠠᠭᠠᠭᠢᠨ ᠰᠡᠷᠭᠡᠶᠢᠯᠡᠨ ᠵᠠᠰᠠᠬᠤ ᠪᠤᠢ︖ | ᠤᠳᠠᠭ᠎ᠠ ᠪᠦᠷᠢ ᠤᠰᠤᠯᠬᠠᠰᠠᠨ ᠤ ᠪᠠᠨ ᠰᠡᠭᠦᠯᠡᠷ ᠲᠠᠷᠦ᠋ᠢᠬᠠᠨ ᠯᠠᠭᠤ ᠬᠤᠷᠤᠬᠠᠢ ᠶᠢ ᠰᠡᠷᠭᠡᠶᠢᠯᠡᠭᠦ ᠭᠡᠷᠡᠭᠳᠡᠢ᠃ | ᠰᠤᠩᠭᠢᠨ᠎ᠠ ᠶᠢᠨ ᠴᠢᠭᠢ ᠬᠤᠶᠠᠷ ᠨᠠᠪᠴᠢᠯᠠᠵᠤ ᠨᠢᠭᠡ ᠭᠤᠤᠯᠯᠠᠬᠤ ᠦᠶᠡᠰ᠂ ᠠᠢ ᠹᠦ᠋ ᠳ᠋ᠢᠩ ︵爱福丁︶᠂ ᠯᠢᠤᠢ | ᠼᠠᠢ ᠪᠤᠤ ︵绿菜宝︶ ᠵᠡᠷᠭᠡ ᠡᠮ ᠢ ᠭᠡᠷᠡᠭᠯᠡᠨ ᠨᠠᠪᠴᠢᠨ ᠦᠳᠤ ᠵᠡᠷᠭᠡ ᠭᠦᠨᠦᠭᠡᠯᠳᠤ ᠬᠤᠷᠤᠬᠠᠢ ᠶᠢ ᠰᠡᠷᠭᠡᠶᠢᠯᠡᠵᠤ | ᠂ ᠰᠡᠭᠦᠯᠡᠷ ᠨᠢ 10 ᠬᠤᠨᠤᠭ ᠠᠯᠤᠰᠯᠠᠬᠤ ᠪᠦᠷᠢ ᠨᠢᠭᠡ ᠤᠳᠠᠭ᠎ᠠ ᠭᠡᠷᠡᠭᠯᠡᠨ᠎ᠡ᠃ | ᠴᠢᠭᠢᠯᠡᠭᠰᠡᠨ ᠤ ᠭᠢᠨᠢ ᠰᠡᠭᠦᠯᠡᠷ ᠳ᠋ᠢ ᠺᠧ ᠰᠦᠩ ︵敌克松︶᠂ ᠪᠠᠢ ᠵᠢᠶᠦ᠋ᠨ ᠴᠢᠩ ︵百菌清 | ︶ ᠵᠡᠷᠭᠡ ᠡᠮ ᠢ ᠰᠦᠷᠴᠢᠨ ᠭᠡᠨᠡᠳᠳᠡ ᠤᠨᠠᠬᠤ ᠭᠡᠮ ᠵᠡᠷᠭᠡ ᠡᠪᠡᠳᠴᠢᠨ ᠤ ᠭᠦᠨᠦᠭᠡᠯ ᠢ ᠰᠡᠷᠭᠡᠶᠢᠯᠡᠵᠤ᠂ ᠲᠤᠮᠳᠠ | ᠰᠡᠭᠦᠯᠴᠢ ᠶᠢᠨ ᠬᠤᠭᠤᠴᠠᠭᠠᠨ ᠳᠤᠨᠢ ᠫᠦ᠋ ᠬᠠᠢ ᠶᠢᠨ ︵普海因︶᠂ ᠰᠤ᠋ ᠺᠧ ᠯᠢᠩ ︵速克灵︶ | ᠵᠡᠷᠭᠡ ᠡᠮ ᠢ ᠭᠡᠷᠡᠭᠯᠡᠨ ᠢᠯᠵᠠᠷᠠᠬᠤ ᠭᠡᠮ ᠵᠡᠷᠭᠡ ᠡᠪᠡᠳᠴᠢᠨ ᠤ ᠭᠦᠨᠦᠭᠡᠯ ᠢ ᠰᠡᠷᠭᠡᠶᠢᠯᠡᠨ᠎ᠡ᠃ | 3. ᠪᠦᠭᠡᠷᠡᠩᠬᠡᠢ ᠰᠤᠩᠭᠢᠨ᠎ᠠ ᠶᠢ ᠶᠠᠭᠠᠭᠢᠵᠤ ᠴᠢᠭᠢᠯᠡᠭᠦᠯᠭᠦ ᠪᠤᠢ︖ | ᠵᠠᠶᠢᠯᠠᠬᠤ ᠠᠴᠠ ᠪᠠᠨ 2~3 ᠡᠳᠤᠷ ᠤᠨ ᠡᠮᠦᠨ᠎ᠠ ᠴᠢᠭᠢ ᠪᠠᠨ ᠠᠪᠴᠤ᠂ 200 ᠰᠢᠷᠭᠡᠭ ᠪᠦᠷᠢ ᠶᠢ ᠨᠢᠭᠡ | ᠪᠠᠭᠴᠠ ᠪᠤᠯᠭᠠᠨ ᠪᠤᠭᠤᠵᠢᠯᠠᠵᠤ᠂ ᠰᠠᠯᠭᠢ ᠨᠡᠪᠳᠡᠷᠡᠭᠦ ᠰᠠᠷᠢᠭᠦᠨ ᠭᠠᠵᠠᠷ ᠲᠠᠯᠪᠢᠨ ᠵᠠᠶᠢᠯᠠᠬᠤ ᠳᠤ ᠪᠠᠯᠡᠳᠭᠡᠨᠡ᠃ ᠪᠠᠰᠠ | ᠮᠠᠯᠳᠠᠨ ᠠᠪᠬᠤ ᠶᠢᠨ ᠲᠠᠭᠠᠤ ᠵᠠᠶᠢᠯᠠᠵᠤ ᠪᠤᠯᠤᠨ᠎ᠠ᠃ ᠬᠠᠮᠤᠭ ᠰᠠᠶᠢᠨ ᠨᠢ ᠮᠠᠯᠳᠠᠨ ᠠᠪᠬᠤ ᠠᠴᠠ ᠪᠠᠨ 3~5 ᠡᠳᠤᠷ ᠤᠨ | ᠡᠮᠦᠨ᠎ᠠ ᠤᠰᠤᠯᠠᠵᠤ᠂ ᠵᠠᠶᠢᠯᠠᠨ ᠠᠪᠬᠤ ᠦᠶ᠎ᠠ ᠳᠤ ᠤᠰᠤᠯᠠᠵᠤ ᠪᠤᠯᠬᠤ ᠦᠭᠡᠢ᠃ | 4. ᠲᠠᠷᠢᠶᠠᠨ ᠳᠤ ᠪᠦᠭᠡᠷᠡᠩᠭᠡᠢ ᠰᠤᠩᠭᠢᠨ᠎ᠠ ᠶᠢ ᠶᠠᠭᠠᠭᠢᠵᠤ ᠰᠢᠨᠵᠢᠯᠡᠭᠦ ᠤᠬᠠᠭᠠᠠᠴᠢ ᠪᠠᠷ ᠲᠠᠷᠢᠬᠤ ᠪᠤᠢ︖ | ᠨᠠᠮᠤᠷ ᠤᠷᠪᠠᠭᠤᠯᠬᠤ ᠪᠤᠶᠤ ᠬᠠᠪᠤᠷ ᠨᠠᠷᠬᠠᠳ᠋ᠬᠠᠰᠠᠨ ᠰᠠᠭᠤᠷᠢᠨ ᠲᠡᠭᠡᠷ᠎ᠡ 2m ᠦᠷᠭᠡᠨ ᠲᠠᠳᠠᠭᠠᠯ ᠭᠠᠷᠭᠠᠵᠤ᠂ | ᠤᠷᠳᠤ ᠶᠢᠨ ᠭᠡᠮᠵᠢᠶ᠎ᠠ ᠶᠢ ᠲᠠᠯᠠᠪᠠᠢ ᠪᠠᠨ ᠦᠨᠳᠦᠰᠦᠯᠡᠨ ᠲᠤᠠᠠᠳᠠᠭᠠᠨ᠎ᠠ᠃ ᠶᠠᠷᠦᠩᠭᠡᠢ ᠳᠡᠭᠡᠨ 30~50m ᠤᠷᠳᠤ ᠪᠤᠯ | ᠲᠤᠭᠢᠷᠠᠮᠵᠢᠳᠡᠢ᠃ ᠮᠤ᠋ ᠪᠦᠷᠢ ᠬᠤᠷᠤᠬᠠᠢ ᠤᠰᠠᠳᠬᠠᠬᠤ ᠴᠢᠨᠠᠷ ᠰᠠᠶᠢᠳᠠᠢ ᠢᠯᠵᠡᠷᠡᠮᠡᠯ ᠰᠢᠭᠡᠭ ᠪᠤᠷᠳᠤᠭᠤᠷ ᠢ 2500kg᠂ | ᠦᠨᠳᠤᠷ ᠦᠢᠯᠡᠳᠦᠯᠳᠤ ᠨᠡᠶᠢᠯᠡᠮᠡᠯ ᠪᠤᠷᠳᠤᠭᠤᠷ ᠢ 25kg ᠤᠷᠤᠭᠤᠯᠵᠤ᠂ 10cm ᠤᠷᠴᠢᠮ ᠭᠦᠢᠭᠡᠨ ᠤᠷᠪᠠᠭᠤᠯᠵᠤ᠂ | ᠮᠤ᠋ ᠪᠦᠷᠢ 150g ᠹᠦ᠋ ᠯᠧ ᠯᠢᠩ ︵氟乐灵︶ ᠪᠤᠶᠤ 125g ᠱᠢ ᠲᠢᠶᠠᠨ ᠪᠦ᠋ ︵施田补︶ ᠲᠡᠭᠡᠷ᠎ᠡ | 30kg ᠤᠰᠤ ᠬᠤᠯᠢᠨ ᠰᠦᠷᠴᠢᠵᠤ᠂ ᠲᠠᠳᠠᠭᠠᠯ ᠤᠨ ᠲᠡᠭᠡᠭᠦᠷ ᠢᠶᠠᠨ ᠪᠦᠷᠭᠦᠭᠦᠯ ᠪᠦᠷᠭᠦᠵᠤ᠂ ᠪᠦᠷᠭᠦᠭᠦᠯ ᠲᠡᠭᠡᠷ᠎ᠡ ᠪᠠᠨ | ᠪᠠᠭ᠎ᠠ ᠭᠡᠮᠵᠢᠶᠠᠨ ᠤ ᠨᠠᠷᠢᠨ ᠰᠢᠷᠤᠢ ᠰᠠᠴᠤᠨ᠎ᠠ᠃ | ᠵᠠᠶᠢᠯᠠᠬᠤ ᠠᠴᠠ ᠪᠠᠨ ᠡᠮᠦᠨ᠎ᠠ ᠴᠢᠭᠢ ᠪᠠᠨ ᠰᠠᠶᠢᠳᠤᠷ ᠰᠤᠩᠭᠤᠵᠤ᠂ ᠲᠤᠮᠤ ᠵᠢᠵᠢᠭ ᠴᠢᠭᠢ ᠶᠢ ᠢᠯᠭᠠᠨ ᠰᠠᠯᠭᠠᠵᠤ᠂ | ᠮᠠᠭᠤ ᠴᠢᠭᠢ ᠶᠢ ᠬᠠᠶᠠᠵᠤ᠂ ᠲᠠᠷᠢᠬᠤ ᠠᠴᠠ ᠪᠠᠨ ᠡᠮᠦᠨ᠎ᠠ 800 ᠲᠠᠭᠢᠨ ᠳ᠋ᠢ ᠪᠠᠢ ᠴᠦᠩ ︵敌百虫︶ ᠳᠤ | ᠦᠨᠳᠤᠰᠤ ᠶᠢ ᠨᠢ 10 ᠮᠢᠨᠦ᠋ᠲ ᠲᠠᠪᠳᠦᠭᠡᠵᠤ ᠬᠤᠷᠤᠬᠠᠢ ᠶᠢ ᠨᠢ ᠤᠰᠠᠳᠬᠠᠨ᠎ᠠ᠃ | ᠪᠦᠷᠭᠦᠭᠦᠯ ᠢᠶᠠᠨ ᠨᠦᠭᠡᠯᠡᠨ ᠴᠢᠭᠢ ᠪᠠᠨ ᠰᠠᠭᠤᠯᠭᠠᠵᠤ᠂ 2cm ᠤᠷᠴᠢᠮ ᠭᠦᠨ ᠰᠠᠭᠤᠯᠭᠠᠨ ᠦᠨᠳᠤᠰᠤ ᠶᠢ ᠨᠢ | ᠰᠢᠷᠤᠢ ᠪᠠᠷ ᠨᠢᠠᠠᠳᠠ ᠲᠠᠷᠤᠨ᠎ᠠ᠃ | 5. ᠲᠠᠷᠢᠶᠠᠨ ᠳᠠᠬᠢ ᠪᠦᠭᠡᠷᠡᠩᠭᠡᠢ ᠰᠤᠩᠭᠢᠨ᠎ᠠ ᠶᠢ ᠶᠠᠭᠠᠭᠢᠵᠤ ᠰᠢᠨᠵᠢᠯᠡᠭᠦ ᠤᠬᠠᠭᠠᠠᠴᠢ ᠪᠠᠷ ᠠᠷᠠᠴᠢᠯᠠᠬᠤ ᠪᠤᠢ︖ | | ᠵᠠᠶᠢᠯᠠᠮᠬᠠᠴᠠ ᠪᠠᠨ ᠤᠰᠤᠯᠠᠵᠤ᠂ 5~7 ᠡᠳᠤᠷ ᠤᠨ ᠲᠠᠷᠠᠭ᠎ᠠ ᠠᠯᠭᠤᠷ ᠤᠰᠤᠯᠠᠬᠤ ᠶᠢᠨ ᠲᠠᠭᠠᠤ ᠲᠠᠷᠢᠶ᠎ᠠ ᠪᠠᠨ | ᠪᠠᠶᠢᠴᠠᠭᠠᠨ ᠴᠢᠭᠢ ᠨᠦᠭᠦᠵᠤ᠂ ᠰᠡᠭᠦᠯᠡᠷ ᠨᠢ ᠲᠡᠭᠷᠢ ᠶᠢᠨ ᠪᠠᠶᠢᠳᠠᠯ ᠢ ᠦᠨᠳᠦᠰᠦᠯᠡᠨ᠂ ᠠᠷᠪᠠᠭᠠᠳ ᠡᠳᠤᠷ ᠪᠤᠯᠪᠠᠯ ᠨᠢᠭᠡ | ᠤᠳᠠᠭ᠎ᠠ ᠤᠰᠤᠯᠠᠨ᠂ ᠢᠳᠡᠷᠡᠭᠦᠨ ᠤᠷᠭᠤᠯᠳᠠ ᠶᠢᠨ ᠦᠶ᠎ᠠ ᠳᠤᠨᠢ 7 ᠡᠳᠤᠷ ᠪᠦᠷᠢ ᠨᠢᠭᠡ ᠤᠳᠠᠭ᠎ᠠ ᠤᠰᠤᠯᠠᠨ᠎ᠠ᠃ | ᠴᠢᠭᠢ ᠨᠠᠮᠳᠠᠭᠠᠠᠠᠰᠠᠨ ᠤ ᠰᠡᠭᠦᠯᠡᠷ ᠨᠠᠪᠴᠢᠨ ᠲᠡᠭᠡᠷ᠎ᠡ ᠨᠢ 3~5 ᠤᠳᠠᠭ᠎ᠠ ᠪᠤᠷᠳᠤᠭᠤᠷ ᠰᠦᠷᠴᠢᠵᠤ᠂ 15kg | ᠤᠰᠤᠨ ᠳᠤ 60g ᠹᠤᠰᠹᠤᠷ ᠭᠦᠴᠢᠯ ᠤᠨ ᠤᠰᠤᠳᠦ᠋ᠷᠦᠭᠴᠢᠳᠦ ᠬᠤᠶᠠᠷᠴᠢ ᠺᠠᠯᠢ ᠪᠠ | 10g ᠶᠦᠨ ᠳ᠋ᠠ ︵云大︶ 120 ᠪᠤᠶᠤ ᠪᠤᠰᠤᠳ ᠤᠷᠭᠤᠭᠤᠯᠤᠯᠳᠠ ᠡᠳ᠋ ᠬᠤᠯᠢᠵᠤ᠂ 7~10 ᠡᠳᠤᠷ ᠲᠤ | ᠨᠢᠭᠡ ᠤᠳᠠᠭ᠎ᠠ ᠰᠦᠷᠴᠢᠨ᠎ᠠ᠂ ᠪᠠᠰᠠ ᠭᠡᠮ ᠬᠤᠷᠤᠬᠠᠢ ᠶᠢ ᠰᠡᠷᠭᠡᠶᠢᠯᠡᠭᠦ ᠲᠠᠢ ᠤᠶᠠᠯᠳᠤᠭᠤᠯᠤᠨ ᠭᠡᠷᠡᠭᠯᠡᠵᠤ ᠪᠤᠯᠤᠨ᠎ᠠ᠃ | ᠵᠠᠶᠢᠯᠬᠠᠰᠠᠨ ᠤ ᠪᠠᠨ ᠲᠠᠷᠠᠭ᠎ᠠ 20 ᠡᠳᠤᠷ ᠤᠨ ᠤᠷᠴᠢᠮ ᠤᠰᠤᠯᠠᠬᠤ ᠲᠠᠢ ᠪᠠᠨ ᠤᠶᠠᠯᠳᠤᠭᠤᠯᠤᠨ ᠮᠤ᠋ ᠪᠦᠷᠢ | 10kg ᠰᠢᠭᠡᠰᠦᠯᠢᠭ ᠡᠳ᠋ ᠡᠰᠡᠭᠦᠯ᠎ᠠ ᠭᠦᠭᠦᠷ ᠬᠦᠴᠢᠯ ᠤᠨ ᠠᠮᠮᠤᠨᠢ 20kg ᠪᠤᠶᠤ ᠨᠡᠬᠦᠷᠡᠰᠤᠬᠦ᠋ᠴᠢᠯ ᠤᠨ ᠠᠮᠮᠤᠨᠢ | 30kg ᠤᠷᠤᠭᠤᠯᠤᠨ᠎ᠠ᠃ | ᠵᠠᠶᠢᠯᠬᠠᠰᠠᠨ ᠤ ᠪᠠᠨ ᠲᠠᠷᠠᠭ᠎ᠠ 40 ᠡᠳᠤᠷ ᠤᠨ ᠤᠷᠴᠢᠮ ᠤᠰᠤᠯᠠᠯᠳᠠ ᠲᠠᠢ ᠪᠠᠨ ᠤᠶᠠᠯᠳᠤᠭᠤᠯᠤᠨ ᠮᠤ᠋ ᠪᠦᠷᠢ | 5kg ᠰᠢᠭᠡᠰᠦᠯᠢᠭ ᠡᠳ᠋ ᠡᠰᠡᠭᠦᠯ᠎ᠠ 10kg ᠭᠦᠭᠦᠷ ᠬᠦᠴᠢᠯ ᠤᠨ ᠠᠮᠮᠤᠨᠢ ᠪᠤᠶᠤ 15kg ᠨᠡᠭᠦᠷᠡᠰᠤᠬᠦ᠋ᠴᠢᠯ ᠤᠨ ᠠᠮᠮᠤᠨᠢ | ᠂ 10kg ᠨᠡᠶᠢᠯᠡᠮᠡᠯ ᠪᠤᠷᠳᠤᠭᠤᠷ ᠨᠦᠭᠦᠨ ᠤᠷᠤᠭᠤᠯᠤᠨ᠎ᠠ᠃ | ᠵᠠᠶᠢᠯᠬᠠᠰᠠᠨ ᠤ ᠪᠠᠨ ᠲᠠᠷᠠᠭ᠎ᠠ 60 ᠡᠳᠤᠷ ᠤᠨ ᠤᠷᠴᠢᠮ ᠤᠰᠤᠯᠠᠯᠳᠠ ᠲᠠᠢ ᠪᠠᠨ ᠤᠶᠠᠯᠳᠤᠭᠤᠯᠤᠨ ᠮᠤ᠋ ᠪᠦᠷᠢ | 10kg ᠰᠢᠭᠡᠰᠦᠯᠢᠭ ᠡᠳ᠋ ᠡᠰᠡᠭᠦᠯ᠎ᠠ 20kg ᠭᠦᠭᠦᠷ ᠬᠦᠴᠢᠯ ᠤᠨ ᠠᠮᠮᠤᠨᠢ ᠪᠤᠶᠤ 30kg ᠨᠡᠭᠦᠷᠡᠰᠤᠬᠦ᠋ᠴᠢᠯ ᠤᠨ | ᠠᠮᠮᠤᠨᠢ᠂ 15kg ᠨᠡᠶᠢᠯᠡᠮᠡᠯ ᠪᠤᠷᠳᠤᠭ᠎ᠠ ᠤᠷᠤᠭᠤᠯᠤᠨ᠎ᠠ᠃ | ᠵᠠᠶᠢᠯᠬᠠᠰᠠᠨ ᠤ ᠪᠠᠨ ᠲᠠᠷᠠᠭ᠎ᠠ 80 ᠡᠳᠤᠷ ᠤᠨ ᠤᠷᠴᠢᠮ ᠤᠰᠤᠯᠠᠯᠳᠠ ᠲᠠᠢ ᠪᠠᠨ ᠤᠶᠠᠯᠳᠤᠭᠤᠯᠤᠨ ᠮᠤ᠋ ᠪᠦᠷᠢ | 10kg ᠰᠢᠭᠡᠰᠦᠯᠢᠭ ᠡᠳ᠋ ᠡᠰᠡᠭᠦᠯ᠎ᠠ 20kg ᠭᠦᠭᠦᠷ ᠬᠦᠴᠢᠯ ᠤᠨ ᠠᠮᠮᠤᠨᠢ ᠪᠤᠶᠤ 30kg ᠨᠡᠭᠦᠷᠡᠰᠤᠬᠦ᠋ᠴᠢᠯ ᠤᠨ | ᠠᠮᠮᠤᠨᠢ᠂ 10kg ᠨᠡᠶᠢᠯᠡᠮᠡᠯ ᠪᠤᠷᠳᠤᠭᠤᠷ ᠤᠷᠤᠭᠤᠯᠤᠨ᠎ᠠ᠃ | | 6. ᠲᠠᠷᠢᠶᠠᠨ ᠳᠠᠬᠢ ᠪᠦᠭᠡᠷᠡᠩᠭᠡᠢ ᠰᠤᠩᠭᠢᠨ᠎ᠠ ᠶᠢᠨ ᠭᠡᠮ ᠬᠤᠷᠤᠬᠠᠢ ᠶᠢᠨ ᠭᠦᠨᠦᠭᠡᠯ ᠢ ᠭᠡᠷᠭᠢᠨ ᠰᠡᠷᠭᠡᠶᠢᠯᠡᠨ ᠵᠠᠰᠠᠬᠤ | ᠪᠤᠢ︖ | ᠴᠢᠭᠢᠯᠡᠭᠰᠡᠨ ᠤ ᠲᠠᠷᠠᠭ᠎ᠠ ᠳ᠋ᠢ ᠪᠠᠢ ᠴᠦᠩ ︵敌百虫︶᠂ ᠠᠢ ᠹᠦ᠋ ᠳ᠋ᠢᠩ ︵爱福丁︶᠂ ᠯᠢᠤᠢ | ᠼᠠᠢ ᠪᠤᠤ ︵绿菜宝︶ ᠵᠡᠷᠭᠡ ᠲᠠᠷᠢᠶᠠᠨ ᠡᠮ ᠢ ᠭᠡᠷᠡᠭᠯᠡᠨ᠂ ᠨᠠᠪᠴᠢᠨ ᠤ ᠦᠳᠤ ᠵᠡᠷᠭᠡ ᠭᠦᠨᠦᠭᠡᠯᠳᠤ ᠬᠤᠷᠤᠬᠠᠢ ᠶᠢ | ᠰᠡᠷᠭᠡᠶᠢᠯᠡᠨ᠂ ᠡᠭᠦᠨ ᠤ ᠰᠡᠭᠦᠯᠡᠷ 10 ᠡᠳᠤᠷ ᠪᠦᠷᠢ ᠨᠢᠭᠡ ᠤᠳᠠᠭ᠎ᠠ ᠭᠡᠷᠡᠭᠯᠡᠭᠦ ᠭᠡᠷᠡᠭᠳᠡᠢ᠃ 6 ᠳ᠋ᠤᠭᠠᠷ ᠰᠠᠷ᠎ᠠ ᠶᠢᠨ | ᠲᠤᠮᠳᠠᠴᠢ ᠪᠠᠷ ᠤᠷᠤᠯᠠᠮᠠᠯ ᠰᠸᠠ ᠮᠧᠩ ᠰᠢᠨ ︵森猛锌︶᠂ ᠼᠦᠩ ᠵᠢᠶᠦ᠋ᠨ ᠵᠢᠩ ︵葱菌净︶᠂ ᠪᠠᠢ | ᠵᠢᠶᠦ᠋ᠨ ᠴᠢᠩ ︵百菌清︶ ᠵᠡᠷᠭᠡ ᠲᠠᠷᠢᠶᠠᠨ ᠡᠮ ᠢᠶᠠᠷ ᠪᠤᠷᠤ ᠲᠤᠯᠪᠤᠳᠤ ᠭᠡᠮ᠂ ᠴᠠᠭᠠᠨ ᠭᠦᠭᠡᠴᠤ ᠭᠡᠮ ᠢ | ᠰᠡᠷᠭᠡᠶᠢᠯᠡᠵᠤ᠂ 6 ᠳ᠋ᠤᠭᠠᠷ ᠰᠠᠷ᠎ᠠ ᠶᠢᠨ ᠰᠡᠭᠦᠯᠴᠢ ᠠᠴᠠ ᠬᠤᠶᠢᠰᠢ ᠡᠪᠡᠳᠴᠢᠨ ᠤ ᠬᠤᠤᠷ A᠂ ᠯᠢᠶᠠᠨ ᠮᠸᠢ ᠰᠤ᠋ ︵链霉 | 素︶ ᠵᠡᠷᠭᠡ ᠡᠮ ᠢᠶᠠᠷ ᠭᠡᠮ ᠤᠨ ᠬᠤᠤᠷᠳᠠᠯ᠂ ᠢᠯᠵᠠᠷᠠᠬᠤ ᠡᠪᠡᠳᠴᠢᠨ ᠢ ᠰᠡᠷᠭᠡᠶᠢᠯᠡᠭᠦ ᠭᠡᠷᠡᠭᠳᠡᠢ᠃ | 7. ᠪᠦᠭᠡᠷᠡᠩᠬᠡᠢ ᠰᠤᠩᠭᠢᠨ᠎ᠠ ᠶᠢ ᠮᠸᠢ ᠺᠦᠢ ᠡᠭᠦᠯᠳᠡᠷ ᠲᠠᠢ ᠭᠡᠷᠭᠢᠨ ᠲᠤᠬᠤᠵᠤ ᠲᠠᠷᠢᠬᠤ ᠪᠤᠢ︖ | ᠮᠸᠢ ᠺᠦᠢ 5009 ᠰᠤᠷᠲ ᠢ ᠰᠤᠩᠭᠤᠨ ᠭᠡᠷᠡᠭᠯᠡᠭᠦ ᠳᠤ ᠭᠦᠷᠪᠡᠯ 6 ᠳ᠋ᠤᠭᠠᠷ ᠰᠠᠷ᠎ᠠ ᠶᠢᠨ 15~25 ᠤ ᠡᠳᠤᠷ | ᠪᠦᠭᠡᠷᠡᠩᠭᠡᠢ ᠰᠤᠩᠭᠢᠨ᠎ᠠ ᠶᠢᠨ ᠲᠠᠳᠠᠭᠠᠯ ᠤᠨ ᠬᠤᠶᠠᠷ ᠭᠦᠪᠡᠭᠡ ᠶᠢ ᠲᠠᠭᠠᠭᠤᠯᠤᠨ ᠲᠤᠰ ᠪᠦᠷᠢ 1 ᠮᠦᠷ ᠲᠠᠷᠢᠵᠤ᠂ | ᠰᠠᠭᠤᠷᠢ ᠶᠢᠨ ᠵᠠᠢ ᠶᠢ 1 ᠲᠤᠬᠤᠢ ᠵᠠᠶᠢᠳᠠᠢ ᠪᠠᠶᠢᠯᠭᠠᠨ᠎ᠠ᠃ ᠪᠦᠭᠡᠷᠡᠩᠭᠡᠢ ᠰᠤᠩᠭᠢᠨ᠎ᠠ ᠶᠢ ᠬᠤᠷᠢᠶ᠋ᠬᠠᠰᠠᠨ ᠤ ᠪᠠᠨ ᠰᠡᠭᠦᠯᠡᠷ | 2~3 ᠤᠳᠠᠭ᠎ᠠ ᠨᠡᠶᠢᠳᠡᠮ ᠤᠰᠤᠯᠠᠨ᠎ᠠ᠃ ᠶᠠᠷᠦᠩᠭᠡᠢ ᠳᠡᠭᠡᠨ ᠮᠤ᠋ ᠪᠦᠷᠢ ᠠᠴᠠ 300~400 ᠵᠢᠩ ᠬᠤᠷᠢᠶᠠᠨ᠎ᠠ᠃ ᠮᠸᠢ | ᠺᠦᠢ 5009 ᠶᠢ ᠲᠤᠬᠤᠨ ᠲᠠᠷᠢᠪᠠᠯ ᠦᠨᠳᠤᠷ ᠬᠤᠷᠢᠶᠠᠯᠳᠠ ᠤᠯᠬᠤ ᠪᠤᠯᠪᠠᠴᠤ ᠪᠦᠭᠡᠷᠡᠩᠭᠡᠢ ᠰᠤᠩᠭᠢᠨ᠎ᠠ ᠶᠢᠨ ᠬᠤᠷᠢᠶᠠᠯᠳᠠ | ᠳᠤ ᠪᠠᠭ᠎ᠠ ᠰᠠᠭ᠎ᠠ ᠨᠦᠯᠦᠭᠡ ᠪᠤᠯᠳᠠᠭ᠃ | ᠪᠠᠢ ᠺᠦᠢ ᠽᠠ ︵白葵杂︶ 9 ᠨᠤᠮᠧᠷᠳᠤ ᠰᠤᠷᠲ ᠢ ᠰᠤᠩᠭᠤᠨ ᠭᠡᠷᠡᠭᠯᠡᠪᠡᠯ 6 ᠳ᠋ᠤᠭᠠᠷ ᠰᠠᠷ᠎ᠠ ᠶᠢᠨ | 25 ᠠᠴᠠ 7 ᠳ᠋ᠤᠭᠠᠷ ᠰᠠᠷ᠎ᠠ ᠶᠢᠨ 5 ᠤ ᠡᠳᠤᠷ ᠪᠦᠭᠡᠷᠡᠩᠭᠡᠢ ᠰᠤᠩᠭᠢᠨ᠎ᠠ ᠶᠢᠨ ᠲᠠᠳᠠᠭᠠᠯ ᠤᠨ ᠬᠤᠶᠠᠷ ᠭᠦᠪᠡᠭᠡ ᠶᠢ | ᠲᠠᠭᠠᠭᠤᠯᠤᠨ ᠲᠤᠰᠪᠤᠷᠢ ᠨᠢᠭᠡ ᠮᠦᠷ ᠲᠠᠷᠢᠵᠤ᠂ ᠮᠦᠷ ᠤᠨ ᠵᠠᠢ ᠶᠢ 1 ᠲᠤᠬᠤᠢ ᠵᠠᠶᠢᠳᠠᠢ ᠪᠠᠶᠢᠯᠭᠠᠨ᠎ᠠ᠃ ᠪᠦᠭᠡᠷᠡᠩᠭᠡᠢ | ᠰᠤᠩᠭᠢᠨ᠎ᠠ ᠪᠠᠨ ᠬᠤᠷᠢᠶ᠋ᠬᠠᠰᠠᠨ ᠤ ᠰᠡᠭᠦᠯᠡᠷ 2~3 ᠤᠳᠠᠭ᠎ᠠ ᠨᠡᠶᠢᠳᠡᠮ ᠤᠰᠤᠯᠠᠨ᠎ᠠ᠃ ᠶᠠᠷᠦᠩᠭᠡᠢ ᠳᠡᠭᠡᠨ ᠮᠤ᠋ ᠪᠦᠷᠢ ᠠᠴᠠ | 200~300 ᠵᠢᠩ ᠬᠤᠷᠢᠶᠠᠨ᠎ᠠ᠃ ᠲᠤᠰᠤᠯᠢᠭ ᠨᠠᠷᠠᠨ ᠬᠤᠸᠠᠷ ᠢ ᠲᠤᠬᠤᠨ ᠲᠠᠷᠢᠪᠠᠯ ᠤᠨᠠᠯᠳᠠ ᠨᠢ ᠲᠤᠤᠷ᠎ᠠ ᠪᠠᠶᠢᠳᠠᠭ | ᠪᠤᠯᠪᠠᠴᠤ ᠪᠦᠭᠡᠷᠡᠩᠭᠡᠢ ᠰᠤᠩᠭᠢᠨ᠎ᠠ ᠶᠢᠨ ᠤᠨᠠᠯᠳᠠ ᠳᠤ ᠨᠦᠯᠦᠭᠡ ᠪᠠᠭ᠎ᠠ ᠲᠠᠢ ᠪᠠᠶᠢᠳᠠᠭ᠃ | 8. ᠲᠡᠭᠦᠵᠤ ᠬᠤᠷᠢᠶᠠᠬᠤ ᠳᠠᠭᠠᠨ ᠶᠠᠭᠤ ᠶᠢ ᠠᠩᠬᠠᠷᠬᠤ ᠴᠢᠬᠤᠯᠠ ᠲᠠᠢ ᠪᠤᠢ︖ | ᠪᠦᠭᠡᠷᠡᠩᠭᠡᠢ ᠰᠤᠩᠭᠢᠨ᠎ᠠ ᠶᠢᠨ 70% ᠶᠢᠨ ᠨᠠᠪᠴᠢ ᠨᠢ ᠬᠤᠮᠦ᠋ᠢᠬᠤ ᠦᠶᠡᠰ ᠡᠭᠢᠯᠡᠨ ᠬᠤᠷᠢᠶᠠᠨ᠎ᠠ᠃ ᠰᠤᠩᠭᠢᠨ᠎ᠠ | ᠪᠠᠨ ᠬᠤᠷᠢᠶ᠋ᠬᠠᠰᠠᠨ ᠤ ᠰᠡᠭᠦᠯᠡᠷ ᠲᠠᠷᠢᠶᠠᠨ ᠭᠠᠵᠠᠷ ᠢᠶᠠᠨ 3~5 ᠡᠳᠤᠷ ᠡᠭᠡᠭᠡᠨ ᠬᠠᠳᠠᠭᠠᠵᠤ᠂ ᠰᠤᠩᠭᠢᠨ᠎ᠠ ᠶᠢᠨ ᠨᠠᠪᠴᠢ ᠨᠢ | ᠪᠦᠭᠦᠨ ᠢᠶᠠᠷ ᠢᠶᠠᠨ ᠬᠠᠳ᠋ᠬᠠᠰᠠᠨ ᠤ ᠰᠡᠭᠦᠯᠡᠷ ᠲᠠᠰ ᠢᠯᠭᠠᠨ ᠭᠦᠷᠦᠭᠦ ᠪᠤᠶᠤ ᠬᠠᠶᠢᠴᠢᠯᠠᠵᠤ᠂ ᠲᠠᠷᠠᠭ᠎ᠠ ᠪᠠᠷ ᠨᠢ ᠲᠠᠰ ᠢᠯᠭᠠᠨ | ᠰᠠᠯᠭᠢ ᠨᠡᠪᠳᠡᠷᠡᠭᠦ ᠰᠡᠭᠦᠳᠡᠷ ᠭᠠᠵᠠᠷ ᠤᠪᠤᠭᠠᠯᠠᠵᠤ ᠲᠠᠯᠪᠢᠨ᠎ᠠ᠃ ᠨᠠᠷᠠᠨ ᠬᠤᠸᠠᠷ ᠢ ᠪᠤᠯ 10 ᠳ᠋ᠤᠭᠠᠷ ᠰᠠᠷ᠎ᠠ ᠶᠢᠨ ᠡᠭᠢ ᠪᠤᠶᠤ | ᠲᠤᠮᠳᠠᠴᠢ ᠪᠠᠷ ᠲᠡᠭᠦᠵᠤ ᠬᠤᠷᠢᠶᠠᠨ᠎ᠠ᠃ |