1. ᠨᠠᠷᠠᠨ ᠬᠤᠸᠠᠷ ᠨᠢ ᠶᠠᠮᠠᠷ ᠤᠷᠴᠢᠨ ᠳᠤ ᠤᠷᠭᠤᠳᠠᠭ ᠪᠤᠢ︖ | ᠨᠠᠷᠠᠨ ᠬᠤᠸᠠᠷ ᠢ ᠭᠤᠤᠷᠰᠤ ᠰᠤᠯᠢᠬᠤ ᠦᠭᠡᠢ ᠪᠠᠷ ᠦᠷᠭᠦᠯᠵᠢᠯᠡᠨ ᠲᠠᠷᠢᠬᠤ ᠳᠤ ᠲᠤᠭᠢᠷᠠᠬᠤ ᠦᠭᠡᠢ᠃ ᠮᠦᠨ ᠴᠦ | ᠬᠤᠳᠤᠭᠤᠷ ᠭᠠᠵᠠᠷ ᠪᠤᠶᠤ ᠠᠮᠠᠷᠬᠠᠨ ᠤᠰᠤᠳᠤᠳᠠᠭ ᠭᠠᠵᠠᠷ ᠲᠠᠷᠢᠬᠤ ᠳᠤ ᠲᠤᠭᠢᠷᠠᠬᠤ ᠦᠭᠡᠢ᠃ ᠨᠠᠷᠠᠨ ᠬᠤᠸᠠᠷ ᠢ | ᠲᠠᠷᠢᠬᠤ ᠳᠤ ᠪᠤᠰᠤᠳ ᠲᠠᠷᠢᠮᠠᠯ ᠰᠢᠬ ᠲᠠᠶᠢᠮᠤ ᠴᠢᠩᠭ᠎ᠠ ᠱᠠᠭᠠᠷᠳᠠᠯᠭ᠎ᠠ ᠲᠠᠢ ᠪᠢᠰᠢ᠂ ᠰᠢᠭᠢᠷ ᠯᠤᠤᠪᠠᠩ ᠪᠤᠯᠤᠨ ᠦᠨᠳᠤᠰᠤ | ᠨᠢ ᠭᠦᠨ ᠡᠪᠡᠰᠤᠨ ᠤ ᠵᠦᠢᠯ ᠢ ᠭᠠᠷᠭᠠᠪᠠᠯ ᠪᠤᠰᠤᠳ ᠵᠦᠢᠯ ᠤᠨ ᠲᠠᠷᠢᠮᠡᠯ ᠢ ᠴᠦᠮ ᠨᠠᠷᠠᠨ ᠬᠤᠸᠠᠷ ᠲᠠᠷᠢᠬᠤ ᠠᠴᠠ ᠡᠮᠦᠨ᠎ᠠ | ᠲᠠᠷᠢᠵᠤ ᠪᠤᠯᠤᠨ᠎ᠠ᠃ ᠨᠡᠷᠡᠨ ᠬᠤᠸᠠᠷ ᠨᠢ ᠮᠠᠰᠢ ᠴᠢᠩᠭ᠎ᠠ ᠲᠤᠭᠢᠷᠠᠯᠴᠠᠬᠤ ᠴᠢᠨᠠᠷ ᠲᠠᠢ ᠪᠠᠶᠢᠳᠠᠭ ᠲᠤᠯᠠ ᠭᠦᠷᠦᠰᠤᠨ | ᠲᠠᠪᠬᠤᠷᠭ᠎ᠠ ᠨᠢ ᠭᠦᠨ᠂ ᠢᠯᠵᠢᠮᠡᠭ ᠪᠤᠳᠠᠰ ᠤᠨ ᠠᠭᠤᠯᠤᠭᠳᠠᠴᠨ ᠪᠠᠷ ᠦᠨᠳᠤᠷ᠂ pH ᠭᠦᠴᠢᠯ ᠤᠨ ᠭᠡᠮᠵᠢᠶ᠎ᠠ ᠨᠢ 6~8 | ᠪᠠᠶᠢᠬᠤ ᠡᠯᠡᠰᠦᠷᠭᠡᠭ ᠪᠤᠶᠤ ᠰᠦᠪᠡᠷᠭᠡᠭ ᠭᠦᠷᠦᠰᠤᠨ ᠳᠤ ᠲᠠᠷᠢᠬᠤ ᠳᠤ ᠮᠠᠰᠢ ᠲᠤᠭᠢᠷᠠᠮᠵᠢᠳᠡᠢ ᠪᠠᠶᠢᠳᠠᠭ᠃ | 2. ᠵᠡᠭᠦᠨ ᠭᠡᠰᠡᠭ ᠤᠨ ᠭᠠᠵᠠᠷ ᠤᠷᠤᠨ ᠳᠤ ᠲᠠᠷᠢᠬᠤ ᠳᠤ ᠲᠤᠭᠢᠷᠠᠬᠤ ᠶᠠᠮᠠᠷ ᠭᠡᠳᠦᠨ ᠨᠠᠷᠠᠨ ᠬᠤᠸᠠᠷ ᠤᠨ ᠰᠤᠷᠲ | ᠪᠠᠶᠢᠬᠤ ᠪᠤᠢ︖ | ᠡᠭᠦᠨ ᠳᠤ ᠱᠧᠨ ᠵᠸᠤ ︵神州︶ 1 ᠨᠤᠮᠧᠷᠳᠤ᠂ ᠵᠦᠩ ᠰᠢᠩ ︵中兴︶ 1 ᠨᠤᠮᠧᠷᠳᠤ᠂ ᠮᠸᠢ | ᠺᠦᠢ ︵美葵︶ 5009 ᠵᠡᠷᠭᠡ ᠦᠨᠳᠤᠷ ᠤᠨᠠᠯᠳᠠ ᠲᠠᠢ᠂ ᠴᠢᠨᠠᠷ ᠰᠠᠶᠢᠳᠠᠢ᠂ ᠲᠠᠸᠠᠷᠵᠢᠯ ᠢᠶᠠᠷ ᠰᠠᠶᠢᠨ᠂ ᠨᠠᠪᠴᠢᠨ ᠤ | ᠲᠤᠯᠪᠤᠳᠤ ᠭᠡᠮ ᠢ ᠡᠰᠡᠷᠭᠦᠴᠡᠭᠦ ᠴᠢᠳᠠᠯ ᠲᠠᠢ᠂ ᠮᠦᠭᠦ ᠶᠢᠨ ᠪᠦᠭᠡᠮ ᠭᠡᠮ ᠳᠤ ᠲᠠᠰᠪᠤᠷᠢᠳᠡᠢ᠂ ᠴᠤᠤᠬᠠᠯ ᠬᠤᠭᠤᠰᠤᠳᠠᠯ ᠢᠶᠠᠷ | ᠲᠤᠤᠷ᠎ᠡ᠂ ᠰᠤᠶᠤᠭᠠᠯᠠᠬᠤ ᠨᠤᠷᠮ᠎ᠠ ᠨᠢ ᠦᠨᠳᠤᠷ᠂ ᠰᠤᠶᠤᠭ᠎ᠠ ᠨᠢ ᠢᠳᠡᠷᠡᠭᠦᠨ ᠰᠢᠯᠢᠳᠡᠭ ᠭᠡᠮ ᠢ ᠰᠤᠩᠭᠤᠬᠤ ᠶᠢᠨ ᠬᠠᠮᠳᠤ | ᠦᠷ᠎ᠡ ᠶᠢᠨ ᠰᠢᠢᠳᠪᠤᠷᠢᠯᠡᠯᠳᠡ ᠭᠢᠭᠦ ᠭᠡᠷᠡᠭᠳᠡᠢ᠃ | 3. ᠲᠠᠷᠢᠬᠤ ᠠᠴᠠ ᠪᠠᠨ ᠡᠮᠦᠨ᠎ᠠ ᠶᠠᠮᠠᠷ ᠪᠡᠯᠡᠳᠭᠡᠯ ᠠᠵᠢᠯ ᠤᠳ ᠢ ᠭᠢᠭᠦ ᠪᠤᠢ︖ | ᠨᠠᠷᠠᠨ ᠬᠤᠸᠠᠷ ᠪᠤᠯ ᠪᠤᠷᠳᠤᠭᠤᠷ ᠶᠡᠭᠡ ᠭᠡᠷᠡᠭᠰᠡᠳᠡᠭ ᠲᠠᠷᠢᠮᠠᠯ ᠪᠤᠯᠤᠨ᠎ᠠ᠃ ᠲᠠᠷᠢᠬᠤ ᠠᠴᠠ ᠪᠠᠨ ᠡᠮᠦᠨ᠎ᠠ ᠰᠠᠭᠤᠷᠢ | ᠪᠤᠷᠳᠤᠭᠤᠷ ᠭᠦᠢᠴᠡᠳ ᠤᠷᠣᠭᠤᠯᠬᠤ ᠶᠢᠨ ᠬᠠᠮᠳᠤ ᠤᠷᠭᠠᠨᠢᠭ ᠪᠠ ᠤᠷᠭᠠᠨᠢᠭ ᠪᠤᠰᠤ ᠪᠤᠷᠳᠤᠭᠤᠷ ᠢ ᠤᠶᠠᠯᠳᠤᠭᠤᠯᠵᠤ᠂ | ᠾᠧᠺᠲ᠋ᠠᠷ ᠪᠦᠷᠢ ᠳᠤ ᠢᠯᠵᠢᠮᠡᠭ᠂ ᠢᠰᠭᠡᠮᠡᠯ ᠤᠷᠭᠠᠨᠢᠭ ᠪᠤᠷᠳᠤᠭᠤᠷ ᠢ 30~40 ᠪᠤᠰᠤᠭ᠎ᠠ ᠲᠦᠷᠪᠡᠯᠵᠢᠨ ᠮᠧᠲᠷ | ᠤᠷᠤᠭᠤᠯᠵᠤ᠂ 150~200 kg ᠹᠤᠰᠹᠤᠷ ᠭᠦᠴᠢᠯ ᠤᠨ ᠬᠤᠶᠠᠷᠴᠢ ᠠᠮᠮᠤᠨᠢ ᠪᠠ 100~150kg ᠰᠢᠭᠡᠰᠦᠯᠢᠭ | ᠡᠳ᠋ ᠤᠷᠤᠭᠤᠯᠬᠤ ᠭᠡᠷᠡᠭᠳᠡᠢ᠃ ᠰᠠᠭᠤᠷᠢ ᠪᠤᠷᠳᠤᠭᠤᠷ ᠢ ᠭᠦᠢᠴᠡᠳ ᠰᠠᠶᠢᠨ ᠤᠷᠤᠭᠤᠯᠬᠤ ᠪᠤᠯ ᠨᠠᠷᠠᠨ ᠬᠤᠸᠠᠷ ᠤᠨ | ᠤᠷᠭᠤᠯᠳᠠ ᠶᠢ ᠪᠠᠳᠤᠯᠠᠬᠤ ᠰᠠᠭᠤᠷᠢ ᠮᠦᠨ᠃ | 4. ᠨᠠᠷᠠᠨ ᠬᠤᠸᠠᠷ ᠲᠠᠷᠢᠬᠤ ᠴᠠᠭ ᠭᠢᠭᠡᠳ ᠲᠠᠷᠢᠬᠤ ᠨᠢᠠᠠᠳᠠᠴᠠ ᠶᠢ ᠶᠠᠭᠠᠭᠢᠵᠤ ᠲᠤᠭᠢᠷᠠᠭᠤᠯᠬᠤ ᠪᠤᠢ︖ | ᠲᠤᠭᠢᠳᠡᠶᠢᠠᠬᠨ ᠡᠷᠳᠡ ᠲᠠᠷᠢᠪᠠᠯ ᠨᠠᠪᠴᠢᠨ ᠤ ᠲᠤᠯᠪᠤᠳᠤ ᠭᠡᠮ ᠪᠤᠯᠤᠨ ᠮᠦᠭᠦ ᠶᠢᠨ ᠪᠦᠭᠡᠮ ᠭᠡᠮ ᠤᠨ ᠡᠭᠦᠰᠦᠯ ᠢ | ᠰᠡᠷᠭᠡᠶᠢᠯᠡᠭᠦ ᠪᠡ ᠴᠦᠭᠡᠷᠡᠭᠦᠯᠵᠤ ᠪᠤᠯᠬᠤ ᠪᠦᠭᠡᠳ ᠨᠠᠷᠠᠨ ᠬᠤᠸᠠᠷ ᠤᠨ ᠤᠨᠠᠯᠳᠠ ᠪᠠ ᠴᠢᠨᠠᠷ ᠲᠤ ᠴᠤ ᠮᠠᠰᠢ ᠶᠡᠭᠡ ᠨᠦᠯᠦᠭᠡ | ᠲᠠᠢ ᠶᠤᠮ᠃ ᠨᠠᠷᠠᠨ ᠬᠤᠸᠠᠷ ᠤᠨ ᠤᠷᠭᠤᠯᠳᠠ ᠶᠢᠨ ᠬᠤᠭᠤᠴᠠᠭ᠎ᠠ ᠨᠢ ᠨᠡᠯᠢᠶᠡᠳ ᠤᠬᠤᠷ ᠪᠠᠶᠢᠳᠠᠭ ᠪᠤᠯᠬᠤᠷ ᠲᠠᠷᠢᠬᠤ | ᠴᠠᠭ ᠢ ᠰᠤᠩᠭᠤᠬᠤ ᠳᠤ ᠨᠡᠯᠢᠶᠡᠳ ᠴᠢᠯᠦᠭᠡᠳᠡᠢ ᠶᠤᠮ᠃ 5 ᠳ᠋ᠤᠭᠠᠷ ᠰᠠᠷ᠎ᠠ ᠶᠢᠨ ᠲᠤᠮᠳᠠᠴᠢ ᠠᠴᠠ 6 ᠳ᠋ᠤᠭᠠᠷ ᠰᠠᠷ᠎ᠠ ᠶᠢᠨ | ᠰᠡᠭᠦᠯᠴᠢ ᠪᠠᠷ ᠲᠠᠷᠢᠵᠤ ᠪᠤᠯᠤᠨ᠎ᠠ᠃ ᠡᠶᠢᠮᠤ ᠠᠴᠠ ᠲᠤᠰᠤᠯᠢᠭ ᠭᠡᠯᠪᠡᠷᠢ ᠶᠢᠨ ᠰᠤᠷᠲ ᠢ ᠪᠤᠯ 6 ᠳ᠋ᠤᠭᠠᠷ ᠰᠠᠷ᠎ᠠ ᠶᠢᠨ | ᠰᠡᠭᠦᠯᠴᠢ ᠪᠠᠷ ᠲᠤᠭᠢᠳᠠᠶᠢᠬᠠᠨ ᠤᠷᠤᠢ ᠰᠢᠬ ᠲᠠᠷᠢᠵᠤ᠂ ᠢᠳᠡᠭᠡᠨ ᠤ ᠭᠡᠯᠪᠡᠷᠢ ᠶᠢᠨ ᠰᠤᠷᠲ ᠢ ᠪᠤᠯ 5 ᠳ᠋ᠤᠭᠠᠷ ᠰᠠᠷ᠎ᠠ ᠶᠢᠨ | ᠲᠤᠮᠳᠠᠴᠢ ᠠᠴᠠ ᠵᠢᠭᠠᠬᠠᠨ ᠡᠷᠳᠡ ᠰᠢᠭ ᠲᠠᠷᠢᠵᠤ᠂ ᠲᠡᠨᠡᠭ ᠤᠷᠭᠤᠬᠤ ᠪᠠ ᠤᠷᠤᠢ ᠪᠤᠯᠪᠠᠰᠤᠷᠠᠬᠤ ᠠᠴᠠ ᠪᠤᠯᠵᠤ | ᠬᠤᠷᠢᠶᠠᠯᠳᠠ ᠬᠠᠰᠤᠠᠠᠳᠠᠬᠤ ᠠᠴᠠ ᠰᠡᠷᠭᠡᠶᠢᠯᠡᠭᠦ ᠭᠡᠷᠡᠭᠳᠡᠢ᠃ | ᠨᠠᠷᠠᠨ ᠬᠤᠸᠠᠷ ᠤᠨ ᠭᠤᠤᠷᠰᠤ ᠨᠢ ᠦᠨᠳᠤᠷ᠂ ᠡᠰᠢ ᠨᠢ ᠪᠦᠳᠦᠭᠦᠨ ᠲᠤᠯᠠ ᠵᠤᠭᠢᠰᠳᠡᠢ ᠨᠢᠠᠠᠳᠠ ᠲᠠᠷᠢᠪᠠᠯ ᠰᠠᠯᠭᠢ | ᠨᠡᠪᠳᠡᠷᠡᠨ ᠨᠠᠷᠠ ᠲᠤᠰᠬᠤ ᠪᠠ ᠭᠡᠷᠡᠯ ᠤᠨ ᠨᠡᠶᠢᠯᠡᠯᠭᠡ ᠶᠢᠨ ᠦᠢᠯᠡᠳᠦᠯ ᠢ ᠲᠡᠭᠡᠭᠰᠢᠯᠡᠭᠦᠯᠭᠦ ᠳᠤ ᠠᠰᠢᠭ ᠲᠠᠢ ᠶᠤᠮ᠃ ᠵᠠᠷᠴᠢᠮ | ᠨᠢ ᠭᠡᠪᠡᠯ ᠭᠤᠤᠷᠰᠤ ᠨᠢ ᠦᠨᠳᠤᠷ ᠲᠤᠮᠤ ᠮᠦᠭᠦᠯᠢᠭᠳᠦ ᠰᠤᠷᠲ ᠢ ᠰᠢᠩᠭᠡᠨ ᠲᠠᠷᠢᠵᠤ᠂ ᠭᠤᠤᠷᠰᠤ ᠨᠢ ᠪᠤᠭᠤᠨᠢ ᠵᠢᠵᠢᠭ | ᠮᠦᠭᠦᠯᠢᠭᠳᠦ ᠰᠤᠷᠲ ᠢ ᠨᠢᠠᠠᠳᠠ ᠲᠠᠷᠢᠨ᠎ᠠ᠃ ᠲᠤᠰᠤᠯᠢᠭ ᠭᠡᠯᠪᠡᠷᠢ ᠶᠢᠨ ᠰᠤᠷᠲ ᠢ ᠾᠧᠺᠲ᠋ᠠᠷ ᠪᠦᠷᠢ | 25000~30000 ᠰᠠᠭᠤᠷᠢ᠂ ᠢᠳᠡᠭᠡᠨ ᠤ ᠭᠡᠯᠪᠡᠷᠢ ᠶᠢᠨ ᠰᠤᠷᠲ ᠢ ᠾᠧᠺᠲ᠋ᠠᠷ ᠪᠦᠷᠢ 18000~20000 | ᠰᠠᠭᠤᠷᠢ ᠲᠠᠷᠢᠪᠡᠯ ᠲᠤᠭᠢᠷᠠᠮᠵᠢᠳᠡᠢ᠃ | 5. ᠲᠠᠷᠢᠠᠠᠰᠠᠨ ᠤ ᠰᠡᠭᠦᠯᠡᠷ ᠠᠷᠠᠴᠢᠯᠠᠭ᠎ᠠ ᠪᠠᠨ ᠭᠡᠷᠭᠢᠨ ᠴᠢᠩᠭᠠᠳᠬᠠᠬᠤ ᠪᠤᠢ︖ | ᠴᠢᠭᠢ ᠰᠤᠶᠤᠭ᠎ᠠ ᠶᠢ ᠡᠷᠳᠡᠭᠡᠨ ᠰᠡᠶᠢᠷᠡᠭᠵᠢᠭᠦᠯᠭᠦ ᠪᠠ ᠲᠤᠠᠠᠳᠠᠭᠠᠬᠤ᠃ ᠨᠢᠯᠬ᠎ᠠ ᠴᠢᠭᠢ ᠨᠢ ᠬᠤᠶᠠᠷ ᠰᠠᠯᠠᠭᠠᠯᠠᠬᠤ | ᠦᠶᠡᠰ᠂ ᠴᠢᠭᠢ ᠶᠢ ᠲᠤᠠᠠᠳᠠᠭᠠᠵᠤ᠂ ᠴᠢᠭᠢᠯᠡᠭᠦ ᠠᠴᠠ ᠠᠪᠤᠭᠠᠳ ᠴᠤᠮᠤᠷᠯᠢᠠᠠᠵᠢᠬᠤ ᠬᠤᠭᠤᠴᠠᠭᠠᠨ ᠳᠤ 2~3 ᠤᠳᠠᠭ᠎ᠠ | ᠭᠦᠢᠭᠡᠨ ᠬᠠᠭᠠᠯᠪᠤᠷᠢᠯᠠᠨ ᠡᠪᠡᠰᠤ ᠶᠢ ᠨᠢ ᠠᠷᠢᠯᠭᠠᠵᠤ᠂ ᠬᠠᠮᠤᠭ ᠰᠡᠭᠦᠯ ᠤᠨ ᠨᠢᠭᠡ ᠤᠳᠠᠭ᠎ᠠ ᠳᠤ ᠭᠦᠨ ᠬᠠᠭᠠᠯᠪᠤᠷᠢᠯᠡᠨ | ᠰᠢᠷᠤᠢ ᠨᠡᠮᠡᠵᠤ᠂ ᠨᠠᠯᠡᠵᠤ ᠤᠨᠠᠬᠤ ᠠᠴᠠ ᠰᠡᠷᠭᠡᠶᠢᠯᠡᠭᠦ ᠭᠡᠷᠡᠭᠳᠡᠢ᠃ ᠭᠡᠭᠦ ᠳᠡᠭᠡᠨ ᠦᠨᠳᠤᠰᠤ ᠶᠢ ᠨᠢ ᠭᠡᠮᠳᠦᠭᠡᠭᠦ ᠠᠴᠠ | ᠤᠨᠴᠠ ᠭᠢᠴᠢᠶᠡᠭᠦ ᠭᠡᠷᠡᠭᠳᠡᠢ᠃ ᠲᠤᠭᠢᠳᠡᠢ ᠪᠦᠭᠡᠳ ᠵᠤᠭᠢᠰᠳᠡᠢ ᠪᠠᠷ ᠪᠤᠷᠳᠤᠭᠤᠷ ᠨᠦᠭᠦᠨ ᠤᠷᠤᠭᠤᠯᠵᠤ᠂ ᠨᠠᠷᠠᠨ | ᠬᠤᠸᠠᠷ ᠤᠨ ᠴᠤᠮᠤᠷᠯᠢᠠᠠᠵᠢᠬᠤ ᠠᠴᠠ ᠠᠪᠤᠭᠠᠳ ᠴᠡᠴᠡᠭᠯᠡᠭᠦ ᠬᠤᠭᠤᠴᠠᠭᠠᠨ ᠳᠤ ᠾᠧᠺᠲ᠋ᠠᠷ ᠪᠦᠷᠢ 150kg ᠰᠢᠭᠡᠰᠦᠯᠢᠭ | ᠡᠳ᠋ ᠢ ᠭᠤᠤᠴᠢᠯᠠᠬᠤ ᠪᠠ ᠨᠦᠭᠡᠯᠡᠭᠦ ᠠᠷᠭ᠎ᠠ ᠪᠠᠷ ᠨᠦᠭᠦᠨ ᠤᠷᠤᠭᠤᠯᠵᠤ᠂ ᠪᠠᠳᠠᠷᠠᠨ ᠲᠡᠯᠭᠡᠷᠡᠭᠦ ᠬᠤᠭᠤᠴᠠᠭᠠᠨ ᠳᠤᠨᠢ | ᠤᠷᠭᠤᠯᠳᠠ ᠶᠢᠨ ᠪᠠᠶᠢᠳᠠᠯ ᠢ ᠦᠨᠳᠦᠰᠦᠯᠡᠨ᠂ 1~2 ᠤᠳᠠᠭ᠎ᠠ 0.2%~0.4% ᠶᠢᠨ ᠹᠤᠰᠹᠤᠷ ᠭᠦᠴᠢᠯ ᠤᠨ | ᠬᠤᠶᠠᠷᠴᠢ ᠤᠰᠤᠳᠦ᠋ᠷᠦᠭᠴᠢᠳᠦ ᠠᠮᠮᠤᠨᠢ ᠶᠢ ᠰᠦᠷᠴᠢᠨ ᠤᠷᠤᠭᠤᠯᠬᠤ ᠭᠡᠷᠡᠭᠳᠡᠢ᠃ | ᠴᠤᠮᠤᠷᠯᠢᠠᠠᠵᠢᠬᠤ ᠠᠴᠠ ᠠᠪᠤᠭᠠᠳ ᠴᠡᠴᠡᠭᠯᠡᠭᠦ ᠬᠤᠭᠤᠴᠠᠭᠠᠨ ᠳᠤ ᠨᠠᠷᠠᠨ ᠬᠤᠸᠠᠷ ᠨᠢ ᠰᠠᠯᠠᠭᠠᠯᠠᠬᠤ ᠶᠠᠪᠤᠳᠠᠯ | ᠡᠭᠦᠰᠳᠡᠭ᠃ ᠡᠭᠦᠨ ᠢ ᠤᠯᠵᠤ ᠮᠡᠳᠡᠪᠡᠯ ᠲᠠᠷᠠ ᠲᠠᠷᠤᠢ ᠳᠤᠨᠢ ᠰᠠᠯᠠᠭ᠎ᠠ ᠶᠢ ᠨᠢ ᠠᠪᠴᠤ ᠬᠠᠶᠠᠨ᠂ ᠤᠰᠤ ᠪᠠ ᠰᠢᠮ᠎ᠠ ᠶᠢᠨ | ᠬᠤᠷᠤᠠᠠᠳᠠᠯ ᠢ ᠪᠠᠭᠠᠰᠬᠠᠵᠤ᠂ ᠭᠤᠤᠯ ᠡᠰᠢᠨ ᠤ ᠴᠡᠴᠡᠭ ᠤᠨ ᠲᠠᠪᠠᠭ ᠤᠨ ᠤᠰᠤ ᠪᠠ ᠰᠢᠮ᠎ᠠ ᠲᠡᠵᠢᠭᠡᠯ ᠤᠨ ᠭᠡᠷᠡᠭᠴᠡᠭᠡ ᠶᠢ | ᠪᠠᠳᠤᠯᠠᠬᠤ ᠭᠡᠷᠡᠭᠳᠡᠢ᠃ | ᠨᠠᠷᠠᠨ ᠬᠤᠸᠠᠷ ᠤᠨ ᠴᠡᠴᠡᠭ ᠤᠨ ᠲᠠᠪᠠᠭ ᠪᠦᠷᠢᠯᠳᠦᠭᠦ ᠱᠠᠳᠤᠨ ᠳᠤ ᠴᠡᠴᠡᠭᠯᠡᠭᠦ ᠪᠠ ᠴᠦᠮᠡᠳᠦᠭᠦ ᠦᠶᠡᠰ᠂ | ᠤᠰᠤᠯᠠᠬᠤ ᠨᠦᠭᠦᠴᠡᠯ ᠲᠠᠢ ᠪᠤᠯ ᠲᠤᠭᠢᠳᠡᠢ ᠴᠠᠭ ᠲᠤᠨᠢ ᠲᠤᠭᠢᠳᠡᠢ ᠭᠡᠮᠵᠢᠶ᠎ᠠ ᠪᠠᠷ ᠤᠰᠤᠯᠠᠬᠤ | ᠭᠡᠷᠡᠭᠳᠡᠢ᠃ ᠢᠯᠠᠩᠭᠤᠶ᠎ᠠ ᠭᠠᠩ ᠬᠠᠭᠰᠠᠷᠠᠭᠠᠨ ᠲᠠᠢ ᠦᠶ᠎ᠠ ᠳᠤ ᠲᠠᠷᠦ᠋ᠢᠬᠠᠨ ᠤᠰᠤᠯᠠᠵᠤ᠂ ᠨᠠᠷᠠᠨ ᠬᠤᠸᠠᠷ ᠤᠨ | ᠤᠷᠭᠤᠯᠳᠠ ᠶᠢᠨ ᠦᠶ᠎ᠠ ᠶᠢᠨ ᠤᠰᠤᠨ ᠤ ᠭᠡᠷᠡᠭᠴᠡᠭᠡ ᠶᠢ ᠬᠠᠨᠭ᠍ᠭᠠᠬᠤ ᠭᠡᠷᠡᠭᠳᠡᠢ᠃ | | 6. ᠭᠡᠮ ᠬᠤᠷᠤᠬᠠᠢ ᠶᠢᠨ ᠭᠦᠨᠦᠭᠡᠯ ᠢ ᠭᠡᠷᠭᠢᠨ ᠰᠡᠷᠭᠡᠶᠢᠯᠡᠨ ᠵᠠᠰᠠᠬᠤ ᠪᠤᠢ︖ | ᠭᠡᠮ ᠬᠤᠷᠤᠬᠠᠢ ᠶᠢᠨ ᠭᠦᠨᠦᠭᠡᠯ ᠢ ᠤᠷᠢᠳᠴᠢᠯᠠᠨ ᠰᠢᠯᠭᠠᠵᠤ ᠤᠷᠢᠳᠴᠢᠯᠠᠨ ᠮᠡᠳᠡᠭᠡᠯᠡᠭᠦ ᠠᠵᠢᠯ ᠢ ᠰᠠᠶᠢᠳᠤᠷ ᠭᠢᠵᠤ | ᠂ ᠭᠡᠮ ᠬᠤᠷᠤᠬᠠᠢ ᠶᠢᠨ ᠭᠦᠨᠦᠭᠡᠯ ᠢ ᠤᠯᠵᠤ ᠮᠡᠳᠡᠪᠡᠯ ᠲᠠᠷᠦ᠋ᠢᠬᠠᠨ ᠰᠡᠷᠭᠡᠶᠢᠯᠡᠨ ᠵᠠᠰᠠᠵᠤ᠂ ᠡᠷᠳᠡ ᠠᠴᠠ ᠲᠤᠤᠱᠳᠠᠢ | ᠰᠡᠷᠭᠡᠶᠢᠯᠡᠨ ᠵᠠᠰᠠᠬᠤ ᠪᠠᠷ ᠴᠢᠷᠮᠠᠶᠢᠬᠤ ᠭᠡᠷᠡᠭᠳᠡᠢ᠃ ᠠᠭᠠᠷ ᠤᠨ ᠲᠤᠯᠠᠭᠠᠨ 18℃~20℃ ᠪᠤᠯᠬᠤ ᠦᠶᠡᠰ᠂ ᠾᠧᠺᠲ᠋ᠠᠷ | ᠪᠦᠷᠢ 30~45g ᠲᠠᠪᠤᠨ ᠾᠯᠤᠷᠳᠤ ᠨᠢᠲᠷᠤᠳᠤ ᠹᠧᠨ᠋ᠽᠧᠨ ᠢ 150~230kg ᠴᠢᠭᠢᠭᠯᠢᠭ ᠨᠠᠷᠢᠨ ᠡᠯᠡᠰᠤ ᠲᠠᠢ | ᠬᠤᠯᠢᠵᠤ᠂ ᠨᠠᠷᠠᠨ ᠬᠤᠸᠠᠷ ᠤᠨ ᠭᠠᠵᠠᠷ ᠲᠡᠭᠡᠭᠦᠷ ᠰᠠᠴᠤᠵᠤ᠂ ᠮᠦᠭᠦ ᠶᠢᠨ ᠪᠦᠭᠡᠮ ᠭᠡᠮ ᠢ ᠰᠡᠷᠭᠡᠶᠢᠯᠡᠵᠤ᠂ 15 | ᠬᠤᠨᠤᠭ ᠤᠨ ᠲᠠᠷᠠᠭ᠎ᠠ ᠲᠠᠭᠢᠨ ᠨᠢᠭᠡ ᠤᠳᠠᠭ᠎ᠠ ᠰᠠᠴᠤᠬᠤ ᠭᠡᠷᠡᠭᠳᠡᠢ᠃ 8 ᠳ᠋ᠤᠭᠠᠷ ᠰᠠᠷ᠎ᠠ ᠶᠢᠨ ᠡᠭᠢ ᠪᠠᠷ ᠨᠠᠷᠠᠨ ᠬᠤᠸᠠᠷ ᠤᠨ | ᠮᠢᠩ ᠬᠤᠷᠤᠬᠠᠢ ᠡᠭᠦᠰᠭᠦ ᠦᠶ᠎ᠠ ᠳᠤ 90% ᠶᠢᠨ ᠳ᠋ᠢ ᠪᠠᠢ ᠴᠦᠩ ︵敌百虫︶ ᠤᠨ 500 ᠲᠠᠭᠢᠨ ᠤ | ᠰᠢᠩᠭᠡᠨ ᠢ 2~3 ᠤᠳᠠᠭ᠎ᠠ ᠰᠦᠷᠴᠢᠵᠤ ᠪᠤᠯᠤᠨ᠎ᠠ᠃ | 7. ᠦᠷᠡᠯᠡᠯᠳᠡ ᠶᠢ ᠨᠢ ᠲᠡᠭᠡᠭᠰᠢᠯᠡᠭᠦᠯᠭᠦ ᠳᠤ ᠶᠠᠮᠠᠷ ᠠᠷᠭ᠎ᠠ ᠪᠠᠶᠢᠬᠤ ᠪᠤᠢ︖ | ᠨᠠᠷᠠᠨ ᠬᠤᠸᠠᠷ ᠪᠤᠯ ᠤᠨᠳᠤᠤ ᠴᠡᠴᠡᠭ ᠠᠴᠠ ᠲᠤᠭᠤᠰᠤᠳᠤᠬᠤ ᠲᠠᠷᠢᠮᠡᠯ ᠮᠦᠨ᠂ ᠲᠠᠷᠠ ᠨᠢ ᠰᠢᠪᠠᠵᠢ ᠵᠦᠭᠡᠢ ᠳᠤ | ᠲᠦᠰᠢᠭᠯᠡᠨ ᠲᠤᠭᠤᠰᠤᠳᠤᠨ ᠦᠷᠡᠯᠡᠳᠡᠭ᠃ ᠭᠡᠳᠦ᠋ᠢᠪᠡᠷ ᠡᠶᠢᠮᠤ ᠪᠤᠯᠪᠠᠴᠤ ᠡᠷᠭᠡᠪᠰᠢ ᠪᠠᠰᠠ ᠭᠦᠮᠦᠨ ᠤ ᠭᠦᠴᠤ ᠪᠠᠷ | ᠲᠤᠭᠤᠰᠤᠳᠤᠭᠤᠯᠬᠤ ᠴᠢᠬᠤᠯᠠ ᠲᠠᠢ᠃ ᠲᠤᠭᠤᠰᠤᠳᠤᠭᠤᠯᠬᠤ ᠳᠠᠭᠠᠨ ᠡᠳᠤᠷ ᠪᠦᠷᠢ ᠶᠢᠨ ᠦᠳᠡ ᠶᠢᠨ ᠡᠮᠦᠨᠡᠭᠢ 9~11 | ᠴᠠᠭ ᠤᠨ ᠬᠤᠭᠤᠷᠤᠨᠳᠤ ᠶᠠᠷᠦᠩᠭᠡᠢ ᠳᠡᠭᠡᠨ 2~3 ᠤᠳᠠᠭ᠎ᠠ ᠲᠤᠭᠤᠰᠤᠳᠤᠭᠤᠯᠬᠤ ᠭᠡᠷᠡᠭᠳᠡᠢ᠃ |