︵ᠠᠷᠪᠠᠨ ᠲᠠᠪᠤ︶ ᠨᠠᠷᠠᠯᠠᠭ ᠭᠦᠯᠡᠮᠵᠢ ᠳᠤ ᠯᠠᠵᠤᠤ ᠶᠢ ᠵᠠᠯᠭᠠᠵᠤ ᠲᠠᠷᠢᠬᠤ ᠮᠡᠷᠭᠡᠵᠢᠯ
ᠨᠡᠶᠢᠲᠡᠯᠡᠭᠰᠡᠨ ᠴᠠᠭ᠄
2015-11-25
         1. ᠵᠠᠯᠭᠠᠵᠤ ᠲᠠᠷᠢᠬᠤ ᠯᠠᠵᠤᠤ ᠶᠢᠨ ᠵᠠᠯᠭᠠᠳᠠᠰᠤᠨ ᠳᠤ ᠶᠠᠮᠠᠷ ᠰᠤᠷᠲ ᠢ ᠰᠤᠩᠭᠤᠬᠤ ᠪᠤᠢ︖          ᠤᠳᠤᠬᠠᠨ ᠳᠤ ᠦᠢᠯᠡᠳᠪᠤᠷᠢᠯᠡᠯ ᠲᠡᠭᠡᠷ᠎ᠡ ᠨᠡᠯᠢᠶᠡᠳ ᠭᠡᠷᠡᠭᠯᠡᠵᠤ ᠪᠠᠶᠢᠭ᠎ᠠ ᠯᠠᠵᠤᠤ ᠶᠢᠨ ᠲᠦᠷᠦᠯ ᠤᠨ ᠵᠠᠯᠭᠠᠳᠠᠰᠤ ᠰᠤᠷᠲ ᠭᠡᠪᠡᠯ ᠶᠠᠫᠤᠨ ᠠᠴᠠ ᠤᠷᠤᠭᠤᠯᠵᠤ ᠢᠷᠡᠭᠰᠡᠨ ᠸᠧᠢ ᠵᠤᠸᠠᠩ ᠪᠸᠢ ᠡᠯ ︵威壮贝尔︶ ᠪᠠᠶᠢᠨ᠎ᠠ᠃ ᠲᠤᠰ ᠵᠠᠯᠭᠠᠳᠠᠰᠤ ᠶᠢ ᠠᠰᠢᠠᠠᠯᠠᠨ ᠵᠠᠯᠭᠠᠠᠠᠰᠠᠨ ᠯᠠᠵᠤᠤ ᠨᠢ ᠮᠠᠰᠢ ᠶᠡᠭᠡ ᠭᠡᠮᠵᠢᠶᠠᠨ ᠳᠤ ᠤᠯᠠᠨ ᠵᠦᠢᠯ ᠤᠨ ᠭᠡᠮ ᠤᠨ ᠭᠦᠨᠦᠭᠡᠯ ᠤᠨ ᠡᠭᠦᠰᠦᠯ ᠢ ᠪᠠᠭᠠᠰᠬᠠᠵᠤ᠂ ᠰᠢᠷᠤᠢ ᠪᠠᠷ ᠬᠠᠯᠳᠠᠪᠤᠷᠢᠯᠠᠬᠤ ᠭᠡᠮ ᠤᠨ ᠭᠦᠨᠦᠭᠡᠯ ᠢ ᠪᠦᠳᠦᠮᠵᠢᠳᠡᠢ ᠪᠠᠷ ᠬᠤᠷᠢᠠᠠᠯᠠᠵᠤ ᠴᠢᠳᠠᠨ᠎ᠠ᠃ ᠸᠧᠢ ᠵᠤᠸᠠᠩ ᠪᠸᠢ ᠡᠯ ᠨᠢ ᠭᠦᠢᠳᠡᠨ᠂ ᠬᠠᠯᠠᠭᠤᠨ᠂ ᠴᠢᠭᠢᠭ ᠲᠤ ᠲᠠᠰᠪᠤᠷᠢ ᠲᠠᠢ ᠵᠡᠷᠭᠡ ᠤᠨᠴᠠᠯᠢᠭ ᠲᠠᠢ᠃ ᠲᠠᠭᠦᠨ ᠤ ᠦᠨᠳᠤᠰᠤᠨ ᠤ ᠤᠷᠭᠤᠯᠳᠠ ᠶᠢᠨ ᠭᠦᠴᠤᠨ ᠨᠢ ᠢᠳᠡᠷᠡᠭᠦᠨ᠂ ᠰᠠᠬᠠᠯ ᠦᠨᠳᠤᠰᠤᠨ ᠤ ᠲᠠᠭᠢᠨ ᠠᠮᠢᠳᠤᠷᠠᠬᠤ ᠭᠦᠴᠤᠨ ᠨᠢ ᠴᠢᠩᠭ᠎ᠠ᠂ ᠤᠷᠭᠤᠯᠳᠠ ᠨᠢ ᠪᠠᠳᠠᠷᠠᠩᠭᠤᠢ᠂ ᠵᠠᠯᠭᠠᠠᠠᠰᠠᠨ ᠤ ᠰᠡᠭᠦᠯᠡᠷ ᠡᠰᠢ ᠶᠢᠨ ᠦᠷᠡᠯᠡᠯᠳᠡ ᠶᠢᠨ ᠨᠤᠷᠮ᠎ᠠ ᠨᠢ ᠦᠨᠳᠤᠷ ᠪᠠᠶᠢᠵᠤ᠂ ᠤᠨᠠᠯᠳᠠ ᠨᠢ ᠴᠤ ᠢᠯᠡᠳᠳᠡ ᠨᠡᠮᠡᠭᠳᠡᠭᠦ ᠪᠦᠭᠡᠳ ᠤᠤᠯ ᠤᠨ ᠵᠠᠯᠭᠠᠠᠠᠰᠠᠨ ᠰᠤᠷᠲ ᠤᠨ ᠲᠦᠷᠰᠤ ᠨᠢ ᠴᠤ ᠬᠤᠪᠢᠷᠠᠳᠠᠭ ᠦᠭᠡᠢ ᠶᠤᠮ᠃ ᠵᠠᠯᠭᠠᠳᠠᠰᠤ ᠶᠢᠨ ᠠᠮᠢᠳᠤᠷᠠᠬᠤ ᠨᠤᠷᠮ᠎ᠠ ᠨᠢ 90% ᠠᠴᠠ ᠲᠡᠭᠡᠭᠰᠢ ᠳᠤ ᠭᠦᠷᠴᠤ᠂ ᠵᠠᠯᠭᠠᠬᠤ ᠪᠠ ᠬᠠᠮᠢᠶᠠᠷᠬᠤ ᠳᠤ ᠲᠦᠭᠦᠮ ᠪᠠᠶᠢᠳᠠᠭ᠃        2. ᠵᠠᠯᠭᠠᠪᠴᠢ ᠶᠢᠨ ᠦᠷ᠎ᠠ ᠳᠤ ᠶᠠᠮᠠᠷ ᠰᠤᠷᠲ ᠢ ᠰᠤᠩᠭᠤᠪᠠᠯ ᠵᠤᠭᠢᠬᠤ ᠪᠤᠢ︖        ᠲᠤᠬᠠᠢ ᠶᠢᠨ ᠭᠠᠵᠠᠷ ᠤᠨ ᠭᠡᠷᠡᠭᠯᠡᠭᠡᠨ ᠤ ᠲᠠᠳᠬᠠᠯ ᠢ ᠦᠨᠳᠦᠰᠦᠯᠡᠨ ᠴᠢᠨᠠᠷ ᠰᠠᠶᠢᠳᠠᠢ᠂ ᠦᠨᠳᠤᠷ ᠤᠨᠠᠯᠳᠠ ᠲᠠᠢ᠂ ᠭᠡᠮ ᠢ ᠲᠠᠷᠤᠬᠤ ᠴᠢᠳᠠᠯ ᠲᠠᠢ᠂ ᠲᠤᠭᠢᠷᠠᠯᠴᠠᠬᠤ ᠴᠢᠨᠠᠷ ᠢᠶᠠᠷ ᠦᠷᠭᠡᠨ᠂ ᠲᠠᠸᠠᠷᠴᠢᠯᠡᠯ ᠢᠶᠠᠷ ᠰᠠᠶᠢᠨ ᠪᠦᠭᠦᠢ ᠪᠤᠳᠤᠠᠠᠳᠤ ᠯᠠᠵᠤᠤ᠂ ᠪᠦᠭᠡᠷᠡᠩᠬᠡᠢ ᠯᠠᠵᠤᠤ᠂ ᠡᠪᠡᠷ ᠯᠠᠵᠤᠤ᠂ ᠱᠤᠪᠤᠭᠤᠷ ᠯᠠᠵᠤᠤ ᠵᠡᠷᠭᠡ ᠶᠢ ᠰᠤᠩᠭᠤᠬᠤ ᠭᠡᠷᠡᠭᠳᠡᠢ᠃        3. ᠵᠠᠯᠭᠠᠳᠠᠰᠤ ᠪᠠ ᠵᠠᠯᠭᠠᠪᠴᠢ ᠶᠢᠨ ᠦᠷ᠎ᠡ ᠶᠢ ᠭᠡᠷᠭᠢᠨ ᠰᠢᠢᠳᠪᠤᠷᠢᠯᠡᠭᠦ ᠪᠤᠢ︖         ᠵᠠᠯᠭᠠᠳᠠᠰᠤ ᠦᠷ᠎ᠡ ᠶᠢ ᠰᠤᠶᠤᠭᠠᠯᠠᠭᠤᠯᠬᠤ ᠳᠤ ᠵᠠᠯᠭᠠᠳᠠᠰᠤᠨ ᠦᠷ᠎ᠡ ᠪᠠᠨ 55℃ ᠤᠨ ᠤᠰᠤᠨ ᠳᠤ 15 ᠮᠢᠨᠦ᠋ᠲ ᠲᠠᠪᠳᠦᠭᠡᠵᠤ᠂ ᠱᠦᠭᠦᠵᠤ ᠭᠠᠷᠭᠠᠠᠠᠰᠠᠨ ᠤ ᠪᠠᠨ ᠰᠡᠭᠦᠯᠡᠷ ᠪᠦᠯᠢᠶᠠᠨ ᠤᠰᠤᠨ ᠳᠤ 10 ᠴᠠᠭ ᠲᠠᠪᠳᠦᠭᠡᠵᠤ᠂ ᠲᠠᠭᠢᠨ ᠴᠠᠪᠠᠷ ᠤᠰᠤ ᠪᠠᠷ ᠤᠭᠢᠶᠠᠨ ᠴᠠᠪᠡᠷᠯᠡᠵᠤ᠂ 20℃~30℃ ᠤᠨ ᠤᠷᠴᠢᠨ ᠳᠤ ᠰᠤᠶᠤᠭᠠᠯᠠᠭᠤᠯᠤᠨ᠎ᠠ᠃ ᠡᠳᠤᠷ ᠪᠦᠷᠢ ᠴᠡᠪᠡᠷ ᠤᠰᠤ ᠪᠠᠷ 2~3 ᠤᠳᠠᠭ᠎ᠠ ᠤᠭᠢᠶᠠᠵᠤ᠂ ᠲᠠᠪᠤᠨ ᠡᠳᠤᠷ ᠤᠨ ᠤᠷᠴᠢᠮ ᠢᠶᠠᠷ ᠰᠤᠶᠤᠭᠠᠯᠠᠨ᠎ᠠ᠃ ᠵᠠᠯᠭᠠᠳᠠᠰᠤᠨ ᠦᠷ᠎ᠡ ᠶᠢᠨ 70% ᠨᠢ ᠰᠤᠶᠤᠭᠠᠯᠬᠠᠰᠠᠨ ᠤ ᠰᠡᠭᠦᠯᠡᠷ ᠰᠢᠮ᠎ᠠ ᠲᠡᠵᠢᠭᠡᠯᠳᠤ ᠰᠠᠪᠠᠨ ᠳᠤ ᠵᠠᠶᠢᠯᠠᠵᠤ ᠪᠤᠯᠤᠨ᠎ᠠ᠃ ᠵᠠᠯᠭᠠᠳᠠᠰᠤᠨ ᠦᠷ᠎ᠡ ᠶᠢ ᠰᠤᠶᠤᠭᠠᠯᠠᠭᠤᠯᠬᠤ ᠪᠠ ᠲᠠᠷᠢᠬᠤ ᠳᠤ ᠵᠠᠯᠭᠠᠬᠤ ᠦᠷ᠎ᠡ ᠶᠢᠨ ᠬᠢ ᠠᠴᠠ 7~10 ᠡᠳᠤᠷ ᠤᠷᠢᠳᠴᠢᠯᠠᠬᠤ ᠭᠡᠷᠡᠭᠳᠡᠢ᠃       ᠲᠦᠷᠦᠭᠦᠤ ᠵᠠᠯᠭᠠᠬᠤ ᠦᠷ᠎ᠡ᠄ ᠲᠤᠰ ᠦᠷ᠎ᠡ ᠶᠢ ᠵᠠᠯᠭᠠᠳᠠᠰᠤᠨ ᠦᠷ᠎ᠡ ᠶᠢ ᠰᠤᠶᠤᠭᠠᠯᠠᠭᠤᠯᠤᠠᠠᠰᠠᠨ ᠤ ᠰᠡᠭᠦᠯᠡᠷᠭᠢ 7~10 ᠡᠳᠤᠷ ᠤᠨ ᠲᠠᠷᠠᠭ᠎ᠠ᠂ ᠴᠢᠭᠢ ᠪᠤᠶᠢᠵᠢᠭᠤᠯᠬᠤ ᠲᠠᠳᠠᠭᠠᠯ ᠳᠤ ᠰᠢᠭᠤᠳ ᠲᠠᠷᠢᠬᠤ ᠠᠷᠭ᠎ᠠ ᠪᠠᠷ ᠲᠠᠷᠢᠵᠤ ᠪᠤᠯᠤᠨ᠎ᠠ᠃        4. ᠵᠠᠯ᠎ᠠ ᠪᠤᠶᠢᠵᠢᠭᠤᠯᠬᠤ ᠠᠴᠠ ᠡᠮᠦᠨ᠎ᠠ ᠶᠠᠮᠠᠷ ᠪᠡᠯᠡᠳᠭᠡᠯ ᠠᠵᠢᠯ ᠤᠳ ᠢ ᠭᠢᠭᠦ ᠪᠤᠢ︖        ᠴᠢᠨᠠᠷᠯᠢᠭ ᠬᠠᠰᠢᠶᠠᠨ ᠲᠠᠷᠢᠶᠠᠨ ᠤ ᠰᠢᠷᠤᠢ ᠪᠤᠯᠤᠨ ᠰᠠᠶᠢᠳᠤᠷ ᠢᠯᠵᠠᠷᠠᠭᠤᠯᠤᠠᠠᠰᠠᠨ ᠴᠢᠨᠠᠷᠯᠢᠭ ᠰᠢᠭᠡᠭ ᠪᠤᠷᠳᠤᠭᠤᠷ ᠢ ᠲᠤᠯᠤᠭ᠎ᠠ ᠭᠤᠷᠪᠡ ᠶᠢᠨ ᠬᠤᠪᠢ ᠪᠠᠷ ᠨᠠᠶᠢᠷᠠᠭᠤᠯᠵᠤ᠂ ᠲᠡᠭᠰᠢ ᠲᠦᠷᠪᠡᠯᠵᠢᠨ ᠮᠧᠲᠷ ᠴᠢᠭᠢ ᠪᠤᠶᠢᠵᠢᠭᠤᠯᠬᠤ ᠲᠠᠯᠠᠪᠠᠢ ᠪᠦᠷᠢ 2.5~3kg ᠹᠤᠰᠹᠤᠷ ᠭᠦᠴᠢᠯ ᠤᠨ ᠠᠮᠮᠤᠨᠢ ᠨᠡᠮᠡᠵᠤ ᠤᠷᠤᠭᠤᠯᠬᠤ ᠶᠢᠨ ᠲᠠᠭᠠᠤ ᠴᠢᠭᠢ ᠪᠤᠶᠢᠵᠢᠭᠤᠯᠬᠤ ᠰᠢᠷᠤᠢ ᠪᠠᠨ ᠠᠷᠢᠭᠤᠳᠬᠠᠵᠤ᠂ ᠲᠡᠭᠰᠢ ᠲᠦᠷᠪᠡᠯᠵᠢᠨ ᠮᠧᠲᠷ ᠪᠦᠷᠢ 25~30mL ᠹᠤᠷᠮᠠᠯᠢᠨ ᠲᠡᠭᠡᠷ᠎ᠡ 3L ᠤᠰᠤ ᠬᠤᠯᠢᠵᠤ᠂ ᠴᠢᠭᠢ ᠪᠤᠶᠢᠵᠢᠭᠤᠯᠬᠤ ᠰᠢᠷᠤᠢ ᠲᠡᠭᠡᠷ᠎ᠡ ᠪᠠᠨ ᠵᠢᠭᠳᠡ ᠳᠤᠨᠢ ᠰᠦᠷᠴᠢᠭᠦ ᠪᠦᠭᠡᠳ ᠰᠦᠯᠢᠶᠤᠤ ᠪᠦᠷᠭᠦᠭᠦᠯ ᠢᠶᠠᠷ ᠭᠤᠷᠪᠡᠨ ᠡᠳᠤᠷ ᠪᠦᠷᠢᠨ ᠨᠢᠠᠠᠳᠠ ᠲᠠᠷᠤᠵᠤ᠂ ᠪᠦᠷᠭᠦᠭᠦᠯ ᠢᠶᠠᠨ ᠠᠪᠤᠭᠠᠳ ᠦᠨᠤᠷ ᠨᠢ ᠭᠦᠢᠴᠡᠳ ᠰᠠᠷᠨᠢᠠᠠᠰᠠᠨ ᠤ ᠰᠡᠭᠦᠯᠡᠷ ᠰᠢᠮ᠎ᠠ ᠲᠡᠵᠢᠭᠡᠯᠳᠤ ᠰᠠᠪᠠᠨ ᠳᠠᠭᠠᠨ ᠲᠠᠷᠢᠵᠤ ᠪᠤᠯᠤᠨ᠎ᠠ᠃ ᠴᠢᠭᠢᠨ ᠤ ᠤᠷᠭᠤᠯᠳᠠ ᠳᠤ ᠲᠤᠭᠢᠷᠠᠮᠵᠢᠳᠡᠢ ᠤᠷᠴᠢᠨ ᠲᠤᠭᠤᠷᠢᠨ ᠢ ᠪᠤᠢ ᠪᠤᠯᠭᠠᠬᠤ ᠶᠢᠨ ᠲᠤᠰᠠᠳᠠ ᠪᠠᠺᠲ᠋ᠧᠷᠢ ᠦᠭᠡᠢ ᠪᠠᠷ ᠠᠵᠢᠯᠯᠠᠬᠤ ᠭᠡᠷᠡᠭᠳᠡᠢ᠃       5. ᠶᠠᠮᠠᠷ ᠴᠠᠭ ᠦᠶ᠎ᠠ ᠳᠤ ᠶᠠᠮᠠᠷ ᠠᠷᠭ᠎ᠠ ᠪᠠᠷ ᠲᠠᠷᠢᠬᠤ ᠪᠤᠢ︖        ᠨᠠᠷᠠᠯᠠᠭ ᠭᠦᠯᠡᠮᠵᠢᠨ ᠳᠤ ᠯᠠᠵᠤᠤ ᠲᠠᠷᠢᠬᠤ ᠳᠠᠭᠠᠨ ᠵᠠᠯᠭᠠᠳᠠᠰᠤᠨ ᠦᠷ᠎ᠡ ᠪᠤᠯ ᠶᠠᠷᠦᠩᠭᠡᠢ ᠳᠡᠭᠡᠨ 8 ᠳ᠋ᠤᠭᠠᠷ ᠰᠠᠷ᠎ᠠ ᠶᠢᠨ ᠲᠤᠮᠳᠠᠴᠢ ᠪᠠᠷ ᠡᠭᠢᠯᠡᠨ ᠲᠠᠷᠢᠨ᠎ᠠ᠃ ᠡᠯ᠎ᠠ ᠭᠠᠵᠠᠷ ᠤᠨ ᠵᠠᠬ᠎ᠠ ᠲᠡᠯᠭᠡᠭᠦᠷ ᠤᠨ ᠭᠡᠷᠡᠭᠴᠡᠭᠡ ᠪᠤᠯᠤᠨ ᠵᠠᠬ᠎ᠠ ᠳᠤ ᠭᠠᠷᠭᠠᠬᠤ ᠴᠠᠭ ᠤᠨ ᠪᠠᠶᠢᠷᠢᠯᠠᠭᠤᠯᠤᠯᠳᠠ ᠪᠠᠨ ᠦᠨᠳᠦᠰᠦᠯᠡᠨ ᠪᠤᠳᠠᠳᠠᠢ ᠴᠢᠭᠢ ᠪᠤᠶᠢᠵᠢᠭᠤᠯᠬᠤ ᠴᠠᠭ ᠢᠶᠠᠨ ᠲᠤᠠᠠᠳᠠᠭᠠᠵᠤ ᠪᠤᠯᠤᠨ᠎ᠠ᠃ ᠴᠢᠭᠢ ᠪᠤᠶᠢᠵᠢᠭᠤᠯᠬᠤ ᠳᠤ ᠲᠤᠭᠢᠷᠠᠮᠵᠢᠳᠡᠢ ᠲᠤᠯᠠᠭᠠᠨ ᠤ ᠭᠡᠮᠵᠢᠶ᠎ᠠ ᠪᠤᠯ 25℃~30℃᠂ ᠭᠠᠵᠠᠷ ᠤᠨ ᠲᠤᠯᠠᠭᠠᠨ ᠨᠢ 15℃~20℃ ᠪᠤᠯᠤᠨ᠎ᠠ᠃ ᠭᠦᠯᠡᠮᠵᠢᠨ ᠲᠤᠳᠤᠷᠠᠭᠢ ᠲᠤᠯᠠᠭᠠᠨ ᠤ ᠭᠡᠮᠵᠢᠶ᠎ᠠ ᠨᠢ 30℃ ᠠᠴᠠ ᠭᠡᠳᠦᠷᠡᠪᠡᠯ᠂ ᠭᠡᠷᠡᠯ ᠢ ᠬᠠᠯᠬᠠᠯᠠᠨ ᠲᠤᠯᠠᠭᠠᠨ ᠢ ᠪᠠᠭᠤᠷᠠᠭᠤᠯᠬᠤ ᠠᠷᠭ᠎ᠠ ᠭᠡᠮᠵᠢᠶ᠎ᠠ ᠠᠪᠴᠤ ᠪᠤᠯᠤᠨ᠎ᠠ᠃ ᠵᠠᠯᠭᠠᠳᠠᠰᠤ ᠶᠢ 8 × 8 ᠪᠤᠶᠤ 10 × 10 ᠶᠢᠨ ᠰᠢᠮ᠎ᠠ ᠲᠡᠵᠢᠭᠡᠯᠳᠤ ᠰᠠᠪᠠᠨ ᠳᠤ ᠴᠢᠭᠢ ᠪᠤᠶᠢᠵᠢᠭᠤᠯᠬᠤ ᠭᠡᠷᠡᠭᠳᠡᠢ᠃ ᠵᠠᠯᠭᠠᠳᠠᠰᠤᠨ ᠦᠷ᠎ᠡ  ᠪᠠᠨ 70% ᠨᠢ ᠰᠤᠶᠤᠭᠠᠯᠬᠠᠰᠠᠨ ᠦᠶ᠎ᠠ ᠳᠤ ᠲᠠᠷᠢᠵᠤ ᠪᠤᠯᠤᠨ᠎ᠠ᠃ ᠲᠠᠷᠢᠬᠤ ᠳᠠᠭᠠᠨ ᠰᠢᠮ᠎ᠠ ᠲᠡᠵᠢᠭᠡᠯᠳᠤ ᠰᠠᠪᠠ ᠪᠦᠷᠢ ᠨᠢᠭᠡ ᠮᠦᠭᠦᠯᠢᠭ ᠦᠷ᠎ᠡ ᠲᠠᠷᠢᠵᠤ᠂ 1cm ᠵᠤᠵᠠᠭᠠᠨ ᠰᠢᠷᠤᠢ ᠪᠠᠷ ᠨᠢᠠᠠᠳᠠ ᠲᠠᠷᠤᠠᠠᠰᠠᠨ ᠤ ᠪᠠᠨ ᠰᠡᠭᠦᠯᠡᠷ ᠲᠡᠪᠳᠦᠳᠡᠯ᠎ᠡ ᠰᠦᠷᠴᠢᠨ ᠤᠰᠤᠯᠠᠭᠠᠳ᠂ ᠲᠠᠷᠠᠭ᠎ᠠ ᠪᠠᠷ ᠨᠢ ᠰᠦᠯᠢᠶᠤᠤ ᠪᠦᠷᠭᠦᠭᠦᠯ ᠢᠶᠠᠨ ᠪᠦᠳᠡᠭᠡᠵᠤ ᠴᠢᠭᠢᠭ ᠢ ᠬᠠᠮᠠᠭᠠᠯᠠᠨ᠎ᠠ᠃ ᠴᠢᠭᠢᠯᠡᠭᠰᠡᠨ ᠤ ᠰᠡᠭᠦᠯᠡᠷ ᠰᠦᠯᠢᠶᠤᠤ ᠪᠦᠷᠭᠦᠭᠦᠯ ᠢᠶᠠᠨ ᠠᠪᠴᠤ᠂ ᠲᠤᠯᠠᠭᠠᠨ ᠢ ᠪᠠᠭᠤᠷᠠᠭᠤᠯᠤᠨ ᠴᠢᠭᠢᠭ ᠢ ᠨᠢ ᠡᠭ᠍ᠰᠢᠭᠡᠨ᠎ᠡ᠃         ᠵᠠᠯᠭᠠᠬᠤ ᠦᠷ᠎ᠡ ᠶᠢᠨ ᠴᠢᠭᠢ ᠪᠤᠶᠢᠵᠢᠭᠤᠯᠬᠤ ᠳᠤ ᠴᠢᠭᠢ ᠪᠤᠶᠢᠵᠢᠭᠤᠯᠬᠤ ᠲᠠᠳᠠᠭᠠᠯ ᠳᠠᠭᠠᠨ ᠰᠢᠭᠤᠳ ᠲᠠᠷᠢᠵᠤ ᠲᠡᠭᠰᠢ ᠲᠦᠷᠪᠡᠯᠵᠢᠨ ᠮᠧᠲᠷ ᠪᠦᠷᠢ 45~50g ᠲᠠᠷᠢᠨ᠎ᠠ᠃ ᠲᠠᠷᠢᠬᠤ ᠠᠴᠠ ᠪᠠᠨ ᠡᠮᠦᠨ᠎ᠠ ᠨᠢᠭᠡ ᠡᠳᠤᠷ ᠲᠤ ᠲᠠᠳᠠᠭᠠᠯ ᠤᠨ ᠰᠢᠷᠤᠢ ᠪᠠᠨ ᠲᠠᠪᠳᠦᠳᠡᠯ᠎ᠠ ᠤᠰᠤᠯᠠᠵᠤ᠂ ᠲᠠᠷᠢᠬᠤ ᠠᠴᠠ ᠪᠠᠨ ᠡᠮᠦᠨ᠎ᠠ ᠪᠠᠰᠠ ᠨᠢᠭᠡᠨ ᠲᠠᠪᠬᠤᠷ ᠪᠠᠷᠤᠭ 1cm ᠵᠤᠵᠠᠭᠠᠨ ᠪᠦᠭᠦᠢ ᠬᠤᠷᠤᠬᠠᠢ ᠤᠰᠠᠳᠬᠠᠬᠤ ᠡᠮ ᠪᠤᠯᠤᠨ ᠲᠠᠳᠠᠭᠠᠯ ᠤᠨ ᠰᠢᠷᠤᠢ ᠲᠠᠢ ᠪᠠᠭᠰᠤᠷᠤᠠᠠᠰᠠᠨ ᠡᠮᠳᠤ ᠰᠢᠷᠤᠢ ᠶᠢ ᠨᠠᠶᠢᠳᠡᠮ ᠳᠤᠨᠢ ᠰᠠᠴᠤᠵᠤ᠂ ᠭᠦᠷᠤᠰᠤᠨ ᠲᠤᠤᠷᠠᠭᠢ ᠭᠦᠨᠦᠭᠡᠯᠳᠤ ᠬᠤᠷᠤᠬᠠᠢ ᠶᠢ ᠰᠡᠷᠭᠡᠶᠢᠯᠡᠨ᠎ᠡ᠃ ᠡᠭᠦᠨ ᠤ ᠲᠠᠷᠠᠭ᠎ᠠ ᠪᠠᠷ ᠵᠠᠯᠭᠠᠬᠤ ᠦᠷ᠎ᠡ ᠪᠠᠨ ᠲᠠᠷᠢᠵᠤ᠂ ᠲᠠᠭᠢᠨ 1cm ᠵᠤᠵᠠᠭᠠᠨ ᠰᠠᠶᠢᠵᠠᠳ᠋ᠬᠠᠰᠠᠨ ᠨᠠᠷᠢᠨ ᠡᠮᠳᠤ ᠰᠢᠷᠤᠢ ᠪᠠᠷ ᠬᠤᠴᠢᠵᠤ ᠨᠢᠠᠠᠳᠠ ᠪᠢᠳᠡᠭᠦᠤ ᠲᠠᠷᠤᠭᠠᠳ ᠰᠦᠯᠢᠶᠤᠤ ᠪᠦᠷᠭᠦᠭᠦᠯ ᠢᠶᠠᠨ ᠲᠠᠳᠠᠵᠤ᠂ ᠲᠤᠯᠠᠭᠠᠨ ᠪᠠ ᠴᠢᠭᠢᠭ ᠢ ᠬᠠᠮᠠᠭᠠᠯᠠᠨ᠎ᠠ᠃ ᠴᠢᠭᠢᠯᠡᠭᠰᠡᠨ ᠤ ᠭᠢᠨᠢ ᠰᠡᠭᠦᠯᠡᠷ ᠰᠦᠯᠢᠶᠤᠤ ᠪᠦᠷᠭᠦᠭᠦᠯ ᠢᠶᠠᠨ ᠠᠪᠴᠤ ᠰᠠᠶᠢᠳᠤᠷ ᠠᠷᠠᠴᠢᠯᠠᠨ᠂ ᠬᠤᠶᠠᠷ ᠨᠠᠪᠴᠢᠯᠠᠬᠤ ᠦᠶᠡᠰ ᠴᠢᠭᠢ ᠪᠠᠨ ᠰᠠᠶᠢᠷᠡᠭᠵᠢᠭᠦᠯᠵᠤ᠂ ᠰᠠᠭᠤᠷᠢ ᠶᠢᠨ ᠬᠤᠭᠤᠷᠤᠨᠳᠤᠭᠢ ᠵᠠᠢ ᠶᠢ 5cm ᠪᠠᠶᠢᠯᠭᠠᠨ᠎ᠠ᠃       6. ᠶᠠᠮᠠᠷ ᠠᠷᠭ᠎ᠠ ᠪᠠᠷ ᠵᠠᠯᠭᠠᠵᠤ ᠲᠠᠷᠢᠬᠤ ᠪᠤᠢ︖       ᠬᠠᠭᠠᠯᠵᠤ ᠵᠠᠯᠭᠠᠬᠤ ᠠᠷᠭ᠎ᠠ᠄ ᠵᠠᠯᠭᠠᠳᠠᠰᠤᠨ ᠴᠢᠭᠢ ᠨᠢ 5~7 ᠵᠢᠩᠭᠢᠨᠢ ᠨᠠᠪᠴᠢᠯᠠᠬᠤ ᠦᠶᠡᠰ ᠡᠭᠢᠯᠡᠨ ᠵᠠᠯᠭᠠᠨ᠎ᠠ᠃ ᠵᠠᠯᠭᠠᠬᠤ ᠳᠠᠭᠠᠨ ᠵᠠᠯᠭᠠᠳᠠᠰᠤᠨ ᠴᠢᠭᠢᠨ ᠤ ᠲᠡᠭᠡᠳᠤ ᠭᠡᠰᠡᠭ ᠤᠨ 2~3 ᠨᠠᠪᠴᠢ ᠶᠢ ᠲᠠᠰᠤᠳᠠᠵᠤ᠂ 2~3 ᠵᠢᠩᠭᠢᠨᠢ ᠨᠠᠪᠴᠢ ᠶᠢ ᠨᠢ ᠦᠯᠡᠳᠡᠭᠡᠵᠤ᠂ ᠡᠰᠢ ᠶᠢᠨ ᠤᠷᠤᠢ ᠶᠢᠨ ᠭᠡᠰᠡᠭ ᠤᠨ ᠲᠡᠭᠡᠷ᠎ᠡ ᠠᠴᠠ ᠨᠢ ᠲᠤᠷᠤᠠᠠᠰᠢ ᠪᠠᠨ 0.8~1cm ᠡᠭ᠍ᠴᠡ ᠵᠦᠰᠦᠵᠤ᠂ 5~7 ᠨᠠᠪᠴᠢ ᠲᠠᠢ᠂ ᠤᠷᠭᠤᠯᠳᠠ ᠨᠢ ᠢᠳᠡᠷᠡᠭᠦᠨ᠂ ᠦᠶ᠎ᠠ ᠶᠢᠨ ᠤᠷᠳᠤ ᠤᠬᠤᠷ ᠨᠢ ᠲᠡᠩᠴᠡᠭᠦᠷᠢ  ᠲᠠᠢ ᠯᠠᠵᠤᠤ ᠶᠢᠨ ᠴᠢᠭᠢ ᠶᠢ ᠵᠠᠯᠭᠠᠳᠠᠰᠤ ᠪᠠᠷ ᠰᠤᠩᠭᠤᠨ᠂ ᠲᠡᠭᠡᠷ᠎ᠡ ᠲᠠᠯ᠎ᠠ ᠶᠢᠨ ᠲᠤᠮᠤ ᠨᠠᠪᠴᠢ ᠪᠡ ᠴᠤᠮᠤᠷᠯᠢᠭ ᠢ ᠨᠢ ᠬᠠᠶᠢᠴᠢᠯᠠᠨ ᠬᠠᠶᠠᠵᠤ᠂ 2~3 ᠵᠢᠩᠭᠢᠨᠢ ᠨᠠᠪᠴᠢ ᠶᠢ ᠦᠯᠡᠳᠡᠭᠡᠨ᠂ ᠬᠠᠭᠠᠰ ᠮᠤᠳᠤᠴᠢᠯᠬᠠᠰᠠᠨ ᠭᠠᠵᠠᠷ ᠲᠤ ᠲᠤᠤᠷ᠎ᠠ ᠲᠠᠯ᠎ᠠ ᠶᠢ ᠤᠠᠠᠳᠤᠯᠤᠨ ᠬᠠᠶᠠᠵᠤ᠂ ᠤᠠᠠᠳᠤᠯᠤᠭᠠᠰᠤ ᠶᠢᠨ ᠭᠡᠰᠡᠭ ᠢ ᠰᠠᠭᠠᠳᠠᠭ ᠤᠨ ᠭᠡᠯᠪᠡᠷᠢ ᠲᠠᠢ ᠵᠤᠷᠭᠤᠵᠤ᠂ ᠰᠠᠭᠠᠳᠠᠭ ᠤᠨ ᠤᠷᠳᠤ ᠶᠢ ᠵᠠᠯᠭᠠᠳᠠᠰᠤᠨ ᠤ ᠤᠠᠠᠳᠤᠯᠤᠭᠠᠰᠤ ᠶᠢᠨ ᠶᠡᠭᠡ ᠪᠠᠭ᠎ᠠ ᠲᠠᠢ ᠠᠳᠠᠯᠢ ᠲᠡᠭᠰᠢ ᠪᠠᠶᠢᠯᠭᠠᠵᠤ᠂ ᠲᠠᠷᠠᠭ᠎ᠠ ᠨᠢ ᠵᠠᠯᠭᠠᠭᠠᠰᠤ  ᠪᠠᠨ ᠵᠠᠯᠭᠠᠳᠠᠰᠤᠨ ᠤ ᠤᠠᠠᠳᠤᠯᠤᠭᠠᠰᠤᠨ ᠳᠤ ᠰᠢᠭᠠᠨ ᠤᠷᠤᠭᠤᠯᠵᠤ᠂ ᠲᠤᠭᠤᠷᠢᠭ ᠬᠠᠪᠴᠢᠭᠤᠷ ᠢᠶᠠᠷ ᠪᠠᠭᠢᠯᠡᠨ ᠲᠤᠠᠠᠳᠠᠪᠤᠷᠢᠵᠢᠭᠤᠯᠤᠨ᠎ᠠ᠃        7. ᠵᠠᠯᠭᠠᠵᠤ ᠲᠠᠷᠢᠠᠠᠰᠠᠨ ᠴᠢᠭᠢ ᠪᠠᠨ ᠭᠡᠷᠭᠢᠨ ᠰᠢᠨᠵᠢᠯᠡᠭᠦ ᠤᠬᠠᠭᠠᠠᠴᠢ ᠪᠠᠷ ᠠᠷᠠᠴᠢᠯᠠᠬᠤ ᠪᠤᠢ︖        ᠵᠠᠯᠭᠠᠠᠠᠰᠠᠨ ᠤ ᠰᠡᠭᠦᠯᠡᠷ ᠴᠢᠭᠢᠨ ᠤ ᠲᠠᠳᠠᠭᠠᠯ ᠢᠶᠠᠨ ᠲᠠᠪᠳᠦᠳᠡᠯ᠎ᠡ ᠤᠰᠤᠯᠠᠵᠤ᠂ ᠪᠢᠳᠡᠭᠦᠮᠵᠢ ᠶᠢᠨ ᠭᠡᠯᠪᠡᠷᠢ ᠲᠠᠢ ᠵᠢᠵᠢᠭ ᠭᠤᠯᠳᠤᠩ ᠰᠠᠷᠠᠪᠴᠢ ᠭᠠᠷᠭᠠᠵᠤ᠂ 6~7 ᠡᠳᠤᠷ ᠤᠨ ᠲᠤᠳᠤᠷ᠎ᠡ ᠰᠠᠯᠭᠢ ᠨᠡᠪᠳᠡᠷᠡᠭᠦᠯᠭᠦ ᠦᠭᠡᠢ ᠪᠠᠶᠢᠵᠤ᠂ ᠵᠢᠵᠢᠭ ᠭᠤᠯᠳᠤᠩ ᠰᠠᠷᠠᠪᠴᠢ ᠶᠢᠨ ᠲᠤᠳᠤᠷᠠᠭᠢ ᠴᠢᠭᠢᠭ ᠤᠨ ᠭᠡᠮᠵᠢᠶ᠎ᠠ ᠶᠢ 95% ᠠᠴᠠ ᠲᠡᠭᠡᠭᠰᠢ᠂ ᠡᠳᠤᠷ ᠤᠨ ᠲᠤᠯᠠᠭᠠᠨ ᠤ ᠭᠡᠮᠵᠢᠶ᠎ᠠ ᠶᠢ 20℃~26℃᠂ ᠰᠦᠨᠢ ᠶᠢᠨ ᠬᠢ ᠶᠢ 16℃~20℃ ᠪᠠᠶᠢᠯᠭᠠᠵᠤ᠂ ᠭᠡᠳᠤ ᠲᠤᠯᠠᠭᠠᠨ ᠢ ᠰᠡᠷᠭᠡᠶᠢᠯᠡᠨ᠎ᠠ ᠃ ᠵᠢᠵᠢᠭ ᠭᠤᠯᠳᠤᠩ ᠰᠠᠷᠠᠪᠴᠢᠨ ᠤ ᠪᠦᠷᠭᠦᠭᠦᠯ ᠤᠨ ᠭᠠᠳᠠᠭᠤᠷ ᠨᠢ 4~6 ᠲᠠᠪᠬᠤᠷ ᠭᠡᠷᠡᠯ ᠤᠨ ᠬᠠᠯᠬᠠᠪᠴᠢ ᠲᠠᠳᠠᠵᠤ᠂ ᠵᠠᠯᠭᠠᠠᠠᠰᠠᠨ ᠤ ᠲᠠᠷᠠᠭᠠᠭᠢ 4~5 ᠡᠳᠤᠷ ᠭᠡᠷᠡᠯ ᠢ ᠪᠦᠷᠢᠮᠦᠰᠤᠨ ᠬᠠᠯᠬᠠᠯᠠᠵᠤ᠂ ᠰᠡᠭᠦᠯᠡᠷ ᠨᠢ ᠭᠡᠷᠡᠯ ᠢ ᠬᠠᠭᠠᠰ ᠬᠠᠯᠬᠠᠯᠠᠵᠤ᠂ ᠭᠡᠷᠡᠯ ᠢ ᠰᠢᠭᠤᠳ ᠲᠤᠰᠬᠠᠬᠤ ᠦᠭᠡᠢ ᠪᠠᠶᠢᠯᠭᠠᠵᠤ᠂ ᠰᠢᠷᠬᠠᠨ ᠤ ᠡᠳᠡᠭᠡᠷᠡᠯᠳᠡ ᠶᠢ ᠨᠢ ᠲᠠᠭᠠᠯᠳᠤᠭᠤᠯᠤᠨ ᠭᠡᠷᠡᠯ ᠤᠨ ᠬᠠᠯᠬᠠᠪᠴᠢ ᠪᠠᠨ ᠢᠳᠡᠭ ᠢᠳᠡᠭ ᠢᠶᠠᠷ ᠨᠢᠭᠡ ᠨᠢᠭᠡ ᠲᠠᠪᠬᠤᠷ ᠢᠶᠠᠷ ᠰᠠᠯᠭᠠᠨ ᠠᠪᠬᠤ ᠶᠢᠨ ᠲᠠᠭᠠᠤ ᠠᠭᠠᠵᠢᠮ ᠢᠶᠠᠷ ᠪᠠᠭ᠎ᠠ ᠪᠠᠭ᠎ᠠ ᠪᠠᠷ ᠰᠠᠯᠭᠢ ᠨᠠᠪᠳᠡᠷᠡᠭᠦᠯᠦᠨ᠎ᠠ᠃ ᠰᠠᠯᠭᠢ ᠨᠠᠪᠳᠡᠷᠡᠭᠦᠯᠭᠦ ᠬᠤᠭᠤᠴᠠᠭᠠᠨ ᠳᠤ ᠨᠡᠯᠢᠶᠡᠳ ᠴᠢᠭᠢᠭ ᠲᠠᠢ ᠪᠠᠶᠢᠬᠤ ᠶᠢ ᠪᠠᠳᠤᠯᠠᠵᠤ᠂ ᠦᠷᠭᠦᠯᠵᠢ ᠤᠰᠤᠯᠠᠵᠤ᠂ ᠪᠦᠷᠢᠮᠦᠰᠤᠨ ᠡᠳᠡᠭᠡᠷᠡᠭᠰᠡᠨ ᠤ ᠰᠡᠭᠦᠯᠡᠷ ᠰᠠᠶ᠋ᠢ ᠭᠡᠪ ᠤᠨ ᠶᠤᠰᠤ ᠪᠠᠷ ᠠᠷᠠᠴᠢᠯᠡᠵᠤ᠂ ᠵᠠᠯᠭᠠᠳᠠᠰᠤᠨ ᠤ ᠬᠠᠵᠠᠭᠤ ᠲᠠᠯ᠎ᠠ ᠪᠠᠷ ᠰᠤᠶᠤᠭᠠᠯᠠᠬᠤ ᠴᠢᠭᠢ ᠶᠢ ᠲᠠᠷᠠ ᠲᠠᠷᠤᠢ ᠠᠪᠴᠤ ᠬᠠᠶᠠᠬᠤ ᠶᠢᠨ ᠲᠠᠭᠠᠤ ᠵᠠᠯᠭᠠᠯᠳᠠ ᠶᠢᠨ ᠬᠠᠪᠴᠢᠭᠤᠷ ᠢᠶᠠᠨ ᠮᠤᠯᠳᠤᠯᠵᠤ ᠠᠪᠤᠨ᠎ᠠ᠃ ᠵᠠᠯᠭᠠᠠᠠᠰᠠᠨ ᠠᠴᠠ ᠬᠤᠶᠢᠰᠢ 15~20 ᠡᠳᠤᠷ ᠪᠤᠯᠪᠠᠯ ᠰᠦᠯᠢᠶᠤᠤ ᠲᠤᠮᠤ ᠰᠠᠷᠠᠪᠴᠢ ᠪᠤᠶᠤ ᠨᠠᠷᠠᠯᠠᠭ ᠭᠦᠯᠡᠮᠵᠢᠨ ᠳᠤ ᠰᠠᠭᠤᠷᠢᠰᠢᠭᠤᠯᠤᠨ ᠵᠠᠶᠢᠯᠠᠵᠤ ᠪᠤᠯᠤᠨ᠎ᠠ᠃       8. ᠰᠠᠭᠤᠷᠢᠰᠢᠭᠤᠯᠤᠨ ᠲᠠᠷᠢᠬᠤ ᠠᠴᠠ ᠡᠮᠦᠨ᠎ᠠ ᠶᠠᠮᠠᠷ ᠪᠡᠯᠡᠳᠭᠡᠯ ᠠᠵᠢᠯ ᠤᠳ ᠢ ᠭᠢᠭᠦ ᠪᠤᠢ︖       ᠡᠭᠦᠨ ᠳᠤ ᠡᠮᠦᠨ᠎ᠠ ᠲᠠᠷᠢᠠᠠᠰᠠᠨ ᠲᠠᠷᠢᠮᠡᠯ ᠤᠨ ᠦᠵᠢᠷᠭᠡᠢ ᠰᠠᠯᠠᠭ᠎ᠠ ᠨᠠᠪᠴᠢ᠂ ᠭᠡᠮ ᠬᠤᠷᠤᠬᠠᠢ ᠶᠢᠨ ᠦᠯᠡᠳᠡᠭᠳᠡᠯ ᠢ ᠲᠠᠷᠦ᠋ᠢᠬᠠᠨ ᠴᠡᠪᠡᠷᠯᠡᠨ ᠠᠷᠢᠯᠭᠠᠵᠤ᠂ ᠰᠠᠭᠤᠷᠢᠰᠢᠭᠤᠯᠤᠨ ᠲᠠᠷᠢᠬᠤ ᠠᠴᠠ ᠪᠠᠨ ᠡᠮᠦᠨ᠎ᠠ᠂ ᠭᠦᠷᠤᠰᠤ ᠰᠢᠷᠤᠢ ᠶᠢ ᠭᠦᠨ ᠤᠷᠪᠠᠭᠤᠯᠵᠤ᠂ ᠨᠠᠷᠠᠨ ᠤ ᠡᠨᠧᠷᠭᠢ ᠪᠠᠷ 7 ᠡᠳᠤᠷ ᠰᠢᠷᠠᠵᠤ ᠠᠷᠢᠭᠤᠳᠬᠠᠨ᠎ᠠ᠃ ᠰᠠᠭᠤᠷᠢᠰᠢᠭᠤᠯᠤᠨ ᠲᠠᠷᠢᠬᠤ ᠠᠴᠠ ᠪᠠᠨ ᠡᠮᠦᠨ᠎ᠠ ᠭᠠᠵᠠᠷ ᠢᠶᠠᠨ ᠲᠡᠭᠰᠢᠯᠡᠨ᠂ ᠮᠤ᠋ ᠪᠦᠷᠢ ᠴᠢᠨᠠᠷᠯᠢᠭ ᠰᠢᠭᠢᠭ ᠪᠤᠷᠳᠤᠭᠤᠷ 6000~10000kg᠂ ᠨᠡᠶᠢᠯᠡᠮᠡᠯ ᠪᠤᠷᠳᠤᠭᠤᠷ 20kg᠂ ᠭᠦᠭᠦᠷ ᠭᠦᠴᠢᠯ ᠤᠨ ᠺᠠᠯᠢ 15~20kg ᠤᠨ ᠰᠠᠭᠤᠷᠢ ᠪᠤᠷᠳᠤᠭᠤᠷ ᠤᠷᠤᠭᠤᠯᠵᠤ᠂ ᠭᠦᠨ ᠤᠷᠪᠠᠭᠤᠯᠤᠨ ᠨᠡᠷᠢᠨ ᠨᠠᠷᠬᠠᠳᠠᠵᠤ᠂ ᠪᠤᠷᠳᠤᠭᠤᠷ ᠪᠠ ᠰᠢᠷᠤᠢ ᠶᠢ ᠰᠠᠶᠢᠳᠤᠷ ᠬᠤᠯᠢᠨ᠎ᠠ᠃ ᠲᠤᠮᠤ ᠵᠤᠷᠠᠭ᠎ᠠ ᠶᠢᠨ ᠵᠠᠢ ᠶᠢ 120cm᠂ ᠵᠢᠵᠢᠭ ᠵᠤᠷᠠᠭ᠎ᠠ ᠶᠢᠨ ᠵᠠᠢ ᠶᠢ 50cm ᠢᠶᠠᠷ 20cm ᠦᠨᠳᠤᠷ ᠲᠠᠯᠠᠩ ᠪᠤᠰᠬᠠᠵᠤ᠂ ᠲᠠᠪᠳᠦᠳᠡᠯ᠎ᠡ ᠨᠢ ᠤᠰᠤᠯᠠᠵᠤ᠂ ᠤᠰᠤ ᠨᠢ ᠰᠢᠮᠡᠳᠦᠭᠰᠡᠨ ᠤ ᠰᠡᠭᠦᠯᠡᠷ ᠪᠦᠷᠭᠦᠭᠦᠯ ᠢᠶᠠᠨ  ᠪᠦᠷᠭᠦᠨ᠎ᠠ᠃ ᠰᠠᠭᠤᠷᠢᠰᠢᠭᠤᠯᠤᠨ ᠲᠠᠷᠢᠬᠤ ᠳᠤ ᠦᠳᠡ ᠶᠢᠨ ᠡᠮᠦᠨᠡᠭᠢ ᠴᠠᠭ ᠢ ᠰᠤᠩᠭᠤᠵᠤ᠂ ᠤᠷᠢᠳ ᠢᠶᠠᠷ ᠦᠷᠭᠡᠨ ᠲᠠᠳᠠᠭᠠᠯ ᠤᠨ ᠲᠡᠭᠡᠭᠦᠷ 50cm ᠵᠤᠷᠠᠭ᠎ᠠ ᠶᠢᠨ ᠵᠠᠢ  ᠪᠠᠷ 5~6cm ᠭᠦᠨ ᠬᠤᠤᠰ ᠮᠦᠷ ᠤᠨ ᠴᠤᠨᠤᠭ ᠭᠠᠷᠭᠠᠵᠤ᠂ ᠰᠠᠭᠤᠷᠢ ᠶᠢᠨ ᠵᠠᠢ ᠶᠢ 40~45cm ᠪᠠᠶᠢᠯᠭᠠᠵᠤ᠂ ᠰᠢᠮ᠎ᠠ ᠲᠡᠵᠢᠭᠡᠯᠳᠤ ᠰᠠᠪᠠᠨ ᠠᠴᠠ ᠰᠠᠯᠭᠠᠵᠤ ᠠᠪᠤᠠᠠᠰᠠᠨ ᠴᠢᠭᠢᠨ ᠤᠪᠤᠭ᠎ᠠ ᠪᠠᠨ ᠨᠢᠭᠡ ᠴᠤᠨᠤᠭ ᠲᠤ ᠬᠤᠶᠠᠷ ᠢ ᠰᠠᠭᠤᠯᠭᠠᠵᠤ ᠂ ᠲᠠᠭᠢᠨ ᠤᠰᠤᠯᠠᠵᠤ᠂ ᠤᠰᠤ ᠨᠢ ᠰᠢᠮᠡᠳᠦᠭᠰᠡᠨ ᠤ ᠰᠡᠭᠦᠯᠡᠷ ᠴᠤᠨᠤᠭ ᠢᠶᠠᠨ ᠪᠦᠭᠯᠡᠨ ᠰᠢᠷᠤᠢ ᠪᠠᠷ ᠲᠠᠷᠤᠨ᠎ᠠ᠃ ᠮᠤ᠋ ᠪᠦᠷᠢ 5000 ᠰᠠᠭᠤᠷᠢ ᠰᠠᠭᠤᠷᠢᠰᠢᠭᠤᠯᠤᠨ ᠲᠠᠷᠢᠨ᠎ᠠ᠃          9. ᠰᠠᠭᠤᠷᠢᠰᠢᠭᠤᠯᠤᠨ ᠲᠠᠷᠢᠠᠠᠰᠠᠨ ᠤ ᠰᠡᠭᠦᠯᠡᠷ ᠶᠠᠮᠠᠷ ᠠᠷᠭ᠎ᠠ ᠪᠠᠷ ᠠᠷᠠᠴᠢᠯᠠᠬᠤ ᠪᠤᠢ︖         ᠲᠤᠯᠠᠭᠠᠨ ᠤ ᠭᠡᠮᠵᠢᠶ᠎ᠠ ᠶᠢᠨ ᠬᠠᠮᠢᠶᠠᠷᠤᠯᠳᠠ ᠶᠢᠨ ᠲᠠᠯ᠎ᠠ ᠪᠠᠷ ᠴᠢᠭᠢᠯᠡᠭᠦᠯᠭᠦ ᠬᠤᠭᠤᠴᠠᠭᠠᠨ ᠳᠤ ᠡᠳᠤᠷ ᠤᠨ ᠲᠤᠯᠠᠭᠠᠨ ᠤ ᠭᠡᠮᠵᠢᠶ᠎ᠠ ᠶᠢ 24℃~27℃᠂ ᠰᠦᠨᠢ ᠶᠢᠨ ᠲᠤᠯᠠᠭᠠᠨ ᠤ ᠭᠡᠮᠵᠢᠶ᠎ᠠ ᠶᠢ  12℃~17℃ ᠪᠠᠶᠢᠯᠭᠠᠨ᠎ᠠ᠃ ᠴᠢᠭᠢ ᠢᠳᠡᠷᠡᠵᠢᠭᠦ ᠬᠤᠭᠤᠴᠠᠭᠠᠨ ᠳᠤ ᠡᠳᠤᠷ ᠤᠨ ᠲᠤᠯᠠᠭᠠᠨ ᠤ ᠭᠡᠮᠵᠢᠶ᠎ᠠ ᠶᠢ 20℃~25℃᠂ ᠡᠭᠢᠨ ᠤ ᠬᠠᠭᠠᠰ ᠰᠦᠨᠢ ᠶᠢᠨ ᠲᠤᠯᠠᠭᠠᠨ ᠢ 14℃~17℃᠂ ᠰᠡᠭᠦᠯᠴᠢ ᠶᠢᠨ ᠬᠠᠭᠠᠰ ᠰᠦᠨᠢ ᠶᠢᠨ ᠲᠤᠯᠠᠭᠠᠨ ᠢ 13℃~14℃ ᠪᠠᠶᠢᠯᠭᠠᠨ᠎ᠠ᠃ ᠴᠡᠴᠡᠭᠯᠡᠵᠤ ᠦᠷᠡᠯᠡᠭᠦ ᠬᠤᠭᠤᠴᠠᠭᠠᠨ ᠳᠤ ᠡᠳᠤᠷ ᠲᠡᠭᠡᠨ 24℃~28℃᠂ ᠰᠦᠨᠢ ᠳᠡᠭᠡᠨ 13℃~18℃ ᠪᠠᠶᠢᠯᠭᠠᠵᠤ᠂ ᠦᠷᠡᠯᠡᠭᠦ ᠬᠤᠭᠤᠴᠠᠭᠠᠨ ᠳᠤ ᠡᠳᠤᠷ ᠲᠡᠭᠡᠨ 25℃~28℃ ᠪᠠᠶᠢᠯᠭᠠᠵᠤ᠂ ᠰᠦᠨᠢ  ᠳᠡᠭᠡᠨ 12℃~18℃ ᠪᠠᠶᠢᠯᠭᠠᠨ᠎ᠠ᠃ ᠭᠦᠭᠡᠭᠡ ᠡᠪᠤᠯ ᠤᠨ ᠤᠯᠠᠷᠢᠯ ᠳᠤ ᠭᠤᠷᠪᠡᠨ ᠱᠠᠳᠤ ᠬᠤᠪᠢᠶᠠᠨ ᠲᠤᠯᠠᠭᠠᠨ ᠢ ᠲᠤᠭᠢᠷᠠᠭᠤᠯᠤᠨ᠎ᠠ᠃ ᠦᠳᠡ ᠶᠢᠨ ᠡᠮᠦᠨ᠎ᠠ 20℃~25℃᠂ ᠦᠳᠡ ᠶᠢᠨ ᠬᠤᠶᠢᠨ᠎ᠠ 20℃~25℃᠂ ᠰᠦᠨᠢ  ᠳᠡᠭᠡᠨ 12℃~18℃ ᠪᠠᠶᠢᠯᠭᠠᠵᠤ᠂ ᠰᠠᠷᠠᠪᠴᠢᠨ ᠤ ᠲᠤᠯᠠᠭᠠᠨ ᠲᠡᠭᠡᠭᠰᠢᠯᠡᠵᠤ 28℃ ᠲᠤ ᠭᠦᠷᠪᠡᠯ ᠤᠷᠤᠢ ᠶᠢᠨ ᠰᠠᠯᠭᠢ ᠨᠡᠪᠳᠡᠷᠡᠭᠦᠯᠵᠤ᠂ ᠦᠳᠡ ᠶᠢᠨ ᠬᠤᠶᠢᠨ᠎ᠠ ᠭᠦᠯᠡᠮᠵᠢ ᠶᠢᠨ ᠲᠤᠯᠠᠭᠠᠨ ᠪᠠᠭᠤᠷᠠᠭᠠᠳ 20℃ ᠪᠤᠯᠬᠤ ᠦᠶᠡᠰ ᠰᠠᠯᠭᠢ ᠨᠡᠪᠳᠡᠷᠡᠭᠦᠯᠭᠦ ᠪᠠᠨ ᠵᠤᠠᠠᠰᠤᠭᠠᠨ᠎ᠠ᠃ ᠰᠦᠨᠢ ᠳᠡᠭᠡᠨ 10℃ ᠠᠴᠠ ᠲᠤᠷᠤᠠᠠᠰᠢᠯᠠᠬᠤ ᠦᠶᠡᠰ ᠭᠦᠪᠤᠩ ᠭᠦᠨᠵᠢᠯᠡ ᠪᠠᠷ ᠬᠤᠴᠢᠨ ᠲᠤᠯᠠᠭᠠᠨ ᠢ ᠨᠢ ᠬᠠᠮᠠᠭᠠᠯᠠᠨ᠎ᠠ᠃ ᠬᠤᠶᠠᠳᠤᠭᠠᠷ ᠵᠢᠯ ᠤᠨ ᠬᠠᠪᠤᠷ ᠨᠢ ᠯᠠᠵᠤᠤ ᠬᠤᠶᠠᠷᠳᠡᠭᠢ ᠤᠳᠠᠭ᠎ᠠ ᠦᠷᠡᠯᠡᠭᠦ ᠬᠤᠭᠤᠴᠠᠭᠠᠨ ᠳᠤ ᠡᠳᠤᠷ ᠲᠡᠭᠡᠨ 25℃~28℃᠂ ᠰᠦᠨᠢ ᠳᠡᠭᠡᠨ 13℃~20℃ ᠪᠠᠶᠢᠯᠭᠠᠵᠤ᠂ ᠭᠦᠯᠡᠮᠵᠢ ᠶᠢᠨ ᠲᠤᠳᠤᠷᠠᠭᠢ ᠰᠦᠨᠢ ᠶᠢᠨ ᠲᠤᠯᠠᠭᠠᠨ ᠤ ᠭᠡᠮᠵᠢᠶ᠎ᠠ ᠨᠢ 15℃ ᠠᠴᠠ ᠲᠡᠭᠡᠭᠰᠢ ᠪᠤᠯᠪᠠᠯ ᠲᠤᠯᠠᠭᠠᠨ ᠢ ᠬᠠᠮᠠᠭᠠᠯᠠᠬᠤ ᠭᠦᠪᠤᠩ ᠭᠦᠨᠵᠢᠯᠡ ᠪᠠᠨ ᠬᠤᠷᠢᠶᠠᠵᠤ ᠠᠪᠤᠨ᠎ᠠ᠃        ᠤᠰᠤ ᠪᠤᠷᠳᠤᠭᠤᠷ ᠤᠨ ᠬᠠᠮᠢᠶᠠᠷᠤᠯᠳᠠ ᠶᠢᠨ ᠲᠠᠯ᠎ᠠ ᠪᠠᠷ ᠰᠠᠭᠤᠷᠢᠰᠢᠭᠤᠯᠤᠨ ᠲᠠᠷᠢᠠᠠᠰᠠᠨ ᠠᠴᠠ ᠬᠤᠶᠢᠰᠢ 3~4 ᠡᠳᠤᠷ ᠪᠤᠯᠪᠠᠯ᠂ ᠲᠤᠮᠤ ᠰᠤᠪᠠᠭ ᠭᠠᠷᠭᠠᠨ ᠤᠰᠤᠯᠠᠭᠠᠳ᠂ ᠰᠡᠭᠦᠯᠡᠷ ᠨᠢ ᠤᠰᠤᠯᠠᠬᠤ ᠦᠭᠡᠢ ᠴᠢᠭᠢ ᠲᠠᠷᠤᠰᠢᠭᠤᠯᠤᠨ᠎ᠠ᠃ ᠴᠡᠴᠡᠭ ᠲᠡᠯᠭᠡᠷᠡᠭᠦ ᠠᠴᠠ ᠨᠢᠭᠡ ᠭᠠᠷᠠᠭ ᠤᠨ ᠡᠮᠦᠨ᠎ᠠ ᠭᠤᠤ ᠮᠸᠢ ᠱᠢ ︵高美施︶ ᠪᠤᠶᠤ 0.2% ᠤᠨ ᠹᠤᠰᠹᠤᠷ ᠭᠦᠴᠢᠯ ᠤᠨ ᠬᠤᠶᠠᠷᠴᠢ ᠤᠰᠤᠳᠦ᠋ᠷᠦᠭᠴᠢᠳᠦ ᠺᠠᠯᠢ ᠶᠢ 1~2 ᠤᠳᠠᠭ᠎ᠠ ᠰᠦᠷᠴᠢᠨ᠎ᠠ᠃ ᠯᠠᠵᠤᠤ ᠰᠠᠭᠤᠠᠠᠰᠠᠨ ᠤ ᠰᠡᠭᠦᠯᠡᠷ ᠡᠭᠢᠯᠡᠨ ᠤᠰᠤᠯᠠᠵᠤ᠂ ᠤᠰᠤᠯᠠᠯᠳᠠ ᠲᠠᠢ ᠤᠶᠠᠯᠳᠤᠭᠤᠯᠤᠨ ᠮᠤ᠋ ᠪᠦᠷᠢ 15~20kg ᠰᠢᠭᠡᠰᠦᠯᠢᠭ ᠡᠳ᠋᠂ 20~30kg ᠹᠤᠰᠹᠤᠷ ᠭᠦᠴᠢᠯ ᠤᠨ ᠬᠤᠶᠠᠷᠴᠢ ᠠᠮᠮᠤᠨᠢ ᠨᠦᠭᠦᠨ ᠤᠷᠤᠭᠤᠯᠵᠤ᠂ ᠰᠡᠭᠦᠯᠡᠷ ᠨᠢ ᠭᠦᠷᠦᠰᠤᠨ ᠤ ᠴᠢᠭᠢᠭ ᠤᠨ ᠪᠠᠶᠢᠳᠠᠯ ᠢ ᠦᠨᠳᠦᠰᠦᠯᠡᠵᠤ᠂ ᠵᠠᠷᠴᠢᠮ ᠲᠡᠭᠡᠷ᠎ᠡ ᠪᠠᠨ ᠬᠠᠳᠠᠵᠤ ᠪᠠᠶᠢᠪᠠᠯ ᠤᠰᠤᠯᠠᠬᠤ ᠪᠦᠭᠡᠳ ᠪᠠᠭ᠎ᠠ ᠪᠠᠭ᠎ᠠ ᠪᠠᠷ ᠤᠯᠠᠠᠳᠠ ᠤᠰᠤᠯᠠᠨ᠎ᠠ᠃ ᠬᠤᠶᠠᠷ ᠤᠳᠠᠭ᠎ᠠ ᠤᠰᠤᠯᠠᠨ᠂ ᠨᠢᠭᠡ ᠤᠳᠠᠭ᠎ᠠ ᠪᠤᠷᠳᠤᠭᠤᠷ ᠨᠦᠭᠦᠵᠤ᠂ ᠤᠰᠤᠯᠠᠯᠳᠠ ᠲᠠᠢ ᠤᠶᠠᠯᠳᠤᠭᠤᠯᠤᠨ ᠮᠤ᠋ ᠪᠦᠷᠢ ᠠᠽᠤᠲ᠂ ᠹᠤᠰᠹᠤᠷ᠂ ᠺᠠᠯᠢ ᠶᠢᠨ ᠠᠭᠤᠯᠤᠭᠳᠠᠴᠨ ᠨᠢ ᠲᠤᠰᠪᠤᠷᠢ 15% ᠶᠢ ᠡᠵᠡᠯᠡᠭᠰᠡᠨ ᠨᠡᠶᠢᠯᠡᠮᠡᠯ ᠪᠤᠷᠳᠤᠭᠤᠷ ᠢ 30kg ᠤᠷᠤᠭᠤᠯᠤᠨ᠎ᠠ᠃ ᠨᠦᠭᠦᠴᠡᠯ ᠲᠠᠢ ᠪᠤᠯ ᠭᠦᠰᠢᠭᠡ ᠪᠠᠨ ᠢᠷᠠᠬᠤ ᠠᠴᠠ ᠬᠠᠭᠠᠰ ᠴᠠᠭ ᠤᠨ ᠡᠮᠦᠨ᠎ᠠ ᠨᠡᠭᠦᠷᠡᠰᠦᠳᠦ᠋ᠷᠦᠭᠴᠢ ᠶᠢᠨ ᠲᠠᠪᠬᠤᠷ ᠢᠰᠦᠯ ᠤᠨ ᠭᠡᠶᠢᠳᠤ ᠪᠤᠷᠳᠤᠭᠤᠷ ᠢ ᠭᠡᠷᠡᠭᠯᠡᠨ᠂ ᠭᠦᠯᠡᠮᠵᠢᠨ ᠤ ᠲᠤᠳᠤᠷᠠᠭᠢ ᠨᠡᠭᠦᠷᠡᠰᠦᠳᠦ᠋ᠷᠦᠭᠴᠢ ᠶᠢᠨ ᠲᠠᠪᠬᠤᠷ ᠢᠰᠦᠯ ᠤᠨ ᠦᠳᠭᠡᠴᠡ ᠶᠢ ᠪᠤᠰᠤᠭ᠎ᠠ ᠲᠦᠷᠪᠡᠯᠵᠢᠨ ᠮᠧᠲᠷ ᠪᠦᠷᠢ 800~1000mm ᠲᠤ ᠭᠦᠷᠦᠭᠦᠯᠪᠡᠯ ᠤᠨᠠᠯᠳᠠ ᠶᠢ ᠮᠠᠰᠢ ᠰᠠᠶᠢᠨ ᠨᠡᠮᠡᠭᠳᠡᠭᠦᠯᠵᠤ ᠴᠢᠳᠠᠨ᠎ᠠ᠃        ᠤᠳᠤᠬᠠᠨ ᠳᠤ ᠦᠢᠯᠡᠳᠪᠤᠷᠢᠯᠡᠯ ᠳᠤ ᠭᠡᠷᠡᠭᠯᠡᠵᠤ ᠪᠠᠶᠢᠭ᠎ᠠ ᠲᠡᠭᠦᠵᠢᠯᠡᠭᠦᠷ ᠤᠭᠤᠳᠠᠳᠤ ᠭᠡᠯᠪᠡᠷᠢ ᠶᠢᠨ ᠨᠡᠭᠦᠷᠡᠰᠦᠳᠦ᠋ᠷᠦᠭᠴᠢ ᠶᠢᠨ ᠲᠠᠪᠬᠤᠷ ᠢᠰᠦᠯ ᠤᠨ ᠬᠡᠶᠢᠳᠤ ᠪᠤᠷᠳᠤᠭᠤᠷ ᠨᠢ ᠭᠡᠷᠡᠭᠯᠡᠭᠦ ᠳᠤ ᠲᠦᠭᠦᠮ ᠮᠦᠷᠳᠡᠭᠡᠨ ᠤᠰᠤ ᠴᠠᠭᠢᠯᠭᠠᠨ ᠵᠡᠷᠭᠡ ᠶᠠᠮᠠᠷᠪᠡ ᠭᠠᠳᠠᠭᠠᠳᠤ ᠨᠦᠭᠦᠴᠡᠯ ᠢ ᠭᠡᠷᠡᠭᠰᠡᠭᠦ ᠦᠭᠡᠢ᠂ ᠵᠦᠪᠭᠡᠨ ᠭᠡᠢ ᠪᠠᠶᠡᠳᠤ ᠡᠭᠦᠰᠭᠡᠭᠴᠢ ᠡᠳ᠋ ᠢᠶᠠᠨ ᠤᠷᠭᠤᠮᠠᠯ ᠠᠴᠠ ᠲᠡᠭᠡᠭᠰᠢ 50cm ᠭᠠᠵᠠᠷ ᠲᠤ ᠲᠦᠭᠦᠮᠭᠡᠨ ᠡᠯᠭᠦᠭᠡᠳ ᠲᠠᠯᠪᠢᠴᠢᠬᠠᠳᠠᠭ ᠪᠠᠶᠢᠨ᠎ᠠ᠃ ᠮᠤ᠋ ᠪᠦᠷᠢ 20 ᠤᠭᠤᠳᠠ ᠲᠡᠭᠦᠵᠢᠯᠡᠨ ᠲᠠᠯᠪᠢᠪᠠᠯ᠂ ᠡᠳᠤᠷ ᠲᠡᠭᠡᠨ ᠨᠠᠷᠠᠨ ᠤ ᠭᠡᠷᠡᠯ ᠤᠨ ᠲᠤᠰᠤᠯᠳᠠ ᠲᠤᠤᠷ᠎ᠠ ᠠᠶᠠᠠᠳᠠᠭᠠᠨ ᠨᠡᠭᠦᠷᠡᠰᠦᠳᠦ᠋ᠷᠦᠭᠴᠢ ᠶᠢᠨ ᠲᠠᠪᠬᠤᠷ ᠢᠰᠦᠯ ᠤᠨ ᠭᠡᠢ ᠪᠡᠶᠡᠳᠤ ᠶᠢ ᠪᠤᠢ ᠪᠤᠯᠭᠠᠨ᠂ ᠦᠳᠡᠰᠢ ᠨᠡᠷᠡᠨ ᠤ ᠭᠡᠷᠡᠯ ᠦᠭᠡᠢ ᠪᠤᠯᠬᠤ ᠦᠶᠡᠰ ᠭᠡᠢ ᠪᠡᠶᠡᠳᠤ ᠪᠤᠢ ᠪᠤᠯᠭᠠᠬᠤ ᠪᠠᠨ ᠪᠤᠯᠢᠳᠠᠭ ᠲᠤᠯᠠ ᠨᠢᠭᠡ ᠰᠠᠷ᠎ᠠ ᠤᠷᠴᠢᠮ ᠦᠷᠭᠦᠯᠵᠢᠯᠡᠨ ᠭᠡᠷᠡᠭᠯᠡᠵᠤ ᠪᠤᠯᠳᠠᠭ᠃ ᠲᠡᠭᠦᠨ ᠤ ᠭᠡᠷᠡᠭᠯᠡᠯᠳᠡ ᠶᠢᠨ ᠦᠪᠠᠷ ᠤᠨ ᠦᠷᠳᠡᠭ ᠨᠢ ᠲᠤᠤᠷ᠎ᠡ᠂ ᠠᠵᠢᠯᠯᠠᠬᠤ ᠳᠤ ᠲᠦᠭᠦᠮ᠂ ᠠᠶᠤᠯ ᠦᠬᠡᠢ᠂ ᠭᠡᠮ ᠢ ᠲᠠᠷᠤᠬᠤ᠂ ᠭᠡᠮ ᠢ ᠰᠡᠷᠭᠡᠶᠢᠯᠡᠭᠦ ᠪᠠ ᠤᠨᠠᠯᠳᠠ ᠶᠢ ᠨᠡᠮᠡᠭᠳᠡᠭᠦᠯᠭᠦ ᠨᠢ ᠰᠠᠶᠢᠨ ᠪᠠᠶᠢᠵᠤ᠂ ᠤᠷᠭᠤᠮᠠᠯ ᠳᠤ ᠶᠠᠮᠠᠷ ᠴᠤ ᠬᠤᠭᠢᠷᠠᠯ ᠤᠴᠠᠷᠠᠭᠤᠯᠬᠤ ᠦᠭᠡᠢ᠂ ᠴᠠᠪᠠᠷ ᠠᠷᠢᠭᠤᠨ᠂ ᠤᠷᠴᠢᠨ ᠲᠤᠭᠤᠷᠢᠨ ᠳᠤ ᠪᠤᠭᠢᠷᠳᠤᠯ ᠦᠭᠡᠢ ᠪᠠᠶᠢᠳᠠᠭ᠃         ᠴᠢᠭᠢᠭ ᠤᠨ ᠭᠡᠮᠵᠢᠶ᠎ᠠ ᠶᠢᠨ ᠬᠠᠮᠢᠶᠠᠷᠤᠯᠳᠠ ᠶᠢᠨ ᠲᠠᠯ᠎ᠠ ᠪᠠᠷ ᠰᠠᠭᠤᠷᠢᠰᠢᠭᠤᠯᠤᠨ ᠲᠠᠷᠢᠭᠠᠳ 3~4 ᠡᠳᠤᠷ ᠲᠤᠳᠤᠷ᠎ᠡ ᠰᠡᠭᠦᠳᠡᠷ ᠢ ᠲᠤᠭᠢᠳᠠᠢ ᠬᠠᠯᠬᠠᠯᠠᠪᠠᠯ ᠴᠢᠭᠢ ᠨᠢ ᠦᠭᠦᠰᠢᠷᠡᠭᠦ ᠦᠭᠡᠢ ᠰᠡᠷᠢᠭᠦᠳᠡᠭᠦ ᠦᠭᠡᠢ ᠪᠠᠶᠢᠳᠠᠭ᠃ ᠰᠡᠭᠦᠯᠡᠷᠭᠢ ᠡᠯ᠎ᠡ ᠱᠠᠳᠤᠨ ᠳᠤ ᠰᠠᠷᠠᠪᠴᠢᠨ ᠪᠦᠷᠭᠦᠭᠦᠯ ᠢᠶᠠᠨ ᠪᠠᠶᠢᠡᠭᠭᠤ ᠴᠠᠪᠡᠷᠯᠡᠵᠤ᠂ ᠭᠡᠷᠡᠯ ᠤᠨ ᠲᠤᠰᠤᠯᠳᠠ ᠶᠢ ᠪᠠᠳᠤᠯᠠᠵᠤ᠂ ᠲᠤᠯᠠᠭᠠᠨ ᠤ ᠭᠡᠮᠵᠢᠶ᠎ᠠ ᠨᠢ ᠲᠤᠭᠢᠷᠠᠬᠤ ᠨᠦᠭᠦᠴᠡᠯ ᠲᠤᠤᠷ᠎ᠡ ᠲᠤᠯᠠᠭᠠᠨ ᠢ ᠬᠠᠳᠠᠭᠠᠯᠠᠬᠤ ᠭᠦᠰᠢᠭᠡ ᠪᠠᠨ ᠠᠯᠢ ᠴᠢᠳᠠᠬᠤ ᠪᠠᠷ ᠦᠷᠯᠦᠭᠡ ᠢᠷᠡᠨ ᠤᠷᠤᠢ ᠪᠠᠭᠤᠯᠭᠠᠵᠤ᠂ ᠪᠦᠷᠭᠦᠭ ᠡᠳᠤᠷ ᠪᠤᠶᠤ ᠴᠠᠰᠤ ᠪᠤᠷᠤᠭᠠᠨ ᠲᠠᠢ ᠡᠳᠤᠷ ᠴᠤ ᠭᠦᠰᠢᠭᠡ ᠪᠠᠨ 3~5 ᠴᠠᠭ ᠢᠷᠠᠬᠤ ᠭᠡᠷᠡᠭᠳᠡᠢ᠃ ᠡᠭᠦᠨ ᠤ ᠬᠠᠮᠳᠤ ᠴᠠᠭ ᠲᠠᠷᠤᠢ ᠳᠤᠨᠢ ᠰᠠᠯᠠᠭ᠎ᠠ ᠶᠢ ᠨᠢ ᠮᠦᠴᠢᠵᠤ᠂ ᠭᠦᠭᠰᠢᠨ᠂ ᠭᠡᠮ ᠲᠠᠢ ᠨᠠᠪᠴᠢ ᠶᠢ ᠨᠢ ᠠᠷᠢᠯᠭᠠᠵᠤ᠂ ᠰᠠᠭᠤᠷᠢ ᠶᠢᠨ ᠬᠤᠭᠤᠷᠤᠨᠳᠤᠭᠢ ᠭᠡᠷᠡᠯ ᠤᠨ ᠲᠤᠰᠤᠯᠳᠠ ᠶᠢ ᠪᠠᠳᠤᠯᠠᠬᠤ ᠭᠡᠷᠡᠭᠳᠡᠢ᠃        ᠤᠷᠭᠤᠮᠠᠯ ᠤᠨ ᠡᠰᠢ ᠶᠢ ᠲᠤᠭᠢᠷᠠᠭᠤᠯᠬᠤ ᠲᠠᠯ᠎ᠠ ᠪᠠᠷ ᠯᠠᠵᠤᠤ ᠶᠢᠨ ᠴᠡᠴᠡᠭ ᠲᠡᠯᠭᠡᠷᠡᠭᠦ ᠠᠴᠠ ᠨᠢ ᠡᠮᠦᠨ᠎ᠠ ᠰᠠᠭᠤᠷᠢᠰᠢᠭᠤᠯᠤᠨ ᠲᠠᠷᠢᠠᠠᠰᠠᠨ ᠨᠦᠭᠡᠨ ᠤ ᠪᠠᠨ ᠲᠡᠭᠡᠭᠦᠷ ᠡᠮᠦᠨᠡᠳᠤ ᠤᠮᠠᠷᠠᠳᠤ ᠶᠢᠨ ᠴᠢᠭᠯᠡᠯ ᠢᠶᠠᠷ ᠬᠤᠶᠠᠷ ᠱᠤᠭᠤᠮ ᠲᠠᠮᠤᠷ ᠤᠳᠠᠰᠤ ᠲᠠᠳᠠᠬᠤ ᠭᠡᠷᠡᠭᠳᠡᠢ᠃ ᠦᠨᠳᠤᠷ ᠢᠶᠠᠷ ᠢᠶᠠᠨ ᠶᠠᠷᠦᠩᠭᠡᠢ ᠳᠡᠭᠡᠨ 1.5~1.8m ᠪᠠᠶᠢᠪᠠᠯ ᠪᠤᠯᠴᠢᠬᠠᠨ᠎ᠠ᠃ ᠲᠠᠷᠠᠭ᠎ᠠ  ᠪᠠᠷ ᠨᠢ ᠨᠢᠭᠡᠨ ᠲᠡᠭᠡᠰᠤ ᠤᠯᠵᠤ᠂ ᠲᠡᠭᠡᠰᠤᠨ ᠤ ᠪᠠᠨ ᠨᠢᠭᠡ ᠦᠵᠦᠭᠦᠷ ᠢ ᠨᠢ ᠬᠤᠶᠠᠷ ᠭᠤᠤᠯ ᠰᠠᠯᠠᠭᠠᠨ ᠤ 3᠂ 4 ᠳ᠋ᠤᠭᠡᠷ ᠰᠠᠯᠠᠭᠠᠨ ᠳᠤ ᠤᠶᠠᠵᠤ᠂ ᠨᠦᠭᠦᠭᠡ ᠦᠵᠦᠭᠦᠷ ᠢ ᠨᠢ ᠵᠡᠭᠦᠨ ᠪᠠᠷᠠᠭᠤᠨ ᠲᠠᠯ᠎ᠠ ᠶᠢᠨ ᠬᠤᠶᠠᠷ ᠲᠤᠮᠤ ᠤᠳᠠᠰᠤᠨ ᠲᠡᠭᠡᠷ᠎ᠡ ᠪᠠᠨ ᠤᠶᠠᠵᠤ ᠲᠠᠯᠪᠢᠨ᠎ᠠ᠃ ᠲᠠᠳᠠᠯᠳᠠ ᠶᠢᠨ ᠦᠨᠴᠦᠭ ᠢ ᠤᠷᠭᠤᠮᠠᠯ ᠤᠨ ᠡᠰᠢ ᠶᠢᠨ ᠤᠷᠭᠤᠯᠳᠠ ᠶᠢᠨ ᠪᠠᠶᠢᠳᠠᠯ ᠢᠶᠠᠷ ᠨᠢ ᠲᠤᠠᠠᠳᠠᠭᠠᠵᠤ᠂ ᠡᠰᠢ ᠨᠢ ᠪᠠᠳᠠᠷᠠᠭᠤᠨ ᠤᠷᠭᠤᠬᠤ ᠦᠶᠡᠰ ᠪᠠᠭ᠋ᠠᠨ ᠰᠤᠯᠠ ᠰᠢᠬ ᠲᠠᠯᠪᠢᠵᠤ᠂ ᠭᠤᠤᠯ ᠰᠠᠯᠠᠭᠠᠨ ᠤ ᠤᠷᠭᠤᠯᠳᠠ ᠶᠢᠨ ᠴᠢᠭ ᠢ ᠭᠠᠳ᠋ᠬᠠᠰᠢ ᠪᠠᠨ ᠵᠢᠭᠠᠬᠠᠨ ᠨᠤᠮᠤᠳᠠᠭᠤᠯᠵᠤ᠂ ᠦᠷᠡᠯᠡᠯᠳᠡ ᠠᠴᠠ ᠪᠤᠯᠤᠭᠠᠳ ᠤᠷᠭᠤᠯᠳᠠ ᠨᠢ ᠮᠠᠭᠤᠳ᠋ᠬᠠᠰᠠᠨ ᠰᠠᠯᠠᠭ᠎ᠠ ᠶᠢ ᠲᠡᠭᠡᠰᠤ ᠪᠠᠷ ᠢᠶᠠᠨ ᠤᠷᠢᠶᠠᠨ ᠲᠠᠳᠠᠵᠤ᠂ ᠤᠷᠭᠤᠯᠳᠠ ᠶᠢ ᠨᠢ ᠰᠠᠶᠢᠵᠢᠷᠠᠭᠤᠯᠬᠤ ᠭᠡᠷᠡᠭᠳᠡᠢ᠃ ᠵᠠᠷᠢᠮ ᠭᠦᠭᠰᠢᠨ ᠨᠠᠪᠴᠢ ᠪᠤᠯᠤᠨ ᠭᠡᠮ ᠲᠠᠢ ᠨᠠᠪᠴᠢ ᠶᠢ ᠴᠠᠭ ᠲᠠᠷᠤᠢ ᠳᠤᠨᠢ ᠠᠷᠢᠯᠭᠠᠬᠤ ᠭᠡᠷᠡᠭᠳᠡᠢ᠃ ᠯᠠᠵᠤᠤ ᠪᠤᠯ ᠰᠠᠯᠠᠭ᠎ᠠ ᠨᠠᠮᠠᠭ᠎ᠠ ᠨᠢ ᠲᠠᠪᠬᠤᠷᠳᠠᠬᠤ ᠠᠴᠠ ᠴᠡᠭᠡᠷᠯᠡᠳᠡᠭ ᠲᠤᠯᠠ ᠪᠠᠭᠤᠷᠠᠢ ᠰᠠᠯᠠᠭ᠎ᠠ ᠶᠢ ᠰᠠᠶᠢᠷᠡᠭᠵᠢᠭᠦᠯᠦᠨ ᠬᠠᠶᠢᠴᠢᠯᠠᠵᠤ᠂ ᠲᠡᠨᠡᠭ ᠰᠠᠯᠠᠭ᠎ᠠ ᠶᠢ ᠨᠢ ᠬᠠᠶᠢᠴᠢᠯᠡᠨ ᠬᠠᠶᠠᠵᠤ᠂ ᠰᠠᠯᠭᠢ ᠨᠡᠪᠳᠡᠷᠡᠬᠦ ᠭᠡᠷᠡᠯ ᠲᠤᠰᠬᠤ ᠨᠦᠭᠦᠴᠡᠯ ᠢ ᠨᠢ ᠰᠠᠶᠢᠵᠢᠷᠠᠭᠤᠯᠬᠤ ᠭᠡᠷᠡᠭᠳᠡᠢ᠃        10. ᠵᠠᠯᠭᠠᠵᠤ ᠲᠠᠷᠢᠠᠠᠰᠠᠨ ᠯᠠᠵᠤᠤ ᠳᠤ ᠶᠠᠮᠠᠷ ᠭᠡᠮ ᠬᠤᠷᠤᠬᠠᠢ ᠶᠢᠨ ᠭᠦᠨᠦᠭᠡᠯ ᠪᠠᠶᠢᠳᠠᠭ ᠪᠤᠢ︖ ᠶᠠᠭᠠᠭᠢᠵᠤ ᠰᠡᠷᠭᠡᠶᠢᠯᠡᠨ ᠵᠠᠰᠠᠬᠤ ᠪᠤᠢ︖        ᠯᠠᠵᠤᠤ ᠶᠢᠨ ᠭᠡᠮ ᠤᠨ ᠭᠦᠨᠦᠭᠡᠯ ᠭᠡᠪᠡᠯ ᠭᠤᠤᠯ ᠨᠢ ᠭᠡᠮ ᠤᠨ ᠬᠤᠤᠷ᠂ ᠭᠢᠵᠢᠭ ᠭᠡᠮ᠂ ᠴᠠᠭᠠᠨ ᠲᠤᠭᠤᠰᠤᠳᠤ ᠭᠡᠮ᠂ ᠭᠦᠭᠡᠴᠤ ᠭᠡᠮ ᠵᠡᠷᠭᠡ ᠪᠤᠢ᠃ ᠬᠤᠷᠤᠬᠠᠢ ᠶᠢᠨ ᠭᠦᠨᠦᠭᠡᠯ ᠭᠡᠪᠡᠯ ᠭᠤᠤᠯ ᠨᠢ ᠪᠠᠭᠠᠷᠠᠩ ᠬᠤᠷᠤᠬᠠᠢ᠂ ᠴᠠᠭᠠᠨ ᠲᠤᠭᠤᠰᠤᠨ ᠪᠦᠭᠡᠰᠤ᠂ ᠰᠢᠷ᠎ᠠ ᠬᠠᠴᠢᠭ ᠵᠡᠷᠭᠡ ᠪᠤᠢ᠃         ᠡᠪᠡᠳᠴᠢᠨ ᠤ ᠬᠤᠤᠷ ᠤᠨ ᠭᠡᠮ ᠢ ᠪᠤᠯ ᠤᠷᠭᠤᠯᠳᠠ ᠶᠢᠨ ᠬᠤᠭᠤᠴᠠᠭᠠᠨ ᠳᠤᠨᠢ 2~3 ᠤᠳᠠᠭ᠎ᠠ ᠪᠢᠩ ᠳ᠋ᠦ᠋ ᠯᠢᠩ ︵病毒灵︶ ᠡᠮ ᠢ ᠰᠦᠷᠴᠢᠨ ᠰᠡᠷᠭᠡᠶᠢᠯᠡᠭᠦ ᠶᠢᠨ ᠲᠠᠭᠠᠤ ᠪᠠᠭᠠᠷᠠᠩ ᠬᠤᠷᠤᠬᠠᠢ᠂ ᠴᠠᠭᠠᠨ ᠲᠤᠭᠤᠰᠤᠨ ᠪᠦᠭᠡᠰᠤ ᠶᠢ ᠰᠡᠷᠭᠡᠶᠢᠯᠡᠭᠦ ᠶᠢ ᠠᠩᠬᠠᠷᠴᠤ᠂ ᠡᠪᠡᠳᠴᠢᠨ ᠤ ᠬᠤᠤᠷ ᠤᠨ ᠭᠡᠮ ᠤᠨ ᠦᠷᠭᠡᠵᠢᠭᠦ ᠶᠢ ᠰᠡᠷᠭᠡᠶᠢᠯᠡᠨ᠎ᠡ᠃        ᠭᠢᠵᠢᠭ ᠭᠡᠮ ᠢ ᠪᠤᠯ ᠰᠠᠭᠤᠷᠢᠰᠢᠭᠤᠯᠤᠨ ᠲᠠᠷᠢᠬᠤ ᠠᠴᠠ ᠪᠠᠨ ᠡᠮᠤᠨ᠎ᠠ 25% ᠶᠢᠨ ᠷᠦᠢ ᠳ᠋ᠦ᠋ ᠮᠸᠢ ︵瑞毒霉︶ ᠪᠤᠶᠤ ᠵᠢᠶ᠋ᠨ ᠱᠤᠸᠠᠩ ᠯᠢᠩ  ︵甲霜灵︶  ᠡᠮ ᠤᠨ 800 ᠲᠠᠭᠢᠨ ᠤ ᠰᠢᠩᠭᠡᠨ ᠢ 5~7 ᠡᠳᠤᠷ ᠲᠤ ᠨᠢᠭᠡ ᠤᠳᠠᠭ᠎ᠠ ᠦᠨᠳᠤᠰᠤᠨ ᠳᠤᠨᠢ ᠴᠢᠳᠬᠤᠵᠤ᠂ ᠰᠠᠭᠤᠷᠢᠰᠢᠭᠤᠯᠤᠨ ᠲᠠᠷᠢᠠᠠᠰᠠᠨ ᠤ ᠪᠠᠨ ᠰᠡᠭᠦᠯᠡᠷ ᠤᠷᠤᠯᠠᠮᠠᠯ ᠰᠸᠠ ᠮᠧᠩ ᠰᠢᠨ ︵森猛锌︶ ᠡᠮ ᠤᠨ 600 ᠲᠠᠭᠢᠨ ᠤ ᠰᠢᠩᠭᠡᠨ ᠢ ᠰᠦᠷᠴᠢᠨ᠎ᠠ᠃        ᠡᠪᠡᠳᠴᠢᠨ ᠠᠩᠬ᠎ᠠ ᠡᠭᠦᠰᠭᠦ ᠦᠶ᠎ᠠ ᠳᠤ 64% ᠶᠢᠨ ᠱᠠ ᠳ᠋ᠦ᠋ ᠹᠠᠨ ︵杀毒矾︶ ᠡᠮ ᠤᠨ 400 ᠲᠠᠭᠢᠨ ᠤ ᠰᠢᠩᠭᠡᠨ ᠪᠤᠶᠤ 75% ᠶᠢᠨ ᠪᠠᠢ ᠵᠢᠶᠦ᠋ᠨ ᠴᠢᠩ ︵百菌清︶ ᠨᠤᠨᠳᠠᠭ ᠡᠮ ᠤᠨ 600 ᠲᠠᠭᠢᠨ ᠤ ᠰᠢᠩᠭᠡᠨ ᠢ 6~7 ᠡᠳᠤᠷ ᠠᠯᠤᠰᠯᠠᠨ ᠨᠢᠭᠡ ᠤᠳᠠᠭ᠎ᠠ ᠭᠡᠷᠡᠭᠯᠡᠭᠦ ᠶᠢᠨ ᠬᠠᠮᠳᠤ ᠦᠨᠳᠤᠰᠤ ᠶᠢ ᠨᠢ ᠤᠰᠤᠯᠠᠬᠤ ᠲᠠᠢ ᠤᠶᠠᠯᠳᠤᠭᠤᠯᠤᠨ ᠴᠤᠨᠤᠭ ᠪᠦᠷᠢ 0.5kg ᠡᠮᠳᠤ ᠰᠢᠩᠭᠡᠨ ᠢ ᠴᠢᠳᠬᠤᠨ᠎ᠠ᠃         ᠴᠠᠭᠠᠨ ᠲᠤᠭᠤᠰᠤᠳᠤ ᠭᠡᠮ ᠢ ᠪᠤᠯ ᠡᠪᠡᠳᠴᠢᠨ ᠠᠩᠬ᠎ᠠ ᠡᠭᠦᠰᠭᠦ ᠦᠶ᠎ᠠ ᠳᠤ 70% ᠶᠢᠨ ᠮᠧᠲ᠋ᠢᠯᠳᠤ ᠲᠦᠸᠧ ᠪᠦ᠋ ᠵᠢᠩ ︵甲基托布净︶ ᠨᠤᠠᠳᠠᠭ ᠡᠮ ᠤᠨ 1000 ᠲᠠᠭᠢᠨ ᠤ ᠰᠢᠩᠭᠡᠨ ᠪᠤᠶᠤ 40% ᠶᠢᠨ ᠳ᠋ᠦᠸᠧ ᠯᠢᠤ ᠰᠢᠤᠸᠠᠨ ︵多硫悬︶ ᠡᠮ ᠤᠨ 400~500 ᠲᠠᠭᠢᠨ ᠤ ᠰᠢᠩᠭᠡᠨ ᠢ ᠰᠦᠷᠴᠢᠨ ᠰᠡᠷᠭᠡᠶᠢᠯᠡᠵᠤ᠂ 7~10 ᠬᠤᠨᠤᠭ ᠲᠤ ᠨᠢᠬᠡ ᠤᠳᠠᠭ᠎ᠠ ᠰᠦᠷᠴᠢᠵᠤ᠂ ᠦᠷᠭᠦᠯᠵᠢᠯᠡᠨ 2~3 ᠤᠳᠠᠭ᠎ᠠ ᠰᠦᠷᠴᠢᠨ᠎ᠠ᠃        ᠭᠦᠭᠡᠴᠤ ᠡᠪᠡᠳᠴᠢᠨ ᠢ ᠪᠤᠯ ᠡᠪᠡᠳᠴᠢᠨ ᠠᠩᠬ᠎ᠠ ᠡᠭᠦᠰᠭᠦ ᠦᠶ᠎ᠠ ᠳᠤ 50% ᠶᠢᠨ ᠰᠤ᠋ ᠺᠧ ᠯᠢᠩ ︵速克灵︶ ᠨᠤᠨᠳᠠᠭ ᠡᠮ ᠤᠨ 1500 ᠲᠠᠭᠢᠨ ᠤ ᠰᠢᠩᠭᠡᠨ ᠪᠤᠶᠤ 50% ᠶᠢᠨ ᠫᠦ᠋ ᠬᠠᠢ ᠶᠢᠨ ︵扑海因︶ ᠨᠤᠠᠳᠠᠭ ᠡᠮ ᠤᠨ 1500 ᠲᠠᠭᠢᠨ ᠤ ᠰᠢᠩᠭᠡᠨ ᠢ ᠰᠦᠷᠴᠢᠨ ᠰᠡᠷᠭᠡᠶᠢᠯᠡᠵᠤ᠂ 5~7 ᠡᠳᠤᠷ ᠠᠯᠤᠰᠯᠠᠭᠠᠳ ᠨᠢᠭᠡ ᠤᠳᠠᠭ᠎ᠠ ᠰᠦᠷᠴᠢᠵᠤ᠂ ᠦᠷᠭᠦᠯᠵᠢᠯᠡᠨ 3~4 ᠤᠳᠠᠭ᠎ᠠ ᠰᠦᠷᠴᠢᠨ᠎ᠠ᠃        ᠪᠠᠭᠠᠷᠠᠩ ᠬᠤᠷᠤᠬᠠᠢ᠂ ᠴᠠᠭᠠᠨ ᠲᠤᠭᠤᠰᠤᠨ ᠪᠦᠭᠡᠰᠤ ᠶᠢ ᠪᠤᠯ 10% ᠶᠢᠨ ᠪᠢ ᠴᠦᠩ ᠯᠢᠨ ︵吡虫啉 ︶ ᠡᠮ ᠤᠨ 2000~3000 ᠲᠠᠭᠢᠨ ᠤ ᠰᠢᠩᠭᠡᠨ ᠪᠤᠶᠤ 2.5% ᠶᠢᠨ ᠳ᠋ᠧ ᠯᠢ ᠺᠧ ︵德力克︶ ᠨᠤᠨᠳᠠᠭ ᠡᠮ ᠤᠨ 1000 ᠲᠠᠭᠢᠨ ᠤ ᠰᠢᠩᠭᠡᠨ ᠢ ᠰᠦᠷᠴᠢᠨ ᠰᠡᠷᠭᠡᠶᠢᠯᠡᠨ᠎ᠡ᠃        ᠰᠢᠷ᠎ᠡ ᠬᠠᠴᠢᠭ ᠢ ᠪᠤᠯ 73% ᠶᠢᠨ ᠺᠧ ᠮᠠᠨ ᠲᠧ ︵克螨特︶ ᠡᠮ ᠤᠨ 1000 ᠲᠠᠭᠢᠨ ᠤ ᠰᠢᠩᠭᠡᠨ ᠪᠤᠶᠤ 10% ᠶᠢᠨ ᠰᠤᠤ ᠮᠠᠨ ᠵᠢᠩ  ︵扫螨净︶  ᠨᠤᠨᠳᠠᠭ ᠡᠮ ᠤᠨ 1500 ᠲᠠᠭᠢᠨ ᠤ ᠰᠢᠩᠭᠡᠨ ᠢ ᠰᠦᠷᠴᠢᠨ ᠰᠡᠷᠭᠡᠶᠢᠯᠡᠨ᠎ᠡ᠃         11. ᠯᠠᠵᠤᠤ ᠶᠢ ᠲᠡᠭᠦᠵᠤ ᠬᠤᠷᠢᠶᠠᠬᠤ ᠳᠤ ᠶᠠᠭᠤ ᠶᠢ ᠠᠩᠬᠠᠷᠬᠤ ᠪᠤᠢ︖         ᠯᠠᠵᠤᠤ ᠶᠢ ᠪᠤᠯᠪᠠᠰᠤᠷᠬᠠᠰᠠᠨ ᠤ ᠰᠡᠭᠦᠯᠡᠷ ᠲᠤᠭᠢᠳᠡᠢ ᠡᠷᠳᠡᠭᠡᠨ ᠬᠤᠷᠢᠶᠠᠵᠤ᠂ ᠵᠠᠯ᠎ᠠ ᠨᠢ ᠤᠨᠠᠬᠤ ᠠᠴᠠ ᠰᠠᠷᠭᠡᠶ᠊ ᠵᠯᠡᠭᠦ ᠭᠡᠷᠡᠭᠳᠡᠢ᠂ ᠵᠢᠮᠢᠰ ᠨᠢ ᠬᠠᠮᠤᠭ ᠤᠨ ᠲᠤᠮᠤ ᠪᠤᠯᠳᠠᠯ᠎ᠠ ᠤᠷᠭᠤᠵᠤ᠂ ᠵᠢᠮᠢᠰ ᠤᠨ ᠮᠢᠬ᠎ᠠ ᠨᠢ ᠵᠤᠵᠠᠭᠠᠷᠠᠨ ᠬᠠᠳᠠᠭᠤᠷᠠᠵᠤ᠂ ᠦᠡᠭᠭᠡ ᠨᠢ ᠭᠦᠨ ᠰᠠᠭᠤᠠᠠᠰᠠᠨ ᠦᠶ᠎ᠠ ᠳᠤ ᠬᠤᠷᠢᠶᠠᠬᠤ ᠭᠡᠷᠡᠭᠳᠡᠢ᠃ ᠯᠠᠵᠤᠤ ᠶᠢᠨ ᠰᠠᠯᠠᠭ᠎ᠠ ᠨᠢ ᠮᠠᠰᠢ ᠭᠡᠪᠡᠷᠡᠭ ᠪᠠᠶᠢᠳᠠᠭ ᠲᠤᠯᠠ ᠲᠡᠭᠦᠵᠤ ᠬᠤᠷᠢᠶᠠᠬᠤ ᠳᠠᠭᠠᠨ ᠰᠠᠯᠠᠭ᠎ᠠ ᠶᠢ ᠨᠢ ᠬᠤᠭᠤᠯᠬᠤ ᠠᠴᠠ ᠤᠨᠴᠠ ᠭᠢᠴᠢᠶᠡᠭᠦ ᠭᠡᠷᠡᠭᠳᠡᠢ᠃
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号