1. ᠵᠠᠯᠭᠠᠵᠤ ᠲᠠᠷᠢᠬᠤ ᠬᠠᠰᠢ ᠶᠢᠨ ᠵᠠᠯᠭᠠᠳᠠᠰᠤ ᠳᠤ ᠶᠠᠮᠠᠷ ᠰᠤᠷᠲ ᠢ ᠰᠤᠩᠭᠤᠬᠤ ᠪᠤᠢ︖ | ︵1︶ ᠶᠠᠷᠤ ᠶᠢᠨ ᠬᠠᠰᠢ᠂ ᠪᠠᠰᠠ ᠤᠯᠠᠭᠠᠨ ᠬᠠᠰᠢ ᠭᠡᠳᠡᠭ᠃ ᠲᠤᠰ ᠰᠤᠷᠲ ᠨᠢ ᠭᠤᠤᠯ ᠨᠢ ᠦᠭᠦᠰᠢᠷᠡᠭᠦ | ᠭᠡᠮ ᠢ ᠡᠰᠡᠷᠭᠦᠴᠡᠭᠦ ᠴᠢᠳᠠᠯ ᠲᠠᠢ᠂ ᠭᠦᠭᠡᠷᠡᠭᠦ ᠭᠡᠮ ᠢ ᠰᠡᠷᠭᠡᠶᠢᠯᠡᠭᠦ ᠳᠤ ᠪᠠᠷᠤᠠᠠᠳᠠᠢ ︵ᠰᠡᠷᠭᠡᠶᠢᠯᠡᠭᠦ ᠴᠢᠳᠠᠯ ᠨᠢ 80% ᠳᠤ | ᠭᠦᠷᠳᠡᠭ︶ ᠪᠠᠶᠢᠳᠠᠭ᠃ ᠦᠷ᠎ᠠ ᠨᠢ ᠠᠮᠠᠷᠬᠠᠨ ᠰᠤᠶᠤᠭᠠᠯᠠᠵᠤ᠂ ᠵᠠᠯᠭᠠᠯᠳᠠ ᠶᠢᠨ ᠠᠮᠢᠵᠢᠷᠠᠯ ᠤᠨ ᠨᠤᠷᠮ᠎ᠠ ᠨᠢ ᠦᠨᠳᠤᠷ | ᠪᠠᠶᠢᠵᠤ᠂ ᠶᠠᠷᠤ ᠶᠢᠨ ᠬᠠᠰᠢ ᠪᠠᠷ ᠵᠠᠯᠭᠠᠳᠠᠰᠤ ᠪᠤᠯᠭᠠᠪᠠᠯ ᠵᠠᠯᠭᠠᠪᠴᠢ ᠠᠴᠠ 7 ᠡᠳᠤᠷ ᠤᠨ ᠡᠮᠦᠨ᠎ᠠ ᠲᠠᠷᠢᠬᠤ ᠴᠢᠬᠤᠯᠠ ᠲᠠᠢ᠃ | ᠰᠢᠷᠤᠢ ᠪᠠᠷ ᠲᠠᠮᠵᠢᠬᠤ ᠭᠡᠮᠳᠤᠯ ᠤᠨ ᠭᠦᠨᠦᠭᠡᠯ ᠭᠦᠨᠳᠤ ᠨᠤᠴᠢᠳᠡᠢ ᠭᠠᠵᠠᠷ ᠲᠤ ᠲᠤᠰ ᠰᠤᠷᠲ ᠢ ᠰᠤᠩᠭᠤᠨ ᠵᠠᠯᠭᠠᠳᠠᠰᠤ | ᠪᠤᠯᠭᠠᠵᠤ ᠪᠤᠯᠬᠤ ᠦᠭᠡᠢ᠃ | ︵2︶ ᠦᠷᠭᠡᠰᠤᠳᠤ ᠬᠠᠰᠢ᠂ ᠲᠤᠰ ᠰᠤᠷᠲ ᠪᠤᠯ ᠰᠢᠷᠠᠯᠠᠨ ᠦᠭᠦᠭᠦ ᠡᠪᠡᠳᠴᠢᠨ ᠢ ᠡᠰᠡᠷᠭᠦᠴᠡᠭᠦ ᠨᠢ ᠰᠠᠶᠢᠨ | ᠪᠠᠶᠢᠵᠤ᠂ ᠤᠳᠤᠬᠠᠨ ᠳᠤ ᠤᠮᠠᠷᠠᠳᠤ ᠶᠢᠨ ᠭᠠᠵᠠᠷ ᠤᠷᠤᠨ ᠤ ᠨᠡᠶᠢᠳᠡᠮ ᠭᠡᠷᠡᠭᠯᠡᠵᠤ ᠪᠠᠶᠢᠭ᠎ᠠ ᠵᠠᠯᠭᠠᠳᠠᠰᠤ ᠶᠢᠨ ᠰᠤᠷᠲ | ᠪᠤᠯᠤᠨ᠎ᠠ᠃ ᠲᠤᠰ ᠰᠤᠷᠲ ᠨᠢ ᠰᠤᠶᠤᠭᠠᠯᠠᠬᠤ ᠨᠢ ᠲᠦᠷᠭᠡᠨ᠂ 24 ᠴᠠᠭ ᠲᠠᠪᠳᠦᠭᠡᠭᠰᠡᠨ ᠤ ᠰᠡᠭᠦᠯᠡᠷ ᠪᠠᠷᠤᠭ 10 ᠬᠤᠨᠤᠭ | ᠲᠤ ᠪᠦᠭᠦᠨ ᠢᠶᠠᠷ ᠢᠶᠠᠨ ᠰᠤᠶᠤᠭᠠᠯᠠᠳᠠᠭ᠃ ᠪᠠᠰᠠ ᠲᠤᠤᠷ᠎ᠡ ᠲᠤᠯᠠᠭᠠᠨ ᠳᠤ ᠨᠡᠯᠢᠶᠡᠳ ᠲᠠᠰᠪᠤᠷᠢᠳᠡᠢ᠃ ᠨᠠᠮᠤᠷ ᠡᠪᠤᠯ ᠤᠨ | ᠤᠯᠠᠷᠢᠯ ᠳᠤ ᠭᠦᠯᠡᠮᠵᠢᠨ ᠳᠤ ᠵᠠᠯᠭᠠᠵᠤ ᠲᠠᠷᠢᠬᠤ ᠳᠤ ᠲᠤᠭᠢᠷᠠᠨ᠎ᠠ᠃ ᠦᠷᠭᠡᠰᠤᠳᠤ ᠬᠠᠰᠢ ᠪᠠᠷ ᠵᠠᠯᠭᠠᠳᠠᠰᠤ ᠪᠤᠯᠭᠠᠬᠤ ᠳᠤ | ᠵᠠᠯᠭᠠᠪᠴᠢ ᠠᠴᠠ 15~20 ᠬᠤᠨᠤᠭ ᠤᠨ ᠡᠮᠦᠨ᠎ᠠ ᠲᠠᠷᠢᠬᠤ ᠴᠢᠬᠤᠯᠠ ᠲᠠᠢ ᠪᠠᠶᠢᠳᠠᠭ᠃ | ︵3︶ ᠲᠦᠸᠧ ᠯᠤ᠋ ᠪᠠ ᠮᠤ᠋ ︵托鲁巴姆︶᠂ ᠲᠤᠰ ᠵᠠᠯᠭᠠᠳᠠᠰᠤᠨ ᠰᠤᠷᠲ ᠨᠢ ᠦᠭᠦᠰᠢᠷᠡᠭᠦ ᠭᠡᠮ᠂ | ᠰᠢᠷᠠᠯᠠᠬᠤ ᠡᠪᠡᠳᠴᠢᠨ᠂ ᠭᠦᠭᠡᠷᠡᠭᠦ ᠭᠡᠮ᠂ ᠦᠨᠳᠤᠰᠤᠨ ᠤ ᠤᠳᠠᠰᠤᠨ ᠬᠤᠷᠤᠬᠠᠢ ᠵᠡᠷᠭᠡ ᠲᠦᠷᠪᠡᠨ ᠵᠦᠢᠯ ᠤᠨ ᠰᠢᠷᠤᠢ ᠪᠠᠷ | ᠲᠠᠮᠵᠢᠨ ᠬᠠᠯᠳᠠᠪᠤᠷᠢᠯᠠᠬᠤ ᠭᠡᠮ ᠬᠤᠷᠤᠬᠠᠢ ᠶᠢ ᠡᠰᠡᠷᠭᠦᠴᠡᠭᠦ ᠴᠢᠳᠠᠯ ᠲᠠᠢ ᠪᠠ ᠦᠯᠤ ᠬᠠᠯᠳᠠᠭᠠᠬᠤ ᠴᠢᠳᠠᠯ ᠲᠠᠢ ᠪᠠᠶᠢᠳᠠᠭ᠃ | ᠰᠤᠶᠤᠭᠠᠯᠠᠭᠤᠯᠤᠨ ᠲᠠᠷᠢᠬᠤ ᠳᠤ ᠵᠠᠯᠭᠠᠪᠴᠢ ᠠᠴᠠ 25 ᠬᠤᠨᠤᠭ ᠤᠷᠢᠳᠴᠢᠯᠠᠵᠤ᠂ ᠭᠡᠷᠪᠡ ᠦᠷ᠎ᠠ ᠶᠢ ᠲᠡᠪᠳᠦᠭᠡᠵᠤ | ᠰᠢᠭᠤᠳ ᠲᠠᠷᠢᠪᠠᠯ 35 ᠬᠤᠨᠤᠭ ᠤᠷᠢᠳᠴᠢᠯᠠᠬᠤ ᠭᠡᠷᠡᠭᠳᠡᠢ᠃ ᠲᠦ᠋ ᠯᠤ᠋ ᠪᠠ ᠮᠤ᠋ ᠪᠤᠯ ᠤᠳᠤᠬᠠᠨ ᠳᠤ ᠦᠢᠯᠡᠳᠪᠤᠷᠢᠯᠡᠯ ᠤᠨ | ᠲᠠᠯ᠎ᠠ ᠪᠠᠷ ᠨᠡᠯᠢᠶᠡᠳ ᠨᠠᠶᠢᠳᠡᠮ ᠭᠡᠷᠡᠭᠯᠡᠵᠤ ᠪᠠᠶᠢᠭ᠎ᠠ ᠬᠠᠰᠢ ᠵᠠᠯᠭᠠᠵᠤ ᠲᠠᠷᠢᠬᠤ ᠵᠠᠯᠭᠠᠳᠠᠰᠤ ᠶᠢᠨ ᠰᠤᠷᠲ ᠪᠤᠯᠤᠨ᠎ᠠ᠃ | 2. ᠵᠠᠯᠭᠠᠳᠠᠰᠤᠨ ᠦᠷ᠎ᠡ ᠪᠠᠨ ᠭᠡᠷᠭᠢᠨ ᠰᠢᠢᠳᠪᠤᠷᠢᠯᠡᠭᠦ ᠪᠤᠢ︖ | ᠵᠠᠯᠭᠠᠳᠠᠰᠤ ᠶᠢᠨ ᠦᠷ᠎ᠡ ᠪᠠᠨ 55℃ ᠤᠨ ᠤᠰᠤᠨ ᠳᠤ 15 ᠮᠢᠨᠦ᠋ᠲ ᠲᠠᠪᠳᠦᠭᠡᠵᠤ᠂ ᠲᠠᠷᠠᠭ᠎ᠠ ᠪᠠᠷ ᠨᠢ | 20℃~30℃ ᠪᠤᠯᠭᠠᠨ ᠪᠠᠭᠤᠷᠠᠭᠤᠯᠵᠤ᠂ 24 ᠴᠠᠭ ᠲᠠᠪᠳᠦᠭᠡᠵᠤ᠂ ᠲᠠᠭᠢᠨ ᠴᠠᠪᠡᠷ ᠤᠰᠤ ᠪᠠᠷ ᠴᠠᠪᠡᠷᠭᠡᠨ ᠤᠭᠢᠶᠠᠵᠤ᠂ | ᠵᠢᠵᠢᠭ ᠪᠦᠰ ᠤᠭᠤᠳᠠᠨ ᠳᠤ ᠭᠢᠵᠤ᠂ 20℃~30℃ ᠤᠨ ᠲᠤᠯᠠᠭᠠᠨ ᠳᠤ ᠰᠤᠶᠤᠭᠠᠯᠠᠭᠤᠯᠤᠨ᠎ᠠ᠃ ᠵᠠᠯᠭᠠᠪᠴᠢ ᠶᠢᠨ | ᠦᠷ᠎ᠡ ᠠᠴᠠ 20~35 ᠬᠤᠨᠤᠭ ᠤᠷᠢᠳᠴᠢᠯᠠᠵᠤ ᠲᠠᠷᠢᠬᠤ ᠴᠢᠬᠤᠯᠠ ᠲᠠᠢ᠃ | 3. ᠵᠠᠯᠭᠠᠪᠴᠢ ᠶᠢᠨ ᠦᠷ᠎ᠡ ᠳᠤ ᠶᠠᠮᠠᠷ ᠰᠤᠷᠲ ᠢ ᠰᠤᠩᠭᠤᠵᠤ᠂ ᠭᠡᠷᠭᠢᠨ ᠰᠢᠢᠳᠪᠤᠷᠢᠯᠡᠭᠦ ᠪᠤᠢ︖ | ᠵᠠᠯᠭᠠᠪᠴᠢ ᠶᠢᠨ ᠦᠷ᠎ᠡ ᠳᠤ ᠲᠢᠶᠠᠠᠵᠢᠨ ᠤ ᠺᠤᠸᠠᠢ ᠶᠤᠸᠠᠨ ︵快圆︶ ᠬᠠᠰᠢ᠂ ᠰᠢ ᠠᠨ ᠤ ᠨᠤᠭᠤᠭᠠᠨ | ᠬᠠᠰᠢ ᠵᠡᠷᠭᠡ ᠶᠢ ᠰᠤᠩᠭᠤᠵᠤ ᠪᠤᠯᠤᠨ᠎ᠠ᠃ ᠦᠷ᠎ᠡ ᠪᠠᠨ 55℃ ᠤᠨ ᠤᠰᠤᠨ ᠳᠤ 15 ᠮᠢᠨᠦ᠋ᠲ ᠲᠠᠪᠳᠦᠭᠡᠵᠤ᠂ ᠲᠠᠭᠢᠨ | ᠤᠰᠤᠨ ᠤ ᠬᠠᠯᠠᠭᠤᠨ ᠢ 20℃~30℃ ᠪᠤᠯᠭᠠᠨ ᠪᠠᠭᠤᠷᠠᠭᠤᠯᠵᠤ᠂ 12 ᠴᠠᠭ ᠲᠡᠪᠳᠦᠭᠡᠭᠡᠳ᠂ ᠴᠠᠪᠠᠷ ᠤᠰᠤ ᠪᠠᠷ | ᠵᠠᠶᠢᠯᠠᠨ ᠤᠭᠢᠶᠠᠵᠤ᠂ ᠵᠢᠵᠢᠭ ᠪᠦᠰ ᠤᠭᠤᠳᠠᠨ ᠳᠤ ᠭᠢᠵᠤ᠂ ᠨᠦᠢᠳᠡᠨ ᠠᠯᠴᠢᠭᠤᠷ ᠢᠶᠠᠷ ᠪᠤᠭᠤᠵᠤ᠂ | 20℃~30℃ ᠤᠨ ᠲᠤᠯᠠᠭᠠᠨ ᠳᠤ ᠲᠠᠯᠪᠢᠨ ᠰᠤᠶᠤᠭᠠᠯᠠᠭᠤᠯᠤᠨ᠎ᠠ᠃ ᠡᠳᠤᠷ ᠪᠦᠷᠢ 30℃ ᠤᠨ ᠬᠠᠯᠠᠭᠤᠨ ᠤᠰᠤᠨ | ᠳᠤ 2~3 ᠤᠳᠠᠭ᠎ᠠ ᠵᠠᠶᠢᠯᠤᠨ ᠤᠭᠢᠶᠠᠵᠤ᠂ ᠨᠢᠭᠡᠨ ᠭᠠᠷᠠᠭ ᠤᠷᠴᠢᠮ ᠪᠤᠯᠪᠠᠯ ᠰᠤᠶᠤᠭᠠᠯᠠᠳᠠᠭ᠃ | 4. ᠶᠠᠮᠠᠷ ᠴᠠᠭ ᠦᠶ᠎ᠠ ᠳᠤ ᠲᠠᠷᠢᠪᠡᠯ ᠲᠤᠭᠢᠷᠠᠮᠵᠢᠳᠡᠢ ᠪᠤᠢ︖ | | ᠲᠠᠷᠢᠬᠤ ᠴᠠᠭ ᠤᠨ ᠲᠠᠯ᠎ᠠ ᠪᠠᠷ ᠪᠤᠯ ᠡᠪᠤᠯ ᠬᠠᠪᠤᠷ ᠤᠨ ᠭᠤᠤᠷᠰᠤ ᠶᠢᠨ ᠬᠠᠰᠢ ᠶᠢ 7 ᠳ᠋ᠤᠭᠠᠷ ᠰᠠᠷ᠎ᠠ ᠶᠢᠨ | ᠲᠤᠮᠳᠡᠴᠢ ᠠᠴᠠ 8 ᠳ᠋ᠤᠭᠠᠷ ᠰᠠᠷ᠎ᠠ ᠶᠢᠨ ᠲᠤᠮᠳᠡᠴᠢ ᠪᠠᠷ ᠵᠠᠯᠭᠠᠳᠠᠰᠤ ᠶᠢᠨ ᠦᠷ᠎ᠡ ᠪᠠᠨ ᠲᠠᠷᠢᠵᠤ᠂ ᠵᠠᠯᠭᠠᠳᠠᠰᠤ ᠨᠢ | ᠴᠢᠭᠢᠯᠡᠭᠰᠡᠨ ᠤ ᠰᠡᠭᠦᠯᠡᠷ ᠵᠠᠯᠭᠠᠪᠴᠢ ᠪᠠᠨ ᠲᠠᠷᠢᠨ᠎ᠠ᠃ ᠶᠠᠷᠦᠩᠭᠡᠢ ᠳᠡᠭᠡᠨ ᠲᠠᠷᠢᠬᠤ ᠴᠠᠭ ᠢ 25~35 ᠬᠤᠨᠤᠭ ᠤᠨ | ᠵᠦᠷᠢᠶ᠎ᠠ ᠲᠠᠢ ᠪᠠᠶᠢᠯᠭᠠᠨ᠎ᠠ᠃ | ᠲᠠᠷᠢᠬᠤ ᠭᠡᠮᠵᠢᠶ᠎ᠠ ᠶᠢᠨ ᠲᠠᠯ᠎ᠠ ᠪᠠᠷ ᠪᠤᠯ ᠶᠠᠷᠦᠩᠭᠡᠢ ᠳᠡᠭᠡᠨ ᠮᠤ᠋ ᠪᠦᠷᠢ 40~50g ᠭᠡᠷᠡᠭᠯᠡᠨ᠎ᠡ᠃ ᠭᠡᠪᠡᠴᠤ | ᠡᠷᠭᠡᠪᠰᠢ 20% ᠶᠢᠨ ᠪᠡᠯᠡᠳᠭᠡᠯ ᠴᠢᠭᠢ ᠲᠠᠢ ᠪᠠᠶᠢᠬᠤ ᠭᠡᠷᠡᠭᠳᠡᠢ᠃ | ᠲᠠᠷᠢᠬᠤ ᠠᠷᠭ᠎ᠠ ᠶᠢᠨ ᠲᠠᠯ᠎ᠠ ᠪᠠᠷ ᠪᠤᠯ ᠲᠠᠷᠢᠬᠤ ᠠᠴᠠ ᠪᠠᠨ ᠨᠢᠭᠡ ᠡᠳᠤᠷ ᠤᠨ ᠡᠮᠦᠨ᠎ᠠ ᠴᠢᠭᠢ ᠪᠤᠶᠢᠵᠢᠭᠤᠯᠬᠤ | ᠲᠠᠯᠠᠪᠠᠢ ᠪᠠᠨ ᠲᠠᠪᠳᠦᠳᠡᠯ᠎ᠠ ᠤᠰᠤᠯᠠᠨ᠎ᠠ᠃ ᠲᠠᠷᠢᠬᠤ ᠠᠴᠠ ᠪᠠᠨ ᠡᠮᠦᠨ᠎ᠠ ᠪᠠᠰᠠ ᠬᠤᠷᠤᠬᠠᠢ ᠤᠰᠠᠳᠬᠠᠬᠤ ᠡᠮ ᠢ ᠰᠢᠷᠤᠢ | ᠲᠠᠢ ᠬᠤᠯᠢᠨ ᠡᠮᠳᠤ ᠰᠢᠷᠤᠢ ᠪᠤᠯᠭᠠᠵᠤ᠂ ᠨᠠᠶᠢᠳᠡᠮ ᠪᠠᠷᠤᠭ 1cm ᠵᠤᠵᠠᠭᠠᠨ ᠰᠠᠴᠤᠵᠤ᠂ ᠭᠦᠷᠦᠰᠤᠨ ᠲᠤᠤᠷᠠᠭᠢ | ᠭᠦᠨᠦᠭᠡᠯᠳᠤ ᠬᠤᠷᠤᠬᠠᠢ ᠶᠢ ᠰᠡᠷᠭᠡᠶᠢᠯᠡᠵᠤ᠂ ᠪᠠᠰᠠ ᠲᠡᠭᠰᠢ ᠲᠦᠷᠪᠡᠯᠵᠢᠨ ᠮᠧᠲᠷ ᠲᠠᠯᠠᠪᠠᠢ ᠪᠦᠷᠢ 8g 50% ᠶᠢᠨ ᠳ᠋ᠦᠸᠧ | ᠵᠢᠶᠦ᠋ᠨ ᠯᠢᠩ ︵多菌灵︶ ᠡᠮ ᠢ ᠨᠠᠷᠢᠨ ᠰᠢᠷᠤᠢ ᠲᠠᠢ ᠬᠤᠯᠢᠨ ᠵᠢᠭᠳᠡᠭᠡᠨ ᠰᠠᠴᠤᠵᠤ᠂ ᠭᠡᠨᠡᠳᠳᠡ ᠤᠨᠠᠬᠤ ᠭᠡᠮ ᠢ | ᠰᠠᠷᠭᠡᠶᠢᠯᠡᠨ᠎ᠡ᠃ ᠲᠠᠷᠠᠭ᠎ᠠ ᠪᠠᠷ ᠨᠢ ᠵᠠᠯᠭᠠᠳᠠᠰᠤ ᠶᠢᠨ ᠦᠷ᠎ᠡ ᠪᠠᠨ ᠲᠠᠷᠢᠵᠤ᠂ ᠲᠠᠷᠢᠠᠠᠰᠠᠨ ᠤ ᠰᠡᠭᠦᠯᠡᠷ ᠪᠠᠰᠠ ᠰᠠᠶᠢᠵᠠᠳ᠋ᠬᠠᠰᠠᠨ | ᠨᠠᠷᠢᠨ ᠡᠮᠳᠤ ᠰᠢᠷᠤᠢ ᠪᠠᠷ 1cm ᠵᠤᠵᠠᠭᠠᠨ ᠬᠤᠴᠢᠵᠤ ᠲᠠᠷᠤᠠᠠᠰᠠᠨ ᠤ ᠰᠡᠭᠦᠯᠡᠷ ᠪᠦᠷᠭᠦᠭᠦᠯ ᠢᠶᠠᠨ ᠪᠦᠷᠢᠵᠤ ᠵᠢᠵᠢᠭ | ᠰᠠᠷᠠᠪᠴᠢ ᠪᠤᠰᠬᠠᠨ ᠴᠢᠭᠢᠭ ᠲᠤᠯᠠᠭᠠᠨ ᠢ ᠨᠡᠮᠡᠭᠳᠡᠭᠦᠯᠦᠨ᠎ᠠ᠃ ᠡᠳᠤᠷ ᠤᠨ ᠲᠤᠯᠠᠭᠠᠨ ᠤ ᠭᠡᠮᠵᠢᠶ᠎ᠠ ᠶᠢ 25℃~30℃᠂ | ᠰᠦᠨᠢ ᠶᠢᠨ ᠬᠢ ᠶᠢ 18℃ ᠠᠴᠠ ᠲᠡᠭᠡᠭᠰᠢ ᠪᠠᠶᠢᠯᠭᠠᠵᠤ᠂ 3~5 ᠬᠤᠨᠤᠭ ᠪᠤᠯᠵᠤ ᠴᠢᠭᠢᠯᠡᠭᠰᠡᠨ ᠤ ᠰᠡᠭᠦᠯᠡᠷ | ᠪᠦᠷᠭᠦᠭᠦᠯ ᠢᠶᠠᠨ ᠠᠪᠤᠨ᠎ᠠ᠃ | ᠴᠢᠭᠢ ᠰᠠᠯᠭᠠᠬᠤ ᠲᠠᠯ᠎ᠠ ᠪᠠᠷ ᠪᠤᠯ ᠵᠠᠯᠭᠠᠳᠠᠰᠤ ᠶᠢᠨ ᠴᠢᠭᠢ ᠨᠢ 2~3 ᠵᠢᠩᠭᠢᠨᠢ ᠨᠠᠪᠴᠢᠯᠬᠠᠰᠠᠨ ᠦᠶᠡᠰ 10 | × 10cm ᠤᠨ ᠰᠢᠮ᠎ᠠ ᠲᠡᠵᠢᠭᠡᠯᠳᠤ ᠫᠸᠡᠭᠰᠡ ᠳᠤ ᠰᠢᠯᠵᠢᠭᠦᠯᠵᠤ᠂ ᠮᠦᠨ ᠠᠳᠠᠯᠢ ᠪᠠᠷᠢᠮᠵᠢᠶ᠎ᠠ ᠪᠠᠷ ᠵᠠᠯᠭᠠᠪᠴᠢ ᠶᠢᠨ | ᠴᠢᠭᠢ ᠪᠠᠨ ᠴᠢᠭᠢ ᠪᠤᠶᠢᠵᠢᠭᠤᠯᠬᠤ ᠲᠠᠯᠠᠪᠠᠢ ᠳᠠᠭᠠᠨ ᠰᠢᠯᠵᠢᠭᠦᠯᠵᠤ᠂ ᠰᠢᠮ᠎ᠠ ᠲᠡᠵᠢᠭᠡᠯᠳᠤ ᠰᠢᠷᠤᠢ ᠨᠠᠶᠢᠷᠠᠭᠤᠯᠬᠤ ᠪᠠ ᠬᠠᠮᠳᠤ | ᠲᠠᠷᠢᠬᠤ ᠲᠠᠯᠠᠪᠠᠢ ᠪᠠᠨ ᠠᠷᠢᠭᠤᠳᠬᠠᠨ᠎ᠠ᠃ ᠴᠢᠭᠢ ᠰᠠᠯᠭᠠᠠᠠᠰᠠᠨ ᠤ ᠰᠡᠭᠦᠯᠡᠷ ᠲᠠᠷᠦ᠋ᠢᠬᠠᠨ ᠤᠰᠤᠯᠠᠵᠤ᠂ ᠲᠤᠯᠠᠭᠠᠨ ᠴᠢᠭᠢᠭ ᠢ | ᠬᠠᠮᠠᠭᠠᠯᠠᠨ᠂ ᠡᠳᠤᠷ ᠤᠨ ᠲᠤᠯᠠᠭᠠᠨ ᠤ ᠭᠡᠮᠵᠢᠶ᠎ᠠ ᠶᠢ 20℃~30℃᠂ ᠰᠦᠨᠢ ᠶᠢᠨ ᠬᠢ ᠶᠢ 18℃ ᠪᠠᠶᠢᠯᠭᠠᠵᠤ᠂ | ᠵᠠᠯᠠᠳᠤ ᠴᠢᠭᠢ ᠨᠢ ᠭᠡᠪ ᠲᠡᠭᠡᠨ ᠤᠷᠭᠤᠠᠠᠰᠠᠨ ᠤ ᠰᠡᠭᠦᠯᠡᠷ ᠰᠦᠨᠢ ᠶᠢᠨ ᠲᠤᠯᠠᠭᠠᠨ ᠤ ᠭᠡᠮᠵᠢᠶ᠎ᠠ ᠶᠢ 15℃ ᠪᠤᠯᠳᠠᠯ᠎ᠠ | ᠪᠠᠭᠤᠷᠠᠭᠤᠯᠤᠨ᠎ᠠ᠃ | 5. ᠭᠡᠷᠭᠢᠨ ᠵᠠᠯᠭᠠᠬᠤ ᠪᠤᠢ︖ | ᠵᠠᠯᠭᠠᠳᠠᠰᠤ ᠭᠢᠭᠡᠳ ᠵᠠᠯᠭᠠᠪᠴᠢ ᠨᠢ 6~8 ᠨᠠᠪᠴᠢᠯᠠᠵᠤ᠂ ᠡᠰᠢ ᠨᠢ ᠬᠠᠭᠠᠰ ᠮᠤᠳᠤᠴᠢᠯᠠᠵᠤ᠂ 5mm | ᠪᠦᠳᠦᠭᠦᠷᠡᠵᠤ᠂ ᠡᠳᠤᠷ ᠤᠨ ᠲᠤᠯᠠᠭᠠᠨ ᠤ ᠭᠡᠮᠵᠢᠶ᠎ᠠ 18℃~25℃ ᠪᠤᠯᠬᠤ ᠦᠶᠡᠰ ᠡᠭᠢᠯᠡᠨ ᠵᠠᠯᠭᠠᠨ᠎ᠠ᠃ ᠵᠠᠯᠭᠠᠬᠤ | ᠠᠴᠠ ᠪᠠᠨ ᠨᠢᠭᠡ ᠭᠠᠷᠠᠭ ᠤᠨ ᠲᠤᠳᠤᠷ᠎ᠠ ᠬᠠᠰᠢ ᠶᠢᠨ ᠴᠢᠭᠢ ᠪᠠᠨ ᠤᠰᠤᠯᠠᠵᠤ ᠪᠤᠯᠬᠤ ᠦᠭᠡᠢ᠃ ᠵᠠᠯᠭᠠᠬᠤ ᠳᠠᠭᠠᠨ | ᠵᠦᠰᠦᠵᠤ ᠬᠠᠭᠠᠯᠤᠨ ᠵᠠᠯᠭᠠᠬᠤ ᠠᠷᠭ᠎ᠠ ᠪᠠᠷ ᠵᠠᠯᠭᠠᠨ᠎ᠠ᠃ ᠵᠠᠯᠭᠠᠬᠤ ᠳᠤ ᠭᠡᠷᠡᠭᠯᠡᠭᠦ ᠭᠢᠳᠤᠭ᠎ᠠ ᠪᠠᠨ ᠡᠷᠭᠡᠪᠰᠢ 75% ᠶᠢᠨ | ᠰᠫᠢᠷᠲ ᠢᠶᠠᠷ ᠠᠷᠢᠭᠤᠳᠬᠠᠬᠤ ᠭᠡᠷᠡᠭᠳᠡᠢ᠃ ᠵᠠᠯᠭᠠᠬᠤ ᠳᠠᠭᠠᠨ ᠤᠷᠢᠳ ᠢᠶᠠᠷ ᠵᠠᠯᠭᠠᠳᠠᠰᠤᠨ ᠤ ᠭᠤᠷᠪᠡᠳᠤᠭᠠᠷ ᠨᠠᠪᠴᠢᠨ ᠤ | ᠲᠡᠭᠡᠳᠤ ᠭᠡᠰᠡᠭ ᠢ ᠨᠢ ᠲᠠᠰᠤᠳᠠᠵᠤ᠂ ᠲᠠᠷᠠᠭ᠎ᠠ ᠪᠠᠷ ᠨᠢ ᠭᠢᠳᠤᠭ᠎ᠠ ᠪᠠᠷ ᠡᠰᠢᠨ ᠤ ᠲᠤᠮᠳᠠ ᠭᠡᠰᠡᠭ ᠲᠤ 1cm ᠭᠦᠨ ᠡᠭ᠍ᠴᠡ | ᠵᠦᠰᠦᠵᠤ᠂ ᠵᠠᠯᠭᠠᠳᠠᠰᠤ ᠲᠠᠢ ᠨᠠᠷᠢᠨ ᠪᠦᠳᠦᠭᠦᠨ ᠨᠢ ᠠᠳᠠᠯᠢ ᠵᠠᠯᠭᠠᠪᠴᠢ ᠴᠢᠭᠢ ᠶᠢ ᠠᠪᠴᠤ᠂ ᠲᠡᠭᠦᠨ ᠤ ᠬᠠᠭᠠᠰ | ᠮᠤᠳᠤᠴᠢᠯᠬᠠᠰᠠᠨ ᠭᠡᠰᠡᠭ ᠤᠨ ᠲᠤᠤᠷ᠎ᠡ ᠭᠡᠰᠡᠭ ᠢ ᠨᠢ ᠤᠠᠠᠳᠤᠯᠤᠨ ᠬᠠᠶᠠᠵᠤ᠂ 2~3 ᠨᠠᠪᠴᠢ ᠦᠯᠡᠳᠡᠭᠡᠵᠤ᠂ 1cm | ᠭᠢᠷᠢ ᠲᠠᠢ ᠱᠤᠷᠤᠯᠠᠨ | ᠵᠤᠷᠭᠤᠵᠤ᠂ ᠵᠠᠯᠭᠠᠳᠠᠰᠤᠨ ᠤ ᠤᠠᠠᠳᠤᠯᠤᠭᠠᠰᠤᠨ ᠳᠤ ᠰᠢᠭᠠᠨ ᠤᠷᠤᠭᠤᠯᠵᠤ᠂ ᠵᠢᠭᠳᠡ ᠪᠤᠯᠭᠠᠠᠠᠰᠠᠨ ᠤ ᠰᠡᠭᠦᠯᠡᠷ ᠲᠠᠭᠢᠨ | ᠲᠤᠭᠤᠷᠢᠭ ᠵᠠᠯᠭᠠᠯᠳᠠ ᠶᠢᠨ ᠬᠠᠪᠴᠢᠭᠤᠷ ᠢᠶᠠᠷ ᠬᠠᠪᠴᠢᠨ ᠲᠤᠠᠠᠳᠠᠪᠤᠷᠢᠵᠢᠭᠤᠯᠤᠨ᠎ᠠ᠃ ᠭᠡᠷᠪᠡ ᠲᠤᠬᠠᠢ ᠶᠢᠨ ᠦᠶᠡᠰ | ᠵᠠᠯᠭᠠᠪᠴᠢ ᠶᠢᠨ ᠴᠢᠭᠢ ᠭᠡᠳᠦᠷᠭᠡᠢ ᠵᠢᠵᠢᠭ ᠪᠤᠶᠤ ᠨᠠᠷᠢᠨ ᠪᠤᠯ ᠵᠠᠯᠭᠠᠪᠴᠢ ᠶᠢ ᠵᠠᠯᠭᠠᠳᠠᠰᠤ ᠶᠢᠨ ᠡᠰᠢᠨ ᠤ ᠨᠢᠭᠡ ᠲᠠᠯ᠎ᠠ ᠳᠤ | ᠡᠭ᠍ᠴᠡᠯᠡᠨᠡ᠃ ᠢᠡᠭᠭᠢᠪᠡᠯ ᠠᠮᠢᠳᠤᠷᠠᠬᠤ ᠳᠤᠨᠢ ᠠᠰᠢᠠᠠᠳᠠᠢ ᠪᠠᠶᠢᠳᠠᠭ᠃ | 6. ᠵᠠᠯᠭᠠᠠᠠᠰᠠᠨ ᠤ ᠰᠡᠭᠦᠯᠡᠷ ᠴᠢᠭᠢ ᠶᠢ ᠭᠡᠷᠭᠢᠨ ᠠᠷᠠᠴᠢᠯᠠᠬᠤ ᠪᠤᠢ︖ | ᠡᠭᠦᠨ ᠳᠤ 1.2m ᠦᠷᠭᠡᠨ᠂ 60cm ᠦᠨᠳᠤᠷ ᠵᠢᠵᠢᠭ ᠰᠠᠷᠠᠪᠴᠢ ᠭᠠᠷᠭᠠᠵᠤ᠂ ᠴᠢᠭᠢ ᠪᠤᠶᠢᠵᠢᠭᠤᠯᠬᠤ | ᠲᠠᠯᠠᠪᠠᠢ ᠪᠠᠨ ᠰᠠᠶᠢᠳᠤᠷ ᠤᠰᠤᠯᠠᠵᠤ᠂ ᠬᠠᠰᠢ ᠪᠠᠨ ᠵᠠᠯᠭᠠᠠᠠᠰᠠᠨ ᠤ ᠰᠡᠭᠦᠯᠡᠷ ᠲᠠᠷᠦ᠋ᠢᠬᠠᠨ ᠤᠷᠢᠳᠴᠢᠯᠠᠨ ᠪᠡᠯᠡᠳᠭᠡᠭᠰᠡᠨ | ᠰᠦᠯᠢᠶᠤᠤ ᠵᠢᠵᠢᠭ ᠰᠠᠷᠠᠪᠴᠢᠨ ᠳᠠᠭᠠᠨ ᠲᠠᠯᠪᠢᠵᠤ᠂ ᠨᠠᠪᠴᠢᠨ ᠲᠠᠭᠡᠷ᠎ᠡ ᠨᠢ ᠤᠰᠤ ᠰᠦᠷᠴᠢᠨ ᠴᠢᠭᠢᠭ ᠢ ᠨᠢ ᠪᠠᠳᠤᠯᠠᠨ᠎ᠠ᠃ | ᠵᠠᠯᠭᠠᠠᠠᠰᠠᠨ ᠤ ᠰᠡᠭᠦᠯᠡᠷᠭᠢ 3~4 ᠡᠳᠤᠷ ᠲᠤ ᠡᠳᠤᠷ ᠤᠨ ᠲᠤᠯᠠᠭᠠᠨ ᠤ ᠭᠡᠮᠵᠢᠶ᠎ᠠ ᠶᠢ 25℃~28℃᠂ ᠰᠦᠨᠢ ᠶᠢᠨ | ᠲᠤᠯᠠᠭᠠᠨ ᠤ ᠭᠡᠮᠵᠢᠶ᠎ᠠ ᠶᠢ 20℃~22℃ ᠪᠠᠶᠢᠯᠭᠠᠵᠤ᠂ ᠰᠤᠨᠢᠨ ᠤ ᠴᠠᠭᠠᠰᠤ ᠪᠤᠶᠤ ᠭᠡᠷᠡᠯ ᠤᠨ ᠬᠠᠯᠬᠠᠪᠴᠢ ᠪᠠᠷ | ᠭᠡᠷᠡᠯ ᠢ ᠪᠦᠷᠢᠮᠦᠰᠤᠨ ᠬᠠᠯᠬᠠᠯᠠᠵᠤ᠂ ᠭᠡᠢ ᠠᠭᠠᠷ ᠤᠨ ᠴᠢᠭᠢᠭ ᠤᠨ ᠭᠡᠮᠵᠢᠶ᠎ᠠ ᠶᠢ 95% ᠠᠴᠠ ᠲᠡᠭᠡᠭᠰᠢ ᠪᠠᠶᠢᠯᠭᠠᠨ᠎ᠠ᠃ | ᠴᠢᠭᠢᠭ ᠢ ᠬᠠᠮᠠᠭᠠᠯᠠᠬᠤ ᠪᠤᠯ ᠵᠠᠯᠭᠠᠯᠳᠠ ᠶᠢᠨ ᠢᠯᠠᠵᠤ ᠢᠯᠬᠠᠳᠠᠬᠤ ᠶᠢᠨ ᠵᠠᠩᠭᠢᠯᠠᠭ᠎ᠠ ᠮᠦᠨ᠃ ᠵᠠᠯᠭᠠᠠᠠᠰᠠᠨ ᠴᠢᠭᠢ ᠨᠢ | 7~10 ᠡᠳᠤᠷ ᠪᠤᠯᠵᠤ ᠡᠳᠡᠭᠡᠷᠡᠭᠰᠡᠨ ᠤ ᠰᠡᠭᠦᠯᠡᠷ ᠵᠠᠯᠭᠠᠪᠴᠢ ᠡᠭᠢᠯᠡᠨ ᠤᠷᠭᠤᠬᠤ ᠪᠦᠭᠡᠳ ᠵᠠᠯᠭᠠᠳᠠᠰᠤ ᠶᠢᠨ ᠬᠠᠵᠠᠭᠤ ᠶᠢᠨ | ᠨᠠᠭᠢᠶ᠎ᠠ ᠨᠢ ᠴᠤ ᠲᠦᠷᠭᠡᠨ ᠤᠷᠭᠤᠬᠤ ᠲᠤᠯᠠ ᠡᠷᠭᠡᠪᠰᠢ ᠴᠠᠭ ᠲᠠᠷᠤᠢ ᠳᠤᠨᠢ ᠠᠪᠴᠤ ᠬᠠᠶᠠᠬᠤ ᠭᠡᠷᠡᠭᠳᠡᠢ᠃ ᠵᠠᠯᠭᠠᠠᠠᠰᠠᠨ ᠤ | ᠲᠠᠷᠠᠭᠠᠭᠢ 3~4 ᠡᠳᠤᠷ ᠠᠴᠠ ᠡᠭᠢᠯᠡᠨ ᠠᠭᠠᠵᠢᠮ ᠢᠶᠠᠷ ᠭᠡᠷᠡᠯ ᠲᠤᠰᠬᠠᠨ ᠰᠠᠯᠭᠢ ᠨᠡᠪᠳᠡᠷᠡᠭᠦᠯᠵᠤ᠂ ᠴᠢᠭᠢᠭ ᠲᠤᠯᠭᠠᠨ ᠤ | ᠭᠡᠮᠵᠢᠶ᠎ᠠ ᠶᠢ ᠪᠠᠭᠤᠷᠠᠭᠤᠯᠵᠤ᠂ 10 ᠡᠳᠤᠷ ᠠᠴᠠ ᠬᠤᠶᠢᠰᠢ ᠵᠢᠵᠢᠭ ᠰᠠᠷᠠᠪᠴᠢ ᠪᠠᠨ ᠠᠪᠴᠤ ᠶᠠᠷᠤ ᠶᠢᠨ ᠶᠤᠰᠤᠭᠠᠷ | ᠠᠷᠠᠴᠢᠯᠠᠬᠤ ᠭᠡᠷᠡᠭᠳᠡᠢ᠃ ᠠᠷᠠᠴᠢᠯᠠᠬᠤ ᠶᠠᠪᠤᠴᠠ ᠳᠠᠭᠠᠨ ᠵᠠᠯᠭᠠᠳᠠᠰᠤ ᠶᠢᠨ ᠬᠠᠵᠠᠭᠤ ᠶᠢᠨ ᠨᠠᠪᠴᠢ ᠨᠠᠮᠠᠭ᠎ᠠ᠂ ᠰᠢᠷᠠᠯᠬᠠᠰᠠᠨ | ᠨᠠᠪᠴᠢ᠂ ᠦᠭᠦᠭᠰᠡᠨ ᠴᠢᠭᠢ ᠶᠢ ᠲᠠᠷᠦ᠋ᠢᠬᠠᠨ ᠴᠡᠪᠡᠷᠯᠡᠨ ᠠᠪᠴᠤ᠂ ᠲᠤᠮᠤ ᠵᠢᠵᠢᠭ ᠴᠢᠭᠢ ᠶᠢ ᠲᠦᠷᠦᠯ ᠬᠤᠪᠢᠶᠠᠨ | ᠠᠷᠠᠴᠢᠯᠡᠵᠤ᠂ ᠰᠠᠭᠤᠷᠢᠰᠢᠭᠤᠯᠤᠨ ᠲᠠᠷᠢᠬᠤ ᠳᠤ ᠪᠡᠯᠡᠳᠭᠡᠭᠦ ᠭᠡᠷᠡᠭᠳᠡᠢ᠃ | 7. ᠰᠠᠭᠤᠷᠢᠰᠢᠭᠤᠯᠤᠨ ᠲᠠᠷᠢᠠᠠᠰᠠᠨ ᠤ ᠰᠡᠭᠦᠯᠡᠷ ᠶᠠᠮᠠᠷ ᠠᠷᠭ᠎ᠠ ᠪᠠᠷ ᠠᠷᠠᠴᠢᠯᠠᠬᠤ ᠪᠤᠢ︖ | ︵1︶ ᠭᠠᠵᠠᠷ ᠢᠶᠠᠨ ᠲᠡᠭᠰᠢᠯᠡᠨ ᠪᠤᠷᠳᠤᠭᠤᠷ ᠤᠷᠤᠭᠤᠯᠬᠤ᠄ ᠬᠠᠰᠢ ᠶᠢ ᠵᠠᠯᠭᠠᠵᠤ ᠲᠠᠷᠢᠠᠠᠰᠠᠨ ᠤ ᠰᠡᠭᠦᠯᠡᠷ | ᠤᠷᠭᠤᠯᠳᠠ ᠨᠢ ᠢᠳᠡᠷᠡᠭᠦᠨ᠂ ᠬᠤᠷᠢᠶᠠᠯᠳᠠ ᠨᠢ ᠦᠨᠳᠤᠷ ᠪᠤᠯᠬᠤ ᠲᠤᠯᠠ ᠭᠠᠵᠠᠷ ᠢᠶᠠᠨ ᠭᠦᠨ ᠤᠷᠪᠠᠭᠤᠯᠵᠤ᠂ ᠮᠤ᠋ ᠪᠦᠷᠢ | ᠴᠢᠨᠠᠷ ᠰᠠᠶᠢᠳᠠᠢ ᠤᠷᠭᠠᠨᠢᠭ ᠪᠤᠷᠳᠤᠭᠤᠷ ᠢ 5000kg ᠠᠴᠠ ᠲᠡᠭᠡᠭᠰᠢ ᠤᠷᠤᠭᠤᠯᠵᠤ᠂ ᠹᠤᠰᠹᠤᠷ ᠭᠦᠴᠢᠯ ᠤᠨ ᠬᠤᠶᠠᠷᠴᠢ | ᠠᠮᠮᠤᠨᠢ ᠪᠤᠯᠤᠨ ᠭᠦᠭᠦᠷ ᠭᠦᠴᠢᠯ ᠤᠨ ᠺᠠᠯᠢ ᠶᠢ ᠲᠤᠰᠪᠤᠷᠢ 30kg ᠤᠷᠤᠭᠤᠯᠤᠨ᠎ᠠ᠃ ᠲᠠᠭᠢᠨᠳᠡ ᠨᠢᠭᠡ ᠤᠳᠠᠭ᠎ᠠ ᠭᠦᠨ | ᠤᠷᠪᠠᠭᠤᠯᠤᠨ ᠪᠤᠷᠳᠤᠭᠤᠷ ᠰᠢᠷᠤᠢ ᠶᠢ ᠰᠠᠶᠢᠳᠤᠷ ᠬᠤᠯᠢᠭᠠᠳ ᠲᠠᠯᠠᠩ ᠪᠤᠰᠬᠠᠨ᠎ᠠ᠃ ᠲᠠᠯᠠᠩ ᠤᠨ ᠦᠷᠭᠡᠨ ᠢ 80cm᠂ | ᠦᠨᠳᠤᠷ ᠢ 20cm᠂ ᠬᠤᠭᠤᠷᠤᠨᠳᠤᠭᠢ ᠵᠠᠢ ᠶᠢ 50cm ᠪᠠᠶᠢᠯᠭᠠᠨ᠎ᠠ᠃ | ᠨᠠᠮᠤᠭ ᠤᠨ ᠪᠤᠷᠳᠤᠭᠤᠷ ᠲᠠᠢ ᠭᠠᠵᠠᠷ ᠤᠷᠤᠨ ᠪᠤᠯ ᠨᠠᠮᠤᠭ ᠤᠨ ᠰᠢᠭᠠᠷᠤ ᠪᠠᠷ ᠰᠠᠭᠤᠷᠢ ᠪᠤᠷᠳᠤᠭᠤᠷ ᠪᠤᠯᠭᠠᠵᠤ | ᠪᠤᠯᠤᠨ᠎ᠠ᠃ ᠭᠢᠭᠦ ᠠᠷᠭ᠎ᠠ ᠨᠢ ᠭᠡᠪᠡᠯ ᠮᠤ᠋ ᠪᠦᠷᠢ 2000kg ᠰᠠᠶᠢᠳᠤᠷ ᠦᠤᠵᠦ ᠢᠯᠵᠠᠷᠠᠭᠰᠠᠨ ᠨᠠᠮᠤᠭ ᠤᠨ ᠰᠢᠭᠠᠷᠤ ᠶᠢ | ᠰᠠᠭᠤᠷᠢᠰᠢᠭᠤᠯᠤᠨ ᠲᠠᠷᠢᠠᠠᠰᠠᠨ ᠨᠦᠭᠡᠨ ᠳᠡᠭᠡᠨ ᠤᠷᠤᠭᠤᠯᠵᠤ᠂ ᠨᠦᠭᠡᠨ ᠳᠠᠬᠢ ᠰᠢᠷᠤᠢ ᠲᠠᠢ ᠰᠠᠶᠢᠳᠤᠷ ᠬᠤᠯᠢᠠᠠᠰᠠᠨ ᠤ | ᠰᠡᠭᠦᠯᠡᠷ ᠪᠦᠷᠭᠦᠭᠦᠯ ᠢᠶᠠᠷ ᠢᠶᠠᠨ ᠪᠦᠷᠢᠨ᠎ᠠ᠃ | ︵2︶ ᠰᠠᠭᠤᠷᠢᠰᠢᠭᠤᠯᠤᠨ ᠲᠠᠷᠢᠬᠤ ᠨᠢᠠᠠᠳᠠᠴᠠ᠄ ᠰᠠᠭᠤᠷᠢᠰᠢᠭᠤᠯᠤᠨ ᠲᠠᠷᠢᠬᠤ ᠨᠢᠠᠠᠳᠠᠴᠠ ᠶᠢ ᠵᠠᠯᠭᠠᠯᠳᠠ ᠶᠢᠨ | ᠪᠤᠰᠤ ᠴᠢᠭᠢ ᠠᠴᠠ 10% ᠪᠠᠷ ᠪᠠᠭᠤᠷᠠᠭᠤᠯᠵᠤ᠂ ᠲᠤᠮᠤ ᠵᠢᠵᠢᠭ ᠵᠤᠷᠠᠭ᠎ᠠ ᠪᠠᠷ ᠰᠠᠭᠤᠷᠢᠰᠢᠭᠤᠯᠤᠨ ᠲᠠᠷᠢᠵᠤ᠂ ᠲᠤᠮᠤ | ᠵᠤᠷᠠᠭ᠎ᠠ ᠶᠢᠨ ᠵᠠᠢ ᠶᠢ 80cm᠂ ᠨᠠᠷᠢᠨ ᠵᠤᠷᠠᠭ᠎ᠠ ᠶᠢᠨ ᠵᠠᠢ ᠶᠢ 50cm ᠪᠠᠶᠢᠯᠭᠠᠵᠤ᠂ ᠮᠤ᠋ ᠪᠦᠷᠢ 2200~2500 | ᠰᠠᠭᠤᠷᠢ ᠦᠯᠡᠳᠡᠭᠡᠨ᠎ᠡ᠃ ᠰᠠᠭᠤᠷᠢᠰᠢᠭᠤᠯᠤᠨ ᠲᠠᠷᠢᠬᠤ ᠳᠠᠭᠠᠨ ᠵᠠᠯᠭᠠᠭᠠᠰᠤ ᠶᠢ ᠭᠠᠵᠠᠷ ᠠᠴᠠ 3cm ᠦᠨᠳᠤᠷ | ᠪᠠᠶᠢᠯᠭᠠᠬᠤ ᠶᠢ ᠠᠩᠬᠠᠷᠴᠤ᠂ ᠵᠠᠯᠭᠠᠪᠴᠢ ᠳᠤᠨᠢ ᠰᠢᠷᠤᠢ ᠪᠠᠷ ᠲᠠᠮᠵᠢᠵᠤ ᠭᠡᠮ ᠬᠤᠷᠤᠬᠠᠢ ᠬᠠᠯᠳᠠᠪᠤᠷᠢᠯᠡᠬᠤ ᠠᠴᠠ | ᠰᠡᠷᠭᠡᠶᠢᠯᠡᠨ᠎ᠡ᠃ ᠰᠠᠭᠤᠷᠢᠰᠢᠭᠤᠯᠤᠨ ᠲᠠᠷᠢᠠᠠᠰᠠᠨ ᠤ ᠪᠠᠨ ᠰᠡᠭᠦᠯᠡᠷ ᠴᠢᠭᠢ ᠪᠠᠨ ᠰᠠᠶᠢᠳᠤᠷ ᠤᠰᠤᠯᠠᠵᠤ᠂ ᠤᠰᠤ ᠨᠢ | ᠰᠢᠮᠡᠳᠦᠭᠰᠡᠨ ᠤ ᠰᠡᠭᠦᠯᠡᠷ ᠲᠠᠷᠦ᠋ᠢᠬᠠᠨ ᠰᠢᠷᠤᠢ ᠪᠠᠷ ᠪᠠᠭᠢᠯᠡᠵᠤ᠂ ᠴᠢᠭᠢᠭ ᠲᠤᠯᠠᠭᠠᠨ ᠢ ᠬᠠᠮᠠᠭᠠᠯᠠᠨ᠎ᠠ᠃ ᠰᠠᠭᠤᠷᠢᠰᠢᠭᠤᠯᠤᠨ | ᠲᠠᠷᠢᠠᠠᠰᠠᠨ ᠤ ᠪᠠᠨ ᠲᠠᠷᠠᠭ᠎ᠠ ᠵᠠᠯᠭᠠᠰᠤ ᠠᠴᠠ ᠲᠤᠷᠤᠠᠠᠰᠢᠭᠢ ᠨᠠᠪᠴᠢ ᠨᠠᠭᠢᠶ᠎ᠠ ᠶᠢ ᠴᠠᠭ ᠲᠤᠬᠠᠢ ᠳᠤᠨᠢ ᠠᠷᠢᠯᠭᠠᠬᠤ ᠶᠢᠨ | ᠲᠠᠭᠠᠤ ᠬᠠᠰᠢ ᠨᠢ ᠴᠡᠴᠡᠭ ᠲᠡᠯᠭᠡᠷᠡᠵᠤ ᠦᠷᠡᠯᠡᠭᠦ ᠠᠴᠠ ᠨᠢ ᠡᠮᠦᠨ᠎ᠠ ᠵᠠᠯᠭᠠᠯᠳᠠ ᠶᠢᠨ ᠬᠠᠪᠴᠢᠭᠤᠷ ᠢᠶᠠᠨ ᠰᠠᠯᠭᠠᠵᠤ ᠠᠪᠤᠨ᠎ᠠ᠃ | | ︵3︶ ᠴᠢᠭᠢᠭ ᠲᠤᠯᠠᠭᠠᠨ ᠤ ᠬᠠᠮᠢᠶᠠᠷᠤᠯᠳᠠ᠄ ᠬᠠᠰᠢ ᠪᠤᠯ ᠲᠤᠯᠠᠭᠠᠨ ᠴᠢᠨᠠᠷ ᠲᠠᠢ ᠤᠷᠭᠤᠮᠠᠯ ᠮᠦᠨ᠃ | ᠤᠮᠠᠷᠠᠳᠤ ᠤᠷᠤᠨ ᠳᠤ ᠡᠪᠤᠯ ᠤᠨ ᠤᠯᠠᠷᠢᠯ ᠳᠤ ᠨᠠᠷᠠᠨ ᠤ ᠭᠡᠷᠡᠯ ᠤᠨ ᠭᠦᠯᠡᠮᠵᠢᠨ ᠳᠤ ᠲᠠᠷᠢᠬᠤ ᠳᠠᠭᠠᠨ ᠭᠦᠪᠤᠩ ᠭᠦᠨᠵᠢᠯᠡ | ᠪᠤᠶᠤ ᠤᠯᠠᠨ ᠲᠠᠪᠬᠤᠷ ᠴᠠᠭᠠᠰᠤᠨ ᠪᠦᠳᠡᠭᠡᠯᠭᠡ ᠪᠠᠷ ᠪᠦᠳᠡᠭᠡᠭᠦ ᠭᠡᠷᠡᠭᠳᠡᠢ᠃ 1᠂ 2 ᠳ᠋ᠤᠭᠠᠷ ᠰᠠᠷ᠎ᠠ ᠳᠤ ᠡᠳᠤᠷ ᠤᠨ | ᠲᠤᠯᠠᠭᠠᠨ ᠤ ᠭᠡᠮᠵᠢᠶ᠎ᠠ ᠶᠢ ᠠᠯᠢ ᠴᠢᠳᠠᠬᠤ ᠪᠠᠷ 28℃~32℃᠂ ᠰᠦᠨᠢ ᠶᠢᠨ ᠬᠢ ᠶᠢ 15℃~20℃ ᠪᠠᠶᠢᠯᠭᠠᠵᠤ᠂ | ᠦᠷᠯᠦᠭᠡ ᠡᠷᠳᠡ 13℃ ᠪᠤᠯᠳᠠᠯ᠎ᠠ ᠪᠠᠭᠤᠷᠠᠭᠤᠯᠬᠤ ᠭᠡᠷᠡᠭᠳᠡᠢ᠃ ᠦᠳᠡ ᠶᠢᠨ 12 ᠴᠠᠭ ᠠᠴᠠ 13 ᠴᠠᠭ ᠲᠤ ᠰᠠᠯᠭᠢᠨ ᠤ | ᠠᠮᠠ ᠶᠢ ᠨᠡᠭᠡᠭᠡᠵᠤ᠂ ᠴᠢᠭᠢᠭ ᠢ ᠨᠢ ᠭᠠᠷᠭᠠᠨ ᠭᠡᠢ ᠠᠭᠠᠷ ᠢ ᠰᠤᠯᠢᠬᠤ ᠭᠡᠷᠡᠭᠳᠡᠢ᠃ ᠭᠠᠵᠠᠷ ᠤᠨ ᠲᠤᠯᠠᠭᠠᠨ ᠢ ᠲᠡᠭᠡᠭᠰᠢᠯᠡᠭᠦᠯᠭᠦ | ᠪᠠ ᠴᠢᠭᠢᠭ ᠤᠨ ᠭᠡᠮᠵᠢᠶ᠎ᠠ ᠶᠢ ᠪᠠᠭᠤᠷᠠᠭᠤᠯᠬᠤ ᠶᠢᠨ ᠲᠤᠰᠠᠳᠠ ᠲᠠᠯᠠᠩ ᠤᠨ ᠭᠤᠤ ᠳᠠᠭᠠᠨ 5cm ᠵᠤᠵᠠᠭᠠᠨ ᠡᠪᠡᠰᠤ | ᠲᠠᠪᠢᠰᠴᠤ ᠪᠤᠯᠤᠨ᠎ᠠ᠃ ᠴᠢᠩᠭ᠎ᠠ ᠭᠦᠢᠳᠡᠨ ᠠᠭᠤᠷ ᠠᠮᠢᠰᠬᠤᠯ ᠲᠤᠭᠢᠶᠠᠯᠳᠤᠪᠠᠯ᠂ ᠰᠠᠷᠠᠪᠴᠢᠨ ᠤ ᠲᠤᠯᠠᠭᠠᠨ ᠢᠶᠠᠨ ᠠᠯᠢ | ᠴᠢᠳᠠᠬᠤ ᠪᠠᠷ ᠨᠡᠮᠡᠭᠳᠡᠭᠦᠯᠵᠤ᠂ ᠭᠡᠷᠡᠮ ᠢ ᠵᠤᠵᠠᠭᠠᠯᠠᠬᠤ ᠠᠷᠭ᠎ᠠ ᠪᠠᠷ ᠭᠦᠯᠡᠮᠵᠢᠨ ᠤ ᠪᠠᠨ ᠲᠤᠳᠤᠷ᠎ᠠ ᠤᠯᠠᠨ ᠲᠠᠪᠬᠤᠷ | ᠴᠠᠭᠠᠰᠤᠨ ᠪᠦᠳᠡᠭᠡᠯᠭᠡ ᠨᠡᠮᠡᠪᠡᠯ ᠭᠦᠢᠳᠡᠨ ᠠᠭᠤᠷ ᠠᠮᠢᠰᠬᠤᠯ ᠤᠨ ᠨᠦᠯᠦᠭᠡ ᠶᠢ ᠪᠦᠳᠦᠮᠵᠢᠳᠡᠢ ᠪᠠᠷ ᠰᠡᠷᠭᠡᠶᠢᠯᠡᠵᠤ ᠴᠢᠳᠠᠨ᠎ᠠ᠃ | ᠴᠡᠴᠡᠭ ᠲᠡᠯᠭᠡᠷᠡᠵᠤ ᠵᠢᠮᠢᠰᠯᠡᠭᠦ ᠬᠤᠭᠤᠴᠠᠭᠠᠨ ᠳᠤ ᠡᠳᠤᠷ ᠤᠨ ᠲᠤᠯᠠᠭᠠᠨ ᠤ ᠭᠡᠮᠵᠢᠶ᠎ᠠ ᠶᠢ 28℃~32℃᠂ ᠡᠮᠦᠨ᠎ᠠ | ᠬᠠᠭᠠᠰ ᠰᠦᠨᠢ ᠶᠢᠨ ᠬᠢ ᠶᠢ 18℃~24℃᠂ ᠰᠡᠭᠦᠯ ᠤᠨ ᠬᠠᠭᠠᠰ ᠰᠦᠨᠢ ᠶᠢᠨ ᠬᠢ ᠶᠢ 15℃~18℃ | ᠪᠠᠶᠢᠯᠭᠠᠵᠤ᠂ 3 ᠳ᠋ᠤᠭᠠᠷ ᠰᠠᠷ᠎ᠠ ᠳᠤ ᠲᠤᠯᠠᠭᠠᠨ ᠤ ᠭᠡᠮᠵᠢᠶ᠎ᠠ ᠦᠨᠳᠤᠷᠵᠢᠭᠦ ᠶᠢ ᠲᠠᠭᠠᠯᠳᠤᠭᠤᠯᠤᠨ᠂ ᠰᠠᠯᠭᠢ ᠨᠡᠪᠳᠡᠷᠡᠭᠦᠯᠭᠦ | ᠠᠮᠠ ᠪᠠ ᠰᠠᠯᠭᠢ ᠨᠡᠪᠳᠡᠷᠭᠦᠯᠭᠦ ᠴᠠᠭ ᠢᠶᠠᠨ ᠢᠳᠡᠭ ᠢᠳᠡᠭ ᠢᠶᠠᠷ ᠨᠡᠮᠡᠭᠳᠡᠭᠦᠯᠭᠦ ᠭᠡᠷᠡᠭᠳᠡᠢ᠃ | ︵4︶ ᠭᠡᠷᠡᠯ ᠤᠨ ᠲᠤᠰᠤᠯᠳᠠ ᠶᠢᠨ ᠬᠠᠮᠢᠶᠠᠷᠤᠯᠳᠠ᠄ ᠬᠠᠰᠢ ᠶᠢᠨ ᠤᠷᠭᠤᠯᠳᠠ ᠨᠢ ᠭᠡᠷᠡᠯ ᠤᠨ ᠲᠤᠰᠤᠯᠳᠠ ᠳᠤ | ᠮᠠᠰᠢ ᠴᠢᠩᠭ᠎ᠠ ᠱᠠᠭᠠᠷᠳᠠᠯᠭ᠎ᠠ ᠲᠠᠢ ᠪᠠᠶᠢᠳᠠᠭ᠃ ᠬᠠᠭᠢᠷ ᠡᠪᠤᠯ ᠤᠨ ᠤᠯᠠᠷᠢᠯ ᠳᠤ ᠭᠦᠯᠡᠮᠵᠢ ᠶᠢᠨ ᠢᠶᠠᠨ ᠠᠷᠤ | ᠲᠤᠯᠭᠠᠭᠤᠷᠢ ᠶᠢᠨ ᠵᠡᠭᠦᠨ ᠪᠠᠷᠠᠭᠤᠨ ᠴᠢᠭᠯᠡᠯ ᠤᠨ ᠲᠠᠮᠤᠷ ᠤᠳᠠᠰᠤᠨ ᠲᠡᠭᠡᠷ᠎ᠡ ᠭᠡᠷᠡᠯ ᠤᠨ ᠤᠶᠢᠯᠳᠡ ᠶᠢᠨ ᠭᠦᠰᠢᠭᠡ ᠲᠠᠳᠠᠪᠠᠯ | ᠨᠠᠷᠠᠨ ᠤ ᠭᠡᠷᠡᠯ ᠨᠢ ᠤᠶᠢᠯᠳᠡ ᠶᠢᠨ ᠭᠦᠰᠢᠭᠡᠨ ᠲᠡᠭᠡᠷ᠎ᠡ ᠲᠤᠰᠤᠠᠠᠰᠠᠨ ᠤ ᠰᠡᠭᠦᠯᠡᠷ ᠤᠷᠭᠤᠮᠠᠯ ᠪᠤᠶᠤ ᠭᠠᠵᠠᠷ ᠲᠡᠭᠡᠷ᠎ᠡ ᠤᠶᠢᠵᠦ | ᠲᠤᠰᠴᠤ᠂ ᠭᠡᠷᠡᠯ ᠤᠨ ᠨᠦᠭᠦᠴᠡᠯ ᠢ ᠰᠠᠶᠢᠵᠢᠷᠠᠭᠤᠯᠵᠤ᠂ ᠭᠡᠷᠡᠯ ᠤᠨ ᠲᠤᠰᠤᠯᠳᠠ ᠶᠢ ᠨᠡᠮᠡᠭᠳᠡᠭᠦᠯᠵᠤ᠂ ᠭᠠᠵᠠᠷ ᠤᠨ | ᠲᠤᠯᠠᠭᠠᠨ ᠢ ᠲᠡᠭᠡᠭᠰᠢᠯᠡᠭᠦᠯᠭᠦ ᠦᠢᠯᠡᠳᠦᠯ ᠦᠵᠡᠭᠦᠯᠵᠤ ᠲᠠᠶᠢᠯᠦᠨ᠎ᠠ᠃ ᠡᠭᠦᠨ ᠠᠴᠠ ᠭᠠᠳᠠᠨ᠎ᠠ ᠪᠠᠰᠠ ᠪᠦᠷᠭᠦᠭᠦᠯ ᠤᠨ ᠢᠶᠠᠨ | ᠦᠡᠭᠭᠡᠨ ᠲᠠᠯ᠎ᠠ ᠶᠢᠨ ᠭᠭᠢᠷ ᠲᠤᠭᠤᠰᠤ ᠶᠢ ᠦᠷᠭᠦᠯᠵᠢ ᠴᠡᠪᠡᠷᠯᠡᠨ ᠠᠷᠢᠯᠭᠠᠵᠤ᠂ ᠭᠡᠷᠡᠯ ᠤᠨ ᠨᠡᠪᠳᠡᠷᠡᠯᠳᠡ ᠶᠢ ᠨᠡᠮᠡᠭᠳᠡᠭᠦᠯᠭᠦ | ᠭᠡᠷᠡᠭᠳᠡᠢ᠃ ᠪᠠᠰᠠ ᠪᠦᠷᠭᠦᠭᠦᠯ ᠢᠶᠠᠨ ᠡᠷᠳᠡ ᠨᠡᠬᠡᠬᠡᠵᠦ᠂ ᠤᠷᠤᠢ ᠪᠦᠳᠡᠭᠡᠨ᠂ ᠭᠡᠷᠡᠯ ᠤᠨ ᠲᠤᠰᠤᠯᠳᠠ ᠶᠢᠨ ᠴᠠᠭ ᠢ | ᠤᠷᠳᠤᠳᠬᠠᠬᠤ ᠪᠠ ᠪᠦᠷᠭᠦᠭ ᠴᠠᠰᠤ ᠲᠠᠢ ᠡᠳᠤᠷ ᠭᠦᠯᠡᠮᠵᠢᠨ ᠳᠡᠭᠡᠨ ᠭᠡᠷᠡᠯᠳᠦᠭᠦᠯᠭᠡ ᠶᠢᠨ ᠪᠡᠯᠡᠳᠭᠡᠮᠵᠢ ᠲᠤᠭᠢᠷᠠᠭᠤᠯᠬᠤ | ᠭᠡᠷᠡᠭᠳᠡᠢ᠃ | ︵5︶ ᠤᠰᠤ ᠪᠤᠷᠳᠤᠭᠤᠷ ᠤᠨ ᠬᠠᠮᠢᠶᠠᠷᠤᠯᠳᠠ᠄ ᠰᠠᠭᠤᠷᠢᠰᠢᠭᠤᠯᠤᠨ ᠲᠠᠷᠢᠵᠤ ᠴᠢᠭᠢᠯᠡᠯᠳᠡ ᠶᠢᠨ ᠤᠰᠤᠯᠠᠯᠳᠠ | ᠭᠢᠭᠰᠡᠨ ᠠᠴᠠ ᠬᠤᠶᠢᠰᠢ ᠬᠠᠰᠢ ᠭᠠᠷᠬᠤ ᠭᠦᠷᠳᠡᠯ᠎ᠠ ᠤᠰᠤᠯᠠᠬᠤ ᠭᠡᠷᠡᠭᠳᠡᠢ᠃ ᠤᠰᠤᠯᠠᠯᠳᠠ ᠲᠠᠢ ᠤᠶᠠᠯᠳᠤᠭᠤᠯᠤᠨ ᠤᠳᠠᠭ᠎ᠠ | ᠪᠤᠯᠭᠠᠨ ᠮᠤ᠋ ᠪᠦᠷᠢ 15~20kg ᠰᠢᠭᠡᠰᠦᠯᠢᠭ ᠡᠳ᠋ ᠪᠤᠶᠤ ᠬᠤᠶᠠᠷᠴᠢ ᠠᠮᠮᠤᠨᠢ᠂ 10kg ᠭᠦᠭᠦᠷ ᠭᠦᠴᠢᠯ ᠤᠨ ᠺᠠᠯᠢ | ᠨᠦᠭᠦᠨ ᠤᠷᠤᠭᠤᠯᠵᠤ᠂ 12 ᠳ᠋ᠤᠭᠠᠷ ᠰᠠᠷ᠎ᠠ ᠳᠤ ᠵᠢᠮᠢᠰᠯᠡᠭᠦ ᠬᠤᠭᠤᠴᠠᠭᠠᠨ ᠳᠤ 7~10 ᠡᠳᠤᠷ ᠲᠤ ᠨᠢᠭᠡ ᠤᠳᠠᠭ᠎ᠠ | ᠤᠰᠤᠯᠠᠵᠤ᠂ 2 ᠳ᠋ᠤᠭᠠᠷ ᠰᠠᠷ᠎ᠠ ᠠᠴᠠ ᠬᠤᠶᠢᠰᠢ 4~6 ᠡᠳᠤᠷ ᠪᠦᠷᠢ ᠨᠢᠭᠡ ᠤᠳᠠᠭ᠎ᠠ ᠤᠰᠤᠯᠠᠬᠤ ᠶᠢᠨ ᠲᠠᠭᠠᠤ | ᠪᠤᠷᠳᠤᠭᠤᠷ ᠤᠷᠤᠭᠤᠯᠬᠤ ᠭᠡᠷᠡᠭᠳᠡᠢ᠃ ᠵᠢᠮᠢᠰᠯᠡᠭᠦ ᠬᠤᠭᠤᠴᠠᠭᠠᠨ ᠳᠤᠨᠢ ᠨᠡᠭᠦᠷᠡᠰᠦᠳᠦ᠋ᠷᠦᠭᠴᠢ ᠶᠢᠨ ᠲᠠᠪᠬᠤᠷ ᠢᠰᠦᠯ ᠤᠨ | ᠭᠡᠶᠢᠳᠤ ᠪᠤᠷᠳᠤᠭᠤᠷ ᠨᠡᠮᠡᠨ ᠤᠷᠤᠭᠤᠯᠵᠤ᠂ ᠤᠨᠠᠯᠳᠠ ᠶᠢ ᠨᠢ ᠨᠡᠮᠡᠭᠳᠡᠭᠦᠯᠭᠦ ᠭᠡᠷᠡᠭᠳᠡᠢ᠃ ᠪᠤᠷᠳᠤᠭᠤᠷ ᠨᠡᠮᠡᠵᠤ | ᠤᠷᠤᠭᠤᠯᠬᠤ ᠶᠢᠨ ᠲᠦᠭᠦᠮ ᠠᠷᠭ᠎ᠠ ᠭᠡᠪᠡᠯ ① ᠲᠡᠭᠦᠵᠢᠯᠡᠭᠦᠷ ᠤᠭᠤᠳᠠᠳᠤ ᠨᠡᠭᠦᠷᠡᠰᠦᠳᠦ᠋ᠷᠦᠭᠴᠢ ᠶᠢᠨ ᠲᠠᠪᠬᠤᠷ ᠢᠰᠦᠯ ᠤᠨ | ᠭᠡᠶᠢᠳᠤ ᠪᠤᠷᠳᠤᠭᠤᠷ ᠢ ᠤᠷᠤᠭᠤᠯᠬᠤ ᠳᠤ ᠶᠠᠮᠠᠷᠪᠡ ᠤᠰᠤ᠂ ᠴᠠᠭᠢᠯᠭᠠᠨ ᠤ ᠭᠠᠳᠠᠭᠠᠳᠤ ᠨᠦᠭᠦᠴᠡᠯ ᠢ ᠭᠡᠷᠡᠭᠰᠡᠭᠦ ᠦᠭᠡᠢ᠂ | ᠵᠦᠪᠭᠡᠨ ᠭᠡᠶᠢᠳᠤ ᠪᠤᠷᠳᠤᠭᠤᠷ ᠢᠶᠠᠨ ᠤᠷᠭᠤᠮᠠᠯ ᠠᠴᠠ 50cm ᠦᠨᠳᠤᠷ ᠲᠤ ᠲᠡᠭᠦᠵᠢᠯᠡᠨ ᠲᠠᠯᠪᠢᠵᠤ᠂ ᠮᠤ᠋ ᠪᠦᠷᠢ ᠵᠢᠭᠳᠡ | ᠳᠤᠨᠢ 20 ᠤᠭᠤᠳᠠ ᠲᠡᠭᠦᠵᠢᠯᠡᠪᠡᠯ᠂ ᠡᠳᠤᠷ ᠲᠡᠭᠡᠨ ᠨᠠᠷᠠᠨ ᠤ ᠭᠡᠷᠡᠯ ᠤᠨ ᠲᠤᠰᠤᠯᠳᠠ ᠲᠤᠤᠷ᠎ᠠ᠂ ᠠᠶᠠᠠᠳᠠᠭᠠᠨ | ᠨᠡᠭᠦᠷᠡᠰᠦᠳᠦ᠋ᠷᠦᠭᠴᠢ ᠶᠢᠨ ᠲᠠᠪᠬᠤᠷ ᠢᠰᠦᠯ ᠤᠨ ᠭᠡᠢ ᠪᠠᠶᠡᠳᠤ ᠪᠤᠯᠵᠤ᠂ ᠤᠷᠤᠢ ᠨᠠᠷᠠᠨ ᠤ ᠭᠡᠷᠡᠯ ᠦᠭᠡᠢ ᠪᠤᠯᠪᠠᠯ ᠭᠡᠢ | ᠪᠡᠶᠡᠳᠤ ᠨᠢ ᠦᠭᠡᠢ ᠪᠤᠯᠵᠤ᠂ ᠰᠠᠷ᠎ᠠ ᠤᠷᠴᠢᠮ ᠦᠷᠭᠦᠯᠵᠢᠯᠡᠨ ᠭᠡᠷᠡᠭᠯᠡᠵᠤ ᠪᠤᠯᠤᠨ᠎ᠠ᠃ ᠲᠠᠷᠠ ᠨᠢ ᠦᠪᠠᠷ ᠤᠨ ᠦᠷᠳᠡᠭ | ᠲᠤᠤᠷ᠎ᠠ᠂ ᠠᠵᠢᠯᠯᠠᠬᠤ ᠳᠤ ᠠᠮᠠᠷᠬᠠᠨ᠂ ᠠᠶᠤᠯ ᠦᠬᠡᠢ ᠪᠦᠭᠡᠳ ᠲᠦᠭᠦᠮ᠂ ᠭᠡᠮᠳᠤᠯ ᠢ ᠰᠡᠷᠭᠡᠶᠢᠯᠡᠵᠤ ᠡᠰᠡᠷᠭᠦᠴᠡᠭᠦ ᠨᠢ | ᠰᠠᠶᠢᠨ᠂ ᠬᠤᠷᠢᠶᠠᠯᠳᠠ ᠶᠢ ᠨᠡᠮᠡᠭᠳᠡᠭᠦᠯᠳᠡᠭ ᠪᠠ ᠲᠠᠷᠢᠮᠠᠯ ᠳᠤ ᠶᠠᠮᠠᠷ ᠴᠤ ᠬᠤᠤᠷ ᠭᠦᠨᠦᠭᠡᠯ ᠦᠭᠡᠢ ᠪᠦᠭᠡᠳ ᠤᠷᠴᠢᠨ | ᠲᠤᠭᠤᠷᠢᠨ ᠳᠤ ᠴᠤ ᠪᠤᠭᠢᠷᠳᠤᠯ ᠪᠤᠯᠳᠠᠭ ᠦᠭᠡᠢ᠃ ② ᠨᠠᠮᠤᠭ ᠤᠨ ᠭᠡᠢ ᠲᠠᠢ ᠭᠠᠵᠠᠷ ᠤᠷᠤᠨ ᠪᠤᠯ ᠭᠦᠯᠡᠮᠵᠢᠨ ᠲᠤᠳᠤᠷ᠎ᠡ | ᠪᠠᠨ ᠨᠠᠮᠤᠭ ᠤᠨ ᠭᠡᠢ ᠶᠢᠨ ᠳ᠋ᠧᠩ ᠠᠰᠠᠭᠠᠵᠤ᠂ ᠨᠡᠭᠦᠷᠡᠰᠦᠳᠦ᠋ᠷᠦᠭᠴᠢ ᠶᠢᠨ ᠲᠠᠪᠬᠤᠷ ᠢᠰᠦᠯ ᠤᠨ ᠭᠡᠢ ᠪᠡᠶᠡᠳᠤ ᠶᠢ ᠪᠤᠢ | ᠪᠤᠯᠭᠠᠵᠤ᠂ ᠭᠦᠯᠡᠮᠵᠢᠨ ᠤ ᠨᠡᠭᠦᠷᠡᠰᠦᠳᠦ᠋ᠷᠦᠭᠴᠢ ᠶᠢᠨ ᠲᠠᠪᠬᠤᠷ ᠢᠰᠦᠯ ᠤᠨ ᠦᠳᠭᠡᠴᠡ ᠶᠢ ᠨᠡᠮᠡᠭᠳᠡᠭᠦᠯᠵᠤ᠂ ᠤᠷᠭᠤᠮᠠᠯ ᠤᠨ | ᠭᠡᠷᠡᠯ ᠤᠨ ᠨᠡᠶᠢᠯᠡᠯᠭᠡ ᠶᠢᠨ ᠦᠷ᠎ᠡ ᠪᠦᠳᠦᠭᠡᠯ ᠢ ᠲᠡᠭᠡᠭᠰᠢᠯᠡᠭᠦᠯᠭᠦ ᠪᠠᠷ ᠲᠠᠮᠵᠢᠭᠤᠯᠤᠨ ᠬᠤᠷᠢᠶᠠᠯᠳᠠ ᠶᠢ ᠨᠡᠮᠡᠭᠳᠡᠭᠦᠯᠵᠤ ᠪᠤᠯᠤᠨ᠎ᠠ | ᠃ | ︵6︶ ᠴᠡᠴᠡᠭ ᠨᠢ ᠵᠤᠯᠭᠠᠷᠠᠬᠤ ᠶᠢ ᠰᠡᠷᠭᠡᠶᠢᠯᠡᠭᠦ᠄ ᠴᠡᠴᠡᠭ ᠲᠡᠯᠭᠡᠷᠡᠭᠡᠳ 1~2 ᠡᠳᠤᠷ ᠤᠨ ᠲᠤᠳᠤᠷ᠎ᠠ᠂ | ᠬᠠᠰᠢ ᠶᠢᠨ ᠡᠯᠪᠡᠭ ᠬᠤᠷᠢᠶᠠᠯᠳᠠ ᠶᠢᠨ 2 ᠨᠤᠮᠧᠷᠳᠤ ᠵᠠᠨ ᠬᠤᠸᠠ ︵沾花︶ ᠡᠮ ᠢ ᠭᠡᠷᠡᠭᠯᠡᠭᠦ ᠭᠡᠷᠡᠭᠳᠡᠢ᠃ ᠪᠠᠰᠨ | ᠭᠦᠭᠡᠴᠤ ᠭᠡᠮ ᠢ ᠰᠡᠷᠭᠡᠶᠢᠯᠡᠭᠦ ᠶᠢᠨ ᠲᠤᠰᠠᠳᠠ᠂ ᠵᠠᠨ ᠬᠤᠸᠠ ︵沾花︶ ᠡᠮ ᠳᠤ 0.1% ᠶᠢᠨ ᠰᠦ᠋ ᠺᠧ ᠯᠢᠩ ︵苏 | 克灵︶ ᠲᠠᠷᠢᠶᠠᠨ ᠡᠮ ᠢ ᠨᠡᠮᠡᠨ ᠭᠡᠷᠡᠭᠯᠡᠭᠦ ᠭᠡᠷᠡᠭᠳᠡᠢ᠃ | ︵7︶ ᠰᠠᠯᠠᠭ᠎ᠠ ᠨᠠᠮᠠᠭ᠎ᠠ ᠶᠢ ᠨᠢ ᠵᠠᠰᠠᠬᠤ᠄ ᠭᠤᠤᠯ ᠬᠠᠰᠢ ᠠᠴᠠ ᠲᠤᠷᠤᠠᠠᠰᠢᠭᠢ ᠰᠠᠯᠠᠭ᠎ᠠ ᠪᠠ ᠭᠠᠵᠠᠷ ᠲᠠᠢ | ᠨᠠᠭᠠᠯᠳᠤᠠᠠᠰᠠᠨ ᠭᠦᠭᠰᠢᠨ ᠨᠠᠪᠴᠢ ᠶᠢ ᠪᠦᠭᠦᠨ ᠢ ᠠᠪᠴᠤ ᠬᠠᠶᠠᠬᠤ ᠭᠡᠷᠡᠭᠳᠡᠢ᠃ ᠵᠠᠯᠭᠠᠳᠠᠰᠤᠨ ᠲᠡᠭᠡᠷᠡᠭᠢ ᠰᠠᠯᠠᠭ᠎ᠠ ᠶᠢ ᠴᠠᠭ | ᠲᠠᠷᠤᠢ ᠳᠤᠨᠢ ᠠᠪᠴᠤ ᠬᠠᠶᠠᠬᠤ ᠭᠡᠷᠡᠭᠳᠡᠢ᠃ ᠰᠡᠭᠦᠯᠴᠢ ᠶᠢᠨ ᠬᠤᠭᠤᠴᠠᠭᠠᠨ ᠳᠤ ᠤᠳᠠᠰᠤ ᠪᠠᠷ ᠵᠠᠯ᠎ᠠ ᠶᠢ ᠨᠢ ᠲᠡᠭᠦᠵᠢᠯᠡᠵᠤ᠂ | ᠨᠠᠯᠡᠵᠤ ᠤᠨᠠᠬᠤ ᠠᠴᠠ ᠰᠡᠷᠭᠡᠶᠢᠯᠡᠭᠦ ᠭᠡᠷᠡᠭᠳᠡᠢ᠃ | 8. ᠬᠠᠰᠢ ᠶᠢᠨ ᠭᠡᠮ ᠬᠤᠷᠤᠬᠠᠢ ᠶᠢᠨ ᠭᠦᠨᠦᠭᠡᠯ ᠢ ᠭᠡᠷᠭᠢᠨ ᠰᠡᠷᠭᠡᠶᠢᠯᠡᠨ ᠵᠠᠰᠠᠬᠤ ᠪᠤᠢ︖ | ᠹᠢᠽᠢᠺ ᠤᠨ ᠠᠷᠭ᠎ᠠ᠄ ᠲᠠᠷᠢᠶᠠᠯᠠᠩ ᠤᠨ ᠠᠷᠭ᠎ᠠ᠂ ᠭᠢᠮᠢ ᠶᠢᠨ ᠠᠷᠭ᠎ᠠ ᠶᠢ ᠭᠡᠷᠡᠭᠯᠡᠨ᠂ ᠴᠠᠭᠠᠨ ᠲᠤᠭᠤᠰᠤᠳᠤ | ᠪᠦᠭᠡᠰᠤ᠂ ᠪᠠᠭᠠᠷᠠᠩ ᠬᠤᠷᠤᠬᠠᠢ᠂ ᠠᠮᠧᠷᠢᠺᠠ ᠲᠢᠪ ᠤᠨ ᠲᠤᠯᠪᠤᠳᠤ ᠢᠯᠠᠭ᠎ᠠ ᠶᠢᠨ ᠨᠢᠠᠠᠳᠠᠴᠠ ᠶᠢ ᠪᠠᠭᠤᠷᠠᠭᠤᠯᠵᠤ᠂ ᠭᠢᠮᠢ ᠶᠢᠨ | ᠠᠷᠭ᠎ᠠ ᠪᠠᠷ ᠴᠠᠢ ᠶᠢᠨ ᠰᠢᠷ᠎ᠠ ᠬᠠᠴᠢᠭ ᠤᠨ ᠭᠦᠨᠦᠭᠡᠯ ᠢ ᠭᠢᠵᠠᠭᠠᠷᠯᠠᠨ᠎ᠠ᠃ | ︵1︶ ᠴᠠᠭᠠᠨ ᠲᠤᠭᠤᠰᠤᠳᠤ ᠪᠦᠭᠡᠰᠤ ᠶᠢ ᠰᠡᠷᠭᠡᠶᠢᠯᠡᠭᠦ ᠠᠷᠭ᠎ᠠ᠄ ᠡᠮ ᠢᠶᠠᠷ ᠰᠡᠷᠭᠡᠶᠢᠯᠡᠨ ᠵᠠᠰᠠᠬᠤ ᠳᠤ᠂ 2000 | ᠲᠠᠭᠢᠨ ᠵᠢᠤᠢ ᠮᠡ ︵菊马︶ ᠲᠤᠰᠤᠨ ᠡᠮ᠂ ᠯᠤ᠋ ᠴᠢᠩ ᠰᠢᠨ ︵氯氰锌︶ ᠲᠤᠰᠤᠨ ᠡᠮ᠂ ᠮᠢᠶᠧ ᠰᠤᠤ | ᠯᠢ ︵灭扫利︶᠂ ᠭᠦᠩ ᠹᠦ᠋ ᠵᠢᠤᠢ ᡁᠢ ︵功夫菊酯︶ ᠪᠤᠯᠤᠨ ᠲᠢᠶᠠᠨ ᠸᠠᠩ ᠰᠢᠩ ︵天王星 | ︶ ᠵᠡᠷᠭᠡ ᠡᠮ ᠢ ᠨᠠᠪᠴᠢᠨ ᠲᠡᠭᠡᠷ᠎ᠡ ᠨᠢ ᠰᠦᠷᠴᠢᠨ᠎ᠠ᠃ | ᠪᠢᠤᠯᠤᠭᠢ ᠤᠨ ᠠᠷᠭ᠎ᠠ ᠪᠠᠷ ᠵᠠᠰᠠᠬᠤ ᠳᠤ ᠭᠦᠯᠡᠮᠵᠢᠨ ᠳᠡᠭᠡᠨ ᠵᠢᠵᠢᠭ ᠵᠦᠭᠡᠢ ᠲᠠᠯᠪᠢᠵᠤ ᠰᠡᠷᠭᠡᠶᠢᠯᠡᠨ᠎ᠡ᠃ | ᠹᠢᠽᠢᠺ ᠤᠨ ᠠᠷᠭ᠎ᠠ ᠪᠠᠷ ᠵᠠᠰᠠᠬᠤ ᠳᠤ ᠪᠡᠶᠡᠯᠡᠭᠰᠡᠨ ᠬᠤᠷᠤᠬᠠᠢ ᠨᠢ ᠰᠢᠷ᠎ᠠ ᠦᠡᠭᠭᠡ ᠳᠤ ᠶᠡᠭᠡᠳᠡ ᠨᠠᠭᠠᠯᠳᠤᠮᠠᠬᠠᠢ | ᠪᠠᠶᠢᠳᠠᠭ ᠲᠤᠯᠠ ᠰᠢᠷ᠎ᠠ ᠬᠠᠪᠳᠠᠰᠤ ᠪᠠᠷ ᠦᠳᠦᠭᠡᠨ ᠪᠠᠷᠢᠬᠤ ᠪᠠ ᠨᠠᠭᠠᠯᠳᠤᠮᠠᠬᠠᠢ ᠴᠠᠪᠠᠤ ᠪᠠᠷ ᠤᠰᠠᠳᠬᠠᠵᠤ ᠪᠤᠯᠤᠨ᠎ᠠ᠃ | ︵2︶ ᠪᠠᠭᠠᠷᠠᠩ ᠬᠤᠷᠤᠬᠠᠢ ᠶᠢ ᠰᠡᠷᠭᠡᠶᠢᠯᠡᠨ ᠵᠠᠰᠠᠬᠤ ᠠᠷᠭ᠎ᠠ᠄ | ᠹᠢᠽᠢᠺ ᠤᠨ ᠠᠷᠭ᠎ᠠ ᠪᠠᠷ ᠰᠡᠷᠭᠡᠶᠢᠯᠡᠨ ᠵᠠᠰᠠᠬᠤ ᠳᠤ ① ᠪᠠᠭᠠᠷᠠᠩ ᠬᠤᠷᠤᠬᠠᠢ ᠨᠢ ᠰᠢᠷ᠎ᠡ ᠦᠡᠭᠭᠡ ᠳᠤ ᠮᠠᠰᠢ | ᠨᠠᠭᠠᠯᠳᠤᠮᠠᠬᠠᠢ ᠪᠠᠶᠢᠳᠠᠭ ᠦᠨᠳᠦᠰᠦᠯᠡᠯ ᠢ ᠠᠰᠢᠠᠠᠯᠠᠨ᠂ ᠰᠠᠭᠤᠷᠢ ᠶᠢᠨ ᠬᠤᠭᠤᠷᠤᠨᠳᠤ ᠤᠳᠠᠰᠤ ᠲᠠᠳᠠᠨ ᠰᠢᠷ᠎ᠠ ᠬᠠᠪᠳᠠᠰᠤ | ᠡᠯᠭᠦᠨ᠂ ᠲᠡᠭᠡᠷ᠎ᠡ ᠨᠢ ᠮᠠᠰᠢᠨ ᠤ ᠲᠤᠰᠤ ᠪᠤᠶᠤ ᠪᠤᠰᠤᠳ ᠵᠦᠢᠯ ᠤᠨ ᠨᠠᠭᠠᠯᠳᠤᠮᠠᠬᠠᠢ ᠡᠳ᠋ ᠲᠦᠷᠭᠢᠨ᠂ ᠪᠠᠭᠠᠷᠠᠩ | ᠬᠤᠷᠤᠬᠠᠢ ᠶᠢ ᠤᠰᠠᠳᠬᠠᠨ᠎ᠠ᠃ ② ᠪᠠᠭᠠᠷᠠᠩ ᠬᠤᠷᠤᠬᠠᠢ ᠨᠢ ᠦᠨᠡᠭᠡᠨ ᠰᠠᠷᠠᠯ ᠦᠡᠭᠭᠡᠨ ᠳᠤ ᠭᠤᠯᠤᠮᠠᠳᠠᠭᠠᠢ ᠪᠠᠶᠢᠳᠠᠭ | ᠦᠨᠳᠦᠰᠦᠯᠡᠯ ᠢ ᠠᠰᠢᠠᠠᠯᠠᠨ ᠦᠨᠡᠰᠤᠨ ᠰᠠᠷᠠᠯ ᠭᠡᠷᠡᠯ ᠬᠠᠯᠬᠠᠯᠠᠬᠤ ᠲᠤᠤᠷ ᠪᠡ ᠬᠤᠷᠤᠬᠠᠢ ᠰᠡᠷᠭᠡᠶᠢᠯᠡᠭᠦ ᠲᠤᠤᠷ ᠲᠠᠳᠠᠵᠤ | ᠰᠡᠷᠭᠡᠶᠢᠯᠡᠨ᠎ᠡ᠃ | ᠡᠮ ᠢᠶᠠᠷ ᠰᠡᠷᠭᠡᠶᠢᠯᠡᠨ ᠵᠠᠰᠠᠬᠤ ᠳᠤ 50% ᠶᠢᠨ ᠺᠠᠩ ᠶᠠ ᠸᠧᠢ ︵抗蚜威︶ ᠡᠮ ᠤᠨ 2000 | ᠲᠠᠭᠢᠨ ᠤ ᠰᠢᠩᠭᠡᠨ ᠪᠤᠶᠤ 50% ᠶᠢᠨ ᠰᠢᠦ ᠴᠢᠩ ᠵᠢᠤᠢ ᡁᠢ ︵溴氰菊酯︶ ᠡᠮ ᠤᠨ 3000 ᠲᠠᠭᠢᠨ ᠤ | ᠰᠢᠩᠭᠡᠨ ᠢ ᠨᠠᠪᠴᠢᠨ ᠲᠡᠭᠡᠷ᠎ᠡ ᠨᠢ ᠰᠦᠷᠴᠢᠨ᠎ᠠ᠃ | ︵3︶ ᠠᠮᠧᠷᠢᠺᠠ ᠲᠢᠪ ᠤᠨ ᠲᠤᠯᠪᠤᠳᠤ ᠢᠯᠠᠭ᠎ᠠ ᠶᠢ ᠰᠡᠷᠭᠡᠶᠢᠯᠡᠨ ᠵᠠᠰᠠᠬᠤ ᠠᠷᠭ᠎ᠠ᠄ | ① ᠴᠢᠩᠭ᠎ᠠ ᠭᠢᠵᠢᠭ ᠤᠨ ᠪᠠᠶᠢᠴᠠᠭᠠᠯᠳᠠ ᠭᠢᠵᠤ ᠲᠤᠰ ᠬᠤᠷᠤᠬᠠᠢ ᠶᠢᠨ ᠦᠷᠭᠡᠵᠢᠨ ᠲᠡᠯᠭᠡᠷᠡᠭᠦ ᠶᠢ ᠰᠡᠷᠭᠡᠶᠢᠯᠡᠨ᠎ᠡ᠃ | ② ᠲᠠᠷᠢᠶᠠᠯᠠᠩ ᠤᠨ ᠰᠡᠷᠭᠡᠶᠢᠯᠡᠨ ᠵᠠᠰᠠᠬᠤ ᠠᠷᠭ᠎ᠠ ᠶᠢ ᠭᠡᠷᠡᠭᠯᠡᠨ᠂ ᠲᠤᠬᠠᠶᠢᠯᠠᠪᠠᠯ ᠡᠭᠡᠯᠵᠢᠯᠡᠨ ᠲᠠᠷᠢᠵᠤ ᠭᠤᠤᠷᠰᠤ ᠰᠤᠯᠢᠬᠤ | ᠂ ᠠᠯᠬᠠᠯᠠᠨ ᠲᠠᠷᠢᠬᠤ᠂ ᠲᠤᠬᠤᠵᠤ ᠲᠠᠷᠢᠬᠤ ᠵᠡᠷᠭᠡ ᠠᠷᠭ᠎ᠠ ᠶᠢ ᠭᠡᠷᠡᠭᠯᠡᠨ᠂ ᠲᠤᠯᠪᠤᠳᠤ ᠢᠯᠠᠭ᠎ᠠ ᠳᠤ ᠭᠦᠨᠦᠭᠡᠭᠳᠡᠭᠰᠡᠨ | ᠲᠠᠷᠢᠮᠠᠯ ᠤᠨ ᠦᠯᠡᠳᠡᠭᠳᠡᠯ ᠢ ᠲᠦᠪᠯᠡᠷᠡᠭᠦᠯᠦᠨ ᠭᠦᠨ ᠪᠤᠯᠠᠬᠤ᠂ ᠪᠤᠷᠳᠤᠭᠤᠷ ᠪᠤᠯᠭᠠᠬᠤ ᠪᠤᠶᠤ ᠰᠢᠳᠠᠭᠠᠨ᠎ᠠ᠃ ③ ᠢᠯᠠᠭ᠎ᠠ | ᠠᠯᠠᠬᠤ ᠴᠠᠭᠠᠰᠤ ᠪᠠᠷ ᠦᠳᠦᠭᠡᠨ ᠪᠠᠷᠢᠵᠤ ᠠᠯᠠᠨ᠎ᠠ᠃ ④ ᠡᠮ ᠢᠶᠠᠷ ᠰᠡᠷᠭᠡᠶᠢᠯᠡᠨ ᠵᠠᠰᠠᠬᠤ ᠳᠤ ᠭᠦᠨᠦᠭᠡᠭᠳᠡᠭᠰᠡᠨ | ᠲᠠᠷᠢᠮᠡᠯ ᠤᠨ ᠨᠠᠪᠴᠢᠨ ᠳᠤ ᠲᠠᠪᠤᠨ ᠠᠪᠠᠭᠠᠯᠳᠠᠢ ᠲᠠᠢ ᠪᠤᠯᠬᠤ ᠦᠶᠡᠰ 98% ᠶᠢᠨ ᠪᠠ ᠳ᠋ᠠᠨ ︵巴丹︶ ᠨᠤᠠᠳᠠᠭ | ᠡᠮ ᠤᠨ 1500~2000 ᠲᠠᠭᠢᠨ ᠪᠤᠶᠤ 1.8% ᠶᠢᠨ ᠠᠢ ᠹᠦ᠋ ᠳ᠋ᠢᠩ ︵爱福丁︶ ᠲᠤᠰᠤᠨ ᠡᠮ ᠤᠨ | 3000~4000 ᠲᠠᠭᠢᠨ ᠤ ᠰᠢᠩᠭᠡᠨ᠂ 48% ᠶᠢᠨ ᠯᠧ ᠰᠧ ᠪᠧᠨ ︵乐斯本︶ ᠲᠤᠰᠤᠨ ᠡᠮ ᠤᠨ | 800~1000 ᠲᠠᠭᠢᠨ ᠤ ᠰᠢᠩᠭᠡᠨ᠂ 25% ᠶᠢᠨ ᠱᠠ ᠴᠦᠩ ᠱᠤᠸᠠᠩ ᠱᠦᠢ ︵杀虫双水︶ ᠡᠮ ᠤᠨ | 500 ᠲᠠᠭᠢᠨ ᠤ ᠰᠢᠩᠭᠡᠨ᠂ 98% ᠶᠢᠨ ᠱᠠ ᠴᠦᠩ ᠳ᠋ᠠᠨ ︵杀虫单︶ ᠨᠤᠨᠳᠠᠭ ᠡᠮ ᠤᠨ 800 ᠲᠠᠭᠢᠨ ᠤ | ᠰᠢᠩᠭᠡᠨ᠂ 50% ᠶᠢᠨ ᠶᠢᠩ ᠽᠤ᠋ ᠵᠢᠩ ︵蝇蛆净︶ ᠡᠮ ᠤᠨ 2000 ᠲᠠᠭᠢᠨ ᠤ ᠰᠢᠩᠭᠡᠨ ᠢ ᠨᠠᠪᠴᠢᠨ ᠲᠡᠭᠡᠷ᠎ᠡ | ᠨᠢ ᠰᠦᠷᠴᠢᠨ᠎ᠠ᠃ | ︵4︶ ᠴᠠᠢ ᠶᠢᠨ ᠰᠢᠷ᠎ᠠ ᠬᠠᠴᠢᠭ ᠢ ᠰᠡᠷᠭᠡᠶᠢᠯᠡᠨ ᠵᠠᠰᠠᠬᠤ ᠠᠷᠭ᠎ᠠ᠄ | ① ᠲᠠᠷᠢᠶᠠᠯᠠᠩ ᠤᠨ ᠠᠷᠭ᠎ᠠ ᠪᠠᠷ ᠰᠡᠷᠭᠡᠶᠢᠯᠡᠨ ᠵᠠᠰᠠᠬᠤ ᠳᠤ ᠨᠢᠭᠡ ᠳᠤ᠂ ᠡᠪᠤᠯᠵᠢᠭᠦ ᠬᠤᠷᠤᠬᠠᠢ ᠶᠢ ᠤᠰᠠᠳᠬᠠᠬᠤ | ᠳᠤ ᠲᠠᠷᠢᠶᠠᠨ ᠵᠠᠬ᠎ᠠ ᠶᠢᠨ ᠰᠤᠯᠠ ᠡᠪᠡᠰᠤ ᠪᠠ ᠦᠯᠡᠳᠡᠭᠳᠡᠯ ᠰᠠᠯᠠᠭ᠎ᠠ ᠨᠠᠪᠴᠢ ᠶᠢ ᠲᠤᠤᠱᠳᠠᠢ ᠴᠠᠪᠡᠷᠯᠡᠨ ᠠᠷᠢᠯᠭᠠᠨ᠎ᠠ᠃ | ᠬᠤᠶᠠᠷ ᠲᠤ᠂ ᠬᠤᠷᠤᠬᠠᠢ ᠦᠭᠡᠢ ᠢᠳᠡᠷᠡᠭᠦᠨ ᠴᠢᠭᠢ ᠶᠢ ᠪᠤᠶᠢᠵᠢᠭᠤᠯᠤᠨ᠎ᠠ᠃ | ② ᠡᠮ ᠢᠶᠠᠷ ᠰᠡᠷᠭᠡᠶᠢᠯᠡᠨ ᠵᠠᠰᠠᠬᠤ ᠳᠤ ᠭᠤᠤᠯ ᠨᠢ ᠤᠷᠭᠤᠮᠠᠯ ᠤᠨ ᠲᠡᠭᠡᠳᠤ ᠭᠡᠰᠡᠭ ᠤᠨ ᠨᠢᠯᠬ᠎ᠠ ᠨᠠᠪᠴᠢ᠂ | ᠨᠢᠯᠬ᠎ᠠ ᠡᠰᠢ᠂ ᠴᠡᠴᠡᠭ ᠤᠨ ᠪᠠᠭ ᠪᠠ ᠨᠢᠯᠬ᠎ᠠ ᠵᠢᠮᠢᠰ ᠲᠤ ᠡᠮ ᠰᠦᠷᠴᠢᠭᠦ ᠪᠡ ᠡᠮ ᠢᠶᠠᠨ ᠰᠤᠯᠢᠵᠤ ᠭᠡᠷᠡᠭᠯᠡᠨ᠎ᠡ᠃ ᠡᠭᠦᠨ ᠳᠤ | 35% ᠶᠢᠨ ᠱᠠ ᠮᠠᠨ ᠲᠧ ︵杀螨特︶ ᠲᠤᠰᠤᠨ ᠡᠮ ᠤᠨ 1000 ᠲᠠᠭᠢᠨ ᠤ ᠰᠢᠩᠭᠡᠨ ᠢᠶᠠᠷ ᠰᠦᠷᠴᠢᠨ | ᠰᠡᠷᠭᠡᠶᠢᠯᠡᠨ᠎ᠡ᠃ ᠡᠰᠡᠭᠦᠯ᠎ᠠ 5% ᠶᠢᠨ ᠨᠢ ᠰᠦᠸᠧ ᠯᠠᠩ ︵尼索朗︶ ᠲᠤᠰᠤᠨ ᠡᠮ ᠤᠨ 2000 ᠲᠠᠭᠢᠨ ᠤ | ᠰᠢᠩᠭᠡᠨ ᠢᠶᠠᠷ ᠰᠦᠷᠴᠢᠨ ᠰᠡᠷᠭᠡᠶᠢᠯᠡᠨ᠎ᠡ᠃ ᠡᠰᠡᠭᠦᠯ᠎ᠡ 5% ᠶᠢᠨ ᠺᠠᠠ ᠰᠧ ᠺᠧ ︵卡死克︶ ᠡᠮ ᠤᠨ | 1000~1500 ᠲᠠᠭᠢᠨ ᠤ ᠰᠢᠩᠭᠡᠨ ᠢᠶᠠᠷ ᠰᠦᠷᠴᠢᠨ ᠰᠡᠷᠭᠡᠶᠢᠯᠡᠨ᠎ᠡ︔ ᠡᠰᠡᠭᠦᠯ᠎ᠡ 20% ᠶᠢᠨ ᠮᠠᠨ ᠺᠧ ︵螨克 | ︶ ᠡᠮ ᠤᠨ 1000~1500 ᠲᠠᠭᠢᠨ ᠤ ᠰᠢᠩᠭᠡᠨ ᠢᠶᠠᠷ ᠰᠦᠷᠴᠢᠨ ᠰᠡᠷᠭᠡᠶᠢᠯᠡᠨ᠎ᠡ︔ ᠡᠰᠡᠭᠦᠯ᠎ᠡ 0.9% ᠶᠢᠨ ᠠᠢ ᠹᠦ᠋ | ᠳ᠋ᠢᠩ ︵爱福丁︶ ᠲᠤᠰᠤᠨ ᠡᠮ ᠤᠨ 3500~4000 ᠲᠠᠭᠢᠨ ᠤ ᠰᠢᠩᠭᠡᠨ ᠢᠶᠠᠷ ᠰᠦᠷᠴᠢᠨ ᠰᠡᠷᠭᠡᠶᠢᠯᠡᠨ᠎ᠡ︔ | ᠡᠰᠡᠭᠦᠯ᠎ᠡ ᠰᠤ᠋ ᠮᠠᠨ ᠲᠤᠩ ︵速螨酮︶ ᠪᠤᠶᠤ ᠪᠠ ᠮᠠᠨ ᠯᠢᠩ ︵霸螨灵︶ ᠡᠮ ᠢᠶᠠᠷ ᠰᠦᠷᠴᠢᠨ | ᠰᠡᠷᠭᠡᠶᠢᠯᠡᠨ᠎ᠡ︔ ᠪᠠᠰᠠ ᠴᠠᠭᠠᠨ ᠲᠤᠭᠤᠰᠤᠳᠤ ᠢᠯᠠᠭ᠎ᠠ ᠶᠢ ᠰᠡᠷᠭᠡᠶᠢᠯᠡᠭᠦ ᠲᠠᠢ ᠤᠶᠠᠯᠳᠤᠭᠤᠯᠤᠨ 2.5% ᠶᠢᠨ ᠲᠢᠶᠠᠨ ᠸᠠᠩ | ᠰᠢᠩ ︵天王星︶ ᠲᠤᠰᠤᠨ ᠡᠮ ᠢ ᠰᠤᠩᠭᠤᠨ ᠰᠦᠷᠴᠢᠵᠤ ᠰᠡᠷᠭᠡᠶᠢᠯᠡᠵᠤ ᠪᠤᠯᠤᠨ᠎ᠠ᠃ | 9. ᠬᠠᠰᠢ ᠶᠢ ᠲᠡᠭᠦᠵᠤ ᠬᠤᠷᠢᠶᠠᠬᠤ ᠳᠤ ᠶᠠᠭᠤ ᠶᠢ ᠠᠩᠬᠠᠷᠬᠤ ᠴᠢᠬᠤᠯᠠ ᠲᠠᠢ ᠪᠤᠢ︖ | ᠬᠠᠰᠢ ᠶᠢ ᠶᠠᠷᠦᠩᠭᠡᠢ ᠳᠡᠭᠡᠨ ᠴᠡᠴᠡᠭ ᠲᠡᠯᠭᠡᠷᠡᠭᠰᠡᠨ ᠠᠴᠠ ᠬᠤᠶᠢᠰᠢ 20~25 ᠬᠤᠨᠤᠭ ᠲᠤ ᠲᠡᠭᠦᠵᠤ | ᠬᠤᠷᠢᠶᠠᠵᠤ ᠪᠤᠯᠤᠨ᠎ᠠ᠃ ᠲᠦᠷᠦᠭᠦᠤ ᠬᠠᠰᠢ ᠶᠢ ᠲᠤᠭᠢᠳᠠᠶᠢᠬᠠᠨ ᠡᠷᠳᠡ ᠲᠡᠭᠦᠵᠤ᠂ ᠤᠷᠭᠤᠮᠠᠯ ᠤᠨ ᠤᠷᠭᠤᠯᠳᠠ ᠶᠢ | ᠨᠦᠯᠦᠭᠡᠯᠡᠭᠦ ᠠᠴᠠ ᠰᠡᠷᠭᠡᠶᠢᠯᠡᠨ᠎ᠡ᠃ ᠬᠠᠰᠢ ᠨᠢ ᠢᠵᠢᠯᠰᠢᠭᠦ ᠦᠶ᠎ᠠ ᠳᠤ ᠡᠭᠢᠯᠡᠨ ᠲᠡᠭᠦᠵᠤ ᠬᠤᠷᠢᠶᠠᠨ᠎ᠠ᠃ ᠲᠤᠬᠠᠶᠢᠯᠠᠪᠠᠯ | ᠴᠡᠴᠡᠭ ᠤᠨ ᠲᠤᠠᠠᠳᠤᠢ ᠶᠢᠨ ᠢᠯᠳᠠᠰᠤ ᠭᠢᠭᠡᠳ ᠵᠢᠮᠢᠰ ᠤᠨ ᠵᠠᠯᠭᠠᠯᠳᠤᠵᠤ ᠪᠦᠭᠦᠢ ᠭᠠᠵᠠᠷ ᠤᠨ ᠲᠤᠭᠤᠷᠢᠭ ᠪᠦᠰᠡ ᠨᠢ ᠲᠤᠳᠤ | ᠦᠭᠡᠢ ᠪᠤᠯᠬᠤ ᠪᠤᠶᠤ ᠦᠭᠡᠢ ᠪᠤᠯᠪᠠᠯ ᠬᠠᠰᠢ ᠶᠢᠨ ᠵᠢᠮᠢᠰ ᠨᠢ ᠨᠢᠭᠡᠨᠳᠡ ᠤᠷᠭᠤᠬᠤ ᠪᠠᠨ ᠵᠤᠠᠠᠰᠤᠠᠠᠰᠠᠨ ᠢ ᠬᠠᠷᠠᠭᠤᠯᠵᠤ | ᠪᠠᠶᠢᠬᠤ᠂ ᠡᠰᠡᠭᠦᠯ᠎ᠡ ᠬᠠᠰᠢ ᠶᠢᠨ ᠨᠢᠳᠤ ᠶᠢ ᠬᠠᠷᠠᠵᠤ᠂ ᠬᠠᠰᠢ ᠶᠢᠨ ᠨᠢᠳᠤ ᠨᠢ ᠠᠨᠢᠵᠤ ᠪᠠᠶᠢᠪᠠᠯ ᠬᠠᠰᠢ ᠶᠢᠨ ᠤᠷᠭᠤᠯᠳᠠ ᠨᠢ | ᠨᠢᠭᠡᠨᠳᠡ ᠵᠤᠠᠠᠰᠤᠩᠭᠤᠶᠢᠷᠠᠵᠤ ᠪᠠᠶᠢᠬᠤ ᠶᠢ ᠬᠠᠷᠠᠭᠤᠯᠵᠤ ᠪᠠᠶᠢᠬᠤ ᠲᠤᠯᠠ ᠲᠠᠷᠦ᠋ᠢᠬᠠᠨ ᠲᠡᠭᠦᠵᠤ ᠬᠤᠷᠢᠶᠠᠨ᠎ᠠ᠃ ᠤᠷᠭᠤᠯᠳᠠ | ᠨᠢ ᠪᠠᠷᠤᠠᠠᠳᠠᠢ ᠪᠤᠯ ᠡᠷᠳᠡᠭᠡᠨ ᠲᠡᠭᠦᠨ ᠬᠤᠷᠢᠶᠠᠵᠤ᠂ ᠲᠠᠨᠡᠭ ᠤᠷᠭᠤᠬᠤ ᠠᠴᠠ ᠰᠡᠷᠭᠡᠶᠢᠯᠡᠨ᠎ᠡ᠃ ᠲᠡᠭᠦᠵᠤ ᠬᠤᠷᠢᠶᠠᠬᠤ ᠳᠠᠭᠠᠨ | ᠶᠠᠷᠦᠩᠭᠡᠢ ᠳᠡᠭᠡᠨ ᠦᠷᠯᠦᠭᠡ ᠡᠷᠳᠡ ᠶᠢᠨ ᠴᠠᠭ ᠢ ᠰᠤᠩᠭᠤᠵᠤ᠂ ᠦᠳᠡ ᠶᠢᠨ ᠭᠤᠤᠯ ᠬᠠᠯᠠᠭᠤᠨ ᠳᠤ ᠲᠠᠭᠦᠵᠤ | ᠬᠤᠷᠢᠶᠠᠬᠤ ᠶᠢ ᠲᠠᠪᠴᠢᠨ᠎ᠠ᠃ |