︵ᠠᠷᠪᠠᠨ ᠭᠤᠷᠪᠠ︶ ᠨᠠᠷᠠᠯᠠᠭ ᠭᠦᠯᠡᠮᠵᠢᠨ ᠳᠤ ᠭᠦᠵᠡᠯᠵᠡᠭᠡᠨ᠎ᠠ ᠲᠠᠷᠢᠵᠤ ᠤᠷᠭᠤᠭᠤᠯᠬᠤ ᠮᠡᠷᠭᠡᠵᠢᠯ
ᠨᠡᠶᠢᠲᠡᠯᠡᠭᠰᠡᠨ ᠴᠠᠭ᠄
2015-11-25
       1. ᠭᠦᠵᠡᠯᠵᠡᠭᠡᠨ᠎ᠠ ᠶᠢᠨ ᠰᠤᠷᠲ ᠢ ᠭᠡᠷᠭᠢᠨ ᠰᠤᠩᠭᠤᠬᠤ ᠪᠤᠢ︖       ᠮᠠᠨ ᠤ ᠤᠯᠤᠰ ᠤᠨ ᠤᠳᠤᠬᠠᠨ ᠳᠤ ᠭᠦᠵᠡᠯᠵᠡᠭᠡᠨ᠎ᠡ ᠶᠢᠨ ᠰᠤᠷᠲ ᠵᠠᠭᠤᠭᠠᠳ ᠵᠦᠢᠯ ᠪᠠᠶᠢᠬᠤ ᠪᠦᠭᠡᠳ ᠢᠯᠠᠩᠭᠤᠶ᠎ᠠ ᠤᠶᠢᠷ᠎ᠡ ᠶᠢᠨ ᠭᠡᠳᠦᠨ ᠵᠢᠯ ᠤᠨ ᠲᠤᠷᠰᠢ ᠡᠭᠦᠯᠳᠡᠷ ᠤᠨ ᠰᠢᠨᠡᠴᠢᠯᠡᠯᠳᠡ ᠶᠢᠨ ᠬᠤᠷᠳᠤᠴᠠ ᠨᠡᠯᠢᠶᠡᠳ ᠲᠦᠷᠭᠡᠳᠴᠤ᠂ ᠤᠯᠤᠰ ᠤᠨ ᠲᠤᠳᠤᠭᠠᠳᠤ ᠶᠢᠨ ᠰᠢᠨᠵᠢᠯᠡᠭᠦ ᠤᠬᠠᠭᠠᠨ ᠤ ᠰᠤᠳᠤᠯᠤᠯ ᠤᠨ ᠭᠦᠷᠢᠶᠡᠯᠡᠩ ᠤᠨ ᠪᠤᠶᠢᠵᠢᠭᠤᠯᠤᠠᠠᠰᠠᠨ ᠵᠠᠷᠢᠮ ᠰᠢᠨ᠎ᠠ ᠰᠤᠷᠲ ᠠᠴᠠ ᠭᠠᠳᠠᠨ᠎ᠠ ᠪᠠᠰᠠ ᠤᠯᠠᠨ ᠠᠷᠭ᠎ᠠ ᠵᠠᠮ ᠢᠶᠠᠷ ᠤᠷᠤᠭᠤᠯᠵᠤ ᠢᠷᠡᠭᠰᠡᠨ ᠵᠠᠷᠢᠮ ᠭᠠᠳᠠᠭᠠᠳᠤ ᠶᠢᠨ ᠡᠭᠦᠯᠳᠡᠷ ᠢ ᠲᠤᠷᠰᠢᠨ ᠲᠠᠷᠢᠬᠤ ᠪᠠ ᠲᠡᠯᠭᠡᠷᠡᠭᠦᠯᠭᠦ ᠪᠠᠷ ᠲᠠᠮᠵᠢᠭᠠᠳ ᠵᠠᠷᠢᠮ ᠨᠢ ᠮᠠᠨ ᠤ ᠤᠯᠤᠰ ᠤᠨ ᠭᠤᠤᠯ ᠲᠠᠷᠢᠬᠤ ᠰᠤᠷᠲ ᠪᠤᠯᠤᠠᠠᠰᠠᠨ ᠪᠠᠶᠢᠨ᠎ᠠ᠃       ᠰᠤᠷᠲ ᠢ ᠶᠠᠭᠠᠭᠢᠵᠤ ᠰᠤᠩᠭᠤᠬᠤ ᠲᠠᠯ᠎ᠠ ᠪᠠᠷ ᠰᠤᠷᠲ ᠤᠨ ᠲᠤᠰ ᠪᠠᠶ᠎ᠠ ᠠᠴᠠ ᠨᠢ ᠠᠪᠴᠤ ᠦᠵᠡᠪᠡᠯ᠄ ① ᠦᠨᠳᠤᠷ ᠤᠨᠠᠯᠳᠠ ᠲᠠᠢ᠂ ᠠᠵᠤ ᠠᠬᠤᠶᠢᠴᠢ ᠴᠢᠨᠠᠷ ᠢᠶᠠᠷ ᠲᠤᠪᠤᠶᠢᠮ᠎ᠠ ᠰᠤᠷᠲ ᠢ ᠰᠤᠩᠭᠤᠬᠤ ᠭᠡᠷᠡᠭᠳᠡᠢ᠃ ② ᠭᠠᠳᠠᠭᠠᠳᠤ ᠴᠢᠨᠠᠷ ᠪᠡ ᠲᠤᠳᠤᠭᠠᠳᠤ ᠴᠢᠨᠠᠷ ᠨᠢ ᠰᠠᠶᠢᠨ᠂ ᠰᠢᠭᠤᠳ ᠢᠳᠡᠭᠦ ᠪᠠ ᠡᠳ᠋ᠰᠢᠭᠦᠯᠭᠡ ᠶᠢᠨ ᠱᠠᠭᠠᠷᠳᠠᠯᠭ᠎ᠠ ᠶᠢᠨ ᠶᠠᠰᠤ ᠴᠢᠨᠠᠷ ᠤᠨ ᠪᠠᠷᠢᠮᠵᠢᠶ᠎ᠠ ᠳᠤ ᠨᠡᠶᠢᠴᠡᠭᠰᠡᠨ ᠰᠤᠷᠲ ᠢ ᠰᠤᠩᠭᠤᠬᠤ ᠭᠡᠷᠡᠭᠳᠡᠢ᠃ ③ ᠵᠢᠮᠢᠰ ᠤᠨ ᠭᠡᠯᠪᠡᠷᠢ ᠨᠢ ᠰᠠᠶᠢᠬᠠᠨ᠂ ᠬᠠᠳᠠᠭᠠᠯᠠᠬᠤ ᠲᠡᠭᠡᠭᠡᠪᠤᠷᠢᠯᠡᠭᠦ ᠳᠤ ᠰᠠᠶᠢᠨ ᠰᠤᠷᠲ ᠢ ᠰᠤᠩᠭᠤᠬᠤ ᠭᠡᠷᠡᠭᠳᠡᠢ᠃ ④ ᠪᠢᠤᠯᠤᠭᠢ ᠶᠢᠨ ᠰᠢᠨᠵᠢ ᠪᠠᠷ ᠰᠠᠶᠢᠨ ᠦᠷᠡᠵᠢᠯ ᠤᠨ ᠢᠯᠡᠳᠭᠡᠮᠵᠢ ᠲᠤᠭ᠎ᠠ ᠨᠢ ᠦᠨᠳᠤᠷ ᠰᠤᠷᠲ ᠢ ᠰᠤᠩᠭᠤᠬᠤ ᠭᠡᠷᠡᠭᠳᠡᠢ᠃ ⑤ ᠰᠦᠷᠭᠦ ᠴᠢᠨᠠᠷ ᠢᠶᠠᠷ ᠴᠢᠩᠭ᠎ᠠ ᠰᠤᠷᠲ ᠢ ᠰᠤᠩᠭᠤᠬᠤ ᠭᠡᠷᠡᠭᠳᠡᠢ᠃        ᠦᠢᠯᠡᠳᠪᠤᠷᠢᠯᠡᠯ ᠳᠤ ᠭᠡᠷᠡᠭᠯᠡᠭᠦ ᠲᠠᠯ᠎ᠠ ᠪᠠᠷ ᠲᠤᠤᠷᠠᠭᠢ ᠭᠤᠷᠪᠡᠨ ᠲᠠᠯ᠎ᠠ ᠶᠢ ᠪᠤᠳᠤᠯᠭᠢᠯᠠᠬᠤ ᠭᠡᠷᠡᠭᠳᠡᠢ᠃       ① ᠦᠢᠯᠡᠳᠪᠤᠷᠢᠯᠡᠯ ᠤᠨ ᠵᠤᠷᠢᠯᠭ᠎ᠠ ᠪᠠᠨ ᠦᠨᠳᠦᠰᠦᠯᠡᠨ ᠰᠤᠷᠲ ᠢ ᠰᠤᠩᠭᠤᠬᠤ ᠭᠡᠷᠡᠭᠳᠡᠢ᠃ ᠭᠡᠷᠪᠡ ᠰᠢᠨ᠎ᠠ ᠰᠤᠷᠭᠤᠭ ᠢᠶᠠᠷ ᠨᠢ ᠵᠠᠬ᠎ᠠ ᠲᠡᠯᠭᠡᠭᠦᠷ ᠲᠤ ᠭᠠᠷᠭᠠᠬᠤ ᠳᠤ ᠭᠦᠷᠪᠡᠯ ᠦᠨᠤᠷ ᠠᠮᠳᠠ ᠰᠠᠶᠢᠳᠠᠢ᠂ ᠰᠢᠭᠢᠷ ᠤᠨ ᠠᠭᠤᠯᠤᠭᠳᠠᠴᠨ  ᠪᠠᠷ ᠦᠨᠳᠤᠷ᠂ ᠵᠡᠷᠡᠮᠳᠡᠭ ᠵᠢᠮᠢᠰ ᠴᠦᠭᠡᠨ᠂ ᠦᠡᠭᠭᠡ ᠨᠢ ᠰᠠᠶᠢᠬᠠᠨ ᠰᠤᠷᠲ ᠢ ᠰᠤᠩᠭᠤᠬᠤ ᠭᠡᠷᠡᠭᠳᠡᠢ᠃ ᠭᠡᠷᠪᠡ ᠭᠦᠨ ᠡᠳ᠋ᠰᠢᠭᠦᠯᠭᠡ ᠳᠤ ᠭᠡᠷᠡᠭᠯᠡᠭᠦ ᠬᠡᠪᠠᠯ ᠡᠳ᠋ᠰᠢᠭᠦᠯᠭᠦ ᠴᠢᠨᠠᠷ ᠢᠶᠠᠷ ᠮᠠᠰᠢ ᠰᠠᠶᠢᠨ ᠰᠤᠷᠲ ᠢ ᠰᠤᠩᠭᠤᠬᠤ ᠭᠡᠷᠡᠭᠳᠡᠢ᠃ ᠵᠢᠱᠢᠶᠡᠯᠡᠪᠡᠯ ᠬᠠᠨᠢ ︵哈尼︶᠂ ᠰᠸᠠᠵᠢᠶᠠᠰᠸᠠᠵᠢᠶᠠᠯᠠ ︵森加森加拉︶᠂ ᠪᠤᠯᠭᠠᠷᠢᠶ᠎ᠠ ︵保加利亚︶ 1 ᠨᠤᠮᠧᠷᠳᠤ᠂ ᠳ᠋ᠠ ᠰᠧ ᠯᠦᠸᠧ  ︵达思罗︶  ᠵᠡᠷᠭᠡ ᠰᠤᠷᠲ ᠪᠠᠶᠢᠨ᠎ᠠ᠃        ② ᠲᠠᠷᠢᠬᠤ ᠭᠡᠯᠪᠡᠷᠢ ᠪᠠᠨ ᠦᠨᠳᠦᠰᠦᠯᠡᠨ ᠰᠤᠷᠲ ᠢᠶᠠᠨ ᠰᠤᠩᠭᠤᠬᠤ ᠭᠡᠷᠡᠭᠳᠡᠢ᠃ ᠭᠦᠯᠡᠮᠵᠢᠨ ᠳᠤ ᠲᠠᠷᠢᠬᠤ ᠡᠭᠦᠯᠳᠡᠷ ᠢ ᠰᠤᠩᠭᠤᠬᠤ ᠳᠤ ᠢᠴᠡᠭᠡᠯᠡᠭᠦ ᠬᠤᠭᠤᠴᠠᠭ᠎ᠠ ᠨᠢ ᠤᠬᠤᠷ᠂ ᠲᠤᠮᠳᠠ ᠡᠷᠳᠡ ᠪᠤᠯᠪᠠᠰᠤᠷᠠᠯᠳᠠ ᠶᠢᠨ ᠰᠤᠷᠲ ᠢ ᠰᠤᠩᠭᠤᠨ᠎ᠠ᠃ ᠲᠤᠰ ᠰᠤᠷᠲ ᠤᠨ ᠲᠤᠰ ᠪᠠᠶ᠎ᠠ ᠨᠢ ᠦᠨᠳᠤᠷ ᠤᠨᠠᠯᠳᠠ ᠲᠠᠢ᠂ ᠴᠢᠨᠠᠷ ᠰᠠᠶᠢᠳᠠᠢ᠂ ᠰᠦᠷᠭᠦ ᠴᠢᠨᠠᠷ ᠢᠶᠠᠷ ᠴᠢᠩᠭ᠎ᠠ ᠪᠠᠶᠢᠳᠠᠭ᠃ ᠬᠠᠪᠤᠷ ᠡᠷᠳᠡ ᠬᠠᠰᠢᠶ᠎ᠠ ᠰᠠᠷᠠᠪᠴᠢᠨ ᠳᠤ ᠲᠠᠷᠢᠬᠤ ᠳᠤ ᠭᠦᠷᠪᠡᠯ ᠵᠠᠷᠴᠢᠮ ᠲᠡᠭᠡᠷ᠎ᠠ ᠪᠠᠨ ᠢᠴᠡᠭᠡᠯᠡᠭᠦ ᠬᠤᠭᠤᠴᠠᠭ᠎ᠠ ᠨᠢ ᠨᠡᠯᠢᠶᠡᠳ ᠤᠷᠳᠤ᠂ ᠲᠤᠮᠳᠠ ᠤᠷᠤᠢ ᠪᠤᠯᠪᠠᠰᠤᠷᠠᠯᠳᠠ ᠶᠢᠨ ᠰᠤᠷᠲ ᠢ ᠰᠤᠩᠭᠤᠵᠤ᠂ ᠰᠤᠷᠲ ᠨᠢ ᠤᠨᠠᠯᠳᠠ ᠦᠨᠳᠤᠷ᠂ ᠴᠢᠨᠠᠷ ᠰᠠᠶᠢᠳᠠᠢ᠂ ᠬᠠᠳᠠᠭᠠᠯᠠᠵᠤ ᠲᠡᠭᠡᠭᠡᠪᠤᠷᠢᠯᠡᠭᠦ ᠳᠤ ᠰᠠᠶᠢᠨ ᠪᠠᠶᠢᠬᠤ ᠶᠢ ᠱᠠᠭᠠᠷᠳᠠᠨ᠎ᠠ᠃ ᠡᠭᠦᠨ ᠳᠤ ᠭᠤᠤᠯ ᠨᠢ ᠺᠠᠨ ᠡᠯ ᠲᠧ ︵卡尔特︶ 1 ᠨᠤᠮᠧᠷᠳᠤ᠂ ᠠᠢ ᠡᠯ ᠰᠠᠩ ᠲᠧ ︵艾尔桑特︶᠂ ᠳ᠋ᠠ ᠰᠧ ᠯᠦᠸᠧ ︵大思罗︶᠂ ᠴᠢᠤᠸᠠᠨ ᠮᠢᠩ ᠰᠢᠩ ︵全明星︶ ᠵᠡᠷᠭᠡ ᠡᠭᠦᠯᠳᠡᠷ ᠪᠠᠶᠢᠨ᠎ᠠ᠃ ᠵᠠᠳᠠᠭᠠᠢ ᠭᠠᠵᠠᠷ ᠪᠡ ᠪᠦᠷᠭᠦᠭᠦᠯ ᠳᠤ ᠲᠠᠷᠢᠬᠤ ᠡᠭᠦᠯᠳᠡᠷ ᠢ ᠰᠤᠩᠭᠤᠬᠤ ᠳᠤ ᠵᠠᠷᠴᠢᠮ ᠲᠡᠭᠡᠷ᠎ᠠ ᠪᠠᠨ ᠬᠠᠪᠤᠷ ᠰᠠᠷᠠᠪᠴᠢᠨ ᠳᠤ ᠲᠠᠷᠢᠬᠤ ᠲᠠᠢ ᠠᠳᠠᠯᠢ ᠡᠭᠦᠯᠳᠡᠷ ᠢ ᠰᠤᠩᠭᠤᠨ᠎ᠠ᠃       ③ ᠲᠡᠭᠡᠭᠡᠪᠤᠷᠢᠯᠡᠭᠦ ᠪᠤᠷᠤᠯᠠᠭᠤᠯᠬᠤ ᠠᠷᠭ᠎ᠠ ᠪᠠᠨ ᠦᠨᠳᠦᠰᠦᠯᠡᠨ ᠰᠤᠷᠲ ᠢ ᠰᠤᠩᠭᠤᠨ᠎ᠠ᠃ ᠰᠢᠨ᠎ᠠ ᠰᠤᠷᠭᠤᠭ ᠢᠶᠠᠷ  ᠨᠢ ᠬᠤᠯᠠ ᠭᠠᠵᠠᠷ ᠲᠡᠭᠡᠭᠡᠪᠤᠷᠢᠯᠡᠭᠦ ᠳᠤ ᠭᠦᠷᠪᠡᠯ ᠵᠢᠮᠢᠰ ᠨᠢ ᠬᠠᠳᠠᠭᠤᠯᠢᠭ ᠰᠤᠷᠲ ᠢ ᠰᠤᠩᠭᠤᠨ᠎ᠠ᠃ ᠵᠢᠱᠢᠶᠡᠯᠡᠪᠡᠯ ᠢᠰᠫᠠᠨᠢ ᠶᠢᠨ ᠰᠢᠷᠢᠰ ᠰᠤᠷᠲ ᠵᠡᠷᠭᠡ ᠪᠠᠶᠢᠨ᠎ᠠ᠃ ᠤᠶᠢᠷ᠎ᠠ ᠤᠷᠴᠢᠮ ᠳᠠᠭᠠᠨ ᠪᠤᠷᠤᠯᠠᠭᠤᠯᠬᠤ ᠵᠢᠱᠢᠶᠡᠯᠡᠪᠡᠯ ᠬᠤᠳᠠ ᠶᠢᠨ ᠲᠡᠭᠦᠷᠭᠡ ᠳᠤ ᠲᠠᠷᠢᠬᠤ ᠳᠤ ᠭᠦᠷᠪᠡᠯ ᠵᠢᠮᠢᠰ ᠨᠢ ᠲᠠᠶᠢᠮᠤ ᠬᠠᠳᠠᠭᠤᠯᠢᠭ ᠪᠢᠰᠢ ᠪᠤᠯᠪᠠᠴᠤ ᠲᠡᠭᠦᠨ ᠤ ᠠᠵᠤ ᠠᠬᠤᠢ ᠶᠢᠨ ᠰᠢᠨᠵᠢ ᠴᠢᠨᠠᠷ ᠨᠢ ᠮᠠᠰᠢ ᠰᠠᠶᠢᠨ ᠰᠤᠷᠲ ᠢ ᠰᠤᠩᠭᠤᠨ᠎ᠠ᠃ ᠵᠢᠱᠢᠶᠡᠯᠡᠪᠡᠯ ᠵᠠᠩ ᠵᠢᠢ ︵章姬︶ ᠵᠡᠷᠭᠡ ᠶᠠᠫᠤᠨ ᠤ ᠰᠢᠷᠢᠰ ᠰᠤᠷᠲ ᠤᠳ ᠪᠠᠶᠢᠨ᠎ᠠ᠃        2. ᠦᠪᠤᠷ ᠮᠤᠩᠭᠤᠯ ᠤᠷᠤᠨ ᠳᠤ ᠶᠠᠮᠠᠷ ᠰᠤᠷᠲ ᠤᠨ ᠭᠦᠵᠡᠯᠵᠡᠭᠡᠨ᠎ᠠ ᠶᠢ ᠲᠠᠷᠢᠬᠤ ᠳᠤ ᠲᠤᠭᠢᠷᠠᠬᠤ ᠪᠤᠢ︖        09~1᠂ ᠲᠤᠰ ᠰᠤᠷᠲ ᠨᠢ ᠶᠠᠫᠤᠨ ᠤ ᠰᠤᠷᠲ ᠪᠤᠯᠤᠨ᠎ᠠ᠃ ᠨᠠᠪᠴᠢ ᠨᠢ ᠶᠠᠷᠤ ᠶᠢᠨ ᠭᠦᠵᠡᠯᠵᠡᠭᠡᠨ᠎ᠡ ᠶᠢᠨ ᠬᠢ  ᠠᠴᠠ ᠲᠤᠮᠤ᠂ ᠭᠦᠨ ᠨᠤᠭᠤᠭᠠᠨ ᠦᠡᠭᠭᠡ ᠲᠠᠢ᠂ ᠲᠡᠭᠦᠨ ᠤ ᠠᠩᠬᠠᠳᠠᠭᠴᠢ᠂ ᠬᠤᠶᠠᠷᠳᠡᠭᠢ᠂ ᠭᠤᠷᠪᠡᠳᠡᠭᠢ ᠤᠳᠠᠭᠠᠨ ᠤ ᠵᠢᠮᠢᠰ ᠨᠢ ᠴᠦᠮ ᠮᠠᠰᠢ ᠲᠠᠷᠢ ᠲᠡᠭᠰᠢ᠂ ᠮᠠᠰᠢ ᠵᠢᠭᠳᠡᠭᠡᠨ ᠪᠠᠶᠢᠵᠤ᠂ ᠵᠢᠮᠢᠰ ᠨᠢ ᠪᠠᠭ᠎ᠠ ᠬᠠᠳᠠᠭᠤᠪᠳᠤᠷ᠂ ᠲᠡᠭᠡᠭᠡᠵᠤ ᠵᠦᠭᠡᠭᠡᠭᠦ  ᠳᠤ ᠲᠠᠰᠪᠤᠷᠢᠳᠡᠢ᠂ ᠭᠦᠮᠦᠨ ᠤ ᠲᠤᠷ᠎ᠡ ᠶᠢ ᠭᠦᠳᠡᠯᠭᠡᠮ᠎ᠠ ᠦᠨᠤᠷ ᠠᠮᠳᠠ ᠲᠠᠢ᠂ ᠰᠢᠭᠢᠷ ᠤᠨ ᠠᠭᠤᠯᠤᠭᠳᠠᠴᠨ ᠨᠢ ᠦᠨᠳᠤᠷ᠂ ᠵᠢᠮᠢᠰᠯᠡᠭᠦ ᠨᠢ ᠡᠷᠳᠡ᠂ ᠭᠡᠮᠳᠤᠯ ᠲᠠᠷᠤᠬᠤ ᠨᠢ ᠰᠠᠶᠢᠨ᠂ ᠠᠷᠠᠴᠢᠯᠠᠵᠤ ᠬᠠᠮᠢᠶᠠᠷᠬᠤ ᠳᠤ ᠲᠦᠭᠦᠮ᠂ ᠤᠨᠠᠯᠳᠠ ᠨᠢ ᠦᠨᠳᠤᠷ ᠵᠡᠷᠭᠡ ᠤᠨᠴᠠᠯᠢᠭ ᠲᠠᠢ ᠪᠠᠶᠢᠳᠠᠭ᠃ 12 ᠳ᠋ᠤᠭᠠᠷ ᠰᠠᠷ᠎ᠠ ᠶᠢᠨ ᠲᠤᠮᠳᠡᠴᠢ᠂ ᠰᠡᠭᠦᠯᠴᠢ ᠠᠴᠠ ᠠᠪᠤᠭᠠᠳ ᠲᠠᠷᠠᠭ᠎ᠠ ᠵᠢᠯ ᠤᠨ 5 ᠳ᠋ᠤᠭᠠᠷ ᠰᠠᠷ᠎ᠠ ᠶᠢᠨ ᠡᠭᠢ ᠪᠤᠶᠤ ᠲᠤᠮᠳᠡᠴᠢ ᠭᠦᠷᠳᠡᠯ᠎ᠡ ᠦᠷᠭᠦᠯᠵᠢᠯᠡᠨ ᠵᠢᠮᠢᠰᠯᠡᠵᠤ᠂ ᠢᠯᠠᠩᠭᠤᠶ᠎ᠠ ᠡᠪᠤᠯ ᠬᠠᠪᠤᠷ ᠲᠤᠮᠤ ᠰᠠᠷᠠᠪᠴᠢᠨ ᠳᠤ ᠲᠠᠷᠢᠬᠤ ᠳᠤ ᠲᠤᠭᠢᠷᠠᠬᠤ ᠪᠦᠭᠡᠳ ᠰᠢᠨ᠎ᠠ ᠵᠢᠯ᠂ ᠴᠠᠭᠠᠨ ᠰᠠᠷ᠎ᠠ ᠶᠢᠨ ᠵᠠᠬ᠎ᠠ ᠲᠡᠯᠭᠡᠭᠦᠷ ᠢ ᠬᠠᠨᠭ᠍ᠭᠠᠬᠤ ᠬᠠᠮᠤᠭ ᠤᠨ ᠰᠠᠶᠢᠨ ᠰᠤᠷᠭᠤᠭ ᠵᠢᠮᠢᠰ ᠪᠤᠯᠤᠨ᠎ᠠ᠃ ᠲᠡᠭᠦᠨ ᠤ ᠤᠨᠠᠯᠳᠠ ᠪᠤᠯᠤᠨ ᠦᠷ᠎ᠡ ᠠᠰᠢᠭ ᠨᠢ ᠶᠠᠷᠤ ᠶᠢᠨ ᠰᠤᠷᠲ ᠤᠨ  ᠬᠢ ᠶᠢ ᠪᠤᠳᠤᠪᠠᠯ 30%~50% ᠦᠨᠳᠤᠷ ᠪᠠᠶᠢᠵᠤ᠂ ᠲᠤᠰ ᠰᠤᠷᠲ ᠨᠢ ᠪᠠᠰᠠ ᠲᠠᠷᠢᠵᠤ ᠠᠷᠠᠴᠢᠯᠠᠬᠤ ᠳᠤ ᠲᠦᠭᠦᠮ᠂ ᠵᠠᠬ᠎ᠠ ᠲᠡᠯᠭᠡᠭᠦᠷ ᠤᠨ ᠠᠯᠤᠰ ᠢᠷᠡᠭᠡᠳᠦᠢ ᠲᠠᠢ᠂ ᠠᠵᠤ ᠠᠬᠤᠢ ᠶᠢᠨ ᠠᠰᠢᠭ ᠤᠷᠤᠯᠭ᠎ᠠ ᠴᠤ ᠦᠨᠳᠤᠷ ᠪᠠᠶᠢᠳᠠᠭ ᠪᠤᠯᠬᠤᠷ ᠤᠶᠢᠷ᠎ᠡ ᠶᠢᠨ ᠭᠡᠳᠦᠨ ᠵᠢᠯ ᠳᠤ ᠡᠪᠤᠯ ᠬᠠᠪᠤᠷ ᠤᠨ ᠭᠦᠯᠡᠮᠵᠢᠨ ᠳᠤ ᠲᠠᠷᠢᠬᠤ ᠭᠦᠵᠡᠯᠵᠡᠭᠡᠨ᠎ᠡ ᠶᠢᠨ ᠭᠤᠤᠯᠳᠠᠯᠭ᠎ᠠ ᠨᠢ ᠪᠤᠯᠵᠤ ᠪᠠᠶᠢᠨ᠎ᠠ᠃        3. ᠭᠦᠵᠡᠯᠵᠡᠭᠡᠨ᠎ᠡ ᠲᠠᠷᠢᠬᠤ ᠠᠴᠠ ᠪᠠᠨ ᠡᠮᠦᠨ᠎ᠠ ᠶᠠᠮᠠᠷ ᠪᠡᠯᠡᠳᠭᠡᠯ ᠠᠵᠢᠯ ᠤᠳ ᠢ ᠭᠢᠭᠦ ᠪᠤᠢ︖       ᠡᠩ ᠲᠠᠷᠢᠭᠦᠨ ᠳᠤ ᠭᠠᠵᠠᠷ ᠲᠠᠯᠠᠪᠠᠢ ᠪᠠᠨ ᠲᠡᠭᠰᠢᠯᠡᠵᠤ᠂ ᠰᠤᠯᠠ ᠡᠪᠡᠰᠤ᠂ ᠬᠠᠭᠤᠴᠢᠨ ᠦᠨᠳᠤᠰᠤ ᠨᠠᠪᠴᠢ ᠶᠢ ᠲᠦᠢᠯᠪᠤᠷᠢᠳᠡᠢ ᠴᠡᠪᠡᠷᠯᠡᠨ ᠠᠷᠢᠯᠭᠠᠵᠤ᠂ ᠤᠷᠭᠠᠨᠢᠭ ᠪᠤᠷᠳᠤᠭᠤᠷ ᠭᠦᠢᠴᠡᠳ ᠰᠠᠶᠢᠨ ᠤᠷᠤᠭᠤᠯᠤᠨ᠎ᠠ᠃ ᠭᠡᠭᠦ ᠳᠡᠭᠡᠨ ᠤᠷᠭᠠᠨᠢᠭ ᠪᠤᠷᠳᠤᠭᠤᠷ ᠨᠢ ᠡᠷᠭᠡᠪᠰᠢ ᠢᠯᠵᠡᠷᠡᠬᠰᠠᠨ ᠪᠠᠶᠢᠬᠤ ᠶᠢ ᠱᠠᠭᠠᠷᠳᠠᠬᠤ ᠪᠦᠭᠡᠳ ᠭᠡᠳᠦᠨ ᠵᠦᠢᠯ ᠤᠨ ᠤᠷᠭᠠᠨᠢᠭ ᠪᠤᠷᠳᠤᠭᠤᠷ ᠢ ᠨᠠᠶᠢᠷᠠᠭᠤᠯᠤᠨ ᠭᠢᠪᠡᠯ ᠦᠷ᠎ᠡ ᠪᠦᠳᠦᠮᠵᠢ ᠨᠢ ᠨᠡᠩ ᠰᠠᠶᠢᠨ ᠪᠠᠶᠢᠳᠠᠭ᠃ 667 ᠪᠦᠷᠢ 6000kg ᠭᠦᠢᠴᠡᠳ ᠢᠯᠵᠡᠷᠡᠬᠰᠠᠨ ᠤᠷᠭᠠᠨᠢᠭ ᠪᠤᠷᠳᠤᠭᠤᠷ ᠤᠷᠤᠭᠤᠯᠤᠨ᠎ᠠ᠃ ᠠᠭᠠᠭᠢᠮ᠎ᠠ ᠵᠤᠨ ᠤ ᠴᠠᠭ ᠲᠤ ᠨᠠᠷᠠᠨ ᠤ ᠡᠨᠧᠷᠭᠢ ᠶᠢ ᠠᠰᠢᠠᠠᠯᠠᠨ ᠭᠦᠷᠤᠰᠤ ᠰᠢᠷᠤᠢ ᠪᠠᠨ ᠰᠢᠷᠠᠵᠤ ᠠᠷᠢᠭᠤᠳᠬᠠᠵᠤ᠂ ᠢᠯᠵᠡᠷᠡᠬᠰᠠᠨ ᠤᠷᠭᠠᠨᠢᠭ ᠪᠤᠷᠳᠤᠭᠤᠷ ᠢᠶᠠᠨ ᠵᠢᠭᠳᠡ ᠳᠤᠨᠢ ᠰᠠᠴᠤᠠᠠᠰᠠᠨ ᠤ ᠰᠡᠭᠦᠯᠡᠷ 20~25cm ᠭᠦᠢᠭᠡᠨ ᠤᠷᠪᠠᠭᠤᠯᠵᠤ᠂ ᠭᠦᠷᠤᠰᠤ ᠰᠢᠷᠤᠢ ᠲᠠᠢ ᠭᠦᠢᠴᠡᠳ ᠰᠠᠶᠢᠨ ᠬᠤᠯᠢᠨ᠎ᠠ ᠃ ᠲᠠᠷᠠᠭ᠎ᠠ ᠪᠠᠷ ᠨᠢ ᠭᠠᠵᠠᠷ ᠢᠶᠠᠨ ᠰᠠᠶᠢᠬᠠᠨ ᠲᠡᠭᠰᠢᠯᠡᠵᠤ᠂ ᠨᠠᠷᠢᠯᠢᠬ ᠨᠠᠷᠬᠠᠳᠠᠵᠤ᠂ ᠦᠷᠭᠡᠨ ᠢᠶᠠᠷ ᠢᠶᠠᠨ 1m᠂ ᠦᠨᠳᠤᠷ ᠢᠶᠠᠷ ᠢᠶᠠᠨ 30cm᠂ ᠬᠤᠭᠤᠷᠤᠨᠳᠤᠭᠢ ᠵᠠᠢ ᠨᠢ 25cm ᠪᠦᠭᠦᠢ ᠲᠠᠯᠠᠩ ᠪᠤᠰᠬᠠᠨ᠎ᠠ᠃        4. ᠶᠠᠮᠠᠷ ᠴᠠᠭ ᠦᠶ᠎ᠠ ᠳᠤ ᠶᠠᠮᠠᠷ ᠠᠷᠭ᠎ᠠ ᠪᠠᠷ ᠰᠠᠭᠤᠷᠢᠰᠢᠭᠤᠯᠤᠨ ᠲᠠᠷᠢᠬᠤ ᠪᠤᠢ︖        ᠶᠠᠷᠦᠩᠭᠡᠢ ᠳᠡᠭᠡᠨ 8 ᠳ᠋ᠤᠭᠠᠷ ᠰᠠᠷ᠎ᠠ ᠶᠢᠨ ᠡᠴᠦᠰ 9 ᠳ᠋ᠤᠭᠡᠷ ᠰᠠᠷ᠎ᠠ ᠶᠢᠨ ᠡᠭᠢ ᠪᠠᠷ᠂ ᠦᠷᠯᠦᠭᠡ ᠤᠷᠤᠢ ᠪᠤᠶᠤ ᠪᠦᠷᠭᠦᠭ ᠪᠤᠷᠤᠭᠠᠨ ᠲᠠᠢ ᠡᠳᠤᠷ ᠢ ᠰᠤᠩᠭᠤᠨ ᠲᠠᠷᠢᠵᠤ᠂ ᠲᠠᠷᠢᠬᠤ ᠭᠦᠨᠴᠡ ᠶᠢᠨ ᠲᠠᠯ᠎ᠠ ᠪᠠᠷ ᠴᠢᠭᠢᠨ ᠤ ᠰᠠᠭᠤᠷᠢ ᠶᠢᠨ ᠭᠡᠰᠡᠭ ᠢ ᠭᠠᠵᠠᠷ ᠲᠠᠢ ᠲᠡᠭᠰᠢᠭᠡᠨ ᠪᠠᠶᠢᠯᠭᠠᠵᠤ᠂ ᠭᠤᠤᠯ ᠢ ᠨᠢ ᠪᠤᠯᠠᠬᠤ ᠦᠭᠡᠢ ᠪᠦᠭᠡᠳ ᠦᠨᠳᠤᠰᠤ ᠶᠢ ᠨᠢ ᠢᠯᠡ ᠭᠠᠷᠭᠠᠬᠤ ᠦᠭᠡᠢ ᠪᠠᠶᠢᠵᠤ᠂ ᠦᠨᠳᠤᠰᠤᠨ ᠰᠢᠰᠲ᠋ᠧᠮ ᠢ ᠭᠦᠭᠵᠢᠩᠭᠦᠢ ᠪᠤᠯᠭᠠᠬᠤ ᠭᠡᠷᠡᠭᠳᠡᠢ᠃ ᠲᠠᠳᠠᠭᠠᠯ ᠳᠠᠭᠠᠨ ᠬᠤᠶᠠᠷ ᠮᠦᠷ ᠢᠶᠠᠷ ᠲᠠᠷᠢᠵᠤ᠂ ᠨᠦᠭᠡᠯᠡᠨ ᠰᠠᠭᠤᠯᠭᠠᠵᠤ᠂ ᠰᠠᠭᠤᠷᠢ ᠶᠢᠨ ᠵᠠᠢ ᠶᠢ 15~20cm᠂ ᠮᠦᠷ ᠤᠨ ᠵᠠᠢ ᠶᠢ 20~25cm ᠪᠠᠶᠢᠯᠭᠠᠨ᠎ᠠ᠃ ᠮᠤ᠋ ᠪᠦᠷᠢ 8000 ᠰᠠᠭᠤᠷᠢ ᠲᠠᠷᠢᠪᠠᠯ ᠲᠤᠭᠢᠷᠠᠮᠵᠢᠳᠡᠢ ᠪᠠᠶᠢᠵᠦ᠂ ᠲᠠᠷᠢᠬᠤ ᠠᠴᠠ ᠪᠠᠨ ᠡᠮᠦᠨ᠎ᠠ ᠲᠡᠪᠳᠦᠳᠡᠯ᠎ᠡ ᠤᠰᠤᠯᠠᠵᠤ᠂ ᠤᠰᠤ ᠨᠢ ᠭᠦᠢᠴᠡᠳ ᠰᠢᠩᠭᠡᠭᠰᠡᠨ ᠤ ᠰᠡᠭᠦᠯᠡᠷ ᠴᠢᠭᠢ ᠪᠠᠨ ᠰᠠᠭᠤᠯᠭᠠᠵᠤ᠂ ᠲᠠᠭᠢᠨᠳᠡ ᠲᠠᠪᠳᠦᠳᠡᠯ᠎ᠠ ᠤᠰᠤᠯᠠᠨ᠎ᠠ᠂ ᠢᠡᠭᠭᠢᠪᠡᠯ ᠭᠦᠵᠡᠯᠵᠡᠭᠡᠨ᠎ᠠ ᠶᠢᠨ ᠴᠢᠭᠢᠨ ᠤ ᠠᠮᠢᠯᠠᠯᠳᠠ ᠳᠤ ᠠᠰᠢᠠᠠᠳᠠᠢ ᠶᠤᠮ᠃       5. ᠭᠦᠵᠡᠯᠵᠡᠭᠡᠨ᠎ᠡ ᠶᠢᠨ ᠪᠤᠶᠢᠵᠢᠯᠳᠡ ᠶᠢᠨ ᠨᠤᠷᠮ᠎ᠡ ᠶᠢ ᠶᠠᠮᠠᠷ ᠠᠷᠭ᠎ᠠ ᠪᠠᠷ ᠲᠡᠭᠡᠭᠰᠢᠯᠡᠭᠦᠯᠭᠦ ᠪᠤᠢ︖       ᠬᠤᠳᠠᠯᠳᠤᠨ ᠠᠪᠤᠠᠠᠰᠠᠨ ᠬᠤᠤᠷ ᠢ ᠨᠢ ᠠᠷᠢᠯᠭᠠᠠᠠᠰᠠᠨ ᠴᠢᠭᠢ ᠪᠠᠨ ᠭᠦᠯᠡᠮᠵᠢ ᠲᠤᠳᠤᠷ᠎ᠡ ᠲᠦᠷ ᠵᠠᠶᠢᠯᠠᠨ᠎ᠠ᠃ ᠲᠦᠷ ᠵᠠᠶᠢᠯᠠᠬᠤ ᠠᠷᠭ᠎ᠠ ᠭᠡᠪᠡᠯ ᠭᠦᠯᠡᠮᠵᠢᠨ ᠳᠡᠭᠡᠨ ᠭᠦᠷᠤᠰᠤ ᠰᠢᠷᠤᠢ ᠶᠢᠨ ᠨᠦᠭᠦᠴᠡᠯ ᠢᠶᠠᠷ ᠰᠠᠶᠢᠨ ᠰᠢᠷᠤᠢ ᠶᠢ ᠰᠤᠩᠭᠤᠵᠤ᠂ 1~1.5m ᠦᠷᠭᠡᠨ᠂ ᠰᠠᠭᠤᠷᠢ ᠶᠢᠨ ᠵᠠᠢ ᠨᠢ 15 × 15cm ᠵᠠᠢ ᠲᠠᠢ ᠲᠠᠳᠠᠭᠠᠯ ᠭᠠᠷᠭᠠᠨ᠎ᠠ᠃ ᠲᠠᠳᠠᠭᠠᠯ ᠲᠤᠳᠤᠷ᠎ᠡ ᠪᠠᠨ ᠨᠢᠭᠡᠨ ᠵᠤᠷᠪᠤᠰ ᠭᠤᠤ ᠮᠠᠯᠳᠠᠵᠤ᠂ ᠭᠦᠵᠡᠯᠵᠡᠭᠡᠨ᠎ᠡ ᠪᠠᠨ ᠰᠠᠭᠤᠷᠢ ᠲᠠᠷᠠᠭᠠᠯᠠᠨ ᠭᠤᠤ ᠳᠠᠭᠠᠨ ᠨᠢᠠᠠᠳᠠ ᠲᠠᠯᠪᠢᠵᠤ᠂ ᠦᠨᠳᠤᠰᠤ ᠶᠢ ᠨᠢ ᠰᠢᠷᠤᠢ ᠪᠠᠷ ᠰᠠᠶᠢᠨ ᠬᠤᠴᠢᠨ᠎ᠠ᠃ ᠰᠢᠯᠵᠢᠭᠦᠯᠵᠤ ᠵᠠᠶᠢᠯᠬᠠᠰᠠᠨ ᠤ ᠪᠠᠨ ᠰᠡᠭᠦᠯᠡᠷ ᠲᠠᠷᠦ᠋ᠢᠬᠠᠨ ᠤᠰᠤᠯᠠᠵᠤ᠂ 3~4 ᠡᠳᠤᠷ ᠤᠨ ᠲᠤᠳᠤᠷ᠎ᠠ ᠡᠳᠤᠷ ᠪᠦᠷᠢ ᠴᠦᠮ ᠨᠢᠭᠡ ᠤᠳᠠᠭ᠎ᠠ ᠤᠰᠤᠯᠠᠬᠤ ᠪᠠ ᠤᠰᠤ ᠰᠦᠷᠴᠢᠵᠤ᠂ ᠭᠦᠷᠦᠰᠤ ᠰᠢᠷᠤᠢ ᠶᠢ ᠴᠢᠭᠢᠭ ᠲᠠᠢ ᠪᠠᠶᠢᠯᠭᠠᠨ᠎ᠠ᠃ ᠲᠠᠷᠠᠴᠢᠯᠡᠨ ᠭᠦᠵᠡᠯᠵᠡᠭᠡᠨ᠎ᠡ ᠶᠢᠨ ᠴᠢᠭᠢᠨ ᠤ ᠭᠠᠳᠠᠭᠤᠷ ᠭᠡᠷᠡᠯ ᠬᠠᠯᠬᠠᠯᠠᠬᠤ ᠬᠠᠯᠬᠠᠪᠴᠢ ᠡᠯᠭᠦᠵᠤ᠂ ᠶᠠᠷᠦᠩᠭᠡᠢ ᠳᠡᠭᠡᠨ ᠲᠦᠷ ᠵᠠᠶᠢᠯᠠᠭᠠᠳ 30~60 ᠬᠤᠨᠤᠭ ᠪᠤᠯᠵᠤ᠂ ᠲᠦᠷ ᠵᠠᠶᠢᠯᠬᠠᠰᠠᠨ ᠴᠢᠭᠢ ᠠᠮᠢᠯᠬᠠᠰᠠᠨ ᠤ ᠰᠡᠭᠦᠯᠡᠷ᠂ ᠭᠦᠭᠰᠢᠨ ᠨᠠᠪᠴᠢ᠂ ᠰᠢᠷ᠎ᠠ ᠨᠠᠪᠴᠢ ᠪᠤᠯᠤᠨ ᠭᠡᠮ ᠲᠠᠢ ᠨᠠᠪᠴᠢ ᠶᠢ ᠨᠢ ᠲᠡᠭᠦᠵᠤ ᠠᠷᠢᠯᠭᠠᠨ᠎ᠠ᠃ ᠢᠡᠭᠭᠢᠭᠦ ᠨᠢ ᠦᠨᠳᠤᠰᠤᠨ ᠰᠢᠰᠲ᠋ᠧᠮ ᠤᠨ ᠪᠤᠶᠢᠵᠢᠯᠳᠡ ᠪᠠ ᠦᠨᠳᠤᠰᠤ ᠡᠰᠢᠨ ᠤ ᠪᠦᠳᠦᠭᠦᠷᠡᠯᠳᠡ  ᠳᠤ ᠠᠰᠢᠠᠠᠳᠠᠢ ᠪᠠᠶᠢᠵᠤ᠂ ᠪᠤᠶᠢᠵᠢᠯᠳᠡ ᠶᠢᠨ ᠨᠤᠷᠮ᠎ᠡ ᠶᠢ ᠲᠡᠭᠡᠭᠰᠢᠯᠡᠭᠦᠯᠦᠨ᠎ᠠ᠃       ᠰᠠᠭᠤᠷᠢᠰᠢᠭᠤᠯᠤᠨ ᠲᠠᠷᠢᠠᠠᠰᠠᠨ ᠤ ᠰᠡᠭᠦᠯᠡᠷ ᠭᠡᠷᠡᠯ ᠬᠠᠯᠬᠠᠯᠠᠬᠤ ᠬᠠᠯᠬᠠᠪᠴᠢ ᠡᠯᠭᠦᠪᠡᠯ ᠭᠦᠵᠡᠯᠵᠡᠭᠡᠨ᠎ᠡ ᠶᠢᠨ ᠪᠤᠶᠢᠵᠢᠯᠳᠡ ᠶᠢᠨ ᠨᠤᠷᠮ᠎ᠠ ᠶᠢ ᠲᠡᠭᠡᠭᠰᠢᠯᠡᠭᠦᠯᠭᠦ ᠳᠤ ᠠᠰᠢᠠᠠᠳᠠᠢ ᠶᠤᠮ᠃       ᠲᠠᠷᠢᠠᠠᠰᠠᠨ ᠤ ᠰᠡᠭᠦᠯᠡᠷ ᠭᠡᠳᠦᠨ ᠡᠳᠤᠷ ᠤᠨ ᠲᠤᠳᠤᠷ᠎ᠡ ᠴᠠᠭ ᠲᠠᠷᠤᠢ ᠳᠤᠨᠢ ᠤᠰᠤᠯᠠᠵᠤ᠂ ᠭᠦᠷᠦᠰᠤᠨ ᠤ ᠭᠠᠳᠠᠷᠭᠤ ᠶᠢ ᠢᠮᠬᠠᠳᠠ ᠴᠢᠭᠢᠭ ᠲᠠᠢ ᠪᠠᠶᠢᠯᠭᠠᠬᠤ ᠭᠡᠷᠡᠭᠳᠡᠢ᠃ ᠭᠡᠭᠦ ᠳᠡᠭᠡᠨ ᠶᠡᠭᠡ ᠤᠰᠤ ᠪᠠᠷ ᠪᠢᠯᠬᠠᠳᠠᠯ᠎ᠠ ᠤᠰᠤᠯᠠᠵᠤ ᠪᠤᠯᠬᠤ ᠦᠭᠡᠢ᠃       ᠤᠰᠤᠯᠠᠬᠤ ᠳᠠᠭᠠᠨ ᠶᠠᠷᠤ ᠳᠡᠭᠡᠨ ᠦᠳᠡᠰᠢ ᠤᠷᠤᠢ ᠪᠤᠶᠤ ᠦᠷᠯᠦᠭᠡ ᠡᠷᠳᠡ ᠤᠰᠤᠯᠠᠪᠠᠯ ᠰᠠᠶᠢᠨ᠃ ᠡᠨᠡ ᠨᠢ ᠭᠦᠵᠡᠯᠵᠡᠭᠡᠨ᠎ᠡ ᠶᠢᠨ ᠠᠮᠢᠯᠠᠯ ᠳᠤ ᠠᠰᠢᠠᠠᠳᠠᠢ ᠪᠠᠶᠢᠳᠠᠭ᠃       6. ᠰᠠᠭᠤᠷᠢᠰᠢᠭᠤᠯᠤᠨ ᠲᠠᠷᠢᠠᠠᠰᠠᠨ ᠤ ᠰᠡᠭᠦᠯᠡᠷ ᠭᠡᠷᠭᠢᠨ ᠠᠷᠠᠴᠢᠯᠠᠬᠤ ᠪᠤᠢ︖       ᠭᠦᠵᠡᠯᠵᠡᠭᠡᠨ᠎ᠡ ᠶᠢ ᠰᠠᠭᠤᠷᠢᠰᠢᠭᠤᠯᠤᠨ ᠲᠠᠷᠢᠠᠠᠰᠠᠨ ᠤ ᠪᠠᠨ ᠰᠡᠭᠦᠯᠡᠷ ᠭᠤᠷᠪᠡᠨ ᠵᠦᠢᠯ ᠤᠨ ᠠᠵᠢᠯ ᠢ ᠲᠠᠷᠦ᠋ᠢᠬᠠᠨ ᠭᠢᠭᠦ ᠭᠡᠷᠡᠭᠳᠡᠢ᠃        ︵1︶ ᠲᠠᠷᠦ᠋ᠢᠬᠠᠨ ᠠᠷᠴᠢᠬᠤ ᠭᠡᠷᠡᠭᠳᠡᠢ᠃ ᠭᠦᠵᠡᠯᠵᠡᠭᠡᠨ᠎ᠡ ᠨᠢ ᠠᠮᠢᠯᠠᠭᠠᠳ ᠭᠦᠭᠡᠷᠡᠭᠰᠡᠨ ᠠᠴᠠ ᠬᠤᠶᠢᠰᠢ᠂ ᠲᠠᠷᠦ᠋ᠢᠬᠠᠨ ᠭᠦᠢᠭᠡᠨ ᠬᠠᠭᠠᠯᠪᠤᠷᠢᠯᠠᠵᠤ᠂ ᠭᠦᠷᠦᠰᠤ ᠰᠢᠷᠤᠢ ᠶᠢᠨ ᠨᠠᠪᠳᠡᠷᠡᠯᠳᠡ ᠶᠢ ᠰᠠᠶᠢᠵᠢᠷᠠᠭᠤᠯᠵᠤ᠂ ᠦᠨᠳᠤᠰᠤᠨ ᠰᠢᠰᠲ᠋ᠧᠮ ᠤᠨ ᠤᠷᠭᠤᠯᠳᠠ ᠶᠢ ᠨᠢ ᠠᠭᠢᠭᠤᠯᠬᠤ ᠭᠡᠷᠡᠭᠳᠡᠢ᠃ ᠤᠴᠢᠷ ᠨᠢ ᠰᠠᠭᠤᠷᠢᠰᠢᠭᠤᠯᠤᠨ ᠲᠠᠷᠢᠭᠠᠳ ᠴᠢᠭᠢᠯᠡᠭᠦᠯᠭᠦ ᠬᠤᠭᠤᠴᠠᠭᠠᠨ ᠳᠤ ᠦᠨᠳᠤᠰᠤᠨ ᠰᠢᠰᠲ᠋ᠧᠮ ᠨᠢ ᠪᠠᠳᠤᠯᠢᠭ ᠪᠤᠯᠤᠭᠠᠳᠤᠢ ᠪᠤᠯᠬᠤᠷ ᠭᠦᠷᠤᠰᠤ ᠶᠢ ᠨᠢ ᠭᠦᠢᠭᠡᠨ ᠰᠤᠯᠠᠷᠠᠭᠤᠯᠬᠤ ᠪᠦᠭᠡᠳ ᠰᠠᠭᠤᠷᠢ ᠪᠤᠯᠤᠨ ᠦᠨᠳᠤᠰᠤ ᠶᠢ ᠨᠢ ᠭᠡᠮᠳᠦᠭᠡᠭᠦ ᠠᠴᠠ ᠭᠢᠴᠢᠶᠡᠨ ᠦᠨᠳᠤᠰᠤᠨ ᠰᠢᠰᠲ᠋ᠧᠮ ᠤᠨ ᠤᠶᠢᠷ᠎ᠠ ᠬᠠᠪᠢ ᠶᠢᠨ ᠰᠢᠷᠤᠢ ᠶᠢ ᠨᠢ ᠰᠤᠯᠠᠷᠠᠭᠤᠯᠬᠤ ᠦᠭᠡᠢ᠃ ᠰᠡᠭᠦᠯᠡᠷ ᠨᠢ ᠤᠳᠠᠭ᠎ᠠ ᠪᠦᠷᠢ ᠤᠰᠤᠯᠬᠠᠰᠠᠨ ᠤ ᠪᠠᠨ ᠰᠡᠭᠦᠯᠡᠷ ᠰᠢᠷᠤᠢ ᠨᠢ ᠬᠠᠭᠤᠷᠠᠶᠢᠯᠢᠬ ᠪᠤᠯᠬᠤ ᠦᠶᠡᠰ ᠲᠠᠷᠦ᠋ᠢᠬᠠᠨ ᠭᠦᠷᠤᠰᠤ ᠶᠢ ᠨᠢ ᠰᠤᠯᠠᠷᠠᠭᠤᠯᠵᠤ᠂ ᠭᠦᠷᠤᠰᠤᠨ ᠤ ᠤᠰᠤ ᠨᠢ ᠲᠦᠷᠭᠡᠨ ᠠᠭᠤᠷᠰᠢᠬᠤ ᠪᠠ ᠭᠦᠷᠤᠰᠤ ᠰᠢᠷᠤᠢ ᠨᠢ ᠪᠦᠭᠡᠮᠨᠡᠷᠡᠨ ᠬᠠᠳᠠᠭᠤᠷᠠᠵᠤ᠂ ᠭᠡᠢ ᠨᠡᠪᠳᠡᠷᠡᠭᠦ ᠦᠭᠡᠢ ᠪᠤᠯᠬᠤ ᠠᠴᠠ ᠰᠡᠷᠭᠡᠶᠢᠯᠡᠭᠦ ᠭᠡᠷᠡᠭᠳᠡᠢ᠃ ᠭᠦᠷᠤᠰᠤ ᠨᠢ ᠴᠢᠭᠢᠭᠯᠢᠭ ᠪᠤᠯᠬᠤᠷ ᠰᠤᠯᠠ ᠡᠪᠡᠰᠤ ᠮᠠᠰᠢ ᠲᠦᠷᠭᠡᠨ ᠤᠷᠭᠤᠬᠤ ᠲᠤᠯᠠ ᠭᠦᠢᠭᠡᠨ ᠬᠠᠭᠠᠯᠪᠤᠷᠢᠯᠠᠬᠤ ᠲᠠᠢ ᠤᠶᠠᠯᠳᠤᠭᠤᠯᠤᠨ ᠰᠤᠯᠠ ᠡᠪᠡᠰᠤ ᠶᠢ ᠨᠢ ᠦᠭᠳᠡᠭᠡᠨ ᠠᠷᠢᠯᠭᠠᠬᠤ ᠭᠡᠷᠡᠭᠳᠡᠢ᠃        ᠭᠦᠵᠡᠯᠵᠡᠭᠡᠨ᠎ᠡ ᠶᠢᠨ ᠭᠠᠵᠠᠷ ᠲᠤ ᠰᠠᠭᠤᠷᠢ ᠲᠤᠳ᠋ᠬᠠᠳᠠᠵᠤ ᠪᠠᠶᠢᠪᠠᠯ ᠲᠠᠷᠦ᠋ᠢᠬᠠᠨ ᠨᠦᠭᠦᠨ ᠲᠠᠷᠢᠬᠤ ᠭᠡᠷᠡᠭᠳᠡᠢ᠃ ᠨᠦᠭᠦᠨ ᠲᠠᠷᠢᠬᠤ ᠳᠠᠭᠠᠨ ᠲᠦᠷ ᠵᠠᠶᠢᠯᠬᠠᠰᠠᠨ ᠤ ᠲᠠᠷᠠᠭ᠎ᠠ ᠢᠳᠡᠷᠡᠭᠦᠨ ᠴᠢᠭᠢ ᠶᠢ ᠰᠤᠩᠭᠤᠨ ᠨᠦᠭᠦᠭᠦ ᠭᠡᠷᠡᠭᠳᠡᠢ᠃ ᠴᠢᠭᠢ ᠨᠦᠭᠦᠭᠦ ᠴᠠᠭ ᠤᠨ ᠲᠠᠯ᠎ᠠ ᠪᠠᠷ ᠶᠠᠷᠦᠩᠭᠡᠢ ᠳᠡᠭᠡᠨ ᠰᠠᠭᠤᠷᠢᠰᠢᠭᠤᠯᠤᠨ ᠲᠠᠷᠢᠠᠠᠰᠠᠨ ᠠᠴᠠ ᠬᠤᠶᠢᠰᠢ 7 ᠬᠤᠨᠤᠭ ᠤᠨ ᠤᠷᠴᠢᠮ ᠢᠶᠠᠷ ᠨᠦᠭᠦᠵᠤ᠂ ᠡᠷᠳᠡᠭᠡᠨ ᠨᠦᠭᠦᠭᠦ ᠨᠢ ᠡᠯᠪᠡᠭ ᠬᠤᠷᠢᠶᠠᠬᠤ ᠶᠢᠨ ᠵᠠᠩᠭᠢᠯᠠᠭ᠎ᠠ ᠪᠤᠯᠤᠨ᠎ᠠ᠃        ︵2︶ ᠲᠠᠷᠦ᠋ᠢᠬᠠᠨ ᠪᠤᠷᠳᠤᠭᠤᠷ ᠤᠷᠤᠭᠤᠯᠬᠤ ᠭᠡᠷᠡᠭᠳᠡᠢ᠃ ᠭᠡᠷᠪᠡ ᠴᠢᠭᠢᠯᠡᠭᠰᠡᠨ ᠤ ᠰᠡᠭᠦᠯᠡᠷ ᠴᠢᠭᠢ ᠨᠢ ᠪᠠᠭᠤᠷᠠᠢ ᠪᠠᠶᠢᠪᠠᠯ ᠰᠢᠩᠭᠡᠨ ᠤᠷᠭᠠᠨᠢᠭ ᠪᠤᠷᠳᠤᠭᠤᠷ ᠤᠷᠤᠭᠤᠯᠵᠤ ᠪᠤᠯᠤᠨ᠎ᠠ᠃ ᠭᠡᠷᠪᠡ ᠴᠢᠭᠢ ᠨᠢ ᠢᠳᠡᠷᠡᠭᠦᠨ ᠤᠷᠭᠤᠵᠤ ᠪᠠᠶᠢᠪᠠᠯ ᠬᠠᠷᠢᠨ ᠪᠤᠷᠳᠤᠭᠤᠷ ᠤᠷᠤᠭᠤᠯᠬᠤ ᠦᠭᠡᠢ᠂ ᠲᠡᠨᠡᠭ ᠤᠷᠭᠤᠵᠤ᠂ ᠨᠠᠭᠢᠶᠠᠯᠠᠵᠤ ᠵᠠᠳᠠᠷᠠᠬᠤ ᠶᠢ ᠬᠤᠶᠢᠰᠢᠯᠠᠭᠤᠯᠬᠤ ᠠᠴᠠ ᠰᠡᠷᠭᠡᠶᠢᠯᠡᠨ᠎ᠡ᠃        ︵3︶ ᠭᠡᠮ ᠲᠠᠢ ᠨᠠᠪᠴᠢ ᠪᠤᠯᠤᠨ ᠮᠦᠯᠭᠦᠭᠴᠢ ᠡᠰᠢ ᠶᠢ ᠨᠢ ᠲᠠᠷᠦ᠋ᠢᠬᠠᠨ ᠲᠡᠭᠦᠵᠤ ᠬᠠᠶᠠᠨ᠎ᠠ᠃ ᠭᠦᠭᠰᠢᠨ ᠪᠠᠭᠤᠷᠠᠢ ᠭᠡᠮ ᠲᠠᠢ ᠨᠠᠪᠴᠢ ᠨᠢ ᠡᠰᠢᠨ ᠤ ᠪᠦᠳᠦᠭᠦᠷᠡᠯᠳᠡ ᠶᠢ ᠨᠦᠯᠦᠭᠡᠯᠡᠵᠤ᠂ ᠪᠠᠰᠠ ᠭᠡᠮᠳᠤᠯ ᠤᠨ ᠭᠦᠨᠦᠭᠡᠯ ᠢ ᠠᠮᠠᠷᠬᠠᠨ ᠡᠭᠦᠰᠭᠡᠳᠡᠭ ᠪᠤᠯᠬᠤᠷ ᠴᠢᠭᠢᠯᠡᠭᠰᠡᠨ ᠤ ᠰᠡᠭᠦᠯᠡᠷ ᠭᠦᠭᠰᠢᠨ ᠬᠠᠳ᠋ᠬᠠᠰᠠᠨ ᠨᠠᠪᠴᠢ ᠶᠢ ᠲᠠᠷᠦ᠋ᠢᠬᠠᠨ ᠠᠷᠢᠯᠭᠠᠬᠤ ᠭᠡᠷᠡᠭᠳᠡᠢ᠃ ᠤᠷᠭᠤᠮᠠᠯ ᠤᠨ ᠰᠢᠮ᠎ᠠ ᠲᠡᠵᠢᠭᠡᠯ ᠤᠨ ᠬᠤᠷᠤᠠᠠᠳᠠᠯ ᠢ ᠨᠢ ᠪᠠᠭᠠᠰᠬᠠᠬᠤ ᠶᠢᠨ ᠲᠤᠰᠠᠳᠠ ᠮᠦᠯᠭᠦᠭᠴᠢ ᠡᠰᠢ ᠶᠢ ᠨᠢ ᠲᠠᠷᠦ᠋ᠢᠬᠠᠨ ᠠᠷᠢᠯᠭᠠᠬᠤ ᠭᠡᠷᠡᠭᠳᠡᠢ᠃       7. ᠪᠦᠷᠭᠦᠭᠦᠯ ᠲᠠᠳᠠᠬᠤ ᠴᠠᠭ ᠢ ᠭᠡᠷᠭᠢᠨ ᠲᠤᠠᠠᠳᠠᠭᠠᠬᠤ ᠪᠤᠢ︖       ᠭᠦᠵᠡᠯᠵᠡᠭᠡᠨ᠎ᠡ ᠶᠢᠨ ᠤᠷᠭᠤᠯᠳᠠ ᠶᠢᠨ ᠵᠢᠮ᠎ᠠ ᠶᠤᠰᠤ ᠠᠴᠠ ᠠᠪᠴᠤ ᠦᠵᠡᠪᠡᠯ᠂ ᠤᠮᠠᠷᠠᠳᠤ ᠶᠢᠨ ᠭᠠᠵᠠᠷ ᠤᠷᠤᠨ ᠳᠤ ᠰᠠᠭᠤᠷᠢᠰᠢᠭᠤᠯᠤᠨ ᠲᠠᠷᠢᠬᠤ ᠨᠢ ᠡᠷᠳᠡ ᠲᠡᠭᠡᠷ᠎ᠡ ᠪᠠᠨ ᠲᠤᠤᠷ᠎ᠡ ᠲᠤᠯᠠᠭᠠᠨ ᠨᠢ ᠤᠬᠤᠷ᠂ ᠨᠡᠷᠨᠨ ᠤ ᠲᠤᠰᠤᠯᠳᠠ ᠡᠷᠳᠡ ᠪᠦᠭᠡᠳ ᠴᠡᠴᠡᠭᠯᠡᠨ ᠨᠠᠭᠢᠶᠠᠯᠠᠬᠤ ᠨᠢ ᠴᠤ ᠡᠷᠳᠡ ᠪᠠᠶᠢᠳᠠᠭ ᠪᠤᠯᠬᠤᠷ ᠵᠠᠷᠴᠢᠮ ᠲᠡᠭᠡᠷ᠎ᠡ ᠪᠠᠨ ᠪᠦᠷᠭᠦᠭᠦᠯ ᠢᠶᠠᠨ ᠡᠷᠳᠡᠭᠡᠨ ᠲᠠᠳᠠᠵᠤ ᠲᠤᠯᠠᠭᠠᠨ ᠢ ᠨᠢ ᠨᠡᠮᠡᠭᠳᠡᠭᠦᠯᠪᠡᠯ ᠵᠤᠭᠢᠨ᠎ᠠ᠃       ᠵᠡᠭᠦᠨ ᠭᠡᠰᠡᠭ ᠤᠨ ᠭᠠᠵᠠᠷ ᠤᠷᠤᠨ ᠪᠤᠯ ᠶᠠᠷᠦᠩᠭᠡᠢ ᠳᠡᠭᠡᠨ ᠲᠠᠷᠢᠠᠠᠰᠠᠨ ᠰᠤᠷᠲ ᠢᠶᠠᠨ 10 ᠳ᠋ᠤᠭᠠᠷ ᠰᠠᠷ᠎ᠠ ᠶᠢᠨ ᠲᠤᠮᠳᠠᠴᠢ ᠪᠠᠷ ᠪᠦᠷᠭᠦᠭᠦᠯ ᠢᠶᠠᠷ ᠲᠠᠷᠤᠵᠤ᠂ ᠲᠤᠯᠠᠭᠠᠨ ᠢ ᠨᠡᠮᠡᠭᠳᠡᠭᠦᠯᠭᠦ ᠭᠡᠷᠡᠭᠳᠡᠢ᠃ ᠪᠦᠷᠭᠦᠭᠦᠯ ᠢᠶᠠᠨ ᠲᠠᠷᠤᠠᠠᠰᠠᠨ ᠤ ᠰᠡᠭᠦᠯᠡᠷ ᠤᠷᠭᠤᠮᠠᠯ ᠤᠨ ᠡᠰᠢ ᠶᠢ ᠲᠠᠷᠦ᠋ᠢᠬᠠᠨ ᠵᠠᠰᠠᠵᠤ᠂ ᠭᠡᠮ ᠲᠠᠢ᠂ ᠭᠦᠭᠰᠢᠨ᠂ ᠵᠡᠷᠡᠮᠳᠡᠭ ᠨᠠᠪᠴᠢ ᠶᠢ ᠠᠷᠢᠯᠭᠠᠵᠤ᠂ ᠭᠦᠢᠭᠡᠨ ᠬᠠᠭᠠᠯᠪᠤᠷᠢᠯᠠᠵᠤ᠂ ᠲᠠᠯᠡᠩ ᠢᠶᠠᠨ ᠪᠠᠭᠢᠯᠡᠭᠦ ᠭᠡᠷᠡᠭᠳᠡᠢ᠃ ᠲᠤᠰᠤᠯᠠᠭᠤᠷ ᠤᠰᠤᠯᠠᠯᠳᠠ ᠶᠢᠨ ᠲᠦᠭᠦᠭᠡᠷᠤᠮᠵᠢ ᠤᠠᠠᠰᠠᠷᠠᠵᠦ᠂ ᠬᠠᠷ᠎ᠠ ᠦᠡᠭᠭᠡ ᠶᠢᠨ ᠪᠦᠷᠭᠦᠭᠦᠯ ᠢᠶᠠᠷ ᠬᠤᠴᠢᠬᠤ ᠭᠡᠷᠡᠭᠳᠡᠢ᠃ ᠲᠠᠷᠠᠭ᠎ᠠ ᠪᠠᠷ ᠨᠢ ᠪᠦᠷᠭᠦᠭᠦᠯ ᠢᠶᠠᠨ ᠴᠤᠭᠤᠯᠤᠨ ᠴᠢᠭᠢ ᠶᠢ ᠨᠢ ᠭᠠᠷᠭᠠᠵᠤ᠂ ᠭᠦᠵᠡᠯᠵᠡᠭᠡᠨ᠎ᠠ ᠶᠢᠨ ᠡᠰᠢᠨ ᠤ ᠠᠰ ᠲᠡᠭᠡᠷ᠎ᠡ ᠲᠠᠯ᠎ᠠ ᠳᠤᠨᠢ ᠭᠢᠳᠤᠭ᠎ᠠ ᠪᠠᠷ ᠵᠢᠵᠢᠭ ᠨᠦᠭᠡ ᠭᠠᠷᠭᠠᠵᠤ᠂ ᠭᠦᠵᠡᠯᠵᠡᠭᠡᠨ᠎ᠡ ᠶᠢᠨ ᠡᠰᠢ ᠶᠢ ᠭᠠᠷ ᠢᠶᠠᠷ ᠢᠶᠠᠨ ᠰᠠᠶᠢᠳᠤᠷ ᠬᠠᠮᠠᠭᠠᠯᠠᠨ᠂ ᠪᠦᠷᠭᠦᠭᠦᠯ ᠤᠨ ᠢᠶᠠᠨ ᠭᠠᠳᠠᠨ᠎ᠠ ᠭᠦᠡᠭᠭᠡᠭᠡᠨ ᠲᠠᠳᠠᠵᠤ ᠭᠠᠷᠭᠠᠬᠤ ᠭᠡᠷᠡᠭᠳᠡᠢ᠃       8. ᠭᠦᠵᠡᠯᠵᠡᠭᠡᠨ᠎ᠡ ᠶᠢᠨ ᠤᠷᠭᠤᠯᠳᠠ ᠶᠢᠨ ᠬᠤᠭᠤᠴᠠᠭᠠᠨ ᠳᠤ ᠭᠡᠷᠭᠢᠨ ᠠᠷᠠᠴᠢᠯᠠᠬᠤ ᠪᠤᠢ︖       ᠠᠳᠠᠯᠢ ᠪᠤᠰᠤ ᠦᠷᠡᠵᠢᠯ ᠤᠨ ᠬᠤᠭᠤᠴᠠᠭᠠᠨ ᠤ ᠲᠤᠯᠠᠭᠠᠨ ᠤ ᠭᠡᠮᠵᠢᠶ᠎ᠠ ᠳᠤ ᠲᠤᠤᠷᠠᠭᠢ ᠮᠡᠳᠤ ᠱᠠᠭᠠᠷᠳᠠᠯᠭ᠎ᠠ ᠲᠠᠢ ᠪᠠᠶᠢᠳᠠᠭ᠃ ᠲᠤᠯᠠᠭᠠᠨ ᠢ ᠬᠠᠮᠠᠭᠠᠯᠠᠬᠤ ᠡᠭᠢᠨ ᠤ ᠬᠤᠭᠤᠴᠠᠭᠠᠨ ᠳᠤ ᠨᠠᠭᠢᠶᠠᠯᠠᠯᠳᠠ ᠶᠢᠨ ᠪᠤᠶᠢᠵᠢᠯᠳᠡ ᠶᠢ ᠠᠭᠢᠭᠤᠯᠬᠤ ᠶᠢᠨ ᠲᠤᠰᠠᠳᠠ ᠨᠡᠯᠢᠶᠡᠳ ᠦᠨᠳᠤᠷ ᠲᠤᠯᠠᠭᠠᠨ ᠪᠠᠶᠢᠯᠭᠠᠵᠤ᠂ ᠡᠳᠤᠷ ᠲᠡᠭᠡᠨ 28℃~30℃᠂ ᠬᠠᠮᠤᠭ ᠤᠨ ᠦᠨᠳᠤᠷ ᠲᠡᠭᠡᠨ 35℃ ᠠᠴᠠ ᠲᠠᠪᠠᠭᠤᠯᠬᠤ ᠦᠭᠡᠢ᠂ ᠰᠦᠨᠢ ᠳᠡᠭᠡᠨ 12℃~15℃᠂ ᠬᠠᠮᠤᠭ ᠲᠤᠤᠷ᠎ᠠ ᠳᠠᠭᠠᠨ 8℃ ᠠᠴᠠ ᠪᠠᠭᠤᠷᠠᠭᠤᠯᠬᠤ ᠦᠭᠡᠢ ᠪᠠᠶᠢᠯᠭᠠᠨ᠎ᠠ᠃ ᠴᠤᠮᠤᠷᠯᠢᠬᠵᠢᠨ ᠴᠡᠴᠡᠭ ᠲᠡᠯᠭᠡᠷᠡᠭᠦ ᠬᠤᠭᠤᠴᠠᠭ᠎ᠠ ᠳᠤ᠂ ᠡᠳᠤᠷ ᠲᠡᠭᠡᠨ 25℃~28℃᠂ ᠰᠦᠨᠢ ᠳᠡᠭᠡᠨ 8℃~10℃ ᠪᠠᠶᠢᠯᠭᠠᠨ᠎ᠠ᠃ ᠵᠢᠮᠢᠰ ᠨᠢ ᠪᠤᠵᠠᠭᠠᠶᠢᠷᠠᠵᠤ ᠪᠤᠯᠪᠠᠰᠤᠷᠠᠬᠤ ᠬᠤᠭᠤᠴᠠᠭ᠎ᠠ ᠳᠤ ᠲᠤᠯᠠᠭᠠᠨ ᠤ ᠭᠡᠮᠵᠢᠶ᠎ᠠ ᠶᠢ ᠲᠤᠤᠷ᠎ᠠ ᠰᠢᠬ ᠪᠠᠶᠢᠯᠭᠠᠪᠠᠯ ᠵᠢᠮᠢᠰ ᠨᠢ ᠲᠤᠮᠤ᠂ ᠪᠤᠯᠪᠠᠰᠤᠷᠠᠬᠤ ᠨᠢ ᠬᠤᠶᠢᠰᠢᠯᠠᠳᠠᠭ᠃ ᠲᠤᠯᠠᠭᠠᠨ ᠤ ᠭᠡᠮᠵᠢᠶ᠎ᠠ ᠶᠢ ᠦᠨᠳᠤᠷ ᠪᠠᠶᠢᠯᠭᠠᠪᠠᠯ ᠡᠷᠳᠡ ᠪᠤᠯᠪᠠᠰᠤᠷᠠᠬᠤ ᠪᠤᠯᠪᠠᠴᠤ ᠵᠢᠮᠢᠰ ᠨᠢ ᠵᠢᠵᠢᠭ ᠪᠤᠯᠳᠠᠭ᠃ ᠶᠠᠷᠦᠩᠭᠡᠢ ᠳᠡᠭᠡᠨ ᠡᠳᠤᠷ ᠲᠡᠭᠡᠨ 20℃~25℃᠂ ᠰᠦᠨᠢ ᠳᠡᠭᠡᠨ 6℃~8℃ ᠪᠠᠶᠢᠯᠭᠠᠨ᠎ᠠ᠃       ᠶᠠᠷᠤ ᠶᠢᠨ ᠪᠠᠶᠢᠳᠠᠯ ᠲᠤᠤᠷ᠎ᠡ ᠡᠳᠤᠷ ᠪᠦᠷᠢ ᠶᠢᠨ ᠦᠳᠡ ᠶᠢᠨ ᠡᠮᠦᠨ᠎ᠠ ᠬᠤᠶᠢᠨ᠎ᠠ ᠰᠠᠯᠭᠢ ᠨᠡᠪᠳᠡᠷᠡᠭᠦᠯᠵᠤ᠂ ᠰᠠᠯᠭᠢ ᠨᠡᠪᠳᠡᠷᠡᠭᠦᠯᠭᠦ ᠴᠠᠭ ᠤᠨ ᠤᠷᠳᠤ ᠤᠬᠤᠷ ᠢ ᠪᠤᠯ ᠲᠤᠯᠠᠭᠠᠨ ᠤ ᠭᠡᠮᠵᠢᠶ᠎ᠠ ᠶᠢᠨ ᠬᠤᠪᠢᠷᠠᠯᠳᠠ ᠪᠠ ᠲᠤᠯᠠᠭᠠᠨ ᠤ ᠭᠡᠮᠵᠢᠶ᠎ᠠ᠂ ᠴᠢᠭᠢᠭ ᠤᠨ ᠭᠡᠮᠵᠢᠶ᠎ᠠ ᠶᠢ ᠬᠠᠮᠳᠤ ᠳᠤᠨᠢ ᠪᠤᠳᠤᠯᠭᠢᠯᠠᠨ ᠲᠤᠠᠠᠳᠠᠭᠠᠨ᠎ᠠ᠃ ᠪᠦᠷᠭᠦᠭ ᠴᠠᠰᠤ ᠲᠠᠢ ᠡᠳᠤᠷ ᠭᠦᠯᠡᠮᠵᠢᠨ ᠤ ᠲᠤᠳᠤᠷᠠᠭᠢ ᠴᠢᠭᠢᠭ ᠶᠡᠭᠡᠳᠭᠦ ᠲᠤᠯᠠ ᠴᠢᠭᠢᠭ ᠢ ᠨᠢ ᠭᠠᠷᠭᠠᠬᠤ ᠴᠢᠬᠤᠯᠠ ᠲᠠᠢ ᠪᠠᠶᠢᠳᠠᠭ᠃ ᠭᠡᠳᠡᠯ᠎ᠠ ᠡᠨᠡ ᠦᠶᠡᠰ ᠲᠤᠯᠠᠭᠠᠨ ᠢ ᠬᠠᠮᠠᠭᠠᠯᠠᠬᠤ ᠨᠢ ᠨᠡᠩ ᠴᠢᠬᠤᠯᠠ ᠪᠠᠶᠢᠳᠠᠭ ᠪᠦᠭᠡᠳ ᠪᠠᠰᠠ ᠦᠳᠡ ᠳᠤ ᠤᠬᠤᠷᠬᠠᠨ ᠴᠠᠭ ᠢᠶᠠᠷ ᠰᠠᠯᠭᠢ ᠨᠡᠪᠳᠡᠷᠡᠭᠦᠯᠭᠦ ᠭᠡᠷᠡᠭᠳᠡᠢ᠃ ᠶᠠᠷᠦᠩᠭᠡᠢ ᠳᠡᠭᠡᠨ ᠴᠡᠴᠡᠭ ᠲᠡᠯᠭᠡᠷᠡᠨ ᠲᠤᠭᠤᠰᠤᠳᠤᠬᠤ ᠬᠤᠭᠤᠴᠠᠭᠠᠨ ᠳᠤ ᠴᠢᠭᠢᠭ ᠤᠨ ᠭᠡᠮᠵᠢᠶ᠎ᠠ ᠶᠢ 40%~60% ᠪᠠᠶᠢᠯᠭᠠᠵᠤ᠂ ᠪᠤᠰᠤᠳ ᠴᠠᠭ ᠲᠤᠨᠢ 80% ᠠᠴᠠ ᠲᠤᠷᠤᠠᠠᠰᠢ ᠪᠠᠶᠢᠯᠭᠠᠪᠠᠯ ᠮᠠᠰᠢ ᠰᠠᠶᠢᠨ ᠪᠠᠶᠢᠳᠠᠭ᠃       ᠭᠦᠵᠡᠯᠵᠡᠭᠡᠨ᠎ᠡ ᠪᠤᠯ ᠤᠰᠤ ᠪᠤᠷᠳᠤᠭᠤᠷ ᠲᠤ ᠨᠠᠭᠠᠯᠢᠩᠬᠠᠢ ᠤᠷᠭᠤᠮᠠᠯ ᠪᠤᠯᠤᠨ᠎ᠠ᠃ ᠪᠦᠷᠭᠦᠭᠦᠯ ᠲᠠᠳᠠᠵᠤ ᠲᠤᠯᠠᠭᠠᠨ ᠢ ᠨᠢ ᠬᠠᠮᠠᠭᠠᠯᠬᠠᠰᠠᠨ ᠤ ᠰᠡᠭᠦᠯᠡᠷ ᠭᠦᠯᠡᠮᠵᠢᠨ ᠤ ᠲᠤᠳᠤᠷᠠᠭᠢ ᠲᠤᠯᠠᠭᠠᠨ ᠤ ᠭᠡᠮᠵᠢᠶ᠎ᠠ ᠲᠡᠭᠡᠭᠰᠢᠯᠡᠵᠤ᠂ ᠭᠦᠷᠦᠰᠤ ᠰᠢᠷᠤᠢ ᠪᠠ ᠤᠷᠭᠤᠮᠠᠯ ᠤᠨ ᠠᠭᠤᠷᠰᠢᠯᠳᠠ ᠶᠢᠨ ᠭᠡᠮᠵᠢᠶ᠎ᠠ ᠮᠠᠰᠢ ᠨᠡᠮᠡᠭᠳᠡᠵᠤ᠂ ᠭᠢᠯᠪᠠᠷᠬᠠᠨ ᠤᠰᠤ ᠲᠤᠳ᠋ᠬᠠᠳᠠᠬᠤ ᠪᠤᠯᠬᠤᠷ ᠡᠷᠭᠡᠪᠰᠢ ᠴᠠᠭ ᠲᠤᠬᠠᠢ ᠳᠤᠨᠢ ᠨᠦᠭᠦᠪᠤᠷᠢᠯᠡᠭᠦ ᠭᠡᠷᠡᠭᠳᠡᠢ᠃ ᠶᠤᠰᠤᠨ ᠳᠠᠭᠠᠨ ᠭᠡᠵᠢᠶᠡᠳᠡ ᠴᠢᠭᠢᠭ ᠲᠠᠢ ᠪᠠᠶᠢᠯᠭᠠᠬᠤ ᠭᠡᠷᠡᠭᠳᠡᠢ᠃ ᠭᠡᠭᠦ ᠳᠡᠭᠡᠨ ᠶᠡᠭᠡ ᠤᠰᠤ ᠪᠠᠷ ᠪᠢᠯᠬᠠᠳᠠᠯ᠎ᠠ ᠨᠢ ᠤᠰᠤᠯᠠᠵᠤ ᠪᠤᠯᠬᠤ ᠦᠭᠡᠢ᠂ ᠪᠠᠭ᠎ᠠ ᠪᠠᠭ᠎ᠠ ᠪᠠᠷ ᠤᠯᠠᠠᠳᠠ ᠤᠰᠤᠯᠠᠵᠤ᠂ ᠦᠷᠯᠦᠭᠡ ᠡᠷᠳᠡ ᠭᠦᠯᠡᠮᠵᠢᠨ ᠳᠤ ᠤᠷᠤᠬᠤ ᠳᠤ ᠭᠦᠵᠡᠯᠵᠡᠭᠡᠨ᠎ᠡ ᠶᠢᠨ ᠨᠠᠪᠴᠢᠨ ᠲᠡᠭᠡᠷ᠎ᠡ ᠤᠰᠤᠨ ᠲᠤᠰᠤᠯ ᠪᠠᠶᠢᠪᠠᠯ ᠭᠦᠵᠡᠯᠵᠡᠭᠡᠨ᠎ᠠ ᠨᠢ ᠤᠰᠤ ᠪᠠᠷ ᠦᠯᠤ ᠲᠤᠳ᠋ᠬᠠᠳᠠᠵᠤ ᠪᠠᠶᠢᠬᠤ ᠶᠢ ᠢᠯᠡᠳᠭᠡᠨ᠎ᠡ᠃       ᠤᠷᠭᠤᠮᠠᠯ ᠤᠨ ᠪᠠᠳᠠᠷᠠᠨ ᠤᠷᠭᠤᠬᠤ ᠶᠢ ᠲᠠᠭᠠᠯᠳᠤᠨ ᠮᠠᠰᠢ ᠤᠯᠠᠨ ᠬᠠᠵᠠᠭᠤ ᠶᠢᠨ ᠨᠠᠪᠴᠢ ᠨᠠᠭᠢᠶ᠎ᠠ ᠭᠠᠷᠴᠤ᠂ ᠰᠢᠮ᠎ᠠ ᠲᠡᠵᠢᠭᠡᠯ ᠢ ᠰᠦᠷᠡᠭᠡᠢ ᠰᠦᠢᠳᠭᠡᠭᠦ ᠲᠤᠯᠠ ᠡᠷᠳᠡᠭᠡᠨ ᠠᠪᠴᠤ ᠬᠠᠶᠠᠬᠤ ᠭᠡᠷᠡᠭᠳᠡᠢ᠃ ᠶᠠᠷᠦᠩᠭᠡᠢ ᠳᠡᠭᠡᠨ ᠭᠤᠤᠯ ᠨᠠᠪᠴᠢ ᠶᠢ ᠭᠠᠷᠭᠠᠪᠠᠯ᠂ ᠲᠠᠭᠢᠨ 2~3 ᠢᠳᠡᠷᠡᠭᠦᠨ ᠨᠠᠭᠢᠶ᠎ᠠ ᠶᠢ ᠦᠯᠡᠳᠡᠭᠡᠵᠤ᠂ ᠪᠤᠰᠤᠳ ᠢ ᠨᠢ ᠴᠦᠮ ᠠᠪᠴᠤ ᠬᠠᠶᠠᠬᠤ ᠭᠡᠷᠡᠭᠳᠡᠢ᠃ ᠰᠠᠭᠤᠷᠢ ᠶᠢᠨ ᠲᠤᠤᠭᠤᠷ ᠨᠠᠷᠢᠨ ᠪᠠᠭᠤᠷᠠᠢ ᠴᠡᠴᠡᠭ ᠤᠷᠭᠤᠳᠠᠭ ᠪᠤᠯᠬᠤᠷ ᠲᠠᠷᠦ᠋ᠢᠬᠠᠨ ᠠᠪᠴᠤ ᠬᠠᠶᠠᠬᠤ ᠪᠠ ᠵᠡᠷᠡᠮᠳᠡᠭ ᠵᠢᠮᠢᠰ ᠢ ᠴᠤ ᠲᠠᠷᠦ᠋ᠢᠬᠠᠨ ᠲᠡᠭᠦᠵᠤ ᠬᠠᠶᠠᠬᠤ ᠭᠡᠷᠡᠭᠳᠡᠢ᠃ ᠶᠠᠷᠦᠩᠭᠡᠢ ᠳᠡᠭᠡᠨ ᠠᠩᠬᠠᠳᠤᠭᠠᠷ ᠴᠠᠴᠡᠭ ᠤᠨ ᠪᠠᠭ ᠲᠡᠭᠡᠷ᠎ᠡ 12 ᠤᠷᠴᠢᠮ ᠤᠨ ᠵᠢᠮᠢᠰ ᠦᠯᠡᠳᠡᠭᠡᠵᠤ᠂ ᠬᠤᠶᠠᠳᠤᠭᠠᠷ ᠴᠡᠴᠡᠭ ᠤᠨ ᠪᠠᠭ ᠲᠡᠭᠡᠷ᠎ᠡ 7 ᠤᠷᠴᠢᠮ ᠤᠨ ᠵᠢᠮᠢᠰ ᠦᠯᠡᠳᠡᠭᠡᠭᠦ ᠭᠡᠷᠡᠭᠳᠡᠢ        ᠭᠦᠵᠡᠯᠵᠡᠭᠡᠨ᠎ᠠ ᠨᠢ ᠵᠢᠯ ᠲᠤᠵᠢ ᠰᠢᠨ᠎ᠠ ᠨᠠᠪᠴᠢ ᠲᠠᠰᠤᠷᠠᠯᠳᠠ ᠦᠭᠡᠢ ᠭᠠᠷᠴᠤ᠂ ᠭᠦᠭᠰᠢᠨ ᠨᠠᠪᠴᠢ ᠨᠢ ᠴᠡᠴᠡᠭ ᠲᠡᠯᠭᠡᠷᠡᠨ᠂ ᠨᠠᠭᠢᠶᠠᠯᠠᠵᠤ ᠵᠠᠳᠠᠷᠠᠬᠤ ᠶᠢ ᠲᠠᠭᠠᠯᠳᠤᠨ ᠶᠡᠭᠡᠳᠡ ᠬᠠᠷᠰᠢᠯᠠᠳᠠᠭ ᠪᠤᠯᠬᠤᠷ ᠲᠤᠤᠷᠠᠳᠤ ᠭᠡᠰᠡᠭ ᠤᠨ ᠭᠦᠭᠰᠢᠨ ᠨᠠᠪᠴᠢ᠂ ᠭᠡᠮ ᠲᠠᠢ ᠨᠠᠪᠴᠢ ᠶᠢ ᠲᠡᠭᠦᠨ ᠬᠠᠶᠠᠵᠤ᠂ ᠰᠠᠯᠭᠢ ᠨᠡᠪᠳᠡᠷᠡᠭᠦ ᠭᠡᠷᠡᠯ ᠲᠤᠰᠬᠤ ᠰᠠᠶᠢᠨ ᠰᠠᠶᠢᠬᠠᠨ ᠨᠦᠭᠦᠴᠡᠯ ᠢ ᠪᠦᠷᠢᠯᠳᠦᠭᠦᠯᠭᠦ ᠭᠡᠷᠡᠭᠳᠡᠢ᠃        ᠮᠦᠯᠭᠦᠭᠴᠢ ᠡᠰᠢ ᠪᠤᠯ ᠡᠭᠡ ᠡᠰᠢᠨ ᠤ ᠰᠢᠮ᠎ᠠ ᠲᠡᠵᠢᠭᠡᠯ ᠢ ᠬᠤᠷᠤᠭᠠᠵᠤ᠂ ᠨᠠᠭᠢᠶᠠᠯᠠᠨ ᠵᠠᠳᠠᠷᠠᠬᠤ ᠶᠢ ᠨᠦᠯᠦᠭᠡᠯᠡᠳᠡᠭ ᠪᠤᠯᠬᠤᠷ ᠴᠠᠭ ᠲᠠᠷᠤᠢ ᠳᠤᠨᠢ ᠠᠪᠴᠤ ᠬᠠᠶᠠᠬᠤ ᠭᠡᠷᠡᠭᠳᠡᠢ᠃ ᠲᠠᠷᠢᠬᠤ ᠲᠦᠷᠢᠮ ᠪᠤᠯᠤᠨ ᠲᠠᠷᠢᠬᠤ ᠠᠷᠭ᠎ᠠ ᠶᠢᠨ ᠠᠳᠠᠯᠢ ᠦᠭᠡᠢ ᠪᠠᠶᠢᠳᠠᠯ ᠠᠴᠠ ᠪᠤᠯᠤᠭᠠᠳ ᠮᠦᠯᠭᠦᠭᠴᠢ ᠡᠰᠢ ᠶᠢ ᠰᠢᠢᠳᠪᠤᠷᠢᠯᠡᠭᠦ ᠨᠢ ᠴᠤ ᠠᠳᠠᠯᠢ ᠦᠭᠡᠢ ᠪᠠᠶᠢᠳᠠᠭ᠃ ᠭᠡᠪᠡᠴᠤ ᠢᠯᠡᠭᠦᠴᠡ ᠮᠦᠯᠭᠦᠭᠴᠢ ᠡᠰᠢ ᠶᠢ ᠲᠠᠷᠦ᠋ᠢᠬᠠᠨ ᠪᠦᠭᠦᠳᠡ ᠶᠢ ᠠᠪᠴᠤ ᠬᠠᠶᠠᠬᠤ ᠭᠡᠷᠡᠭᠳᠡᠢ᠃        ᠭᠦᠯᠡᠮᠵᠢ ᠶᠢᠨ ᠲᠤᠳᠤᠷᠠᠭᠢ ᠭᠦᠵᠡᠯᠵᠡᠭᠡᠨ᠎ᠡ ᠶᠢᠨ ᠴᠡᠴᠡᠭ ᠲᠡᠯᠭᠡᠷᠡᠭᠦ ᠬᠤᠭᠤᠴᠠᠭᠠᠨ ᠳᠤ ᠶᠠᠷᠤ ᠠᠴᠠ ᠲᠤᠯᠠᠭᠠᠨ ᠤ ᠭᠡᠮᠵᠢᠶ᠎ᠠ ᠲᠤᠤᠷ᠎ᠡ᠂ ᠭᠡᠳᠦᠷᠭᠡᠢ ᠴᠢᠭᠢᠭ ᠲᠠᠢ᠂ ᠨᠠᠷᠠᠨ ᠤ ᠭᠡᠷᠡᠯ ᠤᠨ ᠲᠤᠰᠤᠯᠳᠠ ᠭᠦᠷᠦᠯᠴᠡᠭᠡ ᠦᠭᠡᠢ ᠵᠡᠷᠭᠡ ᠰᠢᠯᠳᠠᠭᠠᠨ  ᠠᠴᠠ ᠪᠤᠯᠤᠭᠠᠳ ᠴᠡᠴᠡᠭ ᠤᠨ ᠬᠤᠸᠠᠷ ᠰᠠᠴᠤᠬᠤ ᠪᠠ ᠲᠤᠭᠤᠰᠤᠳᠤᠬᠤ ᠶᠢ ᠭᠦᠨᠳᠤ ᠨᠤᠴᠢᠳᠠᠢ ᠨᠦᠯᠦᠭᠡᠯᠡᠳᠡᠭ᠃ ᠡᠶᠢᠮᠤ  ᠠᠴᠠ ᠬᠠᠮᠤᠭ ᠤᠨ ᠰᠠᠶᠢᠨ ᠠᠷᠭ᠎ᠠ ᠭᠡᠪᠡᠯ ᠭᠦᠯᠡᠮᠵᠢᠨ ᠳᠡᠭᠡᠨ ᠵᠦᠭᠡᠢ ᠲᠡᠵᠢᠭᠡᠵᠤ ᠪᠤᠯᠤᠨ᠎ᠠ᠃ ᠶᠠᠷᠦᠩᠭᠡᠢ ᠳᠡᠭᠡᠨ ᠨᠢᠭᠡᠨ ᠰᠠᠭᠤᠷᠢ ᠭᠦᠯᠡᠮᠵᠢ ᠪᠦᠷᠢ ᠨᠢᠭᠡ ᠬᠠᠶᠢᠷᠴᠠᠭ ᠵᠦᠭᠡᠢ ᠲᠡᠵᠢᠭᠡᠪᠡᠯ ᠪᠤᠯᠴᠢᠬᠠᠨ᠎ᠠ᠃ ᠵᠦᠭᠡᠢ ᠲᠠᠵᠢᠭᠡᠭᠦ ᠳᠡᠭᠡᠨ ᠲᠤᠯᠠᠭᠠᠨ ᠤ ᠭᠡᠮᠵᠢᠶ᠎ᠠ᠂ ᠴᠢᠭᠢᠭ ᠤᠨ ᠭᠡᠮᠵᠢᠶ᠎ᠠ ᠶᠢ ᠰᠠᠶᠢᠳᠤᠷ ᠲᠤᠭᠢᠷᠠᠭᠤᠯᠵᠤ᠂ ᠲᠤᠭᠤᠰᠤ ᠲᠠᠮᠵᠢᠭᠤᠯᠬᠤ ᠶᠢ ᠤᠷᠤᠠᠠᠰᠢᠳᠡᠢ ᠶᠠᠪᠤᠠᠠᠳᠠᠭᠤᠯᠬᠤ ᠭᠡᠷᠡᠭᠳᠡᠢ᠃ ᠭᠦᠯᠡᠮᠵᠢ ᠶᠢᠨ ᠲᠤᠯᠠᠭᠠᠨ ᠢ 15℃~25℃ ᠲᠤ ᠭᠢᠵᠠᠭᠠᠷᠯᠠᠬᠤ ᠭᠡᠷᠡᠭᠳᠡᠢ᠃ ᠴᠡᠴᠡᠭᠯᠡᠭᠦ  ᠠᠴᠠ 7~10 ᠡᠳᠤᠷ ᠤᠨ ᠡᠮᠦᠨ᠎ᠠ ᠵᠦᠭᠡᠢ ᠲᠠᠵᠢᠭᠡᠭᠦ ᠭᠡᠷᠡᠭᠳᠡᠢ᠃ ᠵᠦᠭᠡᠢ ᠤᠷᠤᠭᠤᠯᠬᠤ ᠠᠴᠠ ᠪᠠᠨ 10~15 ᠡᠳᠤᠷ ᠤᠨ ᠡᠮᠦᠨ᠎ᠠ ᠡᠮ ᠰᠦᠷᠴᠢᠨ ᠭᠡᠮ ᠬᠤᠷᠤᠬᠠᠢ ᠶᠢᠨ ᠭᠦᠨᠦᠭᠡᠯ ᠢ ᠲᠦᠢᠯᠪᠤᠷᠢᠳᠡᠢ ᠰᠡᠷᠭᠡᠶᠢᠯᠡᠭᠦ ᠭᠡᠷᠡᠭᠳᠡᠢ᠃ ᠵᠦᠭᠡᠢ ᠲᠠᠯᠪᠢᠠᠠᠰᠠᠨ ᠤ ᠰᠡᠭᠦᠯᠡᠷ ᠡᠮ ᠰᠦᠷᠴᠢᠵᠤ ᠪᠤᠯᠬᠤ ᠦᠭᠡᠢ᠃         9. ᠭᠦᠵᠡᠯᠵᠡᠭᠡᠨ᠎ᠡ ᠶᠢᠨ ᠭᠡᠮ ᠬᠤᠷᠤᠬᠠᠢ ᠶᠢᠨ ᠭᠦᠨᠦᠭᠡᠯ ᠢ ᠭᠡᠷᠭᠢᠨ ᠰᠡᠷᠭᠡᠶᠢᠯᠡᠨ ᠵᠠᠰᠠᠬᠤ ᠪᠤᠢ︖         ᠭᠦᠵᠡᠯᠵᠡᠭᠡᠨ᠎ᠡ ᠶᠢᠨ ᠭᠤᠤᠯ ᠭᠦᠨᠦᠭᠡᠯᠳᠤ ᠬᠤᠷᠤᠬᠠᠢ ᠪᠤᠯ ᠰᠢᠷᠤᠢ ᠶᠢᠨ ᠭᠦᠷᠢ᠂ ᠤᠯᠠᠭᠠᠨ ᠠᠭᠠᠯᠵᠢ᠂ ᠪᠠᠭᠠᠷᠠᠩ ᠬᠤᠷᠤᠬᠠᠢ ᠵᠡᠷᠭᠡ ᠪᠠᠶᠢᠨ᠎ᠠ᠃ ᠰᠢᠷᠤᠢ ᠶᠢᠨ ᠭᠦᠷᠢ ᠶᠢ ᠦᠷᠯᠦᠭᠡ ᠡᠷᠳᠡ ᠰᠢᠷᠤᠢ ᠶᠢ ᠮᠠᠯᠳᠠᠨ ᠭᠦᠮᠦᠨ ᠤ ᠭᠦᠴᠤ ᠪᠠᠷ ᠤᠰᠠᠳᠬᠠᠵᠤ ᠪᠤᠯᠤᠨ᠎ᠠ᠃ ᠤᠯᠠᠭᠠᠨ ᠠᠭᠠᠯᠵᠢ᠂ ᠪᠠᠭᠠᠷᠠᠩ ᠬᠤᠷᠤᠬᠠᠢ ᠵᠡᠷᠭᠡ ᠶᠢ ᠪᠤᠯ ᠪᠠᠢ ᠼᠤᠤ ︵百草︶ 1 ᠨᠤᠮᠧᠷᠳᠤ ᠶᠢᠨ 1000 ᠲᠠᠭᠢᠨ ᠢᠶᠠᠷ᠂ ᠭᠦᠭᠦᠷᠳᠤ ᠴᠠᠪᠠᠤ ᠡᠮ ᠤᠨ 800 ᠲᠠᠭᠢᠨ ᠢᠶᠠᠷ ᠰᠡᠷᠭᠡᠶᠢᠯᠡᠨ ᠵᠠᠰᠠᠬᠤ ᠶᠢᠨ ᠬᠠᠮᠳᠤ ᠨᠠᠭᠠᠯᠳᠤᠮᠠᠬᠠᠢ ᠰᠢᠷ᠎ᠠ ᠬᠠᠪᠳᠠᠰᠤ ᠪᠠᠷ ᠪᠠᠭᠠᠷᠠᠩ ᠬᠤᠷᠤᠬᠠᠢ ᠪᠠ ᠵᠢᠮᠢᠰ ᠤᠨ ᠢᠯᠠᠭ᠎ᠠ ᠶᠢ ᠦᠳᠦᠭᠡᠨ ᠠᠯᠠᠪᠠᠯ ᠮᠠᠰᠢ ᠰᠠᠶᠢᠨ ᠦᠷ᠎ᠡ ᠳ᠋ᠦᠩ ᠤᠯᠵᠤ ᠪᠤᠯᠤᠨ᠎ᠠ᠃        10. ᠲᠡᠭᠦᠵᠤ ᠬᠤᠷᠢᠶᠠᠬᠤ ᠳᠠᠭᠠᠨ ᠶᠠᠭᠤ ᠶᠢ ᠠᠩᠬᠠᠷᠬᠤ ᠴᠢᠬᠤᠯᠠ ᠲᠠᠢ ᠪᠤᠢ︖         ᠭᠦᠯᠡᠮᠵᠢᠨ ᠤ ᠲᠤᠳᠤᠷᠠᠭᠢ ᠭᠦᠵᠡᠯᠵᠡᠭᠡᠨ᠎ᠡ ᠶᠢ ᠰᠤᠷᠭᠤᠭ ᠢᠶᠠᠷ ᠨᠢ ᠢᠳᠡᠭᠦ ᠪᠠᠷ ᠭᠤᠤᠯ ᠪᠤᠯᠭᠠᠳᠠᠭ ᠪᠤᠯᠬᠤᠷ ᠭᠦᠵᠡᠯᠵᠡᠭᠡᠨ᠎ᠡ ᠶᠢ ᠤᠯᠠᠶᠢᠠᠠᠰᠠᠨ ᠦᠶ᠎ᠠ ᠳᠤᠨᠢ ᠲᠡᠭᠦᠵᠤ ᠬᠤᠷᠢᠶᠠᠪᠠᠯ ᠵᠤᠭᠢᠨ᠎ᠠ᠃ ᠡᠪᠤᠯ ᠪᠤᠯᠤᠨ ᠬᠠᠪᠤᠷ ᠡᠷᠳᠡ ᠲᠤᠯᠠᠭᠠᠨ ᠤ ᠭᠡᠮᠵᠢᠶ᠎ᠠ ᠨᠡᠯᠢᠶᠡᠳ ᠲᠤᠤᠷ᠎ᠠ ᠪᠠᠶᠢᠳᠠᠭ ᠪᠤᠯᠬᠤᠷ ᠦᠷᠯᠦᠭᠡ ᠡᠷᠳᠡ ᠪᠤᠶᠤ ᠦᠳᠡ ᠶᠢᠨ ᠬᠤᠶᠢᠨ᠎ᠠ ᠲᠡᠭᠦᠵᠤ ᠬᠤᠷᠢᠶᠠᠪᠠᠯ ᠵᠤᠭᠢᠨ᠎ᠠ᠃ ᠢᠯᠵᠡᠷᠡᠵᠤ ᠴᠢᠨᠠᠷ ᠨᠢ ᠬᠤᠪᠢᠷᠠᠬᠤ ᠠᠴᠠ ᠰᠡᠷᠭᠡᠶᠢᠯᠡᠭᠦ ᠶᠢᠨ ᠲᠤᠰᠠᠳᠠ ᠰᠢᠭᠦᠳᠡᠷᠢ ᠶᠢᠨ ᠤᠰᠤ ᠲᠠᠢ ᠪᠤᠶᠤ ᠨᠠᠷᠠᠨ ᠳᠤ ᠰᠢᠷᠬᠠᠳ᠋ᠬᠠᠰᠠᠨ ᠵᠢᠮᠢᠰ ᠢ ᠲᠡᠭᠦᠵᠤ ᠬᠤᠷᠢᠶᠠᠵᠤ ᠪᠤᠯᠬᠤ ᠦᠭᠡᠢ᠃ ᠲᠡᠭᠦᠵᠤ ᠬᠤᠷᠢᠶᠠᠬᠤ ᠳᠠᠭᠠᠨ ᠭᠦᠡᠭᠭᠡᠨ ᠲᠡᠭᠦᠵᠤ᠂ ᠭᠦᠡᠭᠭᠡᠨ ᠠᠪᠴᠤ᠂ ᠭᠦᠡᠭᠭᠡᠨ ᠲᠠᠯᠪᠢᠵᠤ᠂ ᠵᠢᠮᠢᠰ ᠢ ᠭᠡᠮᠳᠦᠭᠡᠭᠦ ᠠᠴᠠ ᠰᠡᠷᠭᠡᠶᠢᠯᠡᠭᠦ ᠶᠢᠨ ᠬᠠᠮᠳᠤ ᠲᠠᠰ ᠬᠤᠪᠢᠶᠠᠨ ᠤᠪᠤᠭᠠᠯᠠᠨ ᠲᠠᠯᠪᠢᠬᠤ ᠪᠠ ᠪᠤᠭᠤᠳᠠᠯᠯᠠᠬᠤ ᠭᠡᠷᠡᠭᠳᠡᠢ᠃
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号