︵ᠠᠷᠪᠠᠨ ᠬᠤᠶᠠᠷ︶ ᠲᠠᠷᠢᠶᠠᠨ ᠡᠰᠢ ᠰᠦᠷᠡᠯ ᠢ ᠶᠠᠷᠦᠩᠭᠡᠶᠢᠯᠡᠨ ᠠᠰᠢᠠᠠᠯᠠᠬᠤ ᠮᠡᠷᠭᠡᠵᠢᠯ
ᠨᠡᠶᠢᠲᠡᠯᠡᠭᠰᠡᠨ ᠴᠠᠭ᠄
2015-11-25
      1. ᠲᠠᠷᠢᠮᠡᠯ ᠤᠨ ᠡᠰᠢ ᠰᠦᠷᠡᠯ ᠢ ᠶᠠᠷᠦᠩᠭᠡᠶᠢᠯᠡᠨ ᠠᠰᠢᠠᠠᠯᠠᠬᠤ ᠮᠡᠷᠭᠡᠵᠢᠯ ᠳᠤ ᠶᠠᠮᠠᠷ ᠠᠭᠤᠯᠭ᠎ᠠ ᠨᠤᠭᠤᠳ ᠪᠠᠭᠳᠠᠬᠤ ᠪᠤᠢ︖        ᠲᠠᠷᠢᠮᠡᠯ ᠤᠨ ᠡᠰᠢ ᠰᠦᠷᠡᠯ ᠢ ᠶᠠᠷᠦᠩᠭᠡᠶᠢᠯᠡᠨ ᠠᠰᠢᠠᠠᠯᠠᠬᠤ ᠮᠡᠷᠭᠡᠵᠢᠯ ᠳᠤ ᠲᠤᠤᠷᠠᠭᠢ ᠮᠡᠳᠤ ᠭᠡᠳᠦᠨ ᠠᠭᠤᠯᠭ᠎ᠠ ᠪᠠᠭᠳᠠᠨ᠎ᠠ᠃        ︵1︶ ᠡᠰᠢ ᠰᠦᠷᠡᠯ ᠢ ᠰᠢᠭᠤᠳ ᠲᠠᠷᠢᠶᠠᠨ ᠳᠤᠨᠢ ᠪᠤᠴᠠᠭᠠᠵᠤ᠂ ᠪᠤᠷᠳᠤᠭᠤᠷ ᠪᠤᠯᠭᠠᠨ ᠭᠦᠷᠦᠰᠤ ᠰᠢᠷᠤᠢ ᠶᠢ ᠰᠠᠶᠢᠵᠢᠷᠠᠭᠤᠯᠬᠤ ᠮᠡᠷᠭᠡᠵᠢᠯ︔ ︵2︶ ᠲᠤᠳᠤᠷᠭ᠎ᠠ ᠪᠤᠭᠤᠳᠠᠢ ᠶᠢᠨ ᠲᠠᠷᠢᠮᠠᠯ ᠤᠨ ᠤᠷᠤᠨ ᠤ ᠪᠤᠭᠤᠳᠠᠢ ᠶᠢᠨ ᠡᠰᠢ ᠶᠢ ᠲᠠᠷᠢᠶᠠᠨ ᠳᠤᠨᠢ ᠪᠤᠴᠠᠭᠠᠬᠤ ᠮᠠᠰᠢᠠᠴᠢᠯᠠᠯᠳᠠ ᠶᠢᠨ ᠮᠡᠷᠭᠡᠵᠢᠯ︔ ︵3︶ ᠭᠤᠤᠯ ᠪᠤᠯᠬᠤ ᠲᠠᠷᠢᠮᠠᠯ ᠤᠨ ᠡᠰᠢ ᠰᠦᠷᠡᠯ ᠢ ᠶᠠᠷᠦᠩᠭᠡᠶᠢᠯᠡᠨ ᠠᠰᠢᠠᠠᠯᠠᠬᠤ ᠮᠠᠰᠢᠠᠴᠢᠯᠠᠯᠳᠠ ᠶᠢᠨ ᠮᠡᠷᠭᠡᠵᠢᠯ︔  ︵4︶ ᠮᠤᠳᠤᠨ ᠲᠦᠮᠦᠰᠤ ᠶᠢᠨ ᠡᠰᠢ ᠶᠢ ᠭᠡᠮᠭᠡᠯᠦᠨ ᠲᠠᠷᠢᠶᠠᠨ ᠳᠤ ᠪᠤᠴᠠᠭᠠᠬᠤ ᠮᠠᠰᠢᠠᠴᠢᠯᠠᠯᠳᠠ ᠶᠢᠨ ᠮᠡᠷᠭᠡᠵᠢᠯ︔  ︵5︶ ᠲᠤᠳᠤᠷᠭ᠎ᠠ ᠶᠢᠨ ᠡᠰᠢ ᠰᠦᠷᠡᠯ ᠢ ᠲᠠᠷᠢᠶᠠᠨ ᠳᠤ ᠪᠤᠴᠠᠭᠠᠬᠤ ᠲᠦᠷᠭᠡᠨ ᠢᠯᠵᠡᠷᠡᠭᠤᠯᠤᠨ ᠭᠡᠷᠡᠭᠯᠡᠭᠦ ᠮᠡᠷᠭᠡᠵᠢᠯ ᠵᠡᠷᠭᠡ ᠪᠤᠢ᠃        2. ᠡᠰᠢ ᠰᠦᠷᠡᠯ ᠢ ᠲᠠᠷᠢᠶᠠᠨ ᠳᠤ ᠪᠤᠴᠠᠭᠠᠵᠤ ᠭᠦᠷᠦᠰᠤ ᠰᠢᠷᠤᠢ ᠶᠢ ᠰᠠᠶᠢᠵᠢᠷᠠᠭᠤᠯᠬᠤ ᠮᠡᠷᠭᠡᠵᠢᠯ ᠨᠢ ᠶᠠᠮᠠᠷ ᠤᠨᠴᠠᠯᠢᠭ ᠲᠠᠢ ᠪᠤᠢ︖         ᠡᠰᠢ ᠰᠦᠷᠡᠯ ᠢ ᠰᠢᠭᠤᠳ ᠲᠠᠷᠢᠶᠠᠨ ᠳᠤᠨᠢ ᠪᠤᠴᠠᠭᠠᠬᠤ ᠪᠤᠯ ᠲᠠᠷᠢᠮᠠᠯ ᠤᠨ ᠡᠰᠢ ᠰᠦᠷᠡᠯ ᠢ ᠠᠰᠢᠠᠠᠯᠠᠨ ᠭᠦᠮᠦᠨ ᠤ ᠭᠦᠴᠤ ᠪᠤᠶᠤ ᠮᠠᠰᠢᠨ ᠢᠶᠠᠷ ᠲᠠᠮᠵᠢᠭᠤᠯᠤᠨ᠂ ᠠᠳᠠᠯᠢ ᠪᠤᠰᠤ ᠶᠢᠨ ᠭᠡᠯᠪᠡᠷᠢ ᠪᠠᠷ ᠡᠰᠢ ᠰᠦᠷᠡᠯ ᠢ ᠰᠢᠭᠤᠳ ᠭᠦᠷᠤᠰᠤ ᠰᠢᠷᠤᠢ  ᠳᠤ ᠪᠤᠴᠠᠭᠠᠵᠤ᠂ ᠪᠠᠭ᠎ᠠ ᠬᠠᠭᠠᠯᠪᠤᠷᠢᠯᠠᠬᠤ᠂ ᠦᠯᠤ ᠬᠠᠭᠠᠯᠪᠤᠷᠢᠯᠠᠬᠤ᠂ ᠰᠤᠷᠲ ᠰᠤᠩᠭᠤᠬᠤ᠂ ᠪᠤᠷᠳᠤᠭᠤᠷ ᠢ ᠲᠡᠩᠴᠡᠭᠦᠯᠭᠦ᠂ ᠭᠡᠮ ᠬᠤᠷᠤᠬᠠᠢ ᠶᠢᠨ ᠭᠦᠨᠦᠭᠡᠯ ᠢ ᠰᠡᠷᠭᠡᠶᠢᠯᠡᠭᠦ᠂ ᠵᠠᠭᠪᠤᠷᠯᠠᠵᠤ ᠲᠠᠷᠢᠬᠤ ᠵᠡᠷᠭᠡ ᠤᠯᠠᠨ ᠵᠦᠢᠯ ᠤᠨ ᠲᠦᠭᠦᠷ ᠮᠡᠷᠭᠡᠵᠢᠯ ᠢ ᠶᠠᠷᠦᠩᠭᠡᠶᠢᠯᠡᠨ ᠭᠡᠷᠡᠭᠯᠡᠵᠤ᠂ ᠭᠦᠷᠤᠰᠤ ᠰᠢᠷᠤᠢ ᠶᠢᠨ ᠹᠢᠽᠢᠺ ᠭᠢᠮᠢ ᠶᠢᠨ ᠴᠢᠨᠠᠷ ᠢ ᠰᠠᠶᠢᠵᠢᠷᠠᠭᠤᠯᠵᠤ᠂ ᠲᠠᠷᠢᠶᠠᠨ ᠭᠠᠵᠠᠷ ᠢ ᠰᠢᠮᠡᠯᠢᠭᠵᠢᠭᠦᠯᠵᠤ᠂ ᠤᠰᠤ ᠭᠦᠷᠦᠰᠤ ᠶᠢ ᠬᠠᠮᠠᠭᠠᠯᠠᠬᠤ ᠵᠡᠷᠭᠡ ᠦᠢᠯᠡᠳᠦᠯ ᠢ ᠪᠠᠳᠠᠷᠠᠭᠤᠯᠬᠤ ᠨᠢᠭᠡᠨ ᠵᠦᠢᠯ ᠤᠨ ᠪᠤᠷᠳᠤᠭᠤᠷ ᠪᠤᠯᠭᠠᠨ ᠭᠦᠷᠦᠰᠤ ᠰᠠᠶᠢᠵᠢᠷᠠᠭᠤᠯᠬᠤ ᠮᠡᠷᠭᠡᠵᠢᠯ ᠪᠤᠯᠤᠨ᠎ᠠ᠃ ᠮᠦᠨ ᠴᠦ ᠤᠳᠤᠬᠠᠨ ᠳᠤ ᠲᠠᠷᠢᠶᠠᠨ ᠭᠠᠵᠠᠷ ᠤᠨ ᠤᠷᠭᠠᠨᠢᠭ ᠪᠤᠷᠳᠤᠭᠤᠷ ᠤᠨ ᠭᠡᠷᠡᠭᠯᠡᠯᠳᠡ ᠶᠢᠨ ᠭᠡᠮᠵᠢᠶ᠎ᠠ ᠰᠦᠷᠡᠭᠡᠢ ᠲᠤᠳ᠋ᠬᠠᠳᠠᠵᠤ᠂ ᠨᠤᠭᠤᠭᠠᠨ ᠪᠤᠷᠳᠤᠭᠤᠷ ᠤᠨ ᠲᠠᠷᠢᠮᠠᠯ ᠤᠨ ᠲᠠᠯᠠᠪᠠᠢ ᠪᠠᠭᠠᠰᠴᠤ᠂ ᠭᠦᠷᠦᠰᠤ ᠰᠢᠷᠤᠢ ᠶᠢᠨ ᠪᠦᠳᠦᠴᠠ ᠡᠳᠤᠷ ᠢᠷᠡᠭᠦᠶ᠎ᠠ ᠮᠠᠭᠤᠵᠢᠷᠠᠵᠤ ᠪᠠᠶᠢᠬᠤ ᠵᠢᠴᠢ ᠭᠢᠮᠢ ᠶᠢᠨ ᠪᠤᠷᠳᠤᠭᠤᠷ᠂ ᠲᠠᠸᠠᠷ ᠤᠨ ᠤᠷᠭᠠᠨᠢᠭ ᠪᠤᠷᠳᠤᠭᠤᠷ ᠤᠨ ᠦᠨ᠎ᠠ ᠬᠠᠨᠭ᠍ᠰᠢ ᠦᠰᠴᠤ ᠪᠠᠶᠢᠬᠤ ᠵᠡᠷᠭᠡ ᠠᠯᠢ ᠤᠯᠠᠨ ᠠᠰᠠᠭᠤᠳᠠᠯ ᠢ ᠠᠷᠭᠠᠴᠠᠭᠠᠬᠤ  ᠪᠠᠷ ᠠᠪᠴᠤ ᠪᠠᠶᠢᠭ᠎ᠠ ᠨᠢᠭᠡᠨ ᠪᠦᠳᠦᠮᠵᠢᠳᠡᠢ ᠠᠷᠭ᠎ᠠ ᠭᠡᠮᠵᠢᠶ᠎ᠠ ᠪᠤᠯᠤᠨ᠎ᠠ᠃ ᠡᠭᠦᠨ ᠳᠤ ᠭᠤᠤᠯ ᠨᠢ ᠡᠰᠢ ᠭᠤᠤᠷᠰᠤ ᠶᠢ ᠲᠠᠷᠢᠶᠠᠨ ᠳᠤᠨᠢ ᠬᠤᠴᠢᠨ ᠪᠤᠴᠠᠭᠠᠬᠤ᠂ ᠲᠠᠷᠢᠶᠠᠨ ᠭᠠᠵᠠᠷ ᠢ ᠤᠷᠪᠠᠭᠤᠯᠵᠤ ᠲᠠᠷᠢᠬᠤ᠂ ᠰᠤᠪᠠᠭᠯᠠᠨ ᠪᠤᠯᠠᠬᠤ ᠵᠡᠷᠭᠡ ᠮᠡᠷᠭᠡᠵᠢᠯ ᠤᠨ ᠵᠠᠭᠪᠤᠷ ᠪᠠᠭᠳᠠᠨ᠎ᠠ᠃ ᠲᠤᠰ ᠲᠦᠷᠦᠯ ᠤᠨ ᠮᠡᠷᠭᠡᠵᠢᠯ ᠪᠤᠯ ᠨᠢᠭᠡᠨ ᠪᠡᠯᠡ ᠤᠷᠤᠭᠤᠯᠤᠯᠳᠠ ᠪᠠᠷ ᠪᠠᠭ᠎ᠠ᠂ ᠦᠷ᠎ᠠ ᠪᠦᠳᠦᠮᠵᠢ ᠨᠢ ᠲᠦᠷᠭᠡᠨ᠂ ᠦᠷ᠎ᠠ ᠠᠰᠢᠭ ᠨᠢ ᠦᠨᠳᠤᠷ᠂ ᠲᠠᠷᠢᠶᠠᠴᠢᠳ ᠲᠤ ᠠᠮᠠᠷᠬᠠᠨ ᠡᠵᠡᠮᠰᠢᠭᠳᠡᠭᠦ ᠭᠡᠷᠡᠭᠯᠡᠭᠡᠨ ᠤ ᠮᠡᠷᠭᠡᠵᠢᠯ ᠪᠤᠯᠤᠨ᠎ᠠ᠃         3. ᠲᠠᠷᠢᠮᠠᠯ ᠤᠨ ᠡᠰᠢ ᠰᠦᠷᠡᠯ ᠢ ᠪᠤᠷᠳᠤᠭᠤᠷ ᠪᠤᠯᠭᠠᠨ ᠭᠦᠷᠦᠰᠤ ᠰᠢᠷᠤᠢ ᠶᠢ ᠰᠠᠶᠢᠵᠢᠷᠠᠭᠤᠯᠬᠤ ᠮᠡᠷᠭᠡᠵᠢᠯ ᠳᠤ ᠶᠠᠮᠠᠷ ᠠᠭᠤᠯᠭ᠎ᠠ ᠪᠠᠭᠳᠠᠬᠤ ᠪᠤᠢ︖         ᠲᠠᠷᠢᠮᠡᠯ ᠤᠨ ᠡᠰᠢ ᠰᠦᠷᠡᠯ ᠢ ᠰᠢᠭᠤᠳ ᠲᠠᠷᠢᠶᠠᠨ ᠳᠤᠨᠢ ᠪᠤᠴᠠᠭᠠᠨ ᠪᠤᠷᠳᠤᠭᠤᠷ ᠪᠤᠯᠭᠠᠨ ᠭᠦᠷᠦᠰᠤ ᠰᠢᠷᠤᠢ ᠶᠢ ᠰᠠᠶᠢᠵᠢᠷᠠᠭᠤᠯᠬᠤ ᠮᠡᠷᠭᠡᠵᠢᠯ ᠳᠤ ᠪᠤᠭᠤᠳᠠᠢ ᠶᠢᠨ ᠡᠰᠢ ᠰᠦᠷᠡᠯ ᠢ ᠰᠢᠭᠤᠳ ᠲᠠᠷᠢᠶᠠᠨ ᠳᠤᠨᠢ ᠪᠤᠴᠠᠭᠠᠬᠤ ᠮᠡᠷᠭᠡᠵᠢᠯ᠂ ᠡᠷᠳᠡᠨᠢ ᠰᠢᠰᠢ ᠶᠢᠨ ᠡᠰᠢ ᠰᠦᠷᠡᠯ ᠢ ᠰᠢᠭᠤᠳ ᠲᠠᠷᠢᠶᠠᠨ ᠳᠤᠨᠢ ᠪᠤᠴᠠᠭᠠᠬᠤ ᠮᠡᠷᠭᠡᠵᠢᠯ᠂ ᠡᠪᠤᠯ ᠤᠨ ᠪᠤᠭᠤᠳᠠᠢ᠂ ᠵᠤᠨ ᠤ ᠡᠷᠳᠡᠨᠢ ᠰᠢᠰᠢ ᠶᠢᠨ ᠭᠤᠤᠷᠰᠤ ᠶᠢ ᠲᠠᠷᠢᠶᠠᠨ ᠳᠤᠨᠢ ᠪᠤᠴᠠᠭᠠᠬᠤ ᠮᠡᠷᠭᠡᠵᠢᠯ ᠪᠠᠭᠳᠠᠨ᠎ᠠ᠃         4. ᠪᠤᠭᠤᠳᠠᠢ ᠶᠢᠨ ᠡᠰᠢ ᠰᠦᠷᠡᠯ ᠢ ᠲᠠᠷᠢᠶᠠᠨ ᠳᠤᠨᠢ ᠪᠤᠴᠠᠭᠠᠬᠤ ᠮᠡᠷᠭᠡᠵᠢᠯ ᠨᠢ ᠶᠠᠮᠠᠷ ᠮᠡᠷᠭᠡᠵᠢᠯ ᠤᠨ ᠭᠤᠤᠯᠳᠠᠯᠭ᠎ᠠ ᠲᠠᠢ ᠪᠤᠢ︖         ᠪᠤᠭᠤᠳᠠᠢ ᠶᠢᠨ ᠡᠰᠢ ᠰᠦᠷᠡᠯ ᠢ ᠰᠢᠭᠤᠳ ᠲᠠᠷᠢᠶ᠋ᠨᠨ ᠳᠤᠨᠢ ᠪᠤᠴᠠᠭᠠᠬᠤ ᠮᠡᠷᠭᠡᠵᠢᠯ ᠳᠤ ᠰᠡᠯᠭᠦᠬᠦᠯᠤᠨ ᠪᠤᠭᠤᠳᠠᠢ ᠶᠢᠨ ᠲᠠᠷᠢᠶ᠎ᠠ ᠶᠢ ᠤᠷᠪᠠᠭᠤᠯᠤᠨ ᠭᠦᠷᠪᠡᠭᠦᠯᠵᠤ ᠲᠠᠷᠢᠶᠠᠨ ᠳᠤ ᠤᠷᠤᠭᠤᠯᠵᠤ᠂ ᠰᠡᠯᠭᠦᠭᠦᠯᠦᠭᠰᠡᠨ ᠪᠤᠭᠤᠳᠠᠢ ᠶᠢᠨ ᠲᠠᠷᠢᠶᠠᠨ ᠤ ᠦᠯᠡᠳᠡᠪᠤᠷᠢ ᠦᠨᠳᠤᠷ ᠡᠰᠢ ᠶᠢ ᠭᠡᠮᠭᠡᠯᠦᠨ ᠲᠠᠷᠢᠶᠠᠨ ᠳᠤ ᠤᠷᠤᠭᠤᠯᠬᠤ ᠪᠠ ᠪᠤᠭᠤᠳᠠᠢ ᠶᠢᠨ ᠡᠰᠢ ᠰᠦᠷᠡᠯ ᠢ ᠤᠷᠪᠠᠭᠤᠯᠤᠨ ᠲᠠᠷᠢᠵᠤ᠂ ᠲᠠᠷᠢᠶᠠᠨ ᠳᠤ ᠬᠤᠴᠢᠨ ᠤᠷᠤᠭᠤᠯᠬᠤ ᠭᠤᠷᠪᠡᠨ ᠵᠦᠢᠯ ᠤᠨ ᠠᠷᠭ᠎ᠠ ᠪᠠᠶᠢᠨ᠎ᠠ᠃        ᠲᠠᠷᠢᠶᠠᠨ ᠳᠤ ᠤᠷᠤᠭᠤᠯᠬᠤ ᠪᠠ ᠠᠵᠢᠯᠯᠠᠬᠤ ᠠᠷᠭ᠎ᠠ ᠨᠢ ᠲᠤᠤᠷᠠᠭᠢ ᠮᠡᠳᠤ ᠭᠡᠳᠦᠨ ᠲᠠᠯ᠎ᠠ ᠪᠠᠶᠢᠨ᠎ᠠ᠃         ︵1︶ ᠰᠡᠯᠭᠦᠭᠦᠯᠦᠭᠰᠡᠨ ᠪᠤᠭᠤᠳᠠᠢ ᠶᠢᠨ ᠲᠠᠷᠢᠶ᠎ᠠ ᠶᠢ ᠤᠷᠪᠠᠭᠤᠯᠵᠤ ᠭᠦᠷᠪᠡᠭᠦᠯᠦᠨ ᠲᠠᠷᠢᠶᠠᠨ ᠭᠠᠵᠠᠷ ᠲᠤ ᠬᠤᠴᠢᠨ ᠤᠷᠤᠭᠤᠯᠬᠤ᠃ ᠪᠤᠭᠤᠳᠠᠢ ᠪᠤᠯᠪᠠᠰᠤᠷᠬᠠᠰᠠᠨ ᠤ ᠰᠡᠭᠦᠯᠡᠷ ᠬᠠᠳᠤᠵᠤ ᠬᠤᠷᠢᠶᠠᠬᠤ ᠬᠠᠮ ᠮᠠᠰᠢᠨ ᠢᠶᠠᠷ ᠬᠠᠳᠤᠵᠤ᠂ 20~30cm ᠦᠨᠳᠤᠷ ᠭᠤᠤᠷᠰᠤ ᠦᠯᠡᠳᠡᠭᠡᠵᠤ᠂ ᠡᠷᠭᠢᠯᠳᠦᠭᠦᠯᠦᠨ ᠤᠷᠪᠠᠭᠤᠯᠬᠤ ᠮᠠᠰᠢᠨ ᠢᠶᠠᠷ ᠭᠦᠢᠭᠡᠨ ᠤᠷᠪᠠᠭᠤᠯᠵᠤ᠂ ᠪᠤᠭᠤᠳᠠᠢ ᠶᠢᠨ ᠡᠰᠢ ᠰᠦᠷᠡᠯ ᠢᠶᠠᠷ ᠭᠠᠵᠠᠷ ᠤᠨ ᠭᠠᠳᠠᠷᠭᠤ ᠶᠢ ᠪᠦᠷᠭᠦᠭᠦᠯᠵᠤ᠂ ᠲᠠᠷᠠᠭᠠᠴᠢ ᠶᠢᠨ ᠪᠤᠭᠤᠳᠠᠢ ᠲᠠᠷᠢᠬᠤ ᠠᠴᠠ ᠨᠢᠭᠡ ᠰᠠᠷ᠎ᠠ ᠶᠢᠨ ᠡᠮᠦᠨ᠎ᠠ ᠭᠦᠨ ᠤᠷᠪᠠᠭᠤᠯᠤᠨ ᠭᠦᠷᠦᠰᠤᠨ ᠳᠤ ᠤᠷᠤᠭᠤᠯᠤᠨ᠎ᠠ᠃        ︵2︶ ᠰᠡᠯᠭᠦᠭᠦᠯᠦᠭᠰᠡᠨ ᠪᠤᠭᠤᠳᠠᠢ ᠶᠢᠨ ᠲᠠᠷᠢᠶᠠᠨ ᠤ ᠦᠯᠡᠳᠡᠭᠰᠡᠨ ᠦᠨᠳᠤᠷ ᠭᠤᠤᠷᠰᠤ ᠶᠢ ᠤᠷᠪᠠᠭᠤᠯᠤᠨ ᠲᠠᠷᠤᠵᠤ ᠤᠷᠤᠭᠤᠯᠬᠤ᠃ ᠪᠤᠭᠤᠳᠠᠢ ᠪᠤᠯᠪᠠᠰᠤᠷᠬᠠᠰᠠᠨ ᠤ ᠰᠡᠭᠦᠯᠡᠷ ᠬᠠᠳᠤᠵᠤ ᠬᠤᠷᠢᠶᠠᠬᠤ ᠬᠠᠮ ᠮᠠᠰᠢᠨ ᠢᠶᠠᠷ ᠬᠠᠳᠤᠵᠤ᠂ 20~30cm ᠦᠨᠳᠤᠷ ᠭᠤᠤᠷᠰᠤ ᠦᠯᠡᠳᠡᠭᠡᠵᠤ᠂ ᠡᠰᠢ ᠰᠦᠷᠡᠯ ᠢ ᠭᠡᠮᠭᠡᠯᠭᠦ ᠮᠠᠰᠢᠨ ᠢᠶᠠᠷ ᠪᠤᠭᠤᠳᠠᠢ ᠶᠢᠨ ᠡᠰᠢ ᠰᠦᠷᠡᠯ ᠢ ᠭᠡᠮᠭᠡᠯᠦᠨ᠂ ᠲᠠᠷᠠᠭ᠎ᠠ ᠪᠠᠷ ᠨᠢ ᠭᠦᠨ ᠤᠷᠪᠠᠭᠤᠯᠬᠤ᠂ ᠠᠠᠵᠢᠰᠤ ᠪᠠᠷ ᠭᠦᠨ ᠤᠷᠪᠠᠭᠤᠯᠤᠨ ᠭᠦᠷᠤᠰᠤ ᠰᠢᠷᠤᠢ ᠳᠤ ᠤᠷᠤᠭᠤᠯᠤᠨ᠎ᠠ᠃        ︵3︶ ᠪᠤᠭᠤᠳᠠᠢ ᠶᠢᠨ ᠡᠰᠢ ᠰᠦᠷᠡᠯ ᠢ ᠡᠷᠭᠢᠯᠳᠦᠭᠦᠯᠦᠨ ᠤᠷᠪᠠᠭᠤᠯᠵᠤ ᠲᠠᠭᠢᠨ ᠲᠠᠷᠢᠬᠤ ᠲᠠᠷᠢᠶᠠᠨ ᠳᠤ ᠬᠤᠴᠢᠨ ᠤᠷᠤᠭᠤᠯᠬᠤ᠃ ᠪᠤᠭᠤᠳᠠᠢ ᠪᠤᠯᠪᠠᠰᠤᠷᠬᠠᠰᠠᠨ ᠤ ᠰᠡᠭᠦᠯᠡᠷ ᠬᠠᠳᠤᠵᠤ ᠬᠤᠷᠢᠶᠠᠬᠤ ᠬᠠᠮ ᠮᠠᠰᠢᠨ ᠢᠶᠠᠷ ᠬᠠᠳᠤᠵᠤ᠂ 20~30cm ᠦᠨᠳᠤᠷ ᠭᠤᠤᠷᠰᠤ ᠦᠯᠡᠳᠡᠭᠡᠵᠤ᠂ ᠡᠷᠭᠢᠯᠳᠦᠭᠦᠯᠦᠨ ᠤᠷᠪᠠᠭᠤᠯᠵᠤ ᠲᠠᠷᠢᠬᠤ ᠮᠠᠰᠢᠨ ᠢᠶᠠᠷ ᠨᠢᠭᠡ ᠯᠡ ᠤᠳᠠᠭ᠎ᠠ ᠲᠡᠭᠡᠷ᠎ᠠ ᠪᠤᠭᠤᠳᠠᠢ ᠶᠢᠨ ᠡᠰᠢ ᠰᠦᠷᠡᠯ ᠢ ᠲᠠᠷᠢᠶᠠᠨ ᠳᠤ ᠤᠷᠤᠭᠤᠯᠬᠤ ᠪᠠ ᠪᠤᠷᠴᠠᠭ ᠤᠨ ᠲᠦᠷᠦᠯ᠂ ᠲᠤᠰᠤᠳᠤ ᠨᠠᠷᠠᠨ ᠬᠤᠸᠠᠷ᠂ ᠵᠤᠨ ᠤ ᠡᠷᠳᠡᠨᠢ ᠰᠢᠰᠢ ᠶᠢ ᠲᠠᠷᠢᠨ᠎ᠠ᠃         5. ᠪᠤᠭᠤᠳᠠᠢ ᠶᠢᠨ ᠡᠰᠢ ᠰᠦᠷᠡᠯ ᠢ ᠲᠠᠷᠢᠶᠠᠨ ᠳᠤ ᠪᠤᠴᠠᠭᠠᠬᠤ ᠮᠡᠷᠭᠡᠵᠢᠯ ᠳᠤ ᠶᠠᠮᠠᠷ ᠲᠦᠭᠦᠷᠵᠢᠭᠰᠡᠨ ᠤᠷ᠎ᠠ ᠮᠡᠷᠭᠡᠵᠢᠯ ᠪᠠᠶᠢᠬᠤ ᠪᠤᠢ︖         ᠲᠦᠭᠦᠷ ᠤᠷ᠎ᠠ ᠮᠡᠷᠭᠡᠵᠢᠯ ᠭᠡᠪᠡᠯ ᠲᠤᠤᠷᠠᠭᠢ ᠮᠡᠳᠤ ᠭᠡᠳᠦᠨ ᠵᠦᠢᠯ ᠪᠠᠶᠢᠨ᠎ᠠ᠃ ︵1︶ ᠰᠢᠯᠢᠳᠡᠭ ᠰᠤᠷᠲ ᠢ ᠰᠤᠩᠭᠤᠬᠤ᠃ ᠪᠤᠭᠤᠳᠠᠢ ᠶᠢᠨ ᠡᠰᠢ ᠰᠦᠷᠡᠯ ᠢᠶᠠᠷ ᠬᠤᠴᠢᠬᠤ ᠳᠤ ᠡᠩ ᠲᠠᠷᠢᠭᠦᠨ ᠳᠤ ᠭᠡᠮᠳᠤᠯ ᠢ ᠡᠰᠡᠷᠭᠦᠴᠡᠭᠦ ᠴᠢᠳᠠᠯ ᠲᠠᠢ᠂ ᠦᠨᠳᠤᠷ ᠤᠨᠠᠯᠳᠠ ᠲᠠᠢ ᠰᠢᠯᠢᠳᠡᠭ ᠰᠤᠷᠲ ᠢ ᠰᠤᠩᠭᠤᠵᠤ᠂ ᠬᠤᠴᠢᠯᠭ᠎ᠠ ᠶᠢᠨ ᠬᠤᠷᠢᠶᠠᠯᠳᠠ ᠨᠡᠮᠡᠭᠳᠡᠭᠦᠯᠭᠦ ᠦᠷ᠎ᠠ ᠠᠰᠢᠭ ᠢ ᠭᠦᠢᠴᠡᠳ ᠪᠠᠳᠠᠷᠠᠭᠤᠯᠬᠤ ᠭᠡᠷᠡᠭᠳᠡᠢ᠃         ︵2︶ ᠲᠠᠷᠢᠬᠤ ᠭᠡᠮᠵᠢᠶ᠎ᠠ ᠶᠢ ᠨᠡᠮᠡᠭᠳᠡᠭᠦᠯᠭᠦ᠃ ᠡᠷᠭᠢᠯᠳᠦᠭᠦᠯᠦᠨ ᠤᠷᠪᠠᠭᠤᠯᠬᠤ ᠮᠠᠰᠢᠨ ᠤ ᠨᠠᠷᠬ᠎ᠠ ᠶᠢᠨ ᠠᠷᠠᠭ᠎ᠠ ᠶᠢᠨ ᠡᠷᠭᠢᠯᠳᠡ ᠳᠤ ᠲᠦᠰᠢᠭᠯᠡᠨ ᠭᠦᠷᠦᠰᠤᠨ ᠳᠤ ᠤᠷᠤᠭᠤᠯᠬᠤ ᠪᠤᠯᠬᠤᠷ ᠭᠦᠷᠦᠰᠤᠨ ᠳᠤ ᠤᠷᠤᠭᠤᠯᠬᠤ ᠭᠦᠨ ᠭᠦᠢᠭᠡᠨ ᠨᠢ ᠠᠳᠠᠯᠢ ᠦᠭᠡᠢ ᠪᠤᠯᠵᠤ᠂ ᠴᠢᠭᠢᠯᠡᠭᠦ ᠶᠢ ᠨᠦᠯᠦᠭᠡᠯᠡᠳᠡᠭ᠃ ᠡᠶᠢᠮᠤ ᠠᠴᠠ ᠲᠠᠷᠢᠬᠤ ᠭᠡᠮᠵᠢᠶ᠎ᠠ ᠶᠢ ᠵᠤᠭᠢᠰᠳᠡᠢ ᠨᠡᠮᠡᠭᠳᠡᠭᠦᠯᠵᠤ᠂ ᠵᠤᠭᠢᠰᠳᠡᠢ ᠦᠨᠳᠤᠰᠤᠨ ᠴᠢᠭᠢ ᠶᠢ ᠪᠠᠳᠤᠯᠠᠬᠤ ᠭᠡᠷᠡᠭᠳᠡᠢ᠃ ᠲᠠᠷᠢᠬᠤ ᠭᠡᠮᠵᠢᠶ᠎ᠠ ᠶᠢ ᠶᠠᠷᠤ ᠶᠢᠨ ᠲᠠᠷᠢᠬᠤ ᠭᠡᠮᠵᠢᠶᠠᠨ ᠤ ᠰᠠᠭᠤᠷᠢᠨ ᠲᠡᠭᠡᠷ᠎ᠡ 25%~30% ᠨᠡᠮᠡᠭᠳᠡᠭᠦᠯᠦᠨ᠎ᠠ᠃         ︵3︶ ᠪᠤᠷᠳᠤᠭᠤᠷ ᠨᠠᠶᠢᠷᠠᠭᠤᠯᠤᠨ ᠤᠷᠤᠭᠤᠯᠬᠤ᠃ ᠪᠤᠷᠳᠤᠭᠤᠷ ᠨᠠᠶᠢᠷᠠᠭᠤᠯᠤᠨ ᠤᠷᠤᠭᠤᠯᠬᠤ ᠰᠠᠭᠤᠷᠢᠨ ᠲᠡᠭᠡᠷ᠎ᠡ᠂ ᠠᠽᠤᠲ ᠪᠤᠷᠳᠤᠭᠤᠷ ᠨᠡᠮᠡᠨ ᠤᠷᠤᠭᠤᠯᠤᠨ᠎ᠠ᠃          ᠶᠠᠷᠦᠩᠭᠡᠢ ᠳᠡᠭᠡᠨ 1000kg ᠡᠰᠢ ᠰᠦᠷᠡᠯ ᠪᠦᠷᠢ 0.6~0.8kg ᠠᠽᠤᠲ ᠡᠳ᠋ ᠨᠡᠮᠡᠵᠤ᠂ ᠨᠡᠭᠦᠷᠡᠰᠤ ᠠᠽᠤᠲ ᠤᠨ ᠬᠠᠷᠢᠴᠠᠯ ᠢ ᠲᠤᠭᠢᠷᠠᠭᠤᠯᠵᠤ᠂ ᠡᠰᠢ ᠰᠦᠷᠡᠯ ᠤᠨ ᠢᠯᠵᠡᠷᠡᠬᠤ ᠶᠢ ᠠᠭᠢᠭᠤᠯᠤᠨ᠎ᠠ᠃ ᠲᠠᠪᠳᠠᠨ ᠲᠠᠷᠢᠬᠤ ᠲᠠᠷᠢᠶᠠᠨ ᠳᠤ ᠮᠤ᠋ ᠪᠦᠷᠢ 5~10kg ᠠᠽᠤᠲ ᠡᠳ᠋᠂ 3~4kg ᠲᠠᠪᠤᠰᠤᠴᠢ ᠭᠦᠴᠢᠯᠳᠦ᠋ᠷᠦᠭᠵᠢᠭᠦᠯᠦᠭᠰᠡᠨ ᠬᠤᠶᠠᠷᠴᠢ ᠹᠤᠰᠹᠤᠷ ᠢ ᠡᠷᠭᠢᠯᠳᠦᠭᠦᠯᠦᠨ ᠤᠷᠪᠠᠭᠤᠯᠬᠤ ᠠᠴᠠ ᠪᠠᠨ ᠡᠮᠦᠨ᠎ᠠ ᠰᠠᠭᠤᠷᠢ ᠪᠤᠷᠳᠤᠭᠤᠷ ᠪᠤᠯᠭᠠᠨ ᠤᠷᠤᠭᠤᠯᠵᠤ᠂ ᠤᠷᠭᠤᠯᠳᠠ ᠶᠢᠨ ᠦᠶ᠎ᠠ ᠳᠤᠨᠢ ᠮᠤ᠋ ᠪᠦᠷᠢ 5~8kg ᠠᠽᠤᠲ ᠡᠳ᠋ ᠨᠦᠭᠦᠨ ᠤᠷᠤᠭᠤᠯᠤᠨ᠎ᠠ᠃ ᠲᠠᠪᠳᠠᠨ ᠲᠠᠷᠢᠬᠤ ᠲᠠᠷᠢᠶᠠᠨ ᠳᠤ ᠠᠽᠤᠲ ᠪᠤᠷᠳᠤᠭᠤᠷ ᠢ ᠰᠠᠭᠤᠷᠢ ᠪᠤᠷᠳᠤᠭᠤᠷ ᠪᠤᠯᠭᠠᠬᠤ ᠦᠭᠡᠢ ᠪᠠᠷ ᠪᠦᠭᠦᠨ ᠢ ᠨᠦᠭᠦᠯᠳᠡ ᠪᠤᠷᠳᠤᠭᠤᠷ ᠢᠶᠠᠷ ᠤᠷᠤᠭᠤᠯᠵᠤ ᠪᠤᠯᠤᠨ᠎ᠠ᠃         ︵4︶ ᠵᠢᠯ ᠠᠯᠤᠰᠯᠠᠨ ᠭᠦᠨ ᠬᠠᠭᠠᠯᠪᠤᠷᠢᠯᠠᠬᠤ᠃ ᠲᠠᠷᠢᠶᠠᠨ ᠭᠠᠵᠠᠷ ᠢ ᠪᠦᠷᠭᠦᠭᠦᠯᠵᠤ ᠤᠷᠪᠠᠭᠤᠯᠤᠨ ᠬᠠᠭᠠᠯᠪᠤᠷᠢᠯᠠᠬᠤ ᠳᠤ ᠭᠤᠤᠯ ᠨᠢ ᠡᠷᠭᠢᠯᠳᠦᠭᠦᠯᠦᠨ ᠬᠠᠭᠠᠯᠪᠤᠷᠢᠯᠠᠬᠤ ᠮᠠᠰᠢᠨ ᠳᠤ ᠲᠦᠰᠢᠭᠯᠡᠵᠤ᠂ ᠭᠦᠢᠭᠡᠨ ᠭᠦᠨᠴᠡ ᠲᠠᠢ ᠪᠠᠶᠢᠯᠭᠠᠨ᠎ᠠ᠃ ᠡᠶᠢᠮᠤ ᠠᠴᠠ 2᠂ 3 ᠵᠢᠯ ᠠᠯᠤᠰᠯᠠᠬᠤ ᠪᠦᠷᠢ ᠪᠤᠭᠤᠳᠠᠢ ᠪᠠᠨ ᠬᠠᠳᠤᠠᠠᠰᠠᠨ ᠤ ᠰᠡᠭᠦᠯᠡᠷ ᠪᠤᠶᠤ ᠪᠤᠭᠤᠳᠠᠢ ᠲᠠᠷᠢᠬᠤ ᠠᠴᠠ ᠪᠠᠨ ᠡᠮᠦᠨ᠎ᠠ ᠨᠢᠭᠡᠨ ᠤᠳᠠᠭ᠎ᠠ 25cm ᠤᠷᠴᠢᠮ ᠭᠦᠨ ᠬᠠᠭᠠᠯᠪᠤᠷᠢᠯᠠᠬᠤ ᠪᠠ ᠭᠦᠨ ᠰᠤᠯᠠᠷᠠᠭᠤᠯᠵᠤ᠂ ᠭᠦᠷᠤᠰᠤ ᠰᠢᠷᠤᠢ ᠶᠢ ᠵᠤᠭᠢᠬᠤ ᠵᠤᠵᠠᠭᠠᠴᠠ ᠲᠠᠢ ᠠᠮᠢᠳᠤᠯᠢᠭ ᠭᠦᠷᠤᠰᠤᠨ ᠲᠠᠪᠬᠤᠷᠭ᠎ᠠ ᠲᠠᠢ ᠪᠤᠯᠭᠠᠨ᠎ᠠ᠃         ︵5︶ ᠭᠡᠮ ᠬᠤᠷᠤᠬᠠᠢ ᠶᠢᠨ ᠭᠦᠨᠦᠭᠡᠯ ᠢ ᠰᠡᠷᠭᠡᠶᠢᠯᠡᠭᠦ᠃ ᠪᠤᠭᠤᠳᠠᠢ ᠶᠢᠨ ᠰᠦᠷᠡᠯ ᠢᠶᠠᠷ ᠪᠦᠷᠭᠦᠭᠦᠯ ᠬᠤᠴᠢᠪᠡᠯ ᠭᠦᠷᠦᠰᠤᠨ ᠤ ᠤᠰᠤ ᠢᠯᠴᠢ ᠶᠢᠨ ᠨᠦᠭᠦᠴᠡᠯ ᠢ ᠰᠠᠶᠢᠵᠢᠷᠠᠭᠤᠯᠬᠤ ᠶᠢᠨ ᠬᠠᠮᠳᠤ ᠭᠡᠮ ᠬᠤᠷᠤᠬᠠᠢ ᠶᠢᠨ ᠭᠦᠨᠦᠭᠡᠯ ᠤᠨ ᠨᠢᠭᠤᠠᠠᠳᠠᠯ ᠪᠠ ᠠᠵᠢᠯᠯᠠᠭ᠎ᠠ ᠳᠤ ᠠᠰᠢᠠᠠᠳᠠᠢ ᠪᠠᠶᠢᠳᠠᠭ᠃ ᠡᠶᠢᠮᠤ ᠠᠴᠠ ᠰᠡᠷᠭᠡᠶᠢᠯᠡᠯᠳᠡ ᠪᠠᠷ ᠭᠤᠤᠯ ᠪᠤᠯᠭᠠᠨ ᠶᠠᠷᠦᠩᠭᠡᠶᠢᠯᠡᠨ ᠵᠠᠰᠠᠬᠤ ᠴᠢᠭᠯᠡᠯᠳᠡ ᠶᠢ ᠪᠠᠷᠢᠮᠳᠠᠯᠠᠵᠤ᠂ ᠪᠦᠷᠭᠦᠭᠦᠯᠳᠤ ᠲᠠᠷᠢᠶᠠᠨ ᠤ ᠭᠡᠮ ᠬᠤᠷᠤᠬᠠᠢ ᠶᠢᠨ ᠭᠦᠨᠦᠭᠡᠯ ᠢ ᠤᠷᠢᠳᠴᠢᠯᠠᠨ ᠭᠡᠮᠵᠢᠭᠦ ᠪᠡ ᠤᠷᠢᠳᠴᠢᠯᠠᠨ ᠮᠡᠳᠡᠭᠡᠯᠡᠭᠦ ᠠᠵᠢᠯ ᠢ ᠰᠠᠶᠢᠳᠤᠷ ᠭᠢᠭᠦ ᠭᠡᠷᠡᠭᠳᠡᠢ᠃ ᠬᠠᠷᠠᠤ ︵ᠬᠠᠷ᠎ᠠ ᠲᠤᠭᠤᠰᠤᠳᠤ ᠭᠡᠮ︶᠂ ᠴᠠᠭᠠᠨ ᠲᠤᠭᠤᠰᠤᠳᠤ ᠭᠡᠮ᠂ ᠵᠢᠪᠡᠷᠡᠭᠦ ᠭᠡᠮ ᠵᠡᠷᠭᠡ ᠭᠡᠮ ᠬᠤᠷᠤᠬᠠᠢ ᠶᠢᠨ ᠭᠦᠨᠦᠭᠡᠯ ᠢᠶᠠᠷ ᠨᠡᠯᠢᠶᠡᠳ ᠭᠦᠨᠳᠤ ᠪᠦᠭᠦᠢ ᠪᠤᠭᠤᠳᠠᠢ ᠶᠢᠨ ᠲᠠᠷᠢᠶᠠᠨ ᠳᠤ ᠪᠤᠭᠤᠳᠠᠢ ᠶᠢᠨ ᠡᠰᠢ ᠰᠦᠷᠡᠯ ᠢᠶᠠᠷ ᠬᠤᠴᠢᠨ ᠪᠦᠷᠭᠦᠭᠦ ᠶᠢ ᠴᠠᠭᠠᠵᠠᠯᠠᠨ᠎ᠠ᠃ ᠭᠡᠮ ᠬᠤᠷᠤᠬᠠᠢ ᠶᠢᠨ ᠭᠦᠨᠦᠭᠡᠯ ᠠᠮᠠᠷᠬᠠᠨ ᠡᠭᠦᠰᠳᠡᠭ ᠭᠠᠵᠠᠷ ᠲᠤ ᠬᠤᠴᠢᠵᠤ ᠪᠦᠷᠭᠦᠭᠰᠡᠨ ᠤ ᠪᠠᠨ ᠰᠡᠭᠦᠯᠡᠷ ᠡᠰᠢ ᠰᠦᠷᠡᠯ ᠢ ᠲᠠᠷᠢᠶᠠᠨ ᠡᠮ ᠢᠶᠠᠷ ᠰᠢᠢᠳᠪᠤᠷᠢᠯᠡᠭᠦ ᠭᠡᠷᠡᠭᠳᠡᠢ᠃ ᠭᠠᠵᠠᠷ ᠲᠤᠤᠷᠠᠭᠢ ᠭᠦᠨᠦᠭᠡᠯᠳᠤ ᠬᠤᠷᠤᠬᠠᠢ ᠶᠢ ᠪᠤᠯ ᠡᠮ ᠢ ᠦᠷ᠎ᠡ ᠲᠠᠢ ᠨᠢ ᠪᠠᠭᠰᠤᠷᠬᠤ ᠪᠤᠶᠤ ᠭᠦᠨᠦᠭᠡᠯ ᠤᠨ ᠬᠤᠭᠤᠴᠠᠭᠠᠨ ᠳᠤᠨᠢ ᠬᠤᠤᠷᠳᠤ ᠦᠭᠶᠦᠭᠡ ᠰᠠᠴᠤᠬᠤ ᠠᠷᠭ᠎ᠠ ᠪᠠᠷ ᠰᠡᠷᠭᠡᠶᠢᠯᠡᠭᠦ ᠭᠡᠷᠡᠭᠳᠡᠢ᠃        ︵6︶ ᠰᠤᠯᠠ ᠡᠪᠡᠰᠤ ᠶᠢ ᠠᠷᠢᠯᠭᠠᠬᠤ᠃ ᠶᠠᠷᠦᠩᠭᠡᠢ ᠳᠡᠭᠡᠨ ᠲᠠᠷᠢᠠᠠᠰᠠᠨ ᠠᠴᠠ ᠪᠠᠨ ᠠᠪᠤᠭᠠᠳ ᠴᠢᠭᠢᠯᠡᠭᠦ ᠠᠴᠠ  ᠨᠢ ᠡᠮᠦᠨ᠎ᠠ ᠮᠤ᠋ ᠪᠦᠷᠢ ᠡᠪᠡᠰᠤ ᠠᠷᠢᠯᠭᠠᠬᠤ ᠡᠮ ᠤᠨ 65~100mL ᠲᠡᠭᠡᠷ᠎ᠠ ᠤᠰᠤ ᠬᠤᠯᠢᠨ᠂ ᠪᠦᠷᠭᠦᠭᠦ ᠡᠰᠢ ᠰᠦᠷᠡᠯ ᠲᠡᠭᠡᠷ᠎ᠡ ᠪᠠᠨ ᠰᠦᠷᠴᠢᠭᠦ ᠪᠤᠶᠤ ᠵᠤᠨ ᠤ ᠡᠷᠳᠡᠨᠢ ᠰᠢᠰᠢ 7~8 ᠨᠠᠪᠴᠢᠯᠠᠬᠤ ᠦᠶᠡᠰ ᠮᠤ᠋ ᠪᠦᠷᠢ ᠺᠧ ᠡᠤ ᠽᠤᠩ ︵克无踪︶ ᠡᠮ ᠤᠨ 80~100mL ᠲᠤ ᠤᠰᠤ ᠬᠤᠯᠢᠨ ᠰᠤᠯᠠ ᠡᠪᠡᠰᠤᠨ ᠲᠡᠭᠡᠷ᠎ᠡ ᠬᠠᠨᠳᠤᠯᠭ᠎ᠠ ᠲᠠᠢ ᠰᠦᠷᠴᠢᠭᠦ ᠭᠡᠷᠡᠭᠳᠡᠢ᠃        6. ᠡᠷᠳᠡᠨᠢ ᠰᠢᠰᠢ ᠶᠢᠨ ᠡᠰᠢ ᠭᠤᠤᠷᠰᠤ ᠶᠢ ᠪᠤᠴᠠᠭᠠᠬᠤ ᠮᠡᠷᠭᠡᠵᠢᠯ ᠤᠨ ᠭᠤᠤᠯᠳᠠᠯᠭ᠎ᠠ ᠳᠤ ᠠᠯᠢ ᠭᠡᠳᠦᠨ ᠲᠠᠯ᠎ᠠ ᠪᠠᠭᠳᠠᠬᠤ ᠪᠤᠢ︖       ᠡᠷᠳᠡᠨᠢ ᠰᠢᠰᠢ ᠶᠢᠨ ᠡᠰᠢ ᠭᠤᠤᠷᠰᠤ ᠶᠢ ᠰᠢᠭᠤᠳ ᠲᠠᠷᠢᠶᠠᠨ ᠳᠤ ᠤᠷᠤᠭᠤᠯᠬᠤ ᠮᠡᠷᠭᠡᠵᠢᠯ ᠳᠤ ᠡᠷᠳᠡᠨᠢ ᠰᠢᠰᠢ ᠶᠢᠨ ᠡᠰᠢ ᠭᠤᠤᠷᠰᠤ ᠶᠢ ᠭᠡᠮᠭᠡᠯᠤᠨ ᠲᠠᠷᠢᠶᠠᠨ ᠳᠤ ᠤᠷᠤᠭᠤᠯᠬᠤ᠂ ᠡᠷᠳᠡᠨᠢ ᠰᠢᠰᠢ ᠶᠢ ᠪᠦᠭᠦᠯᠢ ᠡᠰᠢ ᠪᠠᠷ ᠨᠢ ᠲᠠᠷᠢᠶᠠᠨ ᠳᠤ ᠤᠷᠪᠠᠭᠤᠯᠤᠨ ᠲᠠᠷᠤᠵᠤ ᠤᠷᠤᠭᠤᠯᠬᠤ᠂ ᠡᠷᠳᠡᠨᠢ ᠰᠢᠰᠢ ᠶᠢᠨ ᠪᠦᠭᠦᠯᠢ ᠡᠰᠢ ᠶᠢ ᠬᠠᠭᠠᠰ ᠬᠠᠭᠠᠯᠪᠤᠷᠢᠯᠠᠨ ᠬᠠᠭᠠᠰ ᠪᠦᠷᠭᠦᠨ ᠲᠠᠷᠢᠶᠠᠨ ᠳᠤ ᠤᠷᠤᠭᠤᠯᠬᠤ᠂ ᠡᠰᠢ ᠭᠤᠤᠷᠰᠤ ᠶᠢᠨ ᠪᠦᠷᠭᠦᠭᠦᠯ ᠢᠶᠠᠷ ᠬᠤᠶᠠᠷᠳᠡᠭᠢ ᠤᠳᠠᠭ᠎ᠠ ᠪᠦᠷᠭᠦᠭᠦ ᠪᠡ ᠡᠷᠳᠡᠨᠢ ᠰᠢᠰᠢ ᠶᠢᠨ ᠪᠦᠭᠦᠯᠢ ᠡᠰᠢ ᠶᠢ ᠰᠤᠪᠠᠭᠴᠢᠯᠠᠨ ᠪᠤᠯᠠᠵᠤ ᠲᠠᠷᠢᠶᠠᠨ ᠳᠤ ᠤᠷᠤᠭᠤᠯᠬᠤ ᠵᠡᠷᠭᠡ ᠤᠯᠠᠨ ᠠᠷᠭ᠎ᠠ ᠭᠡᠮᠵᠢᠶ᠎ᠠ ᠪᠠᠭᠳᠠᠨ᠎ᠠ        ᠲᠠᠷᠢᠶᠠᠨ ᠳᠤ ᠤᠷᠤᠭᠤᠯᠬᠤ ᠠᠷᠭ᠎ᠠ ᠪᠠ ᠠᠵᠢᠯᠯᠠᠬᠤ ᠨᠢ ᠲᠤᠤᠷᠠᠭᠢ ᠮᠡᠳᠤ ᠭᠡᠳᠦᠨ ᠵᠦᠢᠯ ᠪᠠᠶᠢᠨ᠎ᠠ᠃        ︵1︶ ᠡᠷᠳᠡᠨᠢ ᠰᠢᠰᠢ ᠶᠢᠨ ᠡᠰᠢ ᠭᠤᠤᠷᠰᠤ ᠶᠢ ᠭᠡᠮᠭᠡᠯᠤᠨ ᠲᠠᠷᠢᠶᠠᠨ ᠳᠤ ᠤᠷᠪᠠᠭᠤᠯᠤᠨ ᠲᠠᠷᠤᠵᠤ ᠤᠷᠤᠭᠤᠯᠬᠤ᠃ ᠡᠷᠳᠡᠨᠢ ᠰᠢᠰᠢ ᠪᠤᠯᠪᠠᠰᠤᠷᠬᠠᠰᠠᠨ ᠤ ᠰᠡᠭᠦᠯᠡᠷ ᠲᠦᠷᠦᠭᠦᠤ ᠶᠢ ᠨᠢ ᠲᠡᠭᠦᠵᠤ᠂ ᠭᠦᠮᠦᠨ ᠮᠠᠯ ᠤᠨ ᠭᠦᠴᠤ ᠪᠠᠷ ᠲᠦᠷᠦᠭᠦᠤ  ᠪᠠᠨ ᠲᠠᠷᠢᠶᠠᠨ ᠭᠠᠵᠠᠷ ᠠᠴᠠ ᠵᠦᠭᠡᠭᠡᠨ ᠭᠠᠷᠭᠠᠨ᠎ᠠ᠃ ᠲᠢᠶᠧ ᠨᠢᠤ 55 ᠡᠰᠢ ᠭᠤᠤᠷᠰᠤ ᠭᠡᠮᠭᠡᠯᠭᠦ ᠲᠦᠭᠦᠷ ᠮᠠᠰᠢᠨ ᠢᠶᠠᠷ ᠡᠰᠢ ᠭᠤᠤᠷᠰᠤ ᠶᠢ ᠭᠡᠮᠭᠡᠯᠵᠤ᠂ ᠲᠡᠭᠦᠨ ᠢ ᠵᠢᠭᠳᠡ ᠳᠤᠨᠢ ᠭᠠᠵᠠᠷ ᠤᠨ ᠭᠠᠳᠠᠷᠭᠤ ᠳᠤ ᠰᠠᠴᠤᠨ᠎ᠠ᠃ 60kW ᠤᠨ ᠭᠦᠨ ᠤᠷᠪᠠᠭᠤᠯᠵᠤ ᠭᠦᠨ ᠰᠤᠯᠠᠷᠠᠭᠤᠯᠬᠤ ᠮᠠᠰᠢᠨ ᠪᠤᠶᠤ 60kW ᠤᠨ ᠲᠷᠠᠺᠲ᠋ᠤᠷ ᠲᠤ 4~6 ᠬᠤᠰᠢᠭᠤᠳᠤ ᠭᠦᠨ ᠬᠠᠭᠠᠯᠪᠤᠷᠢᠯᠠᠬᠤ ᠠᠠᠵᠢᠰᠤ ᠴᠢᠷᠦᠭᠦᠯᠵᠤ ᠡᠷᠳᠡᠨᠢ ᠰᠢᠰᠢ ᠶᠢᠨ ᠡᠰᠢ ᠭᠤᠤᠷᠰᠤ ᠶᠢ ᠪᠦᠭᠦᠨ ᠢ ᠬᠦᠷᠦᠰᠤᠨ ᠳᠤ ᠤᠷᠪᠠᠭᠤᠯᠤᠨ ᠤᠷᠤᠭᠤᠯᠤᠨ᠎ᠠ᠃        ︵2︶ ᠡᠷᠳᠡᠨᠢ ᠰᠢᠰᠢ ᠶᠢᠨ ᠪᠦᠭᠦᠯᠢ ᠡᠰᠢ ᠶᠢ ᠲᠠᠷᠢᠶᠠᠨ ᠳᠤ ᠤᠷᠪᠠᠭᠤᠯᠤᠨ ᠲᠠᠷᠤᠵᠤ ᠤᠷᠤᠭᠤᠯᠬᠤ᠃ ᠡᠷᠳᠡᠨᠢ ᠰᠢᠰᠢ ᠪᠤᠯᠪᠠᠰᠤᠷᠬᠠᠰᠠᠨ ᠤ ᠰᠡᠭᠦᠯᠡᠷ ᠲᠦᠷᠦᠭᠦᠤ ᠶᠢ ᠨᠢ ᠲᠡᠭᠦᠨ ᠠᠪᠤᠭᠠᠳ 60kW ᠤᠨ ᠲᠷᠠᠺᠲ᠋ᠤᠷ ᠲᠤ 4~6 ᠬᠤᠰᠢᠭᠤᠳᠤ ᠭᠦᠨ ᠬᠠᠭᠠᠯᠪᠤᠷᠢᠯᠠᠬᠤ ᠠᠠᠵᠢᠰᠤ ᠴᠢᠷᠦᠭᠦᠯᠵᠤ᠂ ᠭᠦᠨ ᠤᠷᠪᠠᠭᠤᠯᠤᠨ ᠡᠷᠳᠡᠨᠢ ᠰᠢᠰᠢ ᠶᠢᠨ ᠡᠰᠢ ᠭᠤᠤᠷᠰᠤ ᠶᠢ ᠭᠦᠷᠦᠰᠤᠨ ᠳᠤ ᠰᠢᠭᠤᠳ ᠤᠷᠪᠠᠭᠤᠯᠤᠨ ᠤᠷᠤᠭᠤᠯᠤᠨ᠎ᠠ᠃         ︵3︶ ᠡᠷᠳᠡᠨᠢ ᠰᠢᠰᠢ ᠶᠢᠨ ᠪᠦᠭᠦᠯᠢ ᠡᠰᠢ ᠶᠢ ᠬᠠᠭᠠᠰ ᠬᠠᠭᠠᠯᠪᠤᠷᠢᠯᠡᠨ ᠬᠠᠭᠠᠰ ᠪᠦᠷᠭᠦᠬᠦᠯᠤᠨ ᠲᠠᠷᠢᠶᠠᠨ ᠳᠤ ᠤᠷᠤᠭᠤᠯᠬᠤ᠃ ᠡᠷᠳᠡᠨᠢ ᠰᠢᠰᠢ ᠪᠤᠯᠪᠠᠰᠤᠷᠬᠠᠰᠠᠨ ᠤ ᠰᠡᠭᠦᠯᠡᠷ ᠲᠦᠷᠦᠭᠦᠤ ᠶᠢ ᠨᠢ ᠲᠡᠭᠦᠨ ᠠᠪᠴᠦ ᠡᠰᠢ ᠭᠤᠤᠷᠰᠤ ᠶᠢ ᠬᠠᠳᠤᠬᠤ ᠶᠢᠨ ᠲᠠᠭᠠᠤ ᠬᠠᠳᠠᠭᠤ ᠭᠤᠤᠷᠰᠤ ᠶᠢ ᠨᠢ ᠵᠤᠷᠠᠭ᠎ᠠ ᠲᠠᠭᠠᠭᠤᠯᠤᠨ ᠪᠦᠷᠭᠦᠨ ᠬᠤᠴᠢᠨ᠂ 67cm ᠬᠤᠴᠢᠨ᠂ 67cm ᠬᠤᠭᠤᠰᠤᠨ ᠦᠯᠡᠳᠡᠭᠡᠨ᠎ᠡ᠃ ᠲᠦᠷᠦᠭᠦᠴᠢ ᠨᠢᠭᠡ ᠮᠦᠷ ᠡᠰᠢᠨ ᠲᠡᠭᠡᠷ᠎ᠡ ᠪᠠᠨ ᠨᠢᠭᠡ ᠮᠦᠷ ᠦᠨᠳᠤᠰᠤ ᠪᠠᠷ ᠲᠠᠷᠤᠵᠤ᠂ ᠡᠰᠢ ᠭᠤᠤᠷᠰᠤ ᠶᠢᠨ ᠠᠭᠤᠯᠵᠠᠭᠤᠷ ᠭᠠᠵᠠᠷ ᠪᠠᠭ᠎ᠠ ᠰᠢᠷᠤᠢ ᠪᠠᠷ ᠲᠠᠷᠤᠨ᠎ᠠ︔ ᠲᠠᠷᠠᠭ᠎ᠠ ᠵᠢᠯ ᠤᠨ ᠭᠢᠨᠢ ᠬᠠᠪᠤᠷ ᠡᠰᠢ ᠭᠤᠤᠷᠰᠤ ᠶᠢ ᠬᠤᠴᠢᠵᠤ ᠪᠦᠷᠭᠦᠭᠰᠡᠨ ᠦᠭᠡᠢ ᠬᠤᠭᠤᠰᠤᠨ ᠵᠤᠷᠠᠭ᠎ᠠ ᠶᠢᠨ ᠲᠤᠳᠤᠷ᠎ᠠ ᠬᠠᠭᠠᠯᠪᠤᠷᠢᠯᠠᠨ ᠤᠷᠪᠠᠭᠤᠯᠵᠤ᠂ ᠪᠤᠷᠳᠤᠭᠤᠷ ᠤᠷᠤᠭᠤᠯᠵᠤ᠂ ᠲᠠᠷᠠᠭ᠎ᠠ ᠨᠠᠮᠤᠷ ᠤᠨ ᠬᠤᠷᠢᠶᠠᠯᠳᠠ ᠶᠢᠨ ᠲᠠᠷᠠᠭ᠎ᠠ᠂ ᠠᠩᠬᠠᠳᠤᠭᠠᠷ ᠵᠢᠯ ᠳᠤ ᠡᠰᠢ ᠭᠤᠤᠷᠰᠤ ᠪᠠᠷ ᠬᠤᠴᠢᠭᠰᠠᠨ ᠦᠭᠡᠢ ᠬᠤᠭᠤᠰᠤᠨ ᠵᠤᠷᠠᠭ᠎ᠠ ᠪᠠᠨ ᠡᠰᠢ ᠭᠤᠤᠷᠰᠤ ᠪᠠᠷ ᠬᠤᠴᠢᠨ᠎ᠠ᠃        ︵4︶ ᠡᠷᠳᠡᠨᠢ ᠰᠢᠰᠢ ᠶᠢᠨ ᠡᠰᠢ ᠭᠤᠤᠷᠰᠤ ᠶᠢᠨ ᠪᠦᠷᠭᠦᠭᠦᠯ ᠤᠨ ᠬᠤᠶᠠᠷᠳᠡᠭᠢ ᠪᠦᠷᠭᠦᠯᠳᠡ᠃ ᠡᠷᠳᠡᠨᠢ ᠰᠢᠰᠢ ᠶᠢ ᠬᠤᠷᠢᠶ᠋ᠬᠠᠰᠠᠨ ᠤ ᠰᠡᠭᠦᠯᠡᠷ ᠬᠠᠳᠠᠭᠤ ᠭᠤᠤᠷᠰᠤ ᠶᠢ ᠮᠦᠷ ᠠᠯᠤᠰᠯᠠᠭᠤᠯᠤᠨ ᠡᠷᠳᠡᠨᠢ ᠰᠢᠰᠢ ᠶᠢᠨ ᠪᠦᠭᠦᠯᠢ ᠡᠰᠢ ᠪᠠᠷ ᠪᠦᠷᠭᠦᠵᠤ᠂ ᠲᠠᠷᠠᠭ᠎ᠠ ᠵᠢᠯ ᠤᠨ ᠭᠢᠨᠢ ᠬᠠᠪᠤᠷ ᠪᠦᠷᠭᠦᠭᠰᠡᠨ ᠦᠭᠡᠢ ᠮᠦᠷ ᠤᠨ ᠲᠤᠳᠤᠷ᠎ᠠ ᠭᠤᠤ ᠭᠠᠷᠭᠠᠵᠤ᠂ ᠪᠤᠷᠳᠤᠭᠤᠷ ᠤᠷᠤᠭᠤᠯᠵᠤ᠂ ᠪᠦᠷᠭᠦᠭᠦᠯ ᠢᠶᠠᠷ ᠬᠤᠴᠢᠵᠤ᠂ ᠨᠦᠭᠡ ᠰᠦᠪᠡ ᠭᠠᠷᠭᠠᠨ ᠲᠠᠷᠢᠨ᠎ᠠ᠃        ︵5︶ ᠡᠷᠳᠡᠨᠢ ᠰᠢᠰᠢ ᠶᠢ ᠪᠦᠭᠦᠯᠢ ᠡᠰᠢ ᠪᠠᠷ ᠨᠢ ᠰᠤᠪᠠᠭᠴᠢᠯᠠᠨ ᠪᠤᠯᠠᠵᠤ ᠤᠷᠤᠭᠤᠯᠬᠤ᠃ 133cm ᠢᠶᠠᠷ ᠨᠢᠭᠡᠨ ᠪᠦᠰᠡ ᠪᠤᠯᠭᠠᠨ᠎ᠠ᠃ ᠨᠠᠮᠤᠷ ᠡᠷᠳᠡᠨᠢ ᠰᠢᠰᠢ ᠪᠠᠨ ᠬᠤᠷᠢᠶ᠋ᠬᠠᠰᠠᠨ ᠤ ᠰᠡᠭᠦᠯᠡᠷ ᠦᠷᠭᠡᠨ ᠵᠤᠷᠠᠭ᠎ᠠ ᠶᠢᠨ ᠲᠤᠮᠳᠠᠭᠤᠷ ᠠᠷᠴᠢᠭᠤᠷ ᠤᠨ ᠭᠡᠯᠪᠡᠷᠢᠳᠤ ᠠᠠᠵᠢᠰᠤ ᠪᠠᠷ ᠨᠢᠭᠡᠨ ᠵᠤᠷᠪᠤᠰ 40cm ᠦᠷᠭᠡᠨ᠂ 20~27cm ᠭᠦᠨ ᠭᠤᠤ ᠭᠠᠷᠭᠠᠵᠤ ᠂ ᠡᠷᠳᠡᠨᠢ ᠰᠢᠰᠢ ᠶᠢᠨ ᠪᠦᠭᠦᠯᠢ ᠡᠰᠢ ᠶᠢ ᠦᠵᠦᠭᠦᠷ ᠢᠶᠠᠷ ᠨᠢ ᠭᠤᠤ ᠳᠠᠭᠠᠨ ᠰᠢᠭᠢᠳᠭᠡᠵᠤ᠂ ᠰᠢᠷᠤᠢ ᠪᠠᠷ ᠬᠤᠴᠢᠨ ᠡᠪᠤᠯᠵᠢᠭᠦᠯᠦᠨ᠎ᠠ᠃ ᠲᠠᠷᠠᠭ᠎ᠠ ᠵᠢᠯ ᠤᠨ ᠬᠠᠪᠤᠷ ᠡᠷᠳᠡ ᠡᠰᠢ ᠭᠤᠤᠷᠰᠤ ᠪᠤᠯᠬᠠᠰᠠᠨ ᠦᠭᠡᠢ ᠨᠠᠷᠢᠨ ᠵᠤᠷᠠᠭᠠᠨ ᠳᠠᠭᠠᠨ ᠭᠤᠤᠴᠢᠯᠠᠨ ᠪᠤᠷᠳᠤᠭᠤᠷ ᠤᠷᠤᠭᠤᠯᠵᠤ᠂ ᠡᠰᠢ ᠭᠤᠤᠷᠰᠤ ᠪᠤᠯᠬᠠᠰᠠᠨ ᠲᠠᠯᠠᠩ ᠲᠡᠭᠡᠭᠦᠷ ᠢᠶᠠᠨ ᠪᠦᠷᠭᠦᠭᠦᠯ ᠪᠦᠳᠡᠭᠡᠵᠤ᠂ ᠪᠦᠷᠭᠦᠭᠦᠯ ᠤᠨ ᠬᠤᠶᠠᠷ ᠲᠠᠯ᠎ᠠ ᠪᠠᠷ ᠨᠢ ᠬᠤᠶᠠᠷ ᠮᠦᠷ ᠡᠷᠳᠡᠨᠢ ᠰᠢᠰᠢ ᠲᠠᠷᠢᠨ᠎ᠠ᠃ ᠨᠠᠮᠤᠷ ᠬᠤᠷᠢᠶ᠋ᠬᠠᠰᠠᠨ ᠤ ᠪᠠᠨ ᠰᠡᠭᠦᠯᠡᠷ ᠵᠤᠷᠠᠭ᠎ᠠ ᠪᠠᠨ ᠲᠤᠩᠭᠤᠷᠠᠭᠤᠯᠤᠨ ᠭᠤᠤᠴᠢᠯᠠᠨ ᠪᠤᠯᠠᠨ᠎ᠠ᠃ ᠲᠤᠬᠠᠶᠢᠯᠠᠪᠠᠯ ᠨᠠᠷᠢᠨ ᠵᠤᠷᠠᠭ᠎ᠠ ᠶᠢᠨ ᠲᠤᠳᠤᠷ᠎ᠠ ᠭᠤᠤ ᠭᠠᠷᠭᠠᠨ ᠡᠰᠢ ᠭᠤᠤᠷᠰᠤ ᠪᠠᠨ ᠪᠤᠯᠡᠨ᠎ᠠ᠃         7. ᠡᠷᠳᠡᠨᠢ ᠰᠢᠰᠢ ᠶᠢᠨ ᠡᠰᠢ ᠭᠤᠤᠷᠰᠤ ᠶᠢ ᠰᠢᠭᠤᠳ ᠲᠠᠷᠢᠶᠠᠨ ᠳᠤ ᠤᠷᠤᠭᠤᠯᠬᠤ ᠮᠡᠷᠭᠡᠵᠢᠯ ᠳᠤ ᠶᠠᠮᠠᠷ ᠲᠦᠭᠦᠷᠵᠢᠭᠰᠡᠨ ᠤᠷ᠎ᠠ ᠮᠡᠷᠭᠡᠰᠢᠯ ᠪᠠᠶᠢᠬᠤ ᠪᠤᠢ︖         ᠲᠠᠷᠢᠶᠠᠯᠠᠩ ᠤᠨ ᠲᠦᠭᠦᠷ ᠤᠷ᠎ᠠ ᠮᠡᠷᠭᠡᠵᠢᠯ ᠳᠤ ᠲᠤᠤᠷᠠᠭᠢ ᠭᠡᠳᠦᠨ ᠵᠠᠩᠭᠢᠯᠠᠭ᠎ᠠ ᠪᠠᠭᠳᠠᠨ᠎ᠠ᠃        ︵1︶ ᠲᠤᠭᠢᠳᠡᠢ ᠰᠤᠷᠲ ᠢ ᠰᠤᠩᠭᠤᠬᠤ᠃ ᠡᠷᠳᠡᠨᠢ ᠰᠢᠰᠢ ᠶᠢᠨ ᠡᠰᠢ ᠭᠤᠤᠷᠰᠤ ᠪᠠᠷ ᠲᠠᠷᠢᠶᠠᠨ ᠭᠠᠵᠠᠷ ᠢ ᠪᠦᠷᠭᠦᠪᠡᠯ ᠠᠮᠢ ᠠᠬᠤᠢ ᠶᠢᠨ ᠨᠦᠭᠦᠴᠡᠯ ᠢ ᠰᠠᠶᠢᠵᠢᠷᠠᠭᠤᠯᠬᠤ ᠲᠤᠯᠠ ᠲᠤᠬᠠᠢ ᠶᠢᠨ ᠭᠠᠵᠠᠷ ᠤᠨ ᠠᠭᠤᠷ ᠠᠮᠢᠰᠬᠤᠯ ᠳᠤ ᠲᠤᠭᠢᠷᠬᠠᠰᠠᠨ ᠦᠨᠳᠤᠷ ᠤᠨᠠᠯᠳᠠ ᠲᠠᠢ᠂ ᠭᠡᠮᠳᠤᠯ ᠢ ᠡᠰᠡᠷᠭᠦᠴᠡᠵᠤ ᠲᠠᠶᠢᠯᠭᠦ᠂ ᠨᠠᠯᠡᠵᠤ ᠤᠨᠠᠳᠠᠭ ᠦᠭᠡᠢ᠂ ᠤᠰᠤ ᠪᠤᠷᠳᠤᠭᠤᠷ  ᠲᠤ ᠲᠡᠰᠪᠤᠷᠢ ᠲᠠᠢ ᠰᠤᠷᠲ ᠢ ᠰᠤᠩᠭᠤᠬᠤ ᠭᠡᠷᠡᠭᠳᠡᠢ᠃         ︵2︶ ᠭᠡᠮ ᠬᠤᠷᠤᠬᠠᠢ ᠶᠢᠨ ᠭᠦᠨᠦᠭᠡᠯ ᠢ ᠰᠡᠷᠭᠡᠶᠢᠯᠡᠭᠦ᠃ ᠡᠷᠳᠡᠨᠢ ᠰᠢᠰᠢ ᠶᠢᠨ ᠡᠰᠢ ᠭᠤᠤᠷᠰᠤ ᠪᠠᠷ ᠬᠤᠴᠢᠭᠰᠠᠨ ᠭᠠᠵᠠᠷ ᠨᠢ ᠬᠠᠪᠤᠷ ᠡᠷᠳᠡ ᠭᠠᠵᠠᠷ ᠤᠨ ᠲᠤᠯᠠᠭᠠᠨ ᠲᠤᠤᠷ᠎ᠠ᠂ ᠴᠢᠭᠢᠯᠡᠭᠦ ᠨᠢ ᠤᠳᠠᠭᠠᠪᠳᠤᠷ ᠪᠠᠶᠢᠵᠤ᠂ ᠬᠠᠷᠠᠤ᠂ ᠬᠠᠷ᠎ᠠ ᠲᠤᠭᠤᠰᠤᠳᠤ ᠭᠡᠮ ᠠᠮᠠᠷᠬᠠᠨ ᠡᠭᠦᠰᠳᠡᠭ ᠪᠤᠯᠬᠤᠷ ᠦᠷ᠎ᠡ ᠶᠢ ᠪᠤᠭᠤᠬᠤ ᠪᠤᠶᠤ ᠮᠧᠲ᠋ᠢᠯᠳᠤ ᠳ᠋ᠦᠢ ᠯᠢᠤ ᠯᠢᠨ ︵甲基对硫磷︶᠂ 40% ᠶᠢᠨ ᠪᠠᠨ ᠵᠦᠩ ᠱᠤᠸᠠᠩ ︵拌种双︶ ᠢ ᠦᠷ᠎ᠡ ᠶᠢᠨ ᠭᠡᠮᠵᠢᠶᠠᠨ ᠤ 0.3% ᠪᠠᠷ ᠦᠷ᠎ᠡ ᠲᠠᠢ ᠪᠠᠨ ᠪᠠᠭᠰᠤᠷᠬᠤ ᠭᠡᠷᠡᠭᠳᠡᠢ᠃ ᠰᠢᠷᠭᠡᠭᠳᠤ ᠬᠠᠷᠠᠤ ᠪᠤᠯᠤᠨ ᠬᠠᠷ᠎ᠠ ᠲᠤᠭᠤᠰᠤᠳᠤ ᠭᠡᠮ ᠲᠠᠢ ᠡᠰᠢ ᠶᠢ ᠤᠯᠵᠤ ᠮᠡᠳᠡᠪᠡᠯ ᠲᠠᠷᠦ᠋ᠢᠬᠠᠨ ᠴᠡᠪᠡᠷᠭᠡᠨ ᠠᠷᠢᠯᠭᠠᠵᠤ᠂ ᠭᠦᠨ ᠪᠤᠯᠠᠵᠤ ᠬᠠᠶᠠᠬᠤ ᠭᠡᠷᠡᠭᠳᠡᠢ᠃ ᠡᠷᠳᠡᠨᠢ ᠰᠢᠰᠢ ᠶᠢᠨ ᠮᠢᠩ ᠬᠤᠷᠤᠬᠠᠢ ᠡᠭᠦᠰᠦᠭᠰᠡᠨ ᠨᠡᠯᠢᠶᠡᠳ ᠭᠦᠨᠳᠤ ᠡᠰᠢ ᠭᠤᠤᠷᠰᠤ ᠶᠢ BT200 ᠲᠠᠭᠢᠨ ᠤ ᠰᠢᠩᠭᠡᠨ ᠢᠶᠠᠷ ᠰᠢᠢᠳᠪᠤᠷᠢᠯᠡᠭᠦ ᠭᠡᠷᠡᠭᠳᠡᠢ᠃          ︵3︶ ᠪᠤᠷᠳᠤᠭᠤᠷ ᠨᠠᠶᠢᠷᠠᠭᠤᠯᠬᠤ᠃ ᠲᠤᠬᠠᠢ ᠶᠢᠨ ᠭᠠᠵᠠᠷ ᠤᠨ ᠪᠤᠷᠳᠤᠭᠤᠷ ᠨᠠᠶᠢᠷᠠᠭᠤᠯᠬᠤ ᠰᠠᠭᠤᠷᠢᠨ ᠲᠡᠭᠡᠷ᠎ᠡ ᠠᠽᠤᠲ ᠪᠤᠷᠳᠤᠭᠤᠷ ᠢ 15%~20% ᠪᠠᠷ ᠲᠤᠭᠢᠳᠡᠢ ᠨᠡᠮᠡᠨ ᠤᠷᠤᠭᠤᠯᠵᠤ᠂ ᠨᠡᠭᠦᠷᠡᠰᠤ ᠠᠽᠤᠲ ᠤᠨ ᠬᠠᠷᠢᠴᠡᠯ ᠢ ᠲᠤᠭᠢᠷᠠᠭᠤᠯᠵᠤ᠂ ᠡᠰᠢ ᠭᠤᠤᠷᠰᠤ ᠶᠢᠨ ᠢᠯᠵᠠᠷᠠᠯ ᠢ ᠠᠭᠢᠭᠤᠯᠬᠤ ᠭᠡᠷᠡᠭᠳᠡᠢ᠃ ᠶᠠᠷᠤ ᠶᠢᠨ ᠪᠠᠶᠢᠳᠠᠯ ᠲᠤᠤᠷ᠎ᠠ ᠮᠤ᠋ ᠪᠦᠷᠢ  ᠠᠴᠠ 600~800kg ᠦᠷ᠎ᠡ ᠮᠦᠭᠦᠯᠢᠭ ᠬᠤᠷᠢᠶᠠᠬᠤ ᠳᠤ ᠴᠡᠪᠡᠷ ᠠᠽᠤᠲ 15~22kg᠂ ᠲᠠᠪᠤᠨ ᠭᠦᠴᠢᠯᠳᠦ᠋ᠷᠦᠭᠴᠢᠳᠦ ᠬᠤᠶᠠᠷᠴᠢ ᠹᠤᠰᠹᠤᠷ ᠢ 7~10kg ᠤᠷᠤᠭᠤᠯᠬᠤ ᠭᠡᠷᠡᠭᠳᠡᠢ᠃         ︵4︶ ᠵᠤᠭᠢᠰᠳᠡᠢ ᠨᠢᠠᠠᠳᠠ ᠲᠠᠷᠢᠬᠤ᠃ ᠲᠤᠬᠠᠢ ᠶᠢᠨ ᠭᠠᠵᠠᠷ ᠤᠨ ᠶᠠᠷᠦᠳᠡ ᠶᠢᠨ ᠲᠠᠷᠢᠬᠤ ᠨᠢᠠᠠᠳᠠᠴᠠ ᠶᠢᠨ ᠰᠠᠭᠤᠷᠢᠨ ᠲᠡᠭᠡᠷ᠎ᠡ᠂ ᠮᠤ᠋ ᠪᠦᠷᠢ 300~500 ᠰᠠᠭᠤᠷᠢ ᠨᠡᠮᠡᠭᠦ ᠭᠡᠷᠡᠭᠳᠡᠢ᠃         ︵5︶ ᠭᠢᠮᠢ ᠶᠢᠨ ᠠᠷᠭ᠎ᠠ ᠪᠠᠷ ᠡᠪᠡᠰᠤ ᠶᠢ ᠠᠷᠢᠯᠭᠠᠬᠤ᠃ ᠡᠷᠳᠡᠨᠢ ᠰᠢᠰᠢ ᠶᠢᠨ ᠡᠰᠢ ᠭᠤᠤᠷᠰᠤ ᠪᠠᠷ ᠲᠠᠷᠢᠶᠠᠨ ᠭᠠᠵᠠᠷ ᠢ ᠬᠤᠴᠢᠬᠤ ᠨᠢ ᠭᠡᠳᠦ᠋ᠢᠪᠡᠷ ᠰᠤᠯᠠ ᠡᠪᠡᠰᠤ ᠶᠢ ᠬᠤᠷᠢᠠᠠᠯᠠᠵᠤ ᠴᠢᠳᠠᠬᠤ ᠪᠤᠯᠪᠠᠴᠤ ᠪᠤᠷᠤᠭᠠᠨ ᠬᠤᠷ᠎ᠡ ᠡᠯᠪᠡᠭ ᠵᠢᠯ ᠪᠤᠯ ᠡᠪᠡᠰᠤᠨ ᠤ ᠭᠦᠨᠦᠭᠡᠯ ᠢ ᠭᠦᠡᠭᠭᠡᠪᠴᠢᠯᠡᠨ ᠦᠵᠡᠵᠤ ᠪᠤᠯᠬᠤ ᠦᠭᠡᠢ᠂ ᠡᠪᠡᠰᠤ ᠠᠷᠢᠯᠭᠠᠬᠤ ᠡᠮ ᠢ ᠲᠠᠷᠢᠠᠠᠰᠠᠨ ᠤ ᠪᠠᠨ ᠬᠤᠶᠢᠨ᠎ᠠ ᠪᠤᠶᠤ ᠴᠢᠭᠢᠯᠡᠭᠦ ᠠᠴᠠ ᠨᠢ ᠡᠮᠦᠨ᠎ᠠ ᠭᠡᠷᠡᠭᠯᠡᠵᠤ᠂ ᠤᠷᠭᠤᠯᠳᠠ ᠶᠢᠨ ᠦᠶ᠎ᠠ ᠳᠤᠨᠢ ᠬᠠᠨᠳᠤᠯᠭ᠎ᠠ ᠲᠠᠢ ᠪᠠᠷ ᠰᠤᠯᠠ ᠡᠪᠡᠰᠤᠨ ᠲᠡᠭᠡᠷ᠎ᠡ ᠰᠠᠴᠤᠬᠤ ᠭᠡᠷᠡᠭᠳᠡᠢ᠃        ︵6︶ ᠠᠷᠴᠢᠬᠤ ᠶᠢᠨ ᠲᠠᠭᠠᠤ ᠰᠢᠷᠤᠢ ᠨᠡᠮᠡᠭᠦ᠃ ᠭᠦᠢᠳᠡᠨ ᠰᠡᠷᠢᠭᠦᠨ ᠭᠠᠵᠠᠷ ᠤᠷᠤᠨ ᠳᠤ ᠡᠷᠳᠡᠨᠢ ᠰᠢᠰᠢ ᠶᠢᠨ ᠪᠦᠭᠦᠯᠢ ᠡᠰᠢ ᠭᠤᠤᠷᠰᠤ ᠪᠠᠷ ᠬᠤᠴᠢᠭᠰᠠᠨ ᠲᠠᠷᠢᠶᠠᠨ ᠭᠠᠵᠠᠷ ᠤᠨ ᠴᠢᠭᠢᠯᠡᠭᠦ ᠬᠤᠭᠤᠴᠠᠭᠠᠨ ᠳᠤ ᠭᠠᠵᠠᠷ ᠤᠨ ᠲᠤᠯᠠᠭᠠᠨ ᠲᠤᠤᠷ᠎ᠡ᠂ ᠤᠷᠭᠤᠯᠳᠠ ᠨᠢ ᠤᠳᠠᠭᠠᠨ ᠪᠠᠶᠢᠳᠠᠭ ᠪᠤᠯᠬᠤᠷ ᠠᠩᠬᠠᠳᠠᠬᠴᠢ ᠠᠷᠴᠢᠯᠳᠡ ᠶᠢ 4~5 ᠨᠠᠪᠴᠢᠯᠠᠬᠤ ᠬᠤᠭᠤᠴᠠᠭᠠᠨ  ᠳᠤᠨᠢ 3~5 ᠢᠮᠠᠬᠤ ᠭᠦᠨ ᠠᠷᠴᠢᠵᠤ᠂ ᠭᠠᠵᠠᠷ ᠤᠨ ᠲᠤᠯᠠᠭᠠᠨ ᠲᠡᠭᠡᠭᠰᠢᠯᠡᠭᠦ ᠳᠤ ᠠᠰᠢᠠᠠᠳᠠᠢ ᠪᠤᠯᠭᠠᠬᠤ ᠭᠡᠷᠡᠭᠳᠡᠢ᠃ ᠬᠠᠮᠤᠭ ᠰᠡᠭᠦᠯᠴᠢ ᠶᠢᠨ ᠠᠷᠴᠢᠯᠳᠡ ᠲᠠᠢ ᠤᠶᠠᠯᠳᠤᠭᠤᠯᠤᠨ ᠰᠢᠷᠤᠢ ᠨᠡᠮᠡᠵᠤ᠂ ᠨᠠᠯᠡᠵᠤ ᠤᠨᠠᠬᠤ ᠠᠴᠠ ᠰᠡᠷᠭᠡᠶᠢᠯᠡᠭᠦ ᠭᠡᠷᠡᠭᠳᠡᠢ᠃         8. ᠡᠪᠤᠯ ᠤᠨ ᠪᠤᠭᠤᠳᠠᠢ ᠵᠤᠨ ᠤ ᠡᠷᠳᠡᠨᠢ ᠰᠢᠰᠢ ᠶᠢᠨ ᠡᠰᠢ ᠰᠦᠷᠡᠯ ᠢ ᠲᠠᠷᠢᠶᠠᠨ ᠳᠤ ᠤᠷᠤᠭᠤᠯᠬᠤ ᠮᠡᠷᠭᠡᠵᠢᠯ  ᠳᠤ ᠶᠠᠮᠠᠷ ᠭᠤᠤᠯᠳᠠᠯᠭ᠎ᠠ ᠲᠠᠢ ᠪᠤᠢ︖         ᠡᠪᠤᠯ ᠤᠨ ᠪᠤᠭᠤᠳᠠᠢ᠂ ᠵᠤᠨ ᠤ ᠡᠷᠳᠡᠨᠢ ᠰᠢᠰᠢ ᠶᠢᠨ ᠡᠰᠢ ᠰᠦᠷᠡᠯ ᠢ ᠲᠠᠷᠢᠶᠠᠨ ᠳᠤ ᠤᠷᠤᠭᠤᠯᠬᠤ ᠮᠡᠷᠭᠡᠵᠢᠯ ᠤᠨ ᠭᠤᠤᠯᠳᠠᠯᠭ᠎ᠠ ᠨᠢ ᠭᠡᠪᠡᠯ᠄         ᠲᠠᠷᠢᠶᠠᠨ ᠳᠤ ᠤᠷᠤᠭᠤᠯᠬᠤ ᠠᠷᠭ᠎ᠠ ᠪᠠ ᠠᠵᠢᠯᠯᠠᠬᠤ ᠲᠠᠯ᠎ᠠ ᠪᠠᠷ ᠲᠤᠤᠷᠠᠭᠢ ᠵᠦᠢᠯ ᠢ ᠠᠩᠬᠠᠷᠬᠤ ᠭᠡᠷᠡᠭᠳᠡᠢ᠃ ᠪᠤᠭᠤᠳᠠᠢ ᠶᠢ ᠮᠠᠰᠢᠨ ᠢᠶᠠᠷ ᠬᠠᠳᠤᠠᠠᠰᠠᠨ ᠤ ᠪᠠᠨ ᠰᠡᠭᠦᠯᠡᠷ ᠬᠠᠳᠤᠬᠤ ᠮᠠᠰᠢᠨ ᠠᠴᠠ ᠪᠦᠭᠡᠯᠵᠢᠵᠤ ᠭᠠᠷᠤᠠᠠᠰᠠᠨ ᠪᠤᠭᠤᠳᠡᠢ ᠶᠢᠨ ᠰᠦᠷᠡᠯ ᠢ ᠵᠢᠭᠳᠡ ᠳᠤᠨᠢ ᠰᠠᠴᠤᠵᠤ᠂ ᠲᠤᠮᠤ ᠮᠤᠷᠢᠨ ᠭᠦᠴᠤᠨ ᠤ ᠲᠷᠠᠺᠲ᠋ᠤᠷ ᠲᠤ ᠡᠷᠭᠢᠯᠳᠦᠭᠦᠯᠦᠨ ᠬᠠᠭᠠᠯᠪᠤᠷᠢᠯᠠᠵᠤ ᠲᠠᠷᠢᠬᠤ ᠮᠠᠰᠢᠨ ᠢ ᠴᠢᠷᠦᠭᠦᠯᠦᠨ ᠠᠵᠢᠯᠯᠠᠵᠤ᠂ ᠡᠷᠭᠢᠯᠳᠦᠭᠦᠯᠦᠨ ᠬᠠᠭᠠᠯᠪᠤᠷᠢᠯᠠᠵᠤ ᠬᠤᠴᠢᠬᠤ ᠪᠠ ᠵᠤᠨ ᠤ ᠡᠷᠳᠡᠨᠢ ᠰᠢᠰᠢ ᠲᠠᠷᠢᠬᠤ ᠶᠢ ᠨᠢᠬᠡ ᠯᠠ ᠲᠡᠭᠡᠷ᠎ᠡ ᠪᠡᠶᠡᠯᠡᠭᠦᠯᠭᠦ ᠭᠡᠷᠡᠭᠳᠡᠢ᠃ ᠨᠠᠮᠤᠷ ᠡᠷᠳᠡᠨᠢ ᠰᠢᠰᠢ ᠶᠢ ᠬᠤᠷᠢᠶᠠᠬᠤ ᠦᠶᠡᠰ ᠡᠷᠳᠡᠨᠢ ᠰᠢᠰᠢ ᠶᠢᠨ ᠡᠰᠢ ᠶᠢ ᠨᠢ ᠬᠠᠳᠤᠵᠤ᠂ ᠲᠢᠶᠧ ᠨᠢᠤ 55 ᠡᠰᠢ ᠭᠤᠤᠷᠰᠤ ᠭᠡᠮᠭᠡᠯᠭᠦ ᠮᠠᠰᠢᠨ ᠢᠶᠠᠷ ᠡᠷᠳᠡᠨᠢ ᠰᠢᠰᠢ ᠶᠢᠨ ᠡᠰᠢ ᠭᠤᠤᠷᠰᠤ ᠶᠢ ᠭᠡᠮᠭᠡᠯᠤᠨ᠂ ᠡᠷᠭᠢᠯᠳᠦᠭᠦᠯᠦᠨ ᠬᠠᠭᠠᠯᠪᠤᠷᠢᠯᠠᠬᠤ ᠮᠠᠰᠢᠨ ᠢᠶᠠᠷ ᠡᠷᠳᠡᠨᠢ ᠰᠢᠰᠢ ᠶᠢᠨ ᠡᠰᠢ ᠭᠤᠤᠷᠰᠤ ᠶᠢᠨ ᠭᠡᠮᠭᠡᠳᠡᠭ ᠢ ᠭᠦᠷᠦᠰᠤᠨ ᠳᠤ 6cm  ᠭᠦᠢᠭᠡᠨ ᠪᠤᠯᠠᠵᠤ᠂ ᠲᠢᠶᠧ ᠨᠢᠤ 55 ᠪᠦᠰᠡᠳᠤ ᠪᠤᠷᠳᠤᠭᠤᠷ ᠤᠷᠤᠭᠤᠯᠬᠤ ᠪᠠ ᠲᠠᠷᠢᠬᠤ ᠮᠠᠰᠢᠨ ᠢᠶᠠᠷ ᠪᠤᠷᠳᠤᠭᠤᠷ ᠤᠷᠤᠭᠤᠯᠬᠤ ᠪᠠ ᠪᠤᠭᠤᠳᠠᠢ ᠲᠠᠷᠢᠬᠤ ᠶᠢ ᠨᠢᠬᠡ ᠯᠠ ᠤᠳᠠᠭ᠎ᠠ ᠲᠡᠭᠡᠷ᠎ᠡ ᠪᠡᠶᠡᠯᠡᠭᠦᠯᠭᠦ ᠭᠡᠷᠡᠭᠳᠡᠢ᠃        ᠡᠪᠤᠯ ᠤᠨ ᠪᠤᠭᠤᠳᠠᠢ᠂ ᠵᠤᠨ ᠤ ᠡᠷᠳᠡᠨᠢ ᠰᠢᠰᠢ ᠶᠢᠨ ᠬᠤᠶᠠᠷ ᠭᠤᠤᠷᠰᠤ ᠶᠢ ᠲᠠᠷᠢᠶᠠᠨ ᠳᠤ ᠤᠷᠤᠭᠤᠯᠬᠤ ᠲᠦᠭᠦᠷ ᠮᠡᠷᠭᠡᠵᠢᠯ ᠭᠡᠪᠡᠯ ᠲᠤᠤᠷᠠᠭᠢ ᠭᠡᠳᠦᠨ ᠵᠦᠢᠯ ᠪᠠᠶᠢᠨ᠎ᠠ᠃        ︵1︶ ᠰᠤᠷᠲ ᠰᠤᠩᠭᠤᠬᠤ᠃ ᠰᠤᠷᠲ ᠰᠤᠩᠭᠤᠬᠤ ᠳᠠᠭᠠᠨ ᠶᠠᠷᠦᠳᠡ ᠶᠢᠨ ᠲᠠᠷᠢᠮᠠᠯ ᠤᠨ ᠬᠢ ᠠᠴᠠ ᠤᠷᠭᠤᠯᠳᠠ ᠶᠢᠨ ᠬᠤᠭᠤᠴᠠᠭ᠎ᠠ ᠨᠢ ᠪᠠᠭ᠋ᠠᠨ ᠤᠬᠤᠷ ᠪᠦᠭᠡᠳ ᠤᠰᠤ ᠪᠤᠷᠳᠤᠭᠤᠷ ᠤᠨ ᠨᠦᠭᠦᠴᠡᠯ ᠤᠨ ᠦᠨᠳᠤᠷ ᠱᠠᠭᠠᠷᠳᠠᠯᠭ᠎ᠠ  ᠲᠠᠢ ᠡᠭᠦᠯᠳᠡᠷ ᠢ ᠲᠤᠭᠢᠳᠠᠢ ᠰᠤᠩᠭᠤᠵᠤ᠂ ᠬᠠᠮᠠᠭᠠᠯᠠᠯᠳᠠ ᠶᠢᠨ ᠴᠢᠨᠠᠷ ᠲᠠᠢ ᠲᠠᠷᠢᠮᠠᠯ ᠤᠨ ᠤᠨᠠᠯᠳᠠ ᠨᠡᠮᠡᠭᠳᠡᠭᠦᠯᠭᠦ ᠲᠠᠪᠠᠭᠤᠯᠢᠭ ᠢ ᠨᠢ ᠪᠠᠳᠠᠷᠠᠭᠤᠯᠬᠤ ᠭᠡᠷᠡᠭᠳᠡᠢ᠃        ︵2︶ ᠪᠤᠷᠳᠤᠭᠤᠷ ᠨᠠᠶᠢᠷᠠᠭᠤᠯᠬᠤ᠃ ᠪᠤᠷᠳᠤᠭᠤᠷ ᠨᠠᠶᠢᠷᠠᠭᠤᠯᠬᠤ ᠰᠠᠭᠤᠷᠢᠨ ᠲᠡᠭᠡᠷ᠎ᠡ ᠠᠽᠤᠲ ᠪᠤᠷᠳᠤᠭᠤᠷ ᠤᠨ ᠭᠡᠷᠡᠭᠯᠡᠭᠡᠨ ᠢ ᠲᠤᠭᠢᠳᠡᠢ ᠨᠡᠮᠡᠭᠳᠡᠭᠦᠯᠵᠤ᠂ ᠨᠡᠭᠦᠷᠡᠰᠤ ᠠᠽᠤᠲ ᠤᠨ ᠬᠠᠷᠢᠴᠡᠯ ᠢ ᠲᠤᠭᠢᠷᠠᠭᠤᠯᠬᠤ ᠭᠡᠷᠡᠭᠳᠡᠢ᠃ ᠪᠤᠷᠳᠤᠭᠤᠷ ᠢᠶᠠᠷ ᠪᠠᠷᠤᠠᠠᠳᠠᠢ ᠭᠠᠵᠠᠷ ᠲᠤ ᠨᠠᠮᠤᠷ ᠡᠷᠭᠢᠯᠳᠦᠭᠦᠯᠦᠨ ᠬᠠᠭᠠᠯᠪᠤᠷᠢᠯᠠᠬᠤ ᠦᠶᠡᠰ ᠮᠤ᠋ ᠪᠦᠷᠢ ᠰᠢᠭᠡᠭ ᠪᠤᠷᠳᠤᠭᠤᠷ 1000kg ᠤᠷᠴᠢᠮ ᠤᠷᠤᠭᠤᠯᠵᠤ᠂ ᠰᠡᠭᠦᠯᠡᠷ ᠨᠢ ᠪᠤᠷᠳᠤᠭᠤᠷ ᠲᠤᠳ᠋ᠬᠠᠳᠠᠪᠠᠯ ᠠᠽᠤᠲ ᠪᠤᠷᠳᠤᠭᠤᠷ ᠲᠤᠭᠢᠳᠡᠢ ᠨᠦᠭᠦᠨ ᠤᠷᠤᠭᠤᠯᠬᠤ ᠭᠡᠷᠡᠭᠳᠡᠢ᠃        ︵3︶ ᠵᠤᠭᠢᠰᠳᠡᠢ ᠨᠢᠠᠠᠳᠠ ᠲᠠᠷᠢᠬᠤ᠃ ᠲᠤᠬᠠᠢ ᠶᠢᠨ ᠭᠠᠵᠠᠷ ᠤᠨ ᠶᠠᠷᠦᠳᠡ ᠶᠢᠨ ᠲᠠᠷᠢᠳᠠᠬ ᠨᠢᠠᠠᠳᠠᠴᠠ ᠶᠢᠨ ᠰᠠᠭᠤᠷᠢᠨ ᠲᠡᠭᠡᠷ᠎ᠡ ᠮᠤ᠋ ᠪᠦᠷᠢ 300~500 ᠰᠠᠭᠤᠷᠢ ᠨᠡᠮᠡᠨ ᠲᠠᠷᠢᠬᠤ ᠭᠡᠷᠡᠭᠳᠡᠢ᠃         ︵4︶ ᠭᠡᠮ ᠬᠤᠷᠤᠬᠠᠢ᠂ ᠡᠪᠡᠰᠤᠨ ᠤ ᠭᠦᠨᠦᠭᠡᠯ ᠢ ᠰᠡᠷᠭᠡᠶᠢᠯᠡᠨ ᠵᠠᠰᠠᠬᠤ᠃ ᠦᠷ᠎ᠡ ᠶᠢ ᠪᠤᠭᠤᠬᠤ ᠮᠡᠷᠭᠡᠵᠢᠯ ᠢ ᠭᠡᠷᠡᠭᠯᠡᠭᠰᠡᠨ ᠰᠠᠭᠤᠷᠢᠨ ᠲᠡᠭᠡᠷ᠎ᠠ ᠭᠠᠵᠠᠷ ᠲᠡᠭᠰᠢᠯᠡᠭᠦ ᠲᠠᠢ ᠤᠶᠠᠯᠳᠤᠭᠤᠯᠤᠨ 10% ᠶᠢᠨ ᠰᠢᠨ ᠪᠠᠨ ᠯᠢᠨ ︵锌拌磷︶ ᠨᠤᠠᠳᠠᠭ ᠡᠮ ᠢᠶᠠᠷ ᠭᠦᠷᠦᠰᠤ ᠰᠢᠷᠤᠢ ᠶᠢ ᠰᠢᠢᠳᠪᠤᠷᠢᠯᠡᠨ᠂ ᠭᠠᠵᠠᠷ ᠲᠤᠤᠷᠠᠭᠢ ᠭᠦᠨᠦᠭᠡᠯᠳᠤ ᠬᠤᠷᠤᠬᠠᠢ ᠶᠢ ᠰᠡᠷᠭᠡᠶᠢᠯᠡᠭᠦ ᠭᠡᠷᠡᠭᠳᠡᠢ᠃ ᠡᠷᠳᠡᠨᠢ ᠰᠢᠰᠢ ᠶᠢᠨ ᠤᠷᠭᠤᠯᠳᠠ ᠶᠢᠨ ᠰᠡᠭᠦᠯᠴᠢ ᠶᠢᠨ ᠬᠤᠭᠤᠴᠠᠭᠠᠨ ᠳᠤ ᠪᠡᠰᠠ ᠡᠷᠳᠡᠨᠢ ᠰᠢᠰᠢ ᠶᠢᠨ ᠮᠢᠩ ᠬᠤᠷᠤᠬᠠᠢ ᠵᠡᠷᠭᠡ ᠭᠠᠵᠠᠷ ᠲᠡᠭᠡᠷᠡᠭᠢ ᠭᠦᠨᠦᠭᠡᠯᠳᠤ ᠬᠤᠷᠤᠬᠠᠢ ᠶᠢ ᠰᠡᠷᠭᠡᠶᠢᠯᠡᠭᠦ ᠭᠡᠷᠡᠭᠳᠡᠢ᠃ ᠭᠦᠮᠦᠨ ᠤ ᠭᠦᠴᠤ ᠪᠤᠶᠤ ᠭᠢᠮᠢ ᠶᠢᠨ ᠠᠷᠭ᠎ᠠ ᠪᠠᠷ ᠡᠪᠡᠰᠤ ᠠᠷᠢᠯᠭᠠᠬᠤ ᠶᠢ ᠤᠶᠠᠯᠳᠤᠭᠤᠯᠵᠤ᠂ ᠡᠪᠡᠰᠤᠨ ᠤ ᠭᠦᠨᠦᠭᠡᠯ ᠢ ᠰᠡᠷᠭᠡᠶᠢᠯᠡᠭᠦ ᠭᠡᠷᠡᠭᠳᠡᠢ᠃        9. ᠲᠤᠳᠤᠷᠭ᠎ᠠ ᠪᠤᠭᠤᠳᠠᠢ ᠶᠢᠨ ᠲᠠᠷᠢᠮᠡᠯ ᠤᠨ ᠤᠷᠤᠨ ᠤ ᠪᠤᠭᠤᠳᠠᠢ ᠶᠢᠨ ᠡᠰᠢ ᠰᠦᠷᠡᠯ ᠢ  ᠲᠠᠷᠢᠶᠠᠨ ᠳᠤ ᠪᠤᠴᠠᠭᠠᠬᠤ ᠮᠡᠷᠭᠡᠵᠢᠯ ᠭᠡᠳᠡᠭ ᠶᠠᠭᠤ ᠶᠢ ᠵᠢᠭᠠᠵᠤ ᠪᠠᠶᠢᠬᠤ ᠪᠤᠢ︖        ᠲᠤᠳᠤᠷᠭ᠎ᠠ ᠪᠤᠭᠤᠳᠠᠢ ᠶᠢᠨ ᠲᠠᠷᠢᠮᠠᠯ ᠤᠨ ᠤᠷᠤᠨ ᠤ ᠪᠤᠭᠤᠳᠠᠢ ᠶᠢᠨ ᠡᠰᠢ ᠰᠦᠷᠡᠯ ᠢ ᠲᠠᠷᠢᠶᠠᠨ ᠳᠤ ᠤᠷᠤᠭᠤᠯᠬᠤ ᠮᠠᠰᠢᠠᠴᠢᠯᠡᠯᠳᠡ ᠶᠢᠨ ᠮᠡᠷᠭᠡᠵᠢᠯ ᠭᠡᠳᠡᠭ ᠨᠢ ᠲᠠᠷᠤᠢ ᠪᠤᠭᠤᠳᠠᠢ ᠶᠢ ᠬᠤᠷᠢᠶ᠋ᠬᠠᠰᠠᠨ ᠤ ᠰᠡᠭᠦᠯᠡᠷ ᠡᠰᠢ ᠰᠦᠷᠡᠯ ᠢ ᠲᠠᠷᠢᠶᠠᠨ ᠳᠤ ᠣᠷᠣᠭᠤᠯᠬᠤ ᠶᠢ ᠮᠠᠰᠢᠠᠴᠢᠯᠠᠵᠤ᠂ ᠬᠤᠷᠢᠶ᠋ᠬᠠᠰᠠᠨ ᠪᠤᠭᠤᠳᠠᠢ ᠶᠢᠨ ᠡᠰᠢ ᠰᠦᠷᠡᠯ ᠢ ᠰᠢᠭᠤᠳ ᠭᠡᠮᠭᠡᠯᠦᠨ ᠤᠷᠪᠠᠭᠤᠯᠤᠨ ᠪᠤᠯᠠᠬᠤ ᠪᠤᠶᠤ ᠪᠦᠭᠦᠯᠢ ᠡᠰᠢ ᠪᠠᠷ ᠨᠢ ᠲᠠᠷᠢᠶᠠᠨ ᠳᠤ ᠲᠠᠷᠤᠵᠤ ᠤᠷᠤᠭᠤᠯᠵᠤ᠂ ᠡᠰᠢ ᠰᠦᠷᠡᠯ ᠢ ᠭᠦᠷᠤᠰᠤ ᠰᠢᠷᠤᠢ ᠳᠤ ᠢᠯᠵᠠᠷᠠᠨ ᠵᠠᠳᠠᠷᠠᠭᠤᠯᠵᠤ ᠤᠷᠭᠠᠨᠢᠭ ᠪᠤᠷᠳᠤᠭᠤᠷ ᠪᠤᠯᠭᠠᠵᠤ᠂ ᠲᠠᠭᠢᠨ ᠮᠠᠰᠢᠨ ᠢᠶᠠᠷ ᠴᠢᠭᠢ ᠰᠠᠭᠤᠯᠭᠠᠬᠤ᠂ ᠴᠢᠭᠢ ᠤᠷᠭᠢᠬᠤ᠂ ᠰᠢᠭᠤᠳ ᠲᠤᠳᠤᠷᠭᠠᠨ ᠴᠢᠭᠢ ᠰᠠᠭᠤᠯᠭᠠᠬᠤ ᠵᠡᠷᠭᠡ ᠮᠠᠰᠢᠠᠴᠢᠯᠡᠯ ᠢᠶᠠᠷ ᠴᠢᠭᠢ ᠰᠠᠭᠤᠯᠭᠠᠬᠤ ᠮᠡᠷᠭᠡᠵᠢᠯ ᠢ ᠵᠢᠭᠠᠵᠤ ᠪᠠᠶᠢᠨ᠎ᠠ᠃         10. ᠲᠤᠳᠤᠷᠭ᠎ᠠ ᠪᠤᠭᠤᠳᠠᠢ ᠶᠢᠨ ᠲᠠᠷᠢᠮᠠᠯ ᠤᠨ ᠤᠷᠤᠨ ᠤ ᠪᠤᠭᠤᠳᠠᠢ ᠶᠢᠨ ᠡᠰᠢ ᠰᠦᠷᠡᠯ ᠢ ᠲᠠᠷᠢᠶᠠᠨ ᠳᠤ ᠪᠤᠴᠠᠭᠠᠬᠤ ᠮᠠᠰᠢᠠᠴᠢᠯᠬᠠᠰᠠᠨ ᠮᠡᠷᠭᠡᠵᠢᠯ ᠳᠤ ᠶᠠᠮᠠᠷ ᠲᠦᠭᠦᠷᠵᠢᠭᠰᠡᠨ ᠤᠷ᠎ᠡ ᠮᠡᠷᠭᠡᠵᠢᠯ ᠤᠨ ᠠᠷᠭ᠎ᠠ ᠪᠠᠶᠢᠬᠤ ᠪᠤᠢ︖          ᠲᠤᠤᠷᠠᠭᠢ ᠮᠡᠳᠤ ᠭᠡᠳᠦᠨ ᠵᠦᠢᠯ ᠤᠨ ᠠᠷᠭ᠎ᠠ ᠪᠤᠯᠤᠨ᠎ᠠ᠃          ︵1︶ ᠪᠤᠷᠳᠤᠭᠤᠷ ᠵᠦᠭᠡᠭᠡᠪᠤᠷᠢᠯᠡᠨ ᠪᠡᠯᠡᠳᠭᠡᠭᠦ᠃ ᠲᠤᠳᠤᠷᠭ᠎ᠠ ᠨᠤᠭᠤᠭᠠᠷᠠᠬᠤ ᠡᠭᠢᠨ ᠤ ᠬᠤᠭᠤᠴᠠᠭᠠᠨ ᠳᠤ ᠠᠽᠤᠲᠴᠢᠯᠬᠠᠰᠠᠨ ᠪᠤᠷᠳᠤᠭᠤᠷ ᠢ ᠡᠷᠳᠡᠭᠡᠨ ᠤᠷᠤᠭᠤᠯᠵᠤ᠂ ᠡᠷᠳᠡᠭᠡᠨ ᠤᠷᠭᠤᠵᠤ ᠪᠤᠶᠢᠵᠢᠬᠤ ᠶᠢ ᠨᠢ ᠠᠭᠢᠭᠤᠯᠬᠤ ᠭᠡᠷᠡᠭᠳᠡᠢ᠃ ᠰᠢᠭᠡᠰᠦᠯᠢᠭ ᠡᠳ᠋ 4~6kg ᠭᠡᠷᠡᠭᠯᠡᠭᠦ ᠶᠢ ᠱᠠᠭᠠᠷᠳᠡᠨ᠎ᠠ᠃         ︵2︶ ᠤᠰᠤᠨ ᠤ ᠬᠠᠮᠢᠶᠠᠷᠤᠯᠳᠠ᠃ ᠤᠰᠤᠯᠠᠬᠤ ᠲᠠᠯ᠎ᠠ ᠪᠠᠷ ᠤᠯᠠᠠᠳᠠ ᠭᠦᠢᠭᠡᠨ ᠤᠰᠤᠯᠠᠵᠤ᠂ ᠨᠦᠢᠳᠠᠨ ᠪᠠᠶᠢᠯᠭᠠᠵᠤ᠂ ᠦᠷᠭᠦᠯᠵᠢ ᠭᠦᠡᠭᠭᠡᠭᠡᠨ ᠲᠠᠪᠳᠠᠬᠤ ᠠᠷᠭ᠎ᠠ ᠶᠢ ᠭᠡᠷᠡᠭᠯᠡᠨ᠎ᠡ᠃ ᠬᠤᠤᠷᠳᠤ ᠪᠤᠳᠠᠰ ᠬᠤᠷᠠᠮᠳᠤᠬᠤ ᠶᠢ ᠠᠯᠢ ᠴᠢᠳᠠᠬᠤ ᠪᠠᠷ ᠰᠡᠷᠭᠡᠶᠢᠯᠡᠨ᠎ᠡ᠃ ᠶᠠᠷᠦᠩᠭᠡᠢ ᠳᠡᠭᠡᠨ ᠲᠠᠷᠢᠠᠠᠰᠠᠨ ᠤ ᠪᠠᠨ ᠰᠡᠭᠦᠯᠡᠷ 15~20 ᠡᠳᠤᠷ ᠲᠤ ᠤᠰᠤ ᠪᠠᠨ ᠵᠠᠯᠠᠵᠤ ᠭᠠᠷᠭᠠᠨ ᠲᠠᠷᠢᠶ᠎ᠠ ᠪᠠᠨ ᠬᠠᠳᠠᠭᠠᠨ᠎ᠠ᠃          ︵3︶ ᠡᠰᠢ ᠰᠦᠷᠡᠯ ᠢ ᠲᠦᠷᠭᠡᠨ ᠢᠯᠵᠡᠷᠡᠭᠤᠯᠬᠤ ᠡᠮ ᠢ ᠭᠡᠷᠡᠭᠯᠡᠨ᠎ᠡ᠃ 100mL RM ᠲᠦᠷᠭᠡᠨ ᠢᠯᠵᠠᠷᠠᠭᠤᠯᠬᠤ ᠡᠮ ᠤᠨ ᠲᠡᠭᠡᠷ᠎ᠡ 1% ᠶᠢᠨ ᠰᠢᠭᠡᠰᠦᠯᠢᠭ ᠡᠳ᠋ ᠤᠨ ᠰᠢᠩᠭᠡᠨ ᠢ 25kg ᠨᠡᠮᠡᠵᠤ᠂ ᠲᠠᠷᠢᠶᠠᠨ ᠳᠤ ᠤᠷᠤᠭᠤᠯᠬᠤ ᠠᠴᠠ ᠪᠠᠨ ᠡᠮᠦᠨ᠎ᠠ ᠰᠦᠷᠴᠢᠨ᠎ᠠ᠃ ᠡᠰᠢ ᠰᠦᠷᠡᠯ ᠢ ᠲᠦᠷᠭᠡᠨ ᠢᠯᠵᠠᠷᠠᠭᠤᠯᠬᠤ ᠡᠮ ᠨᠢ ᠭᠦᠷᠦᠰᠤᠨ ᠳᠤ ᠤᠷᠤᠮᠬᠠᠴᠠ ᠪᠠᠨ ᠲᠤᠰ ᠤᠯᠠᠷᠢᠯ ᠤᠨ ᠡᠰᠢ ᠰᠦᠷᠡᠯ ᠤᠨ ᠵᠠᠳᠠᠷᠠᠯᠳᠠ ᠶᠢ ᠲᠦᠷᠭᠡᠳᠭᠡᠵᠤ᠂ ᠭᠦᠷᠤᠰᠤ ᠰᠢᠷᠤᠢ ᠶᠢᠨ ᠲᠤᠰ ᠪᠡᠶ᠎ᠠ ᠶᠢᠨ ᠡᠰᠢ ᠰᠦᠷᠡᠯ ᠢ ᠵᠠᠳᠠᠷᠠᠭᠤᠯᠬᠤ ᠴᠢᠳᠠᠯ ᠢ ᠲᠡᠭᠡᠭᠰᠢᠯᠡᠭᠦᠯᠭᠦ ᠳᠤ ᠴᠤ ᠠᠰᠢᠠᠠᠳᠠᠢ ᠪᠠᠶᠢᠳᠠᠭ᠃       11. ᠭᠤᠤᠯ ᠪᠤᠯᠬᠤ ᠲᠠᠷᠢᠮᠠᠯ ᠤᠨ ᠡᠰᠢ ᠰᠦᠷᠡᠯ ᠢ ᠶᠠᠷᠦᠩᠭᠡᠶᠢᠯᠡᠨ ᠠᠰᠢᠠᠠᠯᠠᠬᠤ ᠮᠠᠰᠢᠠᠴᠢᠯᠬᠠᠰᠠᠨ ᠮᠡᠷᠭᠡᠵᠢᠯ ᠳᠤ ᠶᠠᠮᠠᠷ ᠭᠡᠳᠦᠨ ᠭᠤᠤᠯᠳᠠᠯᠭ᠎ᠠ ᠲᠠᠢ ᠪᠤᠢ︖       ᠭᠤᠤᠯ ᠪᠤᠯᠬᠤ ᠲᠠᠷᠢᠮᠠᠯ ᠤᠨ ᠡᠰᠢ ᠰᠦᠷᠡᠯ ᠢ ᠶᠠᠷᠦᠩᠭᠡᠶᠢᠯᠡᠨ ᠠᠰᠢᠠᠠᠯᠠᠬᠤ ᠮᠠᠰᠢᠠᠴᠢᠯᠠᠯᠳᠠ ᠶᠢᠨ ᠮᠡᠷᠭᠡᠵᠢᠯ ᠤᠨ ᠭᠤᠤᠯᠳᠠᠯᠭ᠎ᠠ ᠭᠡᠪᠡᠯ ᠲᠤᠤᠷᠠᠭᠢ ᠮᠡᠳᠤ ᠭᠡᠳᠦᠨ ᠵᠦᠢᠯ ᠪᠠᠶᠢᠨ᠎ᠠ᠃        ︵1︶ ᠲᠠᠷᠢᠮᠠᠯ ᠤᠨ ᠡᠰᠢ ᠰᠦᠷᠡᠯ ᠢ ᠲᠠᠷᠢᠶᠠᠨ ᠳᠤ ᠤᠷᠤᠭᠤᠯᠬᠤ ᠮᠠᠰᠢᠠᠴᠢᠯᠠᠯᠳᠠ ᠶᠢᠨ ᠮᠡᠷᠭᠡᠵᠢᠯ ᠤᠨ ᠭᠤᠤᠯᠳᠠᠯᠭ᠎ᠠ᠄ ᠪᠤᠭᠤᠳᠠᠢ ᠶᠢᠨ ᠡᠰᠢ ᠰᠦᠷᠡᠯ ᠢ ᠲᠠᠷᠢᠶᠠᠨ ᠳᠤ ᠤᠷᠤᠭᠤᠯᠬᠤ ᠳᠤ ᠬᠠᠳᠤᠵᠤ ᠬᠤᠷᠢᠶᠠᠬᠤ ᠬᠠᠮ ᠮᠠᠰᠢᠨ ᠢ ᠭᠡᠷᠡᠭᠯᠡᠭᠦ ᠶᠢᠨ ᠬᠠᠮᠳᠤ ᠬᠠᠳᠤᠵᠤ ᠬᠤᠷᠢᠶᠠᠬᠤ ᠬᠠᠮ ᠮᠠᠰᠢᠨ ᠤ ᠲᠡᠭᠡᠷ᠎ᠡ ᠤᠠᠠᠰᠠᠷᠬᠠᠰᠠᠨ ᠲᠤᠰᠬᠠᠶᠢᠯᠠᠨ ᠡᠰᠢ ᠰᠦᠷᠡᠯ ᠢ ᠭᠡᠮᠭᠡᠯᠭᠦ ᠲᠤᠨᠤᠠᠠᠯᠠᠯ ᠢ ᠭᠡᠷᠡᠭᠯᠡᠨ ᠭᠠᠵᠠᠷ ᠲᠡᠭᠡᠷ᠎ᠡ ᠰᠠᠴᠤᠳᠠᠭ᠃ ᠡᠷᠳᠡᠨᠢ ᠰᠢᠰᠢ ᠶᠢ ᠬᠤᠷᠢᠶᠠᠨ ᠲᠠᠷᠢᠶᠠᠨ ᠳᠤ ᠤᠷᠤᠭᠤᠯᠬᠤ ᠮᠠᠰᠢᠠᠴᠢᠯᠠᠯᠳᠠ ᠳᠤ᠄ ① ᠡᠷᠳᠡᠨᠢ ᠰᠢᠰᠢ ᠶᠢ ᠬᠠᠮᠳᠤ ᠳᠤᠨᠢ ᠬᠤᠷᠢᠶᠠᠬᠤ ᠮᠡᠷᠭᠡᠵᠢᠯ ᠢ ᠭᠡᠷᠡᠭᠯᠡᠨ᠂ ᠡᠷᠳᠡᠨᠢ ᠰᠢᠰᠢ ᠶᠢᠨ ᠲᠦᠷᠦᠭᠦᠤ ᠶᠢ ᠬᠤᠷᠢᠶᠠᠬᠤ ᠶᠢᠨ ᠲᠠᠭᠠᠤ ᠡᠰᠢ ᠭᠤᠤᠷᠰᠤ ᠶᠢ ᠨᠢ ᠲᠠᠷᠢᠶᠠᠨ ᠳᠤ ᠤᠷᠤᠭᠤᠯᠳᠠᠭ᠃ ② ᠡᠷᠳᠡᠨᠢ ᠰᠢᠰᠢ ᠶᠢ ᠲᠠᠷᠤᠰᠢᠭᠤᠯᠤᠨ ᠬᠤᠷᠢᠶᠠᠬᠤ ᠮᠡᠷᠭᠡᠵᠢᠯ ᠢ ᠭᠡᠷᠡᠭᠯᠡᠨ᠂ ᠡᠷᠳᠡᠨᠢ ᠰᠢᠰᠢ ᠶᠢᠨ ᠲᠦᠷᠦᠭᠦᠤ ᠶᠢ ᠨᠢ ᠲᠡᠭᠦᠵᠤ ᠠᠪᠬᠤ ᠪᠤᠶᠤ ᠲᠦᠷᠦᠭᠦᠤ ᠲᠠᠢ ᠨᠢ ᠰᠢᠭᠤᠳ ᠬᠤᠷᠢᠶᠠᠨ ᠠᠪᠴᠤ᠂ ᠭᠡᠮᠭᠡᠯᠦᠭᠰᠡᠨ ᠤ ᠰᠡᠭᠦᠯᠡᠷ ᠲᠠᠷᠤᠰᠢᠭᠤᠯᠪᠠᠯ ᠪᠤᠷᠳᠤᠭ᠎ᠠ ᠪᠤᠯᠭᠠᠨ ᠮᠠᠯ ᠲᠡᠵᠢᠭᠡᠵᠤ᠂ ᠪᠤᠷᠳᠤᠭᠤᠷ ᠢ ᠨᠢ ᠲᠠᠷᠢᠶᠠᠨ ᠳᠤ ᠤᠷᠤᠭᠤᠯᠤᠨ᠎ᠠ᠃ ③ ᠭᠦᠮᠦᠨ ᠤ ᠭᠦᠴᠤ ᠪᠠᠷ ᠡᠷᠳᠡᠨᠢ ᠰᠢᠰᠢ ᠶᠢᠨ ᠲᠦᠷᠦᠭᠦᠤ ᠶᠢ ᠨᠢ ᠲᠡᠭᠦᠵᠤ ᠠᠪᠤᠭᠠᠳ᠂ ᠡᠰᠢ ᠰᠦᠷᠡᠯ ᠢ ᠭᠡᠮᠭᠡᠯᠭᠦ ᠮᠠᠰᠢᠨ ᠢᠶᠠᠷ ᠡᠰᠢ ᠭᠤᠤᠷᠰᠤ ᠶᠢ ᠬᠡᠮᠬᠡᠯᠦᠭᠡᠳ ᠲᠠᠷᠢᠶᠠᠨ  ᠳᠤ ᠤᠷᠤᠭᠤᠯᠤᠨ᠎ᠠ᠃        ︵2︶ ᠲᠠᠷᠢᠮᠠᠯ ᠤᠨ ᠡᠰᠢ ᠰᠦᠷᠡᠯ ᠤᠨ ᠪᠤᠷᠳᠤᠭ᠎ᠠ ᠪᠤᠯᠪᠠᠰᠤᠷᠠᠭᠤᠯᠬᠤ ᠮᠠᠰᠢᠠᠴᠢᠯᠠᠯᠳᠠ ᠶᠢᠨ ᠮᠡᠷᠭᠡᠵᠢᠯ ᠤᠨ ᠭᠤᠤᠯᠳᠠᠯᠭ᠎ᠠ᠄ ᠲᠤᠰ ᠮᠡᠷᠭᠡᠵᠢᠯ ᠨᠢ ᠡᠷᠳᠡᠨᠢ ᠰᠢᠰᠢ ᠶᠢᠨ ᠡᠰᠢ ᠭᠤᠤᠷᠰᠤ ᠶᠢ ᠲᠠᠷᠤᠰᠢᠭᠤᠯᠤᠨ ᠪᠤᠯᠪᠠᠰᠤᠷᠠᠭᠤᠯᠬᠤ ᠪᠠᠷ ᠭᠤᠤᠯ ᠪᠤᠯᠭᠠᠵᠤ᠂ ᠤᠭᠤᠳᠠᠯᠠᠵᠤ ᠲᠠᠷᠤᠰᠢᠭᠤᠯᠬᠤ ᠪᠠ ᠵᠤᠭᠤᠷᠢᠯᠠᠨ ᠲᠠᠷᠤᠰᠢᠭᠤᠯᠤᠨ᠎ᠠ᠃ ᠲᠤᠬᠠᠶᠢᠯᠠᠪᠠᠯ ᠰᠢᠷᠠᠯᠠᠨ ᠪᠤᠯᠪᠠᠰᠤᠷᠠᠬᠤ ᠬᠤᠭᠤᠴᠠᠭᠠᠨ ᠤ ᠡᠷᠳᠡᠨᠢ ᠰᠢᠰᠢ ᠶᠢ ᠬᠠᠳᠤᠵᠤ ᠬᠤᠷᠢᠶᠠᠬᠤ ᠮᠠᠰᠢᠨ ᠢᠶᠠᠷ ᠨᠢᠬᠡ ᠯᠠ ᠤᠳᠠᠭ᠎ᠠ ᠲᠡᠭᠡᠷ᠎ᠡ ᠲᠦᠷᠦᠭᠦᠤ ᠶᠢ ᠨᠢ ᠲᠡᠭᠦᠵᠤ᠂ ᠡᠰᠢ ᠭᠤᠤᠷᠰᠤ ᠶᠢ ᠨᠢ ᠭᠡᠮᠭᠡᠯᠵᠤ᠂ ᠬᠤᠷᠢᠶᠠᠬᠤ ᠶᠢ ᠪᠡᠶᠡᠯᠡᠭᠦᠯᠳᠡᠭ ᠪᠤᠶᠤ ᠭᠦᠮᠦᠨ ᠤ ᠭᠦᠴᠤ  ᠪᠠᠷ ᠬᠤᠷᠢᠶ᠋ᠬᠠᠰᠠᠨ ᠤ ᠪᠠᠨ ᠲᠠᠷᠠᠭ᠎ᠠ ᠡᠰᠢ ᠭᠤᠤᠷᠰᠤ ᠶᠢ ᠨᠢ 1~2cm ᠤᠷᠳᠤ ᠭᠡᠷᠴᠢᠵᠤ᠂ ᠤᠰᠤᠨ ᠤ ᠠᠭᠤᠯᠤᠭᠳᠠᠴᠨ ᠶᠢ ᠨᠢ 67%~75% ᠪᠠᠶᠢᠯᠭᠠᠵᠤ᠂ ᠤᠭᠤᠳᠠ ᠪᠤᠶᠤ ᠵᠤᠭᠤᠷᠢᠨ ᠳᠤ ᠰᠠᠪᠠᠯᠠᠵᠤ᠂ ᠨᠢᠠᠠᠳᠠ ᠲᠠᠷᠤᠨ ᠭᠡᠢ ᠠᠭᠠᠷ ᠢ ᠨᠢ ᠭᠠᠷᠭᠠᠨ᠂ ᠢᠯᠵᠡᠷᠡᠬᠤ ᠠᠴᠠ ᠰᠡᠷᠭᠡᠶᠢᠯᠡᠵᠤ᠂ ᠲᠠᠷᠠᠭ᠎ᠠ ᠪᠠᠷ ᠨᠢ ᠨᠢᠠᠠᠳᠠ ᠪᠢᠳᠡᠭᠦᠮᠵᠢᠯᠡᠵᠤ᠂ 40~50 ᠬᠤᠨᠤᠭ ᠪᠤᠯᠪᠠᠯ ᠲᠠᠵᠢᠭᠡᠵᠤ ᠪᠤᠯᠳᠠᠭ᠃        ︵3︶ ᠲᠠᠷᠢᠮᠡᠯ ᠤᠨ ᠡᠰᠢ ᠰᠦᠷᠡᠯ ᠢ ᠭᠡᠶᠢᠵᠢᠭᠦᠯᠭᠦ ᠮᠡᠷᠭᠡᠵᠢᠯ ᠤᠨ ᠭᠤᠤᠯᠳᠠᠯᠭ᠎ᠠ᠄ ᠡᠷᠳᠡᠨᠢ ᠰᠢᠰᠢ ᠶᠢᠨ ᠲᠤᠭᠤᠷᠴᠤᠭ᠂ ᠭᠦᠪᠤᠩ ᠤᠨ ᠡᠰᠢ᠂ ᠡᠷᠳᠡᠨᠢ ᠰᠢᠰᠢ ᠶᠢᠨ ᠭᠤᠤᠷᠰᠤ᠂ ᠪᠤᠭᠤᠳᠠᠢ ᠶᠢᠨ ᠰᠦᠷᠡᠯ ᠵᠡᠷᠭᠡ ᠬᠠᠭᠤᠷᠠᠢ ᠡᠰᠢ ᠰᠦᠷᠡᠯ ᠢ ᠭᠡᠮᠭᠡᠯᠦᠨ ᠲᠦᠭᠦᠭᠡᠢ ᠡᠳ᠋ ᠮᠠᠲ᠋ᠧᠷᠢᠶᠠᠯ ᠪᠤᠯᠭᠠᠨ᠂ ᠭᠡᠶᠢᠵᠢᠭᠦᠯᠭᠦ ᠲᠦᠭᠦᠭᠡᠷᠤᠮᠵᠢ ᠪᠠᠷ ᠬᠠᠯᠠᠭᠠᠨ ᠵᠠᠳᠠᠷᠠᠭᠤᠯᠵᠤ᠂ ᠭᠦᠴᠢᠯᠳᠦ᠋ᠷᠦᠭᠵᠢᠭᠦᠯᠭᠦ ᠪᠠ ᠠᠩᠭᠢᠵᠢᠷᠠᠬᠤ ᠤᠷᠪᠠᠯ ᠢᠶᠠᠷ ᠨᠤᠴᠤᠬᠤ ᠭᠡᠢ ᠪᠡᠶᠡᠳᠤ ᠪᠤᠯᠭᠠᠨ ᠬᠤᠪᠢᠷᠠᠭᠤᠯᠵᠤ᠂ ᠴᠡᠪᠡᠷᠰᠢᠭᠦᠯᠭᠦ ᠂ ᠲᠤᠭᠤᠰᠤ ᠦᠭᠡᠶᠢᠳᠡᠭᠦᠯᠭᠦ᠂ ᠭᠦᠷᠦᠭᠡᠭᠦ᠂ ᠬᠠᠳᠠᠭᠠᠯᠠᠨ ᠲᠠᠷᠤᠬᠤ ᠪᠠᠷ ᠲᠠᠮᠵᠢᠨ ᠲᠠᠭᠢᠨ ᠲᠠᠮᠵᠢᠭᠤᠯᠬᠤ ᠰᠢᠰᠲ᠋ᠧᠮ ᠢᠶᠠᠷ ᠡᠷᠦᠭᠡ ᠳᠤ ᠭᠦᠷᠭᠡᠨ ᠰᠢᠳᠠᠭᠠᠯᠭ᠎ᠠ ᠪᠤᠶᠤ ᠦᠢᠯᠡᠳᠪᠤᠷᠢᠯᠡᠯ ᠤᠨ ᠭᠦᠳᠡᠯᠭᠡᠭᠦ ᠭᠦᠴᠤᠨ ᠪᠤᠯᠭᠠᠨ᠎ᠠ᠃          ︵4︶ ᠲᠠᠷᠢᠮᠠᠯ ᠤᠨ ᠡᠰᠢ ᠰᠦᠷᠡᠯ ᠢ ᠮᠦᠭᠦᠯᠢᠭ ᠪᠤᠷᠳᠤᠭ᠎ᠠ ᠪᠤᠯᠭᠠᠨ ᠪᠤᠯᠪᠠᠰᠤᠷᠠᠭᠤᠯᠬᠤ ᠲᠦᠭᠦᠷ ᠮᠡᠷᠭᠡᠵᠢᠯ ᠤᠨ ᠭᠤᠤᠯᠳᠠᠯᠭ᠎ᠠ᠄ ᠡᠷᠳᠡᠨᠢ ᠰᠢᠰᠢ ᠶᠢᠨ ᠡᠰᠢ᠂ ᠲᠤᠳᠤᠷᠭᠠᠨ ᠰᠦᠷᠡᠯ᠂ ᠪᠤᠭᠤᠳᠠᠢ ᠶᠢᠨ ᠰᠦᠷᠡᠯ᠂ ᠨᠠᠷᠠᠨ ᠬᠤᠸᠠᠷ ᠤᠨ ᠡᠰᠢ᠂ ᠰᠢᠰᠢ ᠶᠢᠨ ᠡᠰᠢ ᠮᠡᠳᠤ ᠲᠠᠷᠢᠮᠠᠯ ᠤᠨ ᠡᠰᠢ ᠰᠦᠷᠡᠯ ᠵᠡᠷᠭᠡ ᠲᠤᠤᠷ᠎ᠡ ᠦᠷᠳᠡᠭᠳᠤ ᠪᠦᠳᠦᠭᠦᠯᠢᠭ ᠪᠤᠷᠳᠤᠭ᠎ᠠ ᠳᠤ ᠤᠯᠠᠷᠢᠭᠤᠯᠬᠤ ᠡᠮ ᠨᠡᠮᠡᠨ ᠠᠪᠴᠢᠭᠤᠯᠵᠤ᠂ ᠠᠪᠴᠢᠭᠤᠯᠬᠤ ᠦᠶ᠎ᠠ ᠳᠤ ᠪᠤᠢ ᠪᠤᠯᠤᠠᠠᠰᠠᠨ ᠲᠤᠯᠠᠭᠠᠨ ᠤ ᠭᠡᠮᠵᠢᠶ᠎ᠠ ᠪᠤᠯᠤᠨ ᠲᠠᠷᠤᠯᠳᠠ ᠶᠢᠨ ᠭᠦᠴᠤᠨ ᠢ ᠠᠰᠢᠠᠠᠯᠠᠨ᠂ ᠡᠰᠢ ᠰᠦᠷᠡᠯ ᠢ ᠠᠽᠤᠲᠴᠢᠯᠠᠵᠤ᠂ ᠬᠤᠵᠢᠷᠰᠢᠭᠤᠯᠵᠤ᠂ ᠪᠤᠯᠪᠠᠰᠤᠷᠠᠭᠤᠯᠵᠤ᠂ ᠡᠰᠢ ᠰᠦᠷᠡᠯ ᠤᠨ ᠮᠤᠳᠤᠯᠢᠭ ᠴᠢᠨᠠᠷ ᠢ ᠨᠢ ᠲᠦᠢᠯᠪᠤᠷᠢᠳᠡᠢ ᠬᠤᠪᠢᠷᠠᠭᠤᠯᠵᠤ᠂ ᠲᠡᠭᠦᠨ ᠤ ᠰᠢᠮ᠎ᠠ ᠲᠡᠵᠢᠭᠡᠯ ᠤᠨ ᠪᠦᠷᠢᠯᠳᠦᠭᠦᠨ ᠢ ᠨᠢ ᠲᠡᠭᠡᠭᠰᠢᠯᠡᠭᠦᠯᠵᠤ᠂ ᠠᠳᠠᠯᠢ ᠴᠢᠨᠠᠷ ᠪᠦᠭᠦᠢ ᠮᠦᠭᠦᠯᠢᠭ ᠪᠤᠷᠳᠤᠭ᠎ᠠ ᠪᠤᠯᠭᠠᠵᠤ᠂ ᠭᠡᠪᠢᠭᠴᠢ ᠠᠮᠢᠳᠡᠨ ᠤ ᠰᠠᠭᠤᠷᠢ ᠢᠳᠡᠰᠢ ᠪᠤᠯᠭᠠᠨ᠎ᠠ᠃ ᠪᠤᠯᠪᠠᠰᠤᠷᠠᠭᠤᠯᠤᠨ ᠰᠢᠢᠳᠪᠤᠷᠢᠯᠡᠭᠰᠡᠨ ᠲᠠᠷᠢᠮᠠᠯ ᠤᠨ ᠡᠰᠢ ᠰᠦᠷᠡᠯ ᠤᠨ ᠪᠦᠳᠦᠭᠦᠯᠢᠭ ᠤᠭᠤᠷᠠᠭ ᠤᠨ ᠠᠭᠤᠯᠤᠭᠳᠠᠴᠨ ᠨᠢ 2%~3% ᠪᠠᠶᠢᠠᠠᠰᠠᠨ ᠠᠴᠠ ᠪᠠᠨ 8%~12% ᠪᠤᠯᠤᠨ ᠲᠡᠭᠡᠭᠰᠢᠯᠡᠵᠤ᠂ ᠰᠢᠩᠭᠡᠭᠡᠯᠳᠡ ᠶᠢᠨ ᠨᠤᠷᠮ᠎ᠠ ᠨᠢ 30%~40% ᠪᠠᠶᠢᠠᠠᠰᠠᠨ ᠪᠤᠯ 60%~65% ᠪᠤᠯᠤᠨ ᠨᠡᠮᠡᠭᠳᠡᠵᠤ ᠪᠠᠶᠢᠳᠠᠭ᠃ ᠲᠤᠰ ᠮᠡᠷᠭᠡᠵᠢᠯ ᠨᠢ ᠺᠤᠮᠫᠠᠨᠢ ᠪᠤᠯᠤᠨ ᠲᠠᠷᠢᠶᠠᠴᠢᠨ ᠡᠷᠦᠭᠡ ᠳᠤ ᠴᠦᠮ ᠲᠤᠭᠢᠷᠠᠬᠤ ᠪᠦᠭᠡᠳ ᠠᠵᠤ ᠦᠢᠯᠡᠳᠪᠤᠷᠢᠴᠢᠯᠡᠨ ᠦᠢᠯᠡᠳᠪᠤᠷᠢᠯᠡᠵᠤ᠂ ᠲᠠᠸᠠᠷᠴᠢᠯᠡᠵᠦ ᠪᠤᠯᠤᠨ᠎ᠠ᠃ ᠪᠠᠰᠠ ᠦᠢᠯᠡᠳᠪᠤᠷᠢᠯᠡᠯ ᠤᠨ ᠦᠪᠠᠷ ᠤᠨ ᠦᠷᠳᠡᠭ ᠨᠢ ᠲᠤᠤᠷ᠎ᠠ ᠪᠠᠶᠢᠳᠠᠭ᠃        ︵5︶ ᠲᠠᠷᠢᠮᠠᠯ ᠤᠨ ᠡᠰᠢ ᠰᠦᠷᠡᠯ ᠤᠨ ᠤᠷᠭᠠᠨᠢᠭ ᠪᠤᠷᠳᠤᠭᠤᠷ ᠦᠢᠯᠡᠳᠪᠤᠷᠢᠯᠡᠭᠦ ᠮᠡᠷᠭᠡᠵᠢᠯ ᠤᠨ ᠭᠤᠤᠯᠳᠠᠯᠭ᠎ᠠ᠄ ᠲᠤᠮᠤ ᠭᠡᠯᠪᠡᠷᠢ ᠶᠢᠨ ᠡᠪᠡᠰᠤ ᠭᠡᠷᠴᠢᠭᠦ ᠮᠠᠰᠢᠨ ᠢᠶᠠᠷ ᠡᠰᠢ ᠰᠦᠷᠡᠯ ᠢ ᠭᠡᠮᠭᠡᠯᠦᠨ ᠡᠰᠢ ᠰᠦᠷᠡᠯ ᠢᠶᠠᠨ ᠤᠰᠤᠨ ᠳᠤ ᠲᠠᠪᠳᠦᠭᠡᠵᠤ᠂ ᠡᠭᠦᠨ ᠲᠡᠭᠡᠷ᠎ᠡ ᠪᠠᠨ ᠮᠠᠯ ᠵᠢᠭᠦᠷᠳᠡᠨ ᠤ ᠪᠠᠭᠠᠰᠤ ᠪᠤᠯᠤᠨ ᠢᠯᠵᠠᠷᠠᠭᠤᠯᠤᠨ ᠵᠠᠳᠠᠷᠠᠭᠤᠯᠬᠤ ᠡᠮ ᠢ ᠲᠠᠪᠬᠤᠷᠭ᠎ᠠ ᠬᠤᠪᠢᠶᠠᠨ ᠰᠠᠴᠤᠵᠤ᠂ ᠤᠪᠤᠭᠠᠯᠬᠠᠰᠠᠨ ᠶᠠᠪᠤᠴᠠ ᠳᠠᠭᠠᠨ ᠮᠠᠰᠢᠨ ᠢᠶᠠᠷ ᠵᠢᠭᠳᠡ ᠳᠤᠨᠢ ᠭᠦᠳᠡᠯᠭᠡᠵᠤ᠂ ᠲᠠᠭᠢᠨ ᠬᠠᠭᠠᠰ ᠲᠤᠭᠤᠷᠢᠭ ᠴᠤᠠᠠᠴᠠ ᠪᠠᠷ ᠤᠪᠤᠭᠠᠯᠠᠨ ᠢᠯᠵᠡᠷᠡᠭᠤᠯᠵᠦ᠂ ᠭᠡᠳᠦᠨ ᠬᠤᠨᠤᠭ ᠤᠨ ᠲᠠᠷᠠᠭ᠎ᠠ ᠭᠡᠮᠭᠡᠳᠡᠭ ᠢᠶᠠᠨ ᠬᠠᠳᠠᠭᠠᠵᠤ᠂ ᠡᠰᠢ ᠰᠦᠷᠡᠯ ᠤᠨ ᠤᠷᠭᠠᠨᠢᠭ ᠪᠤᠷᠳᠤᠭᠤᠷ ᠤᠨ ᠮᠦᠭᠦᠯᠢᠭᠵᠢᠭᠦᠯᠭᠦ ᠮᠠᠰᠢᠨ ᠢᠶᠠᠷ ᠮᠦᠭᠦᠯᠢᠭ ᠪᠤᠷᠳᠤᠭᠤᠷ ᠪᠤᠯᠭᠠᠨ ᠲᠠᠭᠢᠨ ᠤᠭᠤᠳᠠᠯᠠᠵᠤ ᠵᠦᠭᠡᠭᠡᠪᠤᠷᠢᠯᠡᠭᠦ ᠪᠠ ᠪᠤᠷᠤᠯᠠᠭᠤᠯᠤᠨ᠎ᠠ᠃        ︵6︶ ᠲᠠᠷᠢᠮᠠᠯ ᠤᠨ ᠡᠰᠢ ᠰᠦᠷᠡᠯ ᠢ ᠢᠳᠡᠭᠡᠨ ᠤ ᠮᠦᠭᠦ ᠪᠤᠯᠭᠠᠵᠤ ᠲᠠᠷᠢᠬᠤ ᠭᠤᠤᠯᠳᠠᠯᠭ᠎ᠠ᠄ ᠡᠰᠢ ᠰᠦᠷᠡᠯ ᠢ ᠠᠰᠢᠠᠠᠯᠠᠨ ᠦᠨᠳᠤᠰᠤᠨ ᠮᠠᠲ᠋ᠧᠷᠢᠶᠠᠯ ᠪᠤᠯᠭᠠᠨ ᠢᠳᠡᠭᠡᠨ ᠤ ᠮᠦᠭᠦ ᠲᠠᠷᠢᠵᠤ᠂ ᠦᠯᠡᠳᠡᠭᠰᠡᠨ ᠮᠦᠭᠦ ᠶᠢᠨ ᠠᠭ᠎ᠠ ᠶᠢ ᠴᠢᠨᠠᠷ ᠰᠠᠶᠢᠳᠠᠢ ᠤᠷᠭᠠᠨᠢᠭ ᠪᠤᠷᠳᠤᠭᠤᠷ ᠢᠶᠠᠷ ᠲᠠᠷᠢᠶᠠᠨ ᠳᠤ ᠤᠷᠤᠭᠤᠯᠤᠨ᠎ᠠ᠃        ︵7︶ ᠲᠠᠷᠢᠮᠡᠯ ᠤᠨ ᠡᠰᠢ ᠰᠦᠷᠡᠯ ᠢ ᠠᠵᠤ ᠦᠢᠯᠡᠳᠪᠤᠷᠢ ᠶᠢᠨ ᠦᠢᠯᠡᠳᠭᠦᠨ ᠪᠤᠯᠭᠠᠨ ᠡᠳ᠋ᠰᠢᠭᠦᠯᠭᠦ ᠮᠡᠷᠭᠡᠵᠢᠯ ᠤᠨ ᠭᠤᠤᠯᠳᠠᠯᠭ᠎ᠠ᠄ ᠡᠷᠳᠡᠨᠢ ᠰᠢᠰᠢ ᠶᠢᠨ ᠡᠰᠢ᠂ ᠪᠤᠭᠤᠳᠠᠢ ᠶᠢᠨ ᠰᠦᠷᠡᠯ ᠵᠡᠷᠭᠡ ᠡᠯ᠎ᠡ ᠵᠦᠢᠯ ᠤᠨ ᠡᠰᠢ ᠰᠦᠷᠡᠯ ᠢᠶᠠᠷ ᠲᠦᠭᠦᠭᠡᠢ ᠡᠳ᠋ ᠮᠠᠲ᠋ᠧᠷᠢᠶᠠᠯ ᠪᠤᠯᠭᠠᠨ᠂ ᠦᠨᠳᠤᠷ ᠲᠠᠷᠤᠯᠳᠠᠳᠤ ᠭᠡᠪᠰᠢᠭᠦᠯᠦᠨ ᠲᠠᠷᠤᠬᠤ ᠮᠠᠰᠢᠨ ᠲᠦᠭᠦᠭᠡᠷᠤᠮᠵᠢ ᠶᠢ ᠠᠰᠢᠠᠠᠯᠠᠨ᠂ ᠲᠠᠯᠬᠠᠳᠠᠨ ᠰᠢᠢᠳᠪᠤᠷᠢᠯᠡᠭᠰᠡᠨ ᠤ ᠰᠡᠭᠦᠯᠡᠷᠭᠢ ᠡᠰᠢ ᠰᠦᠷᠡᠯ ᠤᠨ ᠰᠢᠷᠭᠡᠭᠯᠢᠭ ᠭᠢᠭᠡᠳ ᠮᠤᠳᠤᠨ ᠲᠠᠪᠠᠷᠬᠠᠢ ᠶᠢᠨ ᠬᠤᠯᠢᠮᠠᠭ ᠡᠳ᠋ ᠢᠶᠠᠨ ᠲᠠᠮᠦᠷᠯᠢᠭ ᠭᠡᠪ ᠲᠤ ᠲᠠᠷᠤᠨ ᠭᠡᠪᠰᠢᠭᠦᠯᠵᠤ᠂ ᠴᠢᠨᠠᠷ ᠰᠠᠶᠢᠳᠠᠢ ᠲᠤᠤᠷ᠎ᠡ᠂ ᠲᠤᠮᠳᠠ᠂ ᠦᠨᠳᠤᠷ ᠨᠢᠠᠠᠳᠠᠴᠠ ᠲᠠᠢ ᠰᠢᠷᠭᠡᠭᠯᠢᠭ ᠬᠠᠪᠳᠠᠰᠤᠨ ᠮᠠᠲ᠋ᠧᠷᠢᠶᠠᠯ ᠤᠨ ᠡᠳ᠋ ᠪᠤᠯᠭᠠᠨ ᠦᠢᠯᠡᠳᠪᠡᠯ ᠦᠷᠭᠡᠨ ᠲᠡᠯᠭᠡᠷ ᠭᠡᠷᠡᠭᠯᠡᠭᠡᠨ ᠤ ᠭᠡᠪᠴᠢᠶ᠎ᠠ ᠲᠠᠢ ᠪᠠᠶᠢᠳᠠᠭ᠃       12. ᠮᠤᠳᠤᠨ ᠲᠦᠮᠦᠰᠤ ᠶᠢᠨ ᠡᠰᠢ ᠶᠢᠨ ᠭᠡᠮᠭᠡᠳᠡᠭ ᠢ ᠲᠠᠷᠢᠶᠠᠨ ᠳᠤ ᠤᠷᠤᠭᠤᠯᠬᠤ ᠮᠠᠰᠢᠠᠴᠢᠯᠠᠯᠳᠠ ᠶᠢᠨ ᠮᠡᠷᠭᠡᠵᠢᠯ  ᠨᠢ ᠶᠠᠮᠠᠷ ᠭᠤᠤᠯᠳᠠᠯᠭ᠎ᠠ ᠲᠠᠢ ᠪᠤᠢ︖       ᠮᠤᠳᠤᠨ ᠲᠦᠮᠦᠰᠤ ᠶᠢᠨ ᠡᠰᠢ ᠶᠢᠨ ᠭᠡᠮᠭᠡᠳᠡᠭ ᠢ ᠲᠠᠷᠢᠶᠠᠨ ᠳᠤ ᠤᠷᠤᠭᠤᠯᠬᠤ ᠮᠠᠰᠢᠠᠴᠢᠯᠠᠯᠳᠠ ᠶᠢᠨ ᠮᠡᠷᠭᠡᠵᠢᠯ ᠤᠨ ᠭᠤᠤᠯᠳᠠᠯᠭ᠎ᠠ ᠨᠢ ᠲᠤᠤᠷᠠᠭᠢ ᠭᠡᠳᠦᠨ ᠵᠦᠢᠯ ᠪᠠᠶᠢᠨ᠎ᠠ᠃        ︵1︶ ᠭᠡᠮᠭᠡᠯᠦᠨ ᠲᠠᠷᠢᠶᠠᠨ ᠳᠤ ᠤᠷᠤᠭᠤᠯᠬᠤ ᠳᠤ ᠭᠤᠤᠯ ᠨᠢ ᠬᠤᠶᠠᠷ ᠵᠦᠢᠯ ᠤᠨ ᠠᠷᠭ᠎ᠠ ᠪᠠᠶᠢᠨ᠎ᠠ᠃ ① ᠰᠢᠨ᠎ᠠ ᠡᠰᠢ ᠶᠢ ᠰᠢᠭᠤᠳ ᠭᠡᠮᠭᠡᠯᠦᠨ ᠲᠠᠷᠢᠶᠠᠨ ᠳᠤ ᠤᠷᠤᠭᠤᠯᠵᠤ᠂ ᠭᠦᠷᠤᠰᠤ ᠰᠢᠷᠤᠢ ᠲᠠᠢ ᠴᠤᠭ ᠲᠤᠨᠢ ᠨᠠᠷᠬᠠᠳᠠᠵᠤ᠂ ᠠᠶᠠᠠᠳᠠᠭᠠᠨ ᠭᠦᠭᠡᠰᠦᠷᠡᠭᠦᠯᠦᠨ ᠤᠷᠭᠠᠨᠢᠭ ᠪᠤᠷᠳᠤᠭᠤᠷ ᠪᠤᠯᠭᠠᠨ᠎ᠠ᠃ ② ᠮᠡᠷᠭᠡᠵᠢᠯ ᠤᠨ ᠱᠠᠭᠠᠷᠳᠠᠯᠭ᠎ᠠ᠃ ᠮᠤᠳᠤᠨ ᠲᠦᠮᠦᠰᠤᠨ ᠤ ᠡᠰᠢ ᠶᠢ ᠭᠡᠮᠭᠡᠯᠭᠦ ᠮᠠᠰᠢᠨ ᠨᠢ ᠭᠦᠳᠡᠯᠦᠩᠬᠦᠢ ᠪᠠ ᠲᠤᠠᠠᠳᠠᠮᠠᠯ ᠠᠵᠢᠯᠯᠠᠵᠤ ᠪᠤᠯᠬᠤ︔ ᠮᠤᠳᠤᠨ ᠲᠦᠮᠦᠰᠤᠨ ᠤ ᠡᠰᠢ ᠶᠢᠨ ᠭᠡᠮᠭᠡᠳᠡᠭ ᠤᠨ ᠴᠢᠭᠢᠯᠡᠭᠦ ᠶᠢ ᠡᠪᠳᠡᠭᠦ ᠨᠤᠷᠮ᠎ᠠ ᠨᠢ 98% ᠠᠴᠠ ᠲᠡᠭᠡᠭᠰᠢ ᠪᠠᠶᠢᠵᠤ᠂ ᠲᠠᠷᠢᠶᠠᠨ ᠳᠤ ᠤᠷᠤᠭᠤᠯᠤᠠᠠᠰᠠᠨ ᠤ ᠰᠡᠭᠦᠯᠡᠷ ᠲᠠᠭᠢᠨ ᠴᠢᠭᠢᠯᠡᠵᠤ ᠤᠷᠭᠤᠬᠤ ᠠᠴᠠ ᠰᠡᠷᠭᠡᠶᠢᠯᠡᠭᠦ ᠭᠡᠷᠡᠭᠳᠡᠢ᠃ ᠭᠡᠮᠭᠡᠳᠡᠭ ᠮᠦᠭᠦᠯᠢᠭ ᠤᠨ ᠤᠷᠳᠤ ᠨᠢ 4cm ᠠᠴᠠ ᠤᠬᠤᠷ ᠪᠠᠶᠢᠬᠤ ᠭᠡᠷᠡᠭᠳᠡᠢ᠃        ︵2︶ ᠮᠤᠳᠤᠨ ᠲᠦᠮᠦᠰᠤᠨ ᠤ ᠡᠰᠢ ᠶᠢ ᠭᠡᠮᠭᠡᠯᠦᠨ ᠲᠠᠷᠢᠶᠠᠨ ᠳᠤ ᠤᠷᠤᠭᠤᠯᠬᠤ ᠮᠠᠰᠢᠨ ᠨᠢ ᠦᠡᠭᠭᠦᠷᠢᠨ ᠰᠢᠭᠤᠳ ᠭᠡᠮᠭᠡᠯᠭᠦ ᠭᠡᠯᠪᠡᠷᠢ ᠶᠢᠨ ᠪᠠ ᠲᠠᠩ ᠦᠡᠭᠭᠦᠷᠢᠯ᠂ ᠬᠤᠤᠰ ᠦᠡᠭᠭᠦᠷᠢᠯ ᠤᠨ ᠬᠤᠶᠠᠷ ᠵᠦᠢᠯ ᠤᠨ ᠭᠡᠯᠪᠡᠷᠢ ᠲᠠᠢ ᠪᠠᠶᠢᠳᠠᠭ᠃ ᠲᠠᠩ ᠦᠡᠭᠭᠦᠷᠢᠯ ᠤᠨ ᠭᠡᠯᠪᠡᠷᠢᠳᠤ ᠭᠡᠮᠭᠡᠯᠭᠦ ᠮᠠᠰᠢᠨ ᠢ ᠭᠠᠷ ᠲᠷᠠᠺᠲ᠋ᠤᠷ ᠤᠨ ᠭᠦᠳᠡᠯᠭᠡᠭᠦᠷ ᠮᠠᠰᠢᠨ ᠤ ᠡᠮᠦᠨ᠎ᠠ ᠭᠡᠰᠡᠭ ᠲᠤ ᠤᠠᠠᠰᠠᠷᠠᠨ ᠭᠠᠷ ᠲᠷᠠᠺᠲ᠋ᠤᠷ ᠤᠨ ᠭᠦᠳᠡᠯᠭᠡᠭᠦᠷ ᠤᠨ ᠪᠦᠰᠡ ᠪᠠᠷ ᠰᠢᠭᠤᠳ ᠭᠦᠳᠡᠯᠭᠡᠵᠤ᠂ ᠨᠡᠭᠦᠳᠡᠯᠯᠡᠨ ᠠᠵᠢᠯᠯᠠᠬᠤ ᠪᠠ ᠭᠦᠮᠦᠨ ᠤ ᠭᠦᠴᠤ ᠪᠠᠷ ᠮᠠᠲ᠋ᠧᠷᠢᠶᠠᠯ ᠬᠠᠨᠭ᠍ᠭᠠᠨ᠂ ᠶᠠᠷᠦᠩᠭᠡᠢ ᠳᠡᠭᠡᠨ ᠬᠤᠶᠠᠷ ᠭᠤᠷᠪᠡᠨ ᠭᠦᠮᠦᠨ ᠭᠡᠷᠡᠭᠰᠡᠵᠤ᠂ ᠦᠢᠯᠡᠳᠪᠤᠷᠢᠯᠡᠯ ᠤᠨ ᠨᠤᠷᠮ᠎ᠠ ᠨᠢ ᠴᠠᠭ ᠪᠦᠷᠢ 2.5~3t ᠪᠠᠶᠢᠳᠠᠭ᠃ ᠬᠤᠤᠰ ᠦᠡᠭᠭᠦᠷᠢᠯ ᠤᠨ ᠭᠡᠯᠪᠡᠷᠢ ᠶᠢᠨ ᠮᠠᠰᠢᠨ ᠨᠢ ᠴᠢᠷᠦᠭᠦᠯᠭᠦ ᠭᠡᠯᠪᠡᠷᠢ ᠲᠠᠢ ᠪᠠᠶᠢᠵᠤ᠂ 20 ᠮᠤᠷᠢᠨ ᠭᠦᠴᠤᠨ ᠤ ᠴᠠᠶᠢᠶ᠋ᠢᠤ ᠮᠠᠰᠢᠨ ᠢᠶᠠᠷ ᠭᠦᠳᠡᠯᠭᠡᠵᠤ᠂ ᠭᠠᠷ ᠲᠷᠠᠺᠲ᠋ᠤᠷ ᠢᠶᠠᠷ ᠴᠢᠷᠦᠭᠦᠯᠦᠨ ᠭᠦᠳᠡᠯᠦᠩᠭᠦᠢ ᠠᠵᠢᠯᠯᠠᠬᠤ ᠪᠤᠶᠤ ᠲᠤᠠᠠᠳᠠᠮᠠᠯ ᠠᠵᠢᠯᠯᠠᠵᠤ᠂ ᠭᠦᠮᠦᠨ ᠤ ᠭᠦᠴᠤ ᠪᠠᠷ ᠮᠠᠲ᠋ᠧᠷᠢᠶᠠᠯ ᠬᠠᠨᠭ᠍ᠭᠠᠵᠤ᠂ 3~4 ᠭᠦᠮᠦᠨ ᠭᠡᠷᠡᠭᠰᠡᠵᠤ᠂ ᠦᠢᠯᠡᠳᠪᠤᠷᠢᠯᠡᠯ ᠤᠨ ᠨᠤᠷᠮ᠎ᠠ ᠨᠢ ᠴᠠᠭ ᠪᠦᠷᠢ 4~5t ᠪᠠᠶᠢᠳᠠᠭ᠃        13. ᠮᠤᠳᠤᠨ ᠲᠦᠮᠦᠰᠤᠨ ᠤ ᠡᠰᠢ ᠶᠢ ᠭᠡᠮᠭᠡᠯᠦᠨ ᠲᠠᠷᠢᠶᠠᠨ ᠳᠤ ᠤᠷᠤᠭᠤᠯᠬᠤ ᠮᠠᠰᠢᠠᠴᠢᠯᠠᠯᠳᠠ ᠶᠢᠨ ᠮᠡᠷᠭᠡᠵᠢᠯ ᠤᠨ ᠠᠵᠢᠯᠯᠠᠭᠠᠨ ᠳᠤ ᠶᠠᠮᠠᠷ ᠠᠰᠠᠭᠤᠳᠠᠯ ᠢ ᠠᠩᠬᠠᠷᠬᠤ ᠴᠢᠬᠤᠯᠠ ᠲᠠᠢ ᠪᠤᠢ︖        ᠮᠤᠳᠤᠨ ᠲᠦᠮᠦᠰᠤᠨ ᠤ ᠡᠰᠢ ᠶᠢ ᠭᠡᠮᠭᠡᠯᠦᠨ ᠲᠠᠷᠢᠶᠠᠨ ᠳᠤ ᠤᠷᠤᠭᠤᠯᠬᠤ ᠮᠠᠰᠢᠠᠴᠢᠯᠠᠯᠳᠠ ᠶᠢᠨ ᠮᠡᠷᠭᠡᠵᠢᠯ ᠤᠨ ᠠᠵᠢᠯᠯᠠᠭᠠᠨ ᠳᠤ ᠲᠤᠤᠷᠠᠭᠢ ᠭᠡᠳᠦᠨ ᠲᠠᠯ᠎ᠠ ᠶᠢ ᠠᠩᠬᠠᠷᠬᠤ ᠴᠢᠬᠤᠯᠠ ᠲᠠᠢ᠃        ︵1︶ ᠰᠢᠳᠡᠵᠤ ᠤᠷᠤᠭᠤᠯᠬᠤ ᠠᠷᠭ᠎ᠠ᠃ ᠮᠤᠳᠤᠨ ᠲᠦᠮᠦᠰᠤᠨ ᠤ ᠡᠰᠢ ᠶᠢ ᠮᠠᠲ᠋ᠧᠷᠢᠶᠠᠯ ᠤᠷᠤᠭᠤᠯᠬᠤ ᠠᠮᠠᠨ  ᠳᠤ ᠭᠢᠮᠡᠭᠴᠡ ᠪᠠᠨ ᠭᠠᠷ ᠢᠶᠠᠨ ᠰᠤᠯᠠᠷᠠᠭᠤᠯᠵᠤ᠂ ᠲᠡᠭᠦᠨ ᠢ ᠠᠶᠠᠷ ᠨᠢ ᠭᠦᠷᠭᠡᠬᠡᠯᠭᠦ ᠭᠡᠷᠡᠭᠳᠡᠢ᠃ ᠵᠠᠷᠢᠮ ᠤᠬᠤᠷ ᠡᠰᠢ ᠶᠢ ᠪᠤᠯ ᠨᠡᠯᠢᠶᠡᠳ ᠤᠷᠳᠤ ᠡᠰᠢ ᠲᠠᠢ ᠴᠤᠭ ᠲᠤᠨᠢ ᠲᠦᠯᠭᠢᠨ ᠤᠷᠤᠭᠤᠯᠬᠤ ᠭᠡᠷᠡᠭᠳᠡᠢ᠃ ᠠᠵᠢᠯ ᠤᠨ ᠲᠠᠪᠴᠡᠩ ᠲᠡᠭᠡᠷᠡᠭᠢ ᠵᠢᠵᠢᠭ ᠰᠠᠵᠢᠭ ᠭᠡᠮᠭᠡᠳᠡᠭ ᠢ ᠭᠠᠷ ᠢᠶᠠᠷ ᠲᠡᠭᠦᠨ ᠤᠷᠤᠭᠤᠯᠵᠤ ᠪᠤᠯᠬᠤ ᠦᠭᠡᠢ᠃         ︵2︶ ᠭᠡᠳᠦᠷᠭᠡᠢ ᠮᠤᠷᠤᠢ ᠰᠠᠷᠤᠢ ᠤᠷᠳᠤ ᠡᠰᠢ ᠶᠢ ᠭᠡᠳᠤ ᠬᠤᠭᠤᠯᠵᠤ ᠪᠠᠶᠢᠭᠠᠳ ᠮᠠᠲ᠋ᠧᠷᠢᠶᠠᠯ ᠢᠳᠡᠭᠦ ᠠᠮᠨ ᠳᠤ ᠤᠷᠤᠭᠤᠯᠬᠤ ᠭᠡᠷᠡᠭᠳᠡᠢ᠃        ︵3︶ ᠮᠠᠲ᠋ᠧᠷᠢᠶᠠᠯ ᠤᠷᠤᠭᠤᠯᠤᠠᠠᠴᠢᠳ ᠰᠡᠷᠭᠡᠶᠢᠯᠡᠯᠳᠡ ᠶᠢᠨ ᠨᠢᠳᠤᠨ ᠰᠢᠯ ᠵᠡᠭᠦᠵᠤ᠂ ᠠᠮᠤᠷ ᠲᠦᠪᠰᠢᠨ ᠢ ᠪᠠᠳᠤᠯᠠᠬᠤ ᠭᠡᠷᠡᠭᠳᠡᠢ᠃  
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号