1. ᠠᠮᠳᠠᠳᠤ ᠡᠷᠳᠡᠨᠢ ᠰᠢᠰᠢ ᠶᠢ ᠴᠢᠨᠠᠷ ᠰᠠᠶᠢᠳᠠᠢ᠂ ᠦᠨᠢᠷ ᠬᠤᠷᠢᠶᠠᠯᠳᠠ ᠲᠠᠢ ᠲᠠᠷᠢᠬᠤ ᠳᠤ | ᠶᠠᠮᠠᠷ ᠵᠠᠩᠭᠢᠯᠠᠭ᠎ᠠ ᠶᠢᠨ ᠮᠡᠷᠭᠡᠵᠢᠯ ᠢ ᠡᠵᠡᠮᠰᠢᠭᠦ ᠴᠢᠬᠤᠯᠠ ᠲᠠᠢ ᠪᠤᠢ︖ | ᠡᠩ ᠲᠠᠷᠢᠭᠦᠨ ᠳᠤ ᠰᠠᠶᠢᠨ ᠦᠷ᠎ᠠ ᠶᠢᠨ ᠰᠤᠷᠲ ᠢ ᠰᠤᠩᠭᠤᠬᠤ ᠭᠡᠷᠡᠭᠳᠡᠢ᠃ ᠡᠷᠳᠡᠨᠢ ᠰᠢᠰᠢ ᠶᠢ ᠡᠩ ᠤᠨ ᠡᠷᠳᠡᠨᠢ | ᠰᠢᠰᠢ᠂ ᠭᠡᠳᠤ ᠠᠮᠳᠠᠳᠤ ᠡᠷᠳᠡᠨᠢ ᠰᠢᠰᠢ ᠪᠤᠯᠤᠨ ᠴᠢᠩᠭᠠᠳᠬᠠᠯ ᠭᠡᠯᠪᠡᠷᠢ ᠶᠢᠨ ᠠᠮᠳᠠᠳᠤ ᠡᠷᠳᠡᠨᠢ ᠰᠢᠰᠢ ᠭᠡᠵᠤ ᠭᠤᠷᠪᠡᠨ | ᠲᠤᠮᠤ ᠲᠦᠷᠦᠯ ᠬᠤᠪᠢᠶᠠᠳᠠᠭ᠃ ᠡᠶᠢᠮᠤ ᠠᠴᠠ ᠠᠰᠢᠠᠠᠯᠠᠬᠤ ᠵᠤᠷᠢᠯᠭ᠎ᠠ ᠪᠠᠨ ᠦᠨᠳᠤᠰᠤᠯᠡᠨ ᠰᠤᠷᠲ ᠢ ᠰᠤᠩᠭᠤᠬᠤ ᠭᠡᠷᠡᠭᠳᠡᠢ᠃ | ᠵᠢᠱᠢᠶᠡᠯᠡᠪᠡᠯ ᠨᠢᠯᠬ᠎ᠠ ᠦᠷᠡᠳᠤ ᠲᠦᠷᠦᠭᠦᠤ ᠪᠠᠷ ᠨᠢ ᠵᠠᠬ᠎ᠠ ᠲᠡᠯᠭᠡᠭᠦᠷ ᠲᠤ ᠭᠠᠷᠭᠠᠬᠤ ᠳᠤ ᠭᠡᠳᠤ ᠠᠮᠳᠠᠳᠤ ᠡᠷᠳᠡᠨᠢ | ᠰᠢᠰᠢ ᠶᠢᠨ ᠰᠤᠷᠲ ᠢ ᠰᠤᠩᠭᠤᠵᠤ᠂ ᠭᠤᠸᠠᠨᠳᠤᠤ ᠭᠢᠭᠦ ᠳᠤ ᠡᠩ ᠤᠨ ᠡᠷᠳᠡᠨᠢ ᠰᠢᠰᠢ ᠶᠢᠨ ᠰᠤᠷᠲ ᠢ ᠰᠤᠩᠭᠤᠬᠤ ᠮᠡᠳᠤ ᠪᠠᠷ | ᠰᠤᠩᠭᠤᠨ᠎ᠠ᠃ | 2. ᠤᠮᠠᠷᠠᠳᠤ ᠤᠷᠤᠨ ᠳᠤ ᠶᠠᠮᠠᠷ ᠶᠠᠮᠠᠷ ᠠᠮᠳᠠᠳᠤ ᠡᠷᠳᠡᠨᠢ ᠰᠢᠰᠢ ᠶᠢᠨ ᠰᠤᠷᠲ ᠪᠠᠶᠢᠬᠤ ᠪᠤᠢ︖ | ᠠᠮᠳᠠᠳᠤ ᠡᠷᠳᠡᠨᠢ ᠰᠢᠰᠢ ᠶᠢᠨ ᠰᠤᠷᠲ ᠲᠤᠩ ᠤᠯᠠᠨ ᠪᠠᠶᠢᠨ᠎ᠠ᠃ ᠤᠯᠤᠰ ᠤᠨ ᠲᠤᠳᠤᠭᠠᠳᠤ ᠶᠢᠨ ᠪᠠᠶᠢᠬᠤ ᠪᠦᠭᠡᠳ | ᠪᠠᠰᠠ ᠭᠠᠳᠠᠭᠠᠳᠤ ᠤᠯᠤᠰ ᠤᠨ ᠴᠤ ᠪᠠᠶᠢᠨ᠎ᠠ᠃ ᠤᠳᠤᠬᠠᠨ ᠳᠤ ᠤᠮᠠᠷᠠᠳᠤ ᠤᠷᠤᠨ ᠳᠤ ᠲᠠᠷᠢᠬᠤ ᠠᠮᠳᠠᠳᠤ ᠡᠷᠳᠡᠨᠢ | ᠰᠢᠰᠢ ᠶᠢᠨ ᠰᠤᠷᠲ ᠭᠡᠪᠡᠯ ᠭᠤᠤᠯ ᠨᠢ ᠱᠧᠨ ᠨᠦᠩ ︵沈农︶ 1 ᠨᠤᠮᠧᠷᠳᠤ᠂ ᠲᠢᠶᠠᠨ ᠲᠠᠩ ︵甜单︶ 8 | ᠨᠤᠮᠧᠷᠳᠤ᠂ ᠶᠢᠨ ᠰᠢᠶᠠᠨ ︵津鲜︶ 1 ᠨᠤᠮᠧᠷᠳᠤ᠂ ᠶᠢᠨ ᠰᠢᠶᠠᠨ ︵津鲜︶ 2 ᠨᠤᠮᠧᠷᠳᠤ᠂ ᠲᠢᠶᠠᠨ ᠢᠤᠢ ︵ | 甜玉︶ 2 ᠨᠤᠮᠧᠷᠳᠤ᠂ ᠲᠢᠶᠠᠨ ᠢᠤᠢ ︵甜玉︶ 4 ᠨᠤᠮᠧᠷᠳᠤ᠂ ᠲᠢᠶᠠᠨ ᠢᠤᠢ ︵甜玉︶ 6 ᠨᠤᠮᠧᠷᠳᠤ | ᠂ ᠵᠦᠩ ᠲᠢᠶᠠᠨ ︵中甜︶ 2 ᠨᠤᠮᠧᠷᠳᠤ᠂ ᠺᠧ ᠲᠢᠶᠠᠨ ︵科甜︶ 110 ᠨᠤᠮᠧᠷᠳᠤ ᠵᠡᠷᠭᠡ ᠪᠤᠢ᠃ | 3. ᠤᠮᠠᠷᠠᠳᠤ ᠤᠷᠤᠨ ᠤ ᠠᠮᠳᠠᠳᠤ ᠡᠷᠳᠡᠨᠢ ᠰᠢᠰᠢ ᠶᠢᠨ ᠡᠳᠡᠭᠡᠷ ᠰᠤᠷᠲ ᠤᠨ ᠤᠡᠴᠠᠯᠢᠭ | ᠪᠤᠯᠤᠨ ᠤᠨᠠᠯᠳᠠ ᠶᠢᠨ ᠴᠢᠳᠠᠪᠤᠷᠢ ᠨᠢ ᠶᠠᠮᠠᠷ ᠪᠠᠶᠢᠳᠠᠭ ᠪᠤᠢ︖ | ᠱᠧᠨ ᠨᠦᠩ 1 ᠨᠤᠮᠧᠷᠳᠤ᠄ ᠡᠨᠡ ᠪᠤᠯ ᠱᠸᠡᠶᠠᠩ ︵ᠮᠦᠭᠳᠡᠨ︶ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ | ᠡᠷᠳᠡᠨᠢ ᠰᠢᠰᠢ ᠶᠢᠨ ᠰᠤᠳᠤᠯᠤᠯ ᠤᠨ ᠭᠠᠵᠠᠷ ᠤᠨ ᠰᠤᠩᠭᠤᠨ ᠪᠤᠶᠢᠵᠢᠭᠤᠯᠤᠠᠠᠰᠠᠨ ᠡᠩ ᠤᠨ ᠠᠮᠳᠠᠳᠤ ᠡᠷᠳᠡᠨᠢ ᠰᠢᠰᠢ ᠶᠢ | ᠲᠠᠩ ᠢᠶᠠᠷ ᠨᠢ ᠡᠷᠯᠢᠰᠡᠵᠢᠭᠦᠯᠦᠭᠰᠡᠨ ᠰᠤᠷᠲ ᠪᠤᠯᠤᠨ᠎ᠠ᠃ ᠲᠤᠰ ᠡᠭᠦᠯᠳᠡᠷ ᠨᠢ ᠴᠠᠭᠠᠨ ᠮᠦᠭᠦᠯᠢᠭᠳᠦ ᠡᠩ ᠤᠨ ᠠᠮᠳᠠᠳᠤ | ᠡᠷᠳᠡᠨᠢ ᠰᠢᠰᠢ ᠳᠤ ᠬᠠᠷᠢᠶᠠᠯᠬᠠᠳᠠᠨ᠎ᠠ᠃ ᠲᠠᠷᠠ ᠨᠢ ᠡᠷᠳ᠋ᠨ ᠪᠤᠯᠪᠠᠰᠤᠷᠠᠳᠠᠭ᠂ ᠦᠨᠳᠤᠷ ᠬᠤᠷᠢᠶᠠᠯᠳᠠ ᠤᠯᠳᠠᠭ᠂ ᠭᠡᠮ | ᠬᠤᠷᠤᠬᠠᠢ ᠶᠢ ᠡᠰᠡᠷᠭᠦᠴᠡᠵᠤ ᠲᠠᠶᠢᠯᠳᠡᠭ᠂ ᠴᠢᠨᠠᠷ ᠰᠠᠶᠢᠳᠠᠢ᠂ ᠤᠯᠠᠨ ᠭᠡᠷᠡᠭᠯᠡᠭᠦᠨ ᠲᠠᠢ ᠵᠡᠷᠭᠡ ᠤᠨᠴᠠᠯᠢᠭ ᠲᠠᠢ᠃ | ᠰᠤᠶᠤᠭᠠᠯᠠᠬᠤ ᠠᠴᠠ ᠪᠠᠨ ᠠᠪᠤᠭᠠᠳ ᠰᠤᠷᠭᠤᠭ ᠲᠦᠷᠦᠭᠦᠤ ᠶᠢ ᠠᠪᠬᠤ ᠭᠦᠷᠳᠡᠯ᠎ᠠ 76 ᠬᠤᠨᠤᠭ ᠪᠤᠯᠳᠠᠭ᠃ ᠦᠷᠡᠳᠤ | ᠲᠦᠷᠦᠭᠦᠤ ᠨᠢ ᠲᠦᠡᠭᠰᠡᠨ ᠭᠡᠯᠪᠡᠷᠢ ᠲᠠᠢ᠂ ᠲᠦᠷᠦᠭᠦᠤ ᠶᠢᠨ ᠤᠷᠳᠤ ᠨᠢ 17cm᠂ ᠪᠦᠳᠦᠭᠦᠨ ᠨᠢ 4.6cm᠂ ᠴᠠᠭᠠᠨ | ᠮᠦᠭᠦᠯᠢᠭ ᠲᠠᠢ᠂ 12~14 ᠮᠦᠷ ᠲᠠᠢ᠂ ᠮᠦᠷ ᠪᠦᠷᠢ 35 ᠤᠷᠴᠢᠮ ᠮᠦᠭᠦᠯᠢᠭ ᠲᠠᠢ᠂ ᠲᠦᠷᠦᠭᠦᠤ ᠶᠢᠨ ᠭᠦᠨᠳᠤ ᠨᠢ | 200~250g᠂ ᠶᠠᠷᠦᠩᠭᠡᠢ ᠳᠡᠭᠡᠨ ᠮᠤ᠋ ᠪᠦᠷᠢ ᠠᠴᠠ 3000 ᠠᠴᠠ ᠲᠡᠭᠡᠭᠰᠢ ᠲᠦᠷᠦᠭᠦᠤ ᠬᠤᠷᠢᠶᠠᠵᠤ᠂ ᠤᠰᠤ | ᠪᠤᠷᠳᠤᠭᠤᠷ ᠤᠨ ᠨᠦᠭᠦᠴᠡᠯ ᠢᠶᠠᠷ ᠰᠠᠶᠢᠨ ᠭᠠᠵᠠᠷ ᠲᠤ ᠪᠤᠯ ᠬᠤᠤᠰ ᠲᠦᠷᠦᠭᠦᠤ ᠶᠢᠨ ᠨᠤᠷᠮ᠎ᠠ ᠨᠢ 80% ᠠᠴᠠ ᠲᠡᠭᠡᠭᠰᠢ | ᠳᠤ ᠭᠦᠷᠳᠡᠭ᠃ ᠮᠤ᠋ ᠪᠦᠷᠢ ᠠᠴᠠ 2500kg ᠡᠰᠢ ᠨᠠᠪᠴᠢᠨ ᠤ ᠲᠡᠵᠢᠭᠡᠯ ᠪᠤᠷᠳᠤᠭ᠎ᠠ ᠬᠤᠷᠢᠶᠠᠬᠤ ᠶᠢᠨ ᠬᠠᠮᠳᠤ ᠪᠠᠰᠠ | 4000 ᠰᠢᠷᠭᠡᠭ ᠡᠷᠳᠡᠨᠢ ᠰᠢᠰᠢ ᠶᠢᠨ ᠰᠦᠶ᠎ᠠ ᠬᠤᠷᠢᠶᠠᠨ᠎ᠠ᠃ | ᠪᠤᠯᠪᠠᠰᠤᠷᠠᠯᠳᠠ ᠶᠢᠨ ᠡᠭᠢᠨ ᠤ ᠦᠶ᠎ᠠ ᠳᠤ ᠰᠢᠭᠢᠷ ᠤᠨ ᠠᠭᠤᠯᠤᠭᠳᠠᠴᠨ ᠨᠢ 15% ᠤᠷᠴᠢᠮ᠂ ᠯᠢᠰᠢᠨ ᠠᠮᠢᠨᠤ᠋ | ᠭᠦᠴᠢᠯ ᠤᠨ ᠠᠭᠤᠯᠤᠭᠳᠠᠴᠨ ᠨᠢ 0.48% ᠪᠠᠶᠢᠳᠠᠭ᠃ ᠲᠤᠰ ᠰᠤᠷᠲ ᠢ ᠪᠤᠶᠢᠵᠢᠭᠤᠯᠤᠠᠠᠰᠠᠨ ᠠᠴᠠ ᠨᠠᠰᠢ | ᠯᠢᠶᠤᠤᠨᠢᠩ ᠤᠨ ᠲᠤᠮᠤ ᠲᠤᠮᠳᠠ ᠬᠤᠳᠠ ᠶᠢᠨ ᠲᠡᠭᠦᠷᠭᠡ ᠶᠡᠭᠡ ᠪᠠᠷ ᠲᠠᠷᠢᠵᠤ᠂ ᠲᠦᠷᠦᠭᠦᠤ ᠶᠢ ᠨᠢ ᠵᠠᠬ᠎ᠠ ᠲᠡᠯᠭᠡᠭᠦᠷ ᠲᠤ | ᠭᠠᠷᠭᠠᠭᠠᠳ᠂ ᠭᠡᠷᠡᠭᠯᠡᠭᠴᠢᠳ ᠤᠨ ᠰᠠᠶᠢᠨ ᠦᠨᠡᠯᠡᠯᠳᠡ ᠶᠢ ᠤᠯᠵᠠᠢ᠃ ᠠᠮᠳᠠᠳᠤ ᠡᠷᠳᠡᠨᠢ ᠰᠢᠰᠢ ᠶᠢ ᠠᠮᠳᠠᠳᠤ ᠡᠷᠳᠡᠨᠢ ᠰᠢᠰᠢ | ᠲᠠᠢ ᠲᠠᠪᠬᠤᠷᠳᠠᠭᠤᠯᠤᠨ ᠲᠠᠷᠢᠬᠤ ᠳᠤ ᠲᠤᠭᠢᠷᠠᠬᠤ ᠪᠠ ᠪᠤᠰᠤᠳ ᠨᠤᠭᠤᠭ᠎ᠠ ᠴᠠᠭ᠎ᠠ ᠶᠢᠨ ᠲᠠᠷᠢᠮᠠᠯ ᠲᠠᠢ ᠲᠠᠪᠬᠤᠷᠳᠠᠭᠤᠯᠤᠨ | ᠲᠠᠷᠢᠵᠤ ᠪᠤᠯᠤᠨ᠎ᠠ᠃ | ᠲᠢᠶᠠᠨ ᠲᠠᠩ 8 ᠨᠤᠮᠧᠷᠳᠤ᠄ ᠲᠤᠰ ᠡᠭᠦᠯᠳᠡᠷ ᠪᠤᠯ ᠪᠡᠭᠡᠵᠢᠩ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ | 1992 ᠤᠨ ᠳᠤ ᠪᠤᠶᠢᠵᠢᠭᠤᠯᠤᠠᠠᠰᠠᠨ ᠴᠢᠩᠭᠠᠳᠬᠠᠯ ᠭᠡᠯᠪᠡᠷᠢ ᠶᠢᠨ ᠠᠮᠳᠠᠳᠤ ᠡᠷᠳᠡᠨᠢ ᠰᠢᠰᠢ ᠶᠢᠨ ᠰᠢᠨ᠎ᠠ ᠡᠭᠦᠯᠳᠡᠷ | ᠪᠤᠯᠤᠨ᠎ᠠ᠃ ᠲᠠᠷᠠ ᠨᠢ ᠡᠷᠳᠡ ᠪᠤᠯᠪᠠᠰᠤᠷᠠᠯᠳᠠ ᠶᠢᠨ ᠠᠮᠳᠠᠳᠤ ᠡᠷᠳᠡᠨᠢ ᠰᠢᠰᠢ ᠳᠤ ᠬᠠᠷᠢᠶᠠᠯᠬᠠᠳᠠᠨ᠎ᠠ᠃ ᠲᠤᠭᠢᠷᠠᠯᠴᠠᠬᠤ | ᠴᠢᠨᠠᠷ ᠢᠶᠠᠷ ᠰᠠᠶᠢᠨ᠂ ᠭᠡᠮ ᠬᠤᠷᠤᠬᠠᠢ ᠶᠢ ᠡᠰᠡᠷᠭᠦᠴᠡᠭᠦ ᠴᠢᠳᠠᠯ ᠲᠠᠢ᠂ ᠭᠠᠩ ᠳᠤ ᠲᠠᠰᠪᠤᠷᠢ ᠲᠠᠢ᠂ ᠦᠨᠳᠤᠷ ᠬᠤᠷᠢᠶᠠᠯᠳᠠ | ᠲᠠᠢ ᠪᠠᠶᠢᠳᠠᠭ᠃ ᠪᠤᠯᠪᠠᠰᠤᠷᠠᠯᠳᠠ ᠶᠢᠨ ᠬᠤᠭᠤᠴᠠᠭ᠎ᠠ ᠨᠢ 80~90 ᠬᠤᠨᠤᠭ ᠪᠠᠶᠢᠳᠠᠭ᠃ ᠲᠤᠰ ᠡᠭᠦᠯᠳᠡᠷ ᠨᠢ | ᠦᠨᠳᠤᠷ ᠢᠶᠠᠷ ᠢᠶᠠᠨ 225cm᠂ ᠲᠦᠷᠦᠭᠦᠤ ᠶᠢᠨ ᠭᠡᠰᠡᠭ ᠨᠢ 53cm᠂ 19 ᠨᠠᠪᠴᠢ ᠲᠠᠢ᠂ ᠲᠦᠷᠦᠭᠦᠤ ᠶᠢᠨ ᠤᠷᠳᠤ | ᠨᠢ 20cm᠂ ᠪᠦᠳᠦᠭᠦᠨ ᠨᠢ 6cm᠂ ᠲᠦᠷᠦᠭᠦᠤ ᠨᠢ 16~18 ᠮᠦᠷ ᠲᠠᠢ᠂ ᠮᠦᠷ ᠪᠦᠷᠢ 35~40 ᠮᠦᠭᠦᠯᠢᠭ | ᠲᠠᠢ᠂ ᠦᠷᠡᠳᠤ ᠲᠦᠷᠦᠭᠦᠤ ᠨᠢ ᠲᠦᠡᠭᠰᠡᠨ ᠭᠡᠯᠪᠡᠷᠢ ᠲᠠᠢ᠂ ᠮᠦᠭᠦᠯᠢᠭ ᠲᠤᠨᠢ 25.8% ᠶᠢᠨ ᠰᠢᠭᠢᠷ ᠠᠭᠤᠯᠤᠭᠳᠠᠵᠤ᠂ | ᠶᠠᠷᠤ ᠶᠢᠨ ᠠᠮᠳᠠᠳᠤ ᠡᠷᠳᠡᠨᠢ ᠰᠢᠰᠢ ᠶᠢᠨ ᠬᠢ ᠠᠴᠠ ᠨᠢᠭᠡ ᠲᠠᠭᠢᠨ ᠢᠯᠡᠭᠦᠤ ᠪᠠᠶᠢᠵᠤ᠂ ᠤᠰᠤᠨ ᠳᠤ ᠠᠭᠤᠰᠬᠤ ᠰᠢᠭᠢᠷ ᠨᠢ | 30% ᠠᠴᠠ ᠲᠠᠪᠠᠵᠤ᠂ ᠲᠤᠰᠤᠯᠢᠭ ᠵᠦᠢᠯ ᠪᠤᠯᠤᠨ ᠤᠭᠤᠷᠬᠠᠳᠤ ᠡᠳ᠋ ᠮᠠᠰᠢ ᠡᠯᠪᠡᠭ ᠠᠭᠤᠯᠤᠭᠳᠠᠵᠤ ᠪᠠᠶᠢᠳᠠᠭ᠃ ᠲᠤᠰ | ᠰᠤᠷᠲ ᠢ ᠲᠦᠭᠦᠭᠡᠢ ᠪᠠᠷ ᠢᠳᠡᠭᠦ᠂ ᠵᠢᠩᠨᠡᠵᠤ ᠢᠳᠡᠭᠦ ᠪᠡ ᠬᠠᠭᠤᠷᠴᠤ ᠢᠳᠡᠵᠤ ᠪᠦᠷ ᠪᠤᠯᠬᠤ ᠪᠦᠭᠡᠳ ᠭᠤᠸᠠᠨᠳᠤᠤ ᠭᠢᠭᠦ | ᠮᠠᠰᠢ ᠰᠠᠶᠢᠨ ᠲᠦᠭᠦᠭᠡᠢ ᠮᠠᠲ᠋ᠧᠷᠢᠶᠠᠯ ᠪᠤᠯᠤᠨ᠎ᠠ᠃ ᠲᠡᠭᠦᠨ ᠤ ᠡᠰᠢ ᠭᠤᠤᠷᠰᠤ ᠪᠠᠷ ᠰᠠᠭᠠᠯᠢ ᠶᠢᠨ ᠦᠨᠢᠶ᠎ᠠ ᠲᠡᠵᠢᠭᠡᠵᠤ | ᠪᠤᠷᠳᠤᠵᠤ ᠪᠤᠯᠤᠨ᠎ᠠ᠃ ᠲᠤᠰ ᠡᠭᠦᠯᠳᠡᠷ ᠨᠢ ᠪᠠᠰᠠ ᠲᠤᠮᠤ ᠵᠢᠵᠢᠭ ᠲᠤᠯᠪᠤᠳᠤ ᠭᠡᠮ᠂ ᠡᠰᠢ ᠢᠯᠵᠠᠷᠠᠬᠤ ᠭᠡᠮ ᠢ ᠡᠰᠡᠷᠭᠦᠴᠡᠭᠦ | ᠴᠢᠳᠠᠯ ᠲᠠᠢ᠂ ᠡᠷᠳᠡᠨᠢ ᠰᠢᠰᠢ ᠶᠢᠨ ᠮᠢᠩ ᠬᠤᠷᠤᠬᠠᠢ ᠶᠢ ᠨᠡᠯᠢᠶᠡᠳ ᠲᠠᠷᠤᠳᠠᠭ ᠪᠦᠭᠡᠳ ᠭᠠᠩ ᠳᠤ ᠨᠡᠯᠢᠶᠡᠳ ᠲᠠᠰᠪᠤᠷᠢᠳᠡᠢ᠂ | ᠲᠤᠭᠢᠷᠠᠯᠴᠠᠬᠤ ᠴᠢᠨᠠᠷ ᠢᠶᠠᠷ ᠴᠢᠩᠭ᠎ᠠ ᠪᠠᠶᠢᠳᠠᠭ᠃ ᠮᠠᠨ ᠤ ᠤᠯᠤᠰ ᠤᠨ ᠡᠮᠦᠨᠡᠳᠤ ᠤᠷᠤᠨ ᠪᠠ ᠤᠮᠠᠷᠠᠳᠤ ᠤᠷᠤᠨ ᠤ ᠡᠷᠳᠡᠨᠢ | ᠰᠢᠰᠢ ᠶᠢᠨ ᠭᠠᠷᠤᠯᠳᠠ ᠶᠢᠨ ᠤᠷᠤᠨ ᠳᠤ ᠴᠦᠮ ᠲᠠᠷᠢᠵᠤ ᠪᠤᠯᠤᠨ᠎ᠠ᠃ ᠮᠠᠰᠢ ᠰᠠᠶᠢᠨ ᠬᠠᠮᠢᠶᠠᠷᠤᠯᠳᠠ ᠶᠢᠨ ᠨᠦᠭᠦᠴᠡᠯ | ᠲᠤᠤᠷ᠎ᠡ᠂ ᠮᠤ᠋ ᠪᠦᠷᠢ ᠠᠴᠠ 2000~2500kg ᠲᠦᠷᠦᠭᠦᠤ᠂ 5000kg ᠠᠴᠠ ᠲᠡᠭᠡᠭᠰᠢ ᠭᠦᠭᠡ ᠪᠤᠷᠳᠤᠭ᠎ᠠ | ᠬᠤᠷᠢᠶᠠᠵᠤ᠂ ᠪᠦᠳᠦᠭᠡᠭᠳᠡᠬᠦᠨ ᠤ ᠦᠷᠳᠡᠭ ᠨᠢ 4000 ᠲᠦᠭᠦᠷᠢᠭ ᠲᠤ ᠭᠦᠷᠭᠦ ᠪᠤᠯᠤᠨ᠎ᠠ᠃ | ᠶᠢᠨ ᠰᠢᠶᠠᠨ 1 ᠨᠤᠮᠧᠷᠳᠤ᠄ ᠲᠤᠰ ᠰᠤᠷᠲ ᠪᠤᠯ ᠢᠳᠡᠭᠡᠨ ᠤ ᠡᠷᠳᠡᠨᠢ ᠰᠢᠰᠢ ᠶᠢᠨ ᠲᠦᠷᠦᠯ ᠳᠤ ᠬᠠᠷᠢᠶᠠᠯᠬᠠᠳᠠᠬᠤ | ᠪᠦᠭᠡᠳ ᠲᠦᠷᠦᠭᠦᠤ ᠶᠢ ᠨᠢ ᠴᠢᠨᠠᠵᠤ ᠢᠳᠡᠭᠦ ᠳᠤ ᠵᠦᠭᠡᠯᠡᠨ ᠠᠮᠳᠠᠳᠠᠢ᠂ ᠡᠰᠢ ᠨᠠᠪᠴᠢ ᠶᠢ ᠨᠢ ᠭᠦᠭᠡ ᠪᠠᠷ ᠲᠠᠷᠤᠰᠢᠭᠤᠯᠵᠤ | ᠪᠤᠯᠬᠤ ᠪᠠ ᠰᠢᠮ᠎ᠠ ᠲᠡᠵᠢᠭᠡᠯ ᠢᠶᠠᠷ ᠮᠠᠰᠢ ᠡᠯᠪᠡᠭ ᠪᠠᠶᠢᠳᠠᠭ᠃ 78~81 ᠬᠤᠨᠤᠭ ᠲᠤ ᠪᠤᠯᠪᠠᠰᠤᠷᠠᠳᠠᠭ᠃ | ᠦᠨᠳᠤᠷ ᠢᠶᠠᠷ ᠢᠶᠠᠨ 170cm ᠤᠷᠭᠤᠵᠤ᠂ ᠲᠦᠷᠦᠭᠦᠤ ᠶᠢᠨ ᠦᠨᠳᠤᠷ ᠨᠢ 53cm᠂ 13~15 ᠨᠠᠪᠴᠢ ᠲᠠᠢ᠂ | 10% ᠨᠢ ᠬᠤᠤᠰ ᠲᠦᠷᠦᠭᠦᠳᠤᠳᠡᠭ᠃ ᠮᠤ᠋ ᠪᠦᠷᠢ 3500 ᠰᠠᠭᠤᠷᠢ ᠲᠠᠷᠢᠨ᠎ᠠ᠃ ᠦᠷᠡᠳᠤ ᠲᠦᠷᠦᠭᠦᠤ ᠶᠢᠨ ᠤᠷᠳᠤ ᠨᠢ | 17~20cm᠂ ᠪᠦᠳᠦᠭᠦᠨ ᠨᠢ 5cm᠂ ᠲᠦᠷᠦᠭᠦᠤ ᠪᠦᠷᠢ ᠨᠢ 12~16 ᠮᠦᠷ ᠲᠠᠢ᠂ ᠲᠠᠩ ᠲᠦᠷᠦᠭᠦᠤ ᠶᠢᠨ | ᠭᠦᠨᠳᠤ ᠨᠢ 0.25kg ᠪᠠᠶᠢᠳᠠᠭ᠃ ᠰᠢᠷ᠎ᠠ ᠮᠦᠭᠦᠯᠢᠭ ᠲᠠᠢ᠂ ᠲᠦᠷᠪᠡᠨ ᠤ ᠨᠢᠭᠡ ᠶᠢᠨ ᠮᠦᠭᠦᠯᠢᠭ ᠨᠢ ᠠᠮᠳᠠᠳᠠᠢ᠂ | ᠲᠦᠷᠪᠡᠨ ᠤ ᠭᠤᠷᠪᠡ ᠶᠢᠨ ᠮᠦᠭᠦᠯᠢᠭ ᠨᠢ ᠬᠠᠳᠠᠭᠤᠯᠢᠭ᠂ ᠮᠦᠭᠦᠯᠢᠭ ᠪᠦᠷᠢ ᠳᠤ ᠪᠦᠳᠦᠭᠦᠯᠢᠭ ᠰᠢᠷᠬᠡᠭᠯᠢᠭ 0.73%᠂ | ᠦᠭᠡᠭᠦ 1.26%᠂ ᠤᠭᠤᠷᠠᠭ 3.4%᠂ ᠸᠢᠲ᠋ᠠᠮᠢᠨ C 7.13% ᠠᠭᠤᠯᠤᠭᠳᠠᠵᠤ ᠪᠠᠶᠢᠳᠠᠭ᠃ | ᠶᠢᠨ ᠰᠢᠶᠠᠨ 2 ᠨᠤᠮᠧᠷᠳᠤ᠄ ᠲᠤᠰ ᠰᠤᠷᠲ ᠪᠤᠯ ᠲᠢᠶᠠᠠᠵᠢᠨ ᠬᠤᠳᠠ ᠶᠢᠨ ᠲᠠᠷᠢᠶᠠᠯᠠᠩ ᠤᠨ ᠰᠢᠨᠵᠢᠯᠡᠭᠦ ᠤᠬᠠᠭᠠᠨ ᠤ | ᠲᠠᠷᠢᠮᠠᠯ ᠤᠨ ᠰᠤᠳᠤᠯᠭᠠᠨ ᠤ ᠭᠠᠵᠠᠷ ᠤᠨ ᠪᠤᠶᠢᠵᠢᠭᠤᠯᠤᠠᠠᠰᠠᠨ ᠡᠷᠳᠡ ᠪᠤᠯᠪᠠᠰᠤᠷᠠᠯᠳᠠ ᠶᠢᠨ ᠴᠠᠭᠠᠨ ᠮᠦᠭᠦᠯᠢᠭᠳᠦ ᠡᠷᠳᠡᠨᠢ | ᠰᠢᠰᠢ ᠶᠢᠨ ᠡᠷᠯᠢᠰᠡᠵᠢᠭᠦᠯᠦᠭᠰᠡᠨ ᠡᠭᠦᠯᠳᠡᠷ ᠪᠤᠯᠤᠨ᠎ᠠ᠃ ᠤᠮᠠᠷᠠᠳᠤ ᠤᠷᠤᠨ ᠳᠤ ᠬᠠᠪᠤᠷ ᠡᠷᠳᠡ ᠲᠠᠷᠢᠵᠤ᠂ 85~95 | ᠬᠤᠨᠤᠭ ᠲᠤ ᠪᠤᠯᠪᠠᠰᠤᠷᠠᠳᠠᠭ᠃ ᠲᠤᠰ ᠰᠤᠷᠲ ᠪᠤᠯ ᠰᠠᠯᠠᠭᠠᠯᠠᠬᠤ ᠨᠢ ᠰᠠᠶᠢᠨ᠂ ᠬᠤᠤᠰ ᠲᠦᠷᠦᠭᠦᠤ ᠨᠢ 15% ᠳᠤ | ᠭᠦᠷᠳᠡᠭ᠃ ᠦᠷᠡᠳᠤ ᠲᠦᠷᠦᠭᠦᠤ ᠶᠢᠨ ᠤᠷᠳᠤ ᠨᠢ 22cm᠂ ᠪᠦᠳᠦᠭᠦᠨ ᠨᠢ 50cm᠂ ᠲᠦᠷᠦᠭᠦᠤ ᠪᠦᠷᠢ 14 ᠮᠦᠷ | ᠲᠠᠢ᠂ ᠮᠦᠭᠦᠯᠢᠭ ᠨᠢ ᠴᠠᠭᠠᠨ ᠪᠦᠭᠡᠳ ᠰᠢᠮ᠎ᠠ ᠲᠡᠵᠢᠭᠡᠯ ᠰᠠᠶᠢᠳᠠᠢ᠂ ᠢᠳᠡᠭᠦ ᠳᠤ ᠠᠮᠳᠠᠳᠠᠢ ᠪᠠᠶᠢᠳᠠᠭ᠃ ᠭᠠᠩ ᠳᠤ | ᠲᠠᠰᠪᠤᠷᠢᠳᠡᠢ᠂ ᠨᠠᠪᠴᠢᠨ ᠤ ᠲᠤᠯᠪᠤᠳᠤ ᠭᠡᠮ ᠲᠤᠰᠬᠤ ᠨᠢ ᠴᠦᠭᠡᠨ ᠪᠠᠶᠢᠳᠠᠭ᠃ ᠲᠤᠰ ᠰᠤᠷᠲ ᠨᠢ ᠡᠷᠳᠡ ᠪᠤᠯᠪᠠᠰᠤᠷᠠᠬᠤ | ᠲᠦᠷᠦᠯ ᠳᠤ ᠪᠠᠭᠳᠠᠬᠤ ᠪᠦᠭᠡᠳ ᠡᠷᠳᠡ ᠲᠠᠷᠢᠬᠤ ᠳᠤ ᠲᠤᠭᠢᠷᠠᠨ᠎ᠠ᠃ ᠲᠠᠷᠢᠬᠤ ᠨᠢᠠᠠᠳᠠᠴᠠ ᠶᠢ ᠮᠤ᠋ ᠪᠦᠷᠢ 5000 ᠰᠠᠭᠤᠷᠢ | ᠪᠠᠶᠢᠯᠭᠠᠪᠠᠯ ᠲᠤᠭᠢᠷᠠᠮᠵᠢᠳᠡᠢ᠃ | ᠲᠢᠶᠠᠨ ᠢᠤᠢ 2 ᠨᠤᠮᠧᠷᠳᠤ᠄ ᠡᠭᠦᠨ ᠢ ᠲᠤᠮᠳᠠᠳᠤ ᠤᠯᠤᠰ ᠤᠨ ᠲᠠᠷᠢᠶᠠᠯᠠᠩ ᠤᠨ ᠰᠢᠨᠵᠢᠯᠡᠭᠦ ᠤᠬᠠᠭᠠᠨ ᠤ | ᠭᠦᠷᠢᠶᠡᠯᠡᠩ ᠤᠨ ᠲᠠᠷᠢᠮᠠᠯ ᠤᠨ ᠦᠷ᠎ᠠ ᠪᠤᠶᠢᠵᠢᠭᠤᠯᠬᠤ ᠰᠤᠳᠤᠯᠭᠠᠨ ᠤ ᠭᠠᠵᠠᠷ ᠪᠤᠶᠢᠵᠢᠭᠤᠯᠵᠠᠢ᠃ ᠲᠤᠮᠳᠠ ᠤᠷᠤᠢ | ᠪᠤᠯᠪᠠᠰᠤᠷᠠᠯᠳᠠ ᠶᠢᠨ ᠲᠦᠷᠦᠯ ᠳᠤ ᠬᠠᠷᠢᠶᠠᠯᠬᠠᠳᠠᠨ᠎ᠠ᠃ ᠪᠤᠯᠪᠠᠰᠤᠷᠠᠬᠤ ᠬᠤᠭᠤᠴᠠᠭ᠎ᠠ ᠨᠢ 130 ᠬᠤᠨᠤᠭ ᠤᠷᠴᠢᠮ | ᠪᠠᠶᠢᠳᠠᠭ᠃ ᠰᠢᠭᠢᠷ ᠤᠨ ᠠᠭᠤᠯᠤᠭᠳᠠᠴᠨ ᠪᠠᠷ ᠦᠨᠳᠤᠷ᠂ ᠢᠳᠡᠭᠦ ᠳᠤ ᠵᠦᠭᠡᠯᠡᠨ ᠠᠮᠳᠠᠳᠠᠢ᠂ ᠤᠨᠴᠠᠭᠠᠢ ᠦᠨᠤᠷ ᠠᠮᠳᠠᠳᠠᠢ | ᠪᠠᠶᠢᠳᠠᠭ᠃ ᠨᠤᠭᠤᠭᠠᠨ ᠢᠶᠠᠷ ᠨᠢ ᠪᠤᠷᠤᠯᠠᠭᠤᠯᠬᠤ ᠪᠠ ᠭᠦᠯᠳᠡᠭᠡᠭᠦ ᠪᠤᠶᠤ ᠭᠤᠸᠠᠨᠳᠤᠤ ᠭᠢᠵᠤ ᠪᠤᠯᠤᠨ᠎ᠠ᠃ ᠲᠠᠷᠢᠬᠤ | ᠨᠢᠠᠠᠳᠠᠴᠠ ᠶᠢ ᠮᠤ᠋ ᠪᠦᠷᠢ ᠳᠤ 2500~3000 ᠰᠠᠭᠤᠷᠢ ᠪᠠᠶᠢᠯᠭᠠᠪᠠᠯ ᠲᠤᠭᠢᠷᠠᠮᠵᠢᠳᠡᠢ᠃ ᠲᠤᠭᠤᠰᠤᠳᠤᠠᠠᠰᠠᠨ ᠤ ᠰᠡᠭᠦᠯᠡᠷ | 20~25 ᠬᠤᠨᠤᠭ ᠲᠤ ᠲᠡᠭᠦᠵᠤ ᠬᠤᠷᠢᠶᠠᠪᠠᠯ ᠬᠠᠮᠤᠭ ᠤᠨ ᠲᠤᠭᠢᠷᠠᠮᠵᠢᠳᠡᠢ ᠪᠦᠭᠡᠳ ᠲᠡᠭᠦᠮᠡᠭᠴᠡ ᠪᠠᠨ ᠵᠢᠩᠨᠡᠵᠤ ᠢᠳᠡᠵᠤ | ᠪᠤᠯᠤᠨ᠎ᠠ᠃ ᠲᠤᠯᠠᠭᠠᠨ ᠦᠷᠦᠭᠡᠨ ᠳᠤ 3 ᠬᠤᠨᠤᠭ ᠲᠠᠯᠪᠢᠬᠤ ᠪᠤᠶᠤ ᠭᠦᠯᠳᠡᠭᠡᠭᠦᠷ ᠲᠤ 7 ᠬᠤᠨᠤᠭ ᠬᠠᠳᠠᠭᠠᠯᠠᠬᠤ ᠳᠤ | ᠠᠮᠳᠠ ᠨᠢ ᠬᠤᠪᠢᠷᠠᠬᠤ ᠦᠭᠡᠢ᠃ ᠵᠠᠬ᠎ᠠ ᠲᠡᠯᠭᠡᠭᠦᠷ ᠲᠤ ᠬᠠᠨᠭ᠍ᠭᠠᠬᠤ ᠪᠠ ᠡᠳ᠋ᠰᠢᠭᠦᠯᠭᠦ ᠳᠤ ᠲᠦᠭᠦᠮ ᠦᠵᠡᠭᠦᠯᠭᠦ ᠶᠢᠨ | ᠲᠤᠰᠠᠳᠠ ᠬᠤᠭᠤᠴᠠᠭ᠎ᠠ ᠬᠤᠪᠢᠶᠠᠨ ᠲᠠᠷᠢᠵᠤ᠂ ᠬᠠᠨᠭ᠍ᠭᠠᠬᠤ ᠴᠠᠭ ᠬᠤᠭᠤᠴᠠᠭ᠎ᠠ ᠶᠢ ᠤᠷᠳᠤᠳᠬᠠᠵᠤ ᠪᠤᠯᠤᠨ᠎ᠠ᠃ ᠵᠡᠭᠦᠨ | ᠬᠤᠶᠢᠳᠤ ᠤᠷᠤᠨ ᠤ ᠡᠮᠦᠨ᠎ᠠ ᠪᠡᠶ᠎ᠠ᠂ ᠤᠮᠠᠷᠠᠳᠤ ᠤᠷᠤᠨ ᠪᠤᠯᠤᠨ ᠡᠮᠦᠨᠡᠳᠤ ᠤᠷᠤᠨ ᠤ ᠡᠯ᠎ᠡ ᠮᠤᠵᠢ ᠤᠷᠤᠨ ᠳᠤ ᠲᠠᠷᠢᠬᠤ | ᠳᠤ ᠲᠤᠭᠢᠷᠠᠨ᠎ᠠ᠃ | ᠲᠢᠶᠠᠨ ᠢᠤᠢ 4 ᠨᠤᠮᠧᠷᠳᠤ᠄ ᠲᠤᠰ ᠰᠤᠷᠲ ᠢ ᠲᠤᠮᠳᠠᠳᠤ ᠤᠯᠤᠰ ᠤᠨ ᠲᠠᠷᠢᠶᠠᠯᠠᠩ ᠤᠨ ᠰᠢᠨᠵᠢᠯᠡᠭᠦ ᠤᠬᠠᠭᠠᠨ ᠤ | ᠭᠦᠷᠢᠶᠡᠯᠡᠩ ᠤᠨ ᠲᠠᠷᠢᠮᠠᠯ ᠤᠨ ᠦᠷ᠎ᠡ ᠪᠤᠶᠢᠵᠢᠭᠤᠯᠬᠤ ᠰᠤᠳᠤᠯᠭᠠᠨ ᠤ ᠭᠠᠵᠠᠷ ᠪᠤᠶᠢᠵᠢᠭᠤᠯᠵᠠᠢ᠂ ᠬᠠᠭᠠᠰ ᠴᠢᠩᠭᠠᠳᠬᠠᠯ | ᠭᠡᠯᠪᠡᠷᠢ ᠶᠢᠨ ᠠᠮᠳᠠᠳᠤ ᠡᠷᠳᠡᠨᠢ ᠰᠢᠰᠢ ᠶᠢᠨ ᠲᠦᠷᠦᠯ ᠳᠤ ᠬᠠᠷᠢᠶᠠᠯᠬᠠᠳᠠᠨ᠎ᠠ᠃ ᠲᠤᠮᠳᠠ ᠪᠤᠯᠪᠠᠰᠤᠷᠠᠯᠳᠠ ᠶᠢᠨ ᠰᠤᠷᠲ | ᠪᠤᠯᠤᠨ᠎ᠠ᠃ ᠲᠤᠰ ᠰᠤᠷᠲ ᠪᠤᠯ ᠤᠷᠭᠤᠯᠳᠠ ᠨᠢ ᠵᠢᠭᠳᠡ᠂ ᠦᠷᠡᠳᠤ ᠲᠦᠷᠦᠭᠦᠤ ᠨᠢ ᠤᠷᠳᠤ ᠪᠦᠭᠡᠳ ᠪᠦᠳᠦᠭᠦᠨ᠂ ᠰᠢᠷ᠎ᠠ | ᠮᠦᠭᠦᠯᠢᠭ ᠲᠠᠢ᠂ ᠦᠨᠳᠤᠷ ᠤᠨᠠᠯᠳᠠ ᠲᠠᠢ᠂ ᠴᠢᠨᠠᠷ ᠰᠠᠶᠢᠳᠡᠢ᠂ ᠠᠮᠳᠠ ᠰᠠᠶᠢᠳᠠᠢ ᠪᠠᠶᠢᠳᠠᠭ᠃ ᠭᠤᠸᠠᠨᠳᠤᠤ ᠭᠢᠭᠦ᠂ | ᠰᠤᠷᠭᠤᠭ ᠢᠶᠠᠷ ᠨᠢ ᠢᠳᠡᠭᠦ ᠪᠡ ᠭᠦᠯᠳᠡᠬᠡᠭᠡᠳ ᠪᠤᠯᠪᠠᠰᠤᠷᠠᠭᠤᠯᠵᠤ ᠪᠤᠯᠤᠨ᠎ᠠ᠃ ᠤᠰᠤ ᠪᠤᠷᠳᠤᠭᠤᠷ ᠰᠠᠶᠢᠳᠠᠢ ᠭᠠᠵᠠᠷ | ᠲᠠᠷᠢᠪᠠᠯ ᠬᠠᠮᠤᠭ ᠤᠨ ᠰᠠᠶᠢᠨ᠂ ᠲᠠᠷᠢᠬᠤ ᠨᠢᠠᠠᠳᠠᠴᠠ ᠶᠢ ᠨᠢ ᠮᠤ᠋ ᠪᠦᠷᠢ 3500~4000 ᠰᠠᠭᠤᠷᠢ ᠪᠠᠶᠢᠯᠭᠠᠪᠠᠯ ᠮᠠᠰᠢ | ᠲᠤᠭᠢᠷᠠᠮᠵᠢᠳᠡᠢ᠃ | ᠲᠢᠶᠠᠨ ᠢᠤᠢ 6 ᠨᠤᠮᠧᠷᠳᠤ᠄ ᠲᠤᠰ ᠰᠤᠷᠲ ᠢ ᠲᠤᠮᠳᠠᠳᠤ ᠤᠯᠤᠰ ᠤᠨ ᠲᠠᠷᠢᠶᠠᠯᠠᠩ ᠤᠨ ᠰᠢᠨᠵᠢᠯᠡᠭᠦ ᠤᠬᠠᠭᠠᠨ ᠤ | ᠭᠦᠷᠢᠶᠠᠯᠠᠩ ᠤᠨ ᠲᠠᠷᠢᠮᠠᠯ ᠤᠨ ᠦᠷ᠎ᠠ ᠪᠤᠶᠢᠵᠢᠭᠤᠯᠬᠤ ᠰᠤᠳᠤᠯᠭᠠᠨ ᠤ ᠭᠠᠵᠠᠷ ᠪᠤᠶᠢᠵᠢᠭᠤᠯᠵᠠᠢ᠃ ᠲᠤᠮᠳᠠ | ᠪᠤᠯᠪᠠᠰᠤᠷᠠᠯᠳᠠ ᠶᠢᠨ ᠲᠦᠷᠦᠯ ᠳᠤ ᠬᠠᠷᠢᠶᠠᠯᠬᠠᠳᠠᠨ᠎ᠠ᠃ ᠦᠨᠳᠤᠷ ᠨᠢ 230cm᠂ ᠲᠦᠷᠦᠭᠦᠤ ᠶᠢᠨ ᠭᠡᠰᠡᠭ ᠨᠢ 90cm | ᠂ ᠦᠷᠡᠳᠤ ᠲᠦᠷᠦᠭᠦᠤ ᠶᠢᠨ ᠤᠷᠳᠤ ᠨᠢ 22cm᠂ ᠪᠦᠳᠦᠭᠦᠨ ᠨᠢ 4.6cm ᠪᠠᠶᠢᠵᠤ᠂ ᠲᠦᠷᠦᠭᠦᠤ ᠪᠦᠷᠢ ᠨᠢ | 14~16 ᠮᠦᠷ ᠲᠠᠢ᠂ ᠰᠢᠷᠭᠠᠯ ᠮᠦᠭᠦᠯᠢᠭ ᠲᠠᠢ᠂ ᠡᠷᠳᠡᠨᠢ ᠰᠢᠰᠢ ᠶᠢᠨ ᠲᠤᠮᠤ ᠵᠢᠵᠢᠭ ᠲᠤᠯᠪᠤᠳᠤ ᠭᠡᠮ ᠢ ᠡᠰᠡᠷᠭᠦᠴᠡᠭᠦ | ᠴᠢᠳᠠᠯ ᠲᠠᠢ᠃ ᠶᠠᠷᠤ ᠶᠢᠨ ᠪᠠᠶᠢᠳᠠᠯ ᠲᠤᠤᠷ᠎ᠡ ᠮᠤ᠋ ᠪᠦᠷᠢ ᠠᠴᠠ 1025kg ᠲᠦᠷᠦᠭᠦᠤ ᠬᠤᠷᠢᠶᠠᠨ᠎ᠠ᠃ ᠭᠦᠯᠳᠡᠭᠡᠵᠤ | ᠪᠤᠯᠪᠠᠰᠤᠷᠠᠭᠤᠯᠬᠤ ᠪᠠ ᠰᠤᠷᠭᠤᠭ ᠢᠶᠠᠷ ᠨᠢ ᠢᠳᠡᠵᠤ ᠪᠤᠯᠬᠤ ᠪᠦᠭᠡᠳ ᠪᠠᠰᠠ ᠮᠦᠭᠦᠯᠢᠭᠵᠢᠭᠦᠯᠦᠨ ᠪᠤᠯᠪᠠᠰᠤᠷᠠᠭᠤᠯᠬᠤ ᠪᠠ | ᠵᠤᠳᠠᠩᠴᠢᠯᠠᠵᠤ ᠭᠤᠸᠠᠡᠳᠤᠤ ᠢᠳᠡᠭᠡᠨ ᠭᠢᠵᠤ ᠪᠤᠯᠤᠨ᠎ᠠ᠃ ᠤᠰᠤ ᠪᠤᠷᠳᠤᠭᠤᠷ ᠰᠠᠶᠢᠨ ᠭᠠᠵᠠᠷ ᠲᠤ ᠲᠠᠷᠢᠵᠤ᠂ ᠨᠢᠠᠠᠳᠠᠴᠠ ᠶᠢ | ᠨᠢ ᠮᠤ᠋ ᠪᠦᠷᠢ 4000 ᠰᠠᠭᠤᠷᠢ ᠪᠠᠶᠢᠯᠭᠠᠪᠠᠯ ᠲᠤᠭᠢᠷᠠᠮᠵᠢᠳᠡᠢ᠂ ᠤᠮᠠᠷᠠᠳᠤ ᠤᠷᠤᠨ ᠪᠤᠯᠤᠨ ᠡᠮᠦᠨᠡᠳᠤ ᠤᠷᠤᠨ ᠳᠤ ᠪᠦᠷ | ᠲᠠᠷᠢᠵᠤ ᠪᠤᠯᠤᠨ᠎ᠠ᠃ | ᠵᠦᠩ ᠲᠢᠶᠠᠨ 2 ᠨᠤᠮᠧᠷᠳᠤ᠄ ᠲᠤᠰ ᠰᠤᠷᠲ ᠢ ᠲᠤᠮᠳᠠᠳᠤ ᠤᠯᠤᠰ ᠤᠨ ᠲᠠᠷᠢᠶᠠᠯᠠᠩ ᠤᠨ ᠰᠢᠨᠵᠢᠯᠡᠭᠦ ᠤᠬᠠᠭᠠᠨ ᠤ | ᠭᠦᠷᠢᠶᠠᠯᠠᠩ ᠤᠨ ᠲᠠᠷᠢᠮᠠᠯ ᠤᠨ ᠦᠷ᠎ᠡ ᠪᠤᠶᠢᠵᠢᠭᠤᠯᠬᠤ ᠰᠤᠳᠤᠯᠭᠠᠨ ᠤ ᠭᠠᠵᠠᠷ ᠪᠤᠶᠢᠵᠢᠭᠤᠯᠵᠠᠢ᠃ ᠲᠤᠮᠳᠠ ᠡᠷᠳᠡ | ᠪᠤᠯᠪᠠᠰᠤᠷᠠᠯᠳᠠ ᠶᠢᠨ ᠡᠷᠳᠡᠨᠢ ᠰᠢᠰᠢ ᠪᠤᠯᠤᠨ᠎ᠠ᠃ 107~115 ᠬᠤᠨᠤᠭ ᠲᠤ ᠪᠤᠯᠪᠠᠰᠤᠷᠠᠳᠠᠭ᠃ 200cm ᠤᠷᠴᠢᠮ | ᠦᠨᠳᠤᠷ ᠤᠷᠭᠤᠳᠠᠭ᠃ ᠰᠠᠭᠤᠷᠢ ᠪᠦᠷᠢ 1~2 ᠦᠷᠡᠳᠤ ᠲᠦᠷᠦᠭᠦᠤ ᠲᠠᠢ᠂ ᠦᠷᠡᠳᠤ ᠲᠦᠷᠦᠭᠦᠤ ᠨᠢ ᠲᠦᠡᠭᠰᠡᠨ | ᠭᠡᠯᠪᠡᠷᠢ ᠲᠠᠢ᠃ 20cm ᠤᠷᠳᠤ᠂ 12~14 ᠮᠦᠷ ᠲᠠᠢ᠂ ᠰᠢᠷ᠎ᠠ ᠮᠦᠭᠦᠯᠢᠭ ᠲᠠᠢ᠃ ᠲᠤᠮᠤ ᠵᠢᠵᠢᠭ ᠲᠤᠯᠪᠤᠳᠤ ᠭᠡᠮ | ᠪᠠ ᠭᠡᠮ ᠤᠨ ᠬᠤᠤᠷ ᠢ ᠡᠰᠡᠷᠭᠦᠴᠡᠭᠦ ᠴᠢᠳᠠᠯ ᠲᠠᠢ᠂ ᠲᠤᠰ ᠰᠤᠷᠲ ᠤᠨ ᠲᠠᠷᠢᠬᠤ ᠨᠢᠠᠠᠳᠠᠴᠠ ᠶᠢ ᠮᠤ᠋ ᠪᠦᠷᠢ 4000 | ᠰᠠᠭᠤᠷᠢ ᠪᠠᠶᠢᠯᠭᠠᠪᠠᠯ ᠲᠤᠭᠢᠷᠠᠮᠵᠢᠳᠡᠢ᠃ | ᠺᠧ ᠲᠢᠶᠠᠨ 110 ᠨᠤᠮᠧᠷᠳᠦ᠄ ᠲᠤᠰ ᠰᠤᠷᠲ ᠢ ᠲᠤᠮᠳᠠᠳᠤ ᠤᠯᠤᠰ ᠤᠨ ᠰᠢᠨᠵᠢᠯᠡᠭᠦ ᠤᠬᠠᠭᠠᠨ ᠤ | ᠭᠦᠷᠢᠶᠡᠯᠡᠩ ᠤᠨ ᠤᠳᠤᠮᠯᠠᠯ ᠤᠨ ᠰᠤᠳᠤᠯᠭᠠᠨ ᠤ ᠭᠠᠵᠠᠷ ᠪᠤᠶᠢᠵᠢᠭᠤᠯᠵᠠᠢ᠃ ᠪᠠᠷᠤᠭ 126 ᠬᠤᠨᠤᠭ ᠲᠤ ᠪᠤᠯᠪᠠᠰᠤᠷᠠᠳᠠᠭ᠃ | 190cm ᠦᠨᠳᠤᠷ ᠤᠷᠭᠤᠵᠤ᠂ ᠲᠦᠷᠦᠭᠦᠤ ᠶᠢᠨ ᠭᠡᠰᠡᠭ ᠤᠨ ᠦᠨᠳᠤᠷ ᠨᠢ 70cm ᠪᠠᠶᠢᠳᠠᠭ᠃ ᠦᠷᠡᠳᠤ ᠲᠦᠷᠦᠭᠦᠤ | ᠨᠢ ᠪᠦᠮᠪᠤᠷᠢᠭᠡᠨ ᠲᠡᠩᠭᠡᠯᠢᠭ ᠲᠠᠢ᠃ 18cm ᠤᠷᠳᠤ᠂ 4.4cm ᠪᠦᠳᠦᠭᠦᠨ᠂ 14~16 ᠮᠦᠷ ᠲᠠᠢ᠂ ᠮᠦᠷ ᠪᠦᠷᠢ | 34~40 ᠮᠦᠭᠦᠯᠢᠭ ᠲᠠᠢ᠂ ᠴᠠᠭᠠᠨ ᠮᠦᠭᠦᠯᠢᠭ ᠲᠠᠢ᠃ ᠲᠠᠩ ᠲᠦᠷᠦᠭᠦᠤ ᠶᠢᠨ ᠭᠦᠨᠳᠤ ᠨᠢ 210g᠂ ᠮᠤ᠋ ᠪᠦᠷᠢ ᠶᠢᠨ | ᠨᠤᠭᠤᠭᠠᠨ ᠲᠦᠷᠦᠭᠦᠤ ᠶᠢᠨ ᠤᠨᠠᠯᠳᠠ ᠨᠢ 580kg ᠪᠠᠶᠢᠳᠠᠭ᠃ ᠮᠦᠭᠦᠯᠢᠭ ᠪᠦᠷᠢ ᠳᠤ ᠰᠢᠭᠢᠷ 38.23%᠂ ᠤᠭᠤᠷᠠᠭ | 13.86%᠂ ᠦᠭᠡᠭᠦ 4%᠂ ᠴᠠᠷᠳᠠᠭᠤᠯ 13.65%᠂ g ᠪᠦᠷᠢ ᠸᠢᠲ᠋ᠠᠮᠢᠨ A 1.28%μg ᠠᠭᠤᠯᠤᠭᠳᠠᠵᠤ | ᠪᠠᠶᠢᠳᠠᠭ᠃ ᠲᠤᠰ ᠰᠤᠷᠲ ᠤᠨ ᠦᠨᠳᠤᠰᠤ ᠨᠢ ᠭᠦᠨ᠂ ᠭᠦᠭᠵᠢᠩᠭᠦᠢ᠂ ᠨᠤᠭᠤᠷᠠᠵᠤ ᠤᠨᠠᠬᠤ ᠪᠠ ᠬᠤᠭᠤᠷᠠᠳᠠᠭ ᠦᠭᠡᠢ᠃ | ᠲᠤᠮᠤ ᠵᠢᠵᠢᠭ ᠲᠤᠯᠪᠤᠳᠤ ᠭᠡᠮ᠂ ᠭᠡᠮ ᠤᠨ ᠬᠤᠤᠷ᠂ ᠮᠦᠭᠦᠯᠢᠭ ᠢᠯᠵᠠᠷᠠᠬᠤ ᠭᠡᠮ ᠪᠡ ᠬᠠᠷᠠᠤ ᠶᠢ ᠡᠰᠡᠷᠭᠦᠴᠡᠭᠦ ᠴᠢᠳᠠᠯ ᠲᠠᠢ᠃ | ᠭᠦᠷᠤᠰᠤ ᠪᠤᠷᠳᠤᠭᠤᠷ ᠰᠠᠶᠢᠳᠠᠢ ᠪᠠ ᠤᠰᠤᠯᠠᠯᠳᠠ ᠶᠢᠨ ᠨᠦᠭᠦᠴᠡᠯ ᠲᠠᠢ ᠭᠠᠵᠠᠷ ᠲᠠᠷᠢᠵᠤ᠂ ᠨᠢᠠᠠᠳᠠᠴᠠ ᠶᠢ ᠨᠢ ᠮᠤ᠋ ᠪᠦᠷᠢ | 3600 ᠰᠠᠭᠤᠷᠢ ᠪᠠᠶᠢᠯᠭᠠᠵᠤ᠂ ᠲᠤᠭᠤᠰᠤᠳᠤᠠᠠᠰᠠᠨ ᠤ ᠰᠡᠭᠦᠯᠡᠷ 22 ᠬᠤᠨᠤᠭ ᠲᠤ ᠲᠡᠭᠦᠵᠤ ᠬᠤᠷᠢᠶᠠᠪᠠᠯ ᠮᠠᠰᠢ | ᠲᠤᠭᠢᠷᠠᠮᠵᠢᠳᠡᠢ᠃ | 4. ᠠᠮᠳᠠᠳᠤ ᠡᠷᠳᠡᠨᠢ ᠰᠢᠰᠢ ᠶᠢ ᠲᠠᠷᠢᠬᠤ ᠲᠠᠯ᠎ᠠ ᠪᠠᠷ ᠶᠠᠮᠠᠷ ᠵᠠᠩᠭᠢᠯᠠᠭ᠎ᠠ ᠶᠢᠨ ᠴᠢᠨᠠᠷ ᠲᠠᠢ ᠮᠡᠷᠭᠡᠵᠢᠯ ᠤᠨ ᠠᠷᠭ᠎ᠠ | ᠪᠠᠶᠢᠬᠤ ᠪᠤᠢ︖ | ᠡᠩ ᠲᠡᠷᠢᠭᠦᠨ ᠳᠤ ᠲᠠᠷᠢᠬᠤ ᠭᠠᠵᠠᠷ ᠢ ᠰᠠᠶᠢᠳᠤᠷ ᠰᠤᠩᠭᠤᠵᠤ᠂ ᠨᠠᠷᠢᠯᠢᠬ ᠰᠠᠶᠢᠨ ᠲᠡᠭᠰᠢᠯᠡᠭᠦ ᠭᠡᠷᠡᠭᠳᠡᠢ᠃ ᠡᠷᠳᠡᠨᠢ | ᠰᠢᠰᠢ ᠶᠢᠨ ᠰᠤᠶᠤᠭᠠᠯᠠᠬᠤ ᠪᠠ ᠰᠢᠷᠤᠢ ᠲᠦᠯᠭᠢᠭᠦ ᠴᠢᠳᠠᠯ ᠨᠢ ᠠᠨᠠᠢ ᠪᠠᠶᠢᠳᠠᠭ ᠪᠤᠯᠬᠤᠷ ᠭᠦᠷᠦᠰᠤᠨ ᠲᠠᠪᠬᠤᠷᠭ᠎ᠠ ᠨᠢ ᠭᠦᠨ᠂ | ᠪᠤᠷᠳᠤᠭᠤᠷ ᠰᠠᠶᠢᠳᠠᠢ᠂ ᠭᠦᠴᠢᠯ ᠬᠤᠵᠢᠷ ᠨᠢ ᠲᠡᠩᠴᠡᠭᠦᠷᠢᠳᠡᠢ᠂ ᠤᠰᠤᠯᠠᠬᠤ ᠳᠤ ᠲᠦᠭᠦᠮ᠂ ᠭᠡᠷᠡᠯ ᠤᠨ ᠲᠤᠰᠤᠯᠳᠠ | ᠭᠦᠢᠴᠡᠳ ᠵᠡᠷᠭᠡ ᠭᠠᠵᠠᠷ ᠢ ᠰᠤᠩᠭᠤᠵᠤ᠂ ᠲᠠᠷᠢᠬᠤ ᠠᠴᠠ ᠪᠠᠨ ᠡᠮᠦᠨ᠎ᠠ ᠭᠦᠨ ᠤᠷᠪᠠᠭᠤᠯᠵᠤ᠂ ᠭᠡᠳᠦᠨ ᠡᠳᠤᠷ ᠰᠠᠶᠢᠨ | ᠰᠢᠷᠬᠠᠰᠠᠨ ᠤ ᠲᠠᠷᠠᠭ᠎ᠠ ᠮᠤ᠋ ᠪᠦᠷᠢ 1000~1500kg ᠴᠢᠨᠠᠷ ᠰᠠᠶᠢᠳᠠᠢ ᠰᠢᠭᠡᠭ ᠪᠤᠷᠳᠤᠭᠤᠷ ᠤᠷᠤᠭᠤᠯᠤᠨ ᠲᠠᠷᠢᠬᠤ | ᠭᠡᠷᠡᠭᠳᠡᠢ᠃ ᠲᠠᠷᠠᠭ᠎ᠠ ᠳᠤᠨᠢ ᠦᠷ᠎ᠠ ᠪᠠᠨ ᠰᠠᠶᠢᠳᠤᠷ ᠰᠤᠩᠭᠤᠨ᠎ᠠ᠃ ᠭᠤᠤᠯ ᠨᠢ ᠢᠳᠡᠷᠡᠭᠦᠨ ᠰᠠᠶᠢᠨ ᠦᠷ᠎ᠡ ᠶᠢ ᠰᠤᠩᠭᠤᠵᠤ᠂ | ᠤᠷᠢᠳ ᠢᠶᠠᠷ ᠴᠡᠪᠡᠷ ᠤᠰᠤᠨ ᠳᠤ 24 ᠴᠠᠭ ᠲᠡᠪᠳᠦᠭᠡᠵᠤ᠂ ᠲᠠᠭᠢᠨ 50% ᠶᠢᠨ ᠳ᠋ᠦᠸᠧ ᠵᠢᠶᠦ᠋ᠨ ᠯᠢᠩ ︵多菌灵 | ︶ ᠡᠮ ᠪᠤᠶᠤ 75% ᠶᠢᠨ ᠲᠦᠸᠧ ᠪᠦ᠋ ᠶᠢᠨ ︵托布津︶ ᠡᠮ ᠢ 500 ᠲᠠᠭᠢᠨ ᠢᠶᠠᠷ ᠰᠢᠩᠭᠡᠯᠡᠨ᠂ 2~3 | ᠴᠠᠭ ᠲᠠᠪᠳᠦᠭᠡᠭᠰᠡᠨ ᠤ ᠰᠡᠭᠦᠯᠡᠷ ᠦᠷ᠎ᠡ ᠪᠠᠨ ᠱᠦᠭᠦᠨ ᠭᠠᠷᠭᠠᠨ ᠰᠠᠶᠢᠳᠤᠷ ᠤᠭᠢᠶᠠᠵᠤ᠂ ᠬᠠᠳᠠᠭᠠᠭᠠᠳ ᠲᠠᠷᠢᠬᠤ ᠭᠡᠷᠡᠭᠳᠡᠢ᠃ | | 5. ᠲᠠᠷᠢᠶᠠᠯᠠᠭ᠎ᠠ ᠶᠢᠨ ᠲᠠᠯ᠎ᠠ ᠪᠠᠷ ᠶᠠᠮᠠᠷ ᠮᠡᠷᠭᠡᠵᠢᠯ ᠤᠨ ᠱᠠᠭᠠᠷᠳᠠᠯᠭ᠎ᠠ ᠪᠠᠶᠢᠬᠤ ᠪᠤᠢ︖ | ᠡᠩ ᠲᠡᠷᠢᠭᠦᠨ ᠳᠤ ᠡᠷᠭᠡᠪᠰᠢ ᠰᠠᠯᠭᠠᠵᠤ ᠲᠤᠰᠠᠭᠠᠷᠯᠠᠨ ᠲᠠᠷᠢᠬᠤ ᠭᠡᠷᠡᠭᠳᠡᠢ᠃ ᠠᠮᠳᠠᠳᠤ ᠡᠷᠳᠡᠨᠢ ᠰᠢᠰᠢ ᠶᠢ ᠡᠩ ᠤᠨ | ᠡᠷᠳᠡᠨᠢ ᠰᠢᠰᠢ ᠪᠤᠶᠤ ᠪᠤᠰᠤᠳ ᠲᠦᠷᠦᠯ ᠤᠨ ᠡᠷᠳᠡᠨᠢ ᠰᠢᠰᠢ ᠠᠴᠠ ᠲᠤᠰᠠᠭᠠᠷᠯᠠᠨ ᠲᠠᠷᠢᠬᠤ ᠭᠡᠷᠡᠭᠳᠡᠢ᠃ ᠲᠤᠰᠠᠭᠠᠷᠯᠠᠨ | ᠲᠠᠷᠢᠬᠤ ᠳᠤ ᠤᠷᠤᠨ ᠵᠠᠢ ᠪᠠᠷ ᠠᠯᠤᠰᠯᠠᠬᠤ ᠪᠠ ᠴᠠᠭ ᠢᠶᠠᠷ ᠠᠯᠤᠰᠯᠠᠬᠤ ᠬᠤᠶᠠᠷ ᠵᠦᠢᠯ ᠤᠨ ᠠᠷᠭ᠎ᠠ ᠶᠢ ᠭᠡᠷᠡᠭᠯᠡᠵᠤ ᠪᠤᠯᠤᠨ᠎ᠠ | ᠃ ᠤᠷᠤᠨ ᠵᠠᠢ ᠪᠠᠷ ᠠᠯᠤᠰᠯᠠᠬᠤ ᠳᠠᠭᠠᠨ ᠲᠠᠯᠠᠷᠬᠠᠭ ᠭᠠᠵᠠᠷ ᠪᠤᠯ 400m ᠠᠴᠠ ᠲᠡᠭᠡᠭᠰᠢ ᠵᠠᠢ ᠲᠠᠢ ᠪᠠᠶᠢᠯᠭᠠᠬᠤ ᠭᠡᠷᠡᠭᠳᠡᠢ | ᠃ ᠪᠠᠭᠴᠠᠯᠠᠭᠠᠳ ᠭᠡᠯᠡᠪᠡᠯ ᠬᠤᠶᠠᠷ ᠲᠦᠷᠦᠯ ᠤᠨ ᠡᠷᠳᠡᠨᠢ ᠰᠢᠰᠢ ᠶᠢᠨ ᠴᠡᠴᠡᠭ ᠤᠨ ᠲᠤᠭᠤᠰᠤ ᠶᠢ ᠬᠠᠷᠢᠯᠴᠠᠨ ᠦᠯᠤ | ᠵᠠᠯᠭᠠᠯᠳᠤᠭᠤᠯᠬᠤ ᠪᠠᠷ ᠵᠠᠷᠴᠢᠮ ᠪᠤᠯᠭᠠᠬᠤ ᠭᠡᠷᠡᠭᠳᠡᠢ᠃ ᠲᠠᠷᠠᠭ᠎ᠠ ᠳᠤᠨᠢ ᠲᠠᠷᠢᠬᠤ ᠴᠠᠭ ᠲᠤᠭᠢᠶᠠᠯ ᠢ ᠰᠠᠶᠢᠳᠤᠷ ᠡᠵᠡᠮᠰᠢᠭᠦ | ᠭᠡᠷᠡᠭᠳᠡᠢ᠃ ᠭᠦᠷᠦᠰᠤᠨ ᠤ ᠲᠤᠯᠠᠭᠠᠨ ᠨᠢ 10℃ ~12 ℃ ᠲᠤ ᠲᠤᠠᠠᠳᠠᠪᠤᠷᠢᠵᠢᠬᠤ ᠦᠶᠡᠰ ᠲᠠᠷᠢᠵᠤ ᠪᠤᠯᠤᠨ᠎ᠠ᠃ | ᠲᠠᠷᠢᠬᠤ ᠳᠠᠭᠠᠨ ᠮᠦᠷ ᠤᠨ ᠵᠠᠢ ᠶᠢ 50~60cm ᠵᠠᠶᠢᠳᠠᠢ᠂ ᠰᠠᠭᠤᠷᠢ ᠶᠢᠨ ᠵᠠᠢ ᠶᠢ 25~30cm ᠵᠠᠶᠢᠳᠠᠢ᠂ ᠮᠤ᠋ | ᠪᠦᠷᠢ 3300~3600 ᠰᠠᠭᠤᠷᠢ ᠲᠠᠷᠢᠪᠡᠯ ᠲᠤᠭᠢᠷᠠᠮᠵᠢᠳᠡᠢ᠃ ᠠᠪᠴᠠᠯᠳᠤᠩᠭᠤᠢ ᠭᠡᠯᠪᠡᠷᠢ ᠶᠢᠨ ᠰᠤᠷᠲ ᠪᠤᠯ ᠮᠤ᠋ ᠪᠦᠷᠢ | 4000 ᠰᠠᠭᠤᠷᠢ ᠤᠷᠴᠢᠮ ᠪᠠᠶᠢᠯᠭᠠᠨ᠎ᠠ᠃ ᠭᠤᠷᠪᠡ ᠳᠤ ᠰᠢᠨᠵᠢᠯᠡᠭᠦ ᠤᠬᠠᠭᠠᠠᠴᠢ ᠪᠠᠷ ᠪᠤᠷᠳᠤᠭᠤᠷ ᠤᠷᠤᠭᠤᠯᠬᠤ ᠭᠡᠷᠡᠭᠳᠡᠢ᠃ | ᠠᠮᠳᠠᠳᠤ ᠡᠷᠳᠡᠨᠢ ᠰᠢᠰᠢ ᠶᠢᠨ ᠲᠡᠭᠦᠵᠤ ᠬᠤᠷᠢᠶᠠᠬᠤ ᠴᠠᠭ ᠨᠢ ᠡᠩ ᠤᠨ ᠡᠷᠳᠡᠨᠢ ᠰᠢᠰᠢ ᠶᠢᠨ ᠬᠢ ᠠᠴᠠ ᠡᠷᠳᠡ ᠪᠠᠶᠢᠳᠠᠭ | ᠪᠤᠯᠬᠤᠷ ᠡᠷᠭᠡᠪᠰᠢ ᠰᠠᠭᠤᠷᠢ ᠪᠤᠷᠳᠤᠭᠤᠷ ᠢ ᠭᠦᠢᠴᠡᠳ ᠤᠷᠤᠭᠤᠯᠵᠤ᠂ ᠪᠤᠷᠳᠤᠭᠤᠷ ᠢᠶᠠᠨ ᠰᠠᠶᠢᠳᠤᠷ ᠲᠤᠭᠢᠷᠠᠭᠤᠯᠬᠤ ᠭᠡᠷᠡᠭᠳᠡᠢ | ᠃ ᠤᠮᠠᠷᠠᠳᠤ ᠤᠷᠤᠨ ᠪᠤᠯ ᠮᠤ᠋ ᠪᠦᠷᠢ 2000kg ᠤᠷᠭᠠᠨᠢᠭ ᠪᠤᠷᠳᠤᠭᠤᠷ ᠤᠷᠤᠭᠤᠯᠤᠠᠠᠰᠠᠨ ᠰᠠᠭᠤᠷᠢᠨ ᠲᠡᠭᠡᠷ᠎ᠡ ᠪᠠᠰᠠ ᠮᠤ᠋ | ᠪᠦᠷᠢ 15~20kg ᠨᠡᠶᠢᠯᠡᠮᠡᠯ ᠪᠤᠷᠳᠤᠭᠤᠷ ︵N · P · K ᠶᠢ ᠲᠤᠰᠪᠤᠷᠢ 15 ᠬᠤᠪᠢ︶ ᠤᠷᠤᠭᠤᠯᠵᠤ᠂ ᠡᠷᠳᠡᠨᠢ | ᠰᠢᠰᠢ ᠶᠢᠨ ᠰᠢᠮ᠎ᠠ ᠲᠠᠵᠢᠭᠡᠯ ᠤᠨ ᠭᠡᠷᠡᠭᠴᠡᠭᠡ ᠶᠢ ᠪᠠᠳᠤᠯᠠᠬᠤ ᠭᠡᠷᠡᠭᠳᠡᠢ᠃ ᠲᠦᠷᠪᠡ ᠳᠤ᠂ ᠠᠭᠤᠷ ᠠᠮᠢᠰᠬᠤᠯ ᠪᠠ ᠤᠷᠴᠢᠨ | ᠲᠤᠭᠤᠷᠢᠨ ᠢ ᠴᠡᠪᠡᠷ ᠪᠠᠶᠢᠯᠭᠠᠬᠤ ᠶᠢ ᠠᠩᠬᠠᠷᠬᠤ ᠭᠡᠷᠡᠭᠳᠡᠢ᠃ ᠠᠭᠠᠷ ᠤᠨ ᠴᠡᠪᠡᠷᠴᠡ᠂ ᠤᠰᠤᠨ ᠤ ᠴᠡᠪᠡᠷᠴᠡ ᠪᠠ ᠭᠦᠷᠤᠰᠤ | ᠰᠢᠷᠤᠢ ᠶᠢ ᠴᠦᠮ ᠨᠠᠶᠢᠳᠡ ᠶᠢᠨ ᠭᠦᠨᠦᠭᠡᠯ ᠦᠭᠡᠢ ᠲᠠᠷᠢᠶᠠᠯᠨᠩ ᠤᠨ ᠪᠦᠳᠦᠭᠡᠭᠳᠡᠭᠦᠨ ᠤ ᠰᠠᠭᠤᠷᠢᠨ ᠭᠠᠵᠠᠷ ᠤᠨ ᠶᠠᠰᠤ | ᠴᠢᠨᠠᠷ ᠤᠨ ᠪᠠᠷᠢᠮᠵᠢᠶ᠎ᠠ ᠳᠤ ᠨᠡᠶᠢᠴᠡᠭᠦᠯᠭᠦ ᠭᠡᠷᠡᠭᠳᠡᠢ᠃ | 6. ᠠᠮᠳᠠᠳᠤ ᠡᠷᠳᠡᠨᠢ ᠰᠢᠰᠢ ᠶᠢᠨ ᠲᠠᠷᠢᠶᠠᠨ ᠳᠠᠬᠢ ᠠᠷᠠᠴᠢᠯᠠᠯᠳᠠ ᠶᠢ ᠶᠠᠭᠠᠭᠢᠨ ᠴᠢᠩᠭᠠᠳᠬᠠᠬᠤ ᠪᠤᠢ︖ | ᠨᠢᠭᠡ ᠳᠤ᠂ ᠴᠢᠭᠢ ᠨᠦᠭᠦᠭᠦ ᠭᠡᠷᠡᠭᠳᠡᠢ᠃ ᠡᠷᠳᠡᠨᠢ ᠰᠢᠰᠢ 3~4 ᠨᠠᠪᠴᠢᠯᠠᠬᠤ ᠦᠶᠡᠰ᠂ ᠴᠢᠭᠢ ᠨᠦᠭᠦᠭᠦ | ᠴᠢᠬᠤᠯᠠ ᠲᠠᠢ ᠪᠤᠯ ᠰᠢᠷᠤᠢ ᠲᠠᠢ ᠴᠢᠭᠢ ᠵᠠᠶᠢᠯᠠᠨ ᠨᠦᠭᠦᠵᠤ᠂ ᠵᠠᠶᠢᠯᠠᠮᠬᠠᠴᠠ ᠪᠠᠨ ᠤᠰᠤᠯᠠᠬᠤ ᠭᠡᠷᠡᠭᠳᠡᠢ᠃ ᠴᠢᠭᠢ ᠨᠦᠭᠦᠭᠦ | ᠳᠡᠭᠡᠨ ᠦᠳᠡᠰᠢ ᠤᠷᠤᠢ ᠪᠤᠶᠤ ᠪᠦᠷᠭᠦᠭ ᠡᠳᠤᠷ ᠨᠦᠭᠦᠪᠡᠯ ᠬᠠᠮᠤᠭ ᠤᠨ ᠰᠠᠶᠢᠨ᠃ 5 ᠨᠠᠪᠴᠢᠯᠠᠬᠤ ᠦᠶᠡᠰ ᠴᠢᠭᠢ ᠶᠢ | ᠲᠤᠠᠠᠳᠠᠭᠠᠵᠤ᠂ ᠨᠦᠭᠡ ᠪᠦᠷᠢ ᠨᠢᠭᠡ ᠶᠢ ᠯᠡ ᠦᠯᠡᠳᠡᠭᠡᠵᠤ᠂ ᠪᠤᠷᠳᠤᠭᠤᠷ ᠤᠷᠤᠭᠤᠯᠬᠤ ᠶᠢᠨ ᠲᠠᠭᠠᠤ ᠡᠪᠡᠰᠤ ᠶᠢ ᠨᠢ | ᠠᠷᠢᠯᠭᠠᠬᠤ ᠭᠡᠷᠡᠭᠳᠡᠢ᠃ ᠴᠢᠭᠢᠯᠡᠭᠦ ᠦᠶ᠎ᠠ ᠳᠤ ᠭᠦᠷᠦᠰᠤᠨ ᠤ ᠤᠰᠤᠨ ᠤ ᠠᠭᠤᠯᠤᠭᠳᠠᠴᠨ ᠶᠢᠨ ᠭᠡᠮᠵᠢᠶ᠎ᠠ ᠨᠢ | 50%~60% ᠪᠠᠶᠢᠪᠠᠯ ᠤᠰᠤᠯᠠᠬᠤ ᠦᠭᠡᠢ᠂ ᠦᠶᠡᠳᠦᠭᠰᠡᠨ ᠤ ᠰᠡᠭᠦᠯᠡᠷᠭᠢ ᠭᠦᠷᠦᠰᠤᠨ ᠤ ᠤᠰᠤᠨ ᠤ | ᠠᠭᠤᠯᠤᠭᠳᠠᠴᠨ ᠶᠢᠨ ᠭᠡᠮᠵᠢᠶ᠎ᠠ ᠶᠢ 70% ᠪᠠᠶᠢᠯᠭᠠᠬᠤ ᠭᠡᠷᠡᠭᠳᠡᠢ᠃ ᠬᠤᠶᠠᠷ ᠲᠤ᠂ ᠭᠡᠮ ᠬᠤᠷᠤᠬᠠᠢ ᠶᠢᠨ ᠭᠦᠨᠦᠭᠡᠯ ᠢ | ᠰᠡᠷᠭᠡᠶᠢᠯᠡᠨ ᠵᠠᠰᠠᠬᠤ ᠭᠡᠷᠡᠭᠳᠡᠢ᠃ ᠠᠮᠳᠠᠳᠤ ᠡᠷᠳᠡᠨᠢ ᠰᠢᠰᠢ ᠨᠢ ᠪᠤᠰᠤᠳ ᠡᠷᠳᠡᠨᠢ ᠰᠢᠰᠢ ᠠᠴᠠ ᠠᠮᠳᠠᠳᠠᠢ ᠪᠠᠶᠢᠳᠠᠭ ᠪᠤᠯᠬᠤᠷ | ᠡᠷᠳᠡᠨᠢ ᠰᠢᠰᠢ ᠶᠢᠨ ᠮᠢᠩ ᠬᠤᠷᠤᠬᠠᠢ᠂ ᠮᠠᠢ ᠶᠢᠨ ᠴᠤᠬᠤ᠂ ᠪᠠᠭᠠᠷᠠᠩ ᠬᠤᠷᠤᠬᠠᠢ ᠵᠡᠷᠭᠡ ᠭᠦᠨᠦᠭᠡᠯᠳᠤ ᠬᠤᠷᠤᠬᠠᠢ ᠶᠢ | ᠠᠮᠠᠷᠬᠠᠨ ᠤᠷᠢᠵᠤ ᠠᠪᠴᠢᠷᠠᠳᠠᠭ᠃ ᠡᠶᠢᠮᠤ ᠠᠴᠠ ᠴᠢᠭᠢᠯᠡᠭᠦ ᠦᠶ᠎ᠠ ᠶᠢᠨ ᠭᠦᠨᠦᠭᠡᠯᠳᠤ ᠬᠤᠷᠤᠬᠠᠢ ᠪᠠ ᠲᠤᠮᠳᠠ | ᠰᠡᠭᠦᠯᠴᠢ ᠶᠢᠨ ᠬᠤᠭᠤᠴᠠᠭᠠᠨ ᠤ ᠮᠢᠩ ᠬᠤᠷᠤᠬᠠᠢ ᠶᠢ ᠰᠠᠶᠢᠳᠤᠷ ᠰᠡᠷᠭᠡᠶᠢᠯᠡᠨ ᠵᠠᠰᠠᠬᠤ ᠭᠡᠷᠡᠭᠳᠡᠢ᠃ ᠢᠳᠡᠭᠡᠨ ᠤ ᠬᠤᠤᠷᠳᠠᠯ ᠢ | ᠰᠡᠷᠭᠡᠶᠢᠯᠡᠭᠦ ᠶᠢᠨ ᠲᠤᠰᠠᠳᠠ ᠲᠤᠮᠳᠠ ᠰᠡᠭᠦᠯᠴᠢ ᠶᠢᠨ ᠬᠤᠭᠤᠴᠠᠭᠠᠨ ᠳᠤ ᠲᠠᠷᠢᠶᠠᠨ ᠡᠮ ᠢ ᠪᠤᠯᠭᠤᠮᠵᠢᠳᠡᠢ ᠭᠡᠷᠡᠭᠯᠡᠵᠤ᠂ | ᠭᠢᠮᠢ ᠶᠢᠨ ᠲᠠᠷᠢᠶᠠᠨ ᠡᠮ ᠢ ᠪᠠᠭ᠎ᠠ ᠭᠡᠷᠡᠭᠯᠡᠭᠦ ᠭᠡᠷᠡᠭᠳᠡᠢ᠂ ᠰᠢᠷᠦᠭᠦᠨ ᠬᠤᠤᠷᠳᠤ ᠡᠮ ᠢ ᠤᠠᠠᠳᠤ ᠭᠡᠷᠡᠭᠯᠡᠵᠤ ᠪᠤᠯᠬᠤ ᠦᠭᠡᠢ᠃ | ᠭᠤᠷᠪᠡ ᠳᠤ᠂ ᠲᠤᠭᠤᠰᠤᠳᠤᠭᠤᠯᠬᠤ ᠪᠠ ᠡᠷ᠎ᠡ ᠲᠦᠷᠦᠭᠦᠤ ᠶᠢ ᠠᠷᠢᠯᠭᠠᠬᠤ ᠠᠵᠢᠯ ᠢ ᠰᠠᠶᠢᠳᠤᠷ ᠭᠢᠭᠦ ᠭᠡᠷᠡᠭᠳᠡᠢ᠃ | ᠲᠤᠭᠤᠰᠤᠳᠤᠬᠤ ᠬᠤᠭᠤᠴᠠᠭᠠᠨ ᠳᠤ ᠦᠷᠭᠦᠯᠵᠢᠯᠡᠨ ᠪᠦᠷᠭᠦᠭ ᠡᠳᠤᠷ ᠲᠤᠭᠢᠶᠠᠯᠳᠤᠪᠠᠯ᠂ ᠲᠠᠷᠦ᠋ᠢᠬᠠᠨ ᠭᠦᠮᠦᠨ ᠤ ᠭᠦᠴᠤ ᠪᠠᠷ | ᠲᠤᠭᠤᠰᠤᠳᠤᠭᠤᠯᠬᠤ ᠭᠡᠷᠡᠭᠳᠡᠢ᠃ ᠡᠭᠦᠨ ᠤ ᠲᠠᠭᠠᠤ ᠰᠢᠮ᠎ᠠ ᠲᠡᠵᠢᠭᠡᠯ ᠤᠨ ᠬᠤᠷᠤᠠᠠᠳᠠᠯ ᠢ ᠪᠠᠭᠠᠰᠬᠠᠬᠤ ᠶᠢᠨ ᠲᠤᠰᠠᠳᠠ | ᠲᠤᠭᠤᠰᠤᠳᠤᠠᠠᠰᠠᠨ ᠤ ᠭᠢᠨᠢ ᠰᠡᠭᠦᠯᠡᠷ᠂ ᠡᠷ᠎ᠠ ᠲᠦᠷᠦᠭᠦᠤ ᠶᠢ ᠪᠦᠭᠦᠨ ᠢ ᠬᠠᠶᠢᠴᠢᠯᠠᠵᠤ ᠬᠠᠶᠠᠬᠤ ᠭᠡᠷᠡᠭᠳᠡᠢ᠃ ᠡᠭᠦᠨ ᠠᠴᠠ | ᠭᠠᠳᠠᠨ᠎ᠠ ᠠᠮᠳᠠᠳᠤ ᠡᠷᠳᠡᠨᠢ ᠰᠢᠰᠢ ᠶᠢᠨ ᠤᠯᠠᠩᠭᠢ ᠨᠢ ᠲᠦᠷᠤᠬᠦᠳᠤᠬᠦ ᠬᠤᠭᠤᠴᠠᠭᠠᠨ ᠳᠤ ᠤᠷᠤᠠᠠᠰᠠᠨ ᠤ ᠰᠡᠭᠦᠯᠡᠷ ᠨᠢᠭᠡ | ᠡᠰᠢᠨ ᠳᠤ ᠤᠯᠠᠨ ᠲᠦᠷᠦᠭᠦᠤ ᠰᠠᠭᠤᠬᠤ ᠦᠵᠡᠭᠳᠡᠯ ᠭᠠᠷᠳᠠᠭ ᠲᠤᠯᠠ ᠢᠯᠡᠭᠦᠴᠡ ᠲᠦᠷᠦᠭᠦᠤ ᠶᠢ ᠴᠠᠭ ᠲᠤᠬᠠᠢ ᠳᠤᠨᠢ | ᠲᠤᠭᠢᠳᠡᠢ ᠠᠷᠢᠯᠭᠠᠬᠤ ᠭᠡᠷᠡᠭᠳᠡᠢ᠃ | 7. ᠠᠮᠳᠠᠳᠤ ᠡᠷᠳᠡᠨᠢ ᠰᠢᠰᠢ ᠶᠢᠨ ᠲᠦᠷᠦᠭᠦᠤ ᠶᠢ ᠶᠠᠭᠠᠭᠢᠵᠤ ᠲᠤᠠᠠᠳᠠᠭᠠᠬᠤ ᠪᠤᠢ︖ | ᠨᠢᠭᠡ ᠳᠤ᠂ ᠭᠡᠮ ᠬᠤᠷᠤᠬᠠᠢ ᠶᠢᠨ ᠭᠦᠨᠦᠭᠡᠯ ᠦᠭᠡᠢ᠂ ᠢᠳᠡᠷᠡᠭᠦᠨ ᠮᠢᠬᠠᠯᠢᠭ ᠤᠷᠤᠢ ᠶᠢᠨ ᠲᠦᠷᠦᠭᠦᠤ ᠶᠢ | ᠦᠯᠡᠳᠡᠭᠡᠭᠦ ᠭᠡᠷᠡᠭᠳᠡᠢ᠃ ᠬᠤᠶᠠᠷ ᠲᠤ᠂ ᠨᠢᠬᠡ ᠯᠠ ᠡᠰᠢᠨ ᠲᠡᠭᠡᠷ᠎ᠡ ᠨᠢᠭᠡ ᠲᠦᠷᠦᠭᠦᠤ ᠦᠯᠡᠳᠡᠭᠡᠵᠤ᠂ ᠪᠤᠰᠤᠳ ᠰᠠᠯᠠᠭ᠎ᠠ | ᠲᠦᠷᠦᠭᠦᠤ ᠶᠢ 2~3 ᠤᠳᠠᠭ᠎ᠠ ᠳᠤ ᠴᠦᠮ ᠠᠷᠢᠯᠭᠠᠬᠤ ᠭᠡᠷᠡᠭᠳᠡᠢ᠃ ᠭᠤᠷᠪᠡ ᠳᠤ᠂ ᠨᠢᠯᠬ᠎ᠠ ᠲᠦᠷᠦᠭᠦᠤ ᠶᠢ ᠠᠷᠢᠯᠭᠠᠬᠤ | ᠳᠠᠭᠠᠨ ᠲᠤᠠᠠᠳ᠋ᠬᠠᠰᠠᠨ ᠵᠢᠷᠤᠮᠵᠢᠯ ᠶᠤᠰᠤᠭᠠᠷ ᠨᠠᠷᠢᠨ ᠨᠢᠮᠪᠠᠢ ᠠᠷᠢᠯᠭᠠᠬᠤ ᠭᠡᠷᠡᠭᠳᠡᠢ᠃ ᠭᠤᠤᠯ ᠡᠰᠢ ᠪᠤᠯᠤᠨ ᠲᠦᠷᠦᠭᠦᠤ ᠶᠢᠨ | ᠨᠠᠪᠴᠢ ᠶᠢ ᠰᠢᠷᠬᠠᠳᠤᠭᠤᠯᠬᠤ ᠠᠴᠠ ᠤᠨᠴᠠ ᠭᠢᠴᠢᠶᠡᠭᠦ ᠭᠡᠷᠡᠭᠳᠡᠢ᠃ | 8. ᠠᠮᠳᠠᠳᠤ ᠡᠷᠳᠡᠨᠢ ᠰᠢᠰᠢ ᠶᠢ ᠶᠠᠮᠠᠷ ᠴᠠᠭ ᠦᠶ᠎ᠠ ᠳᠤ ᠲᠡᠭᠦᠵᠤ ᠬᠤᠷᠢᠶᠠᠪᠠᠯ ᠬᠠᠮᠤᠭ ᠤᠨ ᠰᠠᠶᠢᠨ ᠪᠤᠢ︖ | ᠡᠷᠳᠡᠨᠢ ᠰᠢᠰᠢ ᠶᠢᠨ ᠦᠷᠡᠳᠤ ᠲᠦᠷᠦᠭᠦᠤ ᠨᠢ ᠰᠢᠷᠭᠡᠭ ᠪᠦᠭᠡᠯᠵᠢᠭᠰᠡᠨ ᠤ ᠰᠡᠭᠦᠯᠡᠷᠭᠢ 22~25 ᠬᠤᠨᠤᠭ ᠲᠤ | ᠰᠢᠭᠢᠷ ᠤᠨ ᠠᠭᠤᠯᠤᠭᠳᠠᠴᠨ ᠨᠢ ᠬᠠᠮᠤᠭ ᠤᠨ ᠡᠯᠪᠡᠭ᠂ ᠬᠠᠯᠢᠰᠤ ᠨᠢ ᠬᠠᠮᠤᠭ ᠤᠨ ᠨᠢᠮᠭᠡᠨ ᠪᠠᠶᠢᠳᠠᠭ ᠲᠤᠯᠠ ᠡᠨᠡ ᠦᠶᠡᠰ | ᠲᠡᠭᠦᠵᠤ ᠬᠤᠷᠢᠶᠠᠪᠠᠯ ᠮᠠᠰᠢ ᠲᠤᠭᠢᠷᠠᠮᠵᠢᠳᠡᠢ᠃ ᠭᠡᠳᠦᠷᠭᠡᠢ ᠡᠷᠳᠡ ᠪᠤᠶᠤ ᠭᠡᠳᠦᠷᠭᠡᠢ ᠤᠷᠦ᠋ᠢᠳᠠᠪᠠᠯ ᠡᠷᠳᠡᠨᠢ ᠰᠢᠰᠢ ᠶᠢᠨ ᠴᠢᠨᠠᠷ | ᠪᠠ ᠠᠮᠳᠠ ᠶᠢ ᠨᠦᠯᠦᠭᠡᠯᠡᠨ᠎ᠡ᠃ ᠡᠭᠦᠨ ᠤ ᠬᠠᠮᠳᠤ ᠠᠮᠳᠠᠳᠤ ᠡᠷᠳᠡᠨᠢ ᠰᠢᠰᠢ ᠶᠢ ᠪᠤᠯᠭᠤᠵᠤ ᠬᠤᠳᠠᠯᠳᠤᠬᠤ ᠳᠠᠭᠠᠨ᠂ ᠵᠢᠩᠨᠠᠵᠤ | ᠪᠤᠯᠭᠤᠪᠠᠯ ᠬᠠᠮᠤᠭ ᠤᠨ ᠰᠠᠶᠢᠨ᠂ ᠤᠰᠤᠨ ᠳᠤ ᠴᠢᠨᠠᠵᠤ ᠪᠤᠯᠭᠤᠵᠤ ᠤᠠᠠᠳᠤ ᠪᠤᠯᠬᠤ ᠦᠭᠡᠢ᠂ ᠴᠢᠨᠠᠵᠤ ᠪᠤᠯᠭᠤᠬᠤ ᠨᠢ | ᠡᠷᠳᠡᠨᠢ ᠰᠢᠰᠢ ᠶᠢᠨ ᠴᠢᠨᠠᠷ ᠢ ᠰᠦᠷᠡᠭᠡᠢ ᠪᠠᠭᠤᠷᠠᠭᠤᠯᠬᠤ ᠪᠤᠯᠤᠨ᠎ᠠ᠃ | 9. ᠠᠮᠳᠠᠳᠤ ᠡᠷᠳᠡᠨᠢ ᠰᠢᠰᠢ ᠶᠢᠨ ᠠᠵᠤ ᠠᠬᠤᠢ ᠶᠢᠨ ᠦᠷ᠎ᠡ ᠠᠰᠢᠭ ᠢ ᠲᠡᠭᠡᠭᠰᠢᠯᠡᠭᠦᠯᠭᠦ ᠳᠤ ᠦᠭᠡᠷ᠎ᠡ ᠶᠠᠮᠠᠷ | ᠮᠡᠷᠭᠡᠵᠢᠯ ᠤᠨ ᠠᠷᠭ᠎ᠠ ᠪᠠᠶᠢᠬᠤ ᠪᠤᠢ︖ | ᠲᠡᠭᠡᠷ᠎ᠡ ᠲᠤᠷᠠᠳᠤᠠᠠᠰᠠᠨ ᠠᠮᠳᠠᠳᠤ ᠡᠷᠳᠡᠨᠢ ᠰᠢᠰᠢ ᠶᠢ ᠲᠠᠷᠢᠬᠤ ᠶᠠᠪᠤᠴᠨ ᠳᠤ ᠪᠠᠰᠠ ᠡᠷᠳᠡ᠂ ᠲᠤᠮᠳᠠ᠂ ᠤᠷᠤᠢ | ᠪᠤᠯᠪᠠᠰᠤᠷᠠᠬᠤ ᠲᠦᠷᠦᠯ ᠵᠦᠢᠯ ᠢ ᠬᠠᠪᠰᠤᠷᠭᠠᠨ ᠲᠠᠷᠢᠵᠤ᠂ ᠵᠠᠯᠭᠠᠬ᠎ᠠ ᠪᠠᠷ ᠪᠤᠶᠤ ᠬᠤᠭᠤᠴᠠᠭ᠎ᠠ ᠵᠦᠷᠢᠭᠦᠯᠦᠨ ᠵᠠᠬ᠎ᠠ | ᠲᠡᠯᠭᠡᠭᠦᠷ ᠲᠤ ᠭᠠᠷᠭᠠᠵᠤ᠂ ᠠᠵᠤ ᠠᠬᠤᠢ ᠶᠢᠨ ᠦᠷ᠎ᠠ ᠠᠰᠢᠭ ᠢ ᠨᠢ ᠲᠡᠭᠡᠭᠰᠢᠯᠡᠭᠦᠯᠭᠦ ᠭᠡᠷᠡᠭᠳᠡᠢ᠃ ᠶᠡᠭᠡ ᠭᠡᠮᠵᠢᠶᠠᠨ ᠤ | ᠡᠷᠳᠡᠨᠢ ᠰᠢᠰᠢ ᠶᠢ ᠨᠢᠬᠡ ᠯᠠ ᠲᠡᠭᠡᠷ᠎ᠡ ᠵᠠᠬ᠎ᠠ ᠲᠡᠯᠭᠡᠭᠦᠷ ᠲᠤ ᠭᠠᠷᠭᠠᠠᠠᠰᠠᠨ ᠠᠴᠠ ᠪᠤᠯᠵᠤ᠂ ᠦᠨ᠎ᠠ ᠨᠢ ᠭᠢᠮᠳᠠᠷᠠᠭᠠᠳ | ᠲᠠᠷᠢᠶᠠᠴᠢᠳ ᠬᠤᠭᠢᠷᠠᠬᠤ ᠦᠵᠡᠭᠳᠡᠯ ᠭᠠᠷᠬᠤ ᠠᠴᠠ ᠵᠠᠶᠢᠯᠡᠰᠭᠢᠭᠦ ᠭᠡᠷᠡᠭᠳᠡᠢ᠃ | 10. ᠶᠠᠭᠠᠭᠢᠵᠤ ᠲᠠᠷᠢᠪᠠᠯ ᠵᠠᠬ᠎ᠠ ᠳᠤ ᠭᠠᠷᠭᠠᠬᠤ ᠴᠠᠭ ᠢ ᠵᠦᠷᠢᠭᠦᠯᠵᠤ ᠴᠢᠳᠠᠬᠤ ᠪᠤᠢ︖ | ᠤᠮᠠᠷᠠᠳᠤ ᠶᠢᠨ ᠭᠠᠵᠠᠷ ᠤᠷᠤᠨ ᠪᠤᠯ ᠡᠷᠳᠡ᠂ ᠲᠤᠮᠳᠠ᠂ ᠤᠷᠤᠢ ᠪᠤᠯᠪᠠᠰᠤᠷᠠᠬᠤ ᠲᠦᠷᠦᠯ ᠵᠦᠢᠯ ᠢ ᠬᠠᠪᠰᠤᠷᠭᠠᠨ | ᠲᠠᠷᠢᠬᠤ ᠠᠴᠠ ᠭᠠᠳᠠᠨ᠎ᠠ ᠪᠠᠰᠠ ᠪᠦᠷᠭᠦᠪᠴᠢᠨ ᠳᠤ ᠲᠠᠷᠢᠬᠤ ᠪᠠ ᠲᠤᠯᠠᠭᠠᠨ ᠭᠦᠯᠡᠮᠵᠢᠨ ᠳᠤ ᠴᠠᠭᠠᠰᠤᠨ ᠲᠦᠡᠭᠰᠡᠨ ᠳᠤ | ᠴᠢᠭᠢ ᠪᠤᠶᠢᠵᠢᠭᠤᠯᠤᠨ ᠵᠠᠶᠢᠯᠠᠵᠤ ᠲᠠᠷᠢᠪᠠᠯ ᠡᠷᠳᠡᠨᠢ ᠰᠢᠰᠢ ᠶᠢᠨ ᠲᠠᠷᠢᠬᠤ ᠴᠠᠭ ᠢ ᠬᠠᠷᠢᠴᠠᠩᠭᠤᠢ ᠪᠠᠷ ᠤᠷᠢᠳᠴᠢᠯᠠᠭᠤᠯᠵᠤ᠂ | ᠲᠠᠷᠢᠬᠤ ᠴᠠᠭ ᠢ ᠵᠦᠷᠢᠭᠦᠯᠭᠦ ᠵᠤᠷᠢᠯᠭ᠎ᠠ ᠳᠤ ᠭᠦᠷᠴᠤ᠂ ᠤᠷᠤᠨ ᠵᠠᠢ ᠶᠢ ᠠᠯᠤᠰᠯᠠᠬᠤ ᠳᠤ ᠪᠡᠷᠭᠡ ᠪᠠᠶᠢᠳᠠᠭ ᠵᠦᠷᠢᠴᠡᠯ ᠢ | ᠰᠢᠢᠳᠪᠤᠷᠢᠯᠡᠵᠤ ᠴᠢᠳᠠᠨ᠎ᠠ᠃ ᠤᠮᠠᠷᠠᠳᠤ ᠤᠷᠤᠨ ᠡᠷᠳᠡᠨᠢ ᠰᠢᠰᠢ ᠶᠢ ᠨᠡᠯᠢᠶᠡᠳ ᠲᠦᠭᠡᠮᠡᠯ ᠲᠠᠷᠢᠳᠠᠭ ᠪᠠ ᠨᠢᠬᠡ ᠯᠠ ᠤᠯᠠᠷᠢᠯ | ᠳᠤ ᠲᠠᠷᠢᠳᠠᠭ ᠪᠤᠯᠬᠤᠷ ᠭᠡᠷᠪᠡ ᠶᠠᠷᠦᠳᠡ ᠶᠢᠨ ᠵᠠᠩᠰᠢᠯ ᠢᠶᠠᠷ ᠢᠶᠠᠨ ᠲᠠᠷᠢᠪᠠᠯ᠂ ᠤᠷᠤᠨ ᠵᠠᠢ ᠪᠤᠯᠤᠨ ᠴᠠᠭ ᠬᠤᠭᠤᠴᠠᠭ᠎ᠠ ᠶᠢ | ᠠᠯᠤᠰᠯᠠᠨ ᠵᠦᠷᠢᠭᠦᠯᠭᠦ ᠳᠤ ᠨᠡᠩ ᠭᠦᠴᠢᠷ ᠲᠠᠢ ᠪᠤᠯᠤᠨ᠎ᠠ᠃ ᠡᠶᠢᠮᠤ ᠠᠴᠠ ᠪᠦᠷᠭᠦᠪᠴᠢᠨ ᠳᠤ ᠲᠠᠷᠢᠬᠤ ᠪᠠ ᠲᠤᠯᠠᠭᠠᠨ | ᠭᠦᠯᠡᠮᠵᠢ ᠳᠤ ᠴᠠᠭᠠᠰᠤᠨ ᠲᠦᠡᠭᠰᠡᠨ ᠳᠤ ᠴᠢᠭᠢ ᠪᠤᠶᠢᠵᠢᠭᠤᠯᠤᠨ ᠵᠠᠶᠢᠯᠠᠬᠤ ᠠᠷᠭ᠎ᠠ ᠶᠢ ᠲᠡᠯᠭᠡᠷᠡᠭᠦᠯᠭᠦ ᠨᠢ ᠬᠤᠤᠰ ᠠᠰᠢᠭ | ᠤᠯᠬᠤ ᠶᠢᠨ ᠪᠦᠳᠦᠮᠵᠢᠳᠡᠢ ᠠᠷᠭ᠎ᠠ ᠭᠡᠮᠵᠢᠶ᠎ᠠ ᠪᠤᠯᠤᠨ᠎ᠠ᠃ | 11. ᠬᠤᠷᠢᠶᠠᠯᠳᠠ ᠶᠢ ᠨᠡᠮᠡᠭᠳᠡᠭᠦᠯᠵᠤ ᠦᠷ᠎ᠠ ᠠᠰᠢᠭ ᠢ ᠲᠡᠭᠡᠭᠰᠢᠯᠡᠭᠦᠯᠭᠦ ᠦᠭᠡᠷ᠎ᠡ ᠪᠠᠰᠠ ᠶᠠᠮᠠᠷ ᠠᠷᠭ᠎ᠠ ᠭᠡᠮᠵᠢᠶ᠎ᠠ | ᠪᠠᠶᠢᠬᠤ ᠪᠤᠢ︖ | ᠠᠮᠳᠠᠳᠤ ᠡᠷᠳᠡᠨᠢ ᠰᠢᠰᠢ ᠶᠢ ᠤᠯᠠᠩᠭᠢ ᠳᠠᠭᠠᠨ ᠰᠢᠨ᠎ᠠ ᠰᠤᠷᠭᠤᠭ ᠢᠶᠠᠷ ᠨᠢ ᠢᠳᠡᠳᠡᠭ ᠪᠤᠯᠬᠤᠷ ᠲᠠᠷᠢᠠᠠᠰᠠᠨ ᠤ | ᠰᠡᠭᠦᠯᠡᠷ 70~90 ᠬᠤᠨᠤᠭ ᠲᠤ ᠲᠡᠭᠦᠵᠤ ᠬᠤᠷᠢᠶᠠᠳᠠᠭ᠃ ᠲᠡᠭᠦᠵᠤ ᠬᠤᠷᠢᠶ᠋ᠬᠠᠰᠠᠨ ᠤ ᠰᠡᠭᠦᠯᠡᠷ ᠪᠠᠰᠠ ᠪᠤᠰᠤᠳ | ᠵᠦᠢᠯ ᠤᠨ ᠲᠠᠷᠢᠮᠠᠯ ᠤᠷᠭᠤᠵᠤ ᠪᠤᠯᠪᠠᠰᠤᠷᠠᠬᠤ ᠴᠠᠭ ᠬᠤᠭᠤᠴᠠᠭ᠎ᠠ ᠦᠯᠡᠳᠡᠵᠤ ᠪᠠᠶᠢᠳᠠᠭ ᠶᠤᠮ᠃ ᠡᠶᠢᠮᠤ ᠠᠴᠠ ᠤᠮᠠᠷᠠᠳᠤ | ᠤᠷᠤᠨ ᠤ 10℃ ᠠᠴᠠ ᠲᠡᠭᠡᠭᠰᠢ ᠬᠤᠷᠠᠮᠳᠤᠭᠤᠯᠭ᠎ᠠ ᠲᠤᠯᠠᠭᠠᠨ ᠤ ᠭᠡᠮᠵᠢᠶ᠎ᠠ ᠲᠠᠢ ᠭᠠᠵᠠᠷ ᠤᠷᠤᠨ ᠠᠮᠳᠠᠳᠤ ᠡᠷᠳᠡᠨᠢ | ᠰᠢᠰᠢ ᠶᠢ ᠠᠵᠤ ᠠᠬᠤᠢ ᠶᠢᠨ ᠲᠠᠷᠢᠮᠡᠯ ᠲᠠᠢ ᠲᠤᠬᠤᠨ ᠲᠠᠷᠢᠬᠤ᠂ ᠠᠯᠬᠠᠯᠠᠨ ᠲᠠᠷᠢᠬᠤ᠂ ᠲᠠᠪᠬᠤᠷᠯᠠᠨ ᠲᠠᠷᠢᠬᠤ ᠠᠷᠭ᠎ᠠ ᠶᠢ | ᠠᠪᠴᠤ᠂ ᠭᠦᠷᠦᠰᠤ ᠰᠢᠷᠤᠢ ᠶᠢᠨ ᠠᠰᠢᠠᠠᠯᠠᠯᠳᠠ ᠶᠢᠨ ᠨᠤᠷᠮ᠎ᠠ ᠶᠢ ᠲᠡᠭᠡᠭᠰᠢᠯᠡᠭᠦᠯᠵᠤ᠂ ᠲᠠᠷᠢᠮᠠᠯ ᠤᠨ ᠦᠢᠯᠡᠰ ᠤᠨ | ᠤᠷᠤᠯᠭ᠎ᠠ ᠶᠢ ᠨᠡᠮᠡᠭᠳᠡᠭᠦᠯᠵᠤ ᠪᠤᠯᠤᠨ᠎ᠠ᠃ |