ᠥᠪᠡᠷᠲᠡᠭᠡᠨ ᠵᠠᠰᠠᠬᠤ ᠣᠷᠣᠨ ᠤ ᠨᠠᠮᠤᠷ ᠡᠪᠦᠯ ᠤᠨ ᠤᠯᠠᠷᠢᠯ ᠤᠨ ᠣᠢ ᠰᠢᠭᠤᠶ ᠨᠤᠲᠤᠭ ᠪᠡᠯᠴᠢᠭᠡᠷ ᠤᠨ ᠲᠦᠢᠮᠡᠷ ᠢ ᠰᠡᠷᠭᠡᠶᠢᠯᠡᠨ ᠤᠨᠲᠠᠷᠠᠭᠠᠬᠤ ᠠᠵᠢᠯ ᠤᠨ ᠲᠧᠯᠸᠢᠰ ᠤᠲᠠᠰᠤ ᠬᠤᠷᠠᠯ ᠬᠤᠷᠠᠯᠳᠤᠪᠠ
ᠨᠡᠶᠢᠲᠡᠯᠡᠭᠰᠡᠨ ᠴᠠᠭ᠄
2021/9/28
      9 ᠰᠠᠷ᠎ᠠ ᠶᠢᠨ 24 ᠤ ᠡᠳᠦᠷ᠂ ᠥᠪᠡᠷᠲᠡᠭᠡᠨ ᠵᠠᠰᠠᠬᠤ ᠣᠷᠣᠨ ᠤ ᠤᠢ ᠰᠢᠭᠤᠢ ᠨᠤᠲᠤᠭ ᠪᠡᠯᠴᠢᠭᠡᠷ ᠤᠨ ᠲᠦᠢᠮᠡᠷ ᠢ ᠰᠡᠷᠭᠡᠶᠢᠯᠡᠨ ᠤᠨᠲᠠᠷᠠᠭᠠᠬᠤ ᠶᠢ ᠵᠢᠯᠣᠭᠤᠳᠬᠤ ᠭᠠᠵᠠᠷ ᠪᠦᠬᠦ ᠣᠷᠣᠨ ᠤ ᠨᠠᠮᠤᠷ ᠡᠪᠦᠯ ᠤᠨ ᠤᠯᠠᠷᠢᠯ ᠤᠨ ᠤᠢ ᠰᠢᠭᠤᠢ ᠨᠤᠲᠤᠭ ᠪᠡᠯᠴᠢᠭᠡᠷ ᠤᠨ ᠲᠦᠢᠮᠡᠷ ᠢ ᠰᠡᠷᠭᠡᠶᠢᠯᠡᠨ ᠤᠨᠲᠠᠷᠠᠭᠠᠬᠤ ᠠᠵᠢᠯ ᠤᠨ ᠲᠧᠯᠸᠢᠰ ᠤᠲᠠᠰᠤ ᠬᠤᠷᠠᠯ ᠬᠤᠷᠠᠯᠳᠤᠭᠤᠯᠵᠤ᠂ ᠪᠦᠬᠦ ᠤᠯᠤᠰ ᠤᠨ ᠨᠠᠮᠤᠷ ᠡᠪᠦᠯ ᠤᠨ ᠤᠯᠠᠷᠢᠯ ᠤᠨ ᠤᠢ ᠰᠢᠭᠤᠢ ᠨᠤᠲᠤᠭ ᠪᠡᠯᠴᠢᠭᠡᠷ ᠤᠨ ᠲᠦᠢᠮᠡᠷ ᠢ ᠰᠡᠷᠭᠡᠶᠢᠯᠡᠨ ᠤᠨᠲᠠᠷᠠᠭᠠᠬᠤ ᠠᠵᠢᠯ ᠤᠨ ᠲᠧᠯᠸᠢᠰ ᠤᠲᠠᠰᠤ ᠬᠤᠷᠠᠯ ᠤᠨ ᠵᠣᠷᠢᠭ ᠰᠠᠨᠠᠭ᠎ᠠ ᠶᠢ ᠤᠯᠠᠮᠵᠢᠯᠠᠨ ᠲᠤᠭᠤᠰᠢᠯᠠᠭᠤᠯᠵᠤ᠂ ᠮᠠᠨ ᠤ ᠣᠷᠣᠨ ᠤ ᠨᠠᠮᠤᠷ ᠡᠪᠦᠯ ᠤᠨ ᠤᠯᠠᠷᠢᠯ ᠤᠨ ᠤᠢ ᠰᠢᠭᠤᠢ ᠨᠤᠲᠤᠭ ᠪᠡᠯᠴᠢᠭᠡᠷ ᠤᠨ ᠲᠦᠢᠮᠡᠷ ᠢ ᠰᠡᠷᠭᠡᠶᠢᠯᠡᠨ ᠤᠨᠲᠠᠷᠠᠭᠠᠬᠤ ᠭᠤᠣᠯᠳᠠᠯᠭ᠎ᠠ ᠲᠠᠢ ᠠᠵᠢᠯ ᠢ ᠲᠤᠬᠢᠷᠠᠭᠤᠯᠤᠨ ᠪᠠᠶᠢᠷᠢᠯᠠᠭᠤᠯᠪᠠ᠃       ᠥᠪᠡᠷᠲᠡᠭᠡᠨ ᠵᠠᠰᠠᠬᠤ ᠣᠷᠣᠨ ᠤ ᠳᠡᠳ᠋ ᠲᠡᠷᠢᠭᠦᠯᠡᠭᠴᠢ᠂ ᠥᠪᠡᠷᠲᠡᠭᠡᠨ ᠵᠠᠰᠠᠬᠤ ᠣᠷᠣᠨ ᠤ ᠣᠶ ᠰᠢᠭᠤᠶ ᠨᠤᠲᠤᠭ ᠪᠡᠯᠴᠢᠭᠡᠷ ᠤᠨ ᠲᠦᠶᠮᠡᠷ ᠢ ᠰᠡᠷᠭᠡᠶᠢᠯᠡᠨ ᠤᠨᠲᠠᠷᠠᠭᠠᠬᠤ ᠶᠢ ᠵᠢᠯᠣᠭᠤᠳᠬᠤ ᠭᠠᠵᠠᠷ ᠤᠨ ᠪᠠᠶᠢᠩᠭᠤ ᠶᠢᠨ ᠳᠡᠳ᠋ ᠶᠡᠷᠦᠩᠬᠡᠶ ᠵᠢᠯᠣᠭᠤᠳᠣᠭᠴᠢ ᠯᠢ ᠪᠢᠩ ᠷᠦᠩ ᠬᠤᠷᠠᠯ ᠳᠤ ᠣᠷᠣᠯᠴᠠᠵᠤ ᠶᠠᠷᠢᠶ᠎ᠠ ᠲᠠᠯᠪᠢᠵᠠᠶ᠃       ᠬᠤᠷᠠᠯ ᠠᠴᠠ᠂ ᠡᠨᠡ ᠵᠢᠯ ᠤᠨ ᠨᠠᠮᠤᠷ ᠡᠪᠦᠯ ᠤᠨ ᠤᠯᠠᠷᠢᠯ ᠤᠨ ᠲᠦᠶᠮᠡᠷ ᠤᠨ ᠠᠶᠤᠯ ᠤᠨ ᠲᠠᠰ ᠨᠡᠯᠢᠶᠡᠳ ᠥᠨᠳᠥᠷ᠂ ᠡᠯ᠎ᠡ ᠱᠠᠲᠤᠨ ᠤ ᠣᠶ ᠰᠢᠭᠤᠶ ᠨᠤᠲᠤᠭ ᠪᠡᠯᠴᠢᠭᠡᠷ ᠤᠨ ᠲᠦᠶᠮᠡᠷ ᠢ ᠰᠡᠷᠭᠡᠶᠢᠯᠡᠨ ᠤᠨᠲᠠᠷᠠᠭᠠᠬᠤ ᠶᠢ ᠵᠢᠯᠣᠭᠤᠳᠬᠤ ᠭᠠᠵᠠᠷ ᠪᠣᠯᠤᠨ ᠬᠤᠯᠪᠣᠭᠳᠠᠯ ᠪᠥᠬᠦᠶ ᠰᠠᠯᠠᠭ᠎ᠠ ᠮᠥᠴᠢᠷ ᠤᠨ ᠬᠢᠨ ᠣᠶ ᠰᠢᠭᠤᠶ ᠨᠤᠲᠤᠭ ᠪᠡᠯᠴᠢᠭᠡᠷ ᠤᠨ ᠲᠦᠶᠮᠡᠷ ᠢ ᠰᠡᠷᠭᠡᠶᠢᠯᠡᠨ ᠤᠨᠲᠠᠷᠠᠭᠠᠬᠤ ᠠᠵᠢᠯ ᠤᠨ ᠤᠯᠤᠰ ᠲᠥᠷᠥ ᠶᠢᠨ ᠬᠠᠷᠢᠭᠤᠴᠠᠯᠭ᠎ᠠ ᠶᠢ ᠡᠷᠡᠰ ᠡᠭᠦᠷᠭᠡᠯᠡᠵᠦ᠂ ᠳᠤᠲᠠᠭᠤᠳᠠᠯ ᠪᠠᠭᠤᠷᠠᠶ ᠲᠠᠯ᠎ᠠ ᠪᠠᠨ ᠲᠦᠷᠭᠡᠪᠴᠢᠯᠡᠨ ᠨᠥᠬᠦᠪᠥᠷᠢᠯᠡᠵᠦ᠂ ᠬᠥᠳᠡᠯᠦᠩᠭᠦᠶ ᠲᠣᠬᠢᠷᠠᠭᠤᠯᠤᠯᠲᠠ ᠪᠠᠨ ᠴᠢᠩᠭᠠᠳᠬᠠᠵᠤ᠂ ᠴᠢᠭᠯᠡᠭᠦᠯᠦᠯᠲᠦ ᠴᠢᠨᠠᠷᠲᠠᠶ ᠪᠠᠷ ᠬᠢᠨᠠᠨ ᠬᠡᠮᠵᠢᠵᠦ ᠤᠷᠢᠳᠴᠢᠯᠠᠨ ᠰᠡᠷᠡᠮᠵᠢᠯᠡᠭᠦᠯᠬᠦ ᠪᠠ ᠪᠣᠳᠠᠲᠤ ᠪᠠᠶᠢᠯᠳᠤᠭᠠᠨ ᠤ ᠰᠣᠷᠢᠯᠲᠠ ᠬᠢᠵᠦ᠂ ᠡᠨᠡ ᠵᠢᠯ ᠤᠨ ᠲᠦᠶᠮᠡᠷ ᠢ ᠰᠡᠷᠭᠡᠶᠢᠯᠡᠨ ᠤᠨᠲᠠᠷᠠᠭᠠᠬᠤ ᠠᠵᠢᠯ ᠤᠨ ᠪᠥᠬᠦ ᠲᠠᠯ᠎ᠠ ᠶᠢᠨ ᠢᠯᠠᠯᠲᠠ ᠶᠢ ᠡᠷᠡᠰ ᠲᠡᠮᠡᠴᠡᠨ ᠤᠯᠬᠤ ᠬᠡᠷᠡᠭᠲᠡᠶ ᠭᠡᠵᠦ ᠵᠢᠭᠠᠵᠤ ᠭᠠᠷᠭᠠᠪᠠ᠃       ᠬᠤᠷᠠᠯ ᠠᠴᠠ᠂ ᠲᠦᠶᠮᠡᠷ ᠢ ᠰᠡᠷᠭᠡᠶᠢᠯᠡᠨ ᠤᠨᠲᠠᠷᠠᠭᠠᠬᠤ ᠲᠣᠣᠷᠵᠢᠭᠤᠯᠤᠭᠰᠠᠨ ᠬᠠᠷᠢᠭᠤᠴᠠᠯᠭ᠎ᠠ ᠶᠢ ᠪᠦᠬᠦ ᠬᠦᠴᠦᠨ ᠢᠶᠠᠷ ᠢᠶᠠᠨ ᠨᠠᠶᠢᠳᠠᠪᠤᠷᠢᠵᠢᠭᠤᠯᠵᠤ᠂ ᠭᠠᠯ ᠲᠦᠶᠮᠡᠷ ᠤᠨ ᠡᠬᠢ ᠰᠤᠷᠪᠤᠯᠵᠢ ᠶᠢ ᠰᠠᠶᠢᠲᠤᠷ ᠡᠵᠡᠮᠳᠡᠵᠦ᠂ ᠬᠠᠮᠤᠭ ᠤᠨ ᠶᠡᠭᠡ ᠴᠢᠷᠮᠠᠶᠢᠯᠭ᠎ᠠ ᠭᠠᠷᠭᠠᠵᠤ ᠪᠠᠶᠢᠭᠠᠳ ᠬᠦᠮᠦᠨ ᠠᠴᠠ ᠰᠢᠯᠳᠠᠭᠠᠯᠠᠭᠰᠠᠨ ᠭᠠᠯ ᠲᠦᠶᠮᠡᠷ ᠢ ᠪᠠᠭᠠᠰᠬᠠᠬᠤ ᠬᠡᠷᠡᠭᠲᠡᠢ᠃ ᠭᠠᠯ ᠲᠦᠢᠮᠡᠷ ᠭᠠᠷᠤᠮᠠᠭᠴᠠ ᠣᠳᠣ ᠦᠶ᠎ᠡ ᠶᠢᠨ ᠮᠡᠷᠭᠡᠵᠢᠯ ᠢ ᠬᠡᠷᠡᠭᠯᠡᠬᠦ ᠶᠢ ᠪᠠᠷᠢᠮᠲᠠᠯᠠᠨ᠂ ᠬᠠᠮᠲᠤᠷᠠᠭᠰᠠᠨ ᠰᠢᠰᠲ᠋ᠧᠮ ᠲᠠᠢ ᠪᠠᠶᠢᠯᠳᠤᠬᠤ ᠶᠢ ᠪᠡᠶᠡᠯᠡᠭᠦᠯᠵᠦ᠂ ᠡᠷᠲᠡ ᠤᠨᠲᠠᠷᠠᠭᠠᠬᠤ᠂ ᠪᠠᠭ᠎ᠠ ᠲᠡᠭᠡᠷ᠎ᠡ ᠨᠢ ᠤᠨᠲᠠᠷᠠᠭᠠᠬᠤ᠂ ᠲᠦᠢᠯᠪᠦᠷᠢᠲᠡᠢ ᠤᠨᠲᠠᠷᠠᠭᠠᠬᠤ ᠶᠢ ᠦᠨᠡᠨ ᠬᠦ ᠪᠠᠲᠤᠯᠠᠬᠤ ᠬᠡᠷᠡᠭᠲᠡᠶ᠃ ᠠᠷᠠᠳ ᠲᠦᠮᠡᠨ ᠢ ᠳᠡᠭᠡᠳᠦᠯᠡᠬᠦ᠂ ᠠᠮᠢ ᠨᠠᠰᠤ ᠶᠢ ᠳᠡᠭᠡᠳᠦᠯᠡᠬᠦ ᠶᠢ ᠪᠠᠷᠢᠮᠲᠠᠯᠠᠵᠤ᠂ ᠭᠠᠯ ᠲᠦᠶᠮᠡᠷ ᠤᠨᠲᠠᠷᠠᠭᠠᠬᠤ ᠠᠵᠢᠯ ᠢ ᠰᠢᠨᠵᠢᠯᠡᠬᠦ ᠤᠬᠠᠭᠠᠨᠴᠢ ᠪᠠᠷ ᠵᠣᠬᠢᠶᠠᠨ ᠪᠠᠶᠢᠭᠤᠯᠤᠨ ᠥᠷᠨᠢᠭᠦᠯᠵᠦ᠂ ᠮᠠᠯᠴᠢᠨ ᠲᠠᠷᠢᠶᠠᠴᠢᠨ ᠤᠯᠠᠨ ᠲᠦᠮᠡᠨ ᠪᠣᠯᠤᠨ ᠭᠠᠯ ᠲᠦᠢᠮᠡᠷ ᠤᠨᠲᠠᠷᠠᠭᠠᠭᠴᠢᠳ ᠤᠨ ᠠᠮᠢ ᠨᠠᠰᠤᠨ ᠤ ᠠᠮᠤᠷ ᠲᠦᠪᠰᠢᠨ ᠢ ᠦᠨᠡᠨ ᠬᠦ ᠪᠠᠲᠤᠯᠠᠬᠤ ᠬᠡᠷᠡᠭᠲᠡᠢ ᠭᠡᠵᠦ ᠱᠠᠭᠠᠷᠳᠠᠵᠠᠢ᠃
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ