ᠰᠠᠷᠠᠨᠰᠤᠪᠤᠳ

ᠪᠠᠭᠰᠢ ᠪᠤᠯ ᠪᠢᠴᠢᠭ ᠵᠢᠭ᠋ᠠᠵᠤ ᠭᠦᠮᠤᠨ ᠭᠦᠮᠦᠵᠢᠭᠦᠯᠭᠦ ᠤᠶᠤᠨ᠎ᠤ ᠢᠨᠵᠸᠨ᠋ᠸᠷ ᠮᠥᠨ᠃ ᠪᠢᠲᠡ ᠠ᠋ᠨᠡ ᠭᠦ᠌ ᠠ᠋ᠬᠦᠷᠬᠡ᠎ᠪᠠᠨ ᠰᠠᠢ᠍ᠢ᠍ᠳᠤᠷ ᠪᠡᠶᠡᠯᠡᠬᠦᠯᠤᠶᠠ ᠭᠡᠪᠡᠯ ᠶᠠᠭᠤᠨ᠎ᠤ ᠠ᠋ᠮᠤᠨ᠎ᠡ ᠰᠤᠷᠤᠭᠴᠢᠳ᠎ᠤᠨ ᠲᠠᠳᠬᠠᠯ᠎ᠤᠨ ᠬᠦᠮᠤᠵᠢᠯ᠎ᠢ ᠰᠠᠢ᠍ᠢ᠍ᠳᠤᠷ ᠠᠳᠬᠤᠬᠤ ᠬᠡᠷᠡᠭᠲᠠᠢ᠃ ᠤᠴᠢᠷ᠎ᠨᠢ ᠪᠠᠭ᠎ᠠ ᠰᠤᠷᠭ᠋ᠠᠭᠤᠯᠢ ᠵᠢᠨ ᠱᠠᠳᠤ ᠪᠤᠯ ᠰᠤᠷᠤᠭᠴᠢᠳ᠎ᠤᠨ ᠲᠠᠳᠬᠠᠯ᠎ᠤᠨ ᠪᠥᠷᠢᠯᠳᠤᠯ᠎ᠤᠨ ᠴᠢᠬᠤᠯᠠ ᠱᠠᠳᠤ ᠥᠶ᠎ᠡ ᠮᠦᠨ᠂ ᠰᠤᠷᠤᠭᠴᠢᠳ ᠰᠢᠯᠢᠲᠡᠭ ᠰᠠᠶ᠋ᠢᠨ ᠲᠠᠳᠬᠠᠯ ᠪᠥᠷᠢᠯᠳᠤᠬᠦᠯᠴᠢᠬᠡᠬᠦᠳᠤ ᠬᠥᠷᠪᠡᠯ ᠪᠠᠭᠰᠢ᠎ᠠᠴᠠ ᠠᠵᠢᠯ ᠵᠶ᠋ᠠᠨ ᠥᠷᠨᠢᠬᠦᠯᠬᠦ᠎ᠳᠤ ᠲᠤᠶ᠋ᠢᠯ᠎ᠤᠨ ᠠᠮᠠᠷᠬᠠᠨ ᠪᠤᠯᠴᠢᠬᠠᠲᠠᠭ᠃ ᠠ᠋ᠨᠡ ᠭᠦ᠌ ᠠᠰᠠᠭᠤᠳᠠᠯ᠎ᠢ ᠪᠢ ᠥᠪᠡᠷ᠎ᠤᠨ ᠵᠢᠭ᠋ᠠᠨ ᠰᠤᠷᠭ᠋ᠠᠯᠲᠠ ᠵᠢᠨ ᠠᠵᠢᠯ᠎ᠤᠨ ᠵᠶ᠋ᠠᠨ ᠪᠤᠲᠠᠲᠠᠢ ᠪᠠᠶ᠋ᠢᠲᠠᠯ᠎ᠲᠠᠢ ᠤᠶᠠᠯᠳᠤᠭᠤᠯᠤᠨ ᠲᠤᠤᠷᠠᠬᠢ ᠮᠡᠳᠤ ᠬᠡᠳᠤᠨ ᠲᠠᠯ᠎ᠠ᠎ᠪᠠᠷ ᠶᠠᠷᠢᠶ᠎ᠠ᠃
ᠨᠢᠭᠡ᠂ ᠭᠡᠷᠬᠢᠨ ᠵᠦᠪ ᠰᠠᠢ᠍ᠢ᠍ᠬᠠᠨ ᠰᠤᠷᠤᠯᠴᠠᠯᠭ᠎ᠠ ᠵᠢᠨ ᠲᠠᠳᠬᠠᠯ᠎ᠢ ᠭᠦᠮᠦᠵᠢᠭᠦᠯᠭᠦ ᠪᠤᠢ
1. ᠵᠥᠪ ᠪᠢᠴᠢᠯᠭᠡ ᠵᠢᠨ ᠲᠠᠳᠬᠠᠯ᠎ᠢ ᠬᠥᠮᠤᠵᠢᠭᠦᠯᠤᠭ᠌ᠰᠠᠨ ᠲᠠᠯ᠎ᠠ᠎ᠪᠠᠷ᠄
ᠰᠤᠷᠤᠭᠴᠢᠳ ᠥᠰᠦᠭ ᠵᠶ᠋ᠠᠨ ᠪᠤᠷᠤᠭᠤ ᠪᠢᠴᠢᠨ᠂ ᠲᠠᠰᠬᠠᠯ ᠵᠶ᠋ᠠᠨ ᠪᠤᠵᠠᠷ ᠬᠢᠲᠡᠭ᠃ ᠢᠩᠭᠢᠭᠡᠳ ᠪᠢ ᠠᠩᠭᠢ ᠵᠢᠨ ᠰᠤᠷᠤᠭᠴᠢᠳ ᠵᠶ᠋ᠠᠨ ᠨᠢᠭᠡᠳᠤᠭᠡᠷ ᠤᠨ᠎ᠠᠴᠠ ᠠ᠋ᠬᠢᠯᠡᠨ ᠪᠠᠯᠠᠯᠤᠭᠤᠷ ᠵᠠᠷᠤᠭᠤᠯᠬᠤ ᠥᠭᠡᠢ᠎ᠪᠠᠷ ᠤᠷᠤᠯᠳᠤᠲᠠᠭ᠃ ᠭᠤᠷᠪᠠᠲᠤᠭ᠋ᠠᠷ ᠤᠨ ᠪᠤᠯᠤᠭ᠋ᠠᠳ ᠮᠠᠨ᠎ᠤ ᠰᠤᠷᠤᠭᠴᠢᠳ ᠪᠤᠯᠤᠤᠨ ᠪᠢᠷ ᠠ᠋ᠬᠢᠯᠡᠵᠤ ᠵᠠᠷᠤᠬᠤ ᠥᠶ᠎ᠡ᠎ᠳᠤ ᠨᠢᠭᠡ ᠠᠷᠪᠢᠨ ᠪᠤᠷᠤᠭᠤ ᠵᠢ ᠵᠠᠯᠠᠷᠠᠭᠤᠯᠬᠤ ᠨᠠᠭ᠋ᠠᠯᠲᠠ ᠮᠡᠳᠤ ᠵᠤᠶ᠋ᠢᠯ᠎ᠢ ᠴᠤᠭᠯᠠᠭᠤᠯᠴᠢᠬᠠᠭᠰᠠᠨ ᠪᠠᠶ᠋ᠢᠪᠠ᠃ ᠲᠡᠭᠡᠭᠡᠳ ᠲᠡᠷᠡ ᠥᠶ᠎ᠡ᠎ᠳᠤ ᠪᠤᠷᠤᠭᠤ ᠥᠰᠦᠭ ᠪᠢᠴᠢᠪᠡᠯ ᠤᠷᠠᠵᠤ ᠬᠠᠶᠠᠭ᠍ᠤ᠂ ᠠ᠋ᠰᠡᠪᠡᠯ ᠠᠷᠤ᠎ᠳᠤ ᠨᠢ ᠪᠠᠭ᠎ᠠ ᠯᠡ ᠵᠢᠷᠤᠬᠤ ᠬᠡᠬᠦ ᠮᠡᠳᠤ ᠵᠢᠨ ᠠᠷᠭ᠎ᠠ ᠬᠡᠷᠡᠭᠯᠡᠭᠰᠡᠨ᠎ᠠᠴᠠ ᠰᠤᠷᠤᠭᠴᠢᠳ ᠭᠤᠷᠪᠡᠨ ᠭᠠᠷᠠᠭ᠎ᠤᠨ ᠲᠤᠳᠤᠷ᠎ᠠ ᠪᠤᠯᠤᠳ ᠪᠢᠷ᠎ᠤᠨ ᠪᠢᠴᠢᠯᠭᠡ᠎ᠳᠤ᠎ᠪᠠᠨ ᠲᠠᠳᠴᠢᠬᠠᠭᠰᠠᠨ ᠶᠤᠮ᠃
2. ᠤᠩᠰᠢᠯᠭ᠎ᠠ ᠵᠢᠨ ᠲᠠᠳᠬᠠᠯ᠎ᠢ ᠬᠦᠮᠤᠵᠢᠬᠦᠯᠤᠭ᠌ᠰᠠᠨ ᠲᠠᠯ᠎ᠠ᠎ᠪᠠᠷ᠄
(1) ᠤᠩᠰᠢᠯᠭ᠎ᠠ ᠵᠢᠨ ᠲᠠᠰᠬᠠᠯ ᠥᠯᠡᠳᠡᠭᠡᠵᠤ ᠸᠢᠴᠠᠲ ᠲᠡᠭᠡᠷ᠎ᠡ ᠤᠡᠭᠰᠢᠨ᠎ᠠ᠃ ᠪᠠᠭᠰᠢ᠎ᠠᠴᠠ ᠰᠤᠷᠤᠭᠴᠢᠳ᠎ᠤᠨ ᠤᠡᠭᠰᠢᠵᠤ ᠪᠠᠶ᠋ᠢᠭ᠎ᠠ ᠪᠠᠶ᠋ᠢᠳᠠᠯ᠎ᠳᠤ ᠵᠤᠬᠢᠴᠠᠭᠤᠯᠤᠨ ᠵᠤᠬᠢᠬᠤ ᠬᠤᠪᠢ ᠤᠯᠭᠤᠨ᠎ᠠ᠃ ᠰᠤᠷᠤᠭᠴᠢᠳ ᠸᠢᠴᠠᠲ ᠲᠡᠭᠡᠷ᠎ᠡ ᠤᠩᠰᠢᠬᠤ ᠥᠶᠡᠰ ᠭᠠᠭᠴᠠᠭ᠍ᠠᠨ ᠬᠠᠮᠳᠤ ᠨᠠᠶ᠋ᠢᠵᠠᠳᠤᠪᠠᠨ ᠪᠢᠰᠢ ᠴᠤᠭᠯᠠᠷᠠᠯ ᠲᠤᠳᠤᠷ᠎ᠠ ᠪᠠᠶ᠋ᠢᠬᠤ ᠭᠡᠷ᠎ᠤᠨ ᠠᠬᠠᠮᠠᠳ᠎ᠤᠳ ᠪᠠᠰᠠ ᠰᠤᠨᠤᠰᠬᠤ ᠤᠴᠢᠷ᠎ᠠᠴᠠ 《ᠬᠦᠮᠤᠨ᠎ᠤ ᠨᠢᠭᠤᠷ ᠬᠠᠯᠠᠭᠤᠨ᠎ᠲᠠᠢ᠂ ᠪᠤᠷᠬᠠᠨ᠎ᠤ ᠨᠢᠭᠤᠷ ᠠᠯᠲᠠ᠎ᠲᠠᠢ》 ᠭᠡᠳᠡᠭᠴᠢᠯᠡᠨ ᠭᠡᠷ᠎ᠤᠨ ᠠᠬᠠᠮᠠᠳ ᠰᠤᠷᠤᠭᠴᠢᠳ ᠪᠥᠷ ᠬᠥᠴᠤ ᠤᠷᠤᠭᠤᠯᠵᠤ ᠪᠤᠯᠪᠠᠰᠤᠷᠠᠴᠢᠬᠠᠭ᠋ᠠᠳ ᠰᠠᠶᠢ ᠤᠩᠰᠢᠲᠠᠭᠠᠴᠠ ᠤᠩᠰᠢᠯᠭ᠎ᠠ ᠵᠢᠨ ᠲᠠᠯ᠎ᠠ᠎ᠪᠠᠷ ᠶᠡᠬᠡᠬᠡᠨ ᠲᠡᠭᠡᠭᠰᠢᠯᠡᠯᠲᠡ᠎ᠲᠠᠢ ᠪᠤᠯᠵᠠᠢ᠃
(2) ᠬᠢᠴᠢᠶᠡᠯ ᠲᠡᠭᠡᠷ᠎ᠡ ᠲᠤᠭᠤᠶ᠋ᠢᠯᠠᠩ ᠵᠶ᠋ᠠᠷ ᠠᠳᠠᠯᠢᠳᠬᠠᠵᠤ ᠤᠩᠰᠢᠭᠤᠯᠵᠠᠢ᠃ ᠵᠢᠱ᠌ᠢᠶᠡᠯᠡᠪᠡᠯ᠂ ᠨᠢᠭᠡ ᠲᠤᠭᠤᠶ᠋ᠢᠯᠡᠩᠨᠢ ᠨᠢᠭᠡ ᠰᠤᠷᠤᠭᠴᠢ᠎ᠪᠠᠨ ᠰᠤᠩᠭᠤᠴᠢᠬᠠᠨᠠ᠂ ᠢᠩᠭᠢᠭᠰᠡᠨᠤ ᠰᠡᠭᠦᠯᠡᠷ ᠲᠠᠨ᠎ᠤ ᠲᠤᠭᠤᠶ᠋ᠢᠯᠠᠩ᠎ᠠᠴᠠ ᠬᠡᠨ ᠲᠤᠯᠵᠤ ᠪᠠᠶ᠋ᠢᠯᠳᠤᠨᠠ ᠪᠤᠢ? ᠭᠡᠵᠤ ᠰᠠᠶ᠋ᠢᠨ ᠤᠩᠰᠢᠭᠰᠠᠨ᠎ᠳᠤᠨᠢ ᠱᠠᠩᠨᠡᠯ ᠭᠠᠷᠳᠠᠭᠤᠯᠤᠭᠰᠠᠨ᠎ᠠᠴᠠ ᠬᠠᠷᠢᠯᠴᠠᠨ ᠠᠲᠠᠭ᠋ᠠᠷᠬᠠᠵᠤ᠂ ᠪᠤᠰᠤᠳ ᠬᠦᠮᠤᠨ ᠤᠩᠰᠢᠵᠤ ᠪᠠᠶ᠋ᠢᠭ᠎ᠠ᠎ᠳᠤ ᠪᠠᠰᠠ ᠪᠤᠯᠪᠠᠰᠤᠷᠠᠵᠤ ᠰᠠᠭᠤᠲᠠᠭ᠃ ᠪᠠᠭ᠎ᠠ ᠲᠡᠭᠡᠭᠰᠢᠯᠡᠪᠡᠯ ᠰᠠᠶ᠋ᠢᠨ ᠤᠩᠰᠢᠵᠤ ᠪᠠᠶ᠋ᠢᠭ᠎ᠠ᠎ᠲᠠᠢ ᠤᠴᠢᠵᠤ ᠤᠷᠤᠯᠳᠤᠨ᠎ᠠ᠂ ᠥᠪᠡᠷ᠎ᠤᠨ ᠤᠩᠰᠢᠯᠭ᠎ᠠ ᠰᠠᠶ᠋ᠢᠨ ᠪᠤᠯᠵᠤ ᠪᠠᠶ᠋ᠢᠭ᠎ᠠ᠎ᠪᠠᠨ ᠤᠯᠠᠨ᠎ᠲᠠᠢ᠎ᠪᠠᠨ ᠬᠤᠪᠢᠶᠠᠯᠴᠠᠨ᠎ᠠ ᠬᠡᠭᠦ ᠮᠡᠳᠤ᠎ᠪᠠᠷ ᠤᠩᠰᠢᠯᠭ᠎ᠠ ᠵᠢ ᠵᠢᠯᠤᠭᠤᠳᠴᠤ ᠪᠠᠶ᠋ᠢᠭ᠎ᠠ ᠶᠤᠮ᠃ ᠢᠩᠭᠢᠭᠰᠡᠨ᠎ᠠᠴᠠ ᠰᠤᠷᠤᠭᠴᠢᠳ ᠤᠯᠠᠩᠭᠢ ᠬᠢᠴᠢᠶᠡᠯ᠎ᠢ ᠪᠥᠬᠦᠨ᠎ᠢ ᠴᠡᠭᠡᠵᠢᠯᠡᠭᠰᠡᠨ ᠮᠥᠷᠲᠡᠭᠡᠨ ᠤᠩᠰᠢᠯᠭ᠎ᠠ᠎ᠠᠴᠠ ᠤᠷᠤᠶ᠋ᠢᠲᠠᠭ᠍ᠤᠠᠴᠠ ᠶᠡᠭᠡ ᠠᠶᠤᠲᠠᠭ᠃
(3) ᠨᠤᠮ ᠤᠩᠰᠢᠬᠤ ᠲᠠᠳᠬᠠᠯ᠎ᠢ ᠬᠦᠮᠤᠵᠢᠬᠦᠯᠵᠤ ᠪᠠᠶ᠋ᠢᠭ᠎ᠠ ᠲᠠᠯ᠎ᠠ᠎ᠪᠠᠷ᠄
ᠨᠤᠮ ᠪᠤᠯ ᠶᠢᠷᠲᠢᠨᠴᠤ ᠵᠢ ᠬᠠᠷᠠᠭ᠍ᠤ ᠴᠤᠩᠬᠤ᠃ ᠰᠤᠷᠤᠭᠴᠢᠳ ᠵᠥᠪᠬᠡᠨ ᠬᠢᠴᠢᠶᠡᠯ᠎ᠤᠨ ᠨᠤᠮ᠎ᠳᠤ ᠬᠢᠵᠠᠭ᠋ᠠᠷᠯᠠᠭᠲᠠᠪᠠᠯ ᠲᠡᠳᠡᠨ᠎ᠤ ᠮᠡᠳᠡᠬᠦ ᠴᠢᠲᠠᠭ᠍ᠤ ᠵᠥᠢ᠍ᠯ ᠬᠢᠵᠠᠭ᠋ᠠᠷᠲᠠᠮᠠᠯ ᠪᠤᠯᠴᠢᠬᠠᠨ᠎ᠠ᠃ ᠲᠡᠭᠡᠭᠡᠳ ᠪᠢ ᠰᠤᠷᠤᠭᠴᠢᠳ᠎ᠤᠨ ᠨᠤᠮ ᠤᠩᠰᠢᠯᠭ᠎ᠠ ᠵᠢᠨ ᠲᠠᠳᠬᠠᠯ᠎ᠢ ᠬᠥᠮᠤᠵᠢᠬᠦᠯᠬᠦ ᠵᠢᠨ ᠲᠤᠰᠠᠲᠠ ᠨᠤᠮ ᠤᠩᠰᠢᠭᠰᠠᠨ ᠲᠥᠷᠤᠭ᠌ᠲᠡᠯᠢ ᠶᠠᠷᠢᠭᠤᠯᠵᠤ᠂ ᠰᠢᠯᠢᠲᠡᠭ ᠰᠠᠶ᠋ᠢᠨ ᠨᠤᠮ ᠤᠩᠰᠢᠭᠰᠠᠨ ᠲᠡᠮᠳᠡᠭᠯᠡᠯ᠎ᠢ ᠤᠯᠠᠨ᠎ᠤ ᠠ᠋ᠮᠤᠨ᠎ᠡ ᠰᠤᠨᠢᠷᠬᠠᠭᠤᠯᠵᠤ᠂ ᠪᠠᠭᠰᠢ᠎ᠠᠴᠠ ᠥᠪᠡᠷ᠎ᠤᠨ ᠤᠩᠰᠢᠵᠤ ᠥᠩᠭᠡᠷᠡᠭᠰᠡᠨ ᠨᠤᠮ᠎ᠤᠨ ᠠᠭᠤᠯᠭ᠎ᠠ ᠵᠢ ᠲᠠᠨᠢᠯᠴᠠᠭᠤᠯᠬᠤ᠂ ᠰᠤᠷᠤᠭᠴᠢᠳ᠎ᠤᠨ ᠥᠭᠡᠰ᠎ᠤᠨ ᠬᠤᠷᠠᠮᠲᠤᠭᠤᠯᠤᠯᠢ ᠬᠢᠴᠢᠶᠡᠯ ᠲᠡᠭᠡᠷ᠎ᠡ ᠬᠡᠷᠡᠭᠯᠡᠬᠦ᠂ ᠪᠠᠭᠰᠢ ᠰᠤᠷᠤᠭᠴᠢᠳ᠎ᠲᠠᠢ ᠬᠠᠮᠳᠤ ᠠᠳᠠᠯᠢᠬᠠᠨ ᠨᠤᠮ ᠤᠩᠰᠢᠵᠤ ᠬᠠᠷᠢᠯᠴᠠᠨ ᠬᠤᠪᠢᠶᠠᠯᠴᠠᠭ᠍ᠤ ᠵᠡᠷᠭᠡ ᠠᠷᠭ᠎ᠠ ᠵᠢ ᠠᠪᠤᠪᠠ᠃ ᠢᠩᠭᠢᠭᠰᠡᠭᠡᠷ ᠬᠡᠤᠬᠡᠳ᠎ᠤᠳ᠎ᠤᠨ ᠨᠤᠮ ᠤᠩᠰᠢᠬᠤ ᠤᠷᠮ᠎ᠠ ᠪᠠᠬ᠎ᠠ ᠠᠶᠠᠨᠲᠠᠭ᠋ᠠᠨ ᠲᠠᠶ᠋ᠢᠴᠢᠯᠠᠭᠲᠠᠭ᠋ᠠᠳ ᠢᠷᠡᠴᠢᠭᠡᠨ᠎ᠡ᠃ ᠤᠳᠤ ᠪᠤᠯᠬᠤ᠎ᠳᠤ ᠮᠠᠨ᠎ᠤ ᠠᠩᠭᠢ ᠵᠢᠨ ᠰᠤᠷᠤᠭᠴᠢᠳ ᠨᠤᠮ ᠤᠩᠰᠢᠬᠤ ᠶᠡᠭᠡ ᠲᠤᠷᠠᠲᠠᠢ ᠪᠤᠯᠵᠤ ᠨᠤᠮ ᠤᠩᠰᠢᠯᠭ᠎ᠠ ᠵᠢᠨ ᠲᠠᠰᠬᠠᠯ ᠥᠯᠡᠳᠡᠭᠡᠬᠦ ᠥᠭᠡᠢ ᠪᠤᠯ ᠨᠡᠬᠡᠬᠦ ᠪᠠᠶ᠋ᠢᠲᠠᠯ᠎ᠲᠠᠢ ᠪᠤᠯᠵᠠᠢ᠃
(4) ᠲᠠᠰᠬᠠᠯ ᠲᠠᠭ᠋ᠠᠭ᠋ᠠᠯᠭ᠋ᠠᠪᠤᠷᠢ᠎ᠪᠠᠨ ᠴᠠᠭ ᠲᠤᠬᠠᠢᠳᠤᠨᠢ ᠪᠡᠶᠡᠯᠡᠬᠦᠯᠬᠦ ᠲᠠᠳᠬᠠᠯ᠎ᠢ ᠬᠦᠮᠤᠵᠢᠬᠦᠯᠬᠦ ᠲᠠᠯ᠎ᠠ᠎ᠪᠠᠷ᠄
ᠲᠠᠰᠬᠠᠯ ᠪᠤᠯ ᠰᠤᠷᠤᠭᠴᠢᠳ ᠬᠢᠴᠢᠶᠡᠯ ᠲᠡᠭᠡᠷ᠎ᠡ ᠰᠤᠷᠤᠭᠰᠠᠨ ᠵᠶ᠋ᠠᠨ ᠪᠤᠲᠠᠲᠠᠢ ᠥᠢ᠍ᠯᠡᠳᠤᠯᠭᠡᠳᠤ ᠭᠡᠷᠡᠭᠯᠡᠬᠦ᠎ᠪᠠᠷ ᠲᠠᠮᠵᠢᠨ ᠪᠠᠳᠤᠳᠬᠠᠵᠤ ᠪᠠᠶ᠋ᠢᠭ᠎ᠠ ᠨᠢᠭᠡ ᠬᠡᠯᠪᠡᠷᠢ ᠮᠥᠨ᠃ ᠠ᠋ᠶ᠋ᠢᠮᠤ᠎ᠠᠴᠠ ᠰᠤᠷᠤᠭᠴᠢᠳ᠎ᠤᠨ ᠲᠠᠰᠬᠠᠯ ᠵᠶ᠋ᠠᠨ ᠴᠡᠪᠡᠷ ᠲᠡᠭᠰᠢ ᠮᠥᠷᠲᠡᠭᠡᠨ ᠪᠥᠷᠢᠨ ᠪᠥᠳᠤᠨ ᠬᠢᠬᠦ ᠲᠠᠳᠬᠠᠯ᠎ᠢ ᠬᠦᠮᠤᠵᠢᠬᠦᠯᠬᠦ ᠪᠤᠯ ᠬᠠᠮᠤᠭ᠎ᠤᠨ ᠴᠢᠬᠤᠯᠡ᠃ ᠲᠡᠭᠡᠭᠡᠳ ᠪᠢ ᠲᠤᠰ ᠬᠤᠭᠤᠴᠠᠭ᠎ᠠ ᠠᠴᠠ ᠠ᠋ᠬᠢᠯᠡᠨ ᠰᠤᠷᠤᠭᠴᠢᠳ᠎ᠤᠨ ᠪᠥᠬᠦ ᠬᠢᠴᠢᠶᠡᠯ ᠲᠥᠷᠤᠯ᠎ᠤᠨ ᠭᠡᠷ᠎ᠤᠨ ᠲᠠᠰᠬᠠᠯ᠎ᠢ ᠬᠡᠷᠬᠢᠨ ᠪᠡᠶᠡᠯᠡᠬᠦᠯᠵᠤ ᠪᠠᠶ᠋ᠢᠭ᠎ᠠ ᠵᠢ ᠤᠩᠰᠢᠯᠭ᠎ᠠ ᠵᠢᠨ ᠴᠠᠭ᠎ᠲᠤ᠎ᠪᠠᠨ ᠪᠠᠶ᠋ᠢᠴᠠᠭ᠋ᠠᠵᠤ ᠥᠵᠡᠨ᠎ᠡ᠃ ᠪᠠᠰᠠ ᠰᠤᠷᠤᠭᠴᠢᠳ᠎ᠤᠨ ᠪᠤᠰᠤᠳ ᠬᠢᠴᠢᠶᠡᠯ᠎ᠤᠨ ᠲᠠᠰᠬᠠᠯ᠎ᠤᠨ ᠪᠠᠶ᠋ᠢᠲᠠᠯ᠎ᠢ ᠥᠨᠳᠤᠰᠤᠯᠡᠵᠤ ᠥᠪᠡᠷ᠎ᠤᠨ ᠲᠠᠰᠬᠠᠯ ᠵᠶ᠋ᠠᠨ ᠥᠯᠡᠳᠡᠭᠡᠵᠤ ᠬᠡᠤᠬᠡᠳ᠎ᠤᠳ ᠴᠤ᠌ ᠲᠠᠰᠬᠠᠯ ᠵᠶ᠋ᠠᠨ ᠴᠡᠪᠡᠷ ᠲᠡᠭᠰᠢ ᠪᠥᠷᠢᠨ ᠪᠡᠶᠡᠯᠡᠬᠦᠯᠬᠦ ᠪᠤᠯᠤᠭᠰᠠᠨ ᠪᠠᠶ᠋ᠢᠨ᠎ᠠ᠃
(5) ᠬᠠᠮᠵᠢᠯᠴᠠᠨ ᠰᠤᠷᠤᠯᠴᠠᠭ᠍ᠤ ᠲᠠᠳᠬᠠᠯ᠎ᠢ ᠬᠦᠮᠤᠵᠢᠬᠦᠯᠬᠦ ᠲᠠᠯ᠎ᠠ᠎ᠪᠠᠷ᠄
ᠬᠠᠮᠵᠢᠯᠴᠠᠨ ᠰᠤᠷᠬᠤ ᠪᠤᠯ ᠪᠠᠰᠠ ᠨᠢᠭᠡᠨ ᠤᠳᠬ᠎ᠠ ᠠᠭᠤᠯᠭ᠎ᠠ᠎ᠲᠠᠢ ᠰᠤᠷᠤᠯᠴᠠᠭ᠋ᠠᠨᠤ ᠬᠡᠯᠪᠡᠷᠢ ᠪᠤᠯᠤᠨ᠎ᠠ᠃ ᠰᠤᠷᠤᠭᠴᠢᠳ ᠬᠢᠴᠢᠶᠡᠯ ᠲᠡᠭᠡᠷ᠎ᠡ ᠰᠤᠷᠤᠭᠰᠠᠨ ᠮᠡᠳᠡᠯᠭᠡ᠎ᠪᠠᠨ ᠬᠠᠮᠵᠢᠯᠴᠠᠭ᠍ᠤ᠎ᠪᠠᠷ ᠲᠠᠮᠵᠢᠨ ᠬᠦᠴᠢᠷᠳᠡᠯᠭᠡ ᠵᠢ ᠰᠶ᠋ᠢᠳᠪᠤᠷᠢᠯᠡᠵᠤ᠂ ᠬᠢᠴᠢᠶᠡᠯ᠎ᠤᠨ ᠠᠭᠤᠯᠭ᠎ᠠ᠎ᠪᠠᠨ ᠠᠮᠢᠳᠤᠯᠢᠭ ᠪᠤᠯᠭ᠋ᠠᠵᠤ ᠬᠠᠷᠢᠯᠴᠠᠨ ᠲᠡᠭᠡᠭᠰᠢᠯᠡᠬᠦ ᠶᠠᠪᠤᠴᠠ ᠪᠤᠯᠤᠨ᠎ᠠ᠃ ᠠ᠋ᠨᠡ ᠭᠦ᠌ ᠰᠤᠷᠤᠯᠴᠠᠯᠭ᠎ᠠ᠎ᠪᠠᠷ ᠲᠠᠮᠵᠢᠨ ᠤᠨᠴᠠ ᠰᠤᠷᠤᠭᠴᠢ ᠵᠢ ᠬᠥᠮᠤᠵᠢᠬᠦᠯᠴᠢᠭᠡᠳᠡᠭ ᠮᠥᠷᠳᠡᠭᠡᠨ ᠬᠥᠴᠢᠷᠳᠡᠵᠤ ᠪᠠᠶ᠋ᠢᠭ᠎ᠠ ᠰᠤᠷᠤᠭᠴᠢᠳ᠎ᠢ ᠴᠤ᠌ ᠠᠮᠠᠷᠬᠠᠨ ᠲᠡᠭᠡᠭᠰᠢᠯᠡᠬᠦᠯᠴᠢᠭᠡᠳᠡᠭ᠃
ᠬᠤᠶᠠᠷ᠂ ᠭᠡᠷᠬᠢᠨ ᠵᠦᠪ ᠰᠠᠢ᠍ᠢ᠍ᠬᠠᠨ ᠰᠤᠷᠤᠭᠴᠢᠳ᠎ᠤᠨ ᠠᠮᠢᠳᠤᠷᠠᠯ᠎ᠤᠨ ᠲᠠᠳᠬᠠᠯ᠎ᠢ ᠬᠥᠮᠤᠵᠢᠬᠦᠯᠭᠦ ᠪᠤᠢ
ᠪᠠᠭᠰᠢ ᠪᠤᠯᠤᠭᠰᠠᠳ ᠰᠤᠷᠤᠭᠴᠢᠳ᠎ᠤᠨ ᠪᠥᠬᠦ ᠲᠠᠯ᠎ᠠ᠎ᠳᠤ ᠬᠥᠨᠵᠡᠭᠡᠶ᠋ᠢᠷᠡᠵᠤ ᠠᠮᠢᠳᠤᠷᠠᠯ᠎ᠤᠨ ᠲᠠᠳᠬᠠᠯ᠎ᠠᠴᠠ ᠰᠤᠷᠤᠯᠭ᠎ᠠ ᠵᠢᠨ ᠲᠠᠳᠬᠠᠯ᠎ᠢ ᠬᠡᠷᠬᠢᠨ ᠨᠥᠯᠤᠬᠡᠯᠡᠵᠤ ᠪᠠᠶ᠋ᠢᠬᠤ ᠵᠢ ᠠᠩᠬᠠᠷᠴᠤ ᠠ᠋ᠩ᠎ᠤᠨ ᠴᠠᠭ᠎ᠤᠨ ᠲᠠᠳᠬᠠᠯ ᠬᠥᠮᠤᠵᠢᠯ᠎ᠳᠤ ᠴᠤ᠌ ᠬᠥᠴᠤ ᠲᠠᠯᠪᠢᠨ᠂ ᠵᠢᠵᠢᠭ ᠰᠠᠵᠢᠭ ᠵᠤᠶ᠋ᠢᠯ᠎ᠠᠴᠠ ᠠ᠋ᠬᠢᠯᠡᠵᠤ ᠬᠥᠮᠤᠵᠢᠯ ᠬᠢᠬᠦ ᠬᠡᠷᠡᠭᠲᠠᠢ᠃
(1) ᠪᠠᠭᠰᠢ ᠠᠬᠠᠮᠠᠳ ᠵᠶ᠋ᠠᠨ ᠬᠥᠨᠳᠤᠳᠭᠡᠬᠦ ᠲᠠᠳᠬᠠᠯ᠎ᠢ ᠬᠥᠮᠤᠵᠢᠬᠦᠯᠤᠨᠠ᠃
《ᠬᠥᠮᠤᠨ᠎ᠳᠤ ᠠᠬ᠎ᠠ᠎ᠲᠠᠢ᠂ ᠲᠡᠪᠡᠯ᠎ᠳᠤ ᠵᠠᠬ᠎ᠠ᠎ᠲᠠᠢ》 ᠭᠡᠳᠡᠭᠴᠢᠯᠡᠨ ᠰᠤᠷᠤᠭᠴᠢᠳ ᠭᠡᠷ᠎ᠲᠤ᠎ᠪᠠᠨ ᠠᠬᠠᠮᠠᠳ ᠵᠶ᠋ᠠᠨ ᠬᠥᠨᠳᠤᠳᠭᠡᠵᠤ ᠥᠪᠡᠷ᠎ᠤᠨ ᠬᠢᠵᠤ ᠲᠡᠶ᠋ᠢᠯᠬᠦ ᠠᠵᠢᠯ ᠵᠶ᠋ᠠᠨ ᠭᠠᠷ ᠬᠥᠳᠡᠯᠳ ᠬᠢᠵᠤ᠂ ᠰᠤᠷᠭ᠋ᠠᠭᠤᠯᠢ᠎ᠳᠤ ᠪᠠᠭᠰᠢ᠎ᠪᠠᠨ ᠬᠥᠨᠳᠤᠯᠡᠨ᠂ ᠡᠯ᠎ᠡ ᠬᠢᠴᠢᠶᠡᠯ ᠲᠥᠷᠤᠯ ᠢᠯᠭ᠋ᠠᠬᠤ ᠥᠭᠡᠢ ᠪᠠᠶ᠋ᠢᠬᠤ ᠵᠢ ᠴᠠᠭ ᠥᠷᠬᠦᠯᠵᠢ ᠱᠠᠭ᠋ᠠᠷᠲᠠᠲᠠᠭ᠃ ᠠ᠋ᠬᠦᠨ᠎ᠳᠤ 《ᠠ᠋ᠬᠡ ᠵᠢᠨ ᠬᠠᠶ᠋ᠢᠷ᠎ᠠ》 《ᠪᠠᠭᠰᠢ᠎ᠳᠤ᠎ᠪᠠᠨ ᠬᠡᠯᠡᠬᠦ ᠰᠡᠳᠬᠢᠯ᠎ᠤᠨ ᠥᠭᠡ》 ᠬᠡᠬᠦ ᠮᠡᠳᠤ ᠵᠢᠨ ᠬᠠᠶ᠋ᠢᠷ᠎ᠠ ᠵᠢᠨ ᠰᠡᠳᠤᠪᠳᠤ ᠵᠤᠬᠢᠶᠠᠯ ᠪᠢᠴᠢᠬᠦᠯᠪᠡ᠃
(2) ᠠᠷᠢᠭᠤᠨ ᠴᠡᠪᠡᠷ᠎ᠢ ᠠ᠋ᠷᠬᠢᠮᠯᠡᠬᠦ ᠲᠠᠳᠬᠠᠯ᠎ᠢ ᠬᠥᠮᠤᠵᠢᠬᠦᠯᠤᠨᠠ᠃
ᠰᠤᠷᠤᠯᠴᠠᠭ᠍ᠤ ᠤᠷᠴᠢᠨ᠎ᠢ ᠴᠡᠪᠡᠷ ᠴᠡᠮᠴᠡᠭᠡᠷ ᠪᠠᠶ᠋ᠢᠯᠭ᠋ᠠᠬᠤ᠎ᠨᠢ ᠬᠥᠮᠤᠰ᠎ᠤᠨ ᠰᠡᠳᠬᠢᠯ ᠰᠠᠨᠠᠭ᠎ᠠ ᠵᠢ ᠠᠭᠤᠵᠢᠭᠤ ᠲᠠᠯᠪᠢᠭᠤ ᠪᠤᠯᠭ᠋ᠠᠬᠤ ᠮᠥᠷᠲᠡᠭᠡᠨ ᠪᠡᠶ᠎ᠡ ᠰᠡᠳᠬᠢᠯ᠎ᠤᠨ ᠠ᠋ᠷᠡᠬᠦᠯ ᠴᠢᠬᠢᠷᠠᠭ᠎ᠢ ᠰᠢᠭᠤᠳ ᠨᠥᠯᠤᠭᠡᠯᠡᠨᠡ᠃ ᠢᠩᠭᠢᠭᠡᠳ ᠪᠢ ᠰᠤᠷᠤᠭᠴᠢᠳ᠎ᠢ ᠪᠢᠴᠢᠭ ᠲᠡᠪᠲᠡᠷ ᠲᠠᠯᠪᠢᠬᠤ᠎ᠠᠴᠠ ᠠ᠋ᠬᠢᠯᠡᠭᠡᠳ᠂ ᠬᠤᠷᠭᠤ ᠠᠪᠲᠠᠷ᠎ᠠ᠎ᠪᠠᠨ ᠲᠡᠷᠢ ᠲᠡᠭᠰᠢ ᠪᠠᠶ᠋ᠢᠯᠭ᠋ᠠᠬᠤ᠂ ᠠᠩᠭᠢ ᠵᠢᠨ ᠭᠡᠷ᠂ ᠬᠤᠪᠢ ᠬᠥᠮᠤᠨᠤ ᠠ᠋ᠷᠡᠬᠦᠯ ᠬᠠᠮᠠᠭ᠋ᠠᠯᠠᠯ ᠵᠡᠷᠭᠡ᠎ᠪᠠᠨ ᠴᠡᠪᠡᠷ ᠬᠢᠬᠦ᠂ ᠲᠠᠰᠬᠠᠯ ᠵᠶ᠋ᠠᠨ ᠴᠡᠪᠡᠷ ᠰᠠᠶ᠋ᠢᠬᠠᠨ ᠪᠡᠶᠡᠯᠡᠬᠦᠯᠬᠦ ᠲᠤᠬᠠᠢ ᠴᠢᠩᠭ᠎ᠠ ᠱᠠᠭ᠋ᠠᠷᠳᠠᠳᠠᠭ ᠮᠥᠷᠳᠡᠭᠡᠨ ᠲᠤᠰᠬᠠᠢ ᠪᠠᠶ᠋ᠢᠴᠠᠭ᠋ᠠᠯᠲᠠ ᠬᠢᠳᠡᠭ᠃
(3) ᠴᠠᠭ᠎ᠢ ᠪᠠᠷᠢᠮᠲᠠᠯᠠᠭ᠍ᠤ ᠲᠠᠳᠬᠠᠯ᠎ᠢ ᠬᠥᠮᠤᠵᠢᠬᠦᠯᠤᠨᠡ᠃
《ᠴᠠᠭ ᠪᠤᠯ ᠠᠮᠢ ᠨᠠᠰᠤ》 《ᠴᠠᠭ᠎ᠢ ᠰᠢᠵᠢᠷ ᠠᠯᠲᠠ᠎ᠪᠠᠷ ᠴᠤ᠌ ᠰᠤᠯᠢᠵᠤ ᠲᠡᠶ᠋ᠢᠯᠬᠦ ᠥᠭᠡᠢ》 ᠭᠡᠳᠡᠭ᠎ᠢ ᠰᠤᠷᠤᠭᠴᠢᠳ᠎ᠲᠤ ᠮᠡᠳᠡᠬᠦᠯᠤᠨ ᠴᠠᠭ᠎ᠢ ᠨᠠᠨᠳᠢᠩᠨᠠᠭ᠍ᠤ᠂ ᠴᠠᠭ᠎ᠢ ᠲᠠᠯᠠᠭ᠋ᠠᠷ ᠰᠥᠢ᠍ᠳᠭᠡᠬᠦ ᠥᠭᠡᠢ ᠪᠠᠶ᠋ᠢᠬᠤ ᠬᠥᠮᠤᠵᠢᠯ᠎ᠢ ᠥᠷᠬᠦᠯᠵᠢ ᠬᠢᠳᠡᠭ᠃ ᠢᠩᠭᠢᠭᠡᠳ ᠰᠤᠷᠤᠭᠴᠢᠳ ᠠ᠋ᠷᠲᠡ ᠤᠷᠤᠢ ᠵᠢᠨ ᠰᠤᠯᠡ ᠰᠡᠯᠡᠬᠦᠤ ᠴᠠᠭ ᠵᠶ᠋ᠠᠨ ᠠᠰᠢᠭᠯᠠᠨ ᠥᠪᠡᠷ᠎ᠤᠨ ᠬᠤᠴᠤᠷᠴᠤ ᠪᠠᠶ᠋ᠢᠭ᠎ᠠ ᠵᠤᠶ᠋ᠢᠯ ᠵᠶ᠋ᠠᠨ ᠬᠢᠵᠤ ᠤᠷᠤᠯᠳᠤᠬᠤ ᠲᠠᠳᠬᠠᠯ᠎ᠲᠠᠢ ᠪᠤᠯᠵᠤ ᠪᠠᠶ᠋ᠢᠨ᠎ᠠ᠃
(4) ᠭᠡᠷ᠎ᠤᠨ ᠰᠤᠷᠭ᠋ᠠᠯ᠎ᠲᠠᠢ ᠨᠢᠭᠲᠠ ᠤᠶᠠᠯᠳᠤᠭᠤᠯᠤᠨ᠎ᠠ᠃
ᠭᠡᠷ᠎ᠤᠨ ᠰᠤᠷᠭ᠋ᠠᠯ ᠪᠤᠯ ᠬᠡᠤᠬᠡᠳ᠎ᠤᠨ ᠲᠠᠳᠬᠠᠯ᠎ᠤᠨ ᠬᠦᠮᠤᠵᠢᠯ᠎ᠳᠤ ᠰᠢᠭᠤᠳ ᠨᠥᠯᠤᠭᠡ ᠥᠵᠡᠬᠦᠯᠤᠨᠡ᠃ ᠠ᠋ᠳᠡᠭᠡᠷ ᠲᠠᠯ᠎ᠠ ᠵᠢ ᠭᠡᠷ᠎ᠤᠨ ᠠᠬᠠᠮᠠᠳ᠎ᠲᠤ ᠮᠡᠳᠡᠬᠦᠯᠵᠤ᠂ ᠬᠡᠤᠬᠡᠳ ᠲᠤ᠎ᠪᠠᠨ ᠥᠪᠡᠷ ᠵᠶ᠋ᠠᠨ ᠲᠥᠷᠢᠮ ᠥᠵᠡᠬᠦᠯᠬᠦ᠂ ᠬᠡᠤᠬᠡᠳ ᠵᠶ᠋ᠠᠨ ᠰᠤᠷᠭ᠋ᠠᠬᠤ᠎ᠳᠤ ᠥᠵᠡᠯᠲᠡ ᠨᠢᠭᠡ ᠪᠠᠶ᠋ᠢᠬᠤ᠂ ᠬᠡᠤᠬᠡᠳ ᠵᠶ᠋ᠠᠨ ᠪᠤᠷᠬᠠᠨ ᠰᠢᠬ ᠲᠠᠬᠢᠵᠤ ᠪᠤᠯᠬᠤ ᠥᠭᠡᠢ ᠬᠠᠷᠢᠨ ᠬᠥᠮᠤᠨ ᠵᠶ᠋ᠠᠷ ᠥᠵᠡᠵᠤ ᠵᠠᠷᠤᠬᠤ ᠭᠡᠬᠦ ᠮᠡᠳᠤ ᠵᠢᠨ ᠵᠤᠶ᠋ᠢᠯ᠎ᠢ ᠰᠠᠨᠠᠭᠤᠯᠵᠤ ᠬᠡᠤᠬᠡᠳ᠎ᠤᠨ ᠬᠥᠮᠤᠵᠢᠯ᠎ᠳᠤ ᠪᠠᠭᠰᠢ᠎ᠲᠠᠢ ᠨᠢᠭᠡ ᠯᠡ ᠰᠡᠳᠬᠢᠯ᠎ᠲᠠᠢ ᠪᠠᠶ᠋ᠢᠬᠤ ᠵᠢ ᠤᠬᠠᠭᠤᠯᠤᠨ᠎ᠠ᠃ ᠤᠯᠠᠮᠵᠢᠯᠠᠯᠳᠤ ᠭᠡᠷ᠎ᠤᠨ ᠰᠤᠷᠭ᠋ᠠᠯ᠎ᠢ ᠬᠠᠮᠳᠤ᠎ᠪᠠᠷ ᠰᠤᠷᠤᠯᠴᠠᠵᠤ ᠲᠤᠰᠬᠠᠢ ᠨᠤᠮ ᠲᠠᠨᠢᠯᠴᠠᠭᠤᠯᠤᠨ᠎ᠠ᠃
ᠶᠡᠷᠤᠲᠠ ᠵᠢᠨ ᠰᠤᠷᠤᠯᠭ᠎ᠠ ᠠᠮᠢᠳᠤᠷᠠᠯ ᠲᠤᠮᠲᠠ ᠲᠡᠭᠡᠷᠡᠬᠢ ᠭᠡᠳᠤᠨ ᠲᠠᠯ᠎ᠠ᠎ᠠᠴᠠ ᠰᠤᠷᠤᠭᠴᠢᠳ ᠵᠶ᠋ᠠᠨ ᠱᠠᠭ᠋ᠠᠷᠲᠠᠵᠤ ᠢᠷᠡᠭᠰᠡᠨ᠎ᠠᠴᠠ ᠤᠳᠤ ᠪᠤᠯᠬᠤ᠎ᠳᠤ ᠰᠤᠷᠤᠯᠴᠠᠯᠭ᠎ᠠ ᠵᠢᠨ ᠲᠠᠯ᠎ᠠ᠎ᠪᠠᠷ ᠴᠤ᠌ ᠭᠡᠰᠡᠨ ᠨᠡᠯᠢᠶᠡᠳ ᠰᠠᠶ᠋ᠢᠨ ᠲᠠᠳᠬᠠᠯ᠎ᠲᠠᠢ ᠪᠤᠯᠵᠤ ᠴᠢᠲᠠᠵᠠᠢ᠃ ᠨᠡᠩ ᠢᠯᠠᠩᠭᠤᠶ᠎ᠠ ᠬᠡᠤᠬᠡᠳ᠎ᠤᠳ᠎ᠤᠨ ᠨᠤᠮ ᠤᠩᠰᠢᠬᠤ ᠲᠠᠯ᠎ᠠ ᠵᠢᠨ ᠤᠷᠮ᠎ᠠ ᠪᠠᠬ᠎ᠠ ᠮᠠᠰᠢ ᠲᠡᠭᠡᠭᠰᠢᠯᠡᠵᠤ ᠢᠷᠡᠪᠡ᠃ 《ᠠᠪᠤ ᠵᠢᠨ ᠬᠥᠤ ᠠᠳᠠᠯᠢ ᠥᠭᠡᠢ᠂ ᠠᠷᠪᠠᠨ ᠬᠤᠷᠤᠭᠤ ᠲᠡᠭᠰᠢ ᠥᠭᠡᠢ》 ᠬᠡᠳᠡᠭᠴᠢᠯᠡᠨ ᠬᠥᠮᠤᠨ ᠪᠤᠯᠭ᠋ᠠᠨ᠎ᠤ ᠵᠠᠩ ᠠᠷᠠᠨᠰᠢᠨ᠂ ᠲᠤᠷ᠎ᠠ ᠪᠠᠬ᠎ᠠ᠂ ᠠᠪᠢᠶᠠᠰᠯᠢᠭ ᠲᠠᠯ᠎ᠠ ᠠᠳᠠᠯᠢ ᠥᠭᠡᠢ ᠪᠠᠶ᠋ᠢᠲᠠᠭ᠃ ᠠ᠋ᠶ᠋ᠢᠮᠤ᠎ᠠᠴᠠ ᠰᠤᠷᠤᠭᠴᠢ ᠵᠢ ᠢᠯᠡᠬᠦᠬᠡᠨ ᠤᠶ᠋ᠢᠯᠠᠭ᠋ᠠᠵᠤ᠂ ᠰᠤᠷᠤᠯᠭ᠎ᠠ ᠠᠮᠢᠳᠤᠷᠠᠯ᠎ᠤᠨ ᠲᠠᠳᠬᠠᠯ᠎ᠤᠨ ᠬᠥᠮᠤᠵᠢᠯ᠎ᠢ ᠬᠥᠴᠤ ᠲᠠᠯᠪᠢᠨ ᠠᠳᠬᠤᠵᠤ᠂ ᠰᠤᠷᠤᠭᠴᠢ ᠵᠢᠨ ᠵᠶ᠋ᠠᠨ ᠪᠤᠲᠠᠲᠠᠢ ᠪᠠᠶ᠋ᠢᠲᠠᠯ᠎ᠳᠤ ᠨᠡᠶ᠋ᠢᠴᠡᠬᠦᠯᠤᠨ ᠲᠠᠳᠡ᠎ᠨᠢ ᠢᠯᠡᠬᠦᠬᠡᠨ ᠵᠤᠷᠢᠬ᠍ᠵᠢᠭᠤᠯᠪᠠᠯ ᠵᠤᠬᠢᠨ᠎ᠠ᠃
ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠵᠡᠬᠦᠨ ᠥᠵᠤᠮᠤᠴᠢᠨ ᠬᠤᠰᠢᠭᠤᠨ᠎ᠤ
ᠬᠤᠶᠠᠳᠤᠭ᠋ᠠᠷ ᠪᠠᠭ᠎ᠠ ᠰᠤᠷᠭ᠋ᠠᠭᠤᠯᠢ
(ᠠᠯᠳᠠᠨᠰᠦᠢ᠍ᠭᠡ ᠨᠠᠢ᠍ᠢ᠍ᠷᠠᠭᠤᠯᠪᠠ)