ᠠ᠋ᠩᠬᠡᠪᠠᠳᠦ

ᠭᠡᠷ ᠪᠦᠯᠢ ᠵᠢᠨ ᠬᠦᠮᠤᠵᠢᠯ ᠪᠤᠯ ᠶᠡᠷᠤᠩᠭᠡᠶ᠋ᠢᠯᠡᠭᠰᠡᠨ ᠰᠤᠷᠭ᠋ᠠᠨ ᠬᠦᠮᠤᠵᠢᠯ᠎ᠤᠨ ᠬᠠᠮᠤᠭ ᠤᠨ ᠦᠨᠳᠤᠰᠤᠨ ᠰᠠᠭᠤᠷᠢᠨ᠎ᠢ ᠪᠤᠯᠬᠤ ᠪᠦᠭᠡᠳ ᠮᠦᠠ ᠴᠦ᠍ ᠨᠠᠰᠤᠨ ᠲᠤᠷᠰᠢ ᠵᠢᠨ ᠬᠦᠮᠤᠵᠢᠯ᠎ᠲᠠᠢ ᠰᠢᠭᠤᠳ ᠬᠤᠯᠪᠤᠭᠳᠠᠵᠦ ᠪᠠᠶ᠋ᠢᠳᠠᠭ᠃ ᠭᠡᠷ ᠪᠦᠯᠢ ᠵᠢᠨ ᠬᠦᠮᠤᠵᠢᠯ᠎ᠨᠢ ᠵᠦᠪᠭᠡᠨ ᠨᠢᠭᠡ ᠯᠠ ᠠᠶ᠋ᠢᠯ ᠠ᠋ᠷᠤᠭᠡ᠂ ᠨᠢᠭᠡ ᠬᠡᠤᠬᠡᠳ᠎ᠤᠨ ᠶᠠᠪᠤᠳᠠᠯ ᠳᠡᠳᠦᠢ ᠪᠢᠰᠢ᠂ ᠬᠠᠷᠢᠨ ᠪᠦᠭᠦᠶ ᠯᠡ ᠡᠴᠢᠭᠡ ᠠ᠋ᠬᠡ ᠪᠤᠯᠤᠭᠰᠠᠳ ᠪᠠ ᠠᠬᠠᠮᠠᠳᠴᠤᠳ᠎ᠨᠢ ᠦᠷ᠎ᠡ ᠬᠤᠶ᠋ᠢᠴᠢᠰ᠎ᠲᠤ ᠪᠠᠨ ᠬᠡᠷᠬᠢᠨ ᠬᠦᠮᠤᠨ ᠪᠤᠯᠤᠨ ᠬᠦᠮᠤᠵᠢᠬᠦ ᠵᠢᠨ ᠦᠠᠳᠤᠰᠤᠨ ᠤᠬᠠᠭᠳᠠᠭ᠍ᠤᠨᠢ ᠳᠠᠨᠢᠭᠤᠯᠵᠦ ᠳᠡᠭᠦᠠᠴᠢᠯᠡᠨ ᠦᠪᠡᠷᠰᠡᠳ᠎ᠤᠨ ᠵᠶ᠋ᠠᠨ ᠨᠡᠶ᠋ᠢᠭᠡᠮ᠎ᠳᠤ ᠦᠵᠡᠭᠦᠯᠬᠦ ᠠ᠋ᠭᠦᠷᠭᠡ ᠬᠠᠷᠢᠭᠤᠴᠠᠯᠭ᠎ᠠ᠎ᠪᠠᠨ ᠬᠡᠷᠬᠢᠨ ᠰᠠᠶ᠋ᠢᠳᠤᠷ ᠬᠦᠢ᠍ᠴᠡᠳᠭᠡᠬᠦ ᠶᠠᠪᠤᠳᠠᠯ ᠪᠤᠯᠤᠨ᠎ᠠ᠃
ᠭᠡᠷ ᠪᠦᠯᠢ ᠵᠢᠨ ᠬᠦᠮᠤᠵᠢᠯ᠎ᠨᠢ ᠴᠢᠨᠠᠭᠰᠢᠳᠠ ᠦᠷᠭᠦᠯᠵᠢᠯᠡᠨ ᠰᠤᠷᠭ᠋ᠠᠭᠤᠯᠢ ᠵᠢᠨ ᠬᠦᠮᠤᠵᠢᠯ ᠪᠠ ᠨᠡᠶ᠋ᠢᠭᠡᠮ᠎ᠤᠨ ᠬᠦᠮᠤᠵᠢᠯ᠎ᠢ ᠬᠦᠷᠳᠡᠬᠦ᠎ᠳᠤ ᠲᠤᠶ᠋ᠢᠯ᠎ᠤᠨ ᠴᠢᠬᠤᠯᠠ ᠦᠷ᠎ᠡ ᠠᠰᠢᠬᠳᠦ ᠨᠦᠭᠦᠴᠡᠯ ᠪᠤᠯᠤᠯᠴᠠᠭ᠎ᠠ ᠵᠢ ᠬᠠᠩᠭ᠋ᠠᠵᠦ ᠦᠭᠳᠡᠭ ᠪᠦᠭᠡᠳ ᠬᠡᠤᠬᠡᠳ ᠪᠠᠭ᠋ᠠᠴᠤᠳ᠎ᠤᠨ ᠠᠯᠤᠰ ᠢᠷᠡᠭᠡᠳᠦᠢ ᠵᠢᠨ ᠬᠦᠭᠵᠢᠯᠳᠠ᠎ᠳᠤ ᠴᠢᠬᠤᠯᠠ ᠦᠢ᠍ᠯᠠᠳᠤᠯ ᠦᠵᠠᠭᠦᠯᠳᠡᠭ ᠶᠤᠮ᠃
ᠭᠡᠷ ᠪᠦᠯᠢ ᠵᠢᠨ ᠬᠦᠮᠤᠵᠢᠯ᠎ᠤᠨ ᠭᠤᠤᠯ ᠠᠭᠤᠯᠭ᠎ᠠ᠎ᠨᠢ ᠦᠷ᠎ᠡ ᠬᠡᠤᠬᠡᠳ ᠵᠶ᠋ᠠᠨ ᠪᠡᠶ᠎ᠡ ᠮᠠᠭ᠍ᠠᠪᠤᠳ ᠠ᠋ᠷᠡᠭᠦᠯ ᠴᠢᠬᠢᠷᠠᠭ ᠤᠶᠤᠨ ᠤᠬᠠᠭ᠋ᠠᠨ ᠰᠡᠴᠡᠨ ᠰᠡᠷᠭᠦᠯᠡᠩ ᠵᠶ᠋ᠠᠷ ᠦᠰᠤᠨ ᠪᠤᠶ᠋ᠢᠵᠢᠭᠤᠯᠵᠦ᠂ ᠨᠡᠶ᠋ᠢᠭᠡᠮ᠎ᠤᠨ ᠠᠯᠢᠪᠡ ᠬᠡᠷᠡᠭ ᠪᠤᠳᠠᠰ ᠪᠠ ᠤᠴᠢᠷ ᠶᠠᠪᠤᠳᠠᠯ᠎ᠢ ᠤᠶ᠋ᠢᠯᠠᠭ᠋ᠠᠨ ᠳᠠᠨᠢᠬᠤ ᠴᠢᠳᠠᠪᠤᠷᠢ ᠪᠤᠯᠤᠨ ᠤᠬᠠᠮᠰᠠᠷ ᠰᠡᠷᠡᠭᠦᠢ᠂ ᠲᠤᠷ᠎ᠠ ᠰᠤᠨᠢᠷᠬᠠᠯ᠂ ᠪᠡᠶ᠎ᠡ ᠰᠡᠳᠬᠢᠴᠡ ᠵᠢᠨ ᠰᠢᠭᠤᠳ ᠬᠦᠭᠵᠢᠯᠳᠠ ᠵᠢ ᠨᠦᠯᠤᠭᠡᠯᠡᠨ ᠬᠡᠪ ᠴᠢᠨᠠᠷ᠎ᠤᠨ ᠦᠠᠳᠤᠰᠤᠨ ᠪᠤᠯᠪᠠᠰᠤᠷᠠᠯ᠎ᠢ ᠠᠯᠬᠤᠮ ᠠᠯᠬᠤᠮ ᠵᠶ᠋ᠠᠷ ᠴᠢᠩᠭ᠋ᠠᠳᠬᠠᠬᠤ ᠪᠠ ᠪᠠᠬᠢᠵᠢᠬᠦᠯᠬᠦ᠎ᠳᠤ ᠤᠷᠤᠰᠢᠨ᠎ᠠ᠃
ᠭᠡᠷ ᠪᠦᠯᠢ ᠵᠢᠨ ᠬᠦᠮᠤᠵᠢᠯ᠂ ᠰᠤᠷᠭ᠋ᠠᠭᠤᠯᠢ ᠵᠢᠨ ᠬᠦᠮᠤᠵᠢᠯ ᠪᠠ ᠨᠡᠶ᠋ᠢᠭᠡᠮ᠎ᠤᠨ ᠬᠦᠮᠤᠵᠢᠯ᠎ᠨᠢ ᠦᠷᠭᠦᠯᠵᠢ ᠬᠠᠷᠢᠯᠴᠠᠨ ᠤᠶᠠᠯᠳᠤᠵᠦ᠂ ᠬᠠᠷᠢᠯᠴᠠᠨ ᠨᠦᠯᠤᠭᠡᠯᠡᠵᠦ᠂ ᠬᠠᠷᠢᠯᠴᠠᠨ ᠲᠦᠰᠢᠭᠯᠡᠯᠴᠡᠵᠦ ᠪᠠᠶ᠋ᠢᠮᠠᠨᠵᠢᠨ ᠰᠠᠶᠢ ᠬᠡᠪ ᠴᠢᠨᠠᠷ᠎ᠤᠨ ᠬᠦᠮᠤᠵᠢᠯ᠎ᠢ ᠲᠦᠯᠬᠢᠨ ᠠᠬᠢᠭᠤᠯᠵᠦ ᠤᠷᠤᠭᠰᠢᠯᠠᠭᠤᠯᠵᠦ ᠪᠠᠳᠤᠵᠢᠭᠤᠯᠵᠦ ᠴᠢᠳᠠᠭ᠍ᠤ ᠶᠤᠮ᠃ ᠠ᠋ᠶ᠋ᠢᠮᠤ᠎ᠠᠴᠠ ᠲᠤᠤᠷ᠎ᠠ ᠪᠢ ᠭᠤᠤᠯᠳᠠᠭᠤ ᠭᠡᠷ ᠪᠦᠯᠢ ᠵᠢᠨ ᠬᠦᠮᠤᠵᠢᠯ᠎ᠤᠨ ᠲᠤᠬᠠᠢ ᠤᠶ᠋ᠢᠯᠠᠭ᠋ᠠᠯᠳᠠ᠎ᠪᠠᠨ ᠳᠠᠨᠢᠯᠴᠠᠭᠤᠯᠵᠦ ᠲᠦᠭᠦᠮ ᠦᠭᠦᠯᠡᠶᠠ᠃
ᠨᠢᠭᠡ᠂ ᠭᠡᠷ ᠪᠦᠯᠢ ᠵᠢᠨ ᠬᠦᠮᠤᠵᠢᠯ᠎ᠤᠨ ᠠᠩᠬᠠᠨ᠎ᠤ ᠠ᠋ᠬᠢᠯᠡᠯᠳᠡ
ᠨᠢᠯᠬ᠎ᠠ ᠬᠡᠤᠬᠡᠳ ᠠ᠋ᠬᠡ᠎ᠠᠴᠠ᠎ᠪᠠᠨ ᠲᠦᠷᠤᠮᠡᠭᠴᠡ ᠶᠠᠭᠤᠨ᠎ᠤ ᠤᠷᠢᠳ ᠦᠪᠡᠷ᠎ᠤᠨ ᠰᠡᠷᠡᠨ ᠮᠡᠳᠡᠭᠦᠢᠳᠤᠪᠠᠨ ᠲᠦᠰᠢᠭᠯᠡᠵᠦ ᠤᠷᠴᠢᠨ ᠲᠤᠭᠤᠷᠢᠨ᠎ᠲᠠᠢ᠎ᠪᠠᠨ ᠵᠤᠯᠭ᠋ᠠᠳᠠᠭ᠃ ᠳᠡᠳᠡ ᠲᠤᠰᠬᠠᠶ᠋ᠢᠯᠠᠨ ᠭᠡᠷᠡᠯ ᠭᠡᠭᠡ᠂ ᠠᠭᠤᠷ ᠠᠮᠢᠰᠬᠤᠯ ᠪᠠ ᠦᠯᠤᠰᠴᠦ ᠤᠮᠳᠠᠭ᠋ᠠᠰᠬᠤ ᠵᠡᠷᠭᠡ ᠰᠢᠭᠤᠳ ᠰᠡᠷᠡᠯ ᠵᠶ᠋ᠠᠷ ᠲᠤᠬᠢᠶ᠎ᠠ ᠪᠤᠯᠭ᠋ᠠᠬᠤ ᠵᠢᠨ ᠬᠠᠮᠳᠦ ᠦᠪᠡᠷ᠎ᠤᠨ ᠱᠠᠭ᠋ᠠᠷᠳᠠᠯᠭ᠎ᠠ᠎ᠪᠠᠨ ᠶᠠᠮᠠᠷ ᠨᠢᠭᠡᠨ ᠶᠠᠩᠵᠦ ᠬᠡᠯᠪᠡᠷᠢ᠎ᠪᠠᠷ ᠢᠯᠡᠳᠭᠡᠵᠦ ᠪᠠᠶ᠋ᠢᠳᠠᠭ᠃ ᠠ᠋ᠭᠦᠨ᠎ᠳᠤ ᠠᠩᠬ᠎ᠠ ᠬᠡᠷᠡᠯ᠎ᠲᠠᠢ ᠵᠤᠯᠭ᠋ᠠᠬᠤᠳᠤᠪᠠᠨ ᠠ᠋ᠬᠢᠯᠡᠭᠡᠳ ᠨᠢᠳᠦ᠎ᠪᠠᠨ ᠠᠨᠢᠪᠴᠢᠳᠠᠭ ᠪᠠᠶ᠋ᠢᠭᠰᠠᠨ᠎ᠠᠴᠠ᠎ᠪᠠᠨ ᠠᠭ᠋ᠠᠵᠢᠮ ᠵᠶ᠋ᠠᠷ ᠳᠠᠰᠬᠠᠵᠦ᠂ ᠦᠵᠡᠵᠦ ᠬᠠᠷᠠᠵᠦ ᠠ᠋ᠬᠢᠯᠡᠳᠡᠭ ᠪᠦᠭᠡᠳ ᠠ᠋ᠯᠳᠡᠪ ᠵᠦᠢ᠍ᠯ᠎ᠤᠨ ᠳᠠᠭᠤ ᠠᠪᠢᠶ᠎ᠡ᠎ᠪᠠᠷ ᠮᠡᠳᠡᠭᠡᠯᠡᠯ ᠦᠭᠬᠦ ᠪᠤᠶᠤ ᠰᠡᠷᠡᠯ᠎ᠤᠨ ᠬᠦᠭᠵᠢᠯᠳᠠ᠎ᠪᠠᠷ ᠦᠨᠤᠷᠯᠡᠬᠦ᠂ ᠠᠮᠳᠠᠯᠠᠭ᠍ᠤ᠂ ᠦᠵᠡᠬᠦ᠂ ᠰᠤᠨᠤᠰᠬᠤ ᠪᠠ ᠬᠦᠷᠤᠯᠴᠠᠬᠦ ᠮᠡᠳᠦ ᠵᠢᠨ ᠳᠠᠪᠤᠨ ᠰᠡᠷᠡᠯ᠎ᠤᠨ ᠮᠡᠳᠡᠷᠡᠮᠵᠢ᠎ᠪᠠᠷ ᠤᠶᠠᠯᠳᠤᠨ ᠬᠠᠷᠢᠯᠴᠠᠨ ᠬᠦᠭᠵᠢᠳᠡᠭ᠃
ᠨᠠᠰᠤᠳᠠᠢ᠍ᠢ᠍ᠴᠤᠳ᠎ᠤᠨ ᠶᠠᠷᠢᠶᠡᠨ᠎ᠳᠤ᠄ 《ᠨᠢᠯᠬ᠎ᠠ ᠬᠡᠤᠬᠡᠳ ᠤᠢ ᠬᠦᠷᠪᠡᠯ ᠡᠴᠢᠭᠡ ᠠ᠋ᠬᠡ᠎ᠪᠠᠨ ᠳᠠᠨᠢᠵᠦ᠂ ᠭᠤᠷᠪᠠᠨ ᠨᠠᠰᠤᠯᠠᠭᠰᠠᠭ᠋ᠠᠷ ᠭᠡᠷ᠎ᠤᠨ ᠬᠦᠮᠤᠰ ᠵᠶ᠋ᠠᠨ ᠳᠠᠨᠢᠵᠦ ᠳᠡᠶ᠋ᠢᠯᠤᠨᠠ》 ᠭᠡᠳᠡᠭ᠎ᠨᠢ ᠶᠠᠭ ᠠ᠋ᠨᠡ ᠬᠦ᠌ ᠶᠠᠪᠤᠴᠠ ᠵᠢ ᠵᠢᠭ᠋ᠠᠵᠦ ᠪᠠᠶ᠋ᠢᠬᠤ ᠶᠤᠮ᠃
ᠬᠤᠶᠠᠷ᠂ ᠦᠭᠡ ᠶᠠᠷᠢᠶ᠎ᠡ᠂ ᠦᠢ᠍ᠯᠡ ᠬᠦᠳᠡᠯᠭᠡᠭᠡᠨ᠎ᠤ ᠬᠦᠮᠤᠵᠢᠯ
ᠨᠢᠯᠬ᠎ᠠ ᠬᠡᠤᠬᠡᠳ᠎ᠨᠢ ᠠᠩᠬ᠎ᠠ ᠠ᠋ᠬᠢᠯᠡᠭᠡᠳ ᠤᠬᠢᠯᠠᠵᠦ ᠤᠷᠢᠯᠠᠨ ᠳᠠᠭᠤ ᠭᠠᠷᠭ᠋ᠠᠳᠠᠭ ᠪᠠᠶ᠋ᠢᠭᠰᠠᠨ᠎ᠠᠴᠠ᠎ᠪᠠᠨ ᠵᠤᠬᠢᠬᠤ ᠬᠡᠮᠵᠢᠶᠡᠨ᠎ᠳᠤ ᠬᠦᠷᠪᠠᠯ ᠮᠦᠨ ᠠᠮᠠ ᠨᠡᠭᠡᠭᠡᠵᠦ᠂ 《ᠠᠪᠤ ᠡᠵᠢ᠂ ᠠ᠋ᠨᠡ ᠲᠡᠷᠡ᠂ ᠮᠦᠨ ᠪᠢᠰᠢ》 ᠭᠡᠬᠦ ᠮᠠᠳᠦ᠎ᠪᠠᠷ ᠲᠦᠭᠦᠮ ᠲᠦᠳᠡ ᠬᠡᠯᠡᠯᠭᠡ᠎ᠳᠤ ᠤᠷᠤᠵᠦ ᠡᠴᠢᠭᠡ ᠠ᠋ᠬᠡ ᠪᠠ ᠠᠬᠠᠮᠠᠳᠴᠤᠤᠯ᠎ᠤᠨ ᠠ᠋ᠳᠤᠷ ᠲᠤᠳᠤᠮ᠎ᠤᠨ ᠬᠠᠷᠢᠯᠴᠠᠭ᠋ᠠᠨ᠎ᠤ ᠲᠤᠮᠳᠠ ᠨᠦᠯᠤᠭᠡᠯᠡᠨ ᠤᠯᠠᠮ ᠵᠶ᠋ᠠᠷ ᠦᠭᠡ ᠶᠡᠷᠢᠶ᠎ᠡ ᠪᠤᠯᠤᠨ ᠬᠦᠳᠡᠯᠭᠡᠭᠡᠨ ᠲᠦᠷᠰᠤᠯᠡᠯ᠎ᠨᠢ ᠪᠠᠶᠠᠯᠢᠬ᠍ᠵᠢᠨ ᠨᠠᠭ᠋ᠠᠳᠤᠮ ᠲᠤᠭᠯᠠᠭ᠋ᠠᠮ ᠵᠶ᠋ᠠᠷ ᠳᠠᠮᠵᠢᠨ ᠤᠷ᠎ᠠ ᠴᠢᠳᠠᠪᠤᠷᠢ ᠵᠢᠨ ᠪᠤᠯᠪᠠᠰᠤᠷᠠᠯ᠎ᠠᠴᠠ ᠤᠷᠮ᠎ᠠ ᠪᠠᠬ᠎ᠠ ᠬᠢᠭᠡᠳ ᠲᠤᠷ᠎ᠠ ᠰᠤᠨᠢᠷᠬᠠᠯ᠎ᠤᠨ ᠰᠡᠳᠬᠢᠭᠦᠢ ᠵᠢᠨ ᠴᠢᠨᠠᠷ᠎ᠢ ᠨᠡᠮᠡᠭᠳᠡᠭᠦᠯᠵᠦ ᠪᠠᠶ᠋ᠢᠳᠠᠭ᠃
ᠳᠡᠳᠡ ᠠ᠋ᠭᠦᠨ᠎ᠤ ᠤᠯᠠᠮ᠎ᠠᠴᠠ ᠭᠠᠳᠠᠭ᠋ᠠᠳᠦ ᠤᠷᠴᠢᠯᠡᠩ᠎ᠲᠠᠢ ᠳᠠᠰᠤᠯᠴᠠᠬᠤ ᠠᠯᠬᠤᠮ ᠵᠶ᠋ᠠᠨ ᠠ᠋ᠬᠢᠯᠡᠵᠦ ᠡᠯ᠎ᠠ ᠳᠠᠯ᠎ᠠ ᠵᠢᠨ ᠦᠠᠳᠤᠰᠤᠨ ᠴᠢᠳᠠᠪᠦᠷᠢ ᠵᠢᠨ ᠪᠡᠯᠡᠳᠭᠡᠯ ᠪᠤᠯᠭ᠋ᠠᠵᠦ ᠪᠠᠶ᠋ᠢᠳᠠᠭ ᠪᠦᠭᠡᠳ ᠠ᠋ᠨᠡ ᠪᠠᠶ᠋ᠢᠳᠠᠯ ᠲᠤᠤᠷ᠎ᠠ ᠭᠡᠷ᠎ᠤᠨ ᠠᠬᠠᠮᠠᠳ᠎ᠤᠨ ᠵᠢᠯᠤᠭᠤᠳᠤᠯᠭ᠎ᠠ ᠳᠠᠭ᠋ᠠᠭᠤᠯᠭ᠎ᠠ ᠪᠠ ᠵᠢᠭ᠋ᠠᠨ ᠰᠤᠷᠭ᠋ᠠᠯᠳᠠ ᠵᠢ ᠨᠡᠩ ᠰᠠᠶ᠋ᠢᠨ ᠬᠦᠯᠢᠶᠡᠨ ᠠᠪᠬᠤ ᠴᠢᠩᠭ᠎ᠠ ᠱᠠᠭ᠋ᠠᠷᠳᠠᠯᠭ᠎ᠠ᠎ᠪᠠᠨ ᠪᠠᠶᠠᠯᠡᠬᠦᠯᠬᠦ᠎ᠪᠠᠷ ᠴᠢᠷᠮᠠᠶ᠋ᠢᠳᠠᠭ ᠶᠤᠮ᠃
ᠭᠤᠷᠪᠠ᠂ ᠤᠷᠴᠢᠨ ᠲᠤᠭᠤᠷᠢᠨ᠎ᠤ ᠨᠦᠯᠦᠭᠡᠯᠡᠯ ᠪᠠ ᠲᠤᠷ᠎ᠠ ᠰᠤᠨᠢᠷᠬᠠᠯ᠎ᠤᠨ ᠬᠦᠮᠤᠵᠢᠯ
ᠬᠡᠤᠬᠡᠳ ᠪᠠᠭ᠋ᠠᠴᠤᠳ᠎ᠤᠨ ᠠ᠋ᠷᠡᠭᠦᠯ ᠴᠢᠬᠢᠷᠠᠭ ᠵᠶ᠋ᠠᠷ ᠦᠰᠤᠨ ᠪᠤᠶ᠋ᠢᠵᠢᠬᠤ ᠶᠠᠪᠤᠴᠠ᠎ᠳᠤ ᠤᠷᠴᠢᠨ ᠲᠤᠭᠤᠷᠢᠨ᠎ᠤ ᠨᠦᠯᠤᠭᠡᠯᠡᠯ᠎ᠨᠢ ᠮᠦᠠ ᠴᠦ᠍ ᠶᠠᠭᠤᠨ᠎ᠤ ᠠ᠋ᠮᠤᠨ᠎ᠠ ᠪᠠᠶ᠋ᠢᠭ᠋ᠠᠯᠢ ᠨᠡᠶ᠋ᠢᠭᠡᠮ᠎ᠲᠠᠢ ᠳᠠᠨᠢᠯᠴᠠᠭ᠍ᠤ ᠵᠢᠨ ᠠᠩᠬᠠᠨ᠎ᠤ ᠠᠯᠬᠤᠮ᠎ᠨᠢ ᠪᠤᠯᠵᠦ ᠭᠡᠷ ᠪᠦᠯᠢ ᠵᠢᠨ ᠲᠤᠳᠤᠭ᠋ᠠᠳᠦ ᠬᠠᠷᠢᠴᠠᠭ᠎ᠠ ᠶᠠᠪᠤᠯᠴᠠᠭ᠋ᠠᠨᠠᠴᠠ ᠠ᠋ᠬᠢᠯᠡᠨ ᠤᠳᠤᠮ ᠤᠭᠰᠠᠭ᠎ᠠ᠂ ᠤᠷᠤᠭ ᠲᠦᠷᠤᠯ᠂ ᠠ᠋ᠳ᠋ ᠬᠦᠷᠤᠩᠭᠡ᠂ ᠪᠠᠷᠠᠭ᠎ᠠ ᠳᠠᠸᠡᠷ᠂ ᠮᠠᠯ ᠰᠦᠷᠦᠭ ᠬᠢᠭᠡᠳ ᠠᠶ᠋ᠢᠯ ᠠᠶ᠋ᠢᠮᠠᠭ ᠪᠠ ᠭᠡᠤᠭᠡᠳ᠎ᠤᠨ ᠴᠡᠴᠡᠷᠯᠢᠭ᠎ᠠᠴᠠ ᠠᠷᠠᠳ᠎ᠤᠨ ᠰᠤᠷᠭ᠋ᠠᠭᠤᠯᠢ ᠵᠢᠨ ᠪᠤᠱ᠌ᠤᠭ᠎ᠠ ᠵᠢ ᠠᠯᠬᠤᠵᠦ᠂ ᠠ᠋ᠳᠡᠭᠡᠷ᠎ᠤᠨ ᠠᠭᠤᠷ ᠠᠮᠢᠰᠬᠤᠯ᠂ ᠦᠩᠭᠡ ᠦᠵᠡᠮᠵᠢ᠎ᠲᠠᠢ ᠳᠠᠨᠢᠯᠴᠠᠨ ᠳᠠᠰᠤᠯᠴᠠᠭ᠍ᠤ ᠵᠢᠨ ᠤᠯᠠᠮ ᠵᠶ᠋ᠠᠷ ᠨᠡᠶ᠋ᠢᠭᠡᠮ ᠨᠡᠶ᠋ᠢᠳᠡ ᠵᠢᠨ ᠳᠠᠯ᠎ᠠ᠎ᠪᠠᠷ ᠦᠠᠳᠤᠰᠤᠨ ᠤᠬᠠᠭᠳᠠᠭ᠍ᠤᠨᠢ ᠡᠵᠡᠮᠰᠢᠵᠦ ᠠᠪᠳᠠᠭ᠃ ᠶᠠᠭ ᠠ᠋ᠨᠡ ᠬᠦ᠌ ᠤᠷᠴᠢᠨ ᠲᠤᠭᠤᠷᠢᠨ᠎ᠤ ᠨᠦᠯᠤᠭᠡᠯᠡᠯ ᠲᠤᠤᠷ᠎ᠠ ᠬᠡᠤᠬᠡᠳ ᠪᠠᠭ᠋ᠠᠴᠤᠳ᠎ᠤᠨ ᠠᠵᠢᠭᠯᠠᠭ᠍ᠤ ᠴᠢᠳᠠᠪᠦᠷᠢ᠂ ᠤᠶ᠋ᠢᠯᠠᠭ᠋ᠠᠨ ᠡᠵᠡᠮᠰᠢᠬᠦ ᠴᠢᠳᠠᠪᠦᠷᠢ᠂ ᠳᠠᠨᠢᠯᠳᠠ ᠵᠢᠨ ᠬᠦᠷᠢᠶ᠎ᠡ ᠬᠡᠪᠴᠢᠶ᠎ᠡ᠎ᠨᠢ ᠦᠷᠭᠡᠳᠤᠨ ᠲᠤᠷ᠎ᠠ ᠰᠤᠨᠢᠷᠬᠠᠯ᠎ᠨᠢ ᠤᠯᠠᠮ ᠵᠶ᠋ᠠᠷ ᠳᠠᠶ᠋ᠢᠴᠢᠯᠠᠭᠳᠠᠵᠦ ᠠᠪᠢᠶᠠᠰ ᠪᠢᠯᠢᠭ᠎ᠤᠨ ᠬᠦᠭᠵᠢᠯᠳᠠ᠎ᠨᠢ ᠲᠤᠭᠳᠠᠭᠰᠠᠨ ᠬᠡᠪ ᠴᠢᠨᠠᠷ᠎ᠤᠨ ᠪᠦᠲᠦᠴᠡ ᠵᠢ ᠲᠡᠭᠡᠭᠰᠢᠯᠡᠬᠦᠯᠬᠦ ᠶᠠᠮᠠᠷ ᠨᠢᠭᠡᠨ ᠦᠢ᠍ᠯᠡ ᠶᠠᠪᠤᠳᠠᠯ ᠪᠠ ᠬᠡᠷᠡᠭ ᠪᠤᠳᠠᠰ᠎ᠢ ᠠ᠋ᠭᠦᠳᠤᠨ ᠪᠦᠲᠦᠭᠡᠬᠦ᠂ ᠦᠪᠯᠡᠨ ᠳᠡᠯᠭᠡᠷᠡᠭᠦᠯᠬᠦ ᠬᠦᠭᠵᠢᠯᠳᠠ᠎ᠳᠤ ᠭᠡᠷ ᠪᠦᠯᠢ ᠵᠢᠨ ᠬᠦᠮᠤᠵᠢᠯ᠎ᠨᠢ ᠠ᠋ᠷᠭᠡᠪᠰᠢ ᠰᠤᠶᠤᠯ ᠰᠤᠷᠭ᠋ᠠᠨ ᠬᠦᠮᠤᠵᠢᠯ᠎ᠲᠠᠢ ᠨᠢᠭᠳᠠ ᠤᠶᠠᠯᠳᠤᠵᠦ ᠳᠡᠳᠡᠨ᠎ᠤ ᠦᠪᠡᠷ᠎ᠢ᠎ᠪᠠᠨ ᠦᠭᠡᠷᠡᠴᠢᠯᠠᠨ᠂ ᠦᠪᠡᠷ᠎ᠢ᠎ᠪᠠᠨ ᠬᠦᠮᠤᠵᠢᠬᠦᠯᠬᠦ᠎ᠳᠤᠨᠢ ᠴᠢᠬᠤᠯᠠ ᠬᠠᠪᠰᠤᠷᠤᠯᠭ᠎ᠠ ᠦᠵᠡᠭᠦᠯᠵᠦ ᠨᠦᠭᠦᠴᠡᠯ ᠪᠦᠷᠢᠯᠳᠤᠬᠦᠯᠬᠦ᠎ᠨᠢ ᠲᠤᠶ᠋ᠢᠯ᠎ᠤᠨ ᠴᠢᠬᠤᠯᠠ᠃
ᠲᠦᠷᠪᠡ᠂ ᠵᠠᠩ ᠠᠭ᠋ᠠᠯᠢ ᠪᠠ ᠶᠤᠰᠤ ᠰᠤᠷᠳᠠᠭ᠍ᠤᠨ᠎ᠤ ᠬᠦᠮᠤᠵᠢᠯ
ᠬᠡᠤᠭᠡᠳ ᠪᠠᠭ᠋ᠠᠴᠤᠳ᠎ᠤᠨ ᠵᠠᠩ ᠠᠭ᠋ᠠᠯᠢ ᠪᠤᠯ ᠶᠡᠷᠤ᠎ᠨᠢ ᠭᠡᠷ ᠪᠦᠯᠢ ᠵᠢᠨ ᠬᠦᠮᠤᠵᠢᠯ ᠵᠶ᠋ᠠᠷ ᠦᠠᠳᠤᠰᠤ ᠪᠤᠯᠭ᠋ᠠᠵᠦ᠂ ᠰᠤᠷᠭ᠋ᠠᠭᠤᠯᠢ ᠬᠢᠭᠡᠳ ᠨᠡᠶ᠋ᠢᠭᠡᠮ᠎ᠤᠨ ᠤᠷᠴᠢᠨ ᠲᠤᠭᠤᠷᠢᠨ᠎ᠤ ᠨᠦᠯᠤᠭᠡᠯᠡᠯ ᠵᠶ᠋ᠠᠷ ᠪᠦᠷᠢᠯᠳᠤᠨ ᠲᠤᠭᠳᠠᠳᠠᠭ᠃ ᠠ᠋ᠭᠦᠨ᠎ᠳᠤ ᠭᠤᠤᠯ ᠴᠢᠬᠤᠯᠠ᠎ᠨᠢ ᠭᠡᠷ᠎ᠤᠨ ᠠᠬᠠᠮᠠᠳ᠎ᠤᠨ ᠬᠡᠯᠡᠵᠦ ᠰᠤᠷᠭ᠋ᠠᠬᠤ᠂ ᠬᠢᠵᠦ ᠳᠠᠭ᠋ᠠᠭᠤᠯᠬᠤ᠂ ᠦᠪᠡᠷ᠎ᠤᠨ ᠪᠡᠶ᠎ᠡ᠎ᠪᠠᠷ ᠵᠶ᠋ᠠᠨ ᠬᠡᠪ ᠳᠠᠭᠤᠷᠢᠶᠡᠯ ᠦᠵᠡᠭᠦᠯᠬᠦ ᠵᠡᠷᠭᠡ ᠪᠠᠶ᠋ᠢᠩᠭᠤ ᠵᠢᠨ ᠬᠦᠮᠤᠵᠢᠯ᠎ᠨᠢ ᠬᠡᠤᠬᠡᠳ᠎ᠤᠨ ᠰᠡᠳᠬᠢᠯ ᠵᠢᠷᠤᠭᠡᠨ᠎ᠳᠤᠨᠢ ᠠ᠋ᠭᠦᠷᠢᠳᠡ ᠬᠠᠳᠠᠩᠰᠢᠨ ᠲᠤᠭᠳᠠᠵᠦ᠂ ᠶᠠᠮᠠᠷ ᠵᠠᠩ ᠵᠶ᠋ᠠᠷ ᠬᠦᠮᠤᠵᠢᠭᠦᠯᠪᠠᠯ ᠲᠡᠶ᠋ᠢᠮᠤ ᠵᠠᠩ ᠠᠭ᠋ᠠᠯᠢ ᠬᠡᠪᠰᠢᠨ ᠪᠦᠷᠢᠯᠳᠤᠳᠡᠭ᠃
ᠬᠠᠭᠤᠴᠢᠨ᠎ᠤ ᠦᠭᠡᠨ᠎ᠳᠤ 《ᠠᠯᠳᠠ ᠵᠢ ᠳᠠᠭ᠋ᠠᠪᠠᠯ ᠰᠢᠷᠠᠯᠠᠵᠦ᠂ ᠠᠷᠭ᠋ᠠᠯᠢ ᠳᠠᠭ᠋ᠠᠪᠠᠯ ᠬᠠᠷᠠᠯᠠᠨ᠎ᠠ》 ᠭᠡᠳᠡᠭ᠎ᠨᠢ ᠶᠠᠭ ᠠ᠋ᠨᠡ ᠶᠤᠰᠤ ᠵᠢ ᠦᠭᠦᠯᠡᠵᠦ ᠪᠠᠶ᠋ᠢᠬᠤ ᠶᠤᠮ᠃
ᠭᠡᠷ ᠪᠦᠯᠢ ᠵᠢᠨ ᠡᠪ ᠪᠦᠯᠭᠦᠮᠳᠠᠯ᠂ ᠨᠡᠶ᠋ᠢᠭᠡᠮ ᠨᠡᠶ᠋ᠢᠳᠡ ᠵᠢᠨ ᠨᠦᠭᠦᠷᠰᠡᠭ ᠬᠠᠷᠢᠴᠠᠭ᠎ᠠ᠂ ᠬᠦᠮᠤᠰ᠎ᠤᠨ ᠬᠤᠭᠤᠷᠤᠠᠳᠦ ᠵᠢᠨ ᠲᠤᠳᠤᠨᠤ ᠶᠠᠪᠤᠯᠴᠠᠭ᠎ᠠ ᠵᠢ ᠴᠢᠬᠤᠯᠠᠴᠢᠯᠠᠵᠦ᠂ ᠶᠤᠰᠤ ᠰᠤᠷᠳᠠᠭ᠍ᠤᠨ ᠪᠠ ᠬᠠᠤᠯᠢ ᠲᠦᠷᠢᠮ᠎ᠤᠨ ᠬᠦᠮᠤᠵᠢᠯ᠎ᠢ ᠶᠠᠭ᠋ᠠᠬᠢᠭᠰᠠᠨ ᠴᠤ᠌ ᠰᠤᠯᠠᠷᠠᠭᠤᠯᠵᠦ ᠪᠤᠯᠬᠤ ᠦᠭᠡᠢ᠂ ᠢᠷᠭᠡᠨ᠎ᠤ ᠬᠡᠪ ᠰᠤᠷᠳᠠᠯ ᠪᠤᠯ ᠨᠡᠶ᠋ᠢᠭᠡᠮ ᠨᠡᠶ᠋ᠢᠳᠡ ᠪᠠ ᠲᠦᠷᠤ ᠬᠦᠷᠤᠨ᠎ᠤ ᠪᠠᠳᠤᠯᠠᠭ᠎ᠠ ᠪᠤᠯᠬᠤ ᠶᠤᠮ᠃
ᠳᠠᠪᠤ᠂ ᠨᠡᠶ᠋ᠢᠳᠡᠴᠢ ᠴᠢᠨᠠᠷ ᠪᠠ ᠬᠠᠮᠳᠤᠴᠢ ᠦᠵᠡᠯ᠎ᠤᠨ ᠬᠦᠮᠤᠵᠢᠯ
ᠭᠡᠷ ᠪᠦᠯᠢ ᠵᠢᠨ ᠬᠦᠮᠤᠵᠢᠯ᠎ᠨᠢ ᠶᠠᠭᠤᠨ᠎ᠤ ᠠ᠋ᠮᠤᠨ᠎ᠠ ᠬᠠᠶ᠋ᠢᠷ᠎ᠠ ᠬᠠᠯᠠᠮᠵᠢ᠎ᠪᠠᠷ ᠬᠡᠯᠬᠢᠶᠡᠰᠤ ᠪᠤᠯᠭ᠋ᠠᠵᠦ᠂ ᠠ᠋ᠶᠡᠯᠰᠡᠭ ᠲᠤᠳᠤᠨᠤ᠂ ᠠ᠋ᠷᠭᠡ ᠳᠡᠭᠰᠢ᠂ ᠡᠪ ᠪᠦᠯᠭᠦᠮᠳᠠᠯ ᠵᠶ᠋ᠠᠷ ᠨᠢᠭᠳᠠᠷᠠᠨ᠂ ᠬᠠᠷᠢᠯᠴᠠᠨ ᠬᠠᠶ᠋ᠢᠷᠠᠯᠠᠵᠦ ᠬᠠᠯᠠᠮᠵᠢᠯᠠᠨ᠂ ᠬᠠᠷᠢᠯᠴᠠᠨ ᠲᠦᠰᠢᠭᠯᠡᠯᠴᠡᠭᠰᠡᠨ ᠰᠠᠭᠤᠷᠢᠨ ᠳᠡᠭᠡᠷ᠎ᠡ ᠬᠠᠮᠳᠦ ᠵᠢᠨ ᠴᠤᠭᠴᠠ ᠵᠢᠨ ᠨᠢᠭᠡᠳᠤᠮᠠᠯ ᠴᠢᠨᠠᠷ᠎ᠢ ᠪᠠᠷᠢᠮᠳᠠᠯᠠᠵᠦ ᠠᠶ᠋ᠢᠯ ᠠ᠋ᠷᠤᠭᠡ ᠪᠦᠬᠦᠨ᠎ᠨᠢ ᠴᠦ᠍ ᠠᠵᠦ ᠠᠮᠢᠳᠤᠷᠠᠯ᠎ᠤᠨ ᠲᠤᠮᠳᠠ᠎ᠪᠠᠨ ᠦᠷ᠎ᠡ ᠬᠡᠤᠬᠡᠳ ᠵᠶ᠋ᠠᠨ ᠬᠠᠯᠠᠮᠵᠢᠯᠠᠨ ᠵᠦᠪ ᠵᠶ᠋ᠠᠷ ᠰᠤᠷᠭ᠋ᠠᠨ ᠬᠦᠮᠤᠵᠢᠭᠦᠯᠵᠦ ᠳᠠᠪᠳᠠᠨ ᠪᠤᠯᠪᠠᠰᠤᠷᠠᠭᠤᠯᠬᠤ ᠵᠢ ᠪᠠᠶ᠋ᠢᠩᠭᠤ ᠠᠩᠬᠠᠷᠬᠤ ᠵᠢᠨ ᠬᠠᠮᠳᠦ ᠨᠡᠶ᠋ᠢᠭᠡᠮ ᠨᠡᠶ᠋ᠢᠳᠡ ᠵᠢᠨ ᠶᠤᠰᠤ ᠵᠢᠷᠤᠮ᠂ ᠲᠦᠷᠢᠮ ᠲᠤᠭᠳᠠᠭ᠋ᠠᠯ᠂ ᠵᠠᠩ ᠦᠢ᠍ᠯᠡ ᠬᠢᠭᠡᠳ ᠴᠡᠭᠡᠷ ᠶᠤᠰᠤᠨ᠎ᠤ ᠤᠯᠠᠮᠵᠢᠯᠠᠯ᠎ᠢ ᠴᠦ᠍ ᠨᠢᠭᠳᠠ ᠠᠩᠬᠠᠷᠴᠦ ᠪᠠᠶ᠋ᠢᠬᠤ ᠬᠡᠷᠡᠭᠳᠡᠢ᠃ ᠠ᠋ᠨᠡ ᠪᠤᠯ ᠬᠡᠤᠭᠡᠳ ᠪᠠᠭ᠋ᠠᠴᠤᠳ᠎ᠤᠨ ᠭᠡᠷ᠎ᠠᠴᠠ᠎ᠪᠠᠨ ᠠᠩᠬ᠎ᠠ ᠰᠠᠯᠵᠦ᠂ ᠭᠡᠤᠭᠡᠳ᠎ᠤᠨ ᠴᠡᠴᠡᠷᠯᠢᠭ ᠪᠠ ᠰᠤᠷᠭ᠋ᠠᠭᠤᠯᠢ᠎ᠨᠤᠭᠤᠳ᠎ᠲᠤ ᠳᠠᠪᠰᠢᠨ ᠪᠤᠯᠪᠠᠰᠤᠷᠠᠭ᠍ᠤ ᠵᠢᠨ ᠴᠢᠬᠤᠯᠠ ᠴᠢᠨᠠᠷ ᠵᠠᠩᠬᠢᠯᠠᠭ᠎ᠠ ᠵᠢᠨ ᠴᠠᠭ ᠦᠶ᠎ᠡ ᠪᠤᠯᠤᠨ᠎ᠠ᠃ ᠠ᠋ᠨᠡ᠎ᠨᠢ ᠮᠦᠨ ᠴᠦ᠍ ᠭᠡᠷ ᠪᠦᠯᠢ ᠵᠢᠨ ᠬᠦᠮᠤᠵᠢᠯ ᠪᠠ ᠪᠤᠰᠤᠳ ᠳᠠᠯ᠎ᠠ ᠵᠢᠨ ᠬᠦᠮᠤᠵᠢᠯ᠎ᠲᠠᠢ ᠨᠢᠭᠳᠠ ᠤᠶᠠᠯᠳᠤᠬᠤ ᠵᠢᠨ ᠶᠠᠪᠤᠴᠠ᠎ᠳᠤ ᠦᠷ᠎ᠡ ᠬᠤᠶ᠋ᠢᠴᠢᠰ ᠵᠶ᠋ᠠᠨ ᠭᠡᠷᠬᠢᠨ ᠲᠦᠪ ᠴᠢᠭᠴᠢ᠂ ᠪᠤᠯᠪᠠᠰᠤᠨ ᠶᠤᠰᠤᠷᠬᠠᠭ ᠵᠶ᠋ᠠᠷ ᠬᠦᠮᠤᠵᠢᠭᠦᠯᠤᠨ᠂ ᠤᠯᠤᠰ ᠭᠡᠷ ᠪᠠ ᠠᠷᠠᠳ ᠲᠦᠮᠡᠨ᠎ᠤ ᠲᠤᠯᠭ᠋ᠠᠮ ᠬᠡᠷᠡᠭᠴᠡᠭᠡ ᠱᠠᠭ᠋ᠠᠷᠳᠠᠯᠭ᠎ᠠ᠎ᠳᠤ ᠬᠢᠷᠢ ᠳᠡᠩᠴᠡᠭᠰᠡᠨ ᠰᠤᠶᠤᠯ ᠮᠡᠳᠡᠯᠭᠡ ᠠ᠋ᠷᠳᠡᠮ ᠪᠤᠯᠪᠠᠰᠤᠷᠠᠯ᠎ᠲᠠᠢ᠂ ᠴᠡᠪᠡᠷ ᠪᠤᠯᠪᠠᠰᠤᠨ ᠶᠤᠰᠤ ᠰᠤᠷᠳᠠᠭ᠍ᠤᠨ᠎ᠲᠠᠢ᠂ ᠠᠪᠢᠶᠠᠰ ᠴᠢᠳᠠᠪᠦᠷᠢ ᠪᠦᠬᠦᠢ ᠭᠠᠷᠮᠠᠭ᠋ᠠᠢ ᠬᠦᠮᠤᠰ᠎ᠢ ᠬᠦᠮᠤᠵᠢᠬᠦᠯᠤᠨ ᠭᠠᠷᠭ᠋ᠠᠬᠤ ᠵᠢᠨ ᠦᠠᠳᠤᠰᠤᠨ ᠪᠠᠳᠤᠯᠠᠭ᠎ᠠ ᠪᠤᠯᠤᠨ᠎ᠠ᠃ ᠠ᠋ᠶ᠋ᠢᠮᠤ ᠤᠴᠢᠷ᠎ᠠᠴᠠ ᠪᠢᠳᠠ ᠭᠡᠷ ᠪᠦᠯᠢ ᠵᠢᠨ ᠬᠦᠮᠤᠵᠢᠯ᠎ᠢ ᠨᠡᠩ ᠰᠠᠶ᠋ᠢᠳᠤᠷ ᠴᠢᠬᠤᠯᠠᠴᠢᠯᠠᠵᠦ᠂ ᠰᠢᠨᠵᠢᠯᠡᠬᠦ ᠤᠬᠠᠭ᠋ᠠᠨᠴᠢ ᠰᠤᠳᠤᠯᠭ᠋ᠠᠨ᠎ᠢ ᠬᠦᠠᠵᠡᠭᠡᠢ ᠦᠷᠨᠢᠭᠦᠯᠤᠨ᠂ ᠭᠤᠷᠪᠠᠨ ᠳᠠᠯ᠎ᠠ ᠵᠢᠨ᠎ᠬᠢᠨ᠎ᠤ ᠨᠢᠭᠳᠠ ᠤᠶᠠᠯᠳᠤᠭᠰᠠᠨ ᠪᠠᠶ᠋ᠢᠳᠠᠯ᠎ᠢ ᠪᠤᠢ ᠪᠤᠯᠭ᠋ᠠᠵᠦ ᠨᠡᠶ᠋ᠢᠭᠡᠮ ᠵᠢᠷᠤᠮᠲᠦ ᠰᠢᠨ᠎ᠡ ᠴᠠᠭ ᠦᠶ᠎ᠡ ᠵᠢᠨ ᠰᠤᠷᠭ᠋ᠠᠨ ᠬᠦᠮᠤᠵᠢᠯ᠎ᠤᠨ ᠬᠦᠭᠵᠢᠯᠳᠠ ᠵᠢ ᠨᠡᠩ ᠲᠦᠷᠭᠡᠨ ᠵᠶ᠋ᠠᠷ ᠠᠬᠢᠭᠤᠯᠰᠤᠭ᠋ᠠᠢ!
ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠪᠠᠷᠠᠭᠤᠨ ᠦᠵᠤᠮᠤᠴᠢᠨ ᠬᠤᠰᠢᠭᠤᠨ᠎ᠤ
ᠨᠢᠭᠡᠳᠤᠭᠡᠷ ᠪᠠᠭ᠎ᠠ ᠰᠤᠷᠭ᠋ᠠᠭᠤᠯᠢ
(ᠠᠯᠳᠠᠨᠰᠦᠢ᠍ᠭᠡ ᠨᠠᠢ᠍ᠢ᠍ᠷᠠᠭᠤᠯᠪᠠ)