ᠯᠢ ᠯᠢ

ᠠᠨᠭ᠌ᠬᠢ ᠨᠢᠭᠡᠴᠢ ᠪᠤᠯ ᠰᠤᠷᠭ᠋ᠠᠭᠤᠯᠢ ᠵᠢᠨ ᠵᠢᠭ᠋ᠠᠨ ᠰᠤᠷᠭ᠋ᠠᠬᠤ ᠠᠵᠢᠯ᠎ᠤᠨ ᠦᠨᠳᠦᠰᠦᠨ ᠵᠤᠬᠢᠶᠠᠨ ᠪᠠᠶ᠋ᠢᠭᠤᠯᠤᠯᠳᠠ ᠪᠤᠯᠤᠨ᠎ᠠ᠃ ᠰᠤᠷᠭ᠋ᠠᠭᠤᠯᠢ ᠵᠢᠨ ᠪᠦᠭᠦᠢ ᠯᠡ ᠵᠢᠭ᠋ᠠᠨ ᠰᠤᠷᠭ᠋ᠠᠬᠤ ᠠᠵᠢᠯ᠎ᠨᠢ ᠭᠤᠤᠯᠳᠠᠭᠤ ᠠᠨᠭ᠌ᠬᠢ ᠨᠢᠭᠡᠴᠢ᠎ᠪᠠᠷ ᠲᠠᠮᠵᠢᠵᠦ ᠶᠠᠪᠤᠭᠳᠠᠳᠠᠭ᠃ ᠠ᠋ᠶ᠋ᠢᠮᠦ᠎ᠠᠴᠠ ᠠᠩᠬᠢ ᠵᠢᠨ ᠠ᠋ᠷᠬᠢᠯᠡᠭᠴᠢ ᠵᠢᠨ ᠠᠵᠢᠯ᠎ᠨᠢ ᠰᠤᠷᠭ᠋ᠠᠭᠤᠯᠢ ᠵᠢᠨ ᠰᠤᠷᠭ᠋ᠠᠨ ᠬᠦᠮᠦᠵᠢᠯ᠎ᠤᠨ ᠬᠠᠮᠢᠶᠠᠷᠤᠯᠳᠠ᠎ᠳᠤ ᠴᠢᠬᠤᠯᠠ ᠪᠠᠶ᠋ᠢᠷᠢ ᠵᠢ ᠡᠵᠡᠯᠡᠵᠦ ᠪᠠᠶ᠋ᠢᠳᠠᠭ᠃
ᠨᠢᠭᠡ᠂ ᠠᠩᠬᠢ ᠵᠢᠨ ᠠ᠋ᠷᠬᠢᠯᠡᠭᠴᠢ ᠰᠤᠷᠤᠭᠴᠢᠳ ᠵᠶ᠋ᠠᠨ ᠰᠠᠶ᠋ᠢᠳᠦᠷ ᠤᠶ᠋ᠢᠯᠠᠭ᠋ᠠᠵᠤ ᠲᠡᠳᠡᠨ᠎ᠢ ᠬᠠᠶ᠋ᠢᠷᠠᠯᠠᠨ ᠬᠠᠯᠠᠮᠵᠢᠯᠠᠭ᠍ᠤ ᠬᠡᠷᠡᠭᠳᠡᠢ᠃ ᠠᠩᠬᠢ ᠵᠢᠨ ᠠ᠋ᠷᠬᠢᠯᠡᠭᠴᠢ ᠠ᠋ᠷᠬᠡᠪᠰᠢ ᠰᠤᠷᠤᠭᠴᠢᠳ᠎ᠤᠨ ᠦᠵᠡᠯ ᠤᠬᠠᠮᠰᠠᠷ᠂ ᠶᠤᠰᠤ ᠮᠤᠷᠠᠯ᠂ ᠵᠠᠩ ᠠᠭ᠋ᠠᠰᠢ᠂ ᠰᠤᠷᠤᠯᠭ᠎ᠠ ᠵᠢᠨ ᠬᠢᠷᠢ ᠬᠡᠮᠵᠢᠶ᠎ᠡ᠂ ᠦᠪᠡᠷᠮᠢᠴᠡ ᠤᠨᠴᠠᠯᠢᠭ᠂ ᠪᠡᠶ᠎ᠡ ᠰᠡᠳᠬᠢᠴᠡ ᠵᠢᠨ ᠬᠦᠭᠵᠢᠯᠳᠡ ᠵᠢᠨ ᠪᠠᠶ᠋ᠢᠳᠠᠯ᠎ᠢ ᠤᠯᠠᠨ ᠵᠤᠶ᠋ᠢᠯ᠎ᠤᠨ ᠠᠷᠭ᠎ᠠ ᠵᠠᠮ ᠵᠶ᠋ᠠᠷ ᠣᠶ᠋ᠢᠯᠠᠭ᠋ᠠᠨ ᠮᠡᠳᠡᠬᠦ ᠬᠡᠷᠡᠭᠳᠡᠢ᠃ ᠤᠴᠢᠷ᠎ᠨᠢ ᠨᠢᠭᠡ ᠠᠨᠭ᠌ᠬᠢ ᠨᠢᠭᠡᠴᠢ ᠵᠢᠨ ᠪᠦᠷᠢᠯᠳᠦᠭᠦᠨ ᠨᠢᠭᠡ ᠪᠦᠷᠢ᠎ᠨᠢ ᠴᠦᠮ ᠠᠳᠠᠯᠢ ᠪᠤᠰᠤ ᠪᠠᠶ᠋ᠢᠳᠠᠭ᠃ ᠠ᠋ᠭᠦᠨ᠎ᠳᠤ ᠦᠵᠡᠯᠳᠡ ᠲᠠᠨᠢᠯᠳᠡ ᠵᠢᠨ ᠠᠳᠠᠯᠢ ᠦᠭᠡᠢ᠂ ᠲᠠᠪᠰᠢᠩᠭᠤᠢ ᠬᠤᠴᠤᠷᠤᠩᠭᠤᠢ ᠵᠢᠨ ᠵᠦᠷᠢᠶ᠎ᠡ ᠪᠠ ᠰᠤᠷᠤᠯᠭ᠎ᠠ ᠵᠢᠨ ᠬᠢᠷᠢ ᠬᠡᠮᠵᠢᠶᠡᠨ᠎ᠤ ᠢᠯᠭ᠋ᠠᠭ᠎ᠠ ᠤᠷᠤᠰᠢᠵᠦ ᠪᠠᠶ᠋ᠢᠳᠠᠭ᠃ ᠠ᠋ᠶ᠋ᠢᠮᠦ ᠪᠠᠶ᠋ᠢᠳᠠᠯ ᠲᠤᠤᠷ᠎ᠠ ᠠᠩᠭᠢ ᠵᠢᠨ ᠠ᠋ᠷᠬᠢᠯᠡᠭᠴᠢ ᠪᠤᠳᠠᠳᠤ ᠪᠠᠶ᠋ᠢᠳᠠᠯ᠎ᠠᠴᠠ ᠭᠠᠷᠳᠠᠵᠤ᠂ ᠰᠤᠷᠤᠭᠴᠢ ᠨᠢᠭᠡ ᠪᠦᠷᠢ ᠵᠢᠨ ᠤᠨᠴᠠᠯᠢᠭᠲᠤ ᠵᠤᠬᠢᠴᠠᠭᠤᠯᠤᠨ ᠵᠢᠭ᠋ᠠᠨ ᠵᠢᠯᠤᠭᠤᠳᠬᠤ ᠬᠡᠷᠡᠭᠳᠡᠢ᠃
《ᠦᠨᠡᠨᠴᠢ ᠬᠠᠶ᠋ᠢᠷ᠎ᠠ ᠦᠭᠡᠢ ᠪᠤᠯ ᠵᠢᠩᠬᠢᠨᠢ ᠰᠤᠷᠭ᠋ᠠᠨ ᠬᠦᠮᠦᠵᠢᠯ ᠪᠠᠶ᠋ᠢᠵᠦ ᠴᠢᠳᠠᠭ᠍ᠤ ᠦᠭᠡᠢ》᠃ ᠰᠤᠷᠤᠭᠴᠢᠳ᠎ᠲᠠᠢ ᠰᠡᠳᠬᠢᠯᠭᠡ᠎ᠪᠠᠨ ᠰᠤᠯᠢᠯᠴᠠᠵᠦ᠂ ᠬᠠᠮᠳᠤ ᠵᠢᠨ ᠦᠵᠡᠯᠳᠡ ᠰᠡᠳᠬᠢᠯᠭᠡ᠎ᠲᠠᠢ ᠪᠤᠯᠬᠤ ᠬᠡᠷᠡᠭᠳᠡᠢ᠃ ᠪᠠᠭᠰᠢ᠎ᠨᠢ ᠦᠨᠠᠨ ᠰᠡᠳᠬᠢᠯ᠎ᠠᠴᠠ᠎ᠪᠠᠨ ᠰᠤᠷᠤᠭᠴᠢᠳ᠎ᠢ ᠬᠠᠶ᠋ᠢᠷᠠᠯᠠᠨ ᠬᠠᠯᠠᠮᠵᠢᠯᠠᠭ᠍ᠤ ᠪᠤᠯ ᠪᠠᠭᠰᠢ ᠰᠤᠷᠤᠭᠴᠢᠳ᠎ᠤᠨ ᠬᠤᠭᠤᠷᠤᠨᠳᠤᠬᠢ ᠬᠠᠷᠢᠴᠠᠭ᠎ᠠ ᠵᠢ ᠰᠠᠶ᠋ᠢᠵᠢᠷᠠᠭᠤᠯᠬᠤ ᠲᠦᠷᠭᠡᠳᠬᠡᠭᠦᠷ ᠮᠦᠨ᠃ ᠭᠠᠭᠴᠠ ᠬᠦ᠌ ᠪᠠᠭᠰᠢ ᠬᠤᠪᠢ ᠪᠡᠶ᠎ᠡ ᠵᠢᠨ ᠶᠠᠳᠠᠷᠠᠯ ᠵᠦᠳᠡᠷᠡᠯ᠂ ᠠᠰᠢᠭ ᠬᠠᠷᠠᠮᠵᠢ᠎ᠪᠠᠨ ᠪᠤᠳᠤᠬᠤ ᠦᠭᠡᠢ᠂ ᠰᠤᠷᠤᠭᠴᠢᠳ᠎ᠤᠨ ᠵᠶ᠋ᠠᠨ ᠤᠮᠳᠠᠭ᠋ᠠᠰᠤᠭᠰᠠᠨ ᠦᠶ᠎ᠡ᠎ᠳᠤ᠎ᠨᠢ ᠤᠮᠳᠡ ᠭᠦᠷᠭᠡᠵᠦ᠂ ᠲᠠᠭ᠋ᠠᠷᠠᠭᠰᠠᠨ ᠦᠶ᠎ᠡ᠎ᠳᠤ᠎ᠨᠢ ᠲᠠᠭ᠍ᠤ ᠬᠦᠷᠭᠡᠪᠡᠯ ᠰᠠᠶᠢ ᠲᠡᠳᠡᠨ᠎ᠤ ᠰᠡᠳᠬᠢᠯ᠎ᠤᠨ ᠨᠠᠶ᠋ᠢᠵᠠ ᠪᠤᠯᠵᠤ᠂ ᠬᠦᠨᠳᠦᠳᠬᠡᠯ᠎ᠢ᠎ᠨᠢ ᠤᠯᠵᠤ ᠴᠢᠳᠠᠳᠠᠭ ᠮᠦᠷᠳᠡᠭᠡᠨ ᠰᠤᠷᠭ᠋ᠠᠨ ᠬᠦᠮᠦᠵᠢᠭᠦᠯᠬᠦ ᠠᠵᠢᠯ ᠵᠶ᠋ᠠᠨ ᠠᠮᠵᠢᠯᠳᠡ᠎ᠲᠠᠢ᠎ᠪᠠᠷ ᠪᠠᠶᠠᠯᠠᠭᠦᠯᠵᠤ ᠴᠢᠳᠠᠭ᠍ᠤ ᠪᠤᠯᠤᠨ᠎ᠠ᠃ ᠠ᠋ᠭᠦᠨ᠎ᠤ ᠠ᠋ᠰᠡᠷᠬᠦ᠎ᠪᠠᠷ ᠲᠡᠳᠡᠨ᠎ᠤ ᠠᠮᠢᠳᠤᠷᠠᠯ ᠰᠤᠷᠤᠯᠴᠠᠯᠭ᠎ᠠ ᠵᠢᠨ ᠪᠠᠶ᠋ᠢᠳᠠᠯ᠎ᠢ ᠤᠭᠳᠤᠬᠠᠨ ᠴᠦ᠍ ᠬᠠᠮᠢᠶᠠᠷᠭ᠍ᠤ ᠦᠭᠡᠢ᠂ ᠬᠤᠭᠤᠰᠤᠨ ᠤᠨᠤᠯ᠂ ᠬᠡᠶ᠋ᠢᠰᠪᠦᠷᠢ ᠨᠤᠮᠯᠠᠯᠢ ᠬᠡᠳᠦᠢ ᠶᠠᠷᠢᠭᠰᠠᠨ ᠴᠦ᠍ 《ᠬᠤᠮᠠᠭᠲᠤᠷ ᠲᠤᠰᠤ ᠴᠢᠳᠬᠤᠭᠰᠠᠨ》 ᠬᠡᠷᠡᠭ ᠪᠤᠯᠵᠤ ᠪᠠᠭᠰᠢ ᠰᠤᠷᠤᠭᠴᠢ ᠵᠢᠨ ᠰᠡᠳᠬᠢᠯ᠎ᠤᠨ ᠬᠤᠭᠤᠷᠤᠨᠳᠤᠬᠢ ᠵᠠᠢ ᠬᠤᠯᠠᠳᠴᠤ᠂ ᠰᠤᠷᠭ᠋ᠠᠨ ᠬᠦᠮᠦᠵᠢᠭᠦᠯᠬᠦ ᠵᠤᠷᠢᠯᠭ᠎ᠠ᠎ᠲᠠᠢ ᠶᠠᠭ ᠤᠷᠪᠠᠭᠤ ᠬᠠᠷᠢᠴᠠᠭ᠋ᠠᠳᠤ ᠪᠤᠯᠳᠠᠭ᠃ ᠠ᠋ᠶ᠋ᠢᠮᠦ᠎ᠠᠴᠠ ᠠᠩᠬᠢ ᠵᠢᠨ ᠠ᠋ᠷᠬᠢᠯᠡᠭᠴᠢ ᠪᠤᠯᠤᠭᠰᠠᠳ ᠲᠠᠷᠤᠤ ᠬᠢᠴᠢᠶᠡᠩᠭᠦᠢ᠂ ᠲᠦᠪ ᠤᠪᠤᠷ ᠵᠶ᠋ᠠᠷ ᠰᠤᠷᠤᠭᠴᠢᠳ᠎ᠲᠤ᠎ᠪᠠᠨ ᠬᠠᠨᠳᠤᠵᠤ᠂ ᠶᠤᠰᠤ᠎ᠪᠠᠷ ᠪᠢᠰᠢᠷᠡᠭᠦᠯᠦᠨ᠂ ᠠᠵᠢᠯᠯᠠᠭ᠎ᠠ᠎ᠪᠠᠷ ᠲᠠᠭ᠋ᠠᠭᠤᠯᠤᠨ᠂ ᠰᠡᠳᠬᠢᠯ ᠵᠶ᠋ᠠᠷ ᠬᠠᠷᠢᠯᠴᠠᠭ᠍ᠤ ᠬᠡᠷᠡᠭᠳᠡᠢ᠃
ᠠᠩᠬᠢ ᠵᠢᠨ ᠠ᠋ᠷᠬᠢᠯᠡᠭᠴᠢ ᠪᠠᠭᠰᠢ ᠨᠢᠭᠡ ᠪᠦᠷᠢ ᠰᠤᠷᠤᠭᠴᠢᠳ᠎ᠤᠨ ᠵᠶ᠋ᠠᠨ ᠬᠢᠴᠢᠶᠡᠯ ᠰᠤᠷᠤᠯᠭ᠎ᠠ ᠵᠢᠨ ᠲᠠᠯ᠎ᠠ᠎ᠪᠠᠷ ᠰᠢᠯᠢᠳᠡᠭ ᠬᠢᠷᠢ ᠪᠦᠲᠦᠮᠵᠢ ᠤᠯᠬᠤ᠎ᠳᠤ᠎ᠨᠢ ᠤᠮᠤᠭᠰᠢᠨ ᠵᠤᠷᠢᠬ᠍ᠵᠢᠳᠠᠭ ᠪᠤᠯᠪᠠᠴᠤ ᠰᠤᠷᠤᠯᠭ᠎ᠠ ᠮᠤᠷᠠᠯ ᠵᠶ᠋ᠠᠷ ᠪᠠᠷᠤᠭᠳᠠᠢ ᠰᠤᠷᠤᠭᠴᠢ ᠲᠠᠭ᠋ᠠᠷᠠᠯᠳᠤᠪᠠᠯ ᠲᠣᠬᠤ᠎ᠪᠠᠨ ᠪᠠᠷᠢᠬᠤ ᠶᠠᠪᠤᠳᠠᠯ ᠵᠦᠩᠳᠡᠭᠡᠨ ᠭᠠᠷᠳᠠᠭ᠃ ᠠᠩᠬᠢ ᠵᠢᠨ ᠠ᠋ᠷᠬᠢᠯᠡᠭᠴᠢ ᠪᠠᠭᠰᠢ ᠠ᠋ᠶ᠋ᠢᠮᠦᠷᠬᠦᠤ ᠰᠤᠷᠤᠭᠴᠢᠳ᠎ᠲᠤ ᠬᠠᠨᠳᠤᠬᠤ᠎ᠳᠤ᠎ᠪᠠᠨ ᠲᠤᠷ᠎ᠠ᠎ᠪᠠᠷ᠎ᠨᠢ ᠲᠠᠯᠪᠢᠵᠦ ᠬᠠᠶᠠᠭ᠋ᠠᠨ᠎ᠳᠤ᠎ᠨᠢ ᠬᠠᠶᠠᠭ᠍ᠤ ᠪᠢᠰᠢ ᠬᠠᠷᠢᠨ ᠲᠡᠳᠡ ᠨᠠᠷ᠎ᠲᠤ ᠪᠤᠰᠤᠳ᠎ᠠᠴᠠ ᠢᠯᠡᠭᠦᠦ ᠬᠦᠴᠦ ᠲᠠᠯᠪᠢᠨ ᠰᠤᠷᠭ᠋ᠠᠨ ᠬᠦᠮᠦᠵᠢᠭᠦᠯᠬᠦ ᠠᠵᠢᠯ᠎ᠢ ᠠᠩᠬᠢ ᠵᠢᠨ ᠵᠶ᠋ᠠᠨ ᠭᠤᠤᠯᠳᠠᠯᠭ᠎ᠠ᠎ᠲᠠᠢ ᠠᠵᠢᠯ ᠪᠤᠯᠭ᠋ᠠᠨ ᠠᠳᠬᠤᠵᠦ ᠲᠡᠳᠡ ᠨᠠᠷ᠎ᠤᠨ ᠰᠡᠳᠬᠢᠯ᠎ᠤᠨ ᠨᠠᠶ᠋ᠢᠵᠠ᠎ᠨᠢ ᠪᠤᠯᠵᠦ ᠴᠢᠳᠠᠭ᠍ᠤ ᠭᠡᠷᠡᠭᠳᠠᠢ᠃ ᠠ᠋ᠭᠦᠨ᠎ᠳᠤ ᠲᠤᠤᠷᠠᠬᠢ ᠭᠡᠳᠤᠨ ᠲᠠᠯ᠎ᠠ ᠵᠢ ᠠᠨᠭ᠌ᠬᠠᠷᠴᠤ ᠭᠦᠢ᠍ᠴᠡᠳᠭᠡᠪᠡᠯ ᠵᠤᠬᠢᠨ᠎ᠠ᠃
1. ᠰᠤᠷᠤᠭᠴᠢᠳ᠎ᠢ ᠬᠠᠶ᠋ᠢᠷᠠᠯᠠᠭ᠍ᠤ᠃ 《ᠬᠠᠶ᠋ᠢᠷ᠎ᠠ ᠦᠭᠡᠢ ᠰᠤᠷᠭ᠋ᠠᠨ ᠬᠦᠮᠦᠵᠢᠯ ᠪᠠᠶ᠋ᠢᠵᠦ ᠴᠢᠳᠠᠭ᠍ᠤ ᠦᠭᠡᠢ᠂ ᠬᠠᠶ᠋ᠢᠷ᠎ᠠ ᠪᠤᠯ ᠰᠤᠷᠤᠭᠴᠢᠳ᠎ᠢ ᠬᠦᠮᠦᠵᠢᠭᠦᠯᠬᠦ ᠨᠢᠭᠤᠴᠠ ᠤᠪᠠᠳᠢᠰ ᠮᠦᠨ》 ᠭᠡᠬᠦ ᠰᠤᠷᠭ᠋ᠠᠨ ᠬᠦᠮᠦᠵᠢᠯᠳᠡᠳᠤᠨ ᠡ᠊ᠨᠡ ᠭᠦ᠌ ᠰᠤᠷᠭ᠋ᠠᠯ᠎ᠢ ᠢᠳᠡᠭᠡᠨ ᠬᠡᠷᠡᠭᠵᠢᠭᠦᠯᠪᠡᠯ ᠠᠩᠬᠢ ᠵᠢᠨ ᠠ᠋ᠷᠬᠢᠯᠡᠭᠴᠢ ᠵᠢᠨ ᠠᠵᠢᠯ᠎ᠳᠤ ᠶᠡᠬᠡᠬᠡᠨ ᠬᠠᠪᠰᠤᠷᠤᠮᠵᠢ ᠪᠤᠯᠬᠤ ᠶᠤᠮ᠃ ᠰᠤᠷᠤᠭᠴᠢᠳ᠎ᠢ ᠬᠦᠮᠦᠵᠢᠭᠦᠯᠦᠶ᠎ᠡ ᠭᠡᠪᠡᠯ ᠶᠠᠭᠤᠨ᠎ᠤ ᠠ᠋ᠮᠦᠨ᠎ᠡ ᠰᠤᠷᠤᠭᠴᠢᠳ᠎ᠢ ᠬᠠᠯᠠᠮᠵᠢᠯᠠᠬᠤ ᠭᠡᠷᠡᠭᠳᠠᠢ᠃ ᠶᠡᠷᠦ᠎ᠨᠢ ᠰᠤᠷᠤᠭᠴᠢ᠎ᠳᠤ ᠬᠦᠢ᠍ᠳᠡᠮᠰᠦᠭ ᠵᠶ᠋ᠠᠷ ᠬᠠᠨᠳᠤᠵᠤ᠂ ᠰᠢᠭᠦᠮᠵᠢᠯᠡᠯ ᠵᠶ᠋ᠠᠷ ᠨᠢᠭᠤᠷᠳᠠᠭ᠋ᠠᠳ ᠪᠠᠢ᠍ᠢ᠍ᠪᠠᠯ ᠲᠠᠳᠠᠨ᠎ᠤ ᠠ᠋ᠭ᠌ᠳᠡᠭᠦᠦ ᠵᠢ ᠬᠦᠷᠭᠡᠵᠦ ᠵᠤᠷᠢᠭᠤᠳᠠ ᠵᠦᠷᠢᠭᠦᠳᠯᠡᠭᠦᠳᠤ ᠭᠦᠷᠭᠡᠵᠦ ᠮᠠᠳᠠᠭᠦ ᠶᠤᠮ᠃
2. ᠢᠯᠡᠭᠦᠦ ᠬᠠᠷᠢᠯᠴᠠᠭ᠍ᠤ᠃ ᠰᠤᠷᠤᠭᠴᠢᠳ᠎ᠤᠨ ᠦᠵᠡᠯ ᠰᠠᠨᠠᠭ᠎ᠠ᠂ ᠤᠷᠮ᠎ᠠ ᠪᠠᠬ᠎ᠠ᠂ ᠵᠠᠩ ᠲᠠᠳᠬᠠᠯ ᠵᠡᠷᠭᠡ ᠡᠯ᠎ᠡ ᠲᠠᠯ᠎ᠠ᠎ᠠᠴᠠ ᠤᠶ᠋ᠢᠯᠠᠭ᠋ᠠᠪᠠᠯ ᠰᠠᠶᠢ ᠰᠤᠷᠭ᠋ᠠᠨ ᠬᠦᠮᠦᠵᠢᠭᠦᠯᠬᠦ ᠠᠵᠢᠯᠯᠠᠭ᠎ᠠ᠎ᠪᠠᠨ ᠤᠷᠤᠭᠰᠢᠳᠠᠢ ᠶᠠᠪᠤᠭᠳᠠᠭᠤᠯᠵᠤ ᠴᠢᠳᠠᠨ᠎ᠠ᠃ ᠬᠡᠤᠬᠡᠳ ᠪᠤᠯ ᠴᠠᠭ᠋ᠠᠪᠤᠷ ᠪᠠᠶ᠋ᠢᠳᠠᠭ᠂ ᠲᠡᠳᠡ ᠶᠠᠭᠤ ᠪᠤᠳᠤᠪᠠᠯ ᠶᠠᠭᠤ᠎ᠪᠠᠨ ᠶᠠᠷᠢᠳᠠᠭ ᠤᠴᠢᠷ᠎ᠠᠴᠠ ᠰᠤᠯᠠ ᠴᠠᠭ ᠵᠶ᠋ᠠᠷ ᠵᠶ᠋ᠠᠨ ᠦᠷᠭᠦᠯᠵᠢ ᠠᠩᠬᠢ ᠵᠢᠨ ᠭᠡᠷ᠎ᠲᠤ᠎ᠪᠠᠨ ᠬᠦᠷᠴᠦ᠂ ᠰᠤᠷᠤᠭᠴᠢᠳ᠎ᠲᠠᠢ᠎ᠪᠠᠨ ᠬᠠᠮᠳᠤ ᠰᠠᠭᠤᠯᠴᠠᠨ ᠶᠠᠷᠢᠯᠴᠠᠵᠤ᠂ ᠶᠠᠷᠢᠯᠴᠠᠭ᠍ᠤ ᠲᠤᠮᠳᠠ᠎ᠠᠴᠠ ᠰᠤᠷᠤᠭᠴᠢ ᠨᠢᠭᠡ ᠪᠦᠷᠢ ᠵᠢ ᠤᠶ᠋ᠢᠯᠠᠭ᠋ᠠᠨ ᠲᠡᠳᠡᠨ᠎ᠲᠠᠢ ᠭᠦᠨ ᠵᠤᠵᠠᠭ᠋ᠠᠨ ᠬᠠᠶ᠋ᠢᠷ᠎ᠠ ᠰᠡᠳᠬᠢᠯᠭᠡ᠎ᠲᠠᠢ ᠪᠤᠯᠵᠤ ᠲᠡᠳᠡᠨ᠎ᠤ ᠵᠢᠩᠬᠢᠨᠢ ᠰᠡᠳᠬᠢᠯ᠎ᠤᠨ ᠨᠠᠶ᠋ᠢᠵᠠ᠎ᠨᠢ ᠪᠤᠯᠵᠦ᠂ ᠪᠠᠭᠰᠢ ᠰᠤᠷᠤᠭᠴᠢ ᠰᠡᠳᠬᠢᠯ ᠰᠠᠨᠠᠭ᠎ᠠ᠎ᠪᠠᠨ ᠰᠤᠯᠢᠯᠴᠠᠪᠠᠯ ᠪᠠᠭᠰᠢ ᠰᠤᠷᠤᠭᠴᠢ ᠵᠢᠨ ᠬᠤᠭᠤᠷᠤᠨᠳᠤᠬᠢ ᠬᠠᠷᠢᠴᠠᠭ᠎ᠠ ᠵᠢ ᠨᠡᠩ ᠢᠯᠡᠭᠦᠦ ᠰᠠᠶ᠋ᠢᠵᠢᠷᠠᠭᠤᠯᠵᠤ ᠴᠢᠳᠠᠭ᠍ᠤ ᠶᠤᠮ᠃
3. ᠢᠯᠡᠭᠦᠬᠡᠨ ᠵᠤᠷᠢᠬ᠍ᠵᠢᠭᠤᠯᠬᠤ᠃ ᠠᠩᠬᠢ ᠪᠦᠷᠢ᠎ᠳᠤ ᠦᠵᠡᠯ ᠰᠠᠨᠠᠭ᠎ᠠ᠎ᠨᠢ ᠪᠠᠷᠤᠭᠳᠠᠢ ᠰᠤᠷᠤᠭᠴᠢ ᠪᠠᠶ᠋ᠢᠳᠠᠭ ᠴᠦ᠍ ᠰᠤᠷᠤᠭᠴᠢ ᠵᠢ ᠬᠠᠯᠳᠤ ᠭᠡᠪᠡᠯ ᠪᠤᠷᠤᠭᠤᠰᠢᠶᠠᠨ ᠵᠢᠮᠡᠯᠡᠬᠦ᠎ᠳᠤ ᠭᠦᠷᠪᠡᠯ ᠲᠡᠳᠡ ᠦᠪᠡᠷ᠎ᠤᠨ ᠪᠡᠶ᠎ᠡ᠎ᠳᠤ᠎ᠪᠠᠨ ᠢᠳᠡᠭᠡᠯ ᠦᠭᠡᠢ ᠪᠤᠯᠵᠤ ᠨᠡᠩ ᠢᠯᠡᠭᠦᠦ ᠵᠦᠷᠢᠭᠦᠳᠯᠡᠭᠦ ᠵᠠᠨᠭ᠌ᠳᠠᠢ ᠪᠤᠯᠳᠠᠬ᠃ ᠠ᠋ᠶ᠋ᠢᠮᠦ ᠰᠤᠷᠤᠭᠴᠢ ᠵᠢ ᠦᠵᠡᠯ ᠰᠠᠨᠠᠭ᠋ᠠᠨ᠎ᠤ ᠲᠠᠯ᠎ᠠ᠎ᠠᠴᠠ ᠲᠤᠷᠤᠮᠵᠢᠯᠠᠭ᠍ᠤ ᠦᠭᠡᠢ᠂ ᠰᠡᠳᠬᠢᠯᠭᠡ ᠵᠢᠨ ᠲᠠᠯ᠎ᠠ᠎ᠠᠴᠠ ᠵᠢᠭᠰᠢᠭᠦ ᠦᠭᠡᠢ᠂ ᠤᠪᠤᠷ᠎ᠤᠨ ᠲᠠᠯ᠎ᠠ᠎ᠠᠴᠠ ᠪᠦᠳᠦᠭᠦᠯᠢᠭ ᠪᠠᠶ᠋ᠢᠵᠦ ᠪᠤᠯᠬᠤ ᠦᠭᠡᠢ᠃ ᠬᠠᠷᠢᠨ ᠰᠤᠷᠤᠭᠴᠢᠳ᠎ᠤᠨ ᠪᠡᠶ᠎ᠡ ᠲᠡᠭᠡᠷ᠎ᠡ ᠤᠷᠤᠰᠢᠵᠦ ᠪᠠᠶ᠋ᠢᠭ᠎ᠠ ᠠᠰᠠᠭᠤᠳᠠᠯ᠎ᠤᠨ ᠰᠢᠯᠳᠠᠭ᠋ᠠᠨ᠎ᠢ ᠠ᠋ᠷᠢᠨ ᠰᠦᠪᠡᠭᠴᠢᠯᠡᠵᠦ᠂ ᠲᠡᠳᠡᠨ᠎ᠤ ᠪᠡᠶ᠎ᠡ᠎ᠪᠠᠨ ᠬᠦᠨᠳᠦᠳᠬᠡᠨ᠂ ᠪᠡᠶ᠎ᠡ᠎ᠪᠠᠨ ᠢᠳᠡᠭᠡᠬᠦ ᠰᠡᠳᠬᠢᠯ᠎ᠢ ᠬᠦᠳᠡᠯᠭᠡᠵᠦ᠂ ᠢᠯᠡᠭᠦᠦ ᠵᠤᠷᠢᠬ᠍ᠵᠢᠭᠤᠯᠵᠤ᠂ ᠢᠯᠡᠭᠦᠦ ᠬᠠᠯᠠᠮᠵᠢᠯᠠᠨ᠎ᠠ᠃ ᠦᠪᠡᠷ᠎ᠤᠨ ᠪᠡᠶ᠎ᠡ᠎ᠪᠠᠨ ᠬᠦᠨᠳᠦᠳᠬᠡᠬᠦ ᠵᠢᠨ ᠲᠠᠭ᠋ᠠᠤ ᠪᠤᠰᠤᠳ᠎ᠤᠨ ᠬᠦᠨᠳᠦᠳᠬᠡᠯ ᠬᠠᠯᠠᠮᠵᠢᠯᠠᠯ᠎ᠢ ᠬᠦᠷᠳᠡᠬᠦ ᠪᠤᠯᠭ᠋ᠠᠨ᠎ᠠ᠃ ᠴᠢᠮ᠎ᠠ ᠵᠢ ᠪᠦᠳᠦᠷᠢᠭᠰᠡᠨ ᠦᠶ᠎ᠡ᠎ᠳᠤ ᠢᠳᠡᠭᠡᠵᠦ ᠬᠠᠯᠠᠮᠵᠢᠯᠠᠭ᠍ᠤ ᠬᠦᠮᠦᠨ ᠤᠯᠠᠨ ᠪᠠᠢ᠍ᠢ᠍ᠨ᠎ᠠ ᠭᠡᠳᠡᠭ ᠢᠳᠡᠭᠡᠯ᠎ᠢ ᠤᠯᠭᠤᠨ᠎ᠠ᠃ ᠠᠩᠬᠢ ᠵᠢᠨ ᠠ᠋ᠷᠬᠢᠯᠡᠭᠴᠢ ᠡ᠊ᠨᠡ ᠭᠦ᠌ ᠬᠦᠮᠦᠵᠢᠯ᠎ᠢ ᠪᠢᠳᠡᠬᠡᠢ ᠤᠮᠳᠤᠭ᠋ᠠᠶ᠋ᠢᠯᠠᠭ᠋ᠠᠷᠠᠢ᠃
4. ᠰᠤᠷᠤᠭᠴᠢᠳ᠎ᠲᠤ ᠠᠳᠠᠯᠢ᠎ᠪᠠᠷ ᠬᠠᠨᠳᠤᠬᠤ᠃ ᠨᠢᠭᠡ ᠠᠩᠬᠢ᠎ᠳᠤ ᠰᠤᠷᠤᠯᠭ᠎ᠠ ᠰᠠᠶ᠋ᠢᠨ ᠮᠠᠭᠤ ᠰᠤᠷᠤᠭᠴᠢ ᠶᠠᠷᠢᠶᠠᠨ ᠦᠭᠡᠢ ᠪᠠᠶ᠋ᠢᠳᠠᠭ᠃ ᠪᠠᠭᠰᠢ᠎ᠠᠴᠠ ᠰᠤᠷᠤᠯᠭ᠎ᠠ ᠰᠠᠶ᠋ᠢᠨ ᠰᠤᠷᠤᠭᠴᠢ ᠵᠢ ᠬᠠᠯᠠᠮᠵᠢᠯᠠᠵᠤ᠂ ᠪᠤᠰᠤᠳ᠎ᠢ᠎ᠨᠢ ᠦᠯᠦ ᠤᠶ᠋ᠢᠰᠢᠶᠠᠭ᠍ᠤ ᠤᠪᠤᠷ ᠵᠶ᠋ᠠᠷ ᠬᠠᠨᠳᠤᠬᠤ ᠳᠤ ᠬᠦᠷᠪᠡᠯ ᠰᠤᠷᠤᠯᠭ᠎ᠠ ᠠᠨᠠᠢ ᠰᠤᠷᠤᠭᠴᠢ ᠤᠯᠠᠮ ᠦᠪᠡᠷ᠎ᠢ᠎ᠪᠠᠨ ᠭᠤᠯ᠎ᠤᠨ ᠭᠤᠳᠤᠷᠠᠭ᠍ᠤ ᠪᠤᠯᠤᠨ᠎ᠠ᠃ ᠰᠤᠷᠤᠭᠴᠢ ᠪᠤᠯᠭ᠋ᠠᠨ ᠪᠠᠭᠰᠢ ᠵᠢᠨ ᠵᠶ᠋ᠠᠨ ᠰᠠᠶ᠋ᠢᠨ ᠰᠤᠷᠤᠭᠴᠢ ᠪᠤᠯᠬᠤ ᠵᠢ ᠬᠦᠰᠡᠳᠡᠭᠢ ᠠᠨᠭ᠌ᠬᠢ ᠵᠢᠨ ᠠ᠋ᠷᠬᠢᠯᠡᠭᠴᠢ ᠨᠢᠭᠡ ᠪᠦᠷᠢ ᠠ᠋ᠷᠭᠡᠪᠰᠢ ᠤᠢ᠍ᠢ᠍ᠯᠠᠭ᠋ᠠᠵᠤ᠂ ᠠᠨᠭ᠌ᠬᠢ ᠵᠢᠨ ᠬᠠᠮᠢᠶᠠᠷᠤᠯᠳᠠ᠎ᠳᠤ᠎ᠪᠠᠨ ᠪᠦᠭᠦ ᠲᠠᠯ᠎ᠠ᠎ᠪᠠᠷ ᠲᠤᠭᠤᠰᠢᠯᠠᠭᠤᠯᠬᠤ ᠭᠡᠷᠡᠭᠳᠠᠢ᠃
ᠬᠤᠶᠠᠷ᠂ ᠰᠤᠷᠤᠭᠴᠢ᠎ᠪᠠᠨ ᠤᠶ᠋ᠢᠯᠠᠭ᠋ᠠᠵᠤ ᠬᠤᠴᠤᠷᠤᠩᠭᠤᠢ ᠰᠤᠷᠤᠭᠴᠢ᠎ᠳᠤ ᠬᠦᠯᠢᠴᠡᠩᠭᠦᠢ ᠲᠡᠰᠪᠦᠷᠢᠳᠡᠢ ᠬᠦᠮᠦᠵᠢᠯ ᠬᠢᠵᠦ ᠰᠤᠷᠤᠭᠴᠢ ᠵᠢ ᠵᠦᠪ ᠦᠨᠡᠯᠡᠬᠦ ᠬᠡᠷᠡᠭᠳᠡᠢ᠃ ᠨᠢᠭᠡᠨ ᠠᠩᠬᠢ ᠨᠡᠶ᠋ᠢᠳᠡ᠎ᠳᠤ ᠰᠤᠷᠤᠭᠴᠢᠳ᠎ᠤᠨ ᠲᠦᠷᠦᠯᠬᠢ ᠴᠢᠨᠠᠷ᠂ ᠰᠡᠳᠬᠢᠴᠡ ᠵᠢᠨ ᠤᠨᠴᠠᠯᠢᠭ᠂ ᠤᠷᠴᠢᠨ ᠲᠤᠭᠤᠷᠢᠨ᠎ᠤ ᠨᠦᠯᠦᠭᠡ ᠵᠢᠴᠢ ᠰᠠᠭᠤᠷᠢ ᠬᠦᠮᠦᠵᠢᠯ ᠭᠦᠷᠳᠡᠭᠰᠡᠨ ᠬᠡᠮᠵᠢᠶ᠎ᠡ ᠵᠡᠷᠭᠡ ᠵᠢᠨ ᠵᠦᠷᠢᠶ᠎ᠡ᠎ᠠᠴᠠ ᠪᠤᠯᠵᠤ᠂ ᠠ᠋ᠩᠨᠡᠭᠡᠨ᠎ᠳᠤ᠎ᠪᠠᠨ ᠴᠢᠷᠦᠭᠳᠡᠬᠦ ᠬᠤᠴᠤᠷᠤᠩᠭᠤᠢ ᠰᠤᠷᠤᠭᠴᠢ ᠢᠯᠡᠷᠡᠬᠦ᠎ᠨᠢ ᠠᠶᠠᠨᠳᠠᠭ᠋ᠠᠨ᠎ᠤ ᠦᠵᠡᠭᠳᠡᠯ ᠪᠢᠯᠡ᠃ ᠠ᠋ᠳᠡᠭᠡᠷ ᠰᠤᠷᠤᠭᠴᠢ᠎ᠨᠢ ᠬᠡᠳᠦᠶ᠋ᠢᠪᠡᠷ ᠬᠦᠮᠦᠨ᠎ᠤ ᠲᠤᠭ᠎ᠠ ᠴᠦᠬᠡᠨ ᠪᠤᠯᠪᠠᠴᠤ ᠠᠨᠭ᠌ᠬᠢ ᠨᠢᠭᠡᠴᠢ ᠵᠢ ᠠᠳᠠᠯᠢ ᠪᠤᠰᠤ ᠬᠡᠮᠵᠢᠶ᠎ᠡ᠎ᠪᠠᠷ ᠨᠦᠯᠦᠭᠡᠯᠡᠵᠦ ᠪᠠᠶ᠋ᠢᠳᠠᠭ᠃ ᠠ᠋ᠨᠡ ᠪᠤᠯ ᠠᠩᠬᠢ ᠵᠢᠨ ᠠ᠋ᠷᠬᠢᠯᠡᠭᠴᠢ ᠵᠢᠨ ᠠᠵᠢᠯ᠎ᠤᠨ ᠴᠢᠬᠤᠯᠠ ᠨᠢᠭᠡᠨ ᠠᠭᠤᠯᠭ᠎ᠠ ᠪᠤᠯᠤᠨ᠎ᠠ᠃ ᠠ᠋ᠭᠦᠨ᠎ᠳᠤ ᠠᠩᠬᠢ ᠵᠢᠨ ᠠ᠋ᠷᠬᠢᠯᠡᠭᠴᠢ᠎ᠠᠴᠠ ᠠ᠋ᠳᠡᠭᠡᠷ ᠰᠤᠷᠤᠭᠴᠢ ᠵᠢᠨ ᠬᠤᠴᠤᠷᠤᠩᠭᠤᠢ ᠪᠤᠯᠤᠭᠰᠠᠨ ᠰᠢᠯᠳᠠᠭ᠋ᠠᠨ᠎ᠢ ᠠ᠋ᠷᠢᠵᠦ᠂ 《ᠡᠪᠡᠳᠴᠢᠨ᠎ᠳᠤ᠎ᠨᠢ ᠲᠤᠬᠢᠷᠠᠭᠤᠯᠤᠨ ᠡᠮ ᠵᠠᠷᠤᠬᠤ》 ᠪᠠ ᠬᠤᠴᠤᠷᠤᠩᠭᠤᠢ ᠰᠤᠷᠤᠭᠴᠢ ᠵᠢᠨ ᠪᠡᠶ᠎ᠡ᠎ᠪᠠᠨ ᠬᠦᠨᠳᠦᠳᠬᠡᠬᠦ ᠪᠤᠯ ᠲᠡᠳᠡᠨ ᠢ ᠬᠤᠪᠢᠷᠠᠭᠤᠯᠬᠤ ᠵᠢᠨ ᠦᠨᠳᠦᠰᠦᠨ ᠰᠢᠯᠳᠠᠭ᠋ᠠᠨ ᠪᠤᠯᠬᠤ ᠵᠢᠮ᠎ᠠ ᠵᠢ ᠪᠠᠷᠢᠬᠤ᠎ᠳᠤᠨᠢ ᠲᠠᠳᠠᠨ᠎ᠤ ᠦᠪᠡᠷ᠎ᠢ᠎ᠪᠠᠨ ᠬᠦᠨᠳᠦᠳᠬᠡᠬᠦ ᠰᠡᠳᠬᠢᠯ᠎ᠢ᠎ᠨᠢ ᠬᠦᠭᠵᠢᠭᠡᠨ᠂ ᠦᠪᠡᠷ᠎ᠢ᠎ᠪᠠᠨ ᠲᠦᠰᠢᠵᠦ᠂ ᠦᠪᠡᠷ᠎ᠢ᠎ᠪᠠᠨ ᠬᠠᠶ᠋ᠢᠷᠠᠯᠠᠵᠦ᠂ ᠦᠪᠡᠰᠤᠪᠠᠨ ᠬᠦᠴᠦᠷᠬᠡᠭᠵᠢᠬᠦ ᠪᠤᠯᠭ᠋ᠠᠬᠤ᠎ᠨᠢ ᠲᠡᠳᠡᠨ᠎ᠢ ᠰᠠᠶ᠋ᠢᠨ ᠰᠠᠶ᠋ᠢᠬᠠᠨ ᠲᠡᠰᠢ ᠬᠤᠪᠢᠷᠠᠭᠤᠯᠬᠤ ᠵᠢᠨ ᠲᠤᠳᠤᠭ᠋ᠠᠳᠤ ᠬᠦᠳᠡᠯᠭᠡᠬᠦ ᠬᠦᠴᠦᠨ ᠮᠦᠨ᠃ ᠬᠤᠴᠤᠷᠤᠩᠭᠤᠢ ᠰᠤᠷᠤᠭᠴᠢ᠎ᠳᠤ ᠠᠪᠴᠤ ᠬᠡᠯᠡᠪᠡᠯ ᠠᠩᠬᠢ ᠵᠢᠨ ᠠ᠋ᠷᠬᠢᠯᠡᠭᠴᠢ ᠵᠢᠨ ᠨᠢᠭᠡ ᠠᠰᠠᠭᠤᠯᠳᠠ᠂ ᠨᠢᠭᠡ ᠠ᠋ᠭᠦᠷᠭᠡ ᠲᠤᠰᠢᠶᠠᠭ᠍ᠤ᠂ ᠨᠢᠭᠡ ᠢᠳᠡᠭᠡᠭᠰᠡᠨ ᠬᠠᠷᠠᠴᠠ᠂ ᠨᠢᠭᠡ ᠬᠠᠯᠠᠭᠤᠮᠰᠤᠭ ᠴᠢᠷᠠᠢ ᠵᠡᠷᠭᠡ᠎ᠨᠢ ᠲᠡᠳᠡᠨ᠎ᠤ ᠰᠢᠷᠠᠭᠳᠤᠭᠰᠠᠨ ᠰᠡᠳᠬᠢᠯ᠎ᠢ ᠠ᠋ᠮᠨᠡᠬᠦ ᠰᠠᠶ᠋ᠢᠨ ᠵᠤᠷ ᠪᠤᠯᠳᠠᠭ᠃ 《ᠬᠠᠯᠠ᠎ᠨᠢ ᠭᠠᠳᠠᠨ᠎ᠠ᠎ᠪᠠᠨ᠂ ᠬᠠᠶ᠋ᠢᠷ᠎ᠠ᠎ᠨᠢ ᠲᠤᠳᠤᠨ᠎ᠠ᠎ᠪᠠᠨ》 ᠭᠡᠳᠡᠭ ᠵᠶ᠋ᠠᠷ ᠰᠤᠷᠤᠭᠴᠢᠳ᠎ᠢ ᠬᠦᠮᠦᠵᠢᠭᠦᠯᠦᠨ ᠰᠤᠷᠭ᠋ᠠᠬᠤ᠎ᠳᠤ ᠨᠠᠷᠢᠨ ᠲᠤᠳᠤᠷᠬᠠᠢ ᠲᠦᠷᠢᠮ ᠲᠤᠭᠳᠠᠭ᠋ᠠᠯ ᠪᠠ ᠲᠡᠭᠦᠨ ᠵᠶ᠋ᠠᠨ ᠠ᠋ᠷᠡᠰ ᠴᠢᠩᠭ᠎ᠠ ᠲᠤᠭᠤᠰᠢᠯᠠᠭᠤᠯᠤᠨ ᠬᠡᠷᠡᠭᠵᠢᠭᠦᠯᠬᠦ᠎ᠨᠢ ᠪᠤᠰᠤᠳ ᠠᠷᠭ᠎ᠠ ᠠᠪᠴᠠᠯ ᠵᠶ᠋ᠠᠷ ᠤᠷᠤᠯᠠᠭᠤᠯᠵᠤ ᠲᠡᠶ᠋ᠢᠯᠦᠰᠢ ᠦᠭᠡᠢ ᠴᠢᠬᠤᠯᠠ ᠤᠶ᠋ᠢᠯᠡᠳᠦᠯ ᠦᠵᠡᠭᠦᠯᠳᠡᠭ᠃ ᠲᠦᠷᠢᠮ ᠲᠤᠭᠳᠠᠭ᠋ᠠᠯ ᠵᠶ᠋ᠠᠨ ᠬᠡᠷᠡᠭᠵᠢᠭᠦᠯᠬᠦ᠎ᠳᠤ ᠬᠡᠯᠡᠪᠡᠯ ᠲᠠᠷᠤᠢ ᠬᠢᠵᠦ᠂ ᠬᠢᠪᠡᠯ ᠲᠠᠷᠦᠢ ᠰᠠᠶ᠋ᠢᠨ ᠬᠢᠭᠦ ᠬᠡᠷᠡᠭᠳᠡᠢ᠃ ᠠ᠋ᠶ᠋ᠢᠮᠦ᠎ᠠᠴᠠ ᠪᠠᠭᠰᠢ ᠠᠯᠢ ᠴᠢᠳᠠᠭ᠍ᠤ᠎ᠪᠠᠷ ᠬᠤᠴᠤᠷᠤᠩᠭᠤᠢ ᠰᠤᠷᠤᠭᠴᠢ ᠵᠢ ᠢᠯᠡᠭᠦᠦ ᠬᠠᠯᠠᠮᠵᠢᠯᠠᠵᠦ᠂ ᠰᠤᠷᠬᠤ ᠠᠷᠭ᠎ᠠ ᠵᠢᠨ ᠲᠠᠯ᠎ᠠ᠎ᠪᠠᠷ ᠵᠢᠯᠤᠭᠤᠳᠤᠨ ᠵᠤᠷᠢᠬ᠍ᠵᠢᠭᠤᠯᠵᠤ᠂ ᠲᠡᠳᠡᠨ᠎ᠤ ᠰᠤᠷᠬᠤ ᠤᠷᠮᠠᠰᠢᠯ᠎ᠢ ᠬᠦᠭᠵᠢᠭᠡᠵᠦ᠂ ᠦᠪᠡᠷ᠎ᠢ᠎ᠪᠠᠨ ᠢᠳᠡᠭᠡᠬᠦ ᠰᠡᠳᠬᠢᠯ᠎ᠢ᠎ᠨᠢ ᠨᠡᠮᠡᠭᠳᠡᠭᠦᠯᠵᠦ᠂ ᠲᠡᠳᠡᠨ᠎ᠳᠤ ᠲᠠᠪᠰᠢᠵᠦ ᠲᠡᠶ᠋ᠢᠯᠬᠦ ᠪᠤᠯᠤᠯᠴᠠᠭ᠎ᠠ᠎ᠲᠠᠢ ᠵᠢ ᠮᠡᠳᠡᠭᠦᠯᠬᠦ ᠬᠡᠷᠡᠭᠳᠡᠢ᠃
ᠬᠤᠴᠤᠷᠤᠩᠭᠤᠢ ᠰᠤᠷᠤᠭᠴᠢ ᠵᠢ ᠬᠦᠮᠦᠵᠢᠭᠦᠯᠬᠦ ᠬᠡᠳᠦᠨ ᠵᠤᠶ᠋ᠢᠯ᠎ᠤᠨ ᠠᠷᠭ᠎ᠠ ᠭᠡᠪᠡᠯ᠄
1. ᠬᠤᠴᠤᠷᠤᠩᠭᠤᠢ ᠰᠤᠷᠤᠭᠴᠢ ᠵᠢᠨ ᠪᠤᠢ ᠪᠤᠯᠤᠭᠰᠠᠨ ᠰᠢᠯᠳᠠᠭ᠋ᠠᠨ᠎ᠢ ᠵᠠᠳᠠᠯᠤᠨ ᠢᠯᠡᠷᠡᠭᠦᠯᠬᠦ ᠪᠤᠯ ᠬᠤᠴᠤᠷᠤᠩᠭᠤᠢ ᠰᠤᠷᠤᠭᠴᠢ ᠵᠢ ᠬᠦᠮᠦᠵᠢᠭᠦᠯᠬᠦ ᠵᠢᠨ ᠤᠷᠢᠳᠠᠯ ᠪᠤᠯᠬᠤ ᠶᠤᠮ᠃ ᠶᠠᠭᠤᠨ᠎ᠤ ᠠ᠋ᠮᠦᠨ᠎ᠡ ᠲᠡᠳᠡᠨ᠎ᠤ ᠢᠳᠡᠭᠡᠯ᠎ᠢ ᠤᠯᠬᠤ ᠬᠡᠷᠡᠭᠳᠡᠢ᠃ ᠠ᠋ᠶ᠋ᠢᠮᠦ᠎ᠠᠴᠠ ᠲᠡᠳᠡᠨ᠎ᠤ ᠠ᠋ᠳᠦᠷ ᠲᠤᠳᠤᠮ᠎ᠤᠨ ᠰᠤᠷᠤᠯᠭ᠎ᠠ ᠠᠮᠢᠳᠤᠷᠠᠯ᠎ᠳᠤ ᠭᠦᠨᠵᠡᠭᠡᠶ᠋ᠢᠷᠡᠨ᠂ ᠲᠡᠳᠡᠨ᠎ᠤ ᠰᠤᠷᠤᠯᠭ᠎ᠠ᠎ᠳᠤ᠎ᠪᠠᠨ ᠶᠠᠮᠠᠷ ᠤᠪᠤᠷ ᠠᠪᠴᠤ ᠪᠠᠶ᠋ᠢᠬᠤ᠂ ᠨᠦᠭᠦᠳ᠎ᠤᠨ ᠬᠤᠭᠤᠷᠤᠨᠳᠤᠬᠢ ᠪᠦᠯᠬᠦᠮᠳᠡᠯ᠂ ᠪᠠᠭᠰᠢ ᠵᠢᠨ ᠬᠢᠴᠢᠶᠡᠯ᠎ᠢ ᠢᠯᠭ᠋ᠠᠬᠤ ᠠ᠋ᠰᠡᠬᠦ᠂ ᠰᠠᠬᠢᠯᠭ᠎ᠠ ᠲᠦᠷᠢᠮ᠎ᠢ ᠬᠡᠷᠭᠢᠨ ᠰᠠᠬᠢᠬᠤ᠂ ᠶᠠᠮᠠᠷ ᠵᠦᠢ᠍ᠯ᠎ᠤᠨ ᠲᠤᠷ᠎ᠠ ᠪᠠᠬᠠᠲᠠᠢ ᠪᠠᠶ᠋ᠢᠬᠤ᠂ ᠭᠡᠷ᠎ᠤᠨ ᠠᠮᠢᠳᠦᠷᠠᠯ᠎ᠤᠨ ᠨᠦᠭᠦᠴᠡᠯ᠂ ᠭᠡᠷ ᠪᠦᠯᠢ ᠵᠢᠨ ᠤᠷᠴᠢᠨ ᠲᠤᠭᠤᠷᠢᠨ ᠵᠡᠷᠭᠡ ᠵᠢ ᠡᠵᠡᠮᠰᠢᠵᠦ᠂ ᠲᠡᠳᠡᠨ᠎ᠤ ᠲᠤᠬᠠᠢ ᠪᠦᠷᠢᠨ ᠤᠶ᠋ᠢᠯᠠᠭ᠋ᠠᠯᠳᠠ᠎ᠲᠠᠢ ᠪᠠᠶ᠋ᠢᠬᠤ ᠬᠡᠷᠡᠭᠳᠡᠢ᠃
2. ᠬᠢᠴᠢᠶᠡᠯ ᠲᠠᠶ᠋ᠢᠯᠪᠦᠷᠢᠯᠠᠭ᠍ᠤ ᠲᠠᠯ᠎ᠠ᠎ᠪᠠᠷ ᠵᠢᠭ᠋ᠠᠬᠤ ᠮᠠᠲᠸᠷᠢᠶᠠᠯ ᠪᠠ ᠠᠷᠭ᠎ᠠ᠎ᠪᠠᠨ ᠰᠤᠳᠤᠯᠤᠨ᠂ ᠰᠢᠨ᠎ᠡ ᠰᠡᠪᠡᠭᠦᠨ ᠠᠷᠭ᠎ᠠ ᠪᠠ ᠰᠤᠷᠤᠭᠴᠢᠳ᠎ᠤᠨ ᠰᠡᠳᠬᠢᠭᠦᠢ᠎ᠳᠤ ᠲᠤᠬᠢᠷᠠᠭᠰᠠᠨ ᠵᠢᠭ᠋ᠠᠨ ᠰᠣᠷᠭ᠋ᠠᠯᠳᠠ ᠵᠢᠨ ᠶᠠᠪᠤᠴᠠ᠎ᠪᠠᠷ ᠬᠢᠴᠢᠶᠡᠯᠯᠡᠨ᠎ᠡ᠃ ᠬᠤᠴᠤᠷᠤᠩᠭᠤᠢ ᠰᠤᠷᠤᠭᠴᠢ ᠵᠢ ᠠᠯᠢ ᠲᠠᠯ᠎ᠠ᠎ᠪᠠᠷ ᠵᠢᠯᠤᠭᠤᠳᠬᠤ᠂ ᠬᠢᠴᠢᠶᠡᠯᠯᠡᠬᠦ ᠶᠠᠪᠤᠴᠠ᠎ᠳᠤ ᠶᠠᠮᠠᠷ ᠢᠯᠡᠷᠡᠯ ᠭᠠᠷᠤᠭᠰᠠᠨ᠂ ᠪᠠᠳᠤᠳᠬᠠᠯ ᠪᠤᠯᠪᠠᠰᠤᠷᠠᠯ ᠪᠡᠶᠡᠯᠡᠭᠦᠯᠬᠦ᠎ᠳᠤ ᠠᠯᠢ ᠲᠠᠯ᠎ᠠ᠎ᠪᠠᠷ ᠲᠤᠳᠠᠮᠠᠭ ᠪᠠᠶ᠋ᠢᠭ᠎ᠠ ᠵᠢ ᠠᠩᠬᠠᠷᠴᠤ᠂ ᠲᠡᠳᠡᠨ᠎ᠤ ᠰᠡᠳᠬᠢᠭᠦᠢ ᠵᠢᠨ ᠤᠨᠴᠠᠯᠢᠭᠲᠤ ᠲᠤᠬᠢᠷᠠᠭᠰᠠᠨ ᠬᠦᠮᠦᠵᠢᠭᠦᠯᠬᠦ ᠠᠷᠭ᠎ᠠ ᠵᠢ ᠰᠤᠳᠤᠯᠬᠤ ᠬᠡᠷᠡᠭᠳᠡᠢ᠃
3. ᠬᠤᠴᠤᠷᠤᠩᠭᠤᠢ ᠰᠤᠷᠤᠭᠴᠢ ᠵᠢᠨ ᠲᠠᠪᠠᠭᠤᠯᠢᠭ ᠲᠠᠯ᠎ᠠ ᠵᠢ ᠠᠳᠬᠤᠨ ᠠᠪᠴᠤ᠂ ᠦᠪᠡᠷ᠎ᠢ᠎ᠪᠠᠨ ᠬᠦᠨᠳᠦᠳᠬᠡᠬᠦ ᠢᠳᠡᠭᠡᠯ ᠵᠤᠷᠢᠭ᠎ᠢ᠎ᠨᠢ ᠬᠦᠪᠴᠢᠯᠡᠬᠦ ᠬᠡᠷᠡᠭᠳᠡᠢ᠃ ᠤᠳᠤᠬᠠᠨ᠎ᠤ ᠰᠤᠷᠤᠭᠴᠢᠳ᠎ᠢ ᠪᠦᠬᠦ ᠲᠠᠯ᠎ᠠ᠎ᠪᠠᠷ ᠬᠦᠮᠦᠵᠢᠭᠦᠯᠬᠦ ᠵᠤᠷᠢᠯᠳᠠ ᠵᠢ ᠪᠠᠷᠢᠮᠳᠠᠯᠠᠨ᠂ ᠬᠡᠪ ᠴᠢᠨᠠᠷ᠎ᠤᠨ ᠬᠦᠮᠦᠵᠢᠯ᠎ᠢ ᠴᠢᠬᠤᠯᠠᠴᠢᠯᠠᠵᠦ ᠪᠠᠶ᠋ᠢᠭ᠎ᠠ ᠪᠠᠶ᠋ᠢᠳᠠᠯ᠎ᠳᠤ ᠴᠢᠭᠯᠡᠭᠦᠯᠵᠦ᠂ ᠰᠤᠷᠤᠯᠭ᠎ᠠ᠎ᠳᠤ᠎ᠪᠠᠨ ᠮᠠᠭᠤ ᠭᠡᠳ ᠲᠡᠳᠡᠨ᠎ᠳᠤ ᠦᠷᠭᠦᠯᠵᠢ ᠬᠦᠢ᠍ᠳᠡᠨ ᠴᠢᠷᠠᠢ ᠦᠵᠡᠭᠦᠯᠵᠦ᠂ ᠪᠤᠰᠤᠳ ᠲᠠᠪᠰᠢᠩᠭᠤᠢ ᠲᠠᠯ᠎ᠠ᠎ᠪᠠᠷ ᠠᠪᠢᠶᠠᠰ ᠪᠢᠯᠢᠭ᠎ᠢ᠎ᠨᠢ ᠬᠦᠭᠵᠢᠭᠦᠯᠬᠦ ᠵᠢ ᠤᠮᠳᠤᠭ᠋ᠠᠶ᠋ᠢᠯᠠᠭ᠍ᠤ ᠵᠢ ᠠ᠋ᠷᠡᠰ ᠴᠡᠭᠡᠷᠯᠡᠬᠦ ᠬᠡᠷᠡᠭᠳᠡᠢ᠃ ᠮᠢᠨᠦ ᠦᠵᠡᠬᠦ᠎ᠪᠠᠷ ᠶᠠᠮᠠᠷ ᠨᠢᠭᠡ ᠬᠤᠴᠤᠷᠤᠩᠭᠤᠢ ᠰᠤᠷᠤᠭᠴᠢ ᠪᠦᠷᠢ᠎ᠳᠤ ᠴᠦᠮ ᠲᠠᠪᠠᠭᠤᠯᠢᠭ ᠲᠠᠯ᠎ᠠ ᠪᠠᠶ᠋ᠢᠳᠠᠭ᠃ ᠡ᠊ᠨᠡ ᠭᠦ᠌ ᠲᠠᠪᠠᠭᠤᠯᠢᠭ ᠲᠠᠯ᠎ᠠ᠎ᠨᠢ ᠲᠡᠭᠦᠨ᠎ᠤ ᠬᠤᠴᠤᠷᠤᠩᠭᠤᠢ ᠲᠠᠯ᠎ᠠ ᠵᠢ ᠨᠦᠬᠦᠪᠦᠷᠢᠯᠡᠨ ᠬᠤᠴᠤᠷᠤᠩᠭᠤᠢ ᠲᠠᠯ᠎ᠠ ᠵᠢ ᠬᠢᠯᠪᠠᠷᠬᠠᠨ ᠬᠤᠪᠢᠷᠠᠭᠤᠯᠵᠤ ᠴᠢᠳᠠᠨ᠎ᠠ᠃
4. ᠪᠠᠭᠰᠢ᠎ᠠᠴᠠ ᠰᠤᠷᠤᠯᠭ᠎ᠠ ᠰᠠᠶ᠋ᠢᠨ ᠰᠤᠷᠤᠭᠴᠢᠳ ᠵᠶ᠋ᠠᠨ ᠲᠠᠭ᠋ᠠᠭᠤᠯᠤᠨ ᠬᠠᠷᠢᠯᠴᠠᠨ ᠬᠠᠪᠰᠤᠷᠤᠯᠴᠠᠭ᠍ᠤ ᠠᠵᠢᠯ᠎ᠢ ᠬᠢᠯᠭᠡᠨ᠎ᠡ᠃
5. ᠬᠠᠯᠠᠭᠤᠨ ᠬᠠᠶ᠋ᠢᠷ᠎ᠠ᠎ᠪᠠᠷ ᠬᠦᠯᠢᠴᠡᠩᠭᠦᠢ ᠬᠦᠮᠦᠵᠢᠭᠦᠯᠬᠦ ᠬᠡᠷᠡᠭᠳᠡᠢ᠃ ᠬᠤᠴᠤᠷᠤᠩᠭᠤᠢ ᠰᠤᠷᠤᠭᠴᠢ ᠵᠢᠨ ᠬᠤᠴᠤᠷᠤᠩᠭᠤᠢ ᠲᠠᠯ᠎ᠠ ᠵᠢ ᠤᠯᠵᠤ ᠮᠡᠳᠡᠪᠡᠯ ᠲᠠᠭᠦᠨ᠎ᠲᠠᠢ ᠢᠯᠡᠭᠦᠬᠡᠨ ᠤᠶ᠋ᠢᠷᠠᠳᠴᠤ᠂ ᠤᠯᠠᠨ ᠲᠠᠯ᠎ᠠ ᠵᠢᠨ ᠠᠷᠭ᠎ᠠ ᠪᠠᠷᠢᠯ᠎ᠢ ᠠᠪᠴᠤ ᠬᠦᠯᠢᠴᠡᠩᠭᠦᠢ᠎ᠪᠠᠷ ᠬᠦᠮᠦᠵᠢᠭᠦᠯᠬᠦ ᠬᠡᠷᠡᠭᠳᠡᠢ᠃ ᠲᠡᠭᠦᠨ᠎ᠢ ᠦᠨᠡᠨ ᠰᠡᠳᠬᠢᠯ᠎ᠠᠴᠠ᠎ᠪᠠᠨ ᠬᠠᠶ᠋ᠢᠷᠠᠯᠠᠭ᠍ᠤ ᠵᠤᠭᠰᠤᠯᠳᠠ᠎ᠠᠴᠠ ᠢᠷᠡᠵᠦ ᠤᠳᠠᠭ᠋ᠠᠨ ᠲᠠᠭ᠋ᠠᠭ᠋ᠠᠮᠠᠭ᠋ᠠᠢ᠂ ᠬᠦᠯᠢᠴᠡᠩᠭᠦᠢ᠎ᠪᠠᠷ ᠰᠤᠷᠭ᠋ᠠᠨ ᠬᠦᠮᠦᠵᠢᠭᠦᠯᠵᠦ᠂ ᠲᠡᠳᠡᠨ᠎ᠲᠠᠢ ᠴᠠᠭ ᠢᠮᠠᠭᠳᠠ ᠰᠡᠳᠬᠢᠯ ᠵᠶ᠋ᠠᠨ ᠰᠤᠯᠢᠯᠴᠡᠨ᠂ ᠠᠮᠢᠳᠤᠷᠠᠯ ᠰᠤᠷᠤᠯᠭ᠎ᠠ ᠵᠢᠨ ᠲᠠᠯ᠎ᠠ᠎ᠪᠠᠷ ᠢᠯᠡᠭᠦᠬᠡᠨ ᠬᠠᠯᠠᠮᠵᠢᠯᠠᠵᠤ᠂ ᠲᠡᠳᠡᠨ᠎ᠳᠤ ᠢᠳᠡᠭᠡᠯ ᠲᠦᠭᠦᠷᠡᠩ ᠪᠠᠶ᠋ᠢᠵᠦ᠂ ᠦᠪᠡᠷ᠎ᠢ᠎ᠪᠠᠨ ᠬᠦᠨᠳᠦᠳᠬᠡᠬᠦ᠂ ᠦᠪᠡᠷ᠎ᠢ᠎ᠪᠠᠨ ᠢᠯᠠᠭ᠍ᠤ ᠢᠳᠡᠭᠡᠯ ᠵᠤᠷᠢᠭᠲᠠᠢ ᠪᠤᠯᠭ᠋ᠠᠬᠤ ᠬᠡᠷᠡᠭᠳᠡᠢ᠃
ᠬᠤᠴᠤᠷᠤᠩᠭᠤᠢ ᠰᠤᠷᠤᠭᠴᠢ ᠵᠢ ᠵᠦᠪ ᠬᠦᠮᠦᠵᠢᠭᠦᠯᠬᠦ ᠪᠤᠯ ᠪᠠᠭᠰᠢ ᠪᠤᠯᠤᠭᠰᠠᠳ᠎ᠤᠨ ᠵᠠᠶ᠋ᠢᠯᠠᠭᠤᠯᠵᠤ ᠪᠤᠯᠤᠰᠢ ᠦᠭᠡᠢ ᠬᠠᠷᠢᠭᠤᠴᠠᠯᠭ᠎ᠠ ᠪᠤᠯᠬᠤ ᠪᠦᠭᠡᠳ ᠲᠤᠬᠠᠶ᠋ᠢᠯᠠᠭᠰᠠᠨ ᠠᠵᠢᠯ᠎ᠳᠤ᠎ᠪᠠᠨ ᠦᠨᠳᠦᠷ ᠠᠮᠵᠢᠯᠳᠠ ᠤᠯᠬᠤ᠎ᠳᠤ ᠡ᠊ᠨᠡ ᠭᠦ᠌ ᠠᠵᠢᠯ᠎ᠢ ᠬᠠᠢ᠍ᠢ᠍ᠨ᠎ᠳᠤᠨᠢ ᠬᠠᠶᠠᠵᠤ ᠪᠤᠯᠬᠤ ᠦᠭᠡᠢ ᠶᠤᠮ᠃ ᠰᠤᠷᠤᠭᠴᠢ ᠨᠢᠭᠡ ᠪᠦᠷᠢ ᠵᠢ ᠬᠠᠶ᠋ᠢᠷᠠᠯᠠᠭ᠍ᠤ ᠪᠤᠯ ᠠᠷᠠᠳ᠎ᠤᠨ ᠪᠠᠭᠰᠢ ᠵᠢᠨ ᠠ᠋ᠷᠬᠢᠮ ᠲᠡᠭᠡᠳᠦ ᠰᠤᠷᠳᠠᠯ ᠮᠦᠨ ᠪᠦᠭᠡᠳ ᠬᠢᠷᠢ ᠲᠡᠩᠴᠡᠭᠰᠡᠨ ᠪᠠᠭᠰᠢ ᠵᠢ ᠬᠡᠮᠵᠢᠬᠦ ᠬᠡᠮᠵᠢᠭᠦᠷ ᠮᠦᠨ᠃
ᠵᠦᠪ ᠤᠶ᠋ᠢᠯᠠᠭ᠋ᠠᠨ ᠵᠣᠬᠢᠰᠳᠠᠢ ᠵᠤᠷᠢᠬ᠍ᠵᠢᠭᠤᠯᠬᠤ ᠪᠤᠯ ᠰᠤᠷᠤᠭᠴᠢᠳ᠎ᠤᠨ ᠢᠳᠡᠪᠬᠢ ᠴᠢᠨᠠᠷ᠂ ᠪᠦᠳᠦᠭᠡᠯᠴᠢ ᠴᠢᠨᠠᠷ ᠪᠠ ᠰᠠᠨᠠᠭ᠋ᠠᠴᠢᠯᠠᠭ᠋ᠠᠳᠤ ᠴᠢᠨᠠᠷ ᠵᠢᠴᠢ ᠲᠡᠳᠠᠨ᠎ᠤ ᠲᠤᠳᠤᠭ᠋ᠠᠳᠤ ᠠᠪᠢᠶᠠᠰ ᠴᠢᠳᠠᠪᠤᠷᠢ᠂ ᠲᠠᠯᠳᠠ ᠬᠦᠴᠦᠨ ᠵᠤᠶ᠋ᠢᠯ᠎ᠢ ᠭᠦᠢ᠍ᠴᠡᠳ ᠲᠠᠶ᠋ᠢᠴᠢᠯᠠᠭ᠍ᠤ᠎ᠳᠤ ᠲᠤᠳᠠᠭᠳᠠᠵᠤ ᠪᠤᠯᠤᠰᠢ ᠦᠭᠡᠢ ᠠᠷᠭ᠎ᠠ ᠠᠪᠴᠠᠯ ᠪᠤᠯᠤᠨ᠎ᠠ᠃ ᠲᠡᠷᠡ᠎ᠨᠢ ᠰᠤᠷᠤᠭᠴᠢᠳ᠎ᠤᠨ ᠲᠠᠪᠰᠢᠬᠤ ᠰᠡᠳᠬᠢᠯᠭᠡ᠂ ᠬᠠᠮᠳᠤᠴᠢ ᠦᠵᠡᠯ᠎ᠤᠨ ᠰᠡᠳᠬᠢᠯᠭᠡ ᠵᠢ ᠵᠤᠷᠢᠬ᠍ᠵᠢᠭᠤᠯᠳᠠᠭ ᠪᠦᠭᠡᠳ ᠪᠠᠭᠰᠢ ᠵᠢᠨ ᠦᠨᠡᠯᠡᠯᠳᠡ᠎ᠨᠢ ᠨᠢᠭᠡ ᠰᠤᠷᠤᠭᠴᠢ᠎ᠳᠤ ᠠᠪᠴᠤ ᠬᠡᠯᠡᠪᠡᠯ᠂ ᠲᠡᠳᠡᠨ᠎ᠤ ᠦᠩᠭᠡᠷᠡᠭᠰᠡᠨ᠎ᠢ᠎ᠨᠢ ᠲᠠᠨᠢᠭᠤᠯᠵᠤ᠂ ᠦᠨᠦᠳᠦᠷᠢᠨᠢ ᠤᠶ᠋ᠢᠯᠠᠭ᠋ᠠᠭᠤᠯᠵᠤ᠂ ᠢᠷᠡᠭᠡᠳᠦᠢ ᠵᠢ᠎ᠨᠢ ᠪᠠᠷᠠᠯᠠᠭᠤᠯᠵᠤ᠂ ᠢᠳᠡᠭᠡᠯ ᠵᠤᠷᠢᠭ᠎ᠢ᠎ᠨᠢ ᠤᠷᠬᠢᠯᠤᠭᠤᠯᠬᠤ ᠶᠠᠪᠤᠳᠠᠯ ᠮᠦᠨ᠃ ᠬᠠᠷᠢᠨ ᠬᠠᠯᠳᠤ ᠭᠡᠭᠰᠡᠭᠡᠷ ᠲᠡᠳᠡᠨᠦᠰ᠎ᠤᠨ ᠨᠢᠭᠤᠷ᠎ᠢ᠎ᠨᠢ ᠪᠠᠷᠠᠵᠤ᠂ ᠭᠤᠳᠤᠭ᠋ᠠᠨ ᠲᠤᠷᠤᠮᠵᠢᠯᠠᠵᠦ ᠪᠤᠯᠬᠤ ᠦᠭᠡᠢ᠃ ᠢᠩᠬᠢᠬᠦ᠎ᠨᠢ ᠰᠤᠷᠤᠭᠴᠢ ᠵᠢᠨ ᠠᠪᠢᠶᠠᠰ ᠪᠢᠯᠢᠭ᠎ᠢ ᠲᠠᠷᠤᠭᠳᠠᠭᠤᠯᠵᠤ᠂ ᠦᠪᠡᠷᠮᠢᠴᠡ ᠴᠢᠨᠠᠷ᠎ᠢ ᠪᠤᠰᠠᠨᠢᠭᠤᠯᠤᠨ᠂ ᠬᠦᠰᠡᠯᠡᠡᠭᠢᠨᠢ ᠰᠤᠶ᠋ᠢᠷᠡᠭᠦᠯᠳᠡᠭ ᠶᠤᠮ᠃ ᠰᠤᠷᠤᠭᠴᠢ ᠵᠢ ᠦᠨᠡᠯᠡᠬᠦ᠎ᠳᠤ᠎ᠪᠠᠨ ᠲᠤᠤᠷᠠᠬᠢ ᠬᠡᠳᠦᠨ ᠲᠠᠯ᠎ᠠ ᠵᠢ ᠠᠩᠬᠠᠷᠪᠠᠯ ᠵᠤᠬᠢᠨ᠎ᠠ᠃
1. ᠰᠤᠷᠤᠭᠴᠢᠳ᠎ᠤᠨ ᠪᠡᠶ᠎ᠡ᠎ᠪᠠᠨ ᠬᠦᠨᠳᠦᠳᠬᠡᠬᠦ ᠰᠡᠳᠬᠢᠯᠭᠡ ᠵᠢ ᠬᠠᠮᠤᠭ᠎ᠤᠨ ᠲᠡᠭᠡᠳᠦ ᠬᠡᠮᠵᠢᠶ᠎ᠡ᠎ᠪᠠᠷ ᠬᠠᠮᠠᠭ᠋ᠠᠯᠠᠭ᠍ᠤ ᠬᠡᠷᠡᠭᠳᠡᠢ᠃
2. ᠰᠤᠷᠤᠭᠴᠢᠳ᠎ᠢ ᠦᠨᠡᠯᠡᠯᠳᠡ᠎ᠳᠤ ᠵᠦᠪ ᠤᠪᠤᠷ᠎ᠲᠠᠢ ᠪᠤᠯᠭ᠋ᠠᠬᠤ ᠬᠡᠷᠡᠭᠳᠡᠢ᠃
3. ᠦᠨᠡᠯᠡᠯᠳᠡ ᠵᠢ ᠵᠠᠪᠠᠯ ᠴᠠᠭ ᠲᠤᠬᠠᠢᠳᠤᠨᠢ ᠭᠤᠤᠯᠴᠢ᠎ᠪᠠᠷ ᠬᠢᠬᠦ ᠬᠡᠷᠡᠭᠳᠡᠢ᠃
4. ᠰᠤᠷᠤᠭᠴᠢ ᠵᠢ ᠦᠨᠡᠯᠡᠨ ᠵᠤᠷᠢᠬ᠍ᠵᠢᠭᠤᠯᠬᠤᠳᠤᠪᠠᠨ ᠬᠡᠳᠦᠷᠬᠡᠢ ᠮᠠᠭᠳᠠᠭ᠍ᠤ ᠪᠤᠶᠤ ᠬᠡᠳᠦᠷᠬᠡᠢ ᠪᠤᠷᠤᠭᠤᠰᠢᠶᠠᠭ᠍ᠤ ᠦᠭᠡᠢ ᠪᠠᠶ᠋ᠢᠪᠠᠯ ᠵᠤᠬᠢᠨ᠎ᠠ᠃
ᠭᠤᠷᠪᠠ᠂ ᠰᠤᠷᠤᠭᠴᠢᠳ᠎ᠤᠨ ᠰᠠᠶ᠋ᠢᠨ ᠰᠠᠶ᠋ᠢᠬᠠᠨ ᠵᠠᠩ ᠮᠤᠷᠠᠯ᠂ ᠬᠡᠪ ᠴᠢᠨᠠᠷ᠎ᠢ ᠬᠦᠮᠦᠵᠢᠭᠦᠯᠵᠤ ᠬᠠᠮᠳᠤ᠎ᠪᠠᠷ ᠤᠷᠤᠭᠰᠢᠯᠠᠭ᠍ᠤ ᠨᠡᠶ᠋ᠢᠳᠠᠴᠢ ᠦᠵᠡᠯ᠎ᠢ ᠪᠤᠢ ᠪᠤᠯᠭ᠋ᠠᠬᠤ ᠬᠡᠷᠡᠭᠳᠡᠢ᠃ ᠪᠠᠭ᠎ᠠ ᠰᠤᠷᠭ᠋ᠠᠭᠤᠯᠢ ᠵᠢᠨ ᠰᠤᠷᠤᠭᠴᠢ ᠴᠦᠮ ᠨᠠᠰᠤ ᠪᠠᠭ᠎ᠠ ᠰᠡᠳᠬᠢᠯ ᠴᠠᠭ᠋ᠠᠪᠤᠷ᠂ ᠰᠡᠳᠬᠢᠴᠡ ᠵᠢᠨ ᠲᠠᠯ᠎ᠠ᠎ᠪᠠᠷ ᠨᠢᠯᠬᠠᠰᠠᠭ ᠪᠠᠶ᠋ᠢᠵᠦ᠂ ᠰᠠᠶ᠋ᠢᠨ ᠮᠠᠭᠤ ᠵᠢ ᠢᠯᠭ᠋ᠠᠨ ᠲᠠᠨᠢᠬᠤ ᠴᠢᠳᠠᠪᠤᠷᠢ ᠲᠤᠷᠤᠢ ᠪᠠᠶ᠋ᠢᠳᠠᠭ᠃ ᠠ᠋ᠶ᠋ᠢᠮᠦ ᠪᠠᠶ᠋ᠢᠳᠠᠯ᠎ᠳᠤ ᠴᠢᠭᠯᠡᠭᠦᠯᠦᠨ ᠲᠤᠤᠷᠠᠬᠢ ᠬᠡᠳᠦᠨ ᠲᠠᠯ᠎ᠠ ᠵᠢ ᠠᠳᠬᠤᠬᠤ ᠬᠡᠷᠡᠭᠳᠡᠢ᠃
1. ᠰᠤᠷᠤᠭᠴᠢᠳ᠎ᠤᠨ ᠵᠦᠪ ᠪᠤᠷᠤᠭᠤ ᠰᠠᠶ᠋ᠢᠨ ᠮᠠᠭᠤ ᠵᠢ ᠢᠯᠭ᠋ᠠᠬᠤ ᠴᠢᠳᠠᠪᠤᠷᠢ ᠵᠢ ᠬᠦᠮᠦᠵᠢᠭᠦᠯᠬᠦ᠃
2. ᠰᠤᠷᠤᠭᠴᠢᠳ᠎ᠲᠤ ᠠ᠋ᠳᠦᠷ ᠲᠤᠳᠤᠮ᠎ᠤᠨ ᠵᠢᠵᠢᠭ ᠰᠠᠵᠢᠭ ᠶᠠᠪᠤᠳᠠᠯ᠎ᠠᠴᠠ ᠭᠠᠷᠳᠠᠵᠤ ᠦᠷᠭᠦᠯᠵᠢ ᠵᠢᠨ ᠴᠢᠨᠠᠷᠳᠠᠢ ᠵᠠᠩ ᠮᠤᠷᠠᠯ᠎ᠤᠨ ᠬᠦᠮᠦᠵᠢᠯ ᠬᠢᠬᠦ᠃
3. ᠬᠡᠤᠬᠡᠳ᠎ᠤᠨ ᠤᠨᠴᠠᠯᠢᠭᠲᠤ ᠲᠤᠬᠢᠷᠠᠭᠰᠠᠨ ᠠ᠋ᠷᠡᠭᠦᠯ ᠴᠢᠬᠢᠷᠠᠭ ᠤᠳᠬ᠎ᠠ ᠠᠭᠤᠯᠭ᠎ᠠ᠎ᠲᠠᠢ ᠬᠢᠴᠢᠶᠡᠯ᠎ᠤᠨ ᠭᠠᠳᠠᠨᠠᠭᠢ ᠬᠦᠳᠡᠯᠭᠡᠭᠡᠨ᠎ᠢ ᠦᠷᠭᠦᠯᠵᠢ ᠦᠷᠨᠢᠭᠦᠯᠵᠦ᠂ ᠲᠡᠳᠡᠨ᠎ᠤ ᠰᠤᠷᠤᠯᠴᠠᠭ᠍ᠤ ᠤᠷᠮᠠᠰ᠎ᠢ ᠬᠦᠭᠵᠢᠭᠡᠨ᠂ ᠠᠪᠢᠶᠠᠰ ᠴᠢᠳᠠᠪᠤᠷᠢ ᠵᠢ᠎ᠨᠢ ᠨᠡᠭᠡᠭᠡᠭᠳᠡᠭᠦᠯᠬᠦ᠃
4. ᠦᠷᠭᠦᠯᠵᠢ ᠰᠤᠷᠤᠭᠴᠢ ᠵᠢᠨ ᠲᠤᠮᠳᠠ ᠭᠦᠨᠵᠡᠭᠡᠶ᠋ᠢᠷᠡᠨ᠂ ᠪᠠᠶ᠋ᠢᠩᠭᠤ ᠵᠢᠨ ᠠ᠋ᠮᠬᠢ ᠲᠢᠭᠯᠢᠮ᠎ᠠᠴᠠ ᠭᠠᠷᠳᠠᠨ᠂ ᠬᠦᠮᠦᠨ ᠪᠤᠯᠬᠤ ᠶᠤᠰᠤ ᠤᠴᠢᠷ᠎ᠢ ᠨᠠᠷᠢᠨ ᠨᠢᠭᠳᠠ ᠲᠠᠶ᠋ᠢᠯᠪᠤᠷᠢᠯᠠᠵᠤ᠂ ᠲᠡᠳᠡᠨ᠎ᠤ ᠢᠳᠡᠪᠬᠢ ᠬᠦᠴᠦᠨ ᠵᠤᠶ᠋ᠢᠯ ᠵᠶ᠋ᠠᠷ ᠨᠠᠵᠠᠭ᠋ᠠᠢ ᠲᠠᠯ᠎ᠠ ᠵᠢ ᠢᠯᠠᠨ ᠲᠠᠪᠠᠭᠤᠯᠤᠨ᠎ᠠ᠃
ᠰᠤᠷᠤᠭᠴᠢ᠎ᠪᠠᠨ ᠤᠶ᠋ᠢᠯᠠᠭ᠋ᠠᠵᠤ ᠲᠡᠳᠡᠨ᠎ᠤ ᠰᠡᠳᠬᠢᠯ᠎ᠤᠨ ᠨᠠᠶ᠋ᠢᠵᠠ᠎ᠨᠢ ᠪᠤᠯᠤᠭᠰᠠᠨ ᠪᠠᠶ᠋ᠢᠬᠤ ᠬᠡᠷᠡᠭᠳᠡᠢ᠃ ᠪᠠᠭᠰᠢ ᠪᠤᠯᠤᠭᠰᠠᠳ᠎ᠤᠨ ᠲᠠᠷᠬᠠᠨ ᠠ᠋ᠭᠦᠷᠭᠡ ᠪᠤᠯ 《ᠪᠢᠴᠢᠭ ᠵᠢᠭ᠋ᠠᠵᠤ ᠬᠦᠮᠦᠨ᠎ᠢ ᠬᠦᠮᠦᠵᠢᠭᠦᠯᠬᠦ》 ᠶᠠᠪᠤᠳᠠᠯ ᠪᠤᠯᠤᠨ᠎ᠠ᠃ ᠠ᠋ᠷᠳᠡᠮ ᠵᠢᠭ᠋ᠠᠬᠤ᠎ᠳᠤ ᠦᠪᠡᠷ ᠵᠶ᠋ᠠᠨ ᠮᠡᠳᠡᠭᠰᠡᠨ ᠪᠠᠶ᠋ᠢᠬᠤ ᠬᠡᠷᠡᠭᠳᠡᠢ᠃ ᠬᠦᠮᠦᠨ᠎ᠢ ᠬᠦᠮᠦᠵᠢᠭᠦᠯᠬᠦ᠎ᠳᠤ ᠬᠦᠮᠦᠵᠢᠭᠦᠯᠬᠦ ᠠ᠋ᠳᠡᠭᠡᠳ ᠵᠶ᠋ᠠᠨ ᠤᠶ᠋ᠢᠯᠠᠭ᠋ᠠᠬᠤ ᠬᠡᠷᠡᠭᠳᠡᠢ᠃ ᠲᠡᠶ᠋ᠢᠮᠦ ᠪᠢᠰᠢ ᠪᠤᠯ ᠬᠠᠷᠠᠯᠳᠠ᠎ᠲᠠᠢ᠎ᠪᠠᠷ ᠰᠤᠮᠤ ᠬᠠᠷᠪᠤᠵᠤ ᠵᠤᠷᠢᠭᠰᠠᠨᠳᠤᠪᠠᠨ ᠬᠦᠷᠴᠦ ᠴᠢᠳᠠᠭ᠍ᠤ ᠦᠭᠡᠢ ᠶᠤᠮ᠃ ᠰᠤᠷᠤᠭᠴᠢ ᠵᠢ ᠤᠶ᠋ᠢᠯᠠᠭ᠋ᠠᠬᠤ ᠬᠡᠷᠡᠭᠳᠡᠢ᠃ ᠲᠡᠭᠦᠨ᠎ᠤ ᠵᠠᠩ ᠠᠭ᠋ᠠᠯᠢ᠂ ᠠᠵᠤ ᠠᠮᠢᠳᠤᠷᠠᠯ᠂ ᠰᠡᠳᠬᠢᠴᠡ ᠵᠢᠨ ᠤᠨᠴᠠᠯᠢᠭ᠂ ᠲᠠᠪᠠᠭᠤᠯᠢᠭ ᠲᠠᠯ᠎ᠠ᠂ ᠲᠤᠳᠠᠭᠳᠠᠯ᠎ᠲᠠᠢ ᠲᠠᠯ᠎ᠠ ᠵᠡᠷᠭᠡ ᠵᠢ ᠦᠪᠡᠷ᠎ᠤᠨ ᠠᠯᠠᠭ᠋ᠠᠨ ᠵᠢᠷᠤᠭ᠋ᠠᠰᠤ᠎ᠪᠠᠨ ᠰᠢᠬ ᠤᠶ᠋ᠢᠯᠠᠭ᠋ᠠᠵᠤ ᠲᠡᠳᠡᠨ᠎ᠲᠠᠢ ᠢᠯᠡᠭᠦᠴᠡ ᠬᠠᠷᠢᠯᠴᠠᠵᠤ᠂ ᠢᠯᠡᠭᠦᠬᠡᠨ ᠤᠶ᠋ᠢᠷᠠᠳᠴᠤ᠂ ᠡᠯ᠎ᠡ ᠲᠠᠯ᠎ᠠ᠎ᠪᠠᠷ ᠬᠠᠪᠰᠤᠷᠤᠨ ᠬᠠᠯᠠᠮᠵᠢᠯᠠᠵᠤ ᠰᠤᠷᠤᠭᠴᠢ ᠵᠢᠨ ᠵᠶ᠋ᠠᠨ ᠰᠡᠳᠬᠢᠯ᠎ᠤᠨ ᠲᠦᠰᠢᠭ᠂ ᠰᠡᠳᠬᠢᠯ᠎ᠤᠨ ᠬᠠᠨᠢ ᠪᠤᠯᠬᠤ ᠬᠡᠷᠡᠭᠳᠡᠢ᠃ ᠶᠠᠮᠠᠷ ᠨᠢᠭᠡᠨ ᠤᠴᠢᠷ ᠶᠠᠪᠤᠳᠠᠯ᠂ ᠵᠢᠵᠢᠭ ᠰᠠᠵᠢᠭ ᠤᠴᠢᠷ ᠲᠡᠭᠡᠷ᠎ᠠ ᠴᠦ᠍ ᠭᠡᠰᠡᠨ ᠰᠤᠷᠤᠭᠴᠢ ᠵᠢᠨ ᠵᠶ᠋ᠠᠨ ᠪᠠᠭ᠍ᠠᠳᠤᠯ ᠪᠢᠰᠢᠷᠠᠯᠢ ᠤᠯᠬᠤ ᠬᠡᠷᠡᠭᠳᠡᠢ᠃
ᠠᠩᠬᠢ ᠵᠢᠨ ᠠ᠋ᠷᠬᠢᠯᠡᠭᠴᠢ ᠠ᠋ᠷᠬᠡᠪᠰᠢ ᠠᠨᠭ᠌ᠬᠢ ᠵᠢᠨ ᠰᠤᠷᠤᠭᠴᠢ᠎ᠪᠠᠨ ᠬᠠᠮᠳᠤ᠎ᠪᠠᠷ ᠲᠡᠮᠡᠴᠡᠬᠦ ᠬᠠᠷᠠᠯᠳᠠ᠎ᠲᠠᠢ ᠪᠤᠯᠭ᠋ᠠᠨ ᠬᠦᠮᠦᠵᠢᠭᠦᠯᠵᠦ᠂ ᠨᠦᠬᠦᠷᠰᠡᠭ ᠪᠦᠯᠬᠦᠮᠳᠠᠯ᠎ᠲᠠᠢ ᠴᠢᠷᠮᠠᠶ᠋ᠢᠨ ᠰᠤᠷᠤᠯᠴᠠᠭ᠍ᠤ ᠪᠠ ᠴᠤᠭ ᠪᠠᠳᠠᠷᠠᠩᠭᠤᠢ ᠠᠩᠬᠢ ᠨᠡᠶ᠋ᠢᠳᠡ ᠪᠤᠯᠭ᠋ᠠᠨ ᠵᠤᠬᠢᠶᠠᠨ ᠪᠠᠶ᠋ᠢᠭᠤᠯᠬᠤ ᠬᠡᠷᠡᠭᠳᠡᠢ᠃ ᠬᠡᠷᠪᠡ ᠨᠢᠭᠡᠨ ᠰᠠᠬᠢᠯᠭ᠎ᠠ ᠪᠠᠳᠤᠲᠠᠢ ᠬᠠᠮᠳᠤ ᠵᠢᠨ ᠠ᠋ᠷᠢᠯ ᠬᠦᠰᠡᠯ᠎ᠲᠠᠢ ᠠᠨᠭ᠌ᠬᠢ ᠨᠢᠭᠡᠴᠢ ᠵᠢ ᠬᠦᠮᠦᠵᠢᠭᠦᠯᠦᠶ᠎ᠡ ᠭᠡᠪᠡᠯ ᠠ᠋ᠷᠬᠡᠪᠰᠢ ᠲᠤᠤᠷᠠᠬᠢ ᠬᠡᠳᠦᠨ ᠲᠠᠯ᠎ᠠ ᠵᠢ ᠠᠩᠬᠠᠷᠬᠤ ᠬᠡᠷᠡᠭᠳᠡᠢ᠃
① ᠠᠩᠬᠢ ᠵᠢᠨ ᠺᠠᠳ᠋ᠷ᠎ᠢ ᠰᠠᠶ᠋ᠢᠳᠤᠷ ᠰᠤᠩᠭᠤᠨ ᠬᠦᠮᠦᠵᠢᠭᠦᠯᠵᠦ᠂ ᠭᠤᠤᠯᠳᠠᠯᠭ᠎ᠠ ᠵᠢ ᠠᠳᠬᠤᠨ᠎ᠠ᠃
② ᠪᠦᠬᠦ ᠠᠩᠬᠢ ᠵᠢᠨ ᠰᠤᠷᠤᠭᠴᠢ᠎ᠳᠤ᠎ᠪᠠᠨ ᠲᠡᠮᠡᠴᠡᠬᠦ ᠰᠢᠨ᠎ᠡ ᠬᠠᠷᠠᠯᠳᠠ ᠵᠢ ᠲᠤᠭᠳᠠᠭ᠋ᠠᠨ ᠦᠭᠴᠦ᠂ ᠠᠵᠢᠯᠯᠠᠵᠦ ᠰᠤᠷᠤᠯᠴᠠᠭ᠍ᠤ ᠵᠤᠷᠢᠯᠭ᠎ᠠ ᠵᠢ ᠲᠤᠳᠤᠷᠬᠠᠢ ᠪᠤᠯᠭ᠋ᠠᠨ᠎ᠠ᠃
③ ᠦᠷᠭᠦᠯᠵᠢ ᠵᠢᠨ ᠴᠢᠨᠠᠷᠳᠠᠢ ᠠᠩᠬᠢ ᠵᠢᠨ ᠬᠤᠷᠠᠯ ᠬᠢᠵᠦ᠂ ᠠᠨᠭ᠌ᠬᠢ ᠨᠢᠭᠡᠴᠢ᠎ᠳᠤ ᠤᠷᠤᠰᠢᠵᠤ ᠪᠠᠶ᠋ᠢᠬᠤ ᠠᠰᠠᠭᠤᠳᠠᠯ᠎ᠢ ᠰᠢᠢ᠍ᠳᠪᠦᠷᠢᠯᠡᠬᠦ ᠪᠠ ᠲᠤᠰᠬᠠᠢ ᠰᠡᠳᠦᠪᠳᠦ ᠠᠩᠬᠢ ᠵᠢᠨ ᠬᠤᠷᠠᠯ ᠵᠶ᠋ᠠᠷ ᠲᠠᠮᠵᠢᠵᠦ᠂ ᠰᠤᠷᠤᠭᠴᠢᠳ᠎ᠲᠤ ᠦᠪᠡᠷ᠎ᠢ᠎ᠪᠠᠨ ᠬᠦᠮᠦᠵᠢᠭᠦᠯᠬᠦ᠂ ᠦᠪᠡᠷ᠎ᠢ᠎ᠪᠠᠨ ᠪᠤᠯᠪᠠᠰᠤᠷᠠᠭᠤᠯᠬᠤ ᠲᠤᠬᠢᠶᠠᠯ᠎ᠢ ᠤᠯᠭᠤᠨ᠎ᠠ᠃ ᠠ᠋ᠳᠡᠭᠡᠷ ᠠᠵᠢᠯ᠎ᠢ ᠭᠦᠢ᠍ᠴᠡᠳᠭᠡᠪᠡᠯ᠂ ᠠᠩᠬᠢ ᠵᠢᠨ ᠠ᠋ᠷᠬᠢᠯᠡᠭᠴᠢ ᠵᠢᠨ ᠠᠵᠢᠯ ᠦᠨᠳᠦᠰᠤᠨ᠎ᠳᠤ᠎ᠪᠠᠨ ᠢᠯᠭᠤᠮ ᠤᠷᠤᠭᠰᠢᠳᠠᠢ ᠪᠤᠯᠬᠤ ᠶᠤᠮ᠃
ᠲᠦᠷᠪᠡ᠂ ᠪᠠᠭ᠎ᠠ ᠰᠤᠷᠭ᠋ᠠᠭᠤᠯᠢ ᠵᠢᠨ ᠰᠤᠷᠤᠭᠴᠢᠳ᠎ᠤᠨ ᠪᠡᠶ᠎ᠡ᠎ᠪᠠᠨ ᠬᠦᠨᠳᠦᠳᠬᠡᠭᠦ ᠰᠡᠳᠬᠢᠯᠭᠡ ᠵᠢ ᠬᠦᠮᠦᠵᠢᠭᠦᠯᠬᠦ ᠬᠡᠷᠡᠭᠳᠡᠢ᠃
ᠰᠢᠯᠢᠳᠡᠭ ᠰᠠᠶ᠋ᠢᠬᠠᠨ ᠵᠠᠩ ᠴᠢᠨᠠᠷ᠎ᠢ ᠪᠦᠷᠢᠯᠳᠦᠭᠦᠯᠬᠦ᠎ᠳᠤ ᠪᠡᠶ᠎ᠡ᠎ᠪᠠᠨ ᠬᠦᠨᠳᠦᠳᠬᠡᠬᠦ ᠰᠡᠳᠬᠢᠯᠭᠡ᠎ᠨᠢ ᠴᠢᠬᠤᠯᠠ ᠤᠶ᠋ᠢᠯᠡᠳᠦᠯ ᠦᠵᠡᠭᠦᠯᠵᠦ ᠪᠠᠶ᠋ᠢᠳᠠᠭ᠃ ᠰᠡᠳᠬᠢᠴᠡ ᠵᠢᠨ ᠵᠦᠢ ᠵᠢᠨ ᠰᠤᠳᠤᠯᠭ᠋ᠠᠳᠠᠳ᠎ᠠᠴᠠ᠄ 《ᠲᠡᠭᠡᠳᠦ ᠬᠡᠮᠵᠢᠶᠡᠨ᠎ᠤ ᠦᠪᠡᠷ᠎ᠢ᠎ᠪᠠᠨ ᠬᠦᠨᠳᠦᠳᠭᠡᠬᠦ ᠰᠡᠳᠬᠢᠯᠭᠡ᠎ᠲᠠᠢ ᠰᠤᠷᠤᠭᠴᠢ ᠪᠤᠯ ᠴᠤᠪᠤᠭᠤ ᠰᠡᠷᠭᠦᠯᠡᠩ᠂ ᠤᠶᠤᠨ᠎ᠤ ᠴᠢᠳᠠᠪᠤᠷᠢ ᠵᠢᠨ ᠭᠦᠭᠵᠢᠯᠳᠡ᠎ᠨᠢ ᠰᠠᠶ᠋ᠢᠨ᠂ ᠦᠪᠡᠷ᠎ᠤᠨ ᠵᠶ᠋ᠠᠨ ᠦᠵᠡᠯᠳᠡ᠎ᠪᠠᠨ ᠴᠢᠳᠠᠮᠠᠭ᠋ᠠᠢ᠎ᠪᠠᠷ ᠢᠯᠡᠳᠬᠡᠳᠡᠭ᠂ ᠤᠴᠢᠷ ᠶᠠᠪᠤᠳᠠᠯ᠎ᠢ ᠶᠠᠷᠢᠯᠴᠠᠭ᠍ᠤ ᠦᠶ᠎ᠡ᠎ᠳᠤ ᠢᠳᠡᠪᠬᠢᠳᠡᠢ᠎ᠪᠠᠷ ᠦᠵᠡᠯᠳᠡ᠎ᠪᠠᠨ ᠲᠤᠷᠠᠳᠳᠠᠭ᠂ ᠰᠢᠨᠵᠢᠯᠡᠵᠦ ᠰᠦᠪᠡᠭᠴᠢᠯᠡᠬᠦ ᠲᠤᠷᠠᠳᠠᠢ᠂ ᠪᠦᠳᠦᠭᠡᠯᠴᠢ ᠴᠢᠳᠠᠪᠤᠷᠢ᠎ᠪᠠᠷ ᠶᠡᠭᠡ᠂ ᠪᠡᠶ᠎ᠡ᠎ᠳᠤ᠎ᠪᠠᠨ ᠢᠳᠡᠭᠡᠯ᠎ᠲᠠᠢ ᠪᠠᠢ᠍ᠢ᠍ᠬᠤ ᠵᠡᠷᠭᠡ ᠢᠯᠡᠷᠡᠯ᠎ᠲᠠᠢ ᠪᠠᠶ᠋ᠢᠳᠠᠭ᠃ ᠶᠠᠭ ᠠ᠋ᠭᠦᠨ᠎ᠲᠠᠢ ᠠ᠋ᠰᠡᠷᠭᠦ᠎ᠪᠠᠷ ᠦᠪᠡᠷ ᠢᠪᠠᠨ ᠬᠦᠨᠳᠦᠳᠭᠡᠬᠦ ᠰᠡᠳᠬᠢᠯᠭᠡ᠎ᠪᠠᠷ ᠲᠤᠳᠠᠮᠠᠭ ᠰᠤᠷᠤᠭᠴᠢᠳ ᠪᠤᠯ ᠰᠡᠳᠬᠢᠯ ᠰᠠᠨᠠᠭ᠎ᠠ ᠭᠤᠳᠤᠷᠠᠩᠭᠤᠢ᠂ ᠬᠠᠮᠳᠤ ᠨᠠᠶ᠋ᠢᠳᠠ ᠵᠢᠨ ᠬᠦᠳᠡᠯᠭᠡᠭᠡᠨ᠎ᠳᠤ ᠤᠷᠤᠯᠴᠠᠭ᠍ᠤ᠎ᠠᠴᠠ ᠵᠠᠶ᠋ᠢᠯᠠᠰᠬᠢᠵᠦ᠂ ᠪᠤᠳᠤᠯ ᠰᠠᠨᠠᠯ ᠵᠶ᠋ᠠᠨ ᠢᠯᠡᠳᠭᠡᠬᠦ ᠦᠭᠡᠢ ᠤᠨᠴᠠᠯᠢᠭ᠎ᠲᠠᠢ ᠪᠠᠶ᠋ᠢᠳᠠᠭ》 ᠭᠡᠵᠡᠢ᠃ ᠠ᠋ᠭᠦᠨ᠎ᠠᠴᠠ ᠪᠢᠳᠡ ᠰᠤᠷᠤᠭᠴᠢᠳ᠎ᠤᠨ ᠪᠡᠶ᠎ᠡ᠎ᠪᠠᠨ ᠬᠦᠨᠳᠦᠳᠬᠡᠭᠦ ᠰᠡᠳᠬᠢᠯᠭᠡ ᠵᠢ ᠬᠦᠮᠦᠵᠢᠭᠦᠯᠬᠦ ᠵᠢᠨ ᠴᠢᠬᠤᠯᠠ ᠴᠢᠨᠠᠷ᠎ᠢ ᠮᠡᠳᠡᠵᠦ ᠪᠤᠯᠤᠨ᠎ᠠ᠃
ᠰᠤᠷᠤᠭᠴᠢᠳ᠎ᠤᠨ ᠦᠪᠠᠷ᠎ᠤᠨ ᠪᠠᠶ᠎ᠠ᠎ᠳᠤ᠎ᠪᠠᠨ ᠬᠠᠨᠳᠤᠬᠤ ᠤᠪᠤᠷ ᠪᠤᠯᠤᠨ ᠰᠤᠷᠤᠭᠴᠢ ᠵᠢᠨ ᠪᠡᠶ᠎ᠡ᠎ᠪᠠᠨ ᠬᠦᠨᠳᠦᠳᠬᠡᠭᠦ ᠰᠡᠳᠬᠢᠯᠭᠡ ᠵᠢᠨ ᠪᠦᠷᠢᠯᠳᠦᠯ ᠬᠤᠶᠠᠷ᠎ᠨᠢ ᠨᠢᠭᠳᠠ ᠬᠠᠷᠢᠴᠠᠭ᠎ᠠ᠎ᠲᠠᠢ ᠪᠠᠶ᠋ᠢᠳᠠᠭ᠃ ᠬᠡᠷᠪᠡ ᠠᠨᠭ᠌ᠬᠢ ᠵᠢᠨ ᠪᠠᠭᠰᠢ ᠪᠤᠯᠤᠭᠰᠠᠳ ᠰᠤᠷᠤᠭᠴᠢᠳ ᠵᠶ᠋ᠠᠨ ᠬᠠᠯᠠᠭᠤᠮᠰᠤᠭ ᠵᠶ᠋ᠠᠷ ᠬᠠᠷᠠᠭ᠋ᠠᠯᠵᠠᠵᠦ᠂ ᠲᠡᠳᠡᠨ᠎ᠤ ᠲᠤᠷ᠎ᠠ ᠰᠤᠨᠢᠷᠬᠠᠯ᠂ ᠲᠤᠷᠠᠳᠤᠭᠰᠠᠨ ᠠᠰᠠᠭᠤᠯᠳᠠ ᠵᠢ ᠬᠦᠨᠳᠦᠳᠭᠡᠨ ᠦᠵᠡᠵᠦ ᠢᠯᠡᠭᠦᠬᠡᠨ ᠮᠠᠭᠳᠠᠨ ᠰᠠᠶ᠋ᠢᠰᠢᠶᠠᠵᠤ᠂ ᠬᠠᠷᠢᠶᠠᠵᠤ ᠵᠠᠩᠨᠠᠭ᠍ᠤ ᠵᠢ ᠴᠡᠭᠡᠷᠯᠡᠵᠦ ᠪᠠᠶ᠋ᠢᠪᠠᠯ᠂ ᠰᠤᠷᠤᠭᠴᠢᠳ᠎ᠤᠨ ᠪᠡᠶ᠎ᠡ᠎ᠪᠠᠨ ᠬᠦᠨᠳᠦᠳᠭᠡᠬᠦ ᠰᠡᠳᠬᠢᠯᠭᠡ᠎ᠨᠢ ᠨᠡᠩ ᠰᠠᠶ᠋ᠢᠨ ᠪᠤᠯᠳᠠᠭ᠃ ᠶᠠᠭ ᠠ᠋ᠭᠦᠨ᠎ᠲᠠᠢ ᠠ᠋ᠰᠡᠷᠭᠦ᠎ᠪᠠᠷ ᠪᠠᠭᠰᠢ ᠪᠤᠯᠤᠭᠰᠠᠳ ᠰᠤᠷᠤᠭᠴᠢᠳ᠎ᠢ ᠴᠢᠯᠦᠭᠡᠲᠠᠢ᠎ᠪᠠᠷ ᠶᠠᠷᠢᠯᠴᠠᠭᠤᠯᠵᠤ᠂ ᠰᠤᠳᠤᠯᠵᠤ ᠰᠢᠨᠵᠢᠯᠡᠭᠦᠯᠬᠦ ᠦᠭᠡᠢ ᠬᠠᠮᠢᠶᠠᠷᠴᠦ᠂ ᠰᠤᠷᠭ᠋ᠠᠬᠤ ᠠᠷᠭ᠎ᠠ᠎ᠨᠢ ᠵᠤᠬᠢᠰ ᠦᠭᠡᠢ ᠪᠤᠯᠬᠤ᠎ᠳᠤ ᠬᠦᠷᠪᠡᠯ᠂ ᠰᠤᠷᠤᠭᠴᠢᠳ᠎ᠤᠨ ᠪᠡᠶ᠎ᠡ᠎ᠪᠠᠨ ᠬᠦᠨᠳᠦᠳᠭᠡᠬᠦ ᠰᠡᠳᠬᠢᠯᠭᠡ ᠵᠢ ᠮᠤᠬᠤᠭ᠋ᠠᠳᠠᠭ ᠪᠠᠶ᠋ᠢᠨ᠎ᠠ᠃
ᠠ᠋ᠶ᠋ᠢᠮᠦ᠎ᠠᠴᠠ ᠰᠤᠷᠤᠭᠴᠢᠳ᠎ᠤᠨ ᠪᠡᠶ᠎ᠡ᠎ᠪᠠᠨ ᠬᠦᠨᠳᠦᠳᠭᠡᠬᠦ ᠰᠡᠳᠬᠢᠯᠭᠡ ᠵᠢ ᠬᠦᠮᠦᠵᠢᠭᠦᠯᠬᠦ᠎ᠳᠤ ᠲᠤᠤᠷᠠᠬᠢ ᠬᠡᠳᠦᠨ ᠲᠠᠯ᠎ᠠ ᠵᠢ ᠠᠩᠬᠠᠷᠬᠤ ᠬᠡᠷᠡᠭᠳᠡᠢ᠃
1. ᠰᠤᠷᠤᠭᠴᠢ᠎ᠪᠠᠨ ᠬᠠᠶ᠋ᠢᠷᠠᠯᠠᠵᠦ᠂ ᠰᠤᠷᠤᠭᠴᠢ᠎ᠪᠠᠨ ᠬᠦᠨᠳᠦᠳᠬᠡᠭᠦ ᠬᠡᠷᠡᠭᠳᠡᠢ᠃ ᠠᠨᠭ᠌ᠬᠢ ᠵᠢᠨ
ᠪᠠᠭᠰᠢ ᠪᠤᠯᠤᠭᠰᠠᠳ ᠦᠨᠡᠨᠴᠢ ᠰᠢᠯᠦᠭ᠎ᠤᠨ ᠵᠶ᠋ᠠᠷ ᠰᠤᠷᠤᠭᠴᠢᠳ᠎ᠢ ᠬᠠᠶ᠋ᠢᠷᠠᠯᠠᠨ ᠬᠠᠯᠠᠮᠵᠢᠯᠠᠵᠦ᠂ ᠲᠡᠳᠡᠨ᠎ᠳᠤ ᠵᠦᠪ ᠲᠠᠯ᠎ᠠ ᠵᠢᠨ ᠬᠦᠮᠦᠵᠢᠯ ᠬᠢᠵᠦ᠂ ᠲᠤᠷ᠎ᠠ ᠰᠤᠨᠢᠷᠬᠠᠯ ᠪᠠ ᠤᠨᠴᠠᠯᠢᠭ᠎ᠢ᠎ᠨᠢ ᠬᠦᠨᠳᠦᠳᠭᠡᠵᠦ᠂ ᠲᠠᠳᠡᠨ᠎ᠤ ᠵᠦᠢ ᠵᠤᠬᠢᠰᠳᠡᠢ ᠬᠦᠰᠡᠯ ᠠ᠋ᠷᠡᠮᠡᠯᠵᠡᠯ᠎ᠢ ᠪᠤᠯᠬᠤ ᠨᠦᠭᠦᠴᠡᠯ ᠲᠤᠳᠤᠷ᠎ᠠ ᠪᠡᠶᠡᠯᠡᠭᠦᠯᠵᠦ ᠦᠭᠬᠦ ᠬᠡᠷᠡᠭᠳᠡᠢ᠃ ᠰᠤᠷᠤᠭᠴᠢᠳ᠎ᠤᠨ ᠵᠠᠩ ᠠᠭ᠋ᠠᠰᠢ᠂ ᠲᠤᠷ᠎ᠠ ᠰᠤᠨᠢᠷᠬᠠᠯ᠂ ᠠᠪᠢᠶᠠᠰ ᠴᠢᠳᠠᠪᠤᠷᠢ᠎ᠨᠢ ᠠᠳᠠᠯᠢ ᠦᠭᠡᠢ ᠪᠠᠶ᠋ᠢᠳᠠᠭ᠎ᠠᠴᠠ ᠠᠨᠭ᠌ᠬᠢ ᠵᠢᠨ ᠪᠠᠭᠰᠢ᠎ᠠᠴᠠ ᠵᠠᠪᠠᠯ ᠲᠡᠳᠡᠨ᠎ᠢ ᠤᠶ᠋ᠢᠯᠠᠭ᠋ᠠᠨ ᠮᠡᠳᠡᠬᠦ ᠬᠡᠷᠡᠭᠳᠡᠢ᠃ ᠢᠩᠬᠢᠪᠡᠯ ᠰᠠᠶᠢ 《ᠡᠪᠡᠳᠴᠢᠨ᠎ᠳᠤ᠎ᠨᠢ ᠲᠤᠬᠢᠷᠠᠭᠤᠯᠤᠨ ᠡᠮ ᠵᠠᠷᠤᠵᠦ》 ᠲᠡᠶ᠋ᠢᠯᠦᠨ᠎ᠡ᠃ ᠰᠤᠷᠤᠭᠴᠢᠳ᠎ᠤᠨ 《ᠬᠤᠴᠤᠷᠤᠩᠭᠤᠢ》 ᠵᠢ ᠬᠠᠷᠢᠴᠩᠭᠤᠢᠪᠠᠷ ᠦᠵᠡᠬᠦ ᠬᠡᠷᠡᠭᠳᠡᠢ᠃ ᠠᠯᠳᠠᠭ᠎ᠠ᠎ᠪᠠᠨ ᠵᠠᠰᠠᠭ᠍ᠤ ᠵᠠᠪᠰᠢᠶᠠᠨ ᠤᠯᠭᠤᠬᠤ ᠬᠡᠷᠡᠭᠳᠡᠢ᠃ 《ᠪᠢᠳᠡᠭᠦᠨ᠎ᠳᠤ ᠭᠡᠭᠡᠭᠰᠡᠨ ᠨᠢᠭᠤᠷ ᠵᠶ᠋ᠠᠨ ᠰᠢᠨ᠎ᠡ ᠵᠢᠨ ᠨᠢᠭᠡᠨ᠎ᠳᠤ ᠤᠯᠵᠤ ᠪᠤᠯᠳᠠᠭ》 ᠤᠴᠢᠷ᠎ᠠᠴᠠ ᠰᠤᠷᠤᠭᠴᠢ ᠵᠢᠨ ᠰᠠᠶ᠋ᠢᠨ ᠮᠠᠭᠤ ᠵᠢ ᠵᠤᠭᠰᠤᠩᠭᠤᠢ᠎ᠪᠠᠷ ᠦᠵᠡᠬᠦ ᠦᠵᠡᠯᠳᠡ ᠵᠢ ᠲᠡᠪᠴᠢᠬᠦ ᠬᠡᠷᠡᠭᠳᠡᠢ᠃ ᠬᠠᠷᠢᠨ ᠪᠦᠳᠦᠷᠢᠭᠰᠡᠨ ᠲᠡᠭᠡᠷ᠎ᠡ᠎ᠨᠢ ᠨᠢᠳᠤᠷᠭ᠋ᠠᠳᠠᠵᠤ ᠶᠠᠭ᠋ᠠᠬᠢᠭᠰᠠᠨ ᠴᠤ᠌ ᠪᠤᠯᠬᠤ ᠦᠭᠡᠢ᠃ ᠰᠤᠷᠤᠭᠴᠢ ᠠᠯᠳᠠᠭ᠎ᠠ ᠭᠠᠷᠭ᠋ᠠᠭᠰᠠᠨ ᠦᠶ᠎ᠡ᠎ᠳᠤ᠂ ᠠᠨᠭ᠌ᠬᠢ ᠵᠢᠨ ᠪᠠᠭᠰᠢ᠎ᠠᠴᠠ ᠲᠠᠳᠠᠨ᠎ᠳᠤ ᠠᠯᠳᠠᠭ᠎ᠠ ᠪᠤᠷᠤᠭᠤ᠎ᠪᠠᠨ ᠵᠠᠯᠠᠷᠠᠭᠤᠯᠬᠤ ᠵᠠᠪᠰᠢᠶᠠᠨ᠎ᠢ ᠤᠯᠭᠤᠬᠤ ᠬᠡᠷᠡᠭᠳᠡᠢ᠃ ᠦᠪᠡᠷ᠎ᠤᠨ ᠬᠦᠷᠦᠯᠴᠡᠬᠦ ᠦᠭᠡᠢ ᠲᠠᠯ᠎ᠠ ᠪᠠ ᠲᠠᠪᠠᠭᠤᠯᠢᠭ ᠲᠠᠯ᠎ᠠ᠎ᠪᠠᠨ ᠬᠦᠢ᠍ᠴᠡᠳ ᠤᠯᠵᠤ ᠬᠠᠷᠠᠨ ᠲᠠᠪᠠᠭᠤᠯᠢᠭ ᠲᠠᠯ᠎ᠠ᠎ᠪᠠᠷ᠎ᠨᠢ ᠬᠦᠷᠦᠯᠴᠡᠬᠦ ᠦᠭᠡᠢ ᠲᠠᠯ᠎ᠠ ᠵᠢ᠎ᠨᠢ ᠨᠦᠬᠦᠪᠦᠷᠢᠯᠡᠬᠦ᠎ᠪᠠᠷ ᠲᠠᠮᠵᠢᠨ᠂ ᠪᠡᠶ᠎ᠡ᠎ᠪᠠᠨ ᠬᠦᠨᠳᠦᠳᠬᠡᠭᠦ ᠰᠡᠳᠬᠢᠯᠭᠡ ᠵᠢ᠎ᠨᠢ ᠬᠦᠮᠦᠵᠢᠭᠦᠯᠪᠡᠯ ᠵᠤᠬᠢᠨ᠎ᠠ᠃ ᠶᠠᠭ᠋ᠠᠬᠢᠭᠰᠠᠨ ᠴᠤ᠌ ᠠᠮᠵᠢᠯᠳᠠ ᠪᠦᠳᠦᠭᠡᠯ᠎ᠢ᠎ᠨᠢ ᠦᠵᠡᠪᠡᠯ ᠠᠮᠠ ᠠᠩᠭ᠋᠎ᠠ᠎ᠶ᠋ᠢᠨ ᠪᠠᠶᠠᠷᠯᠠᠵᠤ᠂ ᠠᠯᠳᠠᠭ᠎ᠠ ᠲᠤᠳᠠᠭᠳᠠᠯ ᠭᠠᠷᠭ᠋ᠠᠪᠠᠯ ᠠᠭᠤᠷᠯᠠᠵᠤ ᠰᠢᠭᠦᠮᠵᠢᠯᠡᠨ᠂ ᠰᠤᠷᠤᠭᠴᠢᠳ᠎ᠤᠨ ᠪᠡᠶ᠎ᠡ᠎ᠪᠠᠨ ᠬᠦᠨᠳᠦᠳᠬᠡᠭᠦ ᠰᠡᠳᠬᠢᠯᠭᠡ ᠵᠢ ᠬᠦᠨᠳᠡᠵᠦ ᠪᠤᠯᠬᠤ ᠦᠭᠡᠢ᠃ ᠰᠤᠷᠤᠭᠴᠢ ᠵᠢᠨ ᠵᠦᠪ ᠪᠠ ᠪᠤᠷᠤᠭᠤ᠂ ᠰᠠᠶ᠋ᠢᠨ ᠪᠠ ᠮᠠᠭᠤᠬᠠᠢ ᠵᠢ ᠢᠯᠭ᠋ᠠᠨ ᠲᠠᠨᠢᠬᠤ ᠴᠢᠳᠠᠪᠤᠷᠢ ᠵᠢ᠎ᠨᠢ ᠬᠦᠮᠦᠵᠢᠭᠦᠯᠵᠦ᠂ ᠰᠤᠷᠤᠭᠴᠢ ᠵᠢᠨ ᠰᠠᠶ᠋ᠢᠨ ᠰᠠᠶ᠋ᠢᠬᠠᠨ ᠤᠶ᠋ᠢᠯᠠ ᠠᠵᠢᠯᠯᠠᠭ᠎ᠠ ᠵᠢ ᠨᠤᠳᠠᠯᠠᠵᠤ ᠰᠠᠶ᠋ᠢᠰᠢᠶᠠᠭ᠍ᠤ ᠬᠡᠷᠡᠭᠳᠡᠢ᠃ ᠰᠤᠷᠤᠭᠴᠢ ᠶᠡᠷᠤ᠎ᠨᠢ ᠪᠠᠭᠰᠢ ᠵᠢᠨ ᠬᠠᠶ᠋ᠢᠷ᠎ᠠ ᠬᠠᠯᠠᠮᠵᠢᠯᠠᠯ ᠪᠠ ᠬᠦᠨᠳᠦᠳᠬᠡᠯ᠎ᠢ ᠦᠨᠡᠨ ᠬᠦ᠌ ᠤᠯᠬᠤ ᠦᠶ᠎ᠡ᠎ᠳᠤ ᠯᠠ ᠰᠠᠶᠢ ᠦᠪᠡᠷ᠎ᠤᠨ ᠦᠨ᠎ᠡ ᠦᠷᠳᠡᠭ᠎ᠢ ᠲᠠᠨᠢᠵᠤ ᠤᠯᠳᠠᠭ᠃
2. ᠰᠤᠷᠤᠭᠴᠢᠳ᠎ᠢ ᠢᠯᠡᠭᠦᠦ ᠰᠠᠶ᠋ᠢᠰᠢᠶᠠᠵᠤ᠂ ᠲᠤᠳᠠᠭᠤ ᠵᠢᠮᠡᠯᠡᠬᠦ ᠬᠡᠷᠡᠭᠳᠡᠢ᠃
ᠮᠠᠭᠳᠠᠨ ᠰᠠᠶ᠋ᠢᠰᠢᠶᠠᠭ᠍ᠤ ᠪᠤᠯ ᠬᠡᠤᠬᠡᠳ᠎ᠤᠨ ᠪᠡᠶ᠎ᠡ᠎ᠪᠠᠨ ᠬᠦᠨᠳᠦᠳᠬᠡᠭᠦ ᠰᠡᠳᠬᠢᠯᠭᠡ ᠵᠢ ᠬᠦᠮᠦᠵᠢᠭᠦᠯᠬᠦ᠎ᠳᠤ ᠲᠤᠳᠠᠭᠳᠠᠵᠤ ᠪᠤᠯᠤᠰᠢ ᠦᠭᠡᠢ ᠴᠢᠬᠤᠯᠠ ᠠᠷᠭ᠎ᠠ ᠬᠡᠮᠵᠢᠶ᠎ᠡ ᠮᠦᠨ᠃ ᠶᠡᠷᠦ᠎ᠳᠤ᠎ᠪᠠᠨ ᠰᠠᠶ᠋ᠢᠰᠢᠶᠠᠭ᠍ᠤ ᠵᠢᠨ ᠬᠢᠷᠢ ᠬᠡᠮᠵᠢᠶ᠎ᠡ᠎ᠨᠢ ᠰᠤᠷᠤᠭᠴᠢ ᠵᠢᠨ ᠪᠡᠶ᠎ᠡ᠎ᠪᠠᠨ ᠬᠦᠨᠳᠦᠳᠬᠡᠭᠦ ᠬᠢᠷᠢ ᠬᠡᠮᠵᠢᠶ᠎ᠡ ᠵᠢ ᠲᠤᠭᠳᠠᠭ᠋ᠠᠳᠠᠭ᠃ ᠬᠤᠴᠤᠷᠤᠩᠭᠤᠢ ᠰᠤᠷᠤᠭᠴᠢ ᠴᠤ᠌ ᠲᠡᠭᠦᠨ᠎ᠤ ᠬᠢᠯᠠᠯᠵᠠᠭᠰᠠᠨ ᠨᠢᠭᠡᠨ ᠲᠠᠯ᠎ᠠ ᠪᠠᠶ᠋ᠢᠬᠤ ᠶᠤᠮ᠃ ᠪᠠᠭᠰᠢ᠎ᠠᠴᠠ ᠰᠤᠷᠤᠭᠴᠢᠳ᠎ᠤᠨ ᠡ᠊ᠨᠡ ᠭᠦ᠌ ᠲᠠᠯ᠎ᠠ ᠵᠢ ᠠ᠋ᠷᠢᠨ ᠤᠯᠵᠤ᠂ ᠠᠳᠠᠯᠢ ᠪᠤᠰᠤ ᠬᠦᠳᠡᠯᠭᠡᠭᠡᠨ᠎ᠢ ᠵᠤᠬᠢᠶᠠᠨ ᠪᠠᠶ᠋ᠢᠭᠤᠯᠤᠨ᠂ ᠲᠠᠪᠠᠭᠤᠯᠢᠭ ᠤᠨᠴᠠᠯᠢᠭ᠎ᠢ᠎ᠨᠢ ᠦᠨᠳᠦᠰᠦᠯᠡᠨ ᠵᠤᠬᠢᠰᠳᠠᠢ ᠮᠠᠭᠳᠠᠨ ᠰᠠᠶ᠋ᠢᠰᠢᠶᠠᠭ᠍ᠤ ᠬᠡᠷᠡᠭᠳᠡᠢ᠃ ᠮᠠᠭᠳᠠᠨ ᠰᠠᠶ᠋ᠢᠰᠢᠶᠠᠭ᠍ᠤ᠎ᠠᠴᠠ ᠭᠠᠳᠠᠨ᠎ᠠ ᠪᠠᠰᠠ ᠵᠤᠷᠢᠬ᠍ᠵᠢᠭᠤᠯᠬᠤ ᠠᠷᠭ᠎ᠠ ᠵᠢ ᠬᠡᠷᠡᠭᠯᠡᠵᠦ ᠪᠤᠯᠤᠨ᠎ᠠ᠃ ᠠ᠋ᠨᠡ᠎ᠨᠢ ᠰᠤᠷᠤᠭᠴᠢᠳ᠎ᠤᠨ ᠪᠡᠶ᠎ᠡ᠎ᠪᠠᠨ ᠬᠦᠨᠳᠦᠳᠬᠡᠭᠦ᠎ᠳᠤ ᠲᠦᠯᠬᠢᠴᠡ ᠤᠶ᠋ᠢᠯᠡᠳᠦᠯ ᠦᠵᠡᠭᠦᠯᠵᠦ ᠴᠢᠳᠠᠨ᠎ᠠ᠃ ᠤᠨᠴᠠᠭ᠋ᠠᠶ᠋ᠢᠯᠠᠨ ᠤᠯᠠᠨ᠎ᠤ ᠠ᠋ᠮᠦᠨ᠎ᠡ ᠰᠠᠶ᠋ᠢᠰᠢᠶᠠᠭ᠍ᠤ᠎ᠨᠢ ᠰᠤᠷᠤᠭᠴᠢᠳ᠎ᠲᠤ ᠪᠤᠰᠤᠳ᠎ᠤᠨ ᠬᠦᠨᠳᠦᠳᠬᠡᠯ᠎ᠢ ᠤᠯᠤᠭᠰᠠᠨ ᠪᠠᠶᠠᠷ ᠪᠠᠭ᠍ᠠᠳᠤᠯ᠎ᠢ ᠤᠯᠭᠤᠵᠤ᠂ ᠠᠯᠳᠠᠭ᠎ᠠ ᠲᠤᠳᠠᠭᠳᠠᠯ ᠭᠠᠷᠭ᠋ᠠᠪᠠᠯ ᠲᠠᠷᠦᠢ ᠲᠦᠷᠭᠡᠨ ᠵᠠᠯᠠᠷᠠᠭᠤᠯᠬᠤ᠎ᠳᠤ ᠲᠤᠰᠠᠯᠠᠮᠵᠢ ᠪᠤᠯᠳᠠᠭ ᠮᠦᠷᠳᠡᠭᠡᠨ ᠦᠪᠡᠷ᠎ᠤᠨ ᠪᠡᠶ᠎ᠡ᠎ᠪᠠᠨ ᠬᠦᠨᠳᠦᠳᠬᠡᠭᠦ᠎ᠪᠠᠷ ᠴᠢᠷᠮᠠᠶ᠋ᠢᠳᠠᠭ᠃ ᠠ᠋ᠭᠦᠨ᠎ᠤ ᠠ᠋ᠰᠡᠷᠭᠦ᠎ᠪᠠᠷ ᠰᠤᠷᠤᠭᠴᠢ ᠵᠢ ᠬᠡᠳᠦᠷᠬᠡᠢ ᠠᠷᠪᠢᠨ ᠵᠢᠮᠡᠯᠡᠬᠦ᠎ᠳᠤ ᠬᠦᠷᠪᠡᠯ ᠰᠤᠷᠤᠭᠴᠢ ᠢᠳᠡᠭᠡᠯ ᠵᠤᠷᠢᠭ ᠵᠶ᠋ᠠᠨ ᠠᠯᠳᠠᠵᠤ᠂ ᠪᠡᠶ᠎ᠡ ᠪᠠᠨ ᠬᠦᠨᠳᠦᠳᠬᠡᠭᠦ ᠰᠡᠳᠬᠢᠯ᠎ᠨᠢ ᠨᠦᠯᠦᠭᠡᠯᠡᠭᠳᠡᠵᠦ᠂ ᠭᠤᠳᠤᠷᠠᠩᠭᠤᠢ ᠦᠵᠡᠯᠳᠡ᠎ᠲᠠᠢ ᠪᠤᠯᠳᠠᠭ᠃ ᠠ᠋ᠶ᠋ᠢᠮᠦ᠎ᠠᠴᠠ ᠰᠤᠷᠤᠭᠴᠢ ᠵᠢᠨ ᠵᠠᠩ ᠠᠭ᠋ᠠᠰᠢ ᠵᠢ ᠨᠦᠯᠦᠭᠡᠯᠡᠬᠦ ᠦᠭᠡᠢ ᠵᠢᠨ ᠲᠦᠯᠦᠭᠡ ᠪᠤᠰᠤᠳ᠎ᠤᠨ ᠠ᠋ᠮᠦᠨ᠎ᠡ ᠲᠤᠷᠭᠤᠭ᠋ᠠᠵᠤ ᠶᠠᠯᠠᠳᠠᠭ᠍ᠤ ᠪᠠ ᠦᠯᠦ ᠬᠦᠨᠳᠦᠳᠬᠡᠭᠦ ᠵᠢ ᠠ᠋ᠷᠡᠰ ᠴᠡᠭᠡᠷᠯᠡᠪᠡᠯ ᠵᠤᠬᠢᠰᠳᠠᠢ ᠶᠤᠮ᠃
3. ᠠᠩᠬᠢ ᠨᠡᠶ᠋ᠢᠳᠡ᠎ᠳᠤ ᠠᠷᠠᠳᠴᠢᠯᠠᠯ᠎ᠤᠨ ᠠᠭᠤᠷ ᠠᠮᠢᠰᠬᠤᠯ᠎ᠢ ᠪᠤᠢ ᠪᠤᠯᠭ᠋ᠠᠬᠤ ᠬᠡᠷᠡᠭᠳᠡᠢ᠃
ᠲᠡᠭᠡᠳᠦ ᠬᠡᠮᠵᠢᠶᠡᠨ᠎ᠤ ᠪᠡᠶ᠎ᠡ᠎ᠪᠠᠨ ᠬᠦᠨᠳᠦᠳᠬᠡᠭᠦ ᠰᠡᠳᠬᠢᠯᠭᠡ᠎ᠲᠠᠢ ᠰᠤᠷᠤᠭᠴᠢ ᠶᠡᠷᠦ᠎ᠨᠢ ᠠᠷᠠᠳᠴᠢᠯᠠᠯ᠎ᠤᠨ ᠠᠭᠤᠷ ᠠᠮᠢᠰᠬᠤᠯ ᠵᠶ᠋ᠠᠷ ᠪᠢᠯᠬᠠᠮ᠎ᠠ ᠤᠷᠴᠢᠨ ᠲᠤᠭᠤᠷᠢᠨ᠎ᠳᠤ ᠦᠰᠦᠨ ᠪᠤᠶ᠋ᠢᠵᠢᠭᠰᠠᠨ ᠪᠠᠶ᠋ᠢᠳᠠᠭ᠂ ᠠᠨᠭ᠌ᠬᠢ ᠵᠢᠨ ᠪᠠᠭᠰᠢ ᠪᠤᠯᠤᠭᠰᠠᠳ ᠬᠡᠵᠢᠶᠡᠳᠡ ᠬᠠᠯᠠᠮᠵᠢᠯᠠᠭᠰᠠᠨ ᠪᠠ ᠵᠢᠭ᠋ᠠᠨ ᠵᠢᠯᠦᠭᠤᠳᠤᠭᠰᠠᠨ ᠤᠪᠤᠷ ᠵᠶ᠋ᠠᠷ ᠰᠤᠷᠤᠭᠴᠢ᠎ᠳᠤ᠎ᠪᠠᠨ ᠬᠠᠨᠳᠤᠵᠤ᠂ ᠲᠡᠳᠡᠨ᠎ᠢ ᠶᠡᠭᠡ ᠬᠦᠮᠦᠨ᠎ᠲᠠᠢ ᠠᠳᠠᠯᠢ᠎ᠪᠠᠷ ᠦᠵᠡᠵᠦ᠂ ᠠ᠋ᠷᠬᠡ ᠲᠡᠭᠰᠢ ᠪᠠᠶ᠋ᠢᠵᠤ᠂ ᠰᠠᠨᠠᠯ᠎ᠢ᠎ᠨᠢ ᠬᠦᠨᠳᠦᠳᠬᠡᠨ᠂ ᠰᠤᠷᠤᠭᠴᠢᠳ᠎ᠤᠨ ᠪᠡᠶ᠎ᠡ᠎ᠪᠠᠨ ᠲᠠᠭ᠋ᠠᠭ᠋ᠠᠵᠤ ᠰᠡᠳᠬᠢᠬᠦ ᠴᠢᠳᠠᠪᠤᠷᠢ ᠵᠢ ᠬᠦᠮᠦᠵᠢᠭᠦᠯᠪᠡᠯ ᠰᠠᠶᠢ ᠰᠤᠷᠤᠭᠴᠢᠳ ᠪᠡᠶ᠎ᠡ᠎ᠳᠤ᠎ᠪᠠᠨ ᠤᠯᠠᠮ ᠢᠳᠡᠭᠡᠯ ᠵᠤᠷᠢᠭᠲᠠᠢ ᠪᠤᠯᠵᠤ ᠴᠢᠳᠠᠨ᠎ᠠ᠃
4. ᠰᠤᠷᠤᠭᠴᠢᠳ᠎ᠲᠤ ᠪᠡᠶ᠎ᠡ᠎ᠪᠠᠨ ᠬᠦᠨᠳᠦᠳᠬᠡᠭᠦ ᠪᠠ ᠪᠤᠰᠤᠳ᠎ᠢ ᠬᠦᠨᠳᠦᠳᠬᠡᠭᠦ ᠵᠢ ᠮᠡᠳᠡᠭᠦᠯᠬᠦ ᠪᠤᠯ ᠬᠠᠷᠢᠯᠴᠠᠨ ᠨᠦᠭᠦᠴᠡᠯᠳᠦᠵᠦ ᠪᠠᠶ᠋ᠢᠳᠠᠭ᠃ ᠬᠡᠷᠪᠡ ᠪᠤᠰᠤᠳ᠎ᠤᠨ ᠬᠦᠨᠳᠦᠳᠬᠡᠯ᠎ᠢ ᠤᠯᠤᠶ᠎ᠠ ᠭᠡᠪᠡᠯ᠂ ᠶᠠᠭᠤᠨ᠎ᠤ ᠠ᠋ᠮᠦᠨ᠎ᠡ ᠪᠤᠰᠤᠳ᠎ᠢ ᠬᠦᠨᠳᠦᠳᠬᠡᠭᠦ ᠬᠡᠷᠡᠭᠳᠡᠢ᠃ ᠠ᠋ᠭᠦᠨ᠎ᠤ ᠬᠠᠮᠳᠤ ᠬᠦᠮᠦᠨ᠎ᠤ ᠪᠡᠶ᠎ᠡ᠎ᠪᠠᠨ ᠬᠦᠨᠳᠦᠳᠬᠡᠭᠦ ᠰᠡᠳᠬᠢᠯ ᠪᠡᠶᠡᠯᠡᠭᠳᠡᠬᠦ᠎ᠳᠤ᠂ ᠭᠠᠬ᠍ᠴᠠ ᠬᠦ᠌ ᠦᠪᠡᠷ᠎ᠤᠨ ᠤᠶ᠋ᠢᠯᠡ ᠠᠵᠢᠯᠯᠠᠭ᠎ᠠ᠎ᠪᠠᠷ ᠵᠶ᠋ᠠᠨ ᠰᠠᠶ᠋ᠢᠨ ᠰᠠᠶ᠋ᠢᠬᠠᠨ᠎ᠢ ᠠ᠋ᠷᠬᠢᠮᠯᠡᠵᠦ᠂ ᠮᠠᠭᠤ ᠮᠠᠭᠤᠬᠠᠢ ᠵᠢ ᠵᠢᠭᠰᠢᠵᠦ ᠶᠠᠪᠤᠪᠠᠯ ᠰᠠᠶᠢ ᠨᠢᠭᠡ ᠬᠦᠮᠦᠨ᠎ᠤ ᠪᠡᠶ᠎ᠡ᠎ᠪᠠᠨ ᠬᠦᠨᠳᠦᠳᠬᠡᠭᠦ ᠱᠠᠭ᠋ᠠᠷᠳᠠᠯᠭ᠎ᠠ᠎ᠨᠢ ᠪᠡᠶᠡᠯᠡᠭᠳᠡᠵᠦ ᠴᠢᠳᠠᠨ᠎ᠠ ᠭᠡᠰᠡᠨ᠎ᠢ ᠰᠤᠷᠤᠭᠴᠢᠳ᠎ᠲᠤ ᠮᠡᠳᠡᠭᠦᠯᠦᠭᠰᠡᠨ ᠪᠠᠶ᠋ᠢᠬᠤ ᠬᠡᠷᠡᠭᠳᠡᠢ᠃ ᠰᠤᠷᠤᠭᠴᠢᠳ᠎ᠤᠨ ᠪᠡᠶ᠎ᠡ᠎ᠪᠠᠨ ᠬᠦᠨᠳᠦᠳᠬᠡᠭᠦ ᠰᠡᠳᠬᠢᠯᠭᠡ ᠵᠢ ᠬᠠᠷᠰᠢᠯᠠᠭ᠍ᠤ ᠠᠵᠢᠯᠯᠠᠭ᠎ᠠ ᠵᠢ ᠠᠯᠢ ᠴᠢᠳᠠᠭ᠍ᠤ᠎ᠪᠠᠷ ᠦᠭᠡᠶ᠋ᠢᠰᠭᠡᠬᠦ ᠬᠡᠷᠡᠭᠳᠡᠢ᠃ ᠰᠤᠷᠤᠭᠴᠢᠳ᠎ᠢ ᠬᠡᠳᠦᠷᠬᠡᠢ ᠬᠠᠪᠰᠤᠷᠬᠤ ᠪᠠ ᠬᠠᠮᠠᠭ᠋ᠠᠯᠠᠭ᠍ᠤ᠎ᠨᠢ ᠬᠡᠷᠡᠭ ᠲᠡᠭᠡᠷ᠎ᠡ᠎ᠪᠠᠨ ᠰᠤᠷᠤᠭᠴᠢᠳ᠎ᠢ ᠭᠤᠳᠤᠭ᠋ᠠᠵᠤ ᠪᠠᠶ᠋ᠢᠭ᠎ᠠ ᠶᠠᠪᠤᠳᠠᠯ ᠮᠦᠨ᠃ ᠠ᠋ᠶ᠋ᠢᠮᠦ᠎ᠠᠴᠠ ᠠᠨᠭ᠌ᠬᠢ ᠵᠢᠨ ᠪᠠᠭᠰᠢ ᠠ᠋ᠷᠬᠡᠪᠰᠢ ᠲᠡᠭᠡᠳᠦ ᠬᠡᠮᠵᠢᠶᠡᠨ᠎ᠤ ᠬᠦᠯᠢᠴᠡᠩᠭᠦᠢ ᠤᠪᠤᠷ ᠵᠶ᠋ᠠᠷ ᠰᠤᠷᠤᠭᠴᠢᠳ᠎ᠤᠨ ᠪᠡᠶ᠎ᠡ᠎ᠪᠠᠨ ᠲᠠᠭ᠋ᠠᠭ᠋ᠠᠵᠤ ᠠᠵᠢᠯᠯᠠᠭ᠍ᠤ ᠲᠤᠮᠳᠠ ᠪᠡᠶ᠎ᠡ᠎ᠪᠠᠨ ᠲᠠᠭ᠋ᠠᠭ᠋ᠠᠬᠤ ᠴᠢᠳᠠᠪᠤᠷᠢ ᠵᠢ᠎ᠨᠢ ᠬᠦᠮᠦᠵᠢᠭᠦᠯᠦᠨ ᠵᠢᠯᠤᠭᠤᠳᠪᠠᠯ ᠵᠤᠬᠢᠨ᠎ᠠ᠃
5. ᠰᠤᠷᠤᠭᠴᠢ ᠵᠢ ᠬᠠᠪᠰᠤᠷᠤᠨ ᠴᠢᠳᠠᠪᠤᠷᠢ ᠤᠯᠭᠤᠬᠤ ᠪᠠ ᠠᠮᠵᠢᠯᠳᠠ ᠪᠦᠳᠦᠭᠡᠯ ᠭᠠᠷᠭ᠋ᠠᠯᠭ᠋ᠠᠵᠤ᠂ ᠪᠡᠶ᠎ᠡ᠎ᠪᠠᠨ ᠬᠦᠨᠳᠦᠳᠬᠡᠭᠦ ᠰᠡᠳᠬᠢᠯ᠎ᠢ᠎ᠨᠢ ᠬᠦᠭᠵᠢᠭᠡᠬᠦ ᠬᠡᠷᠡᠭᠳᠡᠢ᠃ ᠠᠨᠭ᠌ᠬᠢ ᠵᠢᠨ ᠪᠠᠭᠰᠢ᠎ᠠᠴᠠ ᠡᠯ᠎ᠡ ᠵᠤᠶ᠋ᠢᠯ᠎ᠤᠨ ᠬᠦᠳᠡᠯᠭᠡᠬᠡᠨᠤ ᠲᠤᠮᠳᠠ ᠰᠤᠷᠤᠭᠴᠢᠳ᠎ᠢ ᠴᠢᠳᠠᠮᠠᠭ᠋ᠠᠢ᠎ᠪᠠᠷ ᠵᠢᠯᠤᠭᠤᠳᠤᠨ ᠪᠤᠯᠪᠠᠰᠤᠷᠠᠭᠤᠯᠵᠤ᠂ ᠲᠠᠳᠠᠨ᠎ᠳᠤ ᠦᠪᠡᠷ᠎ᠤᠨ ᠪᠡᠶ᠎ᠡ᠎ᠪᠠᠷ ᠵᠶ᠋ᠠᠨ ᠠᠮᠵᠢᠯᠳᠠ ᠪᠦᠳᠦᠭᠡᠯ ᠠ᠋ᠭᠦᠳᠬᠦ ᠪᠠᠶᠠᠷ ᠪᠠᠶᠠᠰᠦᠯᠢ ᠮᠡᠳᠡᠭᠦᠯᠵᠦ᠂ ᠠ᠋ᠭᠦᠨ᠎ᠠᠴᠠ ᠭᠠᠳᠠᠨ᠎ᠠ ᠪᠦᠳᠦᠭᠡᠯᠴᠢ ᠴᠢᠨᠠᠷᠳᠠᠢ ᠨᠠᠭ᠋ᠠᠳᠤᠮ ᠲᠤᠭᠯᠠᠭ᠋ᠠᠮ᠎ᠤᠨ ᠲᠤᠮᠳᠠ ᠠᠶᠠᠨᠳᠠᠭ᠋ᠠᠨ ᠢᠯᠡᠷᠡᠭᠦᠯᠬᠦ ᠴᠢᠳᠠᠪᠤᠷᠢ ᠵᠢ᠎ᠨᠢ ᠬᠦᠮᠦᠵᠢᠭᠦᠯᠵᠦ᠂ ᠲᠡᠳᠡᠨᠡᠷ᠎ᠲᠤ ᠠᠪᠢᠶᠠᠰ ᠴᠢᠳᠠᠪᠤᠷᠢ᠎ᠪᠠᠨ ᠢᠯᠡᠷᠡᠭᠦᠯᠬᠦ ᠠᠰᠢᠭᠳᠠᠢ ᠲᠤᠬᠢᠶᠠᠯ ᠤᠯᠭᠤᠵᠤ ᠦᠭᠭᠦ ᠬᠡᠷᠡᠭᠳᠡᠢ᠃
ᠰᠤᠷᠤᠭᠴᠢᠳ᠎ᠤᠨ ᠪᠡᠶ᠎ᠡ᠎ᠪᠠᠨ ᠬᠦᠨᠳᠦᠳᠬᠡᠬᠦ ᠰᠡᠳᠬᠢᠯᠭᠡ᠎ᠨᠢ ᠵᠤᠬᠢᠬᠤ ᠬᠦᠭᠵᠢᠯᠳᠡ ᠵᠢᠨ ᠶᠠᠪᠤᠴᠠ ᠵᠢ ᠦᠩᠭᠡᠷᠡᠭᠡᠳᠡᠭ᠃ ᠠ᠋ᠬᠢᠨ᠎ᠤ ᠦᠶ᠎ᠡ᠎ᠳᠤ᠎ᠪᠠᠨ ᠰᠤᠷᠤᠭᠴᠢᠳ ᠶᠠᠮᠠᠷ ᠨᠢᠭᠡᠨ ᠲᠠᠯ᠎ᠠ᠎ᠪᠠᠷ ᠦᠪᠡᠷ᠎ᠤᠨ ᠴᠢᠳᠠᠪᠤᠷᠢ᠎ᠪᠠᠨ ᠢᠯᠡᠷᠡᠭᠦᠯᠵᠦ᠂ ᠠᠮᠵᠢᠯᠳᠠ ᠤᠯᠬᠤ ᠵᠢᠨ ᠵᠡᠷᠭᠡ᠎ᠪᠠᠷ ᠪᠠᠭᠰᠢ ᠪᠤᠯᠤᠨ ᠬᠠᠮᠳᠤ ᠨᠦᠭᠦᠳ᠎ᠤᠨ ᠵᠶ᠋ᠠᠨ ᠨᠤᠳᠠᠯᠠᠯᠳᠠ᠂ ᠰᠠᠶ᠋ᠢᠰᠢᠶᠠᠯ᠎ᠢ ᠤᠯᠬᠤ᠎ᠪᠠᠷ ᠲᠠᠮᠵᠢᠵᠦ᠂ ᠪᠡᠶ᠎ᠡ᠎ᠪᠠᠨ ᠬᠦᠨᠳᠦᠳᠬᠡᠭᠦ ᠰᠡᠳᠬᠢᠯᠭᠡ᠎ᠲᠠᠢ ᠪᠤᠯᠳᠠᠭ᠃ ᠠ᠋ᠨᠡ ᠦᠶ᠎ᠡ ᠵᠢᠨ ᠪᠡᠶ᠎ᠡ᠎ᠪᠠᠨ ᠬᠦᠨᠳᠦᠳᠬᠡᠭᠦ ᠰᠡᠳᠬᠢᠯᠭᠡ᠎ᠨᠢ ᠶᠠᠮᠠᠷ ᠨᠢᠭᠡᠨ ᠭᠠᠳᠠᠭ᠋ᠠᠳᠤ ᠰᠠᠳᠤᠯᠳᠡ ᠵᠢᠨ ᠲᠤᠤᠷ᠎ᠠ ᠰᠠᠶᠢ ᠪᠤᠢ ᠪᠤᠯᠤᠭᠰᠠᠨ ᠲᠤᠯᠠ ᠭᠠᠳᠠᠷ ᠲᠦᠷᠢ᠎ᠳᠤᠨᠢ ᠢᠯᠡᠷᠡᠵᠦ᠂ ᠢᠨᠢᠶᠡᠬᠦ᠂ ᠪᠠᠶᠠᠷᠯᠠᠭ᠍ᠤ᠂ ᠬᠦᠭᠡᠷᠬᠦ ᠵᠡᠷᠭᠡ ᠰᠡᠳᠬᠢᠯᠭᠡ ᠵᠢᠨ ᠠᠵᠢᠯᠯᠠᠭ᠎ᠠ᠎ᠪᠠᠷ ᠢᠯᠡᠷᠡᠳᠡᠭ᠃ ᠠ᠋ᠨᠡ ᠰᠠᠭᠤᠷᠢᠨ ᠲᠡᠭᠡᠷ᠎ᠡ ᠰᠤᠷᠤᠭᠴᠢ ᠵᠢ ᠬᠦᠳᠦᠯᠦᠨ ᠵᠢᠯᠤᠭᠤᠳᠴᠤ᠂ ᠤᠯᠠᠮ ᠨᠢᠭᠡ ᠠᠯᠬᠤᠮ ᠴᠢᠷᠮᠠᠶ᠋ᠢᠯᠭ᠋ᠠᠵᠤ᠂ ᠦᠪᠡᠷ᠎ᠤᠨ ᠴᠢᠳᠠᠪᠤᠷᠢ ᠵᠢ᠎ᠨᠢ ᠪᠠᠳᠠᠷᠠᠭᠤᠯᠤᠨ᠂ ᠪᠡᠶ᠎ᠡ᠎ᠪᠠᠨ ᠬᠦᠨᠳᠦᠳᠬᠡᠭᠦ ᠰᠡᠳᠬᠢᠯᠭᠡ ᠵᠢ᠎ᠨᠢ ᠤᠯᠠᠮ ᠦᠨᠳᠦᠷ ᠱᠠᠳᠤᠨ᠎ᠳᠤ ᠬᠦᠷᠭᠡᠵᠦ᠂ ᠲᠠᠳᠡᠨ᠎ᠤ ᠪᠡᠶ᠎ᠡ᠎ᠪᠠᠨ ᠢᠳᠡᠭᠡᠬᠦ ᠰᠡᠳᠬᠢᠯᠭᠡ᠂ ᠦᠩᠭᠡ ᠭᠡᠷᠡᠯᠳᠦ ᠰᠡᠳᠬᠢᠯᠭᠡ᠂ ᠤᠮᠤᠭ ᠪᠠᠭ᠍ᠠᠳᠤᠯᠳᠤ ᠰᠡᠳᠬᠢᠯᠭᠡ ᠵᠢ ᠪᠤᠢ ᠪᠤᠯᠭ᠋ᠠᠬᠤ ᠬᠡᠷᠡᠭᠳᠡᠢ᠃
ᠠ᠋ᠭᠦᠨ᠎ᠠᠴᠠ ᠭᠠᠳᠠᠨ᠎ᠠ ᠪᠠᠰᠠ ᠰᠤᠷᠤᠭᠴᠢᠳ᠎ᠤᠨ ᠪᠡᠶ᠎ᠡ᠎ᠪᠠᠨ ᠬᠦᠨᠳᠦᠳᠭᠡᠬᠦ ᠰᠡᠳᠬᠢᠯᠭᠡ ᠵᠢ ᠬᠦᠮᠦᠵᠢᠭᠦᠯᠬᠦ᠎ᠳᠤ ᠰᠤᠷᠤᠭᠴᠢ ᠵᠢ ᠰᠢᠯᠢᠳᠡᠭ ᠰᠠᠶ᠋ᠢᠨ ᠬᠡᠪ ᠰᠤᠷᠳᠠᠯ᠎ᠲᠠᠢ ᠪᠤᠯᠭ᠋ᠠᠨ ᠬᠦᠮᠦᠵᠢᠭᠦᠯᠬᠦ᠎ᠠᠴᠠ ᠭᠠᠷᠳᠠᠨ᠂ ᠦᠨᠡᠨᠴᠢ ᠰᠢᠳᠤᠷᠭᠤ᠂ ᠲᠠᠷᠤᠤ ᠬᠢᠴᠢᠶᠡᠩᠭᠦᠢ᠂ ᠠ᠋ᠷᠡᠯᠬᠡᠭ ᠪᠠᠭ᠋ᠠᠳᠤᠷᠯᠢᠭ᠂ ᠬᠠᠷᠢᠭᠤᠴᠠᠯᠭ᠋ᠠᠳᠤ ᠤᠪᠤᠷ᠎ᠲᠠᠢ᠂ ᠬᠠᠮᠳᠤ ᠨᠡᠶ᠋ᠢᠳᠡ ᠵᠢ ᠬᠠᠶ᠋ᠢᠷᠠᠯᠠᠭ᠍ᠤ ᠰᠠᠶ᠋ᠢᠨ ᠰᠠᠶ᠋ᠢᠬᠠᠨ ᠲᠠᠳᠬᠠᠯ ᠭᠦᠮᠦᠵᠢᠯ᠎ᠲᠠᠢ ᠪᠤᠯᠭ᠋ᠠᠬᠤ ᠵᠢ ᠠᠨᠭ᠌ᠬᠠᠷᠪᠠᠯ ᠵᠤᠬᠢᠨ᠎ᠠ᠃
ᠲᠠᠪᠤ᠂ ᠬᠦᠮᠦᠨ᠎ᠢ ᠬᠦᠮᠦᠵᠢᠭᠦᠯᠬᠦ ᠠᠵᠢᠯᠯᠠᠭ᠎ᠠ᠎ᠳᠤ ᠬᠠᠶ᠋ᠢᠷ᠎ᠠ ᠰᠠᠭᠤᠷᠢᠯᠠᠵᠤ᠂ ᠬᠠᠷᠢᠭᠤᠴᠠᠯᠭ᠎ᠠ ᠤᠶ᠋ᠢᠯᠡᠴᠢᠯᠡᠳᠡᠭ᠃
ᠪᠠᠭᠰᠢ ᠵᠢᠨ ᠠᠵᠢᠯ᠎ᠤᠨ ᠢᠷᠠᠭᠤ ᠠᠯᠳᠠᠷ ᠪᠠ ᠦᠩᠭᠡ ᠭᠡᠷᠡᠯ᠎ᠨᠢ ᠪᠦᠷ ᠬᠠᠶ᠋ᠢᠷ᠎ᠠ ᠪᠠ ᠬᠠᠷᠢᠭᠤᠴᠠᠯᠭ᠎ᠠ᠎ᠪᠠᠷ ᠲᠠᠮᠵᠢᠨ ᠢᠯᠡᠷᠡᠳᠡᠭ᠎ᠠᠴᠠ ᠬᠠᠶ᠋ᠢᠷ᠎ᠠ ᠪᠠ ᠬᠠᠷᠢᠭᠤᠴᠠᠯᠭ᠎ᠠ ᠪᠤᠯ ᠪᠠᠭᠰᠢ ᠵᠢᠨ ᠠᠵᠢᠯ᠎ᠤᠨ ᠰᠦᠭ ᠰᠦᠨᠡᠰᠦ ᠮᠦᠨ᠃ ᠬᠠᠶ᠋ᠢᠷ᠎ᠠ᠎ᠠᠴᠠ ᠠ᠋ᠭᠦᠰᠦᠭᠰᠡᠨ ᠦᠭᠡᠢ ᠬᠠᠷᠢᠭᠤᠴᠠᠯᠭ᠎ᠠ᠎ᠨᠢ ᠲᠡᠷᠡ ᠴᠡᠭ ᠵᠶ᠋ᠠᠷ ᠵᠶ᠋ᠠᠨ ᠠᠯᠪᠠᠳᠠᠯᠭ᠎ᠠ ᠪᠤᠯᠵᠤ ᠬᠠᠨᠤᠮᠵᠢᠳᠠᠢ ᠦᠷ᠎ᠡ ᠳ᠋ᠦᠩ᠎ᠳᠤ ᠬᠦᠷᠴᠦ ᠲᠡᠶ᠋ᠢᠯᠬᠦ ᠦᠭᠡᠢ ᠶᠤᠮ᠃
2014 ᠤᠨ᠎ᠤ 9 ᠰᠠᠷ᠎ᠠ ᠵᠢᠨ 9᠎ᠤ ᠠ᠋ᠳᠦᠷ ᠪᠡᠭᠡᠵᠢᠩ ᠪᠠᠭᠰᠢ ᠵᠢᠨ ᠶᠡᠭᠡ ᠰᠤᠷᠭ᠋ᠠᠭᠤᠯᠢ᠎ᠳᠤ ᠪᠤᠯᠤᠭᠰᠠᠨ 30᠎ᠳᠠᠬᠢ ᠪᠠᠭᠰᠢ ᠵᠢᠨ ᠪᠠᠶᠠᠷ᠎ᠢ ᠪᠡᠯᠭᠡᠯᠡᠬᠦ 《ᠪᠠᠭᠰᠢ ᠵᠢ ᠬᠦᠨᠳᠦᠳᠭᠡᠵᠦ ᠰᠤᠷᠭ᠋ᠠᠨ ᠬᠦᠮᠦᠵᠢᠯ᠎ᠢ ᠴᠢᠬᠤᠯᠠᠴᠢᠯᠠᠨ᠂ ᠲᠤᠮᠳᠠᠳᠤ ᠵᠢᠨ ᠬᠦᠰᠡᠯ᠎ᠢ ᠲᠡᠷᠭᠡᠯᠰᠢᠭᠦᠯᠬᠦ》 ᠲᠤᠰᠬᠠᠢ ᠰᠡᠳᠦᠪᠳᠦ ᠲᠡᠯᠭᠡᠨ ᠦᠵᠡᠭᠦᠯᠭᠡ ᠵᠢᠨ ᠬᠤᠷᠠᠯ ᠲᠡᠭᠡᠷ᠎ᠡ ᠶᠡᠷᠦᠩᠬᠢ ᠱᠦᠵᠢ᠎ᠠᠴᠠ 《ᠶᠤᠰᠤ ᠵᠢ ᠤᠯᠠᠮᠵᠢᠯᠠᠨ᠂ ᠮᠡᠳᠡᠯᠭᠡ ᠰᠤᠷᠭ᠋ᠠᠵᠤ᠂ ᠰᠡᠵᠢᠭ᠎ᠢ ᠲᠠᠶ᠋ᠢᠯᠤᠮᠤᠢ》 ᠭᠡᠰᠡᠨ ᠠ᠋ᠷᠳᠡᠨᠠᠴᠠ ᠤᠯᠠᠮᠵᠢᠯᠠᠭᠳᠠᠭᠰᠠᠨ ᠪᠠᠭᠰᠢ ᠵᠢᠨ ᠠᠵᠢᠯ᠎ᠤᠨ ᠬᠠᠷᠢᠭᠤᠴᠠᠯᠭ᠎ᠠ᠎ᠳᠠᠬᠢ 《ᠶᠤᠰᠤ ᠵᠢ ᠤᠯᠠᠮᠵᠢᠯᠠᠭ᠍ᠤ》᠎ᠨᠢ ᠬᠠᠷᠢᠭᠤᠴᠠᠯᠭ᠎ᠠ ᠵᠢᠨ ᠲᠡᠭᠡᠳᠦ ᠭᠡᠳᠡᠭ᠎ᠲᠤ ᠲᠠᠬᠢᠨᠳᠠ ᠨᠤᠳᠠᠯᠯᠠᠳᠠ ᠬᠢᠭᠰᠡᠨ ᠶᠤᠮ᠃ ᠠ᠋ᠭᠦᠨ᠎ᠤ ᠲᠠᠭ᠋ᠠᠤ᠎ᠳᠤ 《ᠰᠠᠶ᠋ᠢᠨ ᠪᠠᠭᠰᠢ》 ᠪᠤᠯᠬᠤ ᠲᠤᠬᠠᠢ ᠲᠤᠤᠷᠠᠬᠢ ᠮᠡᠳᠦ ᠲᠦᠷᠪᠡᠨ ᠪᠠᠷᠢᠮᠵᠢᠶ᠎ᠠ ᠲᠤᠷᠠᠳᠤᠭᠰᠠᠨ ᠪᠠᠶ᠋ᠢᠨ᠎ᠠ᠃
1. ᠰᠤᠷᠤᠭᠴᠢᠳ᠎ᠲᠤ᠎ᠪᠠᠨ ᠰᠠᠶ᠋ᠢᠨ ᠰᠠᠶ᠋ᠢᠬᠠᠨ ᠢᠷᠡᠭᠡᠳᠦᠢ ᠵᠢᠨ ᠬᠦᠰᠡᠯᠡᠩ᠎ᠢ ᠤᠷᠭᠤᠭᠤᠯᠤᠨ᠂ ᠬᠦᠰᠡᠯ ᠵᠶ᠋ᠠᠨ ᠲᠡᠷᠭᠡᠯᠰᠢᠭᠦᠯᠬᠦ᠎ᠳᠤᠨᠢ ᠵᠠᠮᠴᠢᠯᠠᠭᠰᠠᠨ ᠪᠠᠶ᠋ᠢᠬᠤ ᠬᠡᠷᠡᠭᠳᠡᠢ;
2. ᠶᠤᠰᠤ ᠠ᠋ᠷᠳᠡᠮ ᠵᠶ᠋ᠠᠷ ᠬᠦᠮᠦᠨ᠎ᠢ ᠪᠢᠰᠢᠷᠠᠭᠦᠯᠵᠦ᠂ ᠪᠡᠶ᠎ᠡ᠎ᠪᠠᠷ ᠵᠶ᠋ᠠᠨ ᠬᠡᠪ ᠲᠦᠷᠢᠮ ᠪᠤᠯᠵᠤ ᠴᠢᠳᠠᠭᠰᠠᠨ ᠪᠠᠶ᠋ᠢᠬᠤ ᠬᠡᠷᠡᠭᠳᠡᠢ;
3. ᠰᠤᠷᠤᠭᠴᠢ᠎ᠳᠤ᠎ᠪᠠᠨ ᠨᠢᠭᠡ ᠴᠤᠮᠤ ᠤᠰᠤ ᠬᠦᠷᠭᠡᠬᠦ᠎ᠳᠤ ᠦᠪᠡᠰᠤᠪᠠᠨ ᠵᠠᠪᠠᠯ ᠨᠢᠭᠡ ᠰᠠᠭᠤᠯᠠᠭ᠎ᠠ ᠤᠰᠤ ᠪᠡᠯᠡᠳᠭᠡᠭᠰᠡᠨ ᠪᠠᠶ᠋ᠢᠬᠤ ᠭᠡᠷᠡᠭᠳᠠᠢ;
4. ᠬᠠᠶ᠋ᠢᠷ᠎ᠠ᠎ᠪᠠᠷ ᠬᠠᠶ᠋ᠢᠷ᠎ᠠ ᠵᠢ ᠬᠦᠮᠦᠵᠢᠭᠦᠯᠵᠦ᠂ ᠬᠠᠶ᠋ᠢᠷ᠎ᠠ ᠵᠢ ᠬᠦᠭᠵᠢᠭᠡᠨ᠂ ᠬᠠᠶ᠋ᠢᠷ᠎ᠠ ᠵᠢ ᠤᠯᠠᠮᠵᠢᠯᠠᠭᠰᠠᠨ ᠪᠠᠶ᠋ᠢᠬᠤ ᠭᠡᠷᠡᠭᠳᠠᠢ᠃
ᠶᠡᠷᠦᠩᠬᠡᠢ ᠱᠦᠵᠢ ᠵᠢᠨ ᠲᠤᠷᠠᠳᠤᠭᠰᠠᠨ ᠰᠠᠶ᠋ᠢᠨ ᠪᠠᠭᠰᠢ ᠪᠤᠯᠬᠤ ᠵᠢᠨ ᠪᠠᠷᠢᠮᠵᠢᠶ᠎ᠠ᠎ᠨᠢ ᠮᠠᠨ᠎ᠤ ᠠᠵᠢᠯ᠎ᠤᠨ ᠲᠦᠯᠬᠢᠴᠡ ᠬᠦᠴᠦᠨ ᠪᠤᠯ ᠬᠠᠶ᠋ᠢᠷ᠎ᠠ ᠪᠠ ᠬᠠᠷᠢᠭᠤᠴᠠᠯᠭ᠎ᠠ ᠭᠡᠳᠡᠭ᠎ᠢ ᠨᠤᠳᠠᠯᠠᠭᠰᠠᠨ ᠪᠠᠶ᠋ᠢᠨ᠎ᠠ᠃
《ᠰᠤᠷᠳᠠᠯ ᠲᠦᠪ ᠪᠤᠯᠪᠠᠰᠤ ᠲᠠᠭᠤᠷᠢᠶᠠᠯ᠂ ᠰᠤᠷᠤᠭᠰᠠᠨ ᠭᠦᠨ ᠪᠤᠯᠪᠠᠰᠤ ᠪᠠᠭᠰᠢ》 ᠭᠡᠳᠡᠭ ᠵᠶ᠋ᠠᠷ ᠪᠠᠭᠰᠢ ᠬᠦᠮᠦᠨ ᠪᠤᠯ ᠰᠤᠷᠤᠭᠴᠢ ᠵᠢᠨ ᠠᠮᠢᠳᠤ ᠬᠡᠪ ᠲᠦᠷᠢᠮ ᠮᠦᠨ᠃ ᠶᠠᠭ ᠠ᠋ᠶ᠋ᠢᠮᠦ᠎ᠠᠴᠠ ᠠᠰᠬᠠᠨ ᠤᠷᠭᠤᠭᠰᠠᠨ ᠮᠤᠳᠤᠨ᠎ᠠᠴᠠ ᠲᠡᠭᠰᠢᠬᠡᠨ ᠰᠡᠭᠦᠳᠡᠷ ᠲᠤᠰᠴᠤ ᠮᠤᠷᠤᠢ ᠤᠷᠭᠤᠭᠰᠠᠨ ᠮᠤᠳᠤᠨ᠎ᠠᠴᠠ ᠬᠠᠵᠠᠭ᠋ᠠᠢ ᠰᠡᠭᠦᠳᠡᠷ ᠲᠤᠰᠳᠠᠭ᠎ᠲᠠᠢ ᠠᠳᠠᠯᠢ᠎ᠪᠠᠷ ᠰᠠᠶ᠋ᠢᠨ ᠪᠠᠭᠰᠢ᠎ᠠᠴᠠ ᠰᠢᠯᠢᠳᠡᠭ ᠱᠠᠪᠢ ᠬᠦᠮᠦᠵᠢᠭᠳᠡᠳᠡᠭ᠃
ᠪᠠᠭ᠎ᠠ ᠰᠤᠷᠭ᠋ᠠᠭᠤᠯᠢ ᠵᠢᠨ ᠲᠠᠪᠤᠳᠤᠭ᠋ᠠᠷ ᠤᠨ᠎ᠤ ᠲᠤᠤᠷᠠᠳᠤ ᠬᠤᠭᠤᠴᠠᠭ᠋ᠠᠨ᠎ᠤ ᠮᠤᠩᠭᠤᠯ ᠬᠡᠯᠡᠨ᠎ᠤ ᠤᠩᠰᠢᠬᠤ ᠪᠢᠴᠢᠭ᠎ᠲᠠᠬᠢ 《ᠬᠠᠶ᠋ᠢᠷ᠎ᠠ ᠵᠢᠨ ᠬᠦᠮᠦᠵᠢᠯ》 ᠭᠡᠬᠦ ᠵᠤᠬᠢᠶᠠᠯ᠎ᠤᠨ ᠭᠤᠤᠯ ᠪᠠᠭ᠋ᠠᠳᠤᠷ ᠪᠠᠷᠠᠩᠳᠢ ᠳ᠋ᠡᠸᠢ ᠬᠤᠶᠠᠷ ᠬᠡᠤᠬᠡᠳ ᠪᠤᠯ ᠰᠤᠯᠠ ᠵᠠᠳᠠᠭ᠋ᠠᠢ᠂ ᠶᠠᠭ᠋ᠠᠬᠢᠬᠤ ᠵᠢᠨ ᠠᠷᠭ᠎ᠠ ᠦᠭᠡᠢ ᠠᠯᠢᠶ᠎ᠠ ᠲᠤᠶ᠋ᠢᠳᠭᠡᠷ ᠬᠡᠤᠬᠡᠳ ᠶᠤᠮ᠃ ᠵᠤᠬᠢᠶᠠᠭᠴᠢ 《ᠪᠢ》 ᠵᠢ ᠨᠢᠭᠡ ᠤᠳᠠᠭ᠎ᠠ ᠲᠤᠭᠤᠢ ᠤᠨᠤᠵᠤ ᠶᠠᠪᠤᠬᠤ᠎ᠳᠤ᠎ᠨᠢ ᠲᠤᠭᠤᠢᠲᠠᠢᠨᠢ ᠬᠠᠮᠳᠤ ᠵᠠᠮ᠎ᠤᠨ ᠭᠤᠤ ᠤᠷᠤᠭᠤ ᠲᠦᠯᠬᠢᠨ ᠤᠨᠠᠭ᠋ᠠᠵᠤ ᠦᠩᠭᠡᠷᠡᠪᠡ᠃ 《ᠪᠢ》 ᠬᠡᠳᠦᠶ᠋ᠢᠪᠡᠷ ᠬᠦᠨᠳᠦ ᠰᠢᠷᠠᠭᠳᠤᠭᠰᠠᠨ ᠴᠦ᠍ ᠡᠵᠢ᠎ᠳᠤ᠎ᠪᠠᠨ ᠬᠡᠯᠡᠬᠦ ᠵᠤᠷᠢᠭ ᠦᠭᠡᠢ᠂ ᠤᠴᠢᠷ᠎ᠨᠢ ᠡᠵᠢ ᠵᠢᠨ ᠬᠢᠨᠢ 《ᠪᠢ》 ᠵᠢ ᠦᠮᠦᠭᠯᠡᠭᠰᠡᠨ ᠰᠢᠭᠦᠮᠵᠢᠯᠡᠯ ᠭᠡᠳᠡᠷᠭᠦ ᠲᠡᠭᠦᠨ᠎ᠳᠤ ᠦᠰᠢᠶ᠎ᠡ ᠠᠪᠬᠤ ᠦᠷ᠎ᠡ ᠳ᠋ᠦᠩ᠎ᠢ ᠠᠪᠴᠢᠷᠠᠵᠤ ᠮᠡᠳᠡᠨ᠎ᠡ᠃ ᠭᠡᠪᠡᠴᠦ 《ᠪᠢ》 ᠵᠢᠨ ᠲᠤᠯᠤᠭ᠋ᠠᠢ ᠲᠡᠭᠡᠷᠡᠬᠢ ᠬᠠᠪᠤᠳᠠᠷ᠎ᠠᠴᠠ ᠡᠵᠢ᠎ᠨᠢ ᠤᠴᠢᠷ ᠤᠬᠠᠭ᠋ᠠᠨ᠎ᠢ᠎ᠨᠢ ᠤᠶ᠋ᠢᠯᠠᠭ᠋ᠠᠭᠰᠠᠨᠤ ᠲᠠᠷᠠᠭ᠎ᠠ ᠲᠡᠷᠡ ᠬᠤᠶᠠᠷ᠎ᠠᠴᠠ ᠬᠡᠷᠡᠭ ᠨᠡᠬᠡᠭᠰᠡᠨ ᠦᠭᠡᠢ ᠬᠠᠷᠢᠨ ᠭᠠᠷᠠᠭ᠎ᠤᠨ ᠴᠢᠯᠦᠭᠡᠨ᠎ᠳᠤ ᠵᠤᠬᠢᠶᠠᠭᠴᠢ᠎ᠲᠠᠢ ᠬᠠᠮᠳᠤ ᠺᠢᠨᠤ᠋ ᠦᠵᠡᠬᠦ᠎ᠪᠠᠷ ᠶᠠᠪᠤᠬᠤ ᠵᠠᠮ ᠵᠠᠭᠤᠷ᠎ᠠ ᠲᠡᠷᠡ ᠠᠬ᠎ᠠ ᠲᠡᠭᠦᠦ ᠬᠤᠶᠠᠭᠤᠯᠠ 《ᠪᠢ》᠎ᠳᠤ ᠪᠤᠷᠤᠭᠤ ᠬᠦᠯᠢᠶᠡᠭᠰᠡᠨ ᠪᠠᠶ᠋ᠢᠨ᠎ᠠ᠃ ᠵᠤᠬᠢᠶᠠᠭᠴᠢ 《ᠪᠢ》 ᠵᠢᠨ ᠡᠵᠢ᠎ᠨᠢ ᠶᠠᠭ ᠮᠠᠨ᠎ᠲᠠᠢ ᠠᠳᠠᠯᠢ ᠠ᠋ᠭᠡᠯ ᠵᠢᠷ᠎ᠤᠨ ᠠᠷᠠᠳ᠎ᠤᠨ ᠪᠠᠭᠰᠢ᠂ ᠲᠡᠷᠡ ᠦᠪᠡᠷ᠎ᠤᠨ ᠪᠤᠳᠠᠳᠤ ᠤᠶ᠋ᠢᠯᠡ ᠠᠵᠢᠯᠯᠠᠭ᠎ᠠ᠎ᠪᠠᠷ ᠵᠶ᠋ᠠᠨ ᠰᠤᠷᠤᠭᠴᠢ᠎ᠳᠤ᠎ᠪᠠᠨ ᠲᠦᠷᠢᠮ ᠪᠤᠯᠤᠭᠰᠠᠨ ᠠᠭᠤᠤ ᠶᠡᠭᠡ ᠬᠠᠶ᠋ᠢᠷ᠎ᠠ ᠵᠢᠨ ᠰᠡᠳᠬᠢᠯ ᠵᠶ᠋ᠠᠷ ᠬᠠᠶ᠋ᠢᠷ᠎ᠠ ᠵᠢᠨ ᠬᠦᠮᠦᠵᠢᠯ᠎ᠢ ᠬᠢᠵᠦ ᠴᠢᠳᠠᠭᠰᠠᠨ᠎ᠠᠴᠠ ᠵᠤᠵᠢᠭ ᠵᠡᠩ᠎ᠲᠠᠢ ᠠᠬ᠎ᠠ ᠲᠡᠭᠦᠦ ᠬᠤᠶᠠᠭᠤᠯᠠ ᠵᠢ ᠵᠢᠷᠦᠮ᠎ᠲᠠᠢ ᠤᠬᠠᠭ᠋ᠠᠨ᠎ᠲᠠᠢ᠂ ᠪᠤᠷᠤᠭᠤ᠎ᠪᠠᠨ ᠮᠡᠳᠡᠷᠡᠳᠡᠭ ᠬᠡᠤᠬᠡᠳ ᠪᠤᠯᠭ᠋ᠠᠭᠰᠠᠨ ᠪᠠᠢ᠍ᠢ᠍ᠨ᠎ᠠ᠃
《ᠬᠡᠤᠬᠡᠳ᠎ᠢ ᠬᠠᠶ᠋ᠢᠷᠠᠯᠠᠵᠤ ᠴᠢᠳᠠᠭᠰᠠᠨ ᠪᠠᠭᠰᠢ ᠰᠠᠶᠢ ᠬᠡᠤᠬᠡᠳ᠎ᠢ ᠬᠦᠮᠦᠵᠢᠭᠦᠯᠵᠦ ᠴᠢᠳᠠᠨ᠎ᠠ》 ᠭᠡᠵᠦ ᠠᠯᠳᠠᠷᠳᠤ ᠵᠤᠬᠢᠶᠠᠯᠴᠢ ᠭᠤᠷᠺᠢ ᠬᠡᠯᠡᠭᠰᠡᠨ᠃ ᠬᠦᠮᠦᠨ᠎ᠢ ᠬᠦᠮᠦᠵᠢᠭᠦᠯᠬᠦ ᠠᠵᠢᠯ᠎ᠨᠢ ᠬᠠᠶ᠋ᠢᠷ᠎ᠠ᠎ᠪᠠᠷ ᠬᠠᠶ᠋ᠢᠷ᠎ᠠ ᠵᠢ ᠲᠠᠷᠢᠵᠦ᠂ ᠬᠠᠷᠢᠭᠤᠴᠠᠯᠭ᠎ᠠ᠎ᠲᠠᠢ ᠬᠦᠮᠦᠨ᠎ᠢ ᠬᠦᠮᠦᠵᠢᠭᠦᠯᠬᠦ ᠠᠷᠢᠭᠤᠨ ᠲᠠᠷᠬᠠᠨ ᠠᠵᠢᠯ ᠮᠦᠨ᠃ ᠬᠦᠮᠦᠨ ᠠᠮᠢ ᠨᠠᠰᠤ ᠵᠢ ᠤᠯᠬᠤ᠎ᠳᠤ ᠬᠦᠴᠢᠷ᠂ ᠲᠡᠭᠡᠪᠡᠯ ᠬᠦᠮᠦᠨ᠎ᠢ ᠬᠦᠮᠦᠵᠢᠭᠦᠯᠬᠦ ᠠᠵᠢᠯ᠎ᠨᠢ ᠨᠢᠭᠡᠨᠳᠡ ᠤᠯᠤᠭᠰᠠᠨ ᠠᠮᠢ ᠨᠠᠰᠤᠨ᠎ᠳᠤ ᠭᠡᠷᠡᠯ ᠬᠢᠯᠪᠠᠭ᠎ᠠ ᠨᠡᠮᠡᠷᠢᠯᠡᠬᠦ ᠤᠴᠢᠷ᠎ᠠᠴᠠ ᠨᠠᠷᠢᠨ ᠪᠤᠳᠤᠯᠢᠶᠠᠨᠳᠠᠢ ᠪᠠᠶ᠋ᠢᠳᠠᠭ᠃ ᠭᠡᠪᠡᠴᠦ ᠪᠢᠳᠡ ᠰᠡᠳᠬᠢᠯ ᠵᠶ᠋ᠠᠷ ᠵᠶ᠋ᠠᠨ ᠤᠴᠢᠵᠤ ᠠᠵᠢᠯ ᠵᠶ᠋ᠠᠨ ᠮᠡᠳᠡᠷᠡᠨ᠂ ᠬᠠᠶ᠋ᠢᠷ᠎ᠠ᠎ᠪᠠᠷ ᠢᠷᠡᠵᠦ ᠰᠤᠷᠤᠭᠴᠢ᠎ᠪᠠᠨ ᠤᠶ᠋ᠢᠯᠠᠭ᠋ᠠᠨ᠂ ᠲᠡᠭᠡᠳᠦ ᠬᠡᠮᠵᠢᠶᠡᠨ᠎ᠤ ᠬᠠᠷᠢᠭᠤᠴᠠᠯᠭ᠎ᠠ᠎ᠪᠠᠷ ᠰᠤᠷᠤᠭᠴᠢ᠎ᠪᠠᠨ ᠬᠦᠮᠦᠵᠢᠭᠦᠯᠳᠡᠭ ᠯᠠ ᠶᠤᠮ ᠪᠤᠯ ᠨᠡᠶ᠋ᠢᠭᠡᠮ᠎ᠳᠤ ᠬᠦᠷᠢᠶᠡᠯᠡᠯ᠎ᠲᠠᠢ᠂ ᠰᠤᠷᠤᠭᠴᠢ᠎ᠳᠤ᠎ᠪᠠᠨ ᠬᠦᠨᠳᠦᠳᠭᠡᠭᠳᠡᠭᠰᠡᠨ ᠪᠠᠭᠰᠢ ᠪᠤᠯᠳᠠᠬ᠃ ᠬᠠᠶ᠋ᠢᠷ᠎ᠠ ᠪᠠ ᠬᠠᠷᠢᠭᠤᠴᠠᠯᠭ᠎ᠠ ᠵᠢᠨ ᠬᠦᠴᠦᠳᠤ ᠠᠮᠵᠢᠯᠳᠠ ᠵᠢᠨ ᠬᠠᠭ᠋ᠠᠯᠭ᠎ᠠ ᠬᠡᠵᠢᠶᠡᠳᠡ ᠨᠡᠭᠡᠭᠡᠯᠳᠡᠳᠡᠢ ᠪᠠᠶ᠋ᠢᠳᠠᠭ᠃
ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠤᠨᠭ᠌ᠨᠢᠭᠤᠳ ᠬᠤᠰᠢᠭᠤᠨ᠎ᠤ ᠪᠤᠷᠤᠬᠤᠳᠠ
ᠮᠤᠨᠭ᠌ᠭᠤᠯ ᠪᠠᠭ᠎ᠠ ᠰᠤᠷᠭ᠋ᠠᠭᠤᠯᠢ
(ᠠᠯᠳᠠᠨᠰᠦᠢ᠍ᠭᠡ ᠨᠠᠢ᠍ᠢ᠍ᠷᠠᠭᠤᠯᠪᠠ)