— 《ᠠ᠋ᠸᠦ᠋ᠺᠯᠢᠳ᠋ᠤᠨ ᠤᠭ ᠪᠢᠴᠢᠭ》᠎ᠢ
ᠰᠤᠳᠤᠯᠵᠤ ᠪᠠᠶ᠋ᠢᠭᠰᠠᠨ ᠰᠣᠷᠪᠣᠯᠵᠢ ᠲᠡᠮᠳᠡᠭᠯᠡᠯ
ᠴᠣᠭᠪᠠᠭ᠋ᠠᠲᠤᠷ
ᠮᠤᠩᠭᠤᠯᠴᠤᠳ ᠠ᠋ᠷᠳᠡᠨ᠎ᠤ ᠨᠡᠭᠦᠳᠡᠯ ᠰᠤᠶᠤᠯ᠎ᠤᠨ ᠠᠮᠢᠳᠤᠷᠠᠯ ᠲᠤᠮᠳᠠ᠎ᠪᠠᠨ ᠥᠪᠡᠷ᠎ᠤᠨ ᠥᠰᠥᠭ ᠪᠢᠴᠢᠭ ᠵᠶ᠋ᠠᠨ ᠵᠣᠬᠢᠶᠠᠨ ᠭᠡᠷᠡᠭᠯᠡᠭᠰᠡᠨ ᠵᠶ᠋ᠠᠷ ᠪᠠᠷᠠᠭ᠍ᠤ ᠥᠭᠡᠢ ᠲᠤᠩ ᠤᠯᠠᠨ ᠭᠠᠶ᠋ᠢᠬᠠᠮᠰᠢᠬ᠎ᠳᠦ ᠵᠤᠬᠢᠶᠠᠯ ᠪᠦᠳᠦᠭᠡᠯ ᠵᠤᠬᠢᠶᠠᠵᠤ ᠤᠯᠠᠮᠵᠢᠯᠠᠭᠰᠠᠨ ᠶᠤᠮ᠃ ᠲᠤᠬᠠᠢ᠍ᠢ᠍ᠯᠠᠪᠠᠯ᠂ 《ᠮᠤᠩᠭᠤᠯ᠎ᠤᠨ ᠨᠢᠭᠤᠴᠠ ᠲᠤᠪᠴᠢᠶᠠᠨ》᠂ 《ᠠᠯᠲᠠᠨ ᠳᠤᠪᠴᠢ》᠂ 《ᠠ᠋ᠷᠳᠡᠨᠢ ᠵᠢᠨ ᠳᠤᠪᠴᠢ》᠂ 《ᠠᠷᠪᠠᠨ ᠪᠤᠶᠠᠨᠳᠦ ᠨᠤᠮ᠎ᠤᠨ ᠴᠠᠭ᠋ᠠᠨ ᠲᠡᠤᠬᠡ》᠂ 《ᠬᠥᠬᠡ ᠰᠤᠳᠤᠷ》 ᠮᠠᠳᠤᠴᠢᠯᠠᠨ ᠠᠯᠳᠠᠷᠳᠦ ᠵᠤᠬᠢᠶᠠᠯ ᠪᠥᠳᠥᠭᠡᠯ ᠤᠯᠠᠨ ᠪᠠᠶ᠋ᠢᠳᠠᠭ᠎ᠠᠴᠠ ᠭᠠᠳᠠᠨ᠎ᠠ ᠲᠤᠭ᠋ᠠᠨ᠎ᠤ ᠤᠬᠠᠭ᠋ᠠᠨ᠂ ᠤᠳᠤᠨ ᠤᠷᠤᠨ᠂ ᠵᠢᠷᠤᠬᠠᠢ ᠵᠢᠨ ᠤᠬᠠᠭ᠋ᠠᠨ ᠵᠡᠷᠭᠡ ᠪᠠᠶ᠋ᠢᠭ᠋ᠠᠯᠢ ᠵᠢᠨ ᠰᠢᠨᠵᠢᠯᠡᠬᠦ ᠤᠬᠠᠭ᠋ᠠᠨ ᠲᠸᠭᠨᠢᠭ ᠮᠡᠷᠭᠡᠵᠢᠯ᠎ᠤᠨ ᠲᠠᠯ᠎ᠠ᠎ᠪᠠᠷ ᠴᠦ᠍ ᠴᠥᠬᠡᠨ ᠪᠤᠰᠦ ᠪᠥᠳᠦᠭᠡᠯ ᠲᠤᠭᠤᠷᠪᠢᠯ ᠭᠠᠷᠭ᠋ᠠᠭᠰᠠᠨ ᠪᠠᠶ᠋ᠢᠨ᠎ᠠ᠃ ᠢᠯᠠᠩᠭᠤᠶ᠎ᠠ ᠮᠤᠩᠭᠤᠯᠴᠤᠳ᠎ᠤᠨ ᠤᠳᠤᠨ ᠤᠷᠤᠨ᠂ ᠵᠢᠷᠤᠬᠠᠢ ᠵᠢᠨ ᠤᠬᠠᠭ᠋ᠠᠨ᠎ᠨᠢ ᠳᠤᠮᠳᠠᠳᠦ ᠵᠠᠭᠤᠨ᠎ᠤ ᠥᠶ᠎ᠡ ᠵᠢᠨ ᠳᠣᠷᠣᠨᠠᠳᠠᠬᠢᠨ᠎ᠤ ᠤᠳᠤᠨ ᠤᠷᠤᠨ᠎ᠤ ᠰᠤᠳᠤᠯᠤᠯ᠎ᠤᠨ ᠬᠠᠮᠤᠭ᠎ᠤᠨ ᠥᠨᠳᠤᠷ ᠲᠦᠪᠰᠢᠨ᠎ᠳᠤ ᠬᠥᠷᠥᠭᠰᠡᠨ ᠮᠥᠷᠳᠡᠭᠡᠨ ᠲᠡᠯᠡᠬᠡᠢ ᠵᠢᠨ ᠤᠳᠤᠨ ᠤᠷᠤᠨ᠎ᠤ ᠰᠤᠳᠤᠯᠤᠯ᠎ᠤᠨ ᠥᠨᠳᠥᠷ ᠳᠥᠪᠰᠢᠨ᠎ᠳᠤ ᠴᠦ᠍ ᠬᠥᠷᠥᠭᠰᠡᠨ ᠪᠠᠶ᠋ᠢᠨ᠎ᠠ᠃ ᠢᠯ ᠬᠠᠭ᠋ᠠᠨ᠎ᠳᠦ ᠤᠯᠤᠰ᠎ᠤᠨ ᠥᠯᠡᠬᠦᠥ ᠬᠠᠭ᠋ᠠᠨ᠎ᠤ ᠥᠶ᠎ᠡ ᠵᠢᠨ 《ᠢᠯ ᠬᠠᠭ᠋ᠠᠨ᠎ᠤ ᠤᠳᠤᠨ ᠤᠷᠤᠨ᠎ᠤ ᠬᠥᠰᠥᠨᠥᠭ᠎ᠳᠦ》᠂ ᠶᠤᠸᠠᠨ ᠤᠯᠤᠰ᠎ᠤᠨ ᠬᠤᠪᠢᠯᠠᠢ ᠬᠠᠭ᠋ᠠᠨ᠎ᠤ ᠥᠶ᠎ᠡ ᠵᠢᠨ 《ᠴᠠᠭ᠎ᠤᠨ ᠮᠡᠳᠡᠭᠡᠨ᠎ᠤ ᠵᠢᠷᠤᠬᠠᠢ》᠂ ᠲᠡᠮᠥᠷ ᠬᠠᠭ᠋ᠠᠨ᠎ᠤ ᠬᠤᠶ᠋ᠢᠴᠢᠰ᠂ ᠤᠳᠤᠨ ᠤᠷᠤᠨ᠎ᠤ ᠤᠬᠠᠭ᠋ᠠᠨᠳᠠᠨ᠂ ᠲᠤᠭ᠋ᠠᠨ᠎ᠤ ᠤᠬᠠᠭ᠋ᠠᠨᠳᠠᠨ ᠥᠯᠥᠭ ᠪᠠᠬᠢ ᠵᠢᠨ ᠵᠤᠬᠢᠶᠠᠭᠰᠠᠨ 《ᠤᠳᠤᠨ ᠤᠷᠤᠨ᠎ᠤ ᠰᠢᠨ᠎ᠡ ᠬᠥᠰᠥᠨᠥᠭ᠎ᠳᠦ》 ᠵᠡᠷᠭᠡ ᠪᠣᠯ ᠲᠤᠬᠠᠢ ᠥᠶ᠎ᠡ ᠵᠢᠨ ᠲᠡᠯᠡᠬᠡᠢ ᠵᠢᠨ ᠤᠳᠤᠨ ᠤᠷᠤᠨ᠎ᠤ ᠰᠤᠳᠤᠯᠤᠯ᠎ᠤᠨ ᠰᠢᠯᠢᠳᠡᠭ ᠪᠥᠳᠥᠭᠡᠯ ᠪᠠᠶ᠋ᠢᠵᠡᠢ᠃ ᠴᠢᠩ ᠤᠯᠤᠰ᠎ᠤᠨ ᠥᠶ᠎ᠡ ᠵᠢᠨ ᠤᠳᠤᠨ ᠤᠷᠤᠨ᠎ᠤ ᠤᠬᠠᠭ᠋ᠠᠨᠳᠠᠨ ᠮᠢᠩᠭ᠋ᠠᠨ᠎ᠳᠦ ᠵᠢᠨ ᠬᠡᠮᠵᠢᠯᠳᠡ᠎ᠨᠢ ᠲᠢᠾᠤ᠋᠂ ᠪᠸᠷᠡᠭᠸ ᠵᠢᠨ ᠳᠤᠳᠠᠭᠳᠠᠯᠢ ᠨᠥᠬᠦᠭᠰᠡᠨ ᠲᠤᠮᠦ ᠠᠮᠵᠢᠯᠳᠠ ᠶᠤᠮ᠃
ᠠ᠋ᠳᠦᠭᠡ᠎ᠠᠴᠠ ᠬᠤᠶᠠᠷ ᠮᠢᠩᠭ᠎ᠠ ᠭᠠᠷᠤᠢ ᠵᠢᠯ᠎ᠤᠨ ᠠ᠋ᠮᠤᠨ᠎ᠡ᠂ ᠭ᠋ᠷᠧᠭ᠎ᠤᠨ ᠲᠤᠭ᠋ᠠᠨ᠎ᠤ ᠤᠬᠠᠭ᠋ᠠᠨᠳᠡᠨ ᠠ᠋ᠸᠦ᠋ᠺᠯᠢᠳ᠋ᠤᠨ ᠪᠢᠴᠢᠭᠰᠡᠨ 《ᠠ᠋ᠸᠦ᠋ᠺᠯᠢᠳ᠋ᠤᠨ ᠤᠭ ᠪᠢᠴᠢᠭ》 ᠪᠣᠯ ᠳᠡᠯᠡᠬᠡᠢ ᠵᠢᠨ ᠲᠤᠭ᠋ᠠᠨ᠎ᠤ ᠤᠬᠠᠭ᠋ᠠᠨ᠎ᠤ ᠰᠤᠩᠭᠤᠳᠠᠭ ᠵᠤᠬᠢᠶᠠᠯᠤᠳᠤᠨ ᠳᠤᠲᠤᠷ᠎ᠠ ᠤᠬᠢ ᠰᠢᠯᠢᠳᠡᠭ᠎ᠨᠢ ᠶᠤᠮ᠃ ᠲᠤᠰ ᠥᠭᠦᠯᠡᠯ᠎ᠳᠤ 《ᠠ᠋ᠸᠦ᠋ᠺᠯᠢᠳ᠋ᠤᠨ ᠤᠭ ᠪᠢᠴᠢᠭ》᠎ᠢ ᠲᠣᠪᠴᠢᠯᠠᠨ ᠲᠠᠨᠢᠯᠴᠠᠭᠤᠯᠬᠤ ᠵᠢᠨ ᠬᠠᠮᠳᠦ ᠶᠡᠭᠡ ᠮᠣᠩᠭᠤᠯ ᠤᠯᠤᠰ᠎ᠤᠨ ᠳᠥᠷᠪᠡᠳᠡᠬᠢ ᠶᠡᠭᠡ ᠬᠠᠭ᠋ᠠᠨ ᠮᠥᠩᠬᠡ ᠤᠭ ᠵᠤᠬᠢᠶᠠᠯ᠎ᠢ ᠰᠤᠳᠤᠯᠵᠦ ᠪᠠᠶ᠋ᠢᠭᠰᠠᠨ ᠰᠣᠷᠪᠣᠯᠵᠢ ᠲᠡᠮᠳᠡᠭᠯᠡᠯᠤᠳᠤᠨ ᠲᠤᠬᠠᠢ ᠲᠣᠪᠴᠢᠯᠠᠨ ᠥᠭᠦᠯᠡᠬᠦ ᠪᠤᠯᠤᠨ᠎ᠠ᠃
ᠨᠢᠭᠡ᠂ 《ᠠ᠋ᠸᠦ᠋ᠺᠯᠢᠳ᠋ᠤᠨ ᠤᠭ ᠪᠢᠴᠢᠭ》᠎ᠤᠨ ᠳᠤᠬᠠᠢ
《ᠠ᠋ᠸᠦ᠋ᠺᠯᠢᠳ᠋ᠤᠨ ᠤᠭ ᠪᠢᠴᠢᠭ》 ᠪᠣᠯ ᠴᠠᠭ ᠥᠶ᠎ᠡ ᠵᠢ ᠵᠠᠭ᠋ᠠᠬᠯᠠᠭᠰᠠᠨ ᠠᠯᠳᠠᠷᠳᠦ ᠪᠥᠳᠥᠭᠡᠯ ᠪᠤᠯᠤᠨ᠎ᠠ᠂ ᠲᠡᠭᠦᠨ᠎ᠤ ᠠᠭᠤᠥ ᠶᠡᠭᠡ ᠲᠡᠤᠬᠡᠳᠦ ᠠᠴᠢ ᠬᠤᠯᠪᠤᠭᠳᠠᠯ᠎ᠨᠢ ᠬᠥᠮᠥᠨ ᠳᠥᠷᠥᠯᠬᠢᠳᠡᠨᠤ ᠲᠡᠤᠬᠡᠨ᠎ᠳᠤ ᠠᠩᠬ᠎ᠠ ᠤᠳᠠᠭ᠎ᠠ ᠲᠤᠭ᠋ᠠᠨ᠎ᠤ ᠤᠬᠠᠭ᠋ᠠᠨ᠎ᠤ ᠰᠢᠰᠲᠸᠮ᠎ᠢ ᠪᠤᠢ ᠪᠤᠯᠭ᠋ᠠᠭᠰᠠᠨ᠎ᠳᠤ ᠪᠤᠢ᠃ 《ᠠ᠋ᠸᠦ᠋ᠺᠯᠢᠳ᠋ᠤᠨ ᠤᠭ ᠪᠢᠴᠢᠭ》 ᠪᠣᠯ ᠠ᠋ᠷᠲᠡᠨ᠎ᠤ ᠭ᠋ᠷᠧᠭ᠎ᠤᠨ ᠲᠤᠭ᠋ᠠᠨ᠎ᠤ ᠤᠬᠠᠭ᠋ᠠᠨᠳᠠᠨ ᠠ᠋ᠸᠦ᠋ᠺᠯᠢᠳ᠋ (Euclid (ᠪᠠᠭ᠎ᠠ ᠵᠠᠢ ᠦᠭᠭᠦ) ᠨᠡᠶ᠋ᠢᠳᠡ ᠵᠢᠨ ᠤᠨ ᠲᠤᠭ᠋ᠠᠯᠠᠯᠠᠴᠠ ᠠ᠋ᠮᠤᠨ᠎ᠠ 330 — 275)᠎ᠠᠴᠠ ᠠ᠋ᠷᠲᠡᠨ᠎ᠤ ᠭ᠋ᠷᠧᠭ᠎ᠤᠨ ᠲᠤᠭ᠋ᠠᠨ᠎ᠤ ᠤᠬᠠᠭ᠋ᠠᠨᠳᠠᠳ᠎ᠤᠨ ᠪᠥᠳᠥᠭᠡᠯᠢ ᠠ᠋ᠮᠬᠢᠯᠡᠨ ᠴᠤᠭᠯᠠᠭᠤᠯᠵᠦ᠂ ᠰᠢᠰᠲᠸᠮᠴᠢᠯᠡᠨ᠂ ᠴᠥᠬᠡᠨ ᠲᠤᠭ᠋ᠠᠨ᠎ᠤ ᠢᠯᠡᠶᠤᠰᠦ᠎ᠠᠴᠠ ᠠ᠋ᠬᠢᠯᠡᠵᠦ᠂ ᠯᠤᠬᠢᠬ᠍ᠴᠢᠯᠠᠨ ᠮᠥᠷᠳᠡᠬᠦ ᠪᠠ ᠲᠤᠭ᠋ᠠᠨ᠎ᠤ ᠤᠬᠠᠭ᠋ᠠᠨ᠎ᠤ ᠪᠠᠲᠤᠯᠠᠭ᠍ᠤ ᠠᠷᠭ᠎ᠠ (ᠠᠨᠠᠯᠢᠰ ᠪᠠᠲᠤᠯᠠᠭ᠍ᠤ ᠠᠷᠭ᠎ᠠ᠂ ᠶᠡᠷᠤᠩᠬᠡᠶ᠋ᠢᠯᠡᠭᠰᠡᠨ ᠪᠠᠲᠤᠯᠠᠭ᠍ᠤ ᠠᠷᠭ᠎ᠠ᠂ ᠠ᠋ᠰᠡᠷᠭᠦᠠᠴᠠ ᠪᠠᠲᠤᠯᠠᠭ᠍ᠤ ᠠᠷᠭ᠎ᠠ) ᠵᠢ ᠬᠡᠷᠡᠭᠯᠡᠨ ᠠ᠋ᠨᠡ ᠬᠦ᠌ ᠠᠪᠤᠷᠭᠤ ᠵᠤᠬᠢᠶᠠᠯ ᠵᠶ᠋ᠠᠨ ᠪᠥᠳᠦᠭᠡᠵᠡᠢ᠃
ᠭᠧᠦᠮᠸᠲᠸᠷᠢ ᠵᠢᠨ ᠤᠬᠠᠭ᠋ᠠᠨ᠎ᠤ ᠬᠥᠭᠵᠢᠯᠳᠡ᠎ᠳᠤ᠂ 《ᠠ᠋ᠸᠦ᠋ᠺᠯᠢᠳ᠋ᠤᠨ ᠤᠭ ᠪᠢᠴᠢᠭ》᠎ᠨᠢ ᠠᠤᠭ᠎ᠠ ᠶᠡᠭᠡ ᠳᠥᠯᠬᠢᠴᠡ ᠬᠥᠴᠥᠨ ᠪᠤᠯᠤᠭᠰᠠᠨ ᠶᠤᠮ᠃ ᠲᠡᠷᠡ᠎ᠪᠠᠷ ᠭᠧᠥᠮᠸᠲᠷᠢ ᠵᠢᠨ ᠤᠬᠠᠭ᠋ᠠᠨ᠎ᠤ 《ᠥᠨᠳᠥᠰᠥᠯᠡᠯ》 ᠪᠤᠯᠤᠨ ᠯᠤᠬᠢᠭ᠎ᠤᠨ 《ᠬᠡᠯᠬᠢᠶᠡᠰᠦ》᠎ᠪᠠᠷ ᠪᠥᠬᠦᠶ ᠯᠡ 《ᠠ᠋ᠸᠦ᠋ᠺᠯᠢᠳ᠋ᠤᠨ ᠤᠭ ᠪᠢᠴᠢᠭ》᠎ᠢ ᠪᠣᠰᠬᠠᠵᠤ ᠭᠠᠷᠭ᠋ᠠᠵᠠᠢ᠃ ᠢᠩᠭᠢᠭᠡᠳ ᠠ᠋ᠮᠥᠨ᠎ᠡ᠎ᠬᠢ ᠬᠥᠮᠤᠨ ᠶᠡᠷᠥ ᠬᠢᠵᠦ ᠥᠩᠭᠡᠷᠡᠭᠰᠡᠨ ᠥᠭᠡᠢ 《ᠠ᠋ᠸᠦ᠋ᠺᠯᠢᠳ᠋ᠤᠨ ᠤᠭ ᠪᠢᠴᠢᠭ》 ᠮᠡᠨᠳᠥᠯᠡᠵᠤ᠂ ᠭᠧᠥᠮᠸᠲᠷᠢ ᠵᠢᠨ ᠤᠬᠠᠭ᠋ᠠᠨ᠎ᠨᠢ ᠨᠢᠭᠡᠨ ᠭᠥᠨ ᠭᠥᠨᠵᠡᠭᠡᠢ ᠤᠨᠤᠯ᠎ᠤᠨ ᠰᠢᠰᠲᠸᠮ ᠪᠠ ᠰᠢᠨᠵᠢᠯᠡᠬᠦ ᠤᠬᠠᠭ᠋ᠠᠨ᠎ᠤ ᠠᠷᠭ᠎ᠠ ᠪᠥᠬᠦᠢ ᠰᠤᠳᠤᠯᠭ᠋ᠠᠨ ᠪᠤᠢ ᠪᠤᠯᠤᠭᠰᠠᠨ ᠪᠠᠶ᠋ᠢᠨ᠎ᠠ᠃
ᠠ᠋ᠷᠳᠡᠨᠠᠴᠠ ᠠᠪᠤᠭ᠋ᠠᠳ 《ᠠ᠋ᠸᠦ᠋ᠺᠯᠢᠳ᠋ᠤᠨ ᠤᠭ ᠪᠢᠴᠢᠭ》᠎ᠨᠢ ᠵᠠᠯᠠᠭᠤ ᠪᠠᠭ᠋ᠠᠴᠤᠳ᠎ᠤᠨ ᠯᠤᠬᠢᠭ ᠰᠡᠳᠬᠢᠭᠦᠢ᠎ᠤᠨ ᠴᠢᠳᠠᠪᠤᠷᠢ ᠵᠢ ᠬᠥᠮᠥᠵᠢᠭᠦᠯᠬᠦ ᠪᠠ ᠳᠡᠭᠡᠭᠰᠢᠯᠡᠭᠦᠯᠬᠦ ᠰᠠᠶ᠋ᠢᠨ ᠮᠠᠲᠸᠷᠢᠶᠠᠯ ᠪᠤᠯᠤᠭᠰᠠᠭ᠋ᠠᠷ ᠢᠷᠡᠵᠡᠢ᠃ 《ᠵᠠᠯᠠᠭᠤ ᠥᠶ᠎ᠡ ᠵᠢᠨ ᠨᠢᠶᠦ᠋ᠲ᠋ᠤᠨ (Newton 1643-1727᠂ ᠠᠩᠭ᠍ᠯᠢ ᠵᠢᠨ ᠠᠯᠳᠠᠷᠳᠦ ᠹᠢᠽᠢᠺ᠎ᠤᠨ ᠤᠬᠠᠭ᠋ᠠᠨᠳᠡᠨ᠂ ᠲᠤᠭ᠋ᠠᠨ᠎ᠤ ᠤᠬᠠᠭ᠋ᠠᠨᠳᠡᠨ)᠂ ᠺᠠᠮᠪᠷᠢᠵ ᠶᠡᠭᠡ ᠰᠤᠷᠭ᠋ᠠᠭᠤᠯᠢ᠎ᠳᠤ ᠰᠤᠷᠤᠯᠴᠠᠵᠦ ᠪᠠᠶ᠋ᠢᠬᠤ᠎ᠳᠤ᠎ᠪᠠᠨ 〈ᠠ᠋ᠸᠦ᠋ᠺᠯᠢᠳ᠋ᠤᠨ ᠤᠭ ᠪᠢᠴᠢᠭ〉᠎ᠢ ᠰᠤᠨᠢᠷᠬᠠᠨ ᠰᠤᠳᠤᠯᠤᠭᠰᠠᠨ ᠪᠠᠶ᠋ᠢᠨ᠎ᠠ᠃ ᠠ᠋ᠨᠡ᠎ᠨᠢ ᠲᠡᠭᠦᠨ᠎ᠤ ᠬᠤᠵᠢᠮ᠎ᠤᠨ ᠰᠢᠨᠵᠢᠯᠡᠬᠦ ᠤᠬᠠᠭ᠋ᠠᠨ᠎ᠤ ᠠᠪᠤᠷᠭᠤ ᠳᠤᠮᠥ ᠪᠥᠳᠥᠭᠡᠯ ᠭᠠᠷᠭ᠋ᠠᠬᠤ᠎ᠳᠤ ᠪᠠᠳᠦ ᠪᠠᠬᠢ ᠲᠤᠭ᠋ᠠᠨ᠎ᠤ ᠤᠬᠠᠭ᠋ᠠᠨ᠎ᠤ ᠰᠠᠭᠤᠷᠢ ᠵᠢ ᠲᠠᠯᠪᠢᠵᠦ ᠥᠭᠴᠡᠢ》[1]᠃
《ᠠ᠋ᠸᠦ᠋ᠺᠯᠢᠳ᠋ᠤᠨ ᠤᠭ ᠪᠢᠴᠢᠭ》᠎ᠤᠨ ᠰᠢᠨᠵᠢᠯᠡᠬᠦ ᠤᠬᠠᠭ᠋ᠠᠨ᠎ᠤ ᠬᠥᠭᠵᠢᠯᠳᠡ ᠵᠢᠨ ᠳᠤᠮᠳᠠᠬᠢ ᠥᠢ᠍ᠯᠡᠳᠤᠯᠤᠨ ᠳᠤᠬᠠᠢ᠂ ᠠᠶ᠋ᠢᠨᠰᠲ᠋ᠧᠨ᠄ 《ᠥᠷᠥᠨᠡᠳᠠᠬᠢᠨ᠎ᠤ ᠰᠢᠨᠵᠢᠯᠡᠬᠦ ᠤᠬᠠᠭ᠋ᠠᠨ᠎ᠤ ᠬᠥᠭᠵᠢᠯᠳᠡ ᠪᠣᠯ ᠬᠤᠶᠠᠷ ᠠᠭᠤᠤ ᠶᠡᠭᠡ ᠪᠥᠳᠤᠭᠡᠯ ᠵᠶ᠋ᠠᠷ ᠰᠠᠭᠤᠷᠢ ᠪᠤᠯᠭ᠋ᠠᠭᠰᠠᠨ ᠶᠤᠮ᠃ ᠲᠡᠷᠡ᠎ᠨᠢ ᠳᠠᠷᠥᠢ ᠭ᠋ᠷᠧᠭ᠎ᠤᠨ ᠭᠥᠨ ᠤᠬᠠᠭ᠋ᠠᠨᠳᠠᠨᠤ ᠠ᠋ᠭᠦᠳᠥᠭᠰᠡᠨ ᠬᠡᠯᠪᠡᠷᠢ ᠵᠢᠨ ᠯᠤᠬᠢᠬ᠍ᠴᠢᠯᠠᠭᠰᠠᠨ ᠰᠢᠰᠲᠸᠮ-〈ᠠ᠋ᠸᠦ᠋ᠺᠯᠢᠳ᠋ᠤᠨ ᠤᠭ ᠪᠢᠴᠢᠭ〉 ᠪᠤᠯᠤᠨ ᠰᠢᠰᠲᠸᠮ᠎ᠲᠠᠢ ᠳᠤᠷᠰᠢᠯᠳᠠ᠎ᠪᠠᠷ ᠳᠠᠮᠵᠢᠨ ᠥᠷ᠎ᠡ ᠳ᠋ᠦᠩ᠎ᠢ ᠤᠯᠵᠦ ᠮᠡᠳᠡᠬᠦ-〈ᠤᠳᠬ᠎ᠠ ᠤᠷᠠᠯᠢᠭ᠎ᠤᠨ ᠰᠢᠨᠡᠴᠢᠯᠡᠯᠳᠡ〉 ᠪᠤᠯᠤᠨ᠎ᠠ》 [2] ᠭᠡᠵᠡᠢ᠃
ᠢᠯᠠᠶᠤᠰᠤᠴᠢᠯᠠᠭᠰᠠᠨ ᠪᠦᠲᠦᠴᠡ ᠪᠣᠯ ᠣᠷᠴᠢᠨ ᠦᠶ᠎ᠡ ᠵᠢᠨ ᠲᠣᠭ᠋ᠠᠨ᠎ᠤ ᠤᠬᠠᠭ᠋ᠠᠨ᠎ᠤ ᠭᠤᠤᠯ ᠣᠨᠴᠠᠯᠢᠭ ᠮᠥᠨ᠃ ᠬᠠᠷᠢᠨ 《ᠠ᠋ᠸᠦ᠋ᠺᠯᠢᠳ᠋ᠤᠨ ᠤᠭ ᠪᠢᠴᠢᠭ》 ᠪᠣᠯ ᠢᠯᠡᠶᠣᠰᠣᠴᠢᠯᠠᠭᠰᠠᠨ ᠪᠦᠲᠦᠴᠡ ᠵᠢ ᠪᠡᠶᠡᠯᠡᠭᠦᠯᠦᠭᠰᠡᠨ ᠬᠠᠮᠤᠭ᠎ᠤᠨ ᠠ᠋ᠷᠲᠡᠨ᠎ᠤ ᠦᠯᠢᠭᠡᠷ ᠵᠢᠱ᠌ᠢᠶ᠎ᠡ ᠮᠥᠨ᠃ 《ᠠ᠋ᠸᠦ᠋ᠺᠯᠢᠳ᠋ᠤᠨ ᠤᠭ ᠪᠢᠴᠢᠭ》᠎ᠨᠢ ᠲᠣᠭ᠋ᠠᠨ᠎ᠤ ᠤᠬᠠᠭ᠋ᠠᠨ᠎ᠤ ᠢᠯᠡᠶᠣᠰᠣᠴᠢᠯᠠᠭ᠍ᠤ ᠵᠥᠪ ᠵᠠᠮ᠎ᠢ ᠨᠡᠭᠡᠭᠡᠵᠦ᠂ ᠪᠦᠬᠦᠢ ᠯᠡ ᠲᠣᠭ᠋ᠠᠨ᠎ᠤ ᠤᠬᠠᠭ᠋ᠠᠨ᠎ᠤ ᠬᠥᠭᠵᠢᠯᠲᠡ᠎ᠳᠤ ᠦᠵᠡᠭᠦᠯᠦᠭᠰᠡᠨ ᠨᠥᠯᠥᠭᠡ᠎ᠨᠢ ᠲᠡᠤᠬᠡᠨ ᠲᠡᠭᠡᠷᠡᠬᠢ ᠠᠯᠢᠪᠠ ᠲᠤᠭ᠋ᠠᠨ᠎ᠤ ᠤᠬᠠᠭ᠋ᠠᠨ᠎ᠤ ᠵᠣᠬᠢᠶᠠᠯ᠎ᠠᠴᠠ ᠳᠠᠪᠠᠭᠰᠠᠨ ᠪᠠᠶ᠋ᠢᠨ᠎ᠠ᠃ ᠠ᠋ᠶ᠋ᠢᠮᠦ᠎ᠠᠴᠠ 《ᠠ᠋ᠸᠦ᠋ᠺᠯᠢᠳ᠋ᠤᠨ ᠤᠭ ᠪᠢᠴᠢᠭ》᠎ᠨᠢ ᠭ᠋ᠷᠧᠭ᠂ ᠠᠩᠭ᠍ᠯᠢ᠂ ᠤᠷᠤᠰ᠂ ᠹᠷᠠᠨᠼᠢ᠂ ᠭ᠋ᠸᠷᠮᠠᠨ᠂ ᠶᠠᠫᠤᠨ ᠵᠡᠷᠭᠡ ᠳᠡᠯᠡᠬᠡᠢ ᠵᠢᠨ ᠮᠠᠰᠢ ᠤᠯᠠᠨ ᠬᠡᠯᠡᠨ᠎ᠳᠤ ᠤᠷᠴᠢᠭᠤᠯᠤᠭᠳᠠᠨ ᠬᠡᠪᠯᠡᠭᠳᠡᠭᠰᠡᠨ ᠪᠠᠶ᠋ᠢᠨ᠎ᠠ᠃
1986 ᠤᠨ᠎ᠳᠤ ᠥᠪᠥᠷ ᠮᠣᠩᠭᠤᠯ᠎ᠤᠨ ᠪᠠᠭᠰᠢ ᠵᠢᠨ ᠶᠡᠭᠡ ᠰᠤᠷᠭ᠋ᠠᠭᠤᠯᠢ ᠵᠢᠨ ᠮᠡᠳᠡᠯᠳᠥ ᠫᠷᠤᠹᠸᠰᠰᠤᠷ ᠠᠩᠭ᠍ᠯᠢ᠂ ᠬᠢᠳᠠᠳ᠂ ᠶᠠᠫᠤᠨ᠂ ᠤᠷᠤᠰ ᠵᠡᠷᠭᠡ ᠠᠳᠠᠯᠢ ᠪᠤᠰᠦ ᠬᠡᠯᠡᠨ᠎ᠳᠤ ᠤᠷᠴᠢᠭᠤᠯᠤᠭᠳᠠᠭᠰᠠᠨ 《ᠠ᠋ᠸᠦ᠋ᠺᠯᠢᠳ᠋ᠤᠨ ᠤᠭ ᠪᠢᠴᠢᠭ》᠎ᠢ ᠬᠠᠷᠢᠴᠠᠭᠤᠯᠤᠨ ᠰᠤᠳᠤᠯᠵᠦ᠂ ᠠ᠋ᠮᠥᠨ᠎ᠡ᠎ᠬᠢ ᠲᠠᠪᠤᠨ ᠪᠥᠯᠥᠭ᠎ᠢ᠎ᠨᠢ ᠮᠣᠩᠭᠤᠯᠴᠢᠯᠡᠨ ᠬᠡᠪᠯᠡᠭᠦᠯᠵᠡᠢ᠃ ᠤᠭ ᠨᠣᠮ᠎ᠤᠨ ᠣᠷᠣᠰᠢᠯ᠎ᠳᠤ ᠯᠢ ᠳ᠋ᠢ ᠫᠷᠦᠹᠸᠰᠰᠣᠷ 《ᠠ᠋ᠶ᠋ᠢᠨᠬᠦ 〈ᠠ᠋ᠸᠦ᠋ᠺᠯᠢᠳ᠋ᠤᠨ ᠤᠭ ᠪᠢᠴᠢᠭ〉᠎ᠤᠨ ᠳᠡᠯᠡᠬᠡᠢ ᠳᠡᠬᠡᠷᠡᠬᠢ ᠠᠩᠬᠠᠳᠠᠭᠴᠢ ᠮᠣᠩᠭᠤᠯ ᠬᠡᠯᠡᠨ᠎ᠤ ᠤᠷᠴᠢᠭᠤᠯᠭ᠎ᠠ ᠵᠢᠨ ᠳᠡᠪᠳᠡᠷ ᠪᠣᠢ ᠪᠤᠯᠪᠠ᠃ ᠠ᠋ᠨᠡ ᠪᠣᠯ ᠮᠠᠨ᠎ᠤ ᠤᠯᠤᠰ᠎ᠤᠨ ᠴᠥᠬᠡᠨ ᠲᠤᠭ᠋ᠠᠳᠦ ᠥᠨᠳᠦᠰᠦᠳᠡᠨᠤ ᠰᠢᠨᠵᠢᠯᠡᠬᠦ ᠤᠬᠠᠭ᠋ᠠᠨ᠎ᠤ ᠲᠡᠤᠬᠡᠨ᠎ᠠᠴᠠ ᠦᠵᠡᠬᠦ᠎ᠳᠤ ᠠ᠋ᠭᠦᠳᠦᠯᠲᠡ ᠵᠢᠨ ᠴᠢᠨᠠᠷᠲᠠᠢ ᠠᠵᠢᠯ ᠮᠥᠨ᠂ ᠲᠡᠷᠡ᠎ᠨᠢ ᠳᠡᠯᠡᠬᠡᠢ ᠵᠢᠨ ᠬᠡᠪᠴᠢᠶᠠᠨ᠎ᠤ ᠠᠴᠢ ᠬᠤᠯᠪᠤᠭᠳᠠᠯ᠎ᠲᠠᠢ ᠶᠤᠮ》 ᠭᠡᠵᠡᠢ᠃
《ᠠ᠋ᠸᠦ᠋ᠺᠯᠢᠳ᠋ᠤᠨ ᠤᠭ ᠪᠢᠴᠢᠭ》᠎ᠤᠨ 13 ᠪᠥᠯᠥᠭ᠎ᠤᠨ ᠠᠭᠤᠯᠭ᠎ᠠ ᠵᠢ ᠲᠣᠪᠴᠢᠯᠠᠪᠠᠯ᠄
ᠨᠢᠭᠡᠳᠦᠭᠡᠷ ᠪᠦᠯᠦᠭ᠎ᠨᠢ 《ᠭᠧᠥᠮᠸᠲᠷᠢ ᠵᠢᠨ ᠰᠠᠭᠤᠷᠢ ᠮᠡᠳᠡᠯᠭᠡ》᠂ ᠠ᠋ᠩ ᠲᠡᠷᠢᠭᠦᠨ᠎ᠳᠤ 23 ᠲᠤᠳᠤᠷᠬᠠᠶ᠋ᠢᠯᠠᠯᠳᠠ ᠥᠭᠴᠡᠢ᠃ ᠵᠢᠱ᠌ᠢᠶᠡᠯᠡᠪᠡᠯ᠂ 《ᠴᠡᠭ᠎ᠲᠤ ᠬᠡᠰᠡᠭ ᠪᠠᠶ᠋ᠢᠬᠤ ᠦᠭᠡᠢ》᠂ 《ᠱᠤᠭᠤᠮ ᠭᠡᠳᠡᠭ᠎ᠲᠤ ᠤᠷᠲᠤ ᠵᠢᠨ ᠬᠡᠮᠵᠢᠶ᠎ᠡ ᠪᠠᠶ᠋ᠢᠬᠤ᠎ᠠᠴᠠ ᠪᠢᠰᠢ ᠥᠷᠭᠡᠨ ᠭᠡᠵᠦ ᠪᠠᠶ᠋ᠢᠬᠤ ᠦᠭᠡᠢ》 ᠭᠡᠬᠦ ᠮᠡᠲᠦ᠃ ᠪᠠᠰᠠ ᠬᠠᠪᠲᠠᠭ᠋ᠠᠶ᠂ ᠲᠡᠭᠰᠢ ᠥᠨᠴᠥᠭ᠂ ᠠ᠋ᠭ᠌ᠴᠡ᠂ ᠬᠤᠷᠴᠠ ᠥᠨᠴᠥᠭ᠂ ᠮᠣᠬᠤᠭᠤ ᠥᠨᠴᠥᠭ᠂ ᠵᠡᠷᠭᠡᠴᠡᠭᠡ ᠱᠤᠭᠤᠮ[4] ᠵᠡᠷᠭᠡ ᠲᠤᠳᠤᠷᠬᠠᠶ᠋ᠢᠯᠠᠯᠳᠠ ᠪᠠᠶ᠋ᠢᠳᠠᠭ᠃ ᠵᠠᠯᠭ᠋ᠠᠭ᠋ᠠᠳ 5 ᠵᠥᠢ᠍ᠯ᠎ᠤᠨ ᠢᠯᠡ ᠵᠢᠱ᠌ᠢᠯᠳᠡ ᠪᠠᠶ᠋ᠢᠳᠠᠭ᠃ ᠢᠯᠡ ᠵᠢᠱ᠌ᠢᠯᠳᠡ ᠵᠢᠨ ᠳᠠᠷᠠᠭ᠎ᠠ 5 ᠨᠡᠶ᠋ᠢᠳᠡᠮ᠎ᠤᠨ ᠥᠵᠡᠯᠳᠡ ᠪᠠᠶ᠋ᠢᠵᠤ᠂ ᠣᠷᠴᠢᠨ ᠦᠶ᠎ᠡ ᠵᠢᠨ ᠲᠣᠭ᠋ᠠᠨ᠎ᠤ ᠤᠬᠠᠭ᠋ᠠᠨ᠎ᠳᠤ ᠢᠯᠡ ᠵᠢᠱ᠌ᠢᠯᠳᠡ ᠪᠠ ᠨᠡᠶ᠋ᠢᠳᠡᠮ᠎ᠤᠨ ᠥᠵᠡᠯᠳᠡ ᠭᠡᠵᠦ ᠢᠯᠭ᠋ᠠᠯ ᠦᠭᠡᠢ ᠪᠦᠷ ᠢᠯᠡᠶᠤᠰᠦ ᠭᠡᠳᠡᠭ᠃ 《ᠠ᠋ᠸᠦ᠋ᠺᠯᠢᠳ᠋ᠤᠨ ᠤᠭ ᠪᠢᠴᠢᠭ》᠎ᠤᠨ ᠬᠤᠶ᠋ᠢᠨᠠᠬᠢ ᠡᠯ᠎ᠡ ᠪᠦᠯᠦᠭ᠎ᠲᠤ ᠢᠯᠡᠶᠤᠰᠦ ᠵᠢ ᠵᠢᠭᠰᠠᠭ᠋ᠠᠭᠰᠠᠨ ᠦᠭᠡᠢ᠃ ᠨᠢᠭᠡᠳᠦᠭᠡᠷ ᠪᠦᠯᠦᠭ᠎ᠨᠢ ᠢᠯᠡᠶᠤᠰᠦ ᠵᠢᠨ ᠠᠷᠤ᠎ᠳᠤ 48 ᠥᠭᠦᠯᠡᠯ ᠪᠠᠶ᠋ᠢᠳᠠᠬ᠃ ᠥᠭᠦᠯᠡᠯ 1.4᠎ᠪᠠᠷ ᠵᠢᠱ᠌ᠢᠶᠡᠯᠡᠪᠡᠯ᠂ 《ᠬᠤᠶᠠᠷ ᠭᠤᠷᠪᠠᠯᠵᠢᠨᠤ ᠬᠤᠶᠠᠷ ᠲᠠᠯ᠎ᠠ ᠪᠤᠯᠤᠨ ᠬᠠᠪᠴᠢᠭᠳᠠᠭᠰᠠᠨ ᠥᠨᠴᠥᠭ᠎ᠨᠢ ᠬᠠᠷᠠᠭ᠋ᠠᠯᠵᠠᠨ ᠲᠡᠩᠴᠡᠭᠦᠤ ᠪᠣᠯ᠂ ᠠ᠋ᠨᠡ ᠬᠤᠶᠠᠷ ᠭᠤᠷᠪᠠᠯᠵᠢᠨ ᠲᠡᠩᠴᠡᠭᠦᠤ ᠪᠣᠯᠤᠨ᠎ᠠ》 ᠭᠡᠰᠡᠨ ᠥᠭᠦᠯᠡᠯ ᠪᠣᠯᠤᠨ᠎ᠠ᠃ ᠡ᠊ᠨᠳᠡ ᠲᠡᠩᠴᠡᠭᠦᠤ ᠭᠡᠳᠡᠭ᠎ᠨᠢ ᠪᠦᠷᠢᠨ ᠲᠡᠩᠴᠡᠭᠦᠤ ᠪᠠᠶ᠋ᠢᠬᠤ ᠵᠢ ᠵᠢᠭ᠋ᠠᠵᠤ ᠪᠠᠶ᠋ᠢᠨ᠎ᠠ᠂ ᠲᠤᠬᠠᠶ᠋ᠢᠯᠠᠪᠠᠯ᠂ ᠬᠤᠶᠠᠷ ᠵᠢᠷᠤᠭ ᠳᠦᠷᠰᠦ᠎ᠨᠢ ᠳᠠᠪᠬᠤᠴᠠᠵᠦ ᠪᠣᠯᠤᠨ᠎ᠠ᠂ ᠭᠡᠪᠡᠴᠦ ᠥᠭᠦᠯᠡᠯ 1.35 ᠵᠢᠨ ᠲᠠᠷᠠᠭ᠎ᠠ᠂ ᠲᠡᠩᠴᠡᠭᠦᠤ ᠭᠡᠳᠡᠭ᠎ᠨᠢ ᠪᠠᠰᠠ ᠥᠭᠡᠷ᠎ᠡ ᠤᠳᠬ᠎ᠠ᠎ᠲᠠᠢ᠂ ᠲᠡᠷᠡ᠎ᠨᠢ ᠲᠠᠯᠠᠪᠠᠢ᠎ᠨᠢ ᠲᠡᠩᠴᠡᠭᠦᠤ ᠪᠠᠶ᠋ᠢᠬᠤ ᠵᠢ ᠵᠢᠭ᠋ᠠᠵᠤ ᠪᠣᠯᠤᠨ᠎ᠠ᠃ ᠥᠭᠦᠯᠡᠯ 1.47 ᠪᠣᠯ ᠳᠠᠷᠤᠶ ᠠᠯᠳᠠᠷᠳᠦ 《ᠬᠤᠶᠠᠷ ᠠ᠋ᠭ᠌ᠴᠡ ᠲᠠᠯ᠎ᠠ ᠵᠢᠨ ᠪᠠᠳᠤᠶᠤᠰᠦ》 ᠪᠣᠯᠤᠨ᠎ᠠ᠂ ᠲᠤᠬᠠᠢ᠍ᠢ᠍ᠯᠠᠪᠠᠯ᠂ 《ᠲᠡᠭᠰᠢ ᠥᠨᠴᠥᠭᠲᠦ ᠭᠤᠷᠪᠠᠯᠵᠢᠨᠤ ᠳᠡᠭᠰᠢ ᠥᠨᠴᠥᠭ᠎ᠤᠨ ᠠ᠋ᠰᠡᠷᠭᠦ ᠲᠠᠯ᠎ᠠ ᠳᠡᠭᠡᠷᠡᠬᠢ ᠲᠡᠭᠰᠢ ᠳᠥᠷᠪᠡᠯᠵᠢᠨ (ᠵᠢᠰᠢᠭᠦᠤ ᠲᠠᠯ᠎ᠠ᠎ᠪᠠᠷ ᠲᠠᠯ᠎ᠠ ᠪᠣᠯᠭ᠋ᠠᠭᠰᠠᠨ ᠲᠡᠭᠰᠢ ᠳᠥᠷᠪᠡᠯᠵᠢᠨ)᠎ᠨᠢ ᠳᠡᠭᠰᠢ ᠥᠨᠴᠥᠭᠢ ᠬᠠᠪᠴᠢᠭᠰᠠᠨ ᠬᠤᠶᠠᠷ ᠲᠠᠯ᠎ᠠ ᠳᠡᠭᠡᠷᠡᠬᠢ ᠲᠡᠭᠰᠢ ᠳᠥᠷᠪᠡᠯᠵᠢᠨᠤ ᠨᠡᠶ᠋ᠢᠯᠡᠪᠥᠷᠢᠲᠠᠢ ᠲᠡᠩᠴᠡᠨ᠎ᠡ᠃》
ᠬᠤᠶᠠᠳᠤᠭ᠋ᠠᠷ ᠪᠦᠯᠦᠭ᠎ᠨᠢ 《ᠭᠧᠣᠮᠧᠲᠷᠢ ᠪᠤᠯᠤᠨ ᠠᠯᠭᠧᠪᠷᠠ ᠵᠢᠨ ᠬᠤᠯᠪᠤᠭᠳᠠᠯ》᠂ 14 ᠥᠭᠦᠯᠡᠯ᠎ᠢ ᠪᠠᠭᠲᠠᠭ᠋ᠠᠵᠤ᠂ ᠭᠧᠣᠮᠧᠲᠷᠢ ᠵᠢᠨ ᠬᠡᠯᠡᠯᠭᠡ᠎ᠪᠠᠷ ᠠᠯᠭᠧᠪᠷᠠ ᠵᠢᠨ ᠪᠠᠶ᠋ᠢᠩᠭᠤ ᠲᠡᠩᠴᠡᠳᠬᠡᠯᠢ ᠥᠭᠦᠯᠡᠵᠡᠶ᠃ ᠵᠢᠱ᠌ᠢᠶᠡᠯᠡᠪᠡᠯ᠂ ᠥᠭᠦᠯᠡᠯ 2.4᠎ᠨᠢ 《ᠨᠢᠭᠡ ᠰᠢᠯᠤᠭᠤᠨ ᠱᠤᠭᠤᠮ[5]᠎ᠢ ᠳᠤᠷ᠎ᠠ᠎ᠪᠠᠷ ᠵᠶ᠋ᠠᠨ ᠬᠤᠶᠠᠷ ᠬᠡᠰᠡᠭ ᠪᠣᠯᠭ᠋ᠠᠨ ᠬᠤᠪᠢᠶᠠᠪᠡᠯ᠂ ᠪᠦᠬᠦ᠋ᠢ᠍ᠯᠡ ᠬᠡᠷᠴᠢᠮ ᠳᠡᠭᠡᠷᠡᠬᠢ ᠲᠡᠭᠰᠢ ᠳᠥᠷᠪᠡᠯᠵᠢᠨ᠎ᠨᠢ ᠬᠤᠶᠠᠷ ᠬᠡᠷᠴᠢᠮ ᠳᠡᠭᠡᠷᠡᠬᠢ ᠬᠤᠶᠠᠷ ᠲᠡᠭᠰᠢ ᠳᠥᠷᠪᠡᠯᠵᠢᠨᠤ ᠳᠡᠭᠡᠷ᠎ᠡ ᠠ᠋ᠨᠡ ᠬᠤᠶᠠᠷ ᠬᠡᠷᠴᠢᠮ ᠵᠶ᠋ᠠᠷ ᠲᠠᠯ᠎ᠠ ᠪᠣᠯᠭ᠋ᠠᠭᠰᠠᠨ ᠲᠡᠭᠰᠢ ᠥᠨᠴᠥᠭᠳᠦ ᠵᠢᠨ ᠨᠡᠶ᠋ᠢᠯᠡᠪᠥᠷᠢᠲᠠᠢ ᠲᠡᠩᠴᠡᠨ᠎ᠡ》᠃ ᠥᠭᠦᠯᠡᠯ 2.11 ᠬᠤᠵᠢᠮ᠎ᠨᠢ 《ᠠᠯᠳᠠᠨ ᠤᠭᠳᠤᠯᠤᠯ》 ᠭᠡᠵᠦ ᠨᠡᠷᠡᠶ᠋ᠢᠳᠦᠭᠳᠡᠪᠡ᠃ ᠥᠭᠦᠯᠡᠯ 2.12 ᠪᠤᠯᠤᠨ 2.13 ᠪᠣᠯ ᠺᠣᠰᠠᠶᠢᠨᠤ ᠪᠠᠳᠤᠶᠤᠰᠦ᠎ᠲᠠᠢ ᠰᠠᠴᠠᠭᠤ ᠥᠭᠦᠯᠡᠯ ᠪᠤᠯᠤᠨ᠎ᠠ᠃
ᠭᠤᠷᠪᠠᠳᠤᠭ᠋ᠠᠷ ᠪᠦᠯᠦᠭ᠎ᠨᠢ 《ᠲᠣᠭᠤᠷᠢᠭ ᠪᠤᠯᠤᠨ ᠲᠡᠭᠦᠨ᠎ᠲᠠᠢ ᠬᠤᠯᠪᠤᠭᠳᠠᠯ᠎ᠲᠠᠢ ᠥᠨᠴᠥᠭ》᠂ ᠠ᠋ᠭᠦᠨ᠎ᠳᠤ 37 ᠥᠭᠦᠯᠡᠯ ᠪᠠᠶ᠋ᠢᠵᠤ᠂ ᠲᠣᠭᠤᠷᠢᠭ᠂ ᠬᠥᠪᠴᠢ᠂ ᠰᠢᠬᠠᠭᠴᠢ ᠰᠢᠯᠤᠭᠤᠨ᠂ ᠲᠣᠭᠤᠷᠢᠭ᠎ᠤᠨ ᠲᠥᠪ ᠥᠨᠴᠥᠭ᠂ ᠲᠣᠭᠤᠷᠢᠭ᠎ᠲᠤ ᠪᠠᠭᠲᠠᠭᠰᠠᠨ ᠳᠥᠷᠪᠡᠯᠵᠢᠨ ᠵᠢᠴᠢ ᠲᠣᠭᠤᠷᠢᠭ᠎ᠲᠠᠢ ᠬᠤᠯᠪᠣᠭᠳᠠᠯ ᠪᠦᠬᠦᠢ ᠵᠢᠷᠤᠭ ᠳᠦᠷᠰᠦ ᠵᠢ ᠶᠠᠷᠢᠪᠠ᠃
ᠳᠥᠷᠪᠡᠳᠥᠭᠡᠷ ᠪᠦᠯᠦᠭ᠎ᠨᠢ 《ᠲᠣᠭᠤᠷᠢᠭ ᠪᠤᠯᠤᠨ ᠵᠥᠪ ᠤᠯᠠᠨ ᠥᠨᠴᠥᠭᠳᠦ》᠂ 16 ᠥᠭᠦᠯᠡᠯ ᠪᠠᠶ᠋ᠢᠨ᠎ᠠ᠃ ᠠ᠋ᠭᠦᠨ᠎ᠳᠤ ᠲᠣᠭᠤᠷᠢᠭ᠎ᠲᠤ ᠪᠠᠭᠳᠠᠭᠰᠠᠨ ᠭᠤᠷᠪᠠᠯᠵᠢᠨ᠂ ᠲᠣᠭᠤᠷᠢᠭ᠎ᠤᠨ ᠭᠠᠳᠠᠭ᠋ᠠᠳᠤ᠎ᠠᠴᠠ ᠰᠢᠬᠠᠭᠰᠠᠨ ᠭᠤᠷᠪᠠᠯᠵᠢᠨ᠂ ᠲᠣᠭᠤᠷᠢᠭ᠎ᠲᠤ ᠪᠠᠭᠳᠠᠭᠰᠠᠨ ᠲᠡᠭᠰᠢ ᠳᠥᠷᠪᠡᠯᠵᠢᠨ᠂ ᠲᠣᠭᠤᠷᠢᠭ᠎ᠤᠨ ᠭᠠᠳᠠᠭ᠋ᠠᠳᠤ᠎ᠠᠴᠠ ᠰᠢᠬᠠᠭᠰᠠᠨ ᠲᠡᠭᠰᠢ ᠳᠥᠷᠪᠡᠯᠵᠢᠨ ᠵᠥᠪ ᠣᠯᠠᠨ ᠥᠨᠴᠥᠭᠲᠦ (5 ᠲᠠᠯ᠎ᠠ᠎ᠳᠦ᠂ 10 ᠲᠠᠯ᠎ᠠ᠎ᠳᠦ᠂ 15 ᠲᠠᠯ᠎ᠠ᠎ᠳᠦ) ᠵᠢ ᠵᠢᠷᠤᠬᠤ ᠠᠷᠭ᠎ᠠ ᠪᠠᠭᠲᠠᠨ᠎ᠠ᠃
ᠲᠠᠪᠤᠳᠤᠭ᠋ᠠᠷ ᠪᠦᠯᠦᠭ᠎ᠨᠢ 《ᠬᠠᠷᠢᠴᠠᠯ᠎ᠤᠨ ᠤᠨᠤᠯ》᠂ ᠬᠤᠵᠢᠮ᠎ᠤᠨ ᠰᠢᠭᠦᠮᠵᠢᠯᠡᠭᠴᠢᠳ᠎ᠤᠨ ᠦᠵᠡᠬᠦ᠎ᠪᠠᠷ ᠠ᠋ᠨᠡ ᠪᠣᠯ 《ᠠ᠋ᠸᠦ᠋ᠺᠯᠢᠳ᠋ᠤᠨ ᠤᠭ ᠪᠢᠴᠢᠭ》᠎ᠤᠨ ᠬᠠᠮᠤᠭ᠎ᠤᠨ ᠥᠨᠳᠥᠷ ᠠᠮᠵᠢᠯᠲᠠ ᠪᠣᠯᠤᠨ᠎ᠠ᠃ ᠠ᠋ᠨᠡ ᠪᠥᠯᠥᠭ᠎ᠲᠤ 25 ᠥᠭᠦᠯᠡᠯ ᠪᠠᠶ᠋ᠢᠳᠠᠭ᠃
ᠵᠢᠷᠭᠤᠳᠤᠭ᠋ᠠᠷ ᠪᠦᠯᠦᠭ᠎ᠨᠢ 《ᠳᠥᠰᠳᠡᠢ ᠳᠥᠷᠰᠦ》᠂ ᠠ᠋ᠮᠦᠨᠡᠬᠢ 5 ᠪᠦᠯᠦᠭ ᠨᠢᠭᠡᠨᠲᠡ ᠪᠠᠶ᠋ᠢᠭᠤᠯᠤᠭᠰᠠᠨ ᠣᠶ᠋ᠢᠯᠠᠭ᠋ᠠᠭᠳᠠᠭ᠍ᠤᠨ᠎ᠢ ᠬᠠᠪᠲᠠᠭ᠋ᠠᠶ ᠵᠢᠨ ᠵᠢᠷᠤᠭ ᠳᠦᠷᠰᠦ᠎ᠳᠤ ᠬᠡᠷᠡᠭᠯᠡᠪᠡ᠂ 33 ᠥᠭᠦᠯᠡᠯ ᠪᠠᠶ᠋ᠢᠳᠠᠭ᠃
ᠲᠤᠯᠤᠭ᠎ᠠ᠂ ᠨᠠᠢ᠍ᠮᠠ᠂ ᠶᠢᠰᠥᠳᠥᠭᠡᠷ ᠪᠥᠯᠥᠭ᠎ᠨᠢ 《ᠲᠤᠭ᠋ᠠᠨ᠎ᠤ ᠤᠨᠤᠯ》᠂ ᠲᠤᠰ ᠪᠥᠷᠢ 39.27.36 ᠥᠭᠦᠯᠡᠯ ᠪᠤᠢ᠃ ᠥᠭᠦᠯᠡᠯ 9.20 ᠪᠣᠯ ᠲᠣᠭ᠋ᠠᠨ᠎ᠤ ᠣᠨᠣᠯ᠎ᠳᠤ᠎ᠬᠢ ᠧᠦ᠋ᠺᠯᠢᠳ᠋ᠤᠨ ᠪᠠᠲᠤᠶᠣᠰᠣ᠄ 《ᠠᠩᠬᠠᠨ᠎ᠤ ᠲᠣᠭ᠋ᠠᠨ᠎ᠤ ᠪᠣᠳᠠᠭ᠋ᠠᠯᠢ ᠲᠤᠭ᠎ᠠ᠎ᠨᠢ ᠬᠢᠵᠠᠭ᠋ᠠᠷ ᠥᠭᠡᠢ ᠤᠯᠠᠨ ᠪᠠᠶ᠋ᠢᠳᠠᠭ》 ᠪᠤᠯᠤᠨ᠎ᠠ᠃
ᠠᠷᠪᠠᠳᠤᠭ᠋ᠠᠷ ᠪᠦᠯᠦᠭ᠎ᠨᠢ ᠶᠤᠰᠥᠭᠦᠢ ᠬᠡᠮᠵᠢᠭᠳᠡᠭᠦᠨ᠃ 115 ᠥᠭᠦᠯᠡᠯ᠎ᠢ ᠪᠠᠭᠲᠠᠭ᠋ᠠᠵᠤ᠂ ᠭᠤᠣᠯᠳᠠᠭᠤ ᠶᠤᠰᠦᠭᠦᠢ ᠬᠡᠮᠵᠢᠭᠳᠡᠭᠦᠨᠢ ᠰᠤᠳᠤᠯᠵᠡᠢ᠃ ᠥᠭᠦᠯᠡᠯ 10.1 ᠪᠣᠯ ᠲᠦᠢ᠍ᠯᠰᠢᠷᠠᠯᠤᠨ ᠣᠨᠣᠯ᠎ᠤᠨ ᠠᠩᠬᠠᠨ᠎ᠤ ᠳᠦᠷᠰᠦ ᠮᠥᠨ᠂ ᠲᠦᠢ᠍ᠯᠰᠢᠷᠠᠯ ᠪᠣᠯ ᠶᠡᠭᠡ ᠰᠤᠷᠭ᠋ᠠᠭᠤᠯᠢ ᠵᠢᠨ ᠳᠡᠬᠡᠳᠦ ᠵᠡᠷᠭᠡ ᠵᠢᠨ ᠳᠤᠭ᠋ᠠᠨ᠎ᠤ ᠤᠬᠠᠭ᠋ᠠᠨ᠎ᠤ ᠨᠢᠭᠡ ᠴᠢᠬᠤᠯᠠ ᠠᠭᠤᠯᠭ᠎ᠠ ᠪᠤᠯᠤᠨ᠎ᠠ᠃
ᠠᠷᠪᠠᠨ ᠨᠢᠭᠡᠳᠦᠭᠡᠷ ᠪᠦᠯᠦᠭ᠎ᠨᠢ 《ᠪᠡᠶᠡᠳᠦ ᠵᠢᠨ ᠭᠧᠣᠮᠧᠲᠷᠢ》᠃ ᠣᠭᠲᠠᠷᠭᠤᠶ ᠵᠢᠨ ᠰᠢᠯᠤᠭᠤᠨ ᠱᠤᠭᠤᠮ ᠪᠣᠯᠤᠨ ᠬᠠᠪᠲᠠᠭ᠋ᠠᠶ ᠵᠢᠨ ᠡᠯ᠎ᠡ ᠵᠥᠢ᠍ᠯ᠎ᠤᠨ ᠬᠤᠯᠪᠤᠭᠳᠠᠯ᠎ᠢ ᠶᠠᠷᠢᠪᠠ᠃
ᠠᠷᠪᠠᠨ ᠬᠤᠶᠠᠳᠤᠭ᠋ᠠᠷ ᠪᠦᠯᠦᠭ᠎ᠨᠢ 《ᠪᠡᠶᠡᠳᠦ ᠵᠢᠨ ᠬᠡᠮᠵᠢᠯᠳᠡ》᠂ 《ᠲᠣᠭᠤᠷᠢᠭ᠎ᠤᠨ ᠲᠠᠯᠠᠪᠠᠢ ᠵᠢᠨ ᠬᠠᠷᠢᠴᠠᠯ᠎ᠨᠢ ᠳ᠋ᠢᠶᠠᠮᠸᠲᠷᠤᠨ ᠺᠤᠸᠠᠳ᠋᠎ᠤᠨ ᠬᠠᠷᠢᠴᠠᠯ᠎ᠲᠠᠢ ᠲᠡᠩᠴᠡᠭᠦᠤ》᠂ 《ᠱᠤᠷᠤᠯᠵᠢᠨᠤ ᠡᠵᠡᠯᠡᠭᠦᠨ᠎ᠨᠢ ᠢᠵᠢᠯ ᠰᠠᠭᠤᠷᠢ ᠲᠡᠩᠴᠡᠭᠦᠥ ᠥᠨᠳᠦᠷ᠎ᠲᠠᠢ ᠪᠥᠭᠡᠷᠡᠩᠬᠡᠢ ᠪᠠᠭ᠋ᠠᠨ᠎ᠠ ᠵᠢᠨ ᠡᠵᠡᠯᠡᠭᠦᠨᠤ ᠭᠤᠷᠪᠠᠨ᠎ᠤ ᠨᠢᠭᠡᠲᠠᠢ ᠲᠡᠩᠴᠡᠭᠦᠤ》 ᠵᠢ ᠪᠠᠳᠤᠯᠠᠵᠡᠢ᠃
ᠠᠷᠪᠠᠨ ᠭᠤᠷᠪᠠᠳᠤᠭ᠋ᠠᠷ ᠪᠦᠯᠦᠭ᠎ᠨᠢ 《ᠵᠥᠪ ᠤᠯᠠᠨ ᠭᠠᠳᠠᠷᠭᠤ᠎ᠳᠦ ᠪᠡᠶ᠎ᠡ ᠪᠠᠶ᠋ᠢᠭᠤᠯᠬᠤ》᠂ 5 ᠵᠥᠢ᠍ᠯ᠎ᠤᠨ ᠵᠥᠪ ᠣᠯᠠᠨ ᠭᠠᠳᠠᠷᠭᠤ᠎ᠳᠦ ᠪᠡᠶ᠎ᠡ ᠵᠢ ᠭᠤᠤᠯᠴᠢᠯᠠᠨ ᠰᠤᠳᠤᠯᠵᠡᠢ᠃
《ᠠ᠋ᠸᠦ᠋ᠺᠯᠢᠳ᠋ᠤᠨ ᠤᠭ ᠪᠢᠴᠢᠭ》 ᠵᠤᠬᠢᠶᠠᠭᠳᠠᠭ᠋ᠠᠳ ᠬᠤᠶᠠᠷ ᠮᠢᠩᠭ᠎ᠠ ᠭᠠᠷᠤᠢ ᠵᠢᠯ ᠪᠤᠯᠵᠦ ᠪᠠᠶ᠋ᠢᠭ᠎ᠠ ᠪᠤᠯᠪᠠᠴᠦ ᠠ᠋ᠳᠤᠭᠡ ᠪᠤᠯᠳᠠᠯ᠎ᠠ ᠠᠩᠬ᠎ᠠ ᠵᠡᠷᠭᠡ ᠵᠢᠨ ᠳᠤᠮᠳᠠᠳᠦ ᠰᠤᠷᠭ᠋ᠠᠭᠤᠯᠢ ᠪᠠ ᠲᠡᠭᠡᠳᠤ ᠵᠡᠷᠭᠡ ᠵᠢᠨ ᠳᠤᠮᠳᠠᠳᠦ ᠰᠤᠷᠭ᠋ᠠᠭᠤᠯᠢ ᠵᠢᠨ ᠰᠤᠷᠬᠤ ᠪᠢᠴᠢᠭ᠎ᠲᠤ ᠬᠡᠷᠡᠭᠯᠡᠭᠳᠡᠵᠦ᠂ ᠵᠠᠯᠠᠭᠤ ᠪᠠᠭ᠋ᠠᠴᠤᠳ᠎ᠤᠨ ᠯᠤᠬᠢᠭ ᠰᠡᠳᠬᠢᠭᠦᠢ ᠵᠢᠨ ᠴᠢᠳᠠᠪᠤᠷᠢ ᠵᠢ ᠬᠥᠮᠦᠵᠢᠭᠦᠯᠦᠭᠰᠡᠭᠡᠷ ᠢᠷᠡᠭᠰᠡᠨ᠎ᠨᠢ ᠭᠠᠶ᠋ᠢᠬᠠᠮᠠᠷ᠂ ᠵᠢᠩᠬᠢᠨᠢ ᠰᠢᠨᠵᠢᠯᠡᠬᠦ ᠤᠬᠠᠭ᠋ᠠᠨ ᠪᠤᠯᠬᠤᠷ ᠴᠠᠭ᠎ᠤᠨ ᠠ᠋ᠯᠡᠭᠡᠯᠳᠡ ᠵᠢ ᠳᠠᠭ᠋ᠠᠭ᠋ᠠᠵᠦ ᠴᠢᠳᠠᠵᠦ ᠪᠠᠶ᠋ᠢᠭ᠎ᠠ ᠪᠠᠶ᠋ᠢᠬᠤ ᠡ᠃ ᠠᠩᠬ᠎ᠠ ᠵᠡᠷᠭᠡ ᠵᠢᠨ ᠳᠤᠮᠳᠠᠳᠦ ᠰᠤᠷᠭ᠋ᠠᠭᠤᠯᠢ ᠪᠠ ᠲᠡᠭᠡᠳᠤ ᠵᠡᠷᠭᠡ ᠵᠢᠨ ᠳᠤᠮᠳᠠᠳᠦ ᠰᠤᠷᠭ᠋ᠠᠭᠤᠯᠢ ᠵᠢᠨ ᠲᠣᠭ᠋ᠠᠨ᠎ᠤ ᠤᠬᠠᠭ᠋ᠠᠨ᠎ᠤ ᠰᠤᠷᠬᠤ ᠪᠢᠴᠢᠭ᠎ᠲᠤ 30 ᠤᠷᠴᠢᠮ 《ᠠ᠋ᠸᠦ᠋ᠺᠯᠢᠳ᠋ᠤᠨ ᠤᠭ ᠪᠢᠴᠢᠭ》᠎ᠤᠨ ᠠᠭᠤᠯᠭ᠎ᠠ ᠪᠠᠶ᠋ᠢᠳᠠᠭ᠃ ᠵᠢᠱ᠌ᠢᠶᠡᠯᠡᠪᠡᠯ᠂ ᠠᠩᠬ᠎ᠠ ᠵᠡᠷᠭᠡ ᠵᠢᠨ ᠲᠤᠮᠳᠠᠳᠤ ᠰᠤᠷᠭ᠋ᠠᠭᠤᠯᠢ ᠵᠢᠨ ᠬᠠᠪᠳᠠᠭ᠋ᠠᠢ ᠵᠢᠨ ᠭᠧᠥᠮᠸᠲᠷᠢᠳᠤ᠂ ᠰᠢᠯᠤᠭᠤᠨ᠂ ᠲᠤᠭᠤᠷᠢᠭ᠂ ᠤᠯᠠᠨ ᠥᠨᠴᠥᠭᠳᠦ ᠵᠢᠨ ᠰᠢᠨᠵᠢ ᠴᠢᠨᠠᠷ᠎ᠤᠨ ᠳᠤᠬᠠᠢ 21 ᠪᠠᠳᠤᠶᠤᠰᠦ ᠵᠢ ᠪᠠᠳᠤᠯᠠᠭᠰᠠᠨ ᠪᠠᠶ᠋ᠢᠳᠠᠭ ᠪᠥᠭᠡᠳ ᠬᠠᠮᠤᠭ᠎ᠤᠨ ᠤᠯᠠᠨ ᠭᠡᠷᠡᠭᠯᠡᠭᠳᠡᠭᠦ 《ᠬᠤᠶᠠᠷ ᠠ᠋ᠭ᠌ᠴᠡ ᠲᠠᠯ᠎ᠠ ᠵᠢᠨ ᠪᠠᠳᠤᠶᠤᠰᠥ》 ᠵᠢ ᠪᠠᠰᠠ ᠪᠠᠳᠤᠯᠠᠭᠰᠠᠨ ᠪᠠᠶ᠋ᠢᠨ᠎ᠠ᠃ ᠲᠡᠭᠡᠳᠤ ᠵᠡᠷᠭᠡ ᠵᠢᠨ ᠲᠤᠮᠳᠠᠳᠤ ᠰᠤᠷᠭ᠋ᠠᠭᠤᠯᠢ ᠵᠢᠨ ᠪᠡᠶᠡᠳᠦ ᠵᠢᠨ ᠭᠧᠥᠮᠸᠲᠷᠢᠳᠤ᠂ ᠤᠭᠳᠠᠷᠭᠤᠢ ᠵᠢᠨ ᠰᠢᠯᠤᠭᠤᠨᠨᠤᠭᠤᠳᠤᠨ ᠬᠤᠭᠤᠷᠤᠨᠳᠤᠬᠢ ᠬᠤᠯᠪᠤᠭᠳᠠᠯ᠂ ᠰᠢᠯᠤᠭᠤᠨ ᠪᠠ ᠬᠠᠪᠳᠠᠭ᠋ᠠᠢ ᠵᠢᠨ ᠠ᠋ᠭ᠌ᠴᠡ ᠪᠤᠯᠬᠤ ᠵᠢᠨ ᠮᠠᠭ᠋ᠠᠳᠯᠠᠯᠳᠠ ᠰᠢᠨᠵᠢ ᠴᠢᠨᠠᠷ᠂ ᠬᠠᠪᠳᠠᠭ᠋ᠠᠢ ᠪᠠ ᠬᠠᠪᠳᠠᠭ᠋ᠠᠢ ᠵᠡᠷᠭᠡᠴᠡᠭᠡ ᠪᠤᠯᠬᠤ ᠵᠢᠨ ᠮᠠᠭ᠋ᠠᠳᠯᠠᠯᠳᠠ ᠰᠢᠨᠵᠢ ᠴᠢᠨᠠᠷ᠂ ᠬᠠᠪᠳᠠᠭ᠋ᠠᠢ ᠪᠠ ᠬᠠᠪᠳᠠᠭ᠋ᠠᠢ ᠠ᠋ᠭ᠌ᠴᠡ ᠪᠤᠯᠬᠤ ᠵᠢᠨ ᠮᠠᠭ᠋ᠠᠳᠯᠠᠯᠳᠠ ᠵᠡᠷᠭᠡ 8 ᠪᠠᠳᠤᠶᠤᠰᠦ ᠵᠢ ᠪᠠᠳᠤᠯᠠᠭᠰᠠᠨ ᠪᠠᠶ᠋ᠢᠳᠠᠭ᠃ ᠪᠠᠰᠠ 《ᠱᠤᠷᠤᠯᠵᠢᠨᠤ ᠡᠵᠡᠯᠡᠭᠦᠨ᠎ᠨᠢ ᠢᠵᠢᠯ ᠰᠠᠭᠤᠷᠢ ᠲᠡᠩᠴᠡᠭᠦᠥ ᠥᠨᠳᠦᠷ᠎ᠲᠠᠢ ᠪᠥᠭᠡᠷᠡᠩᠬᠡᠢ ᠪᠠᠭ᠋ᠠᠨ᠎ᠠ ᠵᠢᠨ ᠡᠵᠡᠯᠡᠭᠦᠨᠤ ᠭᠤᠷᠪᠠᠨ᠎ᠤ ᠨᠢᠭᠡᠲᠠᠢ ᠲᠡᠩᠴᠡᠭᠦᠤ》 ᠵᠢ ᠪᠠᠳᠤᠯᠠᠵᠡᠢ᠃ ᠤᠯᠠᠨ ᠬᠡᠷᠡᠭᠴᠡᠭᠡ᠎ᠳᠦ 《ᠠᠯᠳᠠᠨ ᠤᠭᠳᠤᠯᠤᠯ》 ᠪᠤᠯᠤᠨ 《ᠺᠣᠰᠠᠶᠢᠨᠤ ᠪᠠᠳᠤᠶᠤᠰᠦ》᠎ᠲᠠᠢ ᠰᠠᠴᠠᠭᠤ ᠥᠭᠦᠯᠡᠯ᠎ᠢ ᠴᠦ᠍ ᠪᠠᠳᠤᠯᠠᠵᠡᠢ᠃
ᠬᠤᠶᠠᠷ᠂ ᠮᠥᠩᠬᠡ ᠬᠠᠭ᠋ᠠᠨ 《ᠠ᠋ᠸᠦ᠋ᠺᠯᠢᠳ᠋ᠤᠨ ᠤᠭ ᠪᠢᠴᠢᠭ》᠎ᠢ ᠰᠤᠳᠤᠯᠵᠤ ᠪᠠᠶ᠋ᠢᠭᠰᠠᠨ ᠰᠣᠷᠪᠣᠯᠵᠢ ᠲᠡᠮᠳᠡᠭᠯᠡᠯ᠎ᠤᠳ
ᠶᠡᠭᠡ ᠮᠤᠩᠭᠤᠯ ᠤᠯᠤᠰ᠎ᠤᠨ ᠮᠥᠩᠭᠡ ᠬᠠᠭ᠋ᠠᠨ (1208 — 1259) 《ᠠ᠋ᠸᠦ᠋ᠺᠯᠢᠳ᠋ᠤᠨ ᠤᠭ ᠪᠢᠴᠢᠭ》᠎ᠢ ᠰᠤᠳᠤᠯᠵᠦ ᠲᠡᠭᠦᠨ᠎ᠤ ᠳᠤᠳᠤᠷᠠᠬᠢ ᠨᠡᠯᠢᠶᠡᠳ ᠠᠷᠪᠢᠨ ᠢᠯᠡᠳᠭᠡᠭᠴᠢ ᠵᠢᠷᠤᠭ᠎ᠢ ᠵᠠᠳᠠᠯᠤᠨ ᠲᠠᠶ᠋ᠢᠯᠪᠤᠷᠢᠯᠠᠵᠦ ᠴᠢᠳᠠᠳᠠᠭ ᠭᠡᠰᠡᠨ ᠲᠡᠤᠬᠡᠨ ᠲᠡᠮᠳᠡᠭᠯᠡᠯ ᠪᠠᠶ᠋ᠢᠳᠠᠭ᠃ ᠶᠠᠫᠤᠨ᠎ᠤ ᠮᠤᠩᠭᠤᠯᠴᠢ ᠠ᠋ᠷᠳᠡᠮᠳᠡᠨ ᠺᠠᠽᠦ᠋ᠪᠣᠵᠢ · ᠲᠠᠺᠠᠶ᠋ᠢᠰᠢ᠄ 《ᠮᠥᠩᠭᠡ ᠪᠣᠯ ᠴᠢᠩᠭᠢᠰ ᠬᠠᠭ᠋ᠠᠨ᠎ᠤ ᠤᠳᠬᠤᠨ ᠬᠥᠪᠡᠭᠦᠨ ᠲᠤᠯᠤᠢ ᠵᠢᠨ ᠠᠬᠠᠮᠠᠳ ᠬᠥᠪᠡᠭᠦᠨ ᠶᠤᠮ᠂ ᠠᠯᠳᠠᠨ ᠤᠯᠤᠰ᠎ᠢ ᠳᠠᠶ᠋ᠢᠯᠠᠭ᠍ᠤ ᠳᠠᠶ᠋ᠢᠨ᠎ᠳᠤ ᠴᠦ᠍ ᠲᠡᠷᠡ᠂ ᠠ᠋ᠸᠦ᠋ᠷᠤᠫᠠᠳᠤ ᠶᠠᠪᠤᠭᠤᠯᠤᠭᠰᠠᠨ ᠳᠠᠶ᠋ᠢᠨ᠎ᠳᠤ ᠴᠦ᠍ ᠲᠡᠷᠡ᠂ ᠮᠥᠩᠬᠡ ᠵᠢᠨ ᠪᠠᠶ᠋ᠢᠭᠤᠯᠤᠭᠰᠠᠨ ᠴᠡᠷᠢᠭ᠎ᠤᠨ ᠭᠠᠪᠢᠶ᠎ᠠ ᠭᠡᠪᠡᠯ ᠥᠨᠡᠭᠡᠷ ᠭᠢᠯᠠᠯᠵᠠᠮ᠎ᠠ ᠪᠠᠢ᠍ᠢ᠍ᠭᠰᠠᠨ ᠶᠤᠮ᠃ ᠮᠦᠨᠭᠭᠡ ᠬᠠᠭ᠋ᠠᠨ ᠪᠤᠯ ᠠᠷᠢᠬᠢᠳᠠᠵᠦ ᠴᠡᠩᠭᠡᠬᠦ ᠪᠤᠶᠦ ᠪᠥᠷᠢᠯᠭᠡᠵᠦ ᠱᠠᠯᠢᠬᠤ᠎ᠳᠤ ᠰᠤᠨᠢᠷᠬᠠᠯ ᠥᠭᠡᠢ᠂ ᠠᠩ ᠭᠥᠷᠥᠭᠡ ᠬᠢᠬᠦ᠎ᠪᠠᠷ ᠵᠤᠭ᠎ᠠ ᠴᠡᠩᠭᠡᠯ ᠪᠤᠯᠭ᠋ᠠᠳᠠᠭ ᠪᠠᠭ᠋ᠠᠳᠤᠷᠯᠢᠭ ᠪᠥᠭᠡᠳ ᠠᠰᠪᠤᠷ ᠴᠠᠭ᠋ᠠᠨ ᠵᠠᠩ ᠴᠢᠨᠠᠷᠲᠠᠢ᠂ ᠮᠥᠩᠭᠡ ᠬᠠᠭ᠋ᠠᠨ᠎ᠢ ᠶᠤᠰᠤᠳᠠᠢ ᠯᠠ ᠮᠤᠩᠭᠤᠯᠴᠤᠳ᠎ᠤᠨ ᠤᠭ ᠰᠢᠨᠵᠢ ᠵᠢ ᠬᠠᠳᠠᠭ᠋ᠠᠯᠠᠭᠰᠠᠨ ᠬᠥᠮᠥᠨ ᠭᠡᠵᠦ ᠬᠡᠯᠡᠵᠦ ᠪᠤᠯᠤᠨ᠎ᠠ》 [6] ᠬᠡᠵᠦ ᠬᠡᠯᠡᠵᠡᠢ᠃ ᠮᠥᠩᠭᠡ ᠬᠠᠭ᠋ᠠᠨ ᠪᠣᠯ ᠠᠭᠤᠤ ᠶᠡᠭᠡ ᠮᠤᠩᠭᠤᠯ ᠠ᠋ᠬᠡ ᠰᠤᠷᠬᠠᠭᠳᠠᠨᠢ ᠪᠠᠬᠢ ᠵᠢᠨ ᠬᠥᠮᠥᠵᠢᠯ ᠳᠤᠤᠷ᠎ᠠ ᠥᠰᠥᠨ ᠪᠤᠶ᠋ᠢᠵᠢᠭᠰᠠᠨ ᠠᠯᠳᠠᠷᠳᠦ ᠶᠡᠭᠡ ᠮᠤᠨᠭ᠌ᠭᠤᠯ ᠤᠯᠤᠰ᠎ᠤᠨ ᠬᠠᠭ᠋ᠠᠨ᠎ᠤ ᠨᠢᠭᠡ᠎ᠨᠢ ᠶᠤᠮ᠃ ᠠ᠋ᠨᠡ ᠬᠦ᠌ ᠮᠤᠩᠭᠤᠯ ᠪᠥᠰᠡᠭᠦᠢ ᠵᠢ ᠫᠸᠷᠰᠤᠨ ᠲᠡᠤᠬᠡᠴᠢᠨ ᠷᠠᠰᠢᠳ᠋ - ᠠᠳ᠋ - ᠳ᠋ᠢᠨ 《ᠰᠤᠳᠤᠷ᠎ᠤᠨ ᠴᠢᠭᠤᠯᠭ᠋ᠠᠨ》 ᠬᠡᠬᠦ ᠠᠯᠳᠠᠷᠳᠦ ᠨᠤᠮ᠎ᠳᠤ᠎ᠪᠠᠨ᠄ 《ᠰᠤᠷᠬᠠᠬᠳᠠᠨᠢ ᠪᠡᠬᠢ ᠪᠤᠯ ᠮᠠᠰᠢ ᠶᠡᠭᠡ ᠤᠬᠠᠭ᠋ᠠᠨ᠎ᠲᠠᠢ᠂ ᠠᠪᠢᠶᠠᠰᠯᠢᠬ ᠲᠠᠯ᠎ᠠ᠎ᠪᠠᠷ ᠵᠶ᠋ᠠᠨ ᠪᠦᠭᠦ ᠲᠡᠯᠡᠭᠡᠢ ᠵᠢᠨ ᠠ᠋ᠮᠡᠭᠳᠠᠢ᠍ᠢ᠍ᠴᠤᠳᠤᠨ ᠲᠤᠳᠤᠷ᠎ᠠ᠎ᠠᠴᠠ ᠲᠤᠪᠤᠢ᠍ᠢ᠍ᠵᠤ ᠪᠠᠢ᠍ᠢ᠍ᠯ᠎ᠠ》 [7] ᠭᠡᠮᠡᠵᠦ᠂ ᠠ᠋ᠸᠦ᠋ᠷᠤᠫᠠ ᠵᠢᠨ ᠱᠠᠰᠢᠨ ᠳᠡᠯᠭᠡᠷᠡᠭᠦᠯᠥᠭᠴᠢ ᠫᠯᠠᠨ ᠺᠠᠷᠫᠢᠨ 《ᠮᠤᠩᠭᠤᠯ᠎ᠳᠤ ᠵᠢᠭᠤᠴᠢᠯᠠᠭᠰᠠᠨ ᠲᠡᠮᠳᠡᠭᠯᠡᠯ》᠎ᠳᠤ᠎ᠪᠠᠨ᠄ 《ᠪᠦᠭᠦ ᠲᠠᠲ᠋ᠠᠷ᠎ᠤᠨ ᠬᠠᠭ᠋ᠠᠨ᠎ᠤ ᠠ᠋ᠬᠡ ᠵᠢ ᠭᠠᠷᠭ᠋ᠠᠪᠠᠯ ᠬᠠᠮᠤᠭ᠎ᠠᠴᠠ ᠬᠥᠨᠳᠥ᠎ᠲᠠᠢ ᠪᠠᠢ᠍ᠢ᠍ᠳᠠᠬ》 [8] ᠭᠡᠵᠡᠢ᠃
ᠫᠷᠤᠹᠸᠰᠰᠤᠷ ᠲᠠᠶ᠋ᠢᠴᠢᠭᠤᠳ · ᠮᠠᠨᠰᠠᠩ᠎ᠤᠨ ᠠ᠋ᠷᠭᠢᠯᠡᠨ ᠨᠠᠶ᠋ᠢᠷᠠᠭᠤᠯᠤᠭᠰᠠᠨ 《ᠮᠤᠩᠭᠤᠯ ᠥᠨᠳᠦᠰᠦᠳᠡᠨᠤ ᠪᠥᠷᠢᠨ ᠲᠡᠤᠬᠡ》᠎ᠳᠤ᠄ 《ᠮᠥᠩᠬᠡ ᠬᠠᠭ᠋ᠠᠨ ᠲᠤᠭ᠋ᠠᠨ᠎ᠤ ᠤᠬᠠᠭ᠋ᠠᠨ᠎ᠢ ᠰᠠᠶ᠋ᠢᠨ ᠮᠡᠳᠡᠳᠡᠭ ᠪᠥᠭᠡᠳ ᠪᠠᠰᠠ ᠰᠤᠳᠤᠯᠤᠯ ᠬᠢᠵᠦ ᠪᠠᠶ᠋ᠢᠭᠰᠠᠨ ᠪᠠᠶ᠋ᠢᠵᠡᠢ᠃ ᠲᠡᠷᠡ ᠠ᠋ᠾᠤᠢ᠍ᠭ᠍ᠯᠢᠳ (ᠠ᠋ᠸᠤᠢ᠍ᠺᠯᠢᠳ᠋ — ᠨᠠᠢ᠍ᠢ᠍ᠷᠠᠭᠤᠯᠤᠭᠴᠢ) ᠲᠤᠭ᠋ᠠᠨ᠎ᠤ ᠤᠬᠠᠭ᠋ᠠᠨ᠎ᠢ ᠮᠡᠳᠡᠳᠡᠭ᠃ ᠠ᠋ᠾᠤᠢ᠍ᠭ᠍ᠯᠢᠳ ᠪᠣᠯ ᠠ᠋ᠷᠳᠡᠨ᠎ᠤ ᠭ᠋ᠷᠧᠭ᠎ᠤᠨ ᠲᠤᠭ᠋ᠠᠨ᠎ᠤ ᠤᠬᠠᠭ᠋ᠠᠨᠳᠡᠨ ᠮᠥᠨ᠃ ᠲᠡᠭᠦᠨ᠎ᠤ ᠨᠡᠷ᠎ᠡ᠎ᠲᠠᠢ ᠵᠤᠬᠢᠶᠠᠯ 〈ᠵᠢᠢ ᠾᠧ ᠶᠤᠸᠨᠨ ᠪᠸᠨ〉᠎ᠨᠢ 13 ᠳ᠋ᠤᠭ᠋ᠠᠷ ᠵᠠᠭᠤᠨ᠎ᠤ ᠠ᠋ᠮᠥᠨᠠ ᠬᠠᠭ᠋ᠠᠰ ᠬᠤᠭᠤᠴᠠᠭ᠋ᠠᠨ᠎ᠳᠤ ᠫᠸᠷᠰᠤᠨ ᠠ᠋ᠷᠳᠡᠮᠳᠡᠨ ᠨᠠᠰᠢ - ᠥᠳ᠋ - ᠳ᠋ᠢᠨ ᠲᠤᠤ ᠰᠸ ᠠᠷᠠᠪ ᠬᠡᠯᠡ ᠳᠡᠭᠡᠷ᠎ᠡ ᠤᠷᠴᠢᠭᠤᠯᠤᠨ ᠪᠠᠭᠤᠯᠭ᠋ᠠᠵᠡᠢ ᠁ ᠲᠤᠰ ᠨᠤᠮ ᠪᠣᠯ ᠮᠥᠩᠭᠡ ᠬᠠᠭ᠋ᠠᠨ᠎ᠤ ᠰᠤᠳᠤᠯᠵᠦ ᠪᠠᠶ᠋ᠢᠭᠰᠠᠨ ᠨᠤᠮ᠎ᠤᠨ ᠭᠡᠰᠡᠭ ᠠᠭᠤᠯᠭ᠎ᠠ ᠪᠤᠯᠤᠨ᠎ᠠ》 [9] ᠭᠡᠵᠡᠢ᠃
ᠫᠷᠤᠹᠸᠰᠰᠤᠷ ᠱ᠌ᠢ ᠵᠢᠶᠦ᠋ᠨ᠄ 《ᠮᠥᠩᠭᠡ ᠬᠠᠭ᠋ᠠᠨ᠂ ᠠ᠋ᠸᠦ᠋ᠺᠯᠢᠳ᠋ᠤᠨ ᠤᠭ ᠪᠢᠴᠢᠭ᠎ᠢ ᠲᠠᠶ᠋ᠢᠯᠵᠦ ᠪᠠᠶ᠋ᠢᠭᠰᠠᠨ᠎ᠨᠢ ᠮᠤᠩᠭᠤᠯ ᠬᠥᠮᠦᠨ᠎ᠤ ᠳᠤᠳᠤᠷᠠᠬᠢ ᠬᠠᠮᠤᠭ᠎ᠤᠨ ᠲᠡᠷᠢᠭᠦᠨ᠎ᠤ ᠬᠥᠮᠥᠨ ᠪᠤᠯᠤᠨ᠎ᠠ》[10] ᠭᠡᠵᠡᠢ᠃ ᠲᠡᠷᠡᠴᠢᠯᠡᠨ᠄ 《ᠮᠥᠩᠭᠡ ᠬᠠᠭ᠋ᠠᠨ ᠪᠣᠯ ᠠ᠋ᠸᠦ᠋ᠺᠯᠢᠳ᠋ᠤᠨ ᠤᠭ ᠪᠢᠴᠢᠭ᠎ᠢ ᠬᠠᠮᠤᠭ᠎ᠤᠨ ᠲᠡᠷᠢᠭᠦᠨ᠎ᠳᠤ ᠰᠤᠳᠤᠯᠤᠭᠰᠠᠨ ᠳᠤᠮᠳᠠᠳᠦ ᠤᠯᠤᠰ᠎ᠤᠨ ᠬᠥᠮᠥᠨ ᠪᠤᠯᠤᠨ᠎ᠠ》[11] ᠭᠡᠵᠡᠢ᠃
ᠠ᠋ᠭᠦᠨ᠎ᠠᠴᠠ ᠥᠵᠡᠬᠦ᠎ᠳᠤ᠂ ᠠᠯᠢ ᠠ᠋ᠷᠳᠡ ᠶᠡᠭᠡ ᠮᠤᠩᠭᠤᠯ ᠤᠯᠤᠰ᠎ᠤᠨ ᠥᠶ᠎ᠡ᠎ᠳᠤ ᠮᠤᠩᠭᠤᠯᠴᠤᠳ 《ᠠ᠋ᠸᠦ᠋ᠺᠯᠢᠳ᠋ᠤᠨ ᠤᠭ ᠪᠢᠴᠢᠭ》᠎ᠢ ᠰᠤᠨᠢᠷᠬᠠᠵᠦ ᠰᠤᠳᠤᠯᠵᠦ ᠪᠠᠶ᠋ᠢᠭᠰᠠᠨ ᠪᠠᠶ᠋ᠢᠨ᠎ᠠ᠃ ᠮᠥᠩᠬᠡ ᠬᠠᠭ᠋ᠠᠨ ᠰᠠᠷᠳᠠᠭᠤᠯ᠎ᠤᠨ ᠠᠰᠲᠷᠤᠨᠤᠮᠢᠴᠢ ᠨᠠᠰᠢ — ᠠᠯ — ᠳ᠋ᠢᠨ ᠲᠥᠰᠢ ᠵᠢᠨ ᠨᠠᠶ᠋ᠢᠷᠠᠭᠤᠯᠤᠭᠰᠠᠨ 《ᠠ᠋ᠸᠦ᠋ᠺᠯᠢᠳ᠋ᠤᠨ ᠤᠭ ᠪᠢᠴᠢᠭ》᠎ᠢ ᠤᠩᠰᠢᠬᠤ᠎ᠪᠠᠷ ᠳᠠᠮᠵᠢᠨ ᠠ᠋ᠷᠳᠡᠮᠳᠡᠨ ᠨᠠᠰᠢ — ᠠᠯ — ᠳ᠋ᠢᠨ ᠲᠥᠰᠢ ᠵᠢ ᠤᠯᠵᠦ ᠮᠡᠳᠡᠭᠰᠡᠨ ᠪᠠᠶ᠋ᠢᠵᠠᠢ᠃ ᠶᠠᠭ ᠠ᠋ᠶ᠋ᠢᠮᠦ᠎ᠠᠴᠠ ᠮᠥᠩᠬᠡ ᠬᠠᠭ᠋ᠠᠨ 1252 ᠤᠨ᠎ᠳᠤ ᠳᠡᠭᠦᠥ ᠬᠤᠯᠤᠭᠤ (ᠢᠯ ᠬᠠᠭ᠋ᠠᠨ᠎ᠳᠦ ᠤᠯᠤᠰ᠎ᠤᠨ ᠥᠯᠡᠬᠦ ᠬᠠᠭ᠋ᠠᠨ᠎ᠢ ᠬᠡᠯᠡᠵᠦ ᠪᠠᠶ᠋ᠢᠨ᠎ᠠ) ᠵᠢ ᠪᠠᠷᠠᠭᠤᠨᠰᠢ ᠰᠠᠷᠳᠠᠭᠤᠯ ᠳᠡᠶ᠋ᠢᠰᠢ ᠳᠠᠶ᠋ᠢᠯᠠᠷ᠎ᠠ ᠮᠤᠷᠳᠠᠭᠤᠯᠬᠤᠳᠤᠪᠠᠨ ᠨᠠᠰᠢ — ᠠᠯ — ᠳ᠋ᠢᠨ ᠲᠥᠰᠢ ᠵᠢ ᠠ᠋ᠷᠢᠵᠦ ᠤᠯᠤᠭ᠋ᠠᠳ ᠮᠤᠩᠭᠤᠯ᠎ᠤᠨ ᠬᠠᠭ᠋ᠠᠨ᠎ᠤ ᠤᠷᠳᠤᠨ᠎ᠳᠤ ᠶᠠᠪᠤᠭᠤᠯᠵᠦ ᠥᠭᠬᠦ ᠬᠡᠷᠡᠭᠳᠠᠢ ᠭᠡᠵᠦ ᠵᠠᠬᠢᠭᠰᠠᠨ ᠪᠠᠶ᠋ᠢᠳᠠᠭ᠃
《ᠶᠤᠸᠠᠨ ᠤᠯᠤᠰ᠎ᠤᠨ ᠠᠰᠲᠷᠤᠨᠤᠮᠢ ᠵᠢᠨ ᠲᠡᠥᠬᠡ ᠵᠢᠨ ᠨᠠᠪᠳᠠᠷᠠᠭ》 ᠭᠡᠳᠡᠭ ᠨᠤᠮ᠎ᠳᠤ᠄ 《ᠮᠢᠩ ᠤᠯᠤᠰ᠎ᠤᠨ ᠰᠢᠥᠢ ᠭᠤᠸᠠᠩ ᠴᠢᠠᠴᠠ 350 ᠵᠢᠯ᠎ᠤᠨ ᠠ᠋ᠮᠥᠨ᠎ᠡ ᠮᠥᠩᠬᠡ ᠬᠠᠭ᠋ᠠᠨ᠎ᠤ ᠥᠶ᠎ᠡ᠎ᠳᠤ ᠤᠷᠴᠢᠭᠤᠯᠤᠭᠰᠠᠨ (ᠠ᠋ᠸᠦ᠋ᠺᠯᠢᠳ᠋ᠤᠨ ᠤᠭ ᠪᠢᠴᠢᠭ) ᠪᠣᠯ ᠮᠠᠨ᠎ᠤ ᠤᠯᠤᠰ᠎ᠲᠤ ᠤᠷᠥᠵᠦ ᠢᠷᠡᠭᠰᠡᠨ ᠬᠠᠮᠤᠭ᠎ᠤᠨ ᠠᠩᠬᠠᠨ᠎ᠤ 〈ᠠ᠋ᠸᠦ᠋ᠺᠯᠢᠳ᠋ᠤᠨ ᠤᠭ ᠪᠢᠴᠢᠭ〉 ᠪᠤᠯᠤᠨ᠎ᠠ》 [12] ᠭᠡᠵᠡᠢ᠃
ᠮᠥᠨ ᠫᠷᠤᠹᠸᠰᠰᠤᠷ ᠱ᠌ᠢ ᠵᠢᠶᠦ᠋ᠨ᠄ 《ᠮᠥᠩᠭᠡ ᠬᠠᠭ᠋ᠠᠨ᠎ᠤ ᠥᠶ᠎ᠡ᠎ᠳᠤ᠂ 〈ᠠ᠋ᠸᠦ᠋ᠺᠯᠢᠳ᠋ᠤᠨ ᠤᠭ ᠪᠢᠴᠢᠭ〉 ᠪᠣᠯ ᠬᠠᠮᠤᠭ᠎ᠤᠨ ᠠᠩᠬᠠᠨ᠎ᠳᠤ᠎ᠪᠠᠨ ᠮᠤᠩᠭᠤᠯ ᠵᠶ᠋ᠠᠷ ᠤᠷᠴᠢᠭᠤᠯᠤᠭᠳᠠᠵᠦ ᠮᠠᠨ᠎ᠤ ᠤᠯᠤᠰ᠎ᠲᠤ ᠤᠯᠠᠮᠵᠢᠯᠠᠭᠳᠠᠭᠰᠠᠨ ᠶᠤᠮ》[13] ᠭᠡᠵᠡᠢ᠃ ᠠ᠋ᠳᠡᠭᠡᠷ ᠲᠡᠤᠬᠡ ᠵᠢᠨ ᠪᠠᠷᠢᠮᠳᠠ᠎ᠠᠴᠠ ᠥᠵᠡᠪᠡᠯ ᠮᠤᠩᠭᠤᠯᠴᠤᠳ ᠬᠠᠷᠢᠨ ᠬᠢᠳᠡᠳ ᠦᠨᠳᠤᠰᠤᠳᠠᠨ᠎ᠠᠴᠠ 350 ᠭᠠᠷᠤᠢ ᠵᠢᠯ᠎ᠤᠨ ᠠ᠋ᠮᠤᠨ᠎ᠡ 《ᠠ᠋ᠸᠦ᠋ᠺᠯᠢᠳ᠋ᠤᠨ ᠤᠭ ᠪᠢᠴᠢᠭ᠎ᠢ ᠰᠤᠨᠢᠷᠬᠠᠵᠦ ᠰᠤᠳᠥᠯᠵᠦ ᠪᠠᠶ᠋ᠢᠭᠰᠠᠨ》[14] ᠪᠠᠶ᠋ᠢᠨ᠎ᠠ᠃
ᠮᠥᠩᠭᠡ ᠬᠠᠭ᠋ᠠᠨ 《ᠠ᠋ᠸᠦ᠋ᠺᠯᠢᠳ᠋ᠤᠨ ᠤᠭ ᠪᠢᠴᠢᠭ》᠎ᠢ ᠥᠪᠡᠷ ᠵᠶ᠋ᠠᠨ ᠤᠷᠴᠢᠭᠤᠯᠤᠭᠰᠠᠨ ᠥᠭᠡᠢ ᠴᠦ᠍ ᠲᠡᠭᠦᠨ᠎ᠤ ᠤᠳᠤᠷᠢᠳᠤᠯᠭ᠎ᠠ ᠳᠤᠤᠷ᠎ᠠ ᠤᠷᠴᠢᠭᠤᠯᠤᠭᠰᠠᠨ ᠪᠠᠶ᠋ᠢᠵᠦ ᠪᠤᠯᠬᠤ ᠶᠤᠮ᠃ ᠠ᠋ᠷᠳᠡᠮᠲᠡᠨ ᠪᠤᠷᠵᠢᠭᠢᠨ· ᠸᠨᠩᠴᠤᠭ᠄ 《ᠮᠤᠩᠭᠤᠯᠴᠤᠳ᠎ᠤᠨ ᠰᠢᠨᠵᠢᠯᠡᠬᠦ ᠤᠬᠠᠭ᠋ᠠᠨ ᠲᠸᠭᠨᠢᠭ᠎ᠤᠨ ᠲᠡᠤᠬᠡ》 ᠬᠡᠭᠦ ᠨᠤᠮ᠎ᠳᠤ᠎ᠪᠠᠨ᠄ 《ᠶᠤᠸᠠᠨ ᠤᠯᠤᠰ᠎ᠤᠨ ᠪᠢᠴᠢᠭᠡᠴᠢ ᠵᠢᠨ ᠶᠠᠮᠤᠨ᠎ᠤ ᠲᠡᠮᠳᠡᠭᠯᠡᠯ᠎ᠳᠤ ᠠ᠋ᠸᠦ᠋ᠺᠯᠢᠳ᠋ᠤᠨ ᠳᠥᠷᠪᠡᠨ ᠮᠥᠴᠡ ᠵᠢᠨ ᠪᠤᠳᠤᠬᠤ ᠠᠷᠭ᠎ᠠ ᠵᠢᠨ ᠬᠡᠰᠡᠭᠯᠡᠯ ᠲᠤᠭ᠎ᠠ 15 ᠪᠥᠯᠥᠭ ᠨᠢᠭᠡᠨ ᠵᠥᠢ᠍ᠯ ᠪᠤᠢ᠃ ᠠ᠋ᠨᠡ ᠪᠣᠯ ᠶᠠᠭ 〈ᠠ᠋ᠸᠦ᠋ᠺᠯᠢᠳ᠋ᠤᠨ ᠤᠭ ᠪᠢᠴᠢᠭ〉᠎ᠤᠨ ᠠᠷᠠᠪ ᠬᠡᠯᠡᠨ᠎ᠤ ᠤᠷᠴᠢᠭᠤᠯᠭ᠎ᠠ ᠮᠥᠨ》[15] ᠭᠡᠵᠡᠢ᠃ ᠡ᠊ᠨᠳᠡ ᠶᠠᠷᠢᠵᠦ ᠪᠠᠶ᠋ᠢᠭ᠎ᠠ ᠤᠮᠠᠷᠠᠳᠥ ᠵᠤᠷᠭ᠋ᠠᠨ᠎ᠤ ᠤᠳᠤᠨ ᠤᠷᠤᠨ᠎ᠤ ᠤᠷᠭᠢᠯ ᠭᠡᠭᠴᠢ ᠪᠣᠯ ᠬᠤᠪᠢᠯᠠᠢ ᠬᠠᠭ᠋ᠠᠨ᠎ᠤ ᠥᠶ᠎ᠡ᠎ᠳᠤ ᠪᠠᠶ᠋ᠢᠭᠤᠯᠤᠭᠰᠠᠨ ᠲᠡᠭᠡᠳᠤ ᠨᠠᠢ᠍ᠢ᠍ᠰᠯᠠᠯᠳᠤᠬᠢ ᠤᠳᠤᠨ ᠤᠷᠤᠨ᠎ᠤ ᠤᠷᠭᠢᠯ-《ᠤᠳᠤᠨ ᠤᠷᠤᠨ᠎ᠢ ᠰᠢᠨᠵᠢᠯᠡᠬᠦ ᠥᠷᠳᠡᠭᠡ》 ᠵᠢ ᠵᠢᠭ᠋ᠠᠵᠦ ᠪᠠᠶ᠋ᠢᠨ᠎ᠠ᠃
ᠮᠥᠩᠭᠡ ᠬᠠᠭ᠋ᠠᠨ᠎ᠤ ᠥᠶ᠎ᠡ᠎ᠳᠤ ᠮᠤᠩᠭᠤᠯ ᠵᠶ᠋ᠠᠷ ᠤᠷᠴᠢᠭᠤᠯᠤᠭᠳᠠᠭᠰᠠᠨ 《ᠠ᠋ᠸᠦ᠋ᠺᠯᠢᠳ᠋ᠤᠨ ᠤᠭ ᠪᠢᠴᠢᠭ》 ᠭᠡᠭᠦ ᠠ᠋ᠨᠡ ᠭᠦ᠌ ᠥᠨᠡᠳᠦ ᠨᠤᠮ ᠬᠤᠶ᠋ᠢᠴᠢ ᠥᠶ᠎ᠡ ᠵᠢᠨ ᠮᠤᠩᠭᠤᠯᠴᠤᠳ᠎ᠲᠤ ᠤᠯᠠᠮᠵᠢᠯᠠᠭᠳᠠᠵᠦ ᠳᠡᠶ᠋ᠢᠯᠦᠭᠰᠡᠨ ᠥᠭᠡᠢ᠂ ᠶᠤᠸᠠᠨ ᠤᠯᠤᠰ᠎ᠤᠨ ᠲᠡᠭᠡᠳᠤ ᠨᠠᠢ᠍ᠢ᠍ᠰᠯᠡᠯᠳᠤ ᠬᠠᠳᠠᠭ᠋ᠠᠯᠠᠭᠳᠠᠵᠤ ᠪᠠᠶ᠋ᠢᠭ᠋ᠠᠳ 《ᠮᠢᠩ ᠤᠯᠤᠰ᠎ᠤᠨ ᠬᠠᠭ᠋ᠠᠨ ᠵᠥ᠍ ᠶᠤᠸᠠᠨ ᠵᠠᠩ᠂ ᠶᠤᠸᠠᠨ ᠤᠯᠤᠰ᠎ᠤᠨ 〈ᠬᠠᠭ᠋ᠠᠨ ᠰᠥᠷ〉᠎ᠢ ᠳᠠᠷᠤᠬᠤ ᠲᠡᠷᠡ ᠥᠶ᠎ᠡ ᠵᠢᠨ ᠪᠢᠴᠢᠭ ᠨᠤᠮ᠎ᠢ ᠰᠢᠳᠠᠭ᠋ᠠᠵᠦ ᠰᠥᠢ᠍ᠳᠭᠡᠭᠰᠡᠨᠲᠠᠢ ᠬᠤᠯᠪᠤᠭᠳᠠᠯ᠎ᠲᠠᠢ ᠪᠤᠯᠤᠯᠳᠠᠢ》 ᠭᠡᠵᠦ ᠰᠤᠳᠤᠯᠤᠭ᠋ᠠᠴᠢ ᠥᠭᠡᠯᠡᠳ᠂ ᠨᠢᠮ᠎ᠠ 《ᠶᠤᠸᠠᠨ ᠤᠯᠤᠰ᠎ᠤᠨ ᠠᠰᠲᠷᠤᠨᠤᠮᠢ ᠵᠢᠨ ᠲᠡᠥᠬᠡ ᠵᠢᠨ ᠨᠠᠪᠳᠠᠷᠠᠭ》 ᠬᠡᠬᠦ ᠨᠤᠮ᠎ᠳᠤ᠎ᠪᠠᠨ ᠲᠡᠮᠳᠡᠭᠯᠡᠭᠰᠡᠨ ᠪᠠᠶ᠋ᠢᠨ᠎ᠠ᠃ ᠪᠠᠰᠠ ᠲᠤᠰ ᠨᠤᠮ᠎ᠳᠤ᠄ 《ᠶᠤᠸᠠᠨ ᠤᠯᠤᠰ᠎ᠤᠨ ᠬᠠᠭ᠋ᠠᠨ᠎ᠤ ᠤᠷᠳᠤᠨ᠎ᠤ ᠪᠢᠴᠢᠭᠡᠴᠢ ᠵᠢᠨ ᠶᠠᠮᠤᠨ — ᠬᠠᠭ᠋ᠠᠨ᠎ᠤ ᠤᠷᠳᠤᠨ᠎ᠤ ᠨᠤᠮ᠎ᠤᠨ ᠰᠠᠩ᠎ᠳᠤ ᠲᠤᠬᠠᠢ ᠵᠢᠨ ᠥᠶ᠎ᠡ᠎ᠳᠤ ᠶᠤᠸᠠᠨ ᠤᠯᠤᠰ᠎ᠤᠨ ᠬᠠᠭ᠋ᠠᠨ᠎ᠤ ᠤᠷᠳᠤᠨ᠎ᠤ ᠳᠥᠰᠢᠮᠡᠯ ᠪᠠᠶ᠋ᠢᠭᠰᠠᠨ ᠰᠠᠷᠳᠠᠭᠤᠯ ᠠ᠋ᠷᠳᠡᠮᠳᠡᠨ ᠵᠠᠮᠠᠯ — ᠠᠯ — ᠳ᠋ᠢᠨᠤ ᠠᠪᠴᠢᠷᠠᠭᠰᠠᠨ ᠠᠷᠠᠪ ᠬᠡᠯᠡ᠎ᠪᠠᠷ ᠪᠢᠴᠢᠭᠳᠡᠭᠰᠡᠨ ᠠ᠋ᠷᠳᠡᠨ᠎ᠤ ᠠᠷᠠᠪ ᠬᠢᠭᠡᠳ ᠭ᠋ᠷᠧᠭ᠎ᠤᠨ ᠠ᠋ᠷᠳᠡᠮ ᠰᠢᠨᠵᠢᠯᠡᠭᠡᠨ᠎ᠤ ᠵᠤᠬᠢᠶᠠᠯ ᠪᠥᠳᠥᠭᠡᠯ — ᠠᠰᠲᠷᠤᠨᠤᠮᠢ (ᠤᠳᠤᠨ ᠤᠷᠤᠨ᠎ᠤ ᠰᠤᠳᠤᠯᠭ᠋ᠠᠨ)᠂ ᠲᠤᠭ᠋ᠠᠨ᠎ᠤ ᠤᠬᠠᠭ᠋ᠠᠨ᠂ ᠭᠠᠵᠠᠷ ᠵᠥᠢ᠂ ᠲᠡᠤᠬᠡ᠂ ᠠᠨᠠᠭ᠋ᠠᠬᠤ ᠤᠬᠠᠭ᠋ᠠᠨ᠂ ᠭᠥᠨ ᠤᠬᠠᠭ᠋ᠠᠨ᠂ ᠤᠳᠬ᠎ᠠ ᠵᠤᠬᠢᠶᠠᠯ᠂ ᠮᠸᠬᠠᠨᠢᠭ ᠰᠤᠳᠤᠯᠤᠯ᠂ ᠲᠡᠮᠤᠷ᠎ᠤᠨ ᠲᠠᠷᠬᠠᠨ᠎ᠤ ᠤᠨᠤᠯ᠂ ᠵᠢᠷᠤᠬᠠᠢ ᠰᠤᠳᠤᠯᠤᠯ ᠪᠤᠯᠤᠨ ᠤᠳᠤᠨ ᠤᠷᠤᠨ᠎ᠤ ᠰᠤᠳᠤᠯᠤᠯ᠎ᠤᠨ ᠪᠠᠭ᠋ᠠᠵᠢ ᠬᠡᠮᠵᠢᠬᠦᠷ ᠥᠢ᠍ᠯᠡᠳᠬᠦ ᠶᠤᠰᠥ ᠵᠢᠴᠢ ᠬᠡᠷᠡᠭᠯᠡᠬᠦ ᠠᠷᠭ᠎ᠠ ᠵᠡᠷᠭᠡ ᠤᠯᠠᠨ ᠵᠥᠢ᠍ᠯ᠎ᠤᠨ ᠰᠢᠨᠵᠢᠯᠡᠬᠦ ᠤᠬᠠᠭ᠋ᠠᠨ᠎ᠤ ᠬᠥᠷᠢᠶ᠎ᠡ ᠬᠡᠪᠴᠢᠶ᠎ᠡ ᠵᠢ ᠪᠠᠭᠳᠠᠭ᠋ᠠᠭᠰᠠᠨ ᠲᠤᠬᠠᠢ ᠵᠢᠨ ᠥᠶ᠎ᠡ ᠵᠢᠨ ᠳᠡᠯᠡᠬᠡᠢ ᠳ᠋ᠠᠬᠢᠨ᠎ᠤ ᠤᠬᠢ ᠰᠠᠶ᠋ᠢᠨ ᠲᠤᠯᠭᠤᠷ ᠪᠢᠴᠢᠭ᠎ᠤᠳ ᠪᠠᠶ᠋ᠢᠵᠡᠢ》[16] ᠭᠡᠵᠡᠢ᠃
ᠭᠤᠷᠪᠠ᠂ ᠲᠣᠪᠴᠢ ᠳ᠋ᠦᠩᠨᠡᠯᠲᠡ
ᠮᠥᠩᠭᠡ ᠬᠠᠭ᠋ᠠᠨ᠎ᠤ ᠥᠶ᠎ᠡ᠎ᠳᠤ ᠮᠤᠩᠭᠤᠯ ᠵᠶ᠋ᠠᠷ ᠤᠷᠴᠢᠭᠤᠯᠤᠭᠳᠠᠭᠰᠠᠨ 《ᠠ᠋ᠸᠦ᠋ᠺᠯᠢᠳ᠋ᠤᠨ ᠤᠭ ᠪᠢᠴᠢᠭ》 ᠪᠣᠯ ᠮᠤᠩᠭᠤᠯ ᠬᠡᠯᠡᠨ᠎ᠤ ᠪᠠᠶ᠋ᠢᠭ᠋ᠠᠯᠢ ᠵᠢᠨ ᠰᠢᠨᠵᠢᠯᠡᠬᠦ ᠤᠬᠠᠭ᠋ᠠᠨ᠎ᠤ ᠬᠠᠮᠤᠭ᠎ᠤᠨ ᠠ᠋ᠷᠳᠡᠨ᠎ᠤ ᠵᠤᠬᠢᠶᠠᠯ ᠪᠤᠯᠬᠤ ᠪᠥᠭᠡᠳ ᠮᠤᠩᠭᠤᠯ ᠲᠡᠥᠬᠡ ᠰᠣᠶᠣᠯ᠎ᠤᠨ ᠪᠠᠰᠠ ᠨᠢᠭᠡᠨ ᠥᠨᠡᠳᠦ ᠠ᠋ᠷᠳᠡᠨᠢ ᠪᠤᠯᠬᠤ᠎ᠨᠢ ᠳᠠᠮᠵᠢᠭ ᠥᠭᠡᠢ ᠶᠤᠮ᠃ 《ᠠ᠋ᠸᠦ᠋ᠺᠯᠢᠳ᠋ᠤᠨ ᠤᠭ ᠪᠢᠴᠢᠭ》 ᠬᠡᠮᠡᠬᠦ ᠬᠥᠮᠥᠨ ᠲᠥᠷᠥᠯᠬᠢᠲᠡᠨ᠎ᠤ ᠠᠭᠤᠤ ᠰᠣᠳᠣᠨ ᠪᠦᠲᠦᠭᠡᠯ᠎ᠢ ᠮᠣᠩᠭᠤᠯ᠎ᠤᠨ ᠨᠢᠭᠡᠨ ᠦᠶ᠎ᠡ ᠵᠢᠨ ᠶᠡᠭᠡ ᠬᠠᠭ᠋ᠠᠨ ᠮᠦᠨᠭᠭᠡ ᠰᠤᠳᠤᠯᠤᠨ ᠰᠢᠨᠵᠢᠯᠡᠵᠦ ᠪᠠᠶ᠋ᠢᠭᠰᠠᠨ ᠶᠠᠪᠤᠳᠠᠯ ᠪᠣᠯ ᠮᠠᠰᠢ ᠰᠣᠨᠢᠷᠬᠠᠯᠲᠠᠢ ᠪᠥᠭᠡᠳ ᠰᠤᠳᠤᠯᠤᠭᠤᠰᠢᠲᠠᠢ ᠤᠴᠢᠷ ᠶᠤᠮ᠃ 《ᠠ᠋ᠸᠦ᠋ᠺᠯᠢᠳ᠋ᠤᠨ ᠤᠭ ᠪᠢᠴᠢᠭ》᠎ᠨᠢ ᠠ᠋ᠳᠦᠭᠡ ᠬᠦᠷᠲᠡᠯ᠎ᠡ ᠮᠣᠩᠭᠤᠯ ᠵᠶ᠋ᠠᠷ ᠪᠦᠷᠢᠨ ᠪᠦᠲᠦᠨ ᠣᠷᠴᠢᠭᠤᠯᠤᠭᠳᠠᠵᠤ ᠭᠠᠷᠤᠭ᠋ᠠᠳᠤᠢ ᠪᠠᠶ᠋ᠢᠭᠰᠠᠭ᠋ᠠᠷ᠃ ᠠ᠋ᠶ᠋ᠢᠮᠦ᠎ᠠᠴᠠ ᠮᠣᠩᠭᠤᠯ ᠦᠨᠳᠦᠰᠦᠲᠡᠨ᠎ᠤ ᠲᠡᠥᠬᠡ ᠰᠣᠶᠣᠯ᠎ᠲᠠᠢ ᠨᠢᠭᠲᠠ ᠬᠤᠯᠪᠣᠭ᠎ᠠ ᠪᠦᠬᠦᠢ ᠠ᠋ᠨᠡ ᠬᠦ᠌ ᠠᠪᠤᠷᠭᠤ ᠪᠦᠲᠦᠭᠡᠯ᠎ᠢ ᠮᠣᠩᠭᠤᠯ ᠵᠶ᠋ᠠᠷ ᠣᠷᠴᠢᠭᠤᠯᠤᠨ ᠭᠠᠷᠭ᠋ᠠᠬᠤ ᠶᠠᠪᠤᠳᠠᠯ ᠴᠠᠭ ᠦᠶ᠎ᠡ ᠵᠢᠨ ᠵᠠᠶ᠋ᠢᠯᠠᠰᠢ ᠦᠭᠡᠢ ᠨᠢᠭᠡᠨ ᠱᠠᠭ᠋ᠠᠷᠳᠠᠯᠭ᠎ᠠ ᠪᠣᠯᠣᠭ᠋ᠠᠳ ᠪᠣᠢ᠃
ᠪᠢᠳᠠ 《ᠠ᠋ᠸᠦ᠋ᠺᠯᠢᠳ᠋ᠤᠨ ᠤᠭ ᠪᠢᠴᠢᠭ》᠎ᠢ ᠪᠠᠭᠲᠠᠭ᠋ᠠᠭᠰᠠᠨ ᠪᠠᠶ᠋ᠢᠭ᠋ᠠᠯᠢ ᠵᠢᠨ ᠰᠢᠨᠵᠢᠯᠡᠬᠦ ᠤᠬᠠᠭ᠋ᠠᠨ᠎ᠤ ᠰᠣᠩᠭᠤᠳᠠᠭ ᠪᠦᠲᠦᠭᠡᠯ᠎ᠤᠳ᠎ᠤᠨ ᠳᠣᠬᠠᠢ ᠰᠤᠷᠲᠠᠯᠴᠢᠯᠠᠨ ᠤᠬᠠᠭᠤᠯᠬᠤ᠎ᠪᠠᠷ ᠳᠠᠮᠵᠢᠨ ᠣᠯᠠᠨ ᠨᠡᠶ᠋ᠢᠲᠡ᠂ ᠢᠯᠠᠩᠭᠤᠶ᠎ᠠ ᠵᠠᠯᠠᠭᠤ ᠪᠠᠭ᠋ᠠᠴᠤᠳ᠎ᠤᠨ ᠰᠢᠨᠵᠢᠯᠡᠬᠦ ᠤᠬᠠᠭ᠋ᠠᠨ᠎ᠤ ᠲᠡᠥᠬᠡ ᠵᠢᠨ ᠮᠡᠳᠡᠯᠭᠡ ᠵᠢᠨ ᠬᠦᠷᠢᠶ᠎ᠡ ᠬᠡᠪᠴᠢᠶ᠎ᠡ ᠵᠢ ᠲᠡᠯᠡᠵᠦ᠂ ᠲᠡᠳᠡᠨ᠎ᠤ ᠰᠣᠨᠢᠷᠬᠠᠯ᠎ᠢ ᠳᠠᠶ᠋ᠢᠴᠢᠯᠠᠵᠤ᠂ ᠬᠥᠮᠥᠨ ᠲᠥᠷᠥᠯᠬᠢᠲᠡᠨ᠎ᠤ ᠣᠶᠤᠨ ᠤᠬᠠᠭ᠋ᠠᠨ᠎ᠤ ᠠ᠋ᠭᠦᠳᠦᠨ ᠪᠦᠲᠦᠭᠡᠯᠲᠡ ᠪᠣᠯ ᠥᠨᠢ ᠠ᠋ᠭᠦᠷᠢᠳᠡ ᠵᠢᠨ ᠳᠠᠪᠲᠠᠭᠳᠠᠰᠢ ᠦᠭᠡᠢ ᠴᠢᠨᠠᠷᠲᠠᠢ ᠪᠠᠶ᠋ᠢᠳᠠᠭ ᠭᠡᠳᠡᠭ᠎ᠢ ᠤᠯᠠᠮ ᠭᠦᠨᠵᠡᠭᠡᠢ ᠲᠠᠨᠢᠭᠤᠯᠵᠤ᠂ ᠣᠶᠣᠨ ᠮᠡᠳᠡᠯᠭᠡ ᠰᠢᠮᠳᠠᠨ ᠰᠤᠷᠤᠯᠴᠠᠭ᠍ᠤ ᠵᠢᠨ ᠷᠢᠳᠢ ᠰᠢᠳᠢ ᠵᠢ ᠠᠮᠢᠳᠤ ᠳᠦᠷᠰᠦᠯᠢᠭ ᠵᠶ᠋ᠠᠷ ᠣᠶ᠋ᠢᠯᠠᠭ᠋ᠠᠭᠤᠯᠵᠤ ᠪᠣᠯᠣᠨ᠎ᠠ᠃
ᠵᠡᠭᠦᠯᠲᠡ ᠲᠠᠶ᠋ᠢᠯᠪᠤᠷᠢ
[1][2] ᠠ᠋ᠸᠦ᠋ᠺᠯᠢᠳ᠋ᠤᠨ ᠤᠭ ᠪᠢᠴᠢᠭ᠂ ᠸᠸᠢ ᠫᠢᠩ ᠤᠷᠴᠢᠭᠤᠯᠵᠤ᠂ ᠱᠤ᠌ ᠱ᠌ᠢ ᠴᠠᠨ ᠬᠢᠨᠠᠪᠠ᠂ ᠱᠠᠨᠰᠢ ᠵᠢᠨ ᠬᠡᠪᠯᠡᠯ᠎ᠤᠨ ᠬᠤᠷᠢᠶ᠎ᠠ᠂ 2010᠄ 5᠂ 6
[3] ᠠ᠋ᠸᠦ᠋ᠺᠯᠢᠳ᠋ᠤᠨ ᠤᠭ ᠪᠢᠴᠢᠭ᠂ ᠮᠡᠳᠡᠯᠳᠦ ᠵᠢᠨ ᠮᠤᠩᠭᠤᠯᠴᠢᠯᠠᠭ᠎ᠠ ᠵᠢᠨ 《ᠤᠷᠤᠰᠢᠯ》[M]· ᠥᠪᠥᠷ ᠮᠤᠩᠭᠤᠯ᠎ᠤᠨ ᠠᠷᠠᠳ᠎ᠤᠨ ᠬᠡᠪᠯᠡᠯ᠎ᠤᠨ ᠬᠤᠷᠢᠶ᠎ᠠ᠂ 1986
[4] ᠵᠡᠷᠭᠡᠴᠡᠭᠡ ᠱᠤᠭᠤᠮ ᠭᠡᠳᠡᠭ᠎ᠨᠢ ᠵᠡᠷᠭᠡᠴᠡᠭᠡ ᠰᠢᠯᠤᠭᠤᠨᠢ ᠬᠡᠯᠡᠵᠦ ᠪᠠᠶ᠋ᠢᠨ᠎ᠠ
[5] ᠰᠢᠯᠤᠭᠤᠨ ᠱᠤᠭᠤᠮ ᠭᠡᠳᠡᠭ᠎ᠨᠢ ᠰᠢᠯᠤᠭᠤᠨᠢ ᠬᠡᠯᠡᠵᠦ ᠪᠠᠶ᠋ᠢᠨ᠎ᠠ
[6][ᠶᠠᠫᠤᠨ] ᠺᠠᠽᠦ᠋ᠪᠣᠵᠢ ᠲᠠᠺᠠᠶ᠋ᠢᠰᠢ᠂ ᠤᠲ᠋ᠠᠲ ᠮᠠᠼᠤᠢ᠍ᠸᠤ᠋· ᠴᠢᠩᠭᠢᠰ ᠬᠠᠭ᠋ᠠᠨ ᠬᠤᠪᠢᠯᠠᠢ ᠬᠠᠭ᠋ᠠᠨ[M]· ᠭᠦᠭᠡᠬᠤᠳᠠ᠄ ᠲᠠᠯᠭᠡᠷᠴᠤᠭᠳᠤ᠂ ᠰᠤᠳᠨᠠᠮᠳᠠᠷᠵᠠ᠂ ᠰᠠᠴᠠᠨ᠂ ᠪᠤᠶᠠᠨᠳᠠᠯᠭᠡᠷ ᠤᠷᠴᠢᠭᠤᠯᠪᠠ᠂ ᠥᠪᠥᠷ ᠮᠤᠩᠭᠤᠯ᠎ᠤᠨ ᠰᠤᠷᠭ᠋ᠠᠨ ᠬᠥᠮᠥᠵᠢᠯ᠎ᠤᠨ ᠬᠡᠪᠯᠡᠯ᠎ᠤᠨ ᠬᠤᠷᠢᠶ᠎ᠠ᠂ 1987᠄ 293᠂ 296-297
[7][ᠫᠸᠷᠰ] ᠷᠢᠰᠢᠳ᠋ — ᠠᠳ᠋ — ᠳ᠋ᠢᠨ ᠨᠠᠢ᠍ᠢ᠍ᠷᠠᠭᠤᠯᠪᠠ᠂ ᠰᠤᠳᠤᠷ᠎ᠤᠨ ᠴᠢᠭᠤᠯᠭ᠋ᠠᠨ[M]·[ᠮᠤᠨᠭ᠌ᠭᠤᠯ ᠤᠯᠤᠰ] ᠰᠦᠷᠤᠨᠭ᠌ᠬᠤᠷᠯᠸᠠ ᠮᠤᠨᠭ᠌ᠭᠤᠯᠴᠢᠯᠠᠪᠠ᠂ ᠪᠠᠯᠵᠢᠨᠢᠮ᠎ᠠ ᠪᠠᠭᠤᠯᠭ᠋ᠠᠪᠠ᠂ ᠪᠠᠭᠡᠵᠢᠩ᠄ ᠦᠨᠳᠤᠰᠤᠳᠠᠨ᠎ᠤ ᠭᠡᠪᠯᠡᠯ᠎ᠤᠨ ᠬᠤᠷᠢᠶ᠎ᠠ᠂ 2013᠄ 549
[8] ᠫᠯᠠᠨ ᠺᠠᠷᠫᠢᠨ᠂ ᠸᠢᠯᠢᠶᠠᠮ ᠷᠤᠢ᠍ᠪᠷᠦᠢ᠍ᠭ ᠮᠤᠨᠭ᠌ᠭᠤᠯ᠎ᠳᠤ ᠵᠢᠭᠤᠯᠴᠢᠯᠠᠭᠰᠠᠨ ᠲᠡᠮᠳᠡᠭᠯᠡᠯ[M]· ᠭᠡᠷᠡᠯᠴᠤᠭᠳᠤ ᠤᠷᠴᠢᠭᠤᠯᠪᠠ᠂ ᠭᠦᠭᠡᠬᠤᠳᠠ᠄ ᠦᠪᠤᠷ ᠮᠤᠨᠭ᠌ᠭᠤᠯ᠎ᠤᠨ ᠰᠤᠷᠭ᠋ᠠᠨ ᠭᠦᠮᠦᠵᠢᠯ᠎ᠤᠨ ᠭᠡᠪᠯᠡᠯ᠎ᠤᠨ ᠬᠤᠷᠢᠶ᠎ᠠ᠂ 1987᠄ 100
[9] ᠲᠠᠢ᠍ᠢ᠍ᠴᠢᠭᠤᠳ· ᠮᠠᠨᠰᠠᠩ ᠠ᠋ᠷᠬᠢᠯᠡᠨ ᠨᠠᠢ᠍ᠢ᠍ᠷᠠᠭᠤᠯᠪᠠ᠂ ᠮᠤᠨᠭ᠌ᠭᠤᠯ ᠦᠨᠳᠤᠰᠤᠳᠠᠨ᠎ᠤ ᠪᠦᠷᠢᠨ ᠲᠡᠦᠭᠡ (ᠲᠠᠪᠤᠳᠤᠭ᠋ᠠᠷ ᠲᠠᠪᠳᠠᠷ)[M]· ᠮᠦᠭᠳᠡᠨ᠄ ᠯᠢᠶᠤᠤᠨᠢᠩ᠎ᠤᠨ ᠦᠨᠳᠤᠰᠤᠳᠠᠨ᠎ᠤ ᠭᠡᠪᠯᠡᠯ᠎ᠤᠨ ᠬᠤᠷᠢᠶ᠎ᠠ᠂ 2004᠄ 228
[10][13]1982 ᠤᠨ᠎ᠳᠤ ᠪᠤᠯᠤᠭᠰᠠᠨ ᠮᠤᠩᠭᠤᠯ ᠥᠨᠳᠥᠰᠥᠳᠡᠨ᠎ᠤ ᠭᠥᠨ ᠤᠬᠠᠭ᠋ᠠᠨ᠎ᠤ ᠲᠡᠤᠬᠡ ᠰᠤᠳᠤᠯᠬᠤ ᠨᠡᠶ᠋ᠢᠭᠡᠮᠯᠢᠭ ᠪᠠᠶ᠋ᠢᠭᠤᠯᠤᠭᠳᠠᠭ᠍ᠤ ᠬᠤᠷᠠᠯ ᠳᠡᠭᠡᠷ᠎ᠡ ᠳᠤᠮᠳᠠᠳᠦ ᠤᠯᠤᠰ᠎ᠤᠨ ᠠᠷᠠᠳ᠎ᠤᠨ ᠶᠡᠭᠡ ᠰᠤᠷᠭ᠋ᠠᠭᠤᠯᠢ ᠵᠢᠨ ᠭᠥᠨ ᠤᠬᠠᠭ᠋ᠠᠨ᠎ᠤ ᠰᠠᠯᠪᠤᠷᠢ ᠵᠢᠨ ᠫᠷᠤᠹᠸᠰᠰᠤᠷ᠂ ᠳᠤᠮᠳᠠᠳᠦ ᠤᠯᠤᠰ᠎ᠤᠨ ᠭᠥᠨ ᠤᠬᠠᠭ᠋ᠠᠨ᠎ᠤ ᠲᠡᠤᠬᠡ ᠵᠢᠨ ᠨᠡᠶ᠋ᠢᠭᠡᠮᠯᠢᠭ᠎ᠤᠨ ᠳᠡᠳ᠋ ᠳᠠᠷᠤᠭ᠎ᠠ ᠱ᠌ᠢ ᠵᠢᠶᠦ᠋ᠨ᠎ᠤ ᠬᠢᠭᠰᠡᠨ ᠠ᠋ᠷᠳᠡᠮ ᠰᠢᠨᠵᠢᠯᠡᠭᠡᠨ᠎ᠤ ᠢᠯᠡᠳᠭᠡᠯ᠎ᠠᠴᠠ
[11] ᠳᠤᠮᠳᠠᠳᠦ ᠤᠯᠤᠰ᠎ᠤᠨ ᠪᠠᠶ᠋ᠢᠭ᠋ᠠᠯᠢ ᠵᠢᠨ ᠰᠢᠨᠵᠢᠯᠡᠬᠦ ᠤᠬᠠᠭ᠋ᠠᠨ᠎ᠤ ᠲᠡᠤᠬᠡ ᠰᠤᠳᠤᠯᠬᠤ ᠭᠠᠵᠠᠷ᠂ ᠳᠤᠮᠳᠠᠳᠦ ᠤᠯᠤᠰ᠎ᠤᠨ ᠠ᠋ᠷᠳᠡᠨ᠎ᠤ ᠰᠢᠨᠵᠢᠯᠡᠬᠦ ᠤᠬᠠᠭ᠋ᠠᠨ ᠲᠸᠭᠨᠢᠭ ᠮᠡᠷᠭᠡᠵᠢᠯ᠎ᠤᠨ ᠠᠮᠵᠢᠯᠳᠠ· ᠳᠤᠮᠳᠠᠳᠦ ᠤᠯᠤᠰ᠎ᠤᠨ ᠵᠠᠯᠠᠭᠤᠴᠤᠳ ᠰᠡᠳᠭᠦᠯ᠎ᠤᠨ ᠬᠤᠷᠢᠶ᠎ᠠ᠂ 1984᠄ 670
[12][14][15] ᠶᠤᠸᠠᠨ ᠤᠯᠤᠰ᠎ᠤᠨ ᠠᠰᠲᠷᠤᠨᠤᠮᠢ ᠵᠢᠨ ᠲᠡᠥᠬᠡ ᠵᠢᠨ ᠨᠠᠪᠳᠠᠷᠠᠭ[M]· ᠴᠠᠭᠴᠢ ᠦᠭᠡᠯᠡᠳ᠂ ᠨᠢᠮ᠎ᠠ᠂ ᠤᠯᠠᠭ᠋ᠠᠨᠬᠠᠳᠠ᠄ ᠥᠪᠥᠷ ᠮᠤᠩᠭᠤᠯ᠎ᠤᠨ ᠰᠢᠨᠵᠢᠯᠡᠬᠦ ᠤᠬᠠᠭ᠋ᠠᠨ ᠲᠸᠭᠨᠢᠭ ᠮᠡᠷᠭᠡᠵᠢᠯ᠎ᠤᠨ ᠬᠡᠪᠯᠡᠯ᠎ᠤᠨ ᠬᠤᠷᠢᠶ᠎ᠠ᠂ 1993᠄ 52᠂ 58᠂ 152
[16] ᠮᠤᠩᠭᠤᠯᠴᠤᠳ᠎ᠤᠨ ᠰᠢᠨᠵᠢᠯᠡᠬᠦ ᠤᠬᠠᠭ᠋ᠠᠨ ᠲᠸᠭᠨᠢᠭ᠎ᠤᠨ ᠲᠡᠤᠬᠡ᠂ ᠥᠪᠥᠷ ᠮᠤᠩᠭᠤᠯ᠎ᠤᠨ ᠠᠷᠠᠳ᠎ᠤᠨ ᠬᠡᠪᠯᠡᠯ᠎ᠤᠨ ᠬᠤᠷᠢᠶ᠎ᠠ᠂ 2008
ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠠᠪᠠᠭ᠎ᠠ ᠬᠤᠰᠢᠭᠤᠨ᠎ᠤ ᠮᠣᠩᠭᠤᠯ ᠳᠤᠮᠳᠠᠳᠤ ᠰᠤᠷᠭ᠋ᠠᠭᠤᠯᠢ
(ᠠᠯᠲᠠᠨᠰᠦ᠋ᠬᠡ ᠨᠠᠢ᠌ᠷᠠᠭᠤᠯᠪᠠ)
2021 ᠣᠨ᠎ᠤ 2 ᠳ᠋ᠤᠭ᠋ᠠᠷ ᠬᠤᠭᠤᠴᠠᠭ᠎ᠠ