ᠠᠮᠤᠰᠤ
ᠨᠡᠶᠢᠲᠡᠯᠡᠭᠰᠡᠨ ᠴᠠᠭ᠄
2020/7/29
     ᠠᠮᠤᠰᠤ ᠶᠢ ᠰᠢᠰᠢ ᠪᠤᠳᠠᠭ᠎ᠠ᠂ ᠨᠠᠩᠭᠢ ᠪᠤᠳᠠᠭ᠎ᠠ᠂ ᠡᠷᠳᠡᠨᠢ ᠰᠢᠰᠢ᠂ ᠲᠤᠳᠤᠷᠭ᠎ᠠ ᠠᠮᠤ ᠪᠠᠷ ᠪᠦᠷ ᠬᠢᠵᠦ ᠪᠣᠯᠣᠨ᠎ᠠ᠃ ᠰᠢᠰᠢ ᠪᠤᠳᠠᠭ᠎ᠠ ᠪᠣᠶᠣ ᠡᠷᠳᠡᠨᠢ ᠰᠢᠰᠢ ᠶᠢᠨ ᠪᠤᠳᠠᠭ᠎ᠠ ᠪᠠᠷ ᠠᠮᠤᠰᠤ ᠬᠢᠬᠦ ᠳᠤ ᠡᠷᠬᠡᠪᠰᠢ ᠤᠷᠢᠳ ᠢᠶᠠᠷ ᠪᠤᠳᠠᠭ᠎ᠠ ᠪᠠᠨ ᠵᠤᠬᠢᠬᠤ ᠬᠡᠮᠵᠢᠶᠡᠨ ᠤ ᠳᠠᠪᠤᠰᠤ ᠲᠠᠢ ᠤᠰᠤᠨ ᠳᠤ ᠰᠢᠯᠵᠠᠷᠠᠲᠠᠯ᠎ᠠ ᠴᠢᠨᠠᠵᠤ ᠪᠣᠯᠭᠤᠭᠠᠳ ᠰᠢᠭᠦᠵᠦ ᠠᠪᠬᠤ ᠬᠡᠷᠡᠭᠲᠡᠢ᠃ ᠳᠠᠷᠠᠭ᠎ᠠ ᠨᠢ ᠦᠷᠦᠮ᠎ᠡ ᠪᠠᠨ ᠰᠢᠷᠠᠯᠠᠲᠠᠯ᠎ᠠ ᠪᠤᠴᠠᠯᠭᠠᠭᠠᠳ ᠰᠢᠭᠦᠵᠦ ᠠᠪᠤᠭᠰᠠᠨ ᠪᠤᠳᠠᠭ᠎ᠠ ᠪᠠᠨ ᠪᠤᠴᠠᠯᠭᠠᠭᠰᠠᠨ ᠦᠷᠦᠮ᠎ᠡ ᠳᠤᠲᠤᠷ᠎ᠠ ᠪᠠᠨ ᠬᠢᠵᠦ ᠰᠠᠶᠢᠲᠤᠷ ᠬᠦᠳᠡᠯᠭᠡᠭᠡᠳ ᠵᠦᠭᠡᠯᠡᠨ ᠭᠠᠯ ᠳᠡᠭᠡᠷ᠎ᠡ ᠵᠣᠬᠢᠬᠤ ᠬᠡᠮᠵᠢᠶ᠎ᠡ ᠪᠠᠷ ᠪᠤᠴᠠᠯᠭᠠᠨ᠎ᠠ᠃      ᠨᠠᠩᠭᠢ ᠪᠤᠳᠠᠭ᠎ᠠ ᠪᠣᠶᠣ ᠲᠤᠳᠤᠷᠭ᠎ᠠ ᠪᠠᠷ ᠠᠮᠤᠰᠤ ᠬᠢᠬᠦ ᠳᠤ ᠲᠤᠭᠤᠭᠠᠨ ᠳᠠᠭᠠᠨ ᠤᠰᠤ ᠪᠠ ᠦᠷᠦᠮ᠎ᠡ ᠪᠠᠨ ᠵᠤᠬᠢᠬᠤ ᠬᠠᠷᠢᠴᠠᠯ ᠢᠶᠠᠷ ᠬᠢᠵᠦ᠂ ᠮᠦᠨ ᠵᠤᠬᠢᠬᠤ ᠬᠡᠮᠵᠢᠶᠡᠨ ᠤ ᠳᠠᠪᠤᠰᠤ ᠬᠢᠵᠦ ᠪᠤᠴᠠᠯᠭᠠᠨ᠎ᠠ᠃ ᠦᠷᠦᠮ᠎ᠡ ᠲᠠᠢ ᠤᠰᠤ ᠪᠤᠴᠠᠯᠤᠭᠰᠠᠨ ᠬᠤᠶᠢᠨ᠎ᠠ ᠪᠤᠳᠠᠭ᠎ᠠ ᠪᠠᠨ ᠰᠠᠶᠢᠲᠤᠷ ᠣᠬᠢᠶᠠᠭᠠᠳ ᠦᠷᠦᠮ᠎ᠡ ᠲᠠᠢ ᠤᠰᠤᠨ ᠳᠠᠭᠠᠨ ᠬᠢᠵᠦ ᠠᠬᠢᠨ ᠳᠠᠬᠢᠨ ᠬᠦᠳᠡᠯᠭᠡᠵᠦ ᠠᠭᠰᠢᠷᠠᠲᠠᠯ᠎ᠠ ᠴᠢᠨᠠᠨ᠎ᠠ᠃ ᠭᠡᠬᠦ ᠳᠤ ᠤᠰᠤ ᠨᠢ ᠪᠦᠷᠢᠨ ᠰᠢᠷᠭᠢᠵᠦ ᠦᠷᠦᠮ᠎ᠡ ᠨᠢ ᠲᠤᠰᠤ ᠭᠠᠷᠬᠤ ᠬᠡᠮᠵᠢᠶ᠎ᠡ ᠬᠦᠷᠲᠡᠯ᠎ᠡ ᠴᠢᠨᠠᠪᠠᠯ ᠠᠮᠤᠰᠤ ᠪᠣᠯᠴᠢᠬᠠᠳᠠᠭ᠃ ᠠᠮᠤᠰᠤ ᠶᠢ ᠰᠢᠷ᠎ᠠ ᠲᠤᠰᠤ᠂ ᠴᠠᠭᠠᠨ ᠰᠢᠬᠢᠷ ᠲᠠᠢ ᠬᠢᠵᠦ ᠬᠤᠯᠢᠭᠠᠳ ᠢᠳᠡᠳᠡᠭ᠃      ᠵᠠᠷᠤᠳ ᠮᠣᠩᠭᠤᠯᠴᠣᠳ ᠠᠮᠤᠰᠤ ᠶᠢ ᠦᠲᠦᠷᠮ᠎ᠡ ᠲᠠᠬᠢᠬᠤ᠂ ᠳᠠᠯᠠᠯᠭ᠎ᠠ ᠠᠪᠬᠤ᠂ ᠢᠰᠢᠭᠡ ᠬᠤᠷᠠᠭ᠎ᠠ ᠴᠢᠮᠬᠢᠬᠦ ᠳᠤ ᠬᠢᠳᠡᠭ ᠪᠦᠭᠡᠳ ᠡᠨᠡ ᠬᠦ ᠠᠮᠲᠠᠲᠤ ᠢᠳᠡᠭᠡᠨ ᠤ ᠪᠠᠨ ᠳᠡᠭᠡᠵᠢ ᠶᠢ ᠲᠡᠭᠷᠢ ᠪᠤᠷᠬᠠᠨ ᠭᠠᠵᠠᠷ ᠤᠰᠤᠨ ᠳᠠᠭᠠᠨ ᠡᠷᠭᠦᠭᠡᠳ ᠰᠠᠶ᠋ᠢ ᠦᠪᠡᠷ ᠢᠶᠠᠨ ᠢᠳᠡᠳᠡᠭ᠃      ︵ᠢᠷᠡᠯᠲᠡ᠄ ᠲᠡᠮᠦᠷᠬᠤᠶᠠᠭ᠂ ᠬᠦᠷᠡᠯᠱᠠ ᠶᠢᠨ ᠨᠠᠶᠢᠷᠠᠭᠤᠯᠤᠭᠰᠠᠨ ︽ᠵᠠᠷᠤᠳ ᠵᠠᠩ ᠦᠢᠯᠡ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠵᠠᠷᠤᠳ ᠵᠠᠩ ᠦᠢᠯᠡ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号