ᠬᠤᠨᠢ ᠰᠦᠷᠦᠭ ᠢ ᠢᠮᠨᠡᠬᠦ ᠪᠠᠷ ᠭᠤᠣᠯ ᠪᠣᠯᠭᠠᠨ᠎ᠠ᠃ ᠮᠣᠩᠭᠤᠯᠴᠣᠳ ᠡᠷᠲᠡ ᠳᠡᠭᠡᠷ᠎ᠡ ᠦᠶ᠎ᠡ ᠳᠤ ᠵᠦᠪᠬᠡᠨ | ᠠᠳᠤᠭᠤ ᠶᠢ ᠲᠠᠮᠠᠭᠠᠯᠠᠵᠤ ᠪᠠᠶᠢᠭᠰᠠᠨ ᠠᠴᠠ ᠪᠢᠰᠢ ᠲᠠᠪᠤᠨ ᠬᠤᠰᠢᠭᠤ ᠮᠠᠯ ᠤᠨ ᠠᠯᠢ ᠪᠦᠬᠦᠨ ᠢ ᠨᠢ ᠲᠠᠮᠠᠭᠠᠯᠠᠵᠤ | ᠪᠠᠶᠢᠭᠰᠠᠨ ᠦᠭᠡᠢ ᠪᠢᠯᠡ᠃ ᠨᠡᠶᠢᠭᠡᠮ ᠤᠨ ᠬᠦᠭᠵᠢᠯᠲᠡ ᠶᠢ ᠳᠠᠭᠠᠯᠳᠤᠨ ᠲᠠᠪᠤᠨ ᠬᠤᠰᠢᠭᠤ ᠮᠠᠯ ᠶᠡᠭᠡ ᠬᠡᠮᠵᠢᠶ᠎ᠡ ᠪᠠᠷ | ᠦᠷᠡᠵᠢᠨ ᠦᠰᠦᠭᠡᠳ ᠲᠠᠮᠠᠭᠠᠯᠠᠬᠤ ᠪᠠ ᠢᠮᠨᠡᠬᠦ ᠴᠦ ᠦᠷᠭᠡᠨ ᠬᠡᠪᠴᠢᠶᠡᠲᠡᠢ ᠪᠣᠯᠤᠭᠰᠠᠨ ᠪᠠᠶᠢᠨ᠎ᠠ᠃ | ᠮᠠᠯᠴᠢᠳ ᠬᠤᠨᠢ ᠶᠢ ᠢᠮᠨᠡᠬᠦ ᠳᠡᠭᠡᠨ ᠮᠦᠨ ᠠᠳᠤᠭᠤ᠂ ᠦᠬᠡᠷ ᠲᠤ ᠬᠡᠷᠡᠭᠯᠡᠳᠡᠭ ᠢᠮ ᠲᠡᠮᠳᠡᠭ ᠢᠶᠠᠷ ᠪᠣᠷᠤᠭᠤ | ᠲᠠᠯ᠎ᠠ ᠶᠢᠨ ᠴᠢᠬᠢᠨ ᠳᠤᠨᠢ ᠢᠮ ᠬᠢᠳᠡᠭ᠃ ᠣᠯᠠᠩᠬᠢ ᠳᠠᠭᠠᠨ ᠭᠠᠨᠵᠤᠭ᠎ᠠ ᠢᠮ᠂ ᠬᠠᠭᠠᠯᠪᠤᠷᠢ ᠢᠮ ᠪᠠ ᠲᠠᠭᠠᠷᠢᠮᠠᠯ | ᠢᠮ ᠢᠶᠠᠷ ᠢᠮᠨᠡᠳᠡᠭ᠃ ᠬᠤᠨᠢ ᠶᠢ ᠬᠠᠶᠢᠴᠢ ᠪᠠᠷ ᠬᠠᠶᠢᠴᠢᠯᠠᠨ ᠢᠮᠨᠡᠨᠡ᠃ ᠬᠤᠨᠢᠨ ᠰᠦᠷᠦᠭ ᠢᠶᠠᠨ ᠢᠮᠨᠡᠬᠦ ᠳᠤ ᠬᠠᠶᠢᠴᠢ | ᠪᠠᠷᠢᠵᠦ ᠪᠠᠶᠢᠭ᠎ᠠ ᠬᠦᠮᠦᠨ ᠦᠭᠡ ᠳᠠᠭᠤ ᠦᠭᠡᠢ ᠪᠠᠶᠢᠵᠦ ᠪᠣᠯᠬᠤ ᠦᠭᠡᠢ᠂ ᠴᠢᠯᠦᠭᠡ ᠵᠠᠪ ᠦᠭᠡᠢ ︽ᠮᠠᠯ ᠰᠦᠷᠦᠭ | ᠦᠰ᠂ ᠮᠠᠯ ᠰᠦᠷᠦᠭ ᠦᠰ︾ ᠭᠡᠵᠦ ᠶᠠᠷᠢᠵᠦ ᠪᠠᠶᠢᠳᠠᠭ᠃ | ᠬᠤᠨᠢ ᠶᠢ ᠬᠤᠷᠠᠭ᠎ᠠ ᠪᠤᠶᠤ ᠰᠢᠲᠤᠯᠠᠩ ᠤᠨ ᠦᠶ᠎ᠡ ᠳᠤᠨᠢ ᠢᠮᠨᠡᠬᠦ ᠬᠡᠷᠡᠭᠲᠡᠢ᠃ ᠲᠡᠭᠡᠪᠡᠯ ᠳᠤᠲᠠᠭᠤ ᠴᠢᠰᠤ | ᠭᠠᠷᠬᠤ ᠪᠦᠭᠡᠳ ᠡᠳᠡᠭᠡᠷᠡᠬᠦ ᠨᠢ ᠴᠦ ᠬᠤᠷᠳᠤᠨ ᠪᠠᠶᠢᠳᠠᠭ᠃ | | ︵ᠢᠷᠡᠯᠲᠡ᠄ ᠪᠤᠷᠵᠤᠤ᠂ ᠤᠯᠠᠭᠠᠨᠪᠠᠭᠠᠲᠤᠷ᠂ ᠲᠠᠨ᠎ᠠ ᠶᠢᠨ ᠨᠠᠶᠢᠷᠠᠭᠤᠯᠤᠭᠰᠠᠨ ︽ᠲᠠᠪᠤᠨ ᠬᠤᠰᠢᠭᠤ ᠮᠠᠯ ᠤᠨ | ᠠᠷᠠᠴᠢᠯᠠᠭ᠎ᠠ ᠶᠢᠨ ᠰᠤᠶᠤᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶ |