ᠪᠣᠯᠪᠠᠰᠤᠷᠠᠵᠤ ᠭᠦᠢᠴᠡᠭᠰᠡᠨ ᠲᠠᠷᠢᠶ᠎ᠠ ᠶᠢ ᠬᠠᠳᠣᠵᠣ ᠬᠤᠷᠢᠶᠠᠬᠤ ᠪᠣᠯ ᠲᠠᠷᠢᠶᠠᠯᠠᠩ ᠦᠢᠯᠡᠳᠪᠦᠷᠢᠯᠡᠯ ᠤᠨ | ᠴᠢᠬᠤᠯᠠ ᠠᠵᠢᠯᠯᠠᠭ᠎ᠠ ᠮᠦᠨ᠃ ᠡᠬᠢᠯᠡᠵᠦ ᠲᠠᠷᠢᠭᠰᠠᠨ ᠴᠠᠭ ᠠᠴᠠ ᠪᠤᠳᠤᠪᠠᠯ᠂ ᠮᠣᠩᠭᠤᠯ ᠠᠮᠤ ᠪᠠ ᠰᠢᠯᠦᠬᠡᠢ 80 ~ | 90 ᠬᠤᠨᠤᠭ᠂ ᠰᠠᠭᠠᠭ 60 ~ 70 ᠬᠤᠨᠤᠭ ᠲᠤ ᠪᠣᠯᠪᠠᠰᠤᠷᠠᠳᠠᠭ᠃ ᠡᠨᠡ ᠨᠢ ᠶᠡᠷᠦ ᠳᠤ ᠪᠠᠨ ᠪᠢᠯᠢᠭ ᠤᠨ | ᠤᠯᠠᠷᠢᠯ ᠤᠨ ᠨᠠᠢᠮᠠᠨ ᠰᠠᠷ᠎ᠠ ᠶᠢᠨ ᠰᠢᠨᠠᠳ ᠢᠶᠠᠷ ᠲᠤᠬᠢᠶᠠᠯᠳᠤᠳᠠᠭ᠃ ᠦᠪᠦᠷ ᠮᠣᠩᠭᠤᠯ ᠤᠨ ᠵᠡᠭᠦᠨ ᠤᠷᠤᠨ ᠤ | ᠮᠣᠩᠭᠤᠯᠴᠣᠳ ᠲᠠᠷᠢᠶᠠᠨ ᠤ ᠪᠣᠯᠪᠠᠰᠤᠷᠠᠯᠲᠠ ᠶᠢᠨ ᠪᠠᠶᠢᠳᠠᠯ ᠢ ᠪᠦᠭᠡᠯᠵᠢᠬᠦ᠂ ᠲᠤᠯᠤᠭᠠᠢ ᠲᠠᠯᠪᠢᠬᠤ᠂ ᠲᠦᠷᠦᠭᠦᠦ | ᠲᠠᠯᠪᠢᠬᠤ᠂ ᠰᠦ ᠣᠷᠣᠬᠤ᠂ ᠢᠳᠡᠭᠡ ᠰᠠᠭᠤᠬᠤ᠂ ᠪᠤᠳᠠᠭ᠎ᠠ ᠣᠷᠣᠬᠤ ︵ᠬᠤᠶᠠᠷ ᠬᠤᠷᠤᠭᠤ᠂ ᠭᠤᠷᠪᠠᠨ ᠬᠤᠷᠤᠭᠤ᠂ | ᠠᠯᠠᠭ᠎ᠠ ᠳᠠᠷᠣᠮᠠ ᠪᠤᠳᠠᠭ᠎ᠠ ᠣᠷᠣᠬᠤ︶᠂ ᠲᠦᠷᠦᠭᠦᠦ ᠰᠢᠷᠠᠯᠠᠬᠤ ᠭᠡᠬᠦ ᠮᠡᠲᠦ ᠪᠠᠷ ᠨᠡᠷᠡᠯᠡᠳᠡᠭ᠃ ᠮᠣᠩᠭᠤᠯ ᠠᠮᠤ | ᠪᠣᠯᠣᠨ ᠰᠢᠯᠦᠬᠡᠢ ᠶᠢᠨ ᠲᠦᠷᠦᠭᠦᠦ ᠰᠢᠷᠠᠯᠠᠬᠤ ᠳᠤ ᠵᠠᠪᠠᠯ ᠬᠠᠳᠣᠵᠣ ᠬᠤᠷᠢᠶᠠᠬᠤ ᠬᠡᠷᠡᠭᠲᠡᠢ᠃ ᠮᠣᠩᠭᠤᠯᠴᠣᠳ | ᠤᠷᠤᠢ ᠶᠢᠨ ᠲᠠᠷᠢᠶ᠎ᠠ ᠶᠢ ᠤᠷᠢᠳ ᠢᠶᠠᠷ ᠬᠠᠳᠣᠵᠣ ᠬᠤᠷᠢᠶᠠᠭᠠᠳ᠂ ᠳᠠᠷᠠᠭ᠎ᠠ ᠨᠢ ᠡᠷᠲᠡ ᠶᠢᠨ ᠲᠠᠷᠢᠶ᠎ᠠ ᠶᠢ ᠬᠠᠳᠠᠵᠤ | ᠬᠤᠷᠢᠶᠠᠳᠠᠭ᠃ ᠤᠷᠳᠤᠰᠴᠣᠳ ᠪᠣᠯ ᠲᠠᠷᠢᠶᠠᠨ ᠲᠦᠷᠦᠭᠦᠦ ᠨᠠᠮᠤᠷ ᠤᠨ ᠲᠠᠡᠷᠢᠭᠦᠨ ᠰᠠᠷ᠎ᠠ ᠶᠢᠨ ᠡᠬᠢ ᠪᠠᠷ ᠰᠦ | ᠤᠷᠤᠵᠤ ᠪᠠᠶᠢᠭᠰᠠᠨ ᠠᠴᠠ ᠪᠠᠨ ᠠᠭᠠᠷᠴᠠ ᠰᠠᠭᠤᠵᠤ ᠭᠦᠢᠴᠡᠭᠰᠡᠨ ᠦᠶᠡᠰ ᠲᠤ ᠲᠠᠷᠢᠶ᠎ᠠ ᠪᠠᠨ ᠬᠠᠳᠣᠳᠠᠭ᠃ | ᠮᠣᠩᠭᠤᠯᠴᠣᠳ ᠲᠠᠷᠢᠶ᠎ᠠ ᠬᠠᠳᠤᠬᠤ ᠳᠤ ᠪᠠᠨ ᠪᠠᠰᠠ ᠲᠤᠰᠬᠠᠢ ᠶᠤᠰᠤᠯᠠᠯ ᠬᠢᠬᠦ ᠤᠴᠢᠷ ᠪᠣᠢ᠃ ᠣᠷᠳᠣᠰᠴᠣᠳ ᠦᠷ᠎ᠡ | ᠲᠠᠷᠢᠶ᠎ᠠ ᠪᠣᠯᠪᠠᠰᠤᠷᠠᠬᠤ ᠦᠶ᠎ᠡ ᠳᠤ ᠰᠠᠶᠢᠨ ᠡᠳᠦᠷ ᠢ ᠲᠣᠬᠢᠶᠠᠯᠳᠣᠭᠤᠯᠣᠨ ᠲᠠᠷᠢᠶᠠᠨ ᠤ ᠪᠠᠨ ᠪᠣᠯᠪᠠᠰᠤᠷᠠᠭᠰᠠᠨ | ᠲᠦᠷᠦᠭᠦᠦ ᠠᠴᠠ ᠰᠢᠯᠢᠨ ᠰᠣᠩᠭᠤᠵᠣ ᠤᠷᠢᠳ ᠢᠶᠠᠷ ᠨᠢᠭᠡ ᠪᠣᠭᠤᠵᠢ ᠬᠠᠳᠣᠵᠣ ᠠᠪᠳᠠᠭ᠃ ᠲᠡᠭᠦᠨ ᠢᠶᠠᠨ ᠦᠲᠦᠷᠮ᠎ᠡ | ᠳᠡᠭᠡᠷ᠎ᠡ ᠪᠠᠨ ᠠᠪᠠᠴᠢᠵᠤ᠂ ᠠᠮᠤ ᠶᠢ ᠨᠢ ᠰᠠᠯᠭᠠᠵᠤ ᠠᠪᠤᠭᠠᠳ᠂ ᠬᠠᠯᠠᠭᠤᠨ ᠲᠤᠭᠤᠭᠠᠨ ᠳᠤ ᠨᠤᠶᠢᠲᠠᠨ ᠢᠶᠠᠷ ᠨᠢ ᠬᠢᠵᠦ | ᠬᠠᠭᠤᠷᠤᠭᠰᠠᠨ ᠤ ᠳᠠᠷᠠᠭ᠎ᠠ᠂ ᠣᠭᠤᠷ ᠲᠤ ᠬᠢᠭᠡᠳ ᠨᠦᠳᠦᠵᠦ ᠴᠠᠶᠢᠯᠭᠠᠳᠠᠭ᠃ ᠴᠠᠶᠢᠯᠭᠠᠭᠰᠠᠨ ᠠᠮᠤ ᠪᠠᠨ ᠰᠢᠷ᠎ᠠ ᠠᠮᠤ | ᠭᠡᠳᠡᠭ᠃ ᠡᠨᠡ ᠬᠦ ᠰᠢᠷ᠎ᠠ ᠠᠮᠤ ᠪᠠᠨ ᠦᠨᠦᠷ ᠵᠢᠯ ᠤᠨ ᠲᠠᠷᠢᠶᠠᠨ ᠤ ᠪᠠᠨ ᠳᠡᠭᠡᠵᠢ ᠭᠡᠵᠦ ᠠᠬᠠᠮᠠᠳ ᠨᠠᠰᠤᠲᠠᠨ ᠳᠤ ᠪᠠᠨ | ᠡᠷᠭᠦᠨ ᠪᠠᠷᠢᠵᠤ ᠠᠮᠰᠠᠭᠤᠯᠬᠤ ᠶᠢᠨ ᠬᠠᠮᠲᠤ᠂ ᠲᠠᠷᠢᠶ᠎ᠠ ᠪᠤᠯᠪᠠᠰᠤᠷᠠᠭᠰᠠᠨ ᠢ ᠮᠡᠳᠡᠭᠡᠯᠡᠳᠡᠭ᠃ ᠮᠣᠩᠭᠤᠯ ᠣᠯᠣᠰ ᠤᠨ | ᠪᠣᠯᠠᠭᠠᠨ᠂ ᠰᠡᠯᠡᠩᠭᠡ ᠵᠡᠷᠭᠡ ᠨᠤᠲᠤᠭ ᠲᠤ᠂ ᠲᠠᠷᠢᠶ᠎ᠠ ᠬᠠᠳᠤᠬᠤ ᠦᠶ᠎ᠡ ᠳᠤ ᠪᠠᠨ ᠬᠠᠮᠵᠢᠯᠴᠠᠬᠤ ᠪᠠᠷ ᠢᠷᠡᠭᠰᠡᠨ | ᠬᠦᠮᠦᠰ ᠢᠶᠠᠨ ᠰᠢᠨ᠎ᠡ ᠱᠦᠯᠦ ᠭᠠᠷᠭᠠᠨ ᠵᠤᠴᠢᠯᠠᠨ ᠳᠠᠶᠢᠯᠠᠳᠠᠭ ᠵᠠᠩᠰᠢᠯ ᠲᠠᠢ᠃ ᠦᠪᠦᠷ ᠮᠣᠩᠭᠤᠯ ᠤᠨ ᠵᠡᠭᠦᠨ | ᠤᠷᠤᠨ ᠤ ᠮᠣᠩᠭᠤᠯᠴᠤᠤᠳ ᠲᠠᠷᠢᠶᠠᠨ ᠭᠠᠵᠠᠷ ᠤᠨ ᠢᠶᠠᠨ ᠤᠶᠢᠷ᠎ᠠ ᠬᠠᠶᠢᠳᠠᠭ ᠳᠠᠷᠣᠵᠣ ᠰᠠᠭᠤᠭᠠᠳ᠂ ᠲᠠᠷᠢᠶ᠎ᠠ ᠪᠠᠨ | ᠬᠠᠳᠤᠳᠠᠭ᠃ ︵ᠰᠢ· ᠬᠠᠰᠪᠠᠭᠠᠲᠤᠷ︶ | | ︵ᠢᠷᠡᠯᠲᠡ᠄ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠶᠢᠨ ᠬᠡᠪᠯᠡᠭᠰᠡᠨ ︽ᠮᠣᠩᠭᠤᠯ | ᠰᠤᠳᠤᠯᠤᠯ ᠤᠨ ᠨᠡᠪᠲᠡᠷᠬᠡᠢ ᠲᠤᠯᠢ ︵ᠵᠠᠩ ᠦᠢᠯᠡ︶︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶ |