ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠤᠷᠭᠠᠨ ᠬᠦᠮᠦᠵᠢᠯ᠎ᠤᠨ ᠬᠠᠨᠲᠤᠯᠭ᠎ᠠ   -   ᠰᠣᠷᠭᠠᠨ ᠬᠦᠮᠦᠵᠢᠯ᠎ᠤᠨ ᠦᠭᠡᠷᠡᠴᠢᠯᠡᠯᠲᠡ᠎ᠶᠢᠨ ᠦᠷ᠎ᠡ ᠪᠦᠲᠦᠮᠵᠢ
ᠦᠪᠦᠷ ᠮᠤᠨᠭ᠌ᠭᠤᠯ᠎ᠤᠨ ᠬᠤᠳᠠᠯᠳᠤᠭ᠎ᠠ ᠠᠷᠠᠯᠵᠢᠶᠠᠨ᠎ᠤ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ᠎ᠠᠴᠠ 《ᠨᠤᠲᠤᠭ᠎ᠤᠨ ᠳᠠᠭᠤᠤ᠎ᠪᠠᠨ ᠨᠠᠮ᠎ᠳᠤ᠎ᠪᠠᠨ ᠡᠷᠭᠦᠶ᠎ᠡ》 ᠭᠡᠬᠦ ᠳᠠᠭᠤᠤ ᠬᠠᠩᠭᠢᠨᠠᠨᠠᠮ
ᠨᠡᠶ᠋ᠢᠲᠡᠯᠡᠭᠰᠡᠨ ᠴᠠᠭ᠄ 2021-06-10


      ᠬᠤᠪᠢᠰᠬᠠᠯᠲᠤ ᠰᠣᠩᠭᠣᠳᠠᠭ ᠳᠠᠭᠤᠤ ᠵᠢ ᠳᠠᠭᠤᠯᠠᠵᠤ᠂ ᠴᠠᠭ ᠦᠶ᠎ᠡ ᠵᠢᠨ ᠬᠦᠴᠦᠲᠦ ᠳᠠᠭᠤᠨ᠎ᠢ ᠬᠠᠮᠲᠤ᠎ᠪᠠᠷ ᠴᠤᠤᠷᠢᠶᠠᠳᠤᠭᠤᠯᠤᠶ᠎ᠠ᠃ ᠲᠤᠮᠳᠠᠳᠤ ᠤᠯᠤᠰ᠎ᠤᠨ ᠡᠪ ᠬᠠᠮᠳᠤ ᠨᠠᠮ ᠪᠠᠶ᠋ᠢᠭᠤᠯᠤᠭᠳᠠᠭᠰᠠᠨ 100 ᠵᠢᠯ᠎ᠤᠨ ᠤᠢ ᠵᠢ ᠪᠡᠯᠭᠡᠯᠡᠬᠦ ᠵᠢᠨ ᠲᠥᠯᠥᠭᠡ᠂ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠲᠢᠩᠬᠢᠮ᠎ᠠᠴᠠ ᠪᠦᠬᠦ ᠣᠷᠣᠨ᠎ᠤ ᠳᠡᠭᠡᠳᠦ ᠰᠤᠷᠭ᠋ᠠᠭᠤᠯᠢ᠎ᠳᠤ 《ᠮᠠᠭᠲᠠᠭ᠋ᠠᠯ ᠳᠠᠭᠤᠤ᠎ᠪᠠᠨ ᠨᠠᠮ᠎ᠳᠤ᠎ᠪᠠᠨ ᠡᠷᠭᠦᠶ᠎ᠡ · ᠰᠢᠨ᠎ᠡ ᠴᠠᠭ ᠦᠶ᠎ᠡ᠎ᠳᠤ ᠡᠷᠡᠯᠬᠡᠭᠯᠡᠨ ᠤᠷᠤᠭᠰᠢᠯᠠᠶ᠎ᠠ》 ᠭᠡᠬᠦ ᠬᠤᠪᠢᠰᠬᠠᠯᠲᠤ ᠳᠠᠭᠤᠤ ᠵᠢ ᠵᠠᠯᠭ᠋ᠠᠭᠤᠯᠤᠨ ᠳᠠᠭᠤᠯᠠᠬᠤ ᠠᠵᠢᠯᠯᠠᠭ᠎ᠠ ᠵᠢ ᠥᠷᠨᠢᠭᠦᠯᠪᠡ᠃ ᠳᠡᠭᠡᠳᠦ ᠰᠤᠷᠭ᠋ᠠᠭᠤᠯᠢ ᠵᠢᠨ ᠪᠠᠭᠰᠢ ᠰᠤᠷᠤᠭᠴᠢᠳ ᠨᠠᠷᠢᠨ ᠨᠢᠮᠪᠠᠢ ᠳᠡᠯᠭᠡᠷᠡᠭᠦᠯᠵᠦ᠂ ᠵᠠᠯᠭ᠋ᠠᠭᠤᠯᠤᠨ ᠳᠠᠭᠤᠯᠠᠵᠠᠭ᠋ᠠᠵᠤ ᠪᠠᠢ᠌ᠨ᠎ᠠ᠃
      ᠦᠪᠦᠷ ᠮᠤᠨᠭ᠌ᠭᠤᠯ᠎ᠤᠨ ᠬᠤᠳᠠᠯᠳᠤᠭ᠎ᠠ ᠠᠷᠠᠯᠵᠢᠶᠠᠨ᠎ᠤ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ      
     — 《ᠨᠤᠲᠤᠭ᠎ᠤᠨ ᠳᠠᠭᠤᠤ᠎ᠪᠠᠨ ᠨᠠᠮ᠎ᠳᠤ᠎ᠪᠠᠨ ᠡᠷᠭᠦᠶ᠎ᠡ》


        ᠦᠪᠦᠷ ᠮᠤᠨᠭ᠌ᠭᠤᠯ᠎ᠤᠨ ᠬᠤᠳᠠᠯᠳᠤᠭ᠎ᠠ ᠠᠷᠠᠯᠵᠢᠶᠠᠨ᠎ᠤ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ


   


      ᠦᠪᠦᠷ ᠮᠤᠨᠭ᠌ᠭᠤᠯ᠎ᠤᠨ ᠬᠤᠳᠠᠯᠳᠤᠭ᠎ᠠ ᠠᠷᠠᠯᠵᠢᠶᠠᠨ᠎ᠤ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ᠎ᠨᠢ 2003 ᠣᠨ᠎ᠤ 5 ᠰᠠᠷ᠎ᠠ᠎ᠳᠤ ᠪᠠᠶ᠋ᠢᠭᠤᠯᠤᠭᠳᠠᠵᠤ᠂ ᠦᠪᠤᠷ ᠮᠤᠨᠭ᠌ᠭᠤᠯ᠎ᠤᠨ ᠦᠪᠡᠷᠳᠡᠬᠡᠨ ᠵᠠᠰᠠᠬᠤ ᠤᠷᠤᠨ᠎ᠤ ᠠᠷᠠᠳ᠎ᠤᠨ ᠵᠠᠰᠠᠭ᠎ᠤᠨ ᠣᠷᠳᠣᠨ᠎ᠠᠴᠠ ᠡᠷᠬᠢᠯᠡᠭᠰᠡᠨ᠂ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠲᠢᠩᠬᠢᠮ᠎ᠳᠤ ᠰᠢᠭᠤᠳ ᠬᠠᠷᠢᠶᠠᠯᠠᠭᠳᠠᠬᠤ ᠪᠦᠬᠦᠯᠢ ᠡᠳᠦᠷ᠎ᠤᠨ ᠳᠦᠷᠢᠮᠲᠦ ᠠᠯᠪᠠᠨ᠎ᠠᠴᠠ ᠡᠷᠬᠢᠯᠡᠭᠰᠡᠨ ᠡᠩ᠎ᠤᠨ ᠳᠡᠭᠡᠳᠦ ᠵᠡᠷᠭᠡ ᠵᠢᠨ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ ᠪᠣᠯᠤᠨ᠎ᠠ᠂ 2018 ᠣᠨ᠎ᠳᠤ ᠥᠪᠡᠷᠲᠡᠭᠡᠨ ᠵᠠᠰᠠᠬᠤ ᠣᠷᠣᠨ᠎ᠤ ᠠᠩᠬᠠᠳᠠᠭᠴᠢ ᠪᠦᠯᠦᠭ᠎ᠤᠨ ᠳᠠᠭᠤᠷᠢᠶᠠᠯ ᠦᠵᠡᠭᠦᠯᠬᠦ ᠳᠡᠭᠡᠳᠦ ᠵᠡᠷᠭᠡ ᠵᠢᠨ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ᠎ᠪᠠᠷ ᠵᠥᠪᠰᠢᠶᠡᠷᠡᠭᠳᠡᠵᠦ᠂ 2019 ᠣᠨ᠎ᠳᠤ ᠤᠯᠤᠰ᠎ᠤᠨ ᠰᠢᠯᠢᠳᠡᠭ ᠲᠤᠰᠬᠠᠢ ᠮᠡᠷᠭᠡᠵᠢᠯ᠎ᠤᠨ ᠳᠡᠭᠡᠳᠦ ᠵᠡᠷᠭᠡ ᠵᠢᠨ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ᠂ ᠰᠤᠷᠭ᠋ᠠᠨ ᠬᠦᠮᠤᠵᠢᠯ᠎ᠤᠨ ᠶᠠᠮᠤᠨ᠎ᠤ ᠠᠩᠬᠠᠳᠠᠭᠴᠢ ᠪᠥᠯᠦᠭ᠎ᠤᠨ ᠤᠳᠤ ᠦᠶ᠎ᠡ ᠵᠢᠨ ᠱᠠᠪᠢᠯᠠᠬᠤ ᠳᠦᠷᠢᠮᠲᠦ ᠲᠤᠷᠰᠢᠯᠲᠠ ᠵᠢᠨ ᠴᠡᠭ᠎ᠤᠨ ᠳᠡᠭᠡᠳᠦ ᠰᠤᠷᠭ᠋ᠠᠭᠤᠯᠢ᠎ᠪᠠᠷ ᠵᠥᠪᠰᠢᠶᠡᠷᠡᠭᠳᠡᠵᠡᠢ᠃ ᠰᠤᠷᠭ᠋ᠠᠭᠤᠯᠢ᠎ᠨᠢ ᠤᠤᠯ᠎ᠤᠨ ᠦᠪᠦᠷ ᠮᠤᠨᠭ᠌ᠭᠤᠯ᠎ᠤᠨ ᠬᠤᠳᠠᠯᠳᠤᠭ᠋ᠠᠨ᠎ᠤ ᠰᠤᠷᠭ᠋ᠠᠭᠤᠯᠢ (1952 ᠣᠨ᠎ᠳᠤ ᠪᠠᠢ᠌ᠭᠤᠯᠤᠭᠳᠠᠪᠠ)᠂ ᠤᠤᠯ᠎ᠤᠨ ᠦᠪᠦᠷ ᠮᠤᠨᠭ᠌ᠭᠤᠯ᠎ᠤᠨ ᠠᠮᠤ ᠪᠤᠳᠠᠭ᠋ᠠᠨ᠎ᠤ ᠰᠤᠷᠭ᠋ᠠᠭᠤᠯᠢ (1956 ᠣᠨ᠎ᠳᠤ ᠪᠠᠢ᠌ᠭᠤᠯᠤᠭᠳᠠᠪᠠ) ᠪᠣᠯᠤᠨ ᠤᠤᠯ᠎ᠤᠨ ᠦᠪᠦᠷ ᠮᠤᠨᠭ᠌ᠭᠤᠯ᠎ᠤᠨ ᠠᠵᠤ ᠦᠢ᠍ᠯᠡᠳᠪᠦᠷᠢ ᠵᠢᠨ ᠤᠷᠠᠯᠠᠯ᠎ᠤᠨ ᠵᠢᠷᠤᠭ ᠲᠥᠯᠥᠪᠯᠡᠭᠡᠨ᠎ᠤ ᠰᠤᠷᠭ᠋ᠠᠭᠤᠯᠢ (1955 ᠣᠨ᠎ᠳᠤ ᠪᠠᠢ᠌ᠭᠤᠯᠤᠭᠳᠠᠪᠠ) ᠵᠢ ᠤᠷᠢᠳ ᠬᠣᠵᠢᠳ ᠨᠡᠶ᠋ᠢᠯᠡᠭᠦᠯᠦᠨ ᠪᠠᠶ᠋ᠢᠭᠤᠯᠵᠤ᠂ ᠤᠢ᠍ᠢ᠍ᠷ᠎ᠠ ᠵᠢᠨ 70 ᠵᠢᠯ᠎ᠤᠨ ᠲᠤᠷᠰᠢ᠂ ᠨᠡᠢ᠍ᠢ᠍ᠲᠡ 7 ᠲᠦᠮᠡ ᠭᠠᠷᠤᠢ ᠥᠨᠳᠥᠷ ᠬᠡᠪ ᠪᠣᠯᠪᠠᠰᠤᠷᠠᠯ᠎ᠲᠠᠢ ᠮᠡᠷᠭᠡᠵᠢᠯ ᠴᠢᠳᠠᠪᠤᠷᠢᠲᠠᠢ ᠴᠢᠳᠠᠪᠤᠷᠢᠲᠠᠨ᠎ᠢ ᠬᠥᠮᠦᠵᠢᠭᠦᠯᠵᠦ᠂ ᠥᠪᠡᠷᠲᠡᠭᠡᠨ ᠵᠠᠰᠠᠬᠤ ᠣᠷᠣᠨ᠎ᠤ ᠠᠵᠤ ᠠᠬᠤᠢ ᠨᠡᠶ᠋ᠢᠭᠡᠮ᠎ᠤᠨ ᠬᠥᠭᠵᠢᠯᠲᠡ᠎ᠳᠤ ᠬᠥᠮᠦᠨ᠎ᠤ ᠬᠦᠴᠦᠨ᠎ᠤ ᠡᠬᠢ ᠪᠠᠶᠠᠯᠢᠭ᠎ᠤᠨ ᠬᠦᠴᠦᠲᠡᠢ ᠲᠤᠯᠭ᠋ᠠᠭᠤᠷᠢᠯᠠᠯ ᠵᠢ ᠬᠠᠩᠭ᠋ᠠᠵᠠᠢ᠃



      ᠦᠪᠦᠷ ᠮᠤᠨᠭ᠌ᠭᠤᠯ᠎ᠤᠨ ᠬᠤᠳᠠᠯᠳᠤᠭ᠎ᠠ ᠠᠷᠠᠯᠵᠢᠶᠠᠨ᠎ᠤ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ ᠪᠣᠯ ᠥᠪᠡᠷᠲᠡᠭᠡᠨ ᠵᠠᠰᠠᠬᠤ ᠣᠷᠣᠨ᠎ᠤ ᠲᠥᠪ ᠬᠥᠬᠡᠬᠣᠲᠠ ᠵᠢᠨ ᠳᠡᠭᠡᠳᠦ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ ᠵᠢᠨ ᠲᠣᠭᠣᠷᠢᠭ᠎ᠲᠤ ᠪᠠᠶ᠋ᠢᠷᠢᠯᠠᠵᠤ᠂ 916 ᠮᠥ᠍ ᠭᠠᠵᠠᠷ ᠡᠵᠡᠯᠡᠵᠦ᠂ ᠭᠡᠷ ᠪᠠᠷᠢᠯᠭ᠎ᠠ ᠵᠢᠨ ᠲᠠᠯᠠᠪᠠᠶ᠎ᠨᠢ 19 ᠲᠦᠮᠡᠨ ᠲᠡᠭᠰᠢ ᠳᠥᠷᠪᠡᠯᠵᠢᠨ ᠮᠧᠲᠷ ᠪᠣᠢ᠃ ᠰᠤᠷᠭ᠋ᠠᠭᠤᠯᠢ ᠵᠢᠨ ᠤᠯᠠᠨ ᠵᠠᠭᠤᠴᠢᠯᠠᠭᠤᠷ᠎ᠤᠨ ᠬᠢᠴᠢᠶᠡᠯ᠎ᠤᠨ ᠭᠡᠷ᠎ᠤᠨ ᠲᠠᠯᠠᠪᠠᠢ 3.45 ᠲᠦᠮᠡᠨ ᠲᠡᠭᠰᠢ ᠳᠥᠷᠪᠡᠯᠵᠢᠨ ᠮᠧᠲᠷ᠂ ᠶᠡᠷᠦᠩᠬᠡᠶ᠋ᠢᠯᠡᠭᠰᠡᠨ ᠳᠠᠳᠤᠯᠭ᠎ᠠ ᠪᠣᠯᠪᠠᠰᠤᠷᠠᠯ᠎ᠤᠨ ᠭᠡᠷ᠎ᠤᠨ ᠲᠠᠯᠠᠪᠠᠢ 3.54 ᠲᠦᠮᠡᠨ ᠲᠡᠭᠰᠢ ᠳᠥᠷᠪᠡᠯᠵᠢᠨ ᠮᠧᠲᠷ᠂ ᠰᠤᠷᠤᠭᠴᠢ ᠨᠢᠭᠡ ᠪᠦᠷᠢ᠎ᠳᠤ ᠳᠤᠮᠳᠠᠴᠢ᠎ᠪᠠᠷ ᠨᠣᠭᠳᠠᠬᠤ ᠵᠢᠭ᠋ᠠᠨ ᠰᠤᠷᠭ᠋ᠠᠯᠲᠠ᠎ᠳᠤ ᠬᠡᠷᠡᠭᠯᠡᠬᠦ ᠬᠢᠴᠢᠶᠡᠯ᠎ᠤᠨ ᠭᠡᠷ᠎ᠤᠨ ᠲᠠᠯᠠᠪᠠᠢ᠂ ᠰᠤᠷᠤᠭᠴᠢ ᠨᠢᠭᠡ ᠪᠦᠷᠢ᠎ᠳᠤ ᠳᠤᠮᠳᠠᠴᠢ᠎ᠪᠠᠷ ᠨᠣᠭᠳᠠᠬᠤ ᠦᠢ᠍ᠯᠡᠳᠦᠯᠭᠡ ᠵᠢᠨ ᠵᠢᠭ᠋ᠠᠨ ᠰᠤᠷᠭ᠋ᠠᠯᠲᠠ ᠵᠢᠨ ᠠᠵᠢᠯ᠎ᠤᠨ ᠪᠠᠶ᠋ᠢᠷᠢ ᠵᠢᠨ ᠲᠣᠭ᠎ᠠ᠂ ᠰᠤᠷᠭ᠋ᠠᠭᠤᠯᠢ ᠵᠢᠨ ᠬᠦᠷᠢᠶᠡᠨ᠎ᠤ ᠰᠦᠯᠵᠢᠶᠡᠨ᠎ᠤ ᠭᠣᠣᠯ ᠪᠣᠯᠬᠤ ᠬᠠᠮᠤᠭ᠎ᠤᠨ ᠶᠡᠬᠡ ᠥᠷᠭᠡᠨ ᠪᠦᠰᠡ ᠵᠡᠷᠭᠡ᠎ᠨᠢ ᠴᠥᠮ ᠤᠯᠤᠰ᠎ᠤᠨ ᠪᠠᠷᠢᠮᠵᠢᠶ᠎ᠠ᠎ᠳᠤ ᠬᠥᠷᠥᠭᠰᠡᠨ ᠪᠤᠶᠤ ᠲᠡᠭᠦᠨ᠎ᠠᠴᠠ ᠳᠠᠪᠠᠭᠰᠠᠨ ᠪᠠᠶ᠋ᠢᠨ᠎ᠠ᠃ ᠰᠤᠷᠭ᠋ᠠᠭᠤᠯᠢ᠎ᠳᠤ ᠣᠳᠣ ᠪᠡᠭ᠍ᠰᠢ ᠠᠵᠢᠯᠳᠡᠠ ᠠᠵᠢᠯᠴᠢᠠ 605 ᠪᠠᠶ᠋ᠢᠵᠤ᠂ ᠪᠦᠬᠦᠯᠢ ᠡᠳᠦᠷ᠎ᠤᠨ ᠳᠦᠷᠢᠮᠲᠦ ᠰᠤᠷᠭ᠋ᠠᠭᠤᠯᠢ᠎ᠳᠤ ᠪᠠᠶ᠋ᠢᠭ᠎ᠠ ᠰᠤᠷᠤᠭᠴᠢ 9200 ᠭᠠᠷᠤᠶ ᠪᠠᠶ᠋ᠢᠨ᠎ᠠ᠃



      ᠦᠪᠦᠷ ᠮᠤᠨᠭ᠌ᠭᠤᠯ᠎ᠤᠨ ᠬᠤᠳᠠᠯᠳᠤᠭ᠎ᠠ ᠠᠷᠠᠯᠵᠢᠶᠠᠨ᠎ᠤ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ᠎ᠨᠢ ᠪᠠᠶ᠋ᠢᠭᠤᠯᠤᠭᠳᠠᠭᠰᠠᠨ᠎ᠠᠴᠠ ᠨᠠᠭ᠋ᠠᠰᠢ᠂ 《ᠰᠢᠷᠭ᠋ᠠᠭᠤ ᠰᠤᠷᠤᠯᠴᠠᠬᠤ᠂ ᠨᠠᠷᠢᠨ ᠨᠢᠮᠪᠠᠶ᠂ ᠦᠨᠡᠨᠴᠢ ᠢᠲᠡᠭᠡᠮᠵᠢᠲᠡᠶ᠂ ᠰᠢᠨ᠎ᠡ ᠵᠢ ᠡᠭᠦᠳᠬᠦ》 ᠰᠤᠷᠭ᠋ᠠᠭᠤᠯᠢ ᠵᠢᠨ ᠰᠤᠷᠭ᠋ᠠᠯ᠎ᠤᠨ ᠵᠣᠷᠢᠭ ᠰᠠᠨᠠᠭ᠎ᠠ ᠵᠢ ᠤᠯᠠᠮᠵᠢᠯᠠᠨ ᠵᠠᠯᠭ᠋ᠠᠮᠵᠢᠯᠠᠵᠤ᠂ ᠵᠠᠬ᠎ᠠ ᠳᠡᠯᠭᠡᠭᠦᠷ᠎ᠲᠤ ᠬᠠᠨᠳᠤᠭᠤᠯᠤᠭᠰᠠᠨ᠂ ᠬᠥᠭᠵᠢᠯᠲᠡ᠎ᠳᠤ ᠦᠢ᠍ᠯᠡᠴᠢᠯᠡᠭᠰᠡᠨ᠂ ᠠᠵᠢᠯ ᠣᠯᠭᠣᠯᠲᠠ ᠵᠢ ᠠᠬᠢᠭᠤᠯᠬᠤ ᠰᠤᠷᠭ᠋ᠠᠭᠤᠯᠢ ᠡᠷᠬᠢᠯᠡᠬᠦ ᠴᠢᠭᠯᠡᠯ ᠪᠣᠯᠤᠨ ᠦᠢ᠍ᠯᠡᠳᠪᠦᠷᠢᠯᠡᠯ ᠰᠤᠷᠭ᠋ᠠᠨ ᠬᠥᠮᠦᠵᠢᠯ᠎ᠢ ᠠᠭᠤᠰᠬᠠᠭᠰᠠᠨ᠂ ᠰᠤᠷᠭ᠋ᠠᠭᠤᠯᠢ ᠠᠵᠤ ᠠᠬᠤᠶ᠋ᠢᠯᠠᠯ ᠬᠠᠮᠲᠤᠷᠠᠭᠰᠠᠨ ᠰᠤᠷᠭ᠋ᠠᠭᠤᠯᠢ ᠡᠷᠬᠢᠯᠡᠬᠦ ᠬᠡᠪ ᠵᠠᠭᠪᠤᠷ᠎ᠢ ᠪᠠᠷᠢᠮᠲᠠᠯᠠᠵᠤ᠂ ᠮᠡᠳᠡᠬᠦᠶ ᠬᠢᠬᠦᠶ ᠵᠢ ᠨᠢᠭᠡᠳᠬᠡᠬᠦ᠂ ᠠᠵᠢᠯᠯᠠᠵᠤ ᠰᠤᠷᠤᠯᠴᠠᠬᠤ ᠵᠢ ᠤᠶᠠᠯᠳᠤᠭᠤᠯᠬᠤ ᠵᠢ ᠶᠡᠬᠡ᠎ᠪᠠᠷ ᠠᠬᠢᠭᠤᠯᠵᠤ᠂ 2010 ᠣᠨ᠎ᠳᠤ ᠥᠪᠡᠷᠲᠡᠭᠡᠨ ᠵᠠᠰᠠᠬᠤ ᠣᠷᠣᠨ᠎ᠤ ᠠᠩᠬᠠᠳᠠᠭᠴᠢ ᠠᠵᠢᠯ ᠮᠡᠷᠭᠡᠵᠢᠯ᠎ᠤᠨ ᠰᠤᠷᠭ᠋ᠠᠨ ᠬᠥᠮᠦᠵᠢᠯ᠎ᠤᠨ ᠪᠦᠯᠦᠭᠯᠡᠯ — ᠦᠪᠦᠷ ᠮᠤᠨᠭ᠌ᠭᠤᠯ᠎ᠤᠨ ᠬᠤᠳᠠᠯᠳᠤᠭ᠎ᠠ ᠠᠷᠠᠯᠵᠢᠶᠠᠨ᠎ᠤ ᠠᠵᠢᠯ ᠮᠡᠷᠭᠡᠵᠢᠯ᠎ᠤᠨ ᠰᠤᠷᠭ᠋ᠠᠨ ᠬᠥᠮᠦᠵᠢᠯ᠎ᠤᠨ ᠪᠦᠯᠦᠭᠯᠡᠯ᠎ᠢ ᠵᠣᠬᠢᠶᠠᠨ ᠪᠠᠶ᠋ᠢᠭᠤᠯᠵᠤ᠂ ᠣᠲᠣ 122 ᠬᠡᠷᠡᠭ ᠡᠷᠭᠢᠯᠡᠬᠦ ᠨᠢᠭᠡᠴᠢ᠎ᠲᠠᠢ ᠪᠣᠯᠵᠤ᠂ ᠵᠠᠰᠠᠭ᠎ᠤᠨ ᠣᠷᠳᠣᠨ᠂ ᠠᠵᠢᠯ ᠲᠥᠷᠥᠯ᠂ ᠠᠵᠤ ᠠᠬᠤᠶ᠋ᠢᠯᠠᠯ᠂ ᠰᠤᠷᠭ᠋ᠠᠭᠤᠯᠢ ᠰᠠᠢ᠌ᠲᠤᠷ ᠬᠠᠮᠲᠤᠷᠠᠨ ᠬᠥᠮᠦᠨ᠎ᠢ ᠬᠥᠮᠦᠵᠢᠭᠦᠯᠬᠦ ᠰᠠᠶ᠋ᠢᠨ ᠰᠠᠶ᠋ᠢᠬᠠᠨ ᠪᠠᠶ᠋ᠢᠳᠠᠯ᠎ᠢ ᠦᠨᠳᠦᠰᠦᠨ᠎ᠳᠤ᠎ᠪᠠᠨ ᠪᠣᠶ ᠪᠣᠯᠭ᠋ᠠᠪᠠ᠃



      ᠦᠪᠦᠷ ᠮᠤᠨᠭ᠌ᠭᠤᠯ᠎ᠤᠨ ᠬᠤᠳᠠᠯᠳᠤᠭ᠎ᠠ ᠠᠷᠠᠯᠵᠢᠶᠠᠨ᠎ᠤ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ᠎ᠨᠢ ᠳᠤᠮᠳᠠ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ᠂ ᠳᠡᠭᠡᠳᠦ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ᠂ ᠵᠢᠩᠬᠢᠨᠢ ᠠᠩᠭᠢ᠎ᠳᠤ ᠨᠡᠪᠲᠡᠷᠡᠭᠰᠡᠨ ᠴᠢᠳᠠᠪᠤᠷᠢᠲᠠᠨ ᠬᠥᠮᠦᠵᠢᠭᠦᠯᠬᠦ ᠵᠦᠷᠢᠯᠢᠭ ᠬᠥᠭᠥᠷᠭᠡ ᠵᠢ ᠢᠳᠡᠪᠬᠢᠲᠡᠶ ᠪᠠᠶ᠋ᠢᠭᠤᠯᠪᠠ᠃ ᠲᠣᠭᠲᠠᠪᠤᠷᠢᠲᠠᠶ ᠳᠤᠮᠳᠠ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠨ ᠬᠥᠮᠦᠵᠢᠯ᠎ᠤᠨ ᠰᠣᠷᠣᠭᠴᠢ ᠵᠢᠨ ᠢᠷᠡᠯᠲᠡ᠎ᠲᠠᠢ ᠪᠥᠭᠡᠳ ᠵᠣᠬᠢᠬᠤ ᠬᠡᠮᠵᠢᠶᠡᠨ᠎ᠳᠤ ᠳᠤᠮᠳᠠ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠨ ᠬᠥᠮᠦᠵᠢᠯ᠎ᠤᠨ ᠰᠤᠷᠭ᠋ᠠᠭᠤᠯᠢ᠎ᠳᠤ ᠪᠠᠶ᠋ᠢᠭ᠎ᠠ ᠰᠣᠷᠣᠭᠴᠢ ᠵᠢ ᠡᠯᠰᠡᠨ᠎ᠡ᠃ 2014 ᠣᠨ᠎ᠠᠴᠠ ᠨᠠᠭ᠋ᠠᠰᠢ᠂ ᠦᠪᠦᠷ ᠮᠤᠨᠭ᠌ᠭᠤᠯ᠎ᠤᠨ ᠡᠳ᠋᠎ᠤᠨ ᠵᠠᠰᠠᠭ ᠠᠵᠤ ᠠᠬᠤᠶ ᠵᠢᠨ ᠶᠡᠬᠡ ᠰᠤᠷᠭ᠋ᠠᠭᠤᠯᠢ᠎ᠲᠠᠢ ᠬᠣᠯᠪᠤᠭ᠋ᠠᠯᠠᠨ ᠡᠷᠭᠢᠯᠡᠭᠰᠡᠨ ᠠᠵᠢᠯ ᠮᠡᠷᠭᠡᠵᠢᠯ᠎ᠤᠨ ᠵᠢᠩᠬᠢᠨᠢ ᠠᠩᠭᠢ ᠵᠢᠨ ᠰᠤᠷᠭ᠋ᠠᠨ ᠬᠥᠮᠦᠵᠢᠯ᠎ᠨᠢ 677 ᠰᠤᠷᠤᠭᠴᠢ ᠬᠥᠮᠦᠵᠢᠭᠦᠯᠵᠡᠶ᠃ ᠦᠪᠦᠷ ᠮᠤᠨᠭ᠌ᠭᠤᠯ᠎ᠤᠨ ᠡᠳ᠋᠎ᠤᠨ ᠵᠠᠰᠠᠭ ᠠᠵᠤ ᠠᠬᠤᠶ ᠵᠢᠨ ᠶᠡᠬᠡ ᠰᠤᠷᠭ᠋ᠠᠭᠤᠯᠢ᠂ ᠦᠪᠦᠷ ᠮᠤᠨᠭ᠌ᠭᠤᠯ᠎ᠤᠨ ᠲᠠᠷᠢᠶᠠᠯᠠᠩ᠎ᠤᠨ ᠶᠡᠬᠡ ᠰᠤᠷᠭ᠋ᠠᠭᠤᠯᠢ᠂ ᠦᠪᠦᠷ ᠮᠤᠨᠭ᠌ᠭᠤᠯ᠎ᠤᠨ ᠠᠵᠤ ᠦᠢ᠍ᠯᠡᠳᠪᠦᠷᠢ ᠵᠢᠨ ᠶᠡᠬᠡ ᠰᠤᠷᠭ᠋ᠠᠭᠤᠯᠢ᠂ ᠬᠦᠬᠡᠬᠤᠳᠠ ᠦᠨᠳᠤᠰᠤᠲᠠᠨ᠎ᠤ ᠳᠡᠭᠡᠳᠦ ᠰᠤᠷᠭ᠋ᠠᠭᠤᠯᠢ᠂ ᠪᠣᠷᠣᠲᠣᠬᠣᠶ ᠳᠡᠭᠡᠳᠦ ᠰᠤᠷᠭ᠋ᠠᠭᠤᠯᠢ᠂ ᠵᠢᠨᠢᠩ ᠪᠠᠭᠰᠢ ᠵᠢᠨ ᠳᠡᠭᠡᠳᠦ ᠰᠤᠷᠭ᠋ᠠᠭᠤᠯᠢ᠂ ᠦᠪᠦᠷ ᠮᠤᠨᠭ᠌ᠭᠤᠯ᠎ᠤᠨ ᠬᠣᠩ ᠳ᠋ᠧ ᠨᠡᠶ᠋ᠢᠭᠡᠮ ᠪᠠᠶ᠋ᠢᠭ᠋ᠠᠯᠢ ᠵᠢᠨ ᠰᠢᠨᠵᠢᠯᠡᠬᠦ ᠤᠬᠠᠭ᠋ᠠᠨ᠎ᠤ ᠳᠡᠭᠡᠳᠦ ᠰᠤᠷᠭ᠋ᠠᠭᠤᠯᠢ ᠵᠡᠷᠭᠡ ᠵᠢᠩᠬᠢᠨᠢ ᠠᠩᠭᠢᠲᠤ ᠳᠡᠭᠡᠳᠦ ᠰᠤᠷᠭ᠋ᠠᠭᠤᠯᠢ᠎ᠯᠤᠭ᠎ᠠ ᠲᠤᠰᠬᠠᠶ ᠮᠡᠷᠭᠡᠵᠢᠯ᠎ᠠᠴᠠ ᠵᠢᠩᠬᠢᠨᠢ ᠠᠨᠭ᠌ᠬᠢ᠎ᠳᠤ ᠳᠡᠪᠰᠢᠬᠦ ᠰᠤᠷᠭ᠋ᠠᠨ ᠬᠥᠮᠦᠵᠢᠯ᠎ᠤᠨ ᠬᠤᠷᠰᠢᠯᠴᠠᠭ᠎ᠠ ᠵᠢ ᠨᠢᠭᠲᠠ ᠥᠷᠨᠢᠭᠦᠯᠪᠡ᠃



      ᠦᠪᠦᠷ ᠮᠤᠨᠭ᠌ᠭᠤᠯ᠎ᠤᠨ ᠬᠤᠳᠠᠯᠳᠤᠭ᠎ᠠ ᠠᠷᠠᠯᠵᠢᠶᠠᠨ᠎ᠤ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ᠎ᠨᠢ ᠬᠤᠳᠠᠯᠳᠤᠭ᠎ᠠ ᠠᠷᠠᠯᠵᠢᠶᠠᠨ᠎ᠤ ᠭᠦᠢ᠍ᠯᠭᠡᠭᠡ᠂ ᠡᠳ᠋᠎ᠤᠨ ᠶᠠᠪᠤᠳᠠᠯ ᠮᠥᠩᠭᠥᠨ ᠭᠦᠢ᠍ᠯᠭᠡᠭᠡ᠂ ᠵᠤᠭ᠋ᠠᠴᠠᠯ᠎ᠤᠨ ᠬᠠᠮᠢᠶᠠᠷᠤᠯᠲᠠ᠂ ᠮᠡᠳᠡᠭᠡ ᠵᠠᠩᠭᠢ ᠵᠢᠨ ᠮᠡᠷᠭᠡᠵᠢᠯ᠂ ᠢᠳᠡᠭᠡᠨ ᠤᠮᠳᠠᠭ᠋ᠠᠨ᠂ ᠤᠷᠠᠯᠠᠯ᠎ᠤᠨ ᠵᠢᠷᠤᠭ ᠲᠥᠯᠥᠪᠯᠡᠭᠡ ᠵᠡᠷᠭᠡ 6 ᠶᠡᠬᠡ ᠲᠤᠰᠬᠠᠢ ᠮᠡᠷᠭᠡᠵᠢᠯ᠎ᠤᠨ ᠪᠦᠯᠦᠭᠯᠡᠯ᠎ᠢ ᠪᠠᠢ᠌ᠭᠤᠯᠵᠤ᠂ ᠬᠤᠳᠠᠯᠳᠤᠭ᠋ᠠᠨ᠎ᠤ ᠰᠢᠨᠵᠢᠯᠡᠭᠡᠨ᠎ᠤ ᠰᠠᠯᠠᠭ᠋ᠠᠨ᠎ᠤ ᠲᠤᠰᠬᠠᠶ ᠮᠡᠷᠭᠡᠵᠢᠯ ᠵᠶ᠋ᠠᠷ ᠭᠣᠤᠯ ᠴᠣᠭᠴᠠ ᠪᠣᠯᠭ᠋ᠠᠭᠰᠠᠨ᠂ ᠲᠠᠷᠢᠶᠠᠯᠠᠩ ᠮᠠᠯ᠎ᠤᠨ ᠠᠰᠢᠭ ᠰᠢᠮ᠎ᠡ ᠵᠢᠨ ᠪᠦᠲᠦᠭᠡᠭᠳᠡᠬᠦᠨ᠎ᠢ ᠪᠣᠯᠪᠠᠰᠤᠷᠠᠭᠤᠯᠬᠤ ᠲᠥᠷᠥᠯ᠎ᠤᠨ ᠲᠤᠰᠬᠠᠶ ᠮᠡᠷᠭᠡᠵᠢᠯ ᠪᠠ ᠤᠷᠠᠯᠠᠯ᠎ᠤᠨ ᠵᠢᠷᠤᠭ ᠲᠥᠯᠦᠪᠯᠡᠭᠡᠨ᠎ᠤ ᠲᠥᠷᠥᠯ᠎ᠤᠨ ᠲᠤᠰᠬᠠᠶ ᠮᠡᠷᠭᠡᠵᠢᠯ ᠵᠶ᠋ᠠᠷ ᠬᠣᠣᠰ ᠵᠢᠭᠦᠷ ᠪᠣᠯᠭ᠋ᠠᠭᠰᠠᠨ ᠲᠤᠰᠬᠠᠶ ᠮᠡᠷᠭᠡᠵᠢᠯ᠎ᠤᠨ ᠪᠦᠲᠦᠴᠡ ᠵᠢ ᠪᠦᠷᠢᠯᠳᠦᠭᠦᠯᠵᠦ᠂ ᠣᠲᠣ 43 ᠲᠤᠰᠬᠠᠶ ᠮᠡᠷᠭᠡᠵᠢᠯ᠎ᠢ ᠪᠠᠢ᠌ᠭᠤᠯᠵᠤ᠂ ᠡᠭᠦᠨ᠎ᠳᠤ ᠤᠯᠤᠰ᠎ᠤᠨ ᠳᠡᠰ᠎ᠤᠨ ᠭᠣᠤᠯᠯᠠᠭᠴᠢ ᠲᠤᠰᠬᠠᠶ ᠮᠡᠷᠭᠡᠵᠢᠯ 4᠂ ᠤᠯᠤᠰ᠎ᠤᠨ 1+X ᠦᠨᠡᠮᠯᠡᠯ᠎ᠤᠨ ᠲᠤᠷᠰᠢᠯᠲᠠ ᠵᠢᠨ ᠲᠤᠰᠬᠠᠶ ᠮᠡᠷᠭᠡᠵᠢᠯ 11᠂ ᠰᠤᠷᠭ᠋ᠠᠨ ᠬᠦᠮᠤᠵᠢᠯ᠎ᠤᠨ ᠶᠠᠮᠤᠨ᠎ᠤ ᠣᠲᠣ ᠦᠶ᠎ᠡ ᠵᠢᠨ ᠱᠠᠪᠢᠯᠠᠬᠤ ᠳᠦᠷᠢᠮᠲᠦ ᠲᠤᠷᠰᠢᠯᠲᠠ ᠵᠢᠨ ᠲᠤᠰᠬᠠᠶ ᠮᠡᠷᠭᠡᠵᠢᠯ 4᠂ ᠣᠯᠠᠨ ᠤᠯᠤᠰ᠎ᠤᠨ ᠬᠠᠮᠲᠤᠷᠠᠨ ᠰᠤᠷᠭ᠋ᠠᠭᠤᠯᠢ ᠡᠷᠬᠢᠯᠡᠬᠦ ᠲᠤᠰᠬᠠᠶ ᠮᠡᠷᠭᠡᠵᠢᠯ 1 ᠪᠣᠶ᠃ ᠣᠶ᠋ᠢᠷ᠎ᠠ ᠵᠢᠨ 3 ᠵᠢᠯ᠎ᠳᠤ ᠰᠢᠨ᠎ᠡ ᠰᠤᠷᠤᠭᠴᠢᠳ᠎ᠤᠨ ᠨᠡᠷ᠎ᠡ ᠮᠡᠳᠡᠭᠦᠯᠦᠭᠰᠡᠨ ᠨᠣᠷᠮ᠎ᠠ᠂ ᠲᠡᠭᠦᠰᠦᠭᠰᠡᠨ ᠰᠤᠷᠤᠭᠴᠢᠳ᠎ᠤᠨ ᠬᠠᠨᠤᠮᠵᠢ ᠵᠢᠨ ᠬᠡᠮᠵᠢᠶ᠎ᠡ᠂ ᠬᠥᠮᠦᠨ ᠬᠡᠷᠡᠭᠯᠡᠬᠦ ᠨᠢᠭᠡᠴᠢ ᠵᠢᠨ ᠬᠠᠨᠤᠮᠵᠢ ᠵᠢᠨ ᠬᠡᠮᠵᠢᠶ᠎ᠡ ᠴᠥᠮ 90% ᠵᠢ ᠳᠠᠪᠠᠭᠰᠠᠨ ᠪᠠᠢ᠌ᠨ᠎ᠠ᠃



      ᠦᠪᠦᠷ ᠮᠤᠨᠭ᠌ᠭᠤᠯ᠎ᠤᠨ ᠬᠤᠳᠠᠯᠳᠤᠭ᠎ᠠ ᠠᠷᠠᠯᠵᠢᠶᠠᠨ᠎ᠤ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ᠎ᠨᠢ 2007 ᠣᠨ᠎ᠠᠴᠠ ᠡᠬᠢᠯᠡᠨ᠂ ᠤᠷᠢᠳ ᠬᠣᠵᠢᠳ ᠠᠩᠭ᠍ᠯᠢ ᠵᠢᠨ ᠰᠠᠨᠳ᠋ᠯᠠᠨᠲ ᠬᠣᠲᠠ ᠵᠢᠨ ᠳᠡᠭᠡᠳᠦ ᠰᠤᠷᠭ᠋ᠠᠭᠤᠯᠢ ᠪᠣᠯᠤᠨ ᠠᠩᠭ᠍ᠯᠢ ᠵᠢᠨ ᠡᠮᠦᠨᠡᠲᠦ ᠡᠤᠰᠤᠺᠰ ᠳᠡᠭᠡᠳᠦ ᠰᠤᠷᠭ᠋ᠠᠭᠤᠯᠢ᠎ᠲᠠᠢ ᠳᠤᠮᠳᠠᠳᠤ ᠭᠠᠳᠠᠭ᠋ᠠᠳᠤ ᠬᠤᠷᠰᠢᠨ ᠰᠤᠷᠭ᠋ᠠᠭᠤᠯᠢ ᠡᠷᠬᠢᠯᠡᠬᠦ ᠲᠥᠰᠦᠯ᠎ᠢ ᠬᠡᠷᠡᠭᠵᠢᠭᠦᠯᠵᠦ᠂ ᠦᠪᠦᠷ ᠮᠤᠨᠭ᠌ᠭᠤᠯ᠎ᠤᠨ ᠬᠤᠳᠠᠯᠳᠤᠭ᠎ᠠ   ᠠᠷᠠᠯᠵᠢᠶᠠᠨ᠎ᠤ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ ᠲᠡᠭᠦᠰᠦᠭᠰᠡᠨ ᠦᠨᠡᠮᠯᠡᠯ᠎ᠲᠠᠢ ᠪᠥᠭᠡᠳ ᠠᠩᠭ᠍ᠯᠢ ᠵᠢᠨ ᠬᠤᠷᠰᠢᠭᠰᠠᠨ ᠳᠡᠭᠡᠳᠦ ᠰᠤᠷᠭ᠋ᠠᠭᠤᠯᠢ ᠲᠡᠭᠦᠰᠦᠭᠰᠡᠨ ᠦᠨᠡᠮᠯᠡᠯ᠎ᠲᠠᠢ ᠲᠡᠭᠦᠰᠦᠭᠰᠡᠨ ᠰᠤᠷᠤᠭᠴᠢ 1353 ᠵᠢ ᠬᠥᠮᠦᠵᠢᠭᠦᠯᠵᠡᠶ᠃



     2019 ᠣᠨ᠎ᠳᠤ᠂ ᠰᠤᠷᠭ᠋ᠠᠭᠤᠯᠢ᠎ᠨᠢ ᠭᠤᠷᠪᠠᠳᠤᠭ᠋ᠠᠷ ᠤᠳᠠᠭ᠋ᠠᠨ᠎ᠤ ᠨᠠᠮ᠎ᠤᠨ ᠲᠥᠯᠦᠭᠡᠯᠡᠭᠴᠢᠳ᠎ᠤᠨ ᠬᠤᠷᠠᠯ᠎ᠢ ᠬᠢᠵᠦ᠂ ᠣᠳᠣᠬᠠᠨ᠎ᠤ ᠪᠠ ᠬᠣᠶ᠋ᠢᠰᠢᠳᠠ ᠵᠢᠨ ᠨᠢᠭᠡ ᠬᠤᠭᠤᠴᠠᠭ᠋ᠠᠨ᠎ᠤ ᠶᠡᠷᠦᠩᠬᠡᠶ ᠰᠡᠳᠬᠢᠮᠵᠢ ᠪᠣᠯᠤᠨ ᠬᠥᠭᠵᠢᠯᠲᠡ ᠵᠢᠨ ᠬᠠᠷᠠᠯᠲᠠ᠎ᠪᠠᠨ ᠲᠣᠳᠣᠷᠬᠠᠶ᠋ᠢᠯᠠᠵᠤ᠂ ᠰᠢ ᠵᠢᠨ ᠫᠢᠩ᠎ᠤᠨ ᠰᠢᠨ᠎ᠡ ᠴᠠᠭ ᠦᠶ᠎ᠡ ᠵᠢᠨ ᠲᠤᠮᠳᠡᠳᠦ ᠤᠯᠦᠰ᠎ᠤᠨ ᠤᠡᠴᠡᠯᠢᠬ ᠪᠥᠬᠦᠢ ᠨᠡᠢ᠍ᠢ᠍ᠭᠡᠮ ᠵᠢᠷᠦᠮ᠎ᠤᠨ ᠦᠵᠡᠯ ᠰᠠᠨᠠᠭ᠎ᠠ᠎ᠪᠠᠷ ᠵᠢᠯᠣᠭᠣᠳᠤᠭᠤᠯᠵᠤ᠂ ᠨᠠᠮ᠎ᠤᠨ ᠰᠤᠷᠭ᠋ᠠᠨ ᠬᠥᠮᠦᠵᠢᠯ᠎ᠤᠨ ᠴᠢᠭᠯᠡᠯᠲᠡ᠎ᠢ ᠪᠦᠬᠦ ᠲᠠᠯ᠎ᠠ᠎ᠪᠠᠷ ᠲᠤᠭᠤᠰᠢᠯᠠᠭᠤᠯᠵᠤ᠂ ᠶᠣᠰᠣ ᠰᠤᠷᠲᠠᠬᠤᠨ᠎ᠢ ᠪᠤᠢ ᠪᠣᠯᠭ᠋ᠠᠨ ᠬᠥᠮᠦᠨ᠎ᠢ ᠬᠥᠮᠦᠵᠢᠭᠦᠯᠬᠦ ᠦᠨᠳᠦᠰᠦᠨ ᠡᠭᠦᠷᠭᠡ᠎ᠳᠤ ᠠᠩᠬᠠᠷᠤᠯ ᠵᠶ᠋ᠠᠨ ᠬᠠᠨᠳᠤᠭᠤᠯᠤᠨ᠂ ᠤᠯᠤᠰ ᠪᠣᠯᠤᠨ ᠥᠪᠡᠷᠲᠡᠭᠡᠨ ᠵᠠᠰᠠᠬᠤ ᠣᠷᠣᠨ᠎ᠤ 《ᠠᠵᠢᠯ ᠮᠡᠷᠭᠡᠵᠢᠯ᠎ᠤᠨ ᠰᠤᠷᠭ᠋ᠠᠨ ᠬᠥᠮᠦᠵᠢᠯ᠎ᠤᠨ ᠥᠭᠡᠷᠡᠴᠢᠯᠡᠯᠲᠡ ᠵᠢᠨ ᠬᠡᠷᠡᠭᠵᠢᠭᠦᠯᠬᠦ ᠲᠥᠰᠦᠯ》᠎ᠢ ᠭᠦᠨᠵᠡᠭᠡᠶ ᠨᠠᠶ᠋ᠢᠳᠠᠪᠤᠷᠢᠵᠢᠭᠤᠯᠵᠤ᠂ ᠬᠡᠪᠴᠢᠶ᠎ᠡ ᠲᠣᠬᠢᠷᠠᠮᠵᠢᠲᠠᠶ᠂ ᠪᠦᠲᠦᠴᠡ ᠵᠢ ᠰᠢᠯᠢᠳᠡᠭᠵᠢᠭᠦᠯᠬᠦ᠂ ᠴᠢᠨᠠᠷ ᠴᠢᠨᠰᠠᠭ᠎ᠠ ᠵᠢ ᠳᠡᠭᠡᠭᠰᠢᠯᠡᠭᠦᠯᠬᠦ᠂ ᠣᠨᠴᠠᠯᠢᠭ᠎ᠢ ᠲᠤᠪᠤᠢ᠍ᠢ᠍ᠯᠭ᠋ᠠᠬᠤ ᠶᠡᠷᠦᠩᠬᠡᠶ ᠰᠡᠳᠬᠢᠮᠵᠢ᠎ᠪᠠᠷ ᠰᠤᠷᠤᠯᠭ᠎ᠠ ᠵᠢᠨ ᠨᠠᠮᠲᠠᠷ᠎ᠤᠨ ᠰᠤᠷᠭ᠋ᠠᠨ ᠬᠥᠮᠦᠵᠢᠯ ᠬᠢᠭᠡᠳ ᠠᠵᠢᠯ ᠮᠡᠷᠭᠡᠵᠢᠯ᠎ᠤᠨ ᠪᠣᠯᠪᠠᠰᠤᠷᠠᠭᠤᠯᠤᠯ᠎ᠢ ᠵᠡᠷᠭᠡ᠎ᠳᠤ᠎ᠨᠢ ᠴᠢᠬᠤᠯᠠᠴᠢᠯᠠᠬᠤ ᠵᠢ ᠪᠠᠷᠢᠮᠲᠠᠯᠠᠨ᠂ ᠥᠨᠳᠥᠷ ᠬᠡᠪ   ᠪᠣᠯᠪᠠᠰᠤᠷᠠᠯ ᠪᠥᠬᠥᠢ ᠮᠡᠷᠭᠡᠵᠢᠯ ᠴᠢᠳᠠᠪᠤᠷᠢᠲᠠᠢ ᠨᠡᠩ ᠤᠯᠠᠨ ᠴᠢᠳᠠᠪᠤᠷᠢᠲᠠᠨ᠎ᠢ ᠬᠦᠴᠦᠯᠡᠨ ᠬᠥᠮᠦᠵᠢᠭᠦᠯᠵᠦ᠂ ᠰᠤᠷᠭ᠋ᠠᠭᠤᠯᠢ᠎ᠪᠠᠨ ᠤᠯᠤᠰ᠎ᠤᠨ ᠳᠣᠲᠣᠭ᠋ᠠᠳᠤ ᠵᠢᠨ ᠲᠡᠷᠢᠭᠦᠨ᠎ᠤ ᠬᠤᠳᠠᠯᠳᠤᠭ᠋ᠠᠨ᠎ᠤ ᠰᠢᠨᠵᠢᠯᠡᠭᠡᠨ᠎ᠤ ᠰᠠᠯᠠᠭ᠋ᠠᠨ᠎ᠤ ᠳᠡᠭᠡᠳᠦ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ ᠪᠣᠯᠭ᠋ᠠᠨ ᠪᠠᠶ᠋ᠢᠭᠤᠯᠬᠤ᠎ᠪᠠᠷ   ᠴᠢᠷᠮᠠᠢ᠌ᠵᠤ ᠪᠠᠢ᠌ᠨ᠎ᠠ᠃



ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠤᠨ᠎ᠤ ᠰᠤᠷᠭ᠋ᠠᠨ ᠬᠥᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠪᠤᠭᠤᠲᠤ ᠵᠢᠨ ᠲᠡᠮᠦᠷ ᠵᠠᠮ᠎ᠤᠨ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ᠎ᠠᠴᠠ 《ᠴᠠᠭ ᠦᠶ᠎ᠡ ᠵᠢᠨ ᠳᠣᠬᠢᠶ᠎ᠠ》 ᠭᠡᠬᠦ ᠠᠶ᠎ᠠ ᠳᠠᠭᠤᠤ ᠬᠠᠩᠭᠢᠨᠠᠨᠠᠮ
ᠦᠪᠦᠷ ᠮᠤᠨᠭ᠌ᠭᠤᠯ᠎ᠤᠨ ᠠᠵᠤ ᠦᠢ᠍ᠯᠡᠳᠪᠦᠷᠢ ᠵᠢᠨ ᠶᠡᠬᠡ ᠰᠤᠷᠭ᠋ᠠᠭᠤᠯᠢ᠎ᠠᠴᠠ 《ᠤᠯᠠᠭ᠋ᠠᠨ ᠲᠤᠭ ᠨᠠᠮᠢᠷᠠᠨ᠎ᠠ》 ᠭᠡᠬᠦ ᠳᠠᠭᠤᠤ ᠬᠠᠩᠭᠢᠨᠠᠨᠠᠮ
ᠤᠯᠠᠭ᠋ᠠᠨᠬᠠᠳᠠ ᠳᠡᠭᠡᠳᠦ ᠰᠤᠷᠭ᠋ᠠᠭᠤᠯᠢ ᠵᠢᠨ᠎ᠬᠢᠨ 《ᠪᠠᠭ᠋ᠠᠲᠤᠷᠴᠤᠳ᠎ᠤᠨ ᠮᠠᠭᠲᠠᠭ᠋ᠠᠯ ᠳᠠᠭᠤᠤ》 ᠵᠢ ᠬᠠᠩᠭᠢᠨᠠᠭᠤᠯᠪᠠ
ᠪᠤᠭᠤᠲᠤ ᠵᠢᠨ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ᠎ᠠᠴᠠ ᠮᠠᠭᠲᠠᠭ᠋ᠠᠯ ᠳᠠᠭᠤᠤ ᠵᠢᠨ ᠢᠷᠠᠭᠤ ᠡᠬᠡᠰᠢᠭ ᠬᠠᠩᠭᠢᠨᠠᠨᠠᠮ
ᠠᠯᠠᠱ᠌ᠠ ᠵᠢᠨ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ ᠵᠢᠨ᠎ᠬᠢᠨ 《ᠬᠦᠰᠡᠯ ᠡᠷᠡᠮᠡᠯᠵᠡᠯ》 ᠭᠡᠬᠦ ᠳᠠᠭᠤᠤ ᠵᠢ ᠬᠠᠩᠭᠢᠨᠠᠭᠤᠯᠪᠠ
 
             蒙ICP备05000248号