ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠤᠷᠭᠠᠨ ᠬᠦᠮᠦᠵᠢᠯ᠎ᠤᠨ ᠬᠠᠨᠲᠤᠯᠭ᠎ᠠ   -   ᠰᠤᠷᠭᠠᠭᠤᠯᠢ᠎ᠶᠢᠨ ᠬᠦᠷᠢᠶᠡᠨ᠎ᠤ ᠬᠥᠯ ᠪᠥᠮᠪᠦᠭᠡ
ᠬᠦᠯ ᠪᠦᠮᠪᠦᠭᠡ ᠵᠢᠨ ᠦᠢ᠍ᠯᠡᠰ᠎ᠤᠨ ᠴᠣ᠋ ᠰᠢᠨ᠎ᠡ ᠡᠬᠢᠯᠡᠯᠲᠡ
ᠨᠡᠶ᠋ᠢᠲᠡᠯᠡᠭᠰᠡᠨ ᠴᠠᠭ᠄ 2019-01-08

           

         —   ᠥᠪᠥᠷ ᠮᠣᠨᠭ᠌ᠭᠣᠯ᠎ᠤᠨ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠦᠭᠡ ᠵᠢᠨ
                ᠦᠭᠡᠷᠡᠴᠢᠯᠡᠯᠳᠡ ᠬᠥᠭᠵᠢᠬᠥᠯᠥᠯᠳᠡ ᠵᠢᠨ ᠲᠣᠷᠰᠢᠯᠳᠠ ᠵᠢᠨ ᠴᠡᠭ ᠪᠣᠯᠣᠭᠰᠠᠨ
                ᠵᠠᠮ ᠮᠥᠷ᠎ᠢ ᠲᠡᠮᠳᠡᠭᠯᠡᠬᠥ᠎ᠨᠢ

            ◆ 《ᠳᠣᠮᠳᠠᠳᠣ ᠣᠯᠣᠰ᠎ᠤᠨ ᠰᠣᠷᠭ᠋ᠠᠨ ᠬᠥᠮᠥᠵᠢᠯ᠎ᠤᠨ ᠰᠣᠨᠢᠨ》᠎ᠤ ᠰᠣᠷᠪᠣᠯᠵᠢᠯᠠᠭᠴᠢ
               ᠸᠸᠩ ᠰᠢᠶᠣᠣ ᠫᠢᠩ    ᠵᠠᠩ ᠴᠸᠨ   ᠬᠣᠣ ᠸᠸᠨ ᠲᠢᠩ 

      ᠦᠷᠭᠡᠨ ᠠᠭᠣᠳᠠᠮ ᠲᠠᠯ᠎ᠠ ᠨᠣᠳᠣᠭ᠂ ᠨᠢᠰᠦᠨ ᠳᠡᠭᠦᠯᠢᠬᠦ ᠬᠥᠯᠥᠭ
      ᠮᠣᠷᠢ᠂ ᠬᠠᠯᠢᠨ ᠲᠡᠪᠳᠡᠷᠢᠬᠥ ᠬᠠᠷᠴᠠᠭ᠋ᠠᠢ ᠪᠥᠷᠬᠥᠳ ᠁
      ᠦᠪᠡᠷ᠎ᠤᠨ ᠭᠡᠵᠥ ᠣᠨᠴᠠᠯᠠᠭᠳᠠᠭᠰᠠᠨ ᠬᠥᠮᠥᠨ ᠰᠣᠶᠣᠯ᠂ ᠭᠠᠵᠠᠷ ᠵᠥᠢ ᠪᠠ ᠣᠯᠠᠨ ᠲᠠᠯ᠎ᠡ ᠵᠢᠨ ᠨᠥᠯᠥᠭᠡ᠎ᠠᠴᠠ ᠰᠢᠯᠲᠠᠭ᠋ᠠᠯᠠᠭᠳᠠᠵᠤ ᠮᠣᠷᠢ ᠣᠨᠣᠬᠣ᠂ ᠰᠣᠷ ᠬᠠᠷᠪᠣᠬᠣ᠂ ᠪᠦᠬᠡ ᠪᠠᠷᠢᠯᠳᠣᠬᠣ ᠵᠡᠷᠭᠡ ᠣᠯᠠᠯᠮᠵᠢᠯᠠᠯᠲᠤ ᠪᠡᠶ᠎ᠡ ᠵᠢᠨ ᠲᠠᠮᠢᠷ᠎ᠤᠨ ᠬᠥᠳᠡᠯᠭᠡᠭᠡᠨ᠎ᠨᠢ ᠠᠯᠢ ᠬᠡᠵᠢᠶ᠎ᠡ᠎ᠠᠴᠠ ᠦᠪᠦᠷ ᠮᠣᠨᠭ᠌ᠭᠣᠯ᠎ᠤᠨ ᠨᠡᠷ᠎ᠡ ᠲᠡᠮᠳᠡᠭ ᠪᠣᠯᠵᠣ᠂ ᠮᠣᠨᠭ᠌ᠭᠣᠯ ᠥᠨᠳᠥᠰᠥᠳᠡᠨ᠎ᠤ ᠣᠮᠣᠭᠰᠢᠯ᠎ᠢ ᠲᠥᠯᠥᠭᠡᠯᠡᠵᠥ ᠪᠠᠢ᠍ᠢ᠍ᠳᠠᠭ᠃ ᠬᠥᠯ ᠪᠥᠮᠪᠥᠭᠡ ᠵᠢᠨ ᠦᠢ᠍ᠯᠡᠰ᠎ᠨᠢ ᠡ᠊ᠨᠳᠡ ᠬᠠᠷᠢᠨ ᠶᠠᠮᠠᠷ ᠴᠤ᠌ ᠬᠦᠭᠵᠢᠯ ᠦᠭᠡᠢ ᠪᠠᠢ᠌ᠵᠤ᠂ ᠲᠣᠰᠬᠠᠢ ᠮᠡᠷᠭᠡᠵᠢᠯ᠎ᠤᠨ ᠰᠠᠭᠣᠷᠢ ᠪᠠ ᠬᠠᠮᠢᠶ᠎ᠠ ᠪᠥᠬᠥᠢ ᠠᠵᠣ ᠥᠢ᠍ᠯᠡᠰ᠎ᠨᠢ ᠥᠨᠳᠥᠰᠥᠨ᠎ᠳᠤ᠎ᠪᠠᠨ 《ᠬᠣᠭᠤᠰᠤᠨ》 ᠪᠠᠢ᠍ᠢ᠍ᠵᠣ᠂ ᠥᠷ᠎ᠡ ᠠᠰᠢᠭ ᠪᠥᠬᠥᠢ ᠠ᠋ᠬᠢ ᠪᠠᠶᠠᠯᠢᠭ᠎ᠨᠢ ᠴᠦ᠍ ᠲᠥᠢ᠍ᠯ᠎ᠤᠨ ᠬᠢᠵᠠᠭ᠋ᠠᠷ᠎ᠲᠠᠢ ᠪᠠᠢ᠌ᠵᠠᠢ᠃
     2014 ᠣᠨ᠎ᠤ 9 ᠰᠠᠷ᠎ᠠ᠎ᠳᠤ᠂ ᠣᠯᠣᠰ᠎ᠤᠨ ᠶᠠᠪᠣᠳᠠᠯ᠎ᠤᠨ ᠬᠣᠷᠢᠶᠠᠨ᠎ᠠᠴᠠ ᠥᠪᠥᠷ ᠮᠣᠨᠭ᠌ᠭᠣᠯ᠎ᠤᠨ ᠦᠪᠡᠷᠲᠡᠭᠡᠨ ᠵᠠᠰᠠᠬᠤ ᠣᠷᠣᠨ᠎ᠢ ᠪᠥᠬᠥ ᠣᠯᠣᠰ᠎ᠤᠨ ᠬᠥᠯ ᠪᠥᠮᠪᠥᠭᠡ ᠵᠢᠨ ᠥᠭᠡᠷᠡᠴᠢᠯᠡᠯᠳᠡ ᠬᠥᠭᠵᠢᠬᠥᠯᠥᠯᠳᠡ ᠵᠢᠨ ᠬᠠᠮᠣᠭ᠎ᠤᠨ ᠠᠨᠭ᠌ᠬᠠᠨ᠎ᠤ ᠲᠣᠷᠰᠢᠯᠳᠠ ᠵᠢᠨ ᠴᠡᠭ ᠪᠣᠯᠭ᠋ᠠᠬᠤ᠎ᠪᠠᠷ ᠲᠣᠭᠳᠠᠭ᠋ᠠᠪᠠ᠃ ᠬᠥᠯ ᠪᠥᠮᠪᠥᠭᠡ ᠵᠢᠨ ᠲᠠᠴᠢᠷ ᠬᠦᠷᠦᠰᠦᠨ᠎ᠳᠤ 《ᠫᠢᠷᠠᠮᠢᠳ᠋ ᠰᠣᠪᠣᠷᠭ᠎ᠠ》 ᠵᠢ ᠬᠡᠷᠬᠢᠨ ᠪᠠᠷᠢᠬᠣ ᠲᠣᠬᠠᠢ ᠦᠪᠡᠷᠲᠡᠭᠡᠨ ᠵᠠᠰᠠᠬᠤ ᠣᠷᠣᠨ᠎ᠤ ᠨᠠᠮ ᠵᠠᠰᠠᠭ᠎ᠠᠴᠠ ᠬᠠᠷᠠᠭ᠎ᠠ᠎ᠪᠠᠨ ᠰᠣᠷᠭ᠋ᠠᠭᠣᠯᠢ ᠵᠢᠨ ᠬᠥᠷᠢᠶᠡᠨ᠎ᠳᠤ ᠬᠠᠨᠲᠤᠭᠤᠯᠤᠭᠰᠠᠨ ᠪᠠᠢ᠍ᠢ᠍ᠨ᠎ᠠ᠃
      ᠥᠪᠡᠷᠳᠡᠭᠡᠨ ᠵᠠᠰᠠᠬᠣ ᠣᠷᠣᠨ᠎ᠤ ᠬᠥᠯ ᠪᠥᠮᠪᠥᠭᠡ ᠵᠢᠨ ᠥᠭᠡᠷᠡᠴᠢᠯᠡᠯᠳᠡ ᠬᠥᠭᠵᠢᠬᠥᠯᠥᠯᠳᠡ ᠵᠢᠨ ᠲᠥᠰᠦᠪ᠎ᠲᠤ᠂ ᠥᠪᠥᠷ ᠮᠣᠨᠭ᠌ᠭᠣᠯ᠎ᠨᠢ ᠰᠣᠷᠭ᠋ᠠᠭᠣᠯᠢ ᠵᠢᠨ ᠵᠠᠯᠠᠭᠣᠴᠣᠳ ᠪᠠᠭ᠋ᠠᠴᠣᠳ᠎ᠤᠨ ᠬᠥᠯ ᠪᠥᠮᠪᠥᠭᠡ ᠵᠢ ᠪᠥᠬᠥ ᠣᠷᠣᠨ᠎ᠤ ᠬᠥᠯ ᠪᠥᠮᠪᠥᠭᠡ ᠵᠢᠨ ᠥᠭᠡᠷᠡᠴᠢᠯᠡᠯᠳᠡ ᠬᠥᠭᠵᠢᠬᠥᠯᠥᠯᠳᠡ ᠵᠢᠨ ᠭᠣᠣᠯᠳᠠᠯᠭ᠎ᠠ ᠪᠣᠯᠭ᠋ᠠᠵᠣ᠂ ᠬᠥᠯ ᠪᠥᠮᠪᠥᠭᠡ ᠵᠢᠨ ᠦᠢ᠍ᠯᠡᠰ᠎ᠤᠨ ᠬᠦᠭᠵᠢᠯᠳᠡ ᠵᠢᠨ ᠰᠠᠭᠣᠷᠢ ᠵᠢ ᠴᠣᠭᠴᠠᠯᠠᠨ ᠪᠠᠳᠣᠳᠬᠠᠬᠣ᠎ᠪᠠᠷ ᠲᠣᠭᠳᠠᠪᠠ᠃ ᠵᠢᠯ ᠭᠠᠷᠣᠢ ᠵᠢᠨ ᠴᠢᠷᠮᠠᠢ᠌ᠯᠭ᠎ᠠ᠎ᠪᠠᠷ ᠲᠠᠮᠵᠢᠭᠣᠯᠵᠣ᠂ ᠰᠣᠷᠭ᠋ᠠᠭᠣᠯᠢ ᠵᠢᠨ ᠬᠥᠷᠢᠶ᠎ᠡ᠎ᠪᠠᠷ ᠭᠣᠣᠯᠳᠠᠯᠭ᠎ᠠ ᠪᠣᠯᠭ᠋ᠠᠭᠰᠠᠨ ᠥᠪᠥᠷ ᠮᠣᠨᠭ᠌ᠭᠣᠯ᠎ᠤᠨ ᠬᠥᠯ ᠪᠥᠮᠪᠥᠭᠡ ᠵᠢᠨ ᠦᠢ᠍ᠯᠡᠰ᠎ᠨᠢ 《ᠦᠭᠡᠢ》᠎ᠠᠴᠠ 《ᠪᠠᠢ᠌ᠬᠤ》 ᠪᠣᠯᠣᠭᠰᠠᠨ ᠴᠣ᠋ ᠰᠢᠨ᠎ᠡ ᠬᠣᠪᠢᠷᠠᠯᠲᠠ ᠵᠢ ᠤᠭᠲᠤᠨ ᠠᠪᠴᠢᠷᠠᠯ᠎ᠠ᠄   ᠦᠪᠡᠷᠲᠡᠭᠡᠨ ᠵᠠᠰᠠᠬᠤ ᠣᠷᠣᠨ᠎ᠤ ᠬᠦᠯ ᠪᠦᠮᠪᠦᠭᠡ ᠵᠢᠨ ᠦᠢ᠍ᠯᠡᠰ᠎ᠨᠢ ᠲᠥᠯᠥᠪᠵᠢᠬᠥᠯᠭᠡ᠂ ᠬᠣᠯᠪᠣᠭ᠋ᠠᠳᠣ ᠣᠷᠣᠯᠳᠣᠭ᠋ᠠᠨ᠂ ᠴᠢᠳᠠᠪᠣᠷᠢᠳᠠᠨ᠂ ᠲᠣᠰᠬᠠᠢ ᠮᠡᠷᠭᠡᠵᠢᠯ᠎ᠤᠨ ᠠᠨᠭ᠌ᠭᠢ᠂ ᠵᠠᠷᠣᠳᠠᠯ ᠮᠥᠨᠭᠭᠥᠨ ᠵᠡᠷᠭᠡ ᠲᠠᠯ᠎ᠠ ᠵᠢᠨ ᠪᠠᠳᠣᠯᠠᠭ᠎ᠠ ᠥᠭᠡᠢ ᠮᠦᠷᠲᠡᠭᠡᠨ ᠬᠥᠯ ᠪᠥᠮᠪᠥᠭᠡ ᠵᠢᠨ ᠰᠣᠶᠣᠯ ᠴᠤ᠌ ᠥᠭᠡᠢ 《ᠴᠡᠪᠡᠷ ᠬᠣᠭᠤᠰᠤᠨ》 ᠪᠠᠢ᠍ᠢ᠍ᠭᠰᠠᠨ ᠱᠠᠳᠣ ᠥᠶ᠎ᠡ᠎ᠠᠴᠠ ᠲᠣᠰᠬᠠᠢ ᠵᠣᠬᠢᠶᠠᠨ ᠪᠠᠢ᠍ᠢ᠍ᠭᠣᠯᠣᠯᠳᠠ᠂ ᠣᠳᠣᠷᠢᠳᠣᠯᠭ᠎ᠠ ᠂ ᠲᠣᠰᠬᠠᠢ ᠠᠵᠢᠯ᠎ᠤᠨ ᠪᠠᠢ᠍ᠢ᠍ᠭᠣᠯᠣᠮᠵᠢ᠂ ᠲᠣᠰᠬᠠᠢ ᠴᠢᠳᠠᠪᠣᠷᠢᠳᠠᠨ᠎ᠤ ᠱᠠᠳᠣᠯᠢᠭ ᠠ᠋ᠨᠭ᠌ᠨᠡᠭᠡ᠂ ᠲᠣᠰᠬᠠᠢ ᠵᠠᠷᠣᠳᠠᠯ᠎ᠤᠨ ᠪᠠᠲᠤᠯᠠᠭ᠎ᠠ ᠪᠦᠬᠦᠢ᠂ ᠰᠢᠷᠢᠰ ᠬᠥᠯ ᠪᠥᠮᠪᠥᠭᠡ ᠵᠢᠨ ᠣᠷᠣᠯᠳᠣᠭ᠋ᠠᠨ ᠪᠠ ᠬᠠᠯᠠᠭᠣᠨ ᠰᠡᠳᠬᠢᠯᠭᠡ᠎ᠪᠠᠷ ᠬᠥᠯ ᠪᠥᠮᠪᠥᠭᠡ ᠵᠢᠨ ᠠᠵᠢᠯᠯᠠᠭ᠋ᠠᠨ᠎ᠳᠤ ᠣᠷᠣᠯᠴᠠᠬᠣ ᠮᠣᠨᠳᠠᠭ ᠶᠡᠬᠡ ᠪᠦᠯᠬᠥᠮ ᠨᠡᠢ᠍ᠢ᠍ᠳᠡ᠎ᠲᠠᠢ ᠦᠢ᠍ᠯᠡᠰ ᠪᠣᠯᠣᠨ ᠬᠦᠭᠵᠢᠵᠡᠢ᠃

      ᠵᠠᠯᠠᠭᠣᠴᠣᠳ ᠪᠠᠭ᠋ᠠᠴᠣᠳ᠎ᠤᠨ ᠰᠣᠷᠭ᠋ᠠᠭᠣᠯᠢ ᠵᠢᠨ ᠬᠥᠯ ᠪᠥᠮᠪᠥᠭᠡ ᠵᠢᠨ ᠬᠥᠭᠵᠢᠯᠳᠡ ᠵᠢ ᠬᠠᠣᠯᠢ ᠵᠢᠨ ᠪᠠᠳᠣᠯᠠᠭ᠎ᠠ᠎ᠲᠠᠢ ᠪᠣᠯᠭ᠋ᠠᠭᠰᠠᠨ᠎ᠨᠢ
    ᠦᠪᠦᠷ ᠮᠣᠨᠭ᠌ᠭᠣᠯ᠎ᠤᠨ ᠦᠪᠡᠷᠲᠡᠭᠡᠨ ᠵᠠᠰᠠᠬᠤ ᠣᠷᠣᠨ᠎ᠨᠢ ᠪᠥᠬᠥ ᠣᠯᠣᠰ᠎ᠤᠨ ᠬᠥᠯ ᠪᠥᠮᠪᠥᠭᠡ ᠵᠢᠨ ᠥᠭᠡᠷᠡᠴᠢᠯᠡᠯᠳᠡ ᠬᠥᠭᠵᠢᠬᠥᠯᠥᠯᠳᠡ ᠵᠢᠨ ᠲᠣᠷᠰᠢᠯᠳᠠ ᠵᠢᠨ ᠴᠡᠭ ᠵᠶ᠋ᠠᠷ ᠲᠣᠭᠳᠠᠭ᠋ᠠᠭᠳᠠᠭᠰᠠᠨ᠎ᠤ ᠲᠠᠷᠠᠭ᠎ᠠ᠂ ᠥᠪᠡᠷᠳᠡᠭᠡᠨ ᠵᠠᠰᠠᠬᠣ ᠣᠷᠣᠨ᠎ᠤ ᠨᠠᠮ᠎ᠤᠨ ᠬᠣᠷᠢᠶ᠎ᠠ᠂ ᠵᠠᠰᠠᠭ᠎ᠤᠨ ᠣᠷᠳᠣᠨ᠎ᠤ ᠲᠡᠭᠡᠳᠦ ᠬᠡᠮᠵᠢᠶᠡᠨ᠎ᠤ ᠴᠢᠬᠤᠯᠠᠴᠢᠯᠠᠭ᠎ᠠ ᠵᠢ ᠣᠯᠵᠤ᠂ ᠦᠪᠡᠷᠳᠡᠭᠡᠨ ᠵᠠᠰᠠᠬᠣ ᠣᠷᠣᠨ᠎ᠤ ᠨᠠᠮ᠎ᠤᠨ ᠬᠣᠷᠢᠶᠠᠨ᠎ᠤ ᠱᠥᠵᠢ ᠪᠠᠢ᠌ᠭᠰᠠᠨ ᠸᠠᠩ ᠵᠢᠶᠥᠢ᠍ᠨ᠂ ᠦᠪᠡᠷᠳᠡᠭᠡᠨ ᠵᠠᠰᠠᠬᠣ ᠣᠷᠣᠨ᠎ᠤ ᠵᠠᠰᠠᠭ᠎ᠤᠨ ᠣᠷᠳᠣᠨ᠎ᠤ ᠲᠡᠷᠢᠬᠥᠯᠡᠭᠴᠢ ᠪᠠᠢ᠌ᠭᠰᠠᠨ ᠪᠠᠭ᠋ᠠᠳᠣᠷ᠎ᠠᠴᠠ ᠨᠠᠮ᠎ᠤᠨ ᠬᠣᠷᠢᠶᠠᠨ᠎ᠤ ᠪᠠᠢ᠍ᠢ᠍ᠨᠭ᠌ᠭᠣ ᠵᠢᠨ ᠬᠣᠷᠢᠶ᠎ᠠ ᠪᠠ ᠵᠠᠰᠠᠭ᠎ᠤᠨ ᠣᠷᠳᠣᠨ᠎ᠤ ᠪᠠᠢ᠍ᠢ᠍ᠨᠭ᠌ᠭᠣ ᠵᠢᠨ ᠠᠵᠢᠯ᠎ᠤᠨ ᠬᠣᠷᠠᠯ᠎ᠢ ᠣᠯᠠᠨ ᠣᠳᠠᠭ᠎ᠠ ᠠ᠋ᠷᠬᠢᠯᠡᠨ ᠬᠣᠷᠠᠯᠳᠣᠭᠣᠯᠵᠣ᠂ ᠬᠥᠯ ᠪᠥᠮᠪᠥᠭᠡ ᠵᠢᠨ   ᠦᠢ᠍ᠯᠡᠰ᠎ᠤᠨ ᠥᠭᠡᠷᠡᠴᠢᠯᠡᠯᠳᠡ ᠬᠥᠭᠵᠢᠬᠥᠯᠥᠯᠳᠡ ᠵᠢᠨ ᠲᠣᠷᠰᠢᠯᠳᠠ ᠵᠢᠨ ᠴᠡᠭ᠎ᠤᠨ ᠠᠵᠢᠯ᠎ᠢ ᠪᠥᠬᠥ ᠲᠠᠯ᠎ᠠ᠎ᠪᠠᠷ ᠠᠬᠢᠭᠣᠯᠬᠣ ᠲᠣᠬᠠᠢ ᠨᠠᠷᠢᠨ ᠰᠤᠳᠤᠯᠵᠤ ᠨᠢᠮᠪᠠᠢ ᠪᠠᠢ᠌ᠷᠢᠯᠠᠭᠤᠯᠤᠯᠲᠠ ᠬᠢᠭᠰᠡᠨ ᠪᠠᠢ᠌ᠨ᠎ᠠ᠃
     2014 ᠣᠨ᠎ᠤ 12 ᠰᠠᠷ᠎ᠠ᠎ᠳᠤ᠂ 《ᠦᠪᠡᠷᠳᠡᠭᠡᠨ ᠵᠠᠰᠠᠬᠣ ᠣᠷᠣᠨ᠎ᠤ ᠰᠣᠷᠭ᠋ᠠᠭᠣᠯᠢ ᠵᠢᠨ ᠬᠥᠯ ᠪᠥᠮᠪᠥᠭᠡ ᠵᠢᠨ ᠠᠵᠢᠯ᠎ᠢ ᠭᠣᠷᠪᠠᠨ ᠵᠢᠯ (2015~2017 ᠣᠨ) ᠲᠥᠯᠬᠢᠨ ᠠᠬᠢᠭᠣᠯᠬᠣ ᠲᠥᠰᠥᠪ》᠎ᠢ ᠵᠢᠨᠭᠭᠢᠨᠢ᠎ᠪᠠᠷ ᠨᠡᠢ᠌ᠲᠡᠯᠡᠵᠦ᠂ ᠵᠠᠯᠠᠭᠣᠴᠣᠳ ᠪᠠᠭ᠋ᠠᠴᠣᠳ᠎ᠤᠨ ᠰᠣᠷᠭ᠋ᠠᠭᠣᠯᠢ ᠵᠢᠨ ᠬᠥᠯ ᠪᠥᠮᠪᠥᠭᠡ ᠪᠣᠯ ᠦᠪᠡᠷᠳᠡᠭᠡᠨ ᠵᠠᠰᠠᠬᠣ ᠣᠷᠣᠨ᠎ᠤ ᠬᠥᠯ ᠪᠥᠮᠪᠥᠭᠡ ᠵᠢᠨ ᠠᠵᠢᠯ ᠥᠢ᠍ᠯᠡᠰ᠎ᠤᠨ ᠰᠠᠭᠣᠷᠢ ᠪᠣᠯᠬᠣ ᠢᠨᠵᠸᠨ᠋ᠸᠷᠢᠩ ᠪᠠᠢ᠌ᠵᠤ ᠬᠥᠯ ᠪᠥᠮᠪᠥᠭᠡ ᠵᠢᠨ ᠰᠫᠣᠷᠲ᠎ᠢ ᠰᠣᠷᠭ᠋ᠠᠭᠣᠯᠢ ᠵᠢᠨ ᠬᠢᠴᠢᠶᠡᠯ ᠲᠥᠷᠥᠯ᠎ᠤᠨ ᠬᠣᠪᠢ᠎ᠪᠠᠷ ᠲᠠᠬᠢᠨᠳᠠ ᠲᠣᠬᠢᠷᠠᠭᠤᠯᠵᠤ᠂ ᠰᠣᠷᠭ᠋ᠠᠭᠣᠯᠢ ᠵᠢᠨ ᠬᠥᠷᠢᠶ᠎ᠡ᠎ᠪᠠᠷ ᠭᠣᠣᠯ ᠵᠢᠭᠰᠠᠭ᠋ᠠᠯ᠎ᠤᠨ ᠭᠠᠵᠠᠷ ᠪᠣᠯᠭ᠋ᠠᠨ᠂ ᠬᠥᠯ ᠪᠥᠮᠪᠥᠭᠡ᠎ᠪᠠᠷ ᠰᠢᠪᠳᠣᠯᠣᠯᠳᠠ ᠵᠢᠨ ᠴᠡᠭ ᠪᠣᠯᠭ᠋ᠠᠵᠣ᠂ ᠦᠪᠡᠷᠳᠡᠭᠡᠨ ᠵᠠᠰᠠᠬᠣ ᠣᠷᠣᠨ᠎ᠤ ᠪᠣᠳᠠᠳᠠᠢ᠎ᠳᠤ ᠨᠡᠢ᠌ᠴᠡᠭᠦᠯᠦᠨ᠂ ᠦᠪᠡᠷᠳᠡᠭᠡᠨ ᠵᠠᠰᠠᠬᠣ ᠣᠷᠣᠨ᠎ᠤ ᠣᠨᠴᠠᠯᠢᠭ᠎ᠢ ᠬᠠᠷᠠᠭᠣᠯᠣᠭᠰᠠᠨ ᠰᠣᠷᠭ᠋ᠠᠭᠣᠯᠢ ᠵᠢᠨ ᠬᠥᠯ ᠪᠥᠮᠪᠥᠭᠡ ᠵᠢᠨ ᠬᠥᠭᠵᠢᠯᠳᠡ ᠵᠢᠨ ᠵᠠᠮ᠎ᠢ ᠪᠣᠢ ᠪᠣᠯᠭ᠋ᠠᠬᠣ ᠵᠢ ᠰᠢᠨᠵᠢᠯᠡᠵᠦ ᠰᠦᠪᠡᠭᠴᠢᠯᠡᠬᠥ ᠬᠡᠷᠡᠭᠳᠡᠢ ᠬᠡᠮᠡᠨ ᠲᠥᠰᠥᠪ᠎ᠲᠤ ᠲᠣᠷᠠᠳᠣᠭᠰᠠᠨ ᠪᠠᠢ᠍ᠢ᠍ᠨ᠎ᠠ᠃
      ᠦᠪᠡᠷᠳᠡᠭᠡᠨ ᠵᠠᠰᠠᠬᠣ ᠣᠷᠣᠨ᠎ᠤ ᠰᠣᠷᠭ᠋ᠠᠨ ᠬᠥᠮᠥᠵᠢᠯ᠎ᠤᠨ ᠲᠢᠨᠭᠭᠢᠮ᠎ᠤᠨ ᠲᠠᠷᠣᠭ᠎ᠠ᠂ ᠦᠪᠡᠷᠳᠡᠭᠡᠨ ᠵᠠᠰᠠᠬᠣ ᠣᠷᠣᠨ᠎ᠤ ᠵᠠᠯᠠᠭᠣᠴᠣᠳ ᠪᠠᠭ᠋ᠠᠴᠣᠳ᠎ᠤᠨ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠦᠭᠡ ᠵᠢᠨ ᠠᠵᠢᠯ᠎ᠢ ᠣᠳᠣᠷᠢᠳᠬᠣ ᠲᠣᠭᠣᠢ᠍ᠢ᠍ᠯᠠᠩ᠎ᠤᠨ ᠲᠠᠷᠣᠭ᠎ᠠ ᠾᠧᠣ ᠶᠣᠸᠠᠨ᠎ᠠᠴᠠ᠄ 《ᠥᠪᠥᠷ ᠮᠣᠨᠭ᠌ᠭᠣᠯ᠎ᠤᠨ ᠬᠥᠯ ᠪᠥᠮᠪᠥᠭᠡ ᠵᠢᠨ ᠰᠫᠣᠷᠲ᠎ᠤᠨ ᠥᠭᠡᠷᠡᠴᠢᠯᠡᠯᠳᠡ ᠬᠥᠭᠵᠢᠬᠥᠯᠥᠯᠳᠡ ᠵᠢᠨ ᠠ᠋ᠬᠢᠨ᠎ᠤ ᠱᠠᠲᠤᠨ᠎ᠳᠤ᠂ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ᠎ᠨᠢ ᠬᠥᠯ ᠪᠥᠮᠪᠥᠭᠡ ᠵᠢᠨ ᠰᠫᠣᠷᠲ᠎ᠢ ᠲᠥᠭᠡᠮᠡᠯᠵᠢᠬᠥᠯᠬᠥ᠂ ᠬᠥᠯ ᠪᠥᠮᠪᠥᠭᠡ ᠵᠢᠨ ᠬᠦᠳᠡᠯᠭᠡᠭᠡᠨ᠎ᠳᠤ ᠣᠷᠤᠯᠴᠠᠭᠰᠠᠳ᠎ᠤᠨ ᠲᠣᠭ᠎ᠠ ᠵᠢ ᠨᠡᠮᠡᠭᠳᠡᠬᠥᠯᠬᠥ ᠵᠢ ᠰᠢᠭᠣᠳ ᠠ᠋ᠬᠥᠷᠭᠡᠯᠡᠵᠦ ᠪᠠᠢ᠍ᠢ᠍ᠬᠣ᠎ᠪᠠᠷ ᠥᠯᠥ ᠪᠠᠷᠠᠮ᠂ ᠰᠣᠷᠭ᠋ᠠᠭᠣᠯᠢ ᠵᠢᠨ ᠭᠠᠳᠠᠨᠠᠬᠢ ᠣᠷᠣᠯᠳᠣᠭ᠋ᠠᠨ ᠪᠣᠯᠪᠠᠰᠣᠷᠠᠯ᠂ ᠵᠠᠯᠠᠭᠣᠴᠣᠳ᠎ᠤᠨ ᠪᠣᠯᠪᠠᠰᠣᠷᠠᠯ᠎ᠤᠨ ᠱᠠᠳᠣᠯᠢᠭ ᠠ᠋ᠨᠭ᠌ᠨᠡᠭᠡ᠂ ᠣᠷᠣᠯᠳᠣᠭ᠋ᠠᠨ ᠮᠥᠷᠥᠢ᠍ᠢ᠍ᠴᠡᠭᠡᠨ᠎ᠤ ᠲᠣᠭᠳᠠᠯᠴᠠᠭ᠎ᠠ᠂ ᠴᠢᠳᠠᠪᠣᠷᠢᠳᠠᠨ᠎ᠤ ᠠ᠋ᠨᠭ᠌ᠨᠡᠭᠡ ᠪᠠ ᠰᠣᠶᠣᠯ᠎ᠤᠨ ᠪᠥᠳᠥᠭᠡᠨ ᠪᠠᠢ᠍ᠢ᠍ᠭᠣᠯᠣᠯᠳᠠ ᠵᠡᠷᠭᠡ ᠣᠯᠠᠨ ᠲᠠᠯ᠎ᠠ ᠵᠢᠨ᠂ ᠠᠵᠢᠯ ᠲᠥᠷᠥᠯ ᠠᠯᠭ᠋ᠠᠰᠠᠭᠰᠠᠨ ᠬᠥᠨᠳᠥ ᠠ᠋ᠬᠥᠷᠭᠡ ᠵᠢ ᠴᠦ᠍ ᠲᠡᠮ ᠵᠶ᠋ᠠᠷ ᠠ᠋ᠬᠥᠷᠭᠡᠯᠡᠵᠦ ᠪᠣᠢ》 ᠭᠡᠮᠡᠨ ᠥᠪᠥᠷ ᠮᠣᠨᠭ᠌ᠭᠣᠯ᠎ᠤᠨ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ ᠣᠷᠣᠨ ᠲᠣᠭᠳᠠᠭ᠋ᠠᠯᠳᠠ ᠵᠢᠨ ᠲᠣᠬᠠᠢ ᠵᠢᠭ᠋ᠠᠨ ᠭᠠᠷᠭ᠋ᠠᠵᠠᠢ᠃
     2015 ᠣᠨ᠎ᠤ 8 ᠰᠠᠷ᠎ᠠ᠎ᠳᠤ᠂ ᠣᠯᠣᠰ᠎ᠤᠨ ᠰᠣᠷᠭ᠋ᠠᠨ ᠬᠥᠮᠥᠵᠢᠯ᠎ᠤᠨ ᠶᠠᠮᠣᠨ᠎ᠠᠴᠠ ᠥᠪᠥᠷ ᠮᠣᠨᠭ᠌ᠭᠣᠯ᠎ᠢ ᠪᠠᠰᠠ ᠪᠥᠬᠥ ᠣᠯᠣᠰ᠎ᠤᠨ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ ᠥᠭᠡᠷᠡᠴᠢᠯᠡᠯᠳᠡ ᠵᠢᠨ ᠲᠣᠷᠰᠢᠯᠳᠠ ᠵᠢᠨ ᠣᠷᠣᠨ ᠵᠶ᠋ᠠᠷ ᠲᠣᠭᠳᠠᠭ᠋ᠠᠵᠣ᠂ ᠪᠣᠭᠣᠳᠣ ᠬᠣᠳᠠ ᠵᠢᠨ ᠴᠢᠩ ᠱᠠᠨ ᠲᠣᠭᠣᠷᠢᠭ ᠪᠠ ᠬᠥᠬᠡᠬᠣᠳᠠ ᠵᠢᠨ ᠰᠠᠢ᠍ᠢ᠍ᠬᠠᠨ ᠲᠣᠭᠣᠷᠢᠭ᠎ᠢ ᠪᠥᠬᠥ ᠣᠯᠣᠰ᠎ᠤᠨ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ ᠲᠣᠷᠰᠢᠯᠳᠠ ᠵᠢᠨ ᠰᠢᠶᠠᠨ ᠲᠣᠭᠣᠷᠢᠭ ᠵᠶ᠋ᠠᠷ ᠲᠣᠭᠳᠠᠭ᠋ᠠᠨ᠂ ᠰᠣᠷᠭ᠋ᠠᠭᠣᠯᠢ ᠵᠢᠨ ᠬᠦᠯ ᠪᠥᠮᠪᠥᠭᠡ᠎ᠨᠢ ᠲᠠᠬᠢᠨᠳᠠ ᠨᠡᠢ᠌ᠭᠡᠮ ᠨᠡᠢ᠌ᠲᠡ ᠵᠢᠨ ᠠᠨᠭ᠌ᠬᠠᠷᠣᠯ᠎ᠢ ᠲᠠᠲᠠᠭᠰᠠᠨ ᠪᠠᠢ᠌ᠨ᠎ᠠ᠃ ᠣᠷᠢᠳ ᠠ᠋ᠮᠥᠨ᠎ᠡ ᠪᠠᠢ᠍ᠢ᠍ᠭ᠎ᠠ ᠥᠭᠡᠢ ᠬᠥᠭᠵᠢᠯᠳᠡ ᠵᠢᠨ ᠠᠵᠠ ᠲᠣᠬᠢᠶᠠᠯ᠎ᠤᠨ ᠠ᠋ᠮᠥᠨ᠎ᠡ᠂ ᠥᠪᠥᠷ ᠮᠣᠨᠭ᠌ᠭᠣᠯ᠎ᠤᠨ ᠰᠣᠷᠭ᠋ᠠᠨ ᠬᠥᠮᠥᠵᠢᠯ᠎ᠤᠨ ᠰᠢᠰᠲᠸᠮ᠎ᠤᠨ᠎ᠬᠢᠨ ᠱᠠᠳᠣ ᠱᠠᠳᠣ᠎ᠪᠠᠷ ᠬᠣᠯᠪᠣᠭ᠋ᠠᠯᠠᠨ᠂ ᠪᠥᠬᠥᠳᠡ ᠨᠡᠢ᠍ᠢ᠍ᠲᠡ᠎ᠪᠠᠷ ᠬᠠᠮᠳᠣᠷᠠᠯᠴᠠᠵᠣ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ ᠬᠥᠭᠵᠢᠯᠳᠡ ᠵᠢᠨ ᠡᠯ᠎ᠡ ᠵᠣᠷᠪᠣᠰ ᠲᠥᠷᠥ ᠵᠢᠨ ᠪᠣᠳᠣᠯᠭ᠎ᠠ᠂ ᠲᠥᠷᠢᠮ ᠲᠣᠭᠳᠠᠭ᠋ᠠᠯ᠎ᠤᠨ ᠪᠠᠳᠣᠯᠠᠭ᠎ᠠ ᠵᠢ ᠠᠯᠬᠣᠮ ᠠᠯᠬᠣᠮ ᠵᠶ᠋ᠠᠷ ᠲᠡᠬᠥᠯᠳᠡᠷᠵᠢᠬᠥᠯᠵᠥ᠂ ᠪᠥᠬᠥ ᠣᠯᠣᠰ᠎ᠤᠨ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ ᠥᠭᠡᠷᠡᠴᠢᠯᠡᠯᠳᠡ ᠬᠥᠭᠵᠢᠬᠥᠯᠥᠯᠳᠡ ᠵᠢᠨ ᠠᠵᠢᠯ᠎ᠳᠤ 《ᠲᠣᠯᠣᠭ᠋ᠠᠨ ᠣᠷᠢᠳᠠᠪᠡᠷ》᠎ᠢ ᠪᠡᠶᠡᠯᠡᠬᠥᠯᠪᠡ᠄ ᠵᠠᠯᠠᠭᠣᠴᠣᠳ ᠪᠠᠭ᠋ᠠᠴᠣᠳ᠎ᠤᠨ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ ᠠᠵᠢᠯ᠎ᠤᠨ ᠣᠳᠣᠷᠢᠳᠬᠣ ᠲᠣᠭᠣᠢ᠍ᠢ᠍ᠯᠠᠩ᠎ᠢ ᠣᠷᠢᠳᠠᠪᠡᠷ ᠪᠣᠢ ᠪᠣᠯᠭ᠋ᠠᠪᠠ; ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ ᠲᠣᠰᠬᠠᠢ ᠵᠠᠷᠣᠳᠠᠯ᠎ᠢ ᠣᠷᠢᠳᠠᠪᠡᠷ ᠲᠣᠬᠢᠷᠠᠭᠣᠯᠪᠠ; ᠥᠪᠡᠷᠳᠡᠭᠡᠨ ᠵᠠᠰᠠᠬᠣ ᠣᠷᠣᠨ᠎ᠤ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ ᠠᠵᠢᠯ᠎ᠤᠨ ᠠᠯᠪᠠᠨ ᠭᠡᠷ᠎ᠤᠨ ᠬᠥᠮᠥᠨ᠎ᠤ ᠣᠷᠣᠨ ᠲᠣᠭ᠎ᠠ ᠵᠢ ᠣᠷᠢᠳᠠᠪᠡᠷ ᠨᠠᠢ᠍ᠢ᠍ᠳᠠᠪᠣᠷᠢᠵᠢᠭᠣᠯᠪᠠ; ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ ᠠᠵᠢᠯ᠎ᠢ ᠭᠣᠷᠪᠠᠨ ᠵᠢᠯ ᠲᠥᠯᠬᠢᠨ ᠠᠬᠢᠭᠣᠯᠬᠣ ᠲᠥᠰᠥᠪ᠎ᠢ ᠣᠷᠢᠳᠠᠪᠡᠷ ᠨᠡᠢ᠍ᠢ᠍ᠳᠡᠯᠡᠨ ᠲᠠᠷᠬᠠᠭ᠋ᠠᠪᠠ; 《ᠥᠪᠥᠷ ᠮᠣᠨᠭ᠌ᠭᠣᠯ᠎ᠤᠨ ᠵᠠᠯᠠᠭᠣᠴᠣᠳ ᠪᠠᠭ᠋ᠠᠴᠣᠳ᠎ᠤᠨ ᠬᠥᠯ ᠪᠥᠮᠪᠥᠭᠡ ᠵᠢᠨ ᠠ᠋ᠳᠦᠷ》 — ᠰᠣᠷᠭ᠋ᠠᠭᠣᠯᠢ ᠵᠢᠨ ᠬᠥᠷᠢᠶᠡᠨ᠎ᠤ ᠨᠡᠢ᠍ᠢ᠍ᠲᠡ ᠵᠢᠨ ᠠᠰᠠᠷᠠᠮᠵᠢ ᠵᠢᠨ ᠠᠵᠢᠯᠯᠠᠭ᠋ᠠᠨ᠎ᠢ ᠣᠷᠢᠳᠠᠪᠡᠷ ᠶᠠᠪᠣᠭᠳᠠᠭᠣᠯᠪᠠ; ᠲᠦᠷᠪᠡᠨ ᠲᠡᠰ᠎ᠤᠨ ᠬᠣᠯᠪᠣᠭ᠋ᠠᠳᠣ ᠣᠷᠣᠯᠳᠣᠭ᠋ᠠᠨ᠎ᠤ ᠭᠣᠣᠯ ᠣᠷᠣᠯᠳᠣᠭ᠋ᠠᠨ᠎ᠤ ᠠᠵᠢᠯ᠎ᠢ ᠣᠷᠢᠳᠠᠪᠡᠷ ᠪᠡᠶᠡᠯᠡᠬᠥᠯᠪᠡ; ᠬᠡᠥᠭᠡᠳ᠎ᠤᠨ ᠴᠡᠴᠡᠷᠯᠢᠭ᠎ᠤᠨ ᠬᠥᠯ ᠪᠥᠮᠪᠥᠭᠡ ᠵᠢᠨ ᠰᠣᠨᠢᠷᠬᠠᠯᠳᠣ ᠠᠵᠢᠯᠯᠠᠭ᠋ᠠᠨ᠎ᠢ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ ᠬᠣᠯᠪᠣᠭ᠋ᠠᠳᠣ ᠣᠷᠣᠯᠳᠣᠭ᠋ᠠᠨ᠎ᠳᠤ ᠣᠷᠢᠳᠠᠪᠡᠷ ᠣᠷᠣᠭᠣᠯᠣᠭᠰᠠᠨ ᠪᠠᠢ᠍ᠢ᠍ᠨ᠎ᠠ᠃
      ᠰᠢᠯᠢ ᠵᠢᠨ ᠭᠣᠣᠯ ᠠᠢ᠍ᠢ᠍ᠮᠠᠭ᠎ᠤᠨ ᠵᠡᠭᠦᠨ ᠥᠵᠥᠮᠥᠴᠢᠨ ᠬᠣᠰᠢᠭᠣᠨ᠎ᠤ ᠲᠣᠷᠰᠢᠯᠳᠠ ᠵᠢᠨ ᠪᠠᠭ᠎ᠠ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ ᠲᠠᠰᠬᠠᠯᠵᠢᠭᠣᠯᠣᠭᠴᠢ᠎ᠠᠴᠠ᠄ 《ᠲᠠᠯᠠᠪᠣᠷ᠂ ᠲᠥᠬᠥᠭᠡᠷᠥᠮᠵᠢ᠂ ᠵᠠᠷᠣᠳᠠᠯ ᠮᠥᠨᠭᠭᠥ ᠴᠦᠮ ᠠᠰᠠᠭᠣᠳᠠᠯ ᠥᠭᠡᠢ᠂ ᠬᠡᠥᠭᠡᠳ᠎ᠤᠳ ᠴᠦ᠍ ᠬᠥᠯ ᠪᠥᠮᠪᠥᠭᠡ᠎ᠳᠤ ᠣᠷᠮ᠎ᠠ ᠪᠠᠬ᠎ᠠ᠎ᠲᠠᠢ᠂ ᠣᠷᠣᠨ᠂ ᠠᠢ᠍ᠢ᠍ᠮᠠᠭ᠎ᠠᠴᠠ ᠬᠣᠰᠢᠭᠣ ᠵᠠᠰᠠᠭ᠎ᠲᠤ ᠬᠥᠷᠳᠡᠯ᠎ᠡ ᠮᠠᠨᠣᠰ᠎ᠲᠤ ᠮᠠᠰᠢ ᠲᠡᠮᠵᠢᠯᠭᠡ ᠦᠵᠡᠬᠥᠯᠵᠥ ᠪᠠᠢ᠍ᠢ᠍ᠨ᠎ᠠ᠃ ᠬᠡᠳᠦᠨ ᠠ᠋ᠳᠦᠷ᠎ᠤᠨ ᠲᠠᠷᠠᠭ᠎ᠠ ᠠᠮᠠᠷᠠᠯᠳᠠ ᠪᠣᠯᠪᠠᠯ᠂ ᠪᠢᠳᠡ ᠬᠠᠢ᠍ᠢ᠍ᠨᠠᠨ ᠮᠣᠵᠢ ᠵᠢᠨ ᠡᠪᠦᠯ᠎ᠤᠨ ᠬᠣᠭᠣᠴᠠᠭ᠋ᠠᠨ᠎ᠤ ᠪᠣᠯᠪᠠᠰᠣᠷᠠᠯ᠎ᠳᠤ ᠣᠷᠣᠯᠴᠠᠬᠣ᠎ᠪᠠᠷ ᠣᠴᠢᠨ᠎ᠠ》 ᠭᠡᠵᠥ ᠬᠠᠮᠣᠭ᠎ᠤᠨ ᠥᠨᠳᠥᠰᠥᠨ ᠱᠠᠳᠣᠨ᠎ᠤ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ ᠠᠵᠢᠯᠲᠠᠨ ᠪᠣᠯᠣᠭᠰᠠᠨ᠎ᠤ ᠬᠣᠪᠢ᠎ᠳᠤ᠂ ᠲᠡᠷᠡ ᠣᠳᠣᠬᠢ ᠠᠵᠢᠯ᠎ᠤᠨ ᠣᠷᠴᠢᠨ ᠪᠠᠢ᠍ᠢ᠍ᠳᠠᠯ᠎ᠳᠤ᠎ᠪᠠᠨ ᠮᠠᠰᠢ ᠬᠠᠨᠣᠮᠵᠢᠲᠠᠢ ᠪᠠᠢ᠍ᠢ᠍ᠬᠣ᠎ᠪᠠᠨ ᠢᠯᠡᠳᠭᠡᠵᠡᠢ᠃
      ᠬᠦᠯ ᠪᠦᠮᠪᠦᠭᠡᠨ ᠦᠢ᠍ᠯᠡᠰ᠎ᠢ ᠥᠳᠳᠡᠷ ᠲᠦᠷᠭᠡᠨ ᠬᠦᠭᠵᠢᠭᠦᠯᠬᠦ᠎ᠳᠤ᠂ ᠠ᠋ᠷᠬᠡᠪᠰᠢ ᠪᠣᠳᠠᠳᠠᠢ ᠠᠷᠭ᠎ᠠ ᠠᠪᠴᠠᠯ᠎ᠢ   ᠠᠪᠬᠤ ᠬᠡᠷᠡᠭᠳᠡᠢ᠃ ᠡᠭᠦᠨ᠎ᠳᠤ ᠦᠪᠡᠷᠲᠡᠭᠡᠨ ᠵᠠᠰᠠᠬᠤ ᠣᠷᠣᠨ᠎ᠨᠢ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ ᠪᠡᠶ᠎ᠡ ᠲᠠᠮᠢᠷ᠎ᠤᠨ ᠬᠦᠳᠡᠯᠭᠡᠭᠡᠨ᠎ᠢ ᠬᠠᠣᠯᠢ ᠵᠢᠨ ᠪᠠᠳᠣᠯᠠᠭ᠎ᠠ᠎ᠳᠤ ᠣᠷᠣᠭᠣᠯᠬᠣ᠂ ᠥᠭᠡᠷᠡᠴᠢᠯᠡᠯᠳᠡ ᠵᠢ ᠪᠥᠬᠥ ᠲᠠᠯ᠎ᠠ᠎ᠪᠠᠷ ᠬᠥᠨᠵᠡᠭᠡᠢ᠍ᠢ᠍ᠷᠡᠬᠥᠯᠬᠥ ᠶᠡᠷᠦᠨᠭᠭᠡᠢ ᠪᠠᠢ᠍ᠢ᠍ᠷᠢᠯᠠᠭᠣᠯᠣᠯᠳᠠ᠎ᠳᠤ ᠣᠷᠣᠭᠣᠯᠬᠣ᠂ ᠨᠠᠮ᠎ᠤᠨ ᠬᠣᠷᠢᠶ᠎ᠠ ᠪᠠ ᠵᠠᠰᠠᠭ᠎ᠤᠨ ᠣᠷᠳᠣᠨ᠎ᠤ ᠠ᠋ᠳᠦᠷ ᠲᠣᠳᠣᠮ᠎ᠤᠨ ᠴᠢᠬᠣᠯᠠ ᠠᠵᠢᠯ᠎ᠳᠤ ᠣᠷᠣᠭᠣᠯᠬᠣ᠂ ᠠᠵᠣ ᠠᠬᠣᠢ ᠨᠡᠢ᠍ᠢ᠍ᠭᠡᠮ᠎ᠤᠨ ᠬᠥᠭᠵᠢᠯᠳᠡ ᠵᠢᠨ ᠲᠥᠯᠥᠪᠵᠢᠬᠥᠯᠭᠡ᠎ᠳᠤ ᠣᠷᠣᠭᠣᠯᠬᠣ᠂ ᠡᠯ᠎ᠡ ᠲᠡᠰ᠎ᠤᠨ ᠠ᠋ᠳ᠋᠎ᠤᠨ ᠵᠠᠰᠠᠭ᠎ᠤᠨ ᠲᠥᠯᠥᠪᠯᠡᠭᠡ᠎ᠳᠤ ᠣᠷᠣᠭᠣᠯᠬᠣ᠂ ᠠᠢ᠍ᠢ᠍ᠮᠠᠭ ᠬᠣᠳᠠ᠂ ᠲᠢᠨᠭᠭᠢᠮ ᠲᠣᠪᠴᠢᠶ᠎ᠠ ᠵᠢᠨ ᠣᠨ᠎ᠤ ᠶᠡᠷᠦᠨᠭᠭᠡᠢ᠍ᠢ᠍ᠯᠡᠭᠰᠡᠨ ᠬᠢᠨᠠᠯᠲᠠ ᠵᠢᠨ ᠠᠭᠣᠯᠭ᠎ᠠ᠎ᠳᠤ ᠣᠷᠣᠭᠣᠯᠬᠣ 《ᠵᠢᠷᠭᠣᠭ᠋ᠠᠨ ᠣᠷᠣᠭᠣᠯᠬᠣ》᠎ᠪᠠᠷ ᠲᠠᠮᠵᠢᠭᠣᠯᠵᠣ᠂ ᠪᠥᠬᠥ ᠣᠷᠣᠨ ᠬᠠᠮᠳᠣ᠎ᠪᠠᠷ ᠠᠬᠢᠭᠣᠯᠬᠣ ᠵᠢᠨ ᠨᠡᠢ᠍ᠢ᠍ᠯᠡᠮᠡᠯ ᠬᠥᠴᠥᠨ᠎ᠢ ᠪᠣᠢ ᠪᠣᠯᠭ᠋ᠠᠵᠣ᠂ ᠬᠠᠮᠢᠶᠠᠷᠣᠯᠳᠠ ᠵᠢᠨ ᠲᠣᠭᠳᠠᠯᠴᠠᠭ᠎ᠠ᠂ ᠣᠨᠣᠯ᠎ᠤᠨ ᠲᠣᠭᠳᠠᠯᠴᠠᠭ᠎ᠠ᠂ ᠲᠥᠷᠥ ᠵᠢᠨ ᠪᠣᠳᠣᠯᠭ᠎ᠠ ᠵᠢᠨ ᠲᠣᠭᠳᠠᠯᠴᠠᠭ᠎ᠠ᠂ ᠣᠷᠣᠯᠳᠣᠭ᠋ᠠᠨ᠎ᠤ ᠠᠵᠢᠯ᠎ᠤᠨ ᠲᠣᠭᠳᠠᠯᠴᠠᠭ᠎ᠠ᠂ ᠬᠠᠮᠵᠢᠯᠴᠠᠭ᠋ᠠᠨ᠎ᠤ ᠲᠣᠭᠳᠠᠯᠴᠠᠭ᠎ᠠ᠂ ᠬᠥᠮᠥᠨ᠎ᠤ ᠬᠥᠴᠥᠨ᠎ᠤ ᠲᠣᠭᠳᠠᠯᠴᠠᠭ᠎ᠠ᠂ ᠪᠠᠳᠣᠯᠠᠭ᠋ᠠᠨ᠎ᠤ ᠲᠣᠭᠳᠠᠯᠴᠠᠭ᠎ᠠ᠂ ᠰᠣᠶᠣᠯ᠎ᠤᠨ ᠲᠣᠭᠳᠠᠯᠴᠠᠭ᠎ᠠ᠂ ᠬᠠᠮᠳᠣ᠎ᠪᠠᠷ ᠪᠠᠢ᠍ᠢ᠍ᠭᠣᠯᠬᠣ ᠲᠣᠭᠳᠠᠯᠴᠠᠭ᠎ᠠ ᠵᠡᠷᠭᠡ ᠶᠢᠰᠦᠨ ᠶᠡᠬᠡ ᠲᠣᠭᠳᠠᠯᠴᠠᠭ᠋ᠠᠨ᠎ᠤ ᠬᠣᠯᠪᠣᠭ᠋ᠠᠯᠠᠭᠰᠠᠨ ᠠᠵᠢᠯ᠎ᠤᠨ ᠰᠢᠰᠲᠸᠮ᠎ᠢ ᠪᠣᠢ ᠪᠣᠯᠭ᠋ᠠᠭᠰᠠᠨ ᠪᠠᠢ᠍ᠢ᠍ᠨ᠎ᠠ᠃
      ᠦᠪᠡᠷᠮᠢᠴᠡ ᠣᠨᠴᠠᠯᠢᠭ ᠪᠥᠬᠥᠢ ᠵᠢᠯᠣᠭᠣᠳᠣᠯᠭ᠎ᠠ᠎ᠨᠢ ᠬᠥᠯ ᠪᠥᠮᠪᠥᠭᠡ ᠵᠢᠨ ᠲᠦᠭᠡᠮᠡᠯᠵᠢᠯᠡᠯᠲᠡ ᠵᠢ ᠦᠷᠭᠡᠳᠭᠡᠪᠡ
      ᠬᠠᠬᠢᠷ ᠡᠪᠦᠯ᠎ᠤᠨ ᠯᠠ ᠰᠠᠷ᠎ᠠ ᠪᠣᠯᠴᠢᠬᠠᠭᠰᠠᠨ ᠪᠠᠢ᠍ᠢ᠍ᠬᠣ᠎ᠳᠤ᠂ ᠪᠣᠭᠣᠳᠣ ᠬᠣᠳᠠ ᠵᠢᠨ ᠵᠸᠩ ᠰᠢᠶᠠᠩ ᠥᠨᠳᠥᠰᠥᠳᠡᠨ᠎ᠤ ᠬᠡᠥᠭᠡᠳ᠎ᠤᠨ ᠴᠡᠴᠡᠷᠯᠢᠭ᠎ᠤᠨ ᠬᠥᠷᠢᠶᠡᠨ᠎ᠳᠤ᠂ ᠨᠢᠭᠡᠨ ᠪᠥᠯᠥᠭ ᠵᠢᠭ᠋ᠠᠯ ᠬᠡᠥᠭᠡᠳ᠎ᠤᠳ ᠬᠡᠢ᠍ᠢ᠍ᠯᠡᠭᠰᠡᠨ ᠲᠡᠪᠢᠰᠭᠡᠷ ᠵᠶ᠋ᠠᠷ ᠬᠥᠷᠢᠶᠡᠯᠡᠭᠰᠡᠨ ᠵᠢᠵᠢᠭᠭᠡᠨ ᠪᠥᠮᠪᠥᠭᠡᠨ ᠲᠠᠯᠠᠪᠣᠷ᠎ᠲᠤ ᠨᠠᠭ᠋ᠠᠰᠢ ᠴᠠᠭ᠋ᠠᠰᠢ ᠬᠥᠶᠥᠯᠳᠥᠨ ᠪᠥᠮᠪᠥᠭᠡ ᠢᠰᠬᠥᠯᠥᠨ ᠨᠠᠭ᠋ᠠᠳᠴᠣ ᠪᠠᠢ᠍ᠢ᠍ᠨ᠎ᠠ᠃ ᠬᠠᠷᠠᠬᠤ᠎ᠳᠤ ᠬᠡᠥᠭᠡᠳ᠎ᠤᠳ᠎ᠤᠨ ᠬᠥᠯ ᠪᠥᠮᠪᠥᠭᠡᠨ ᠨᠠᠭ᠋ᠠᠳᠣᠮ᠎ᠨᠢ ᠲᠡᠮᠡᠢ ᠯᠠ ᠳᠦᠷᠢᠮ ᠭᠣᠷᠢᠮ ᠪᠠᠢ᠍ᠢ᠍ᠬᠣ ᠥᠭᠡᠢ ᠪᠣᠯᠪᠠᠴᠣ ᠲᠡᠳᠡᠨᠡᠷ ᠬᠠᠷᠢᠨ ᠮᠠᠰᠢ ᠪᠠᠶᠠᠷᠳᠠᠢ ᠲᠣᠭᠯᠠᠵᠣ᠂ ᠬᠠᠵᠠᠭᠤ᠎ᠳᠠᠬᠢ ᠭᠡᠷ᠎ᠤᠨ ᠠᠬᠠᠮᠠᠳ᠎ᠤᠳ ᠴᠦ᠍ ᠶᠡᠬᠡ ᠯᠡ ᠠᠮᠳᠠᠷᠬᠠᠨ ᠰᠣᠨᠢᠷᠬᠠᠵᠣ ᠪᠠᠢ᠌ᠯ᠎ᠠ᠃ ᠬᠡᠨ ᠬᠥᠮᠥᠨ ᠬᠡᠷᠪᠡ ᠡ᠊ᠨᠡ ᠬᠥ᠌ 《ᠬᠡᠥᠭᠡᠳ ᠥᠶ᠎ᠡ᠎ᠠᠴᠠ᠎ᠨᠢ ᠠ᠋ᠬᠢᠯᠡᠵᠥ ᠠᠳᠬᠣᠬᠣ》 ᠪᠠᠶᠠᠷ ᠬᠥᠷ᠎ᠲᠠᠢ ᠠᠬᠣᠢ ᠲᠠᠯᠠᠪᠣᠷ᠎ᠲᠤ ᠪᠠᠢ᠍ᠢ᠍ᠭᠰᠠᠨ ᠪᠣᠯ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢ ᠲᠥᠭᠡᠮᠡᠯᠵᠢᠬᠥᠯᠬᠥ ᠠᠵᠢᠯ᠎ᠳᠤ   ᠣᠷᠣᠭᠣᠯᠣᠭᠰᠠᠨ ᠦᠪᠡᠷᠲᠡᠭᠡᠨ ᠵᠠᠰᠠᠬᠤ ᠣᠷᠣᠨ᠎ᠤ ᠴᠢᠷᠮᠠᠢ᠌ᠯᠭ᠎ᠠ ᠵᠢ ᠣᠢ᠍ᠢ᠍ᠯᠠᠭ᠋ᠠᠵᠣ ᠪᠣᠯᠬᠣ ᠶᠣᠮ᠃
      ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ ᠲᠥᠭᠡᠮᠡᠯᠵᠢᠬᠥᠯᠬᠥ ᠬᠡᠪᠴᠢᠶ᠎ᠡ ᠵᠢ ᠥᠷᠭᠡᠳᠭᠡᠬᠥ ᠵᠢᠨ ᠲᠥᠯᠥᠭᠡ᠂ ᠴᠡᠴᠡᠷᠯᠢᠭ᠎ᠤᠨ ᠬᠡᠥᠭᠡᠳ᠎ᠤᠨ ᠬᠥᠯ ᠪᠥᠮᠪᠥᠭᠡ ᠵᠢᠨ ᠰᠣᠨᠢᠷᠬᠠᠯᠲᠤ ᠠᠵᠢᠯᠯᠠᠭ᠋ᠠᠨ᠎ᠢ ᠰᠦᠪᠡᠭᠴᠢᠯᠡᠨ ᠲᠡᠯᠭᠡᠷᠡᠬᠥᠯᠬᠥ᠎ᠠᠴᠠ ᠭᠠᠳᠠᠨ᠎ᠠ᠂ ᠦᠪᠡᠷᠲᠡᠭᠡᠨ ᠵᠠᠰᠠᠬᠤ ᠣᠷᠣᠨ᠎ᠠᠴᠠ ᠭᠠᠵᠠᠷ ᠣᠷᠣᠨ᠎ᠤ ᠪᠠᠢ᠍ᠢ᠍ᠳᠠᠯ᠎ᠳᠤ᠎ᠨᠢ ᠲᠣᠬᠢᠷᠠᠭᠣᠯᠬᠣ᠂ ᠣᠨᠴᠠᠯᠢᠭ᠎ᠲᠠᠢ ᠲᠠᠭ᠋ᠠᠭᠣᠯᠣᠨ ᠵᠢᠯᠣᠭᠣᠳᠬᠣ ᠵᠢ ᠪᠠᠷᠢᠮᠳᠠᠯᠠᠨ᠂ ᠵᠠᠯᠠᠭᠣᠴᠣᠳ ᠪᠠᠭ᠋ᠠᠴᠣᠳ᠎ᠤᠨ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ 《ᠬᠥᠮᠥᠨ᠎ᠢ ᠬᠥᠮᠥᠵᠢᠬᠥᠯᠬᠥ》᠎ᠪᠠᠷ ᠥᠨᠳᠥᠰᠥᠨ ᠵᠣᠷᠢᠯᠳᠠ ᠪᠣᠯᠭ᠋ᠠᠨ᠂ 《ᠲᠥᠭᠡᠮᠡᠯᠵᠢᠬᠥᠯᠬᠥ》᠎ᠪᠠᠷ ᠥᠨᠳᠥᠰᠥᠨ ᠬᠠᠷᠠᠯᠲᠠ ᠪᠣᠯᠭ᠋ᠠᠬᠣ᠎ᠪᠠᠷ ᠲᠣᠭᠳᠠᠭ᠋ᠠᠵᠣ᠂ ᠪᠥᠬᠥᠳᠡ᠎ᠳᠤ ᠬᠠᠨᠳᠣᠬᠣ᠂ ᠪᠥᠬᠥ ᠲᠠᠯ᠎ᠠ᠎ᠪᠠᠷ ᠬᠥᠭᠵᠢᠬᠥ᠂ ᠲᠥᠷᠥᠯ ᠬᠣᠪᠢᠶᠠᠵᠣ ᠵᠢᠯᠣᠭᠣᠳᠬᠣ᠂ ᠴᠢᠳᠠᠪᠣᠷᠢ᠎ᠳᠤ᠎ᠨᠢ ᠲᠣᠬᠢᠷᠠᠭᠣᠯᠣᠨ ᠵᠢᠭ᠋ᠠᠬᠣ᠂ ᠲᠥᠭᠡᠮᠡᠯᠵᠢᠬᠥᠯᠵᠥ ᠰᠠᠭᠣᠷᠢ ᠲᠠᠯᠪᠢᠬᠣ᠂ ᠠᠵᠢᠯ ᠮᠡᠷᠭᠡᠵᠢᠯ ᠵᠶ᠋ᠠᠷ ᠵᠢᠯᠣᠭᠣᠳᠣᠨ ᠲᠠᠭ᠋ᠠᠭᠣᠯᠬᠣ ᠵᠠᠯᠠᠭᠣᠴᠣᠳ ᠪᠠᠭ᠋ᠠᠴᠣᠳ᠎ᠤᠨ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ ᠬᠥᠭᠵᠢᠯᠳᠡ ᠵᠢᠨ ᠲᠣᠳᠣᠭ᠋ᠠᠳᠣ ᠵᠢᠮ᠎ᠡ ᠶᠣᠰᠣ ᠵᠢ ᠮᠥᠷᠳᠡᠨ ᠬᠣᠷᠢᠶᠠᠨᠭ᠌ᠭᠣᠢ᠍ᠢ᠍ᠯᠠᠪᠠ᠃ ᠪᠥᠬᠥ ᠣᠷᠣᠨ᠎ᠤ 12 ᠠᠢ᠍ᠢ᠍ᠮᠠᠭ ᠬᠣᠳᠠ᠂ 102 ᠬᠣᠰᠢᠭᠣ ᠰᠢᠶᠠᠨ ᠲᠣᠭᠣᠷᠢᠭ᠎ᠲᠤ 115 ᠡᠯ᠎ᠡ ᠳᠡᠰ᠎ᠤᠨ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ ᠠᠵᠢᠯ᠎ᠢ ᠣᠳᠣᠷᠢᠳᠬᠣ ᠲᠣᠭᠣᠢ᠍ᠢ᠍ᠯᠠᠩ᠎ᠠᠴᠠ ᠨᠢᠭᠡᠳᠦᠯᠳᠡᠢ ᠵᠢᠯᠣᠭᠣᠳᠬᠣ ᠵᠢ ᠬᠠᠷᠢᠭᠣᠴᠠᠵᠣ᠂ 115 ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠦᠭᠡ ᠵᠢᠨ ᠠᠵᠢᠯ᠎ᠤᠨ ᠠᠯᠪᠠᠨ ᠭᠡᠷ᠎ᠠᠴᠠ ᠵᠣᠬᠢᠴᠠᠭᠤᠯᠤᠨ ᠶᠠᠪᠣᠭᠳᠠᠭᠣᠯᠬᠣ ᠵᠢ ᠬᠠᠷᠢᠭᠣᠴᠠᠨ᠂ 613 ᠰᠠᠭᠣᠷᠢ ᠣᠯᠣᠰ᠎ᠤᠨ ᠲᠡᠰ᠎ᠤᠨ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠦᠭᠡ ᠵᠢᠨ ᠣᠨᠴᠠᠯᠢᠭᠳᠣ ᠰᠣᠷᠭ᠋ᠠᠭᠣᠯᠢ ᠵᠢᠨ ᠪᠣᠳᠠᠳᠠᠢ ᠭᠡᠷᠡᠭᠵᠢᠬᠥᠯᠥᠨ ᠥᠢ᠍ᠯᠡᠳᠥᠯᠭᠡᠵᠢᠬᠥᠯᠬᠥ ᠭᠣᠷᠪᠠᠨ ᠳᠡᠰ᠎ᠤᠨ ᠱᠠᠳᠣᠯᠢᠭ ᠬᠡᠯᠪᠡᠷᠢ ᠪᠥᠬᠥᠢ ᠰᠥᠯᠵᠢᠶᠡᠨ᠎ᠤ ᠬᠠᠮᠢᠶᠠᠷᠣᠯᠳᠠ ᠵᠢᠨ ᠰᠢᠰᠲᠸᠮ᠎ᠢ ᠪᠣᠢ ᠪᠣᠯᠭ᠋ᠠᠭᠰᠠᠨ ᠪᠠᠢ᠍ᠢ᠍ᠨ᠎ᠠ᠃
      ᠥᠪᠡᠷᠳᠡᠭᠡᠨ ᠵᠠᠰᠠᠬᠣ ᠣᠷᠣᠨ᠎ᠤ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠦᠭᠡ ᠵᠢᠨ ᠭᠣᠷᠪᠠᠨ ᠵᠢᠯ᠎ᠤᠨ ᠠᠵᠢᠯᠯᠠᠭ᠋ᠠᠨ᠎ᠤ ᠲᠥᠰᠥᠪ᠎ᠲᠤ ᠲᠥᠭᠡᠮᠡᠯᠵᠢᠬᠥᠯᠵᠥ᠂ ᠲᠡᠭᠡᠭᠰᠢᠯᠡᠬᠥᠯᠵᠥ᠂ ᠲᠥᠷᠢᠮ ᠥᠵᠡᠬᠥᠯᠬᠥ ᠵᠢᠨ ᠱᠠᠳᠣᠯᠠᠨ ᠬᠥᠨᠵᠡᠭᠡᠢ᠍ᠢ᠍ᠷᠡᠬᠥ ᠵᠠᠷᠴᠢᠮ ᠶᠣᠰᠣᠭ᠋ᠠᠷ᠂ ᠣᠯᠣᠰ᠎ᠤᠨ ᠲᠡᠰ᠂ ᠣᠷᠣᠨ᠎ᠤ ᠲᠡᠰ᠂ ᠠᠢ᠍ᠢ᠍ᠮᠠᠭ ᠬᠣᠳᠠ ᠵᠢᠨ ᠳᠡᠰ᠂ ᠬᠣᠰᠢᠭᠣ ᠰᠢᠶᠠᠨ (ᠬᠣᠳᠠ ᠲᠣᠭᠣᠷᠢᠭ)᠎ᠤ ᠲᠡᠰ᠎ᠤᠨ ᠣᠨᠴᠠᠯᠢᠭᠳᠣ ᠰᠣᠷᠭ᠋ᠠᠭᠣᠯᠢ ᠵᠢ ᠳᠡᠰᠯᠡᠭᠰᠡᠨ ᠪᠠᠢ᠌ᠷᠢᠯᠠᠭᠤᠯᠤᠯᠲᠠ ᠵᠢ ᠠᠯᠬᠣᠮ ᠠᠯᠬᠣᠮ ᠵᠶ᠋ᠠᠷ ᠪᠥᠷᠢᠳᠥᠬᠥᠯᠵᠥ᠂ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠦᠭᠡ ᠵᠢᠨ ᠠᠵᠢᠯᠯᠠᠭ᠋ᠠᠨ᠎ᠢ ᠪᠥᠬᠥ ᠣᠷᠣᠨ᠎ᠤ ᠪᠦᠬᠦᠢ᠌ᠯᠡ ᠶᠡᠬᠡ᠂ ᠲᠣᠮᠳᠠᠳᠣ᠂ ᠪᠠᠭ᠎ᠠ ᠰᠣᠷᠭ᠋ᠠᠭᠣᠯᠢ ᠪᠠ ᠴᠡᠴᠡᠷᠯᠢᠭ᠎ᠲᠤ ᠪᠥᠷᠬᠥᠬᠥᠯᠥᠨ᠂ 2017 ᠣᠨ᠎ᠤ ᠡᠴᠦᠰ ᠪᠣᠯᠬᠣ᠎ᠳᠤ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠦᠭᠡ ᠵᠢᠨ ᠮᠥᠷᠥᠢ᠍ᠢ᠍ᠴᠡᠭᠡᠨ ᠪᠠ ᠠᠵᠢᠯᠯᠠᠭ᠋ᠠᠨ᠎ᠳᠤ ᠥᠷᠬᠥᠯᠵᠢ ᠣᠷᠣᠯᠴᠠᠬᠣ ᠰᠣᠷᠣᠭᠴᠢ ᠵᠢᠨ ᠲᠣᠭ᠎ᠠ ᠵᠢ 60 ᠲᠦᠮᠡᠨ ᠬᠥᠮᠥᠨ᠎ᠤ ᠣᠷᠴᠢᠮ ᠪᠣᠯᠭ᠋ᠠᠨ᠎ᠠ ᠭᠡᠵᠥ ᠲᠣᠷᠠᠳᠣᠪᠠ᠃
      ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠦᠭᠡ ᠵᠢᠨ ᠠᠵᠢᠯᠯᠠᠭ᠋ᠠᠨ᠎ᠤ ᠲᠥᠭᠡᠮᠡᠯᠵᠢᠯᠳᠡ᠎ᠨᠢ ᠰᠤᠷᠤᠭᠴᠢᠳ᠎ᠤᠨ ᠲᠣᠮᠳᠠᠬᠢ ᠬᠥᠯ ᠪᠥᠮᠪᠥᠭᠡ ᠵᠢᠨ ᠪᠥᠯᠬᠥᠮ ᠨᠡᠢ᠍ᠢ᠍ᠳᠡ ᠵᠢ ᠥᠷᠭᠡᠳᠭᠡᠭᠰᠡᠨ ᠵᠶ᠋ᠠᠷ ᠪᠠᠷᠠᠬᠣ ᠥᠭᠡᠢ᠂ ᠭᠡᠷ᠎ᠤᠨ ᠠᠬᠠᠮᠠᠳ᠎ᠤᠨ ᠬᠥᠯ ᠪᠥᠮᠪᠥᠭᠡ ᠵᠢᠨ ᠲᠣᠬᠠᠢ ᠬᠠᠯᠠᠭᠣᠨ ᠰᠡᠳᠭᠢᠯ᠎ᠢ᠎ᠨᠢ ᠬᠥᠭᠵᠢᠭᠡᠭᠰᠡᠨ ᠪᠠᠢ᠍ᠢ᠍ᠨ᠎ᠠ᠃ ᠰᠣᠷᠪᠣᠯᠵᠢᠯᠠᠭᠴᠢ᠎ᠠᠴᠠ ᠪᠣᠭᠣᠳᠣ ᠬᠣᠳᠠ ᠵᠢᠨ ᠨᠢᠭᠡᠳᠦᠭᠡᠷ ᠮᠸᠬᠠᠨᠢᠭ ᠥᠢ᠍ᠯᠡᠳᠪᠥᠷᠢᠯᠡᠯ᠎ᠤᠨ ᠪᠥᠯᠥᠭᠯᠡᠯ᠎ᠤᠨ ᠲᠣᠯᠣᠳᠣᠭ᠋ᠠᠷ ᠪᠠᠭ᠎ᠠ ᠰᠣᠷᠭ᠋ᠠᠭᠣᠯᠢ᠎ᠳᠤ ᠬᠥᠷᠬᠥ᠎ᠳᠤ ᠰᠣᠷᠭ᠋ᠠᠭᠣᠯᠢ᠎ᠠᠴᠠ ᠵᠣᠬᠢᠶᠠᠨ ᠪᠠᠢ᠍ᠢ᠍ᠭᠣᠯᠣᠭᠰᠠᠨ ᠭᠡᠷ ᠪᠥᠯᠢ ᠵᠢᠨ ᠬᠥᠯ ᠪᠥᠮᠪᠥᠭᠡ ᠵᠢᠨ ᠮᠥᠷᠥᠢ᠍ᠢ᠍ᠴᠡᠭᠡᠨ ᠶᠠᠭ ᠰᠠᠢ᠍ᠢ᠍ᠬᠠᠨ ᠶᠠᠪᠣᠭᠳᠠᠵᠣ ᠪᠠᠢ᠍ᠢ᠍ᠭ᠎ᠠ᠎ᠲᠠᠢ ᠲᠠᠭ᠋ᠠᠷᠠᠯᠳᠣᠪᠠ᠃ ᠭᠡᠷ᠎ᠤᠨ ᠠᠬᠠᠮᠠᠳ᠎ᠤᠳ ᠬᠡᠥᠭᠡᠳ᠎ᠤᠨ ᠵᠶ᠋ᠠᠨ ᠠᠨᠭ᠌ᠭᠢ᠎ᠳᠤ ᠬᠣᠪᠢᠶᠠᠭᠳᠠᠨ ᠲᠣᠭᠣᠢ᠍ᠢ᠍ᠯᠠᠩ ᠵᠶ᠋ᠠᠷ ᠣᠷᠣᠯᠳᠣᠬᠣ ᠥᠶᠡᠰ᠂ ᠬᠡᠥᠭᠡᠳ᠎ᠤᠳ᠎ᠨᠢ ᠲᠠᠯᠠᠪᠣᠷ᠎ᠤᠨ ᠭᠠᠳᠠᠨ᠎ᠠ᠎ᠠᠴᠠ ᠰᠦᠷ ᠨᠡᠮᠡᠵᠥ ᠥᠨᠳᠥᠷ ᠲᠠᠭᠣᠨ ᠵᠶ᠋ᠠᠷ ᠬᠠᠰᠬᠢᠷᠣᠯᠳᠣᠨ᠎ᠠ᠃ ᠲᠣᠯᠣᠳᠣᠭ᠋ᠠᠷ ᠪᠠᠭ᠎ᠠ ᠰᠣᠷᠭ᠋ᠠᠭᠣᠯᠢ ᠵᠢᠨ ᠲᠠᠮᠢᠷ᠎ᠤᠨ ᠪᠠᠭᠰᠢ ᠯᠢᠥ ᠲᠣᠣ᠎ᠠᠴᠠ᠄ 《ᠬᠡᠳᠦᠨ ᠰᠠᠷ᠎ᠠ ᠵᠢᠨ ᠬᠣᠭᠣᠴᠠᠭ᠋ᠠᠨ᠎ᠳᠤ᠂ ᠰᠣᠷᠭ᠋ᠠᠭᠣᠯᠢ᠎ᠠᠴᠠ 400 ᠢᠯᠡᠬᠥᠥ ᠲᠠᠯᠠᠪᠣᠷ᠎ᠤᠨ ᠭᠡᠷ ᠪᠥᠯᠢ ᠵᠢᠨ ᠬᠥᠯ ᠪᠥᠮᠪᠥᠭᠡ ᠵᠢᠨ ᠣᠷᠣᠯᠳᠣᠭ᠋ᠠᠨ ᠵᠣᠬᠢᠶᠠᠨ ᠪᠠᠢ᠍ᠢ᠍ᠭᠣᠯᠵᠣ᠂ ᠣᠳᠣ ᠪᠣᠯᠬᠣ᠎ᠳᠤ ᠴᠦᠬᠡᠨ ᠪᠣᠰᠣ ᠭᠡᠷ᠎ᠤᠨ ᠠᠬᠠᠮᠠᠳ ᠴᠦ᠍ ᠬᠥᠯ ᠪᠥᠮᠪᠥᠭᠡ ᠵᠢᠨ ᠣᠷᠮ᠎ᠠ ᠪᠠᠬ᠎ᠠ᠎ᠲᠠᠢ ᠪᠣᠯᠵᠣ᠂ ᠬᠣᠭᠣᠷᠣ ᠬᠣᠭᠣᠷᠣᠨᠳᠣ᠎ᠪᠠᠨ ᠬᠥᠯ ᠪᠥᠮᠪᠥᠭᠡ ᠵᠢᠨ ᠣᠷᠣᠯᠳᠣᠭ᠋ᠠᠨ᠎ᠢ ᠥᠷᠬᠥᠯᠵᠢ ᠵᠣᠬᠢᠶᠠᠨ ᠪᠠᠢ᠍ᠢ᠍ᠭᠣᠯᠬᠣ ᠪᠣᠯᠵᠠᠢ》 ᠭᠡᠵᠥ ᠰᠣᠷᠪᠣᠯᠵᠢᠯᠠᠭᠴᠢ᠎ᠳᠤ ᠶᠠᠷᠢᠯ᠎ᠠ᠃
    ᠵᠢᠯ᠎ᠳᠤ 6.3 ᠲᠦᠮᠡᠨ ᠵᠠᠯᠠᠭᠣᠴᠣᠳ ᠪᠠᠭ᠋ᠠᠴᠣᠳ ᠬᠣᠯᠪᠣᠭ᠋ᠠᠳᠣ ᠣᠷᠣᠯᠳᠣᠭ᠋ᠠᠨ᠎ᠳᠤ ᠪᠥᠮᠪᠥᠭᠡ ᠢᠰᠬᠥᠯᠵᠥ ᠪᠣᠢ
      ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠦᠭᠡ ᠵᠢᠨ ᠠᠵᠢᠯᠯᠠᠭ᠋ᠠᠨ᠎ᠢ ᠵᠣᠬᠢᠶᠠᠨ ᠪᠠᠢ᠍ᠢ᠍ᠭᠣᠯᠬᠣ᠎ᠳᠤ᠂ ᠲᠣᠰᠬᠠᠢ ᠮᠡᠷᠭᠡᠵᠢᠯ᠎ᠤᠨ ᠲᠠᠰᠬᠠᠯᠵᠢᠭᠣᠯᠣᠭᠴᠢ ᠲᠣᠳᠠᠭᠳᠠᠬᠣ ᠪᠣᠯ ᠬᠠᠮᠣᠭ᠎ᠤᠨ ᠶᠡᠬᠡ ᠠᠰᠠᠭᠣᠳᠠᠯ ᠪᠣᠯᠬᠣ ᠶᠣᠮ᠃ ᠪᠥᠷᠢᠳᠭᠡᠯ᠎ᠢ ᠥᠨᠳᠥᠰᠥᠯᠡᠪᠡᠯ᠂ 2014 ᠣᠨ᠎ᠤ ᠥᠶᠡᠰ ᠥᠪᠥᠷ ᠮᠣᠨᠭ᠌ᠭᠣᠯ᠎ᠤᠨ ᠲᠣᠮᠳᠠᠳᠣ ᠪᠠᠭ᠎ᠠ ᠰᠣᠷᠭ᠋ᠠᠭᠣᠯᠢ᠎ᠳᠤ ᠨᠡᠢ᠍ᠢ᠍ᠳᠡ 9800 ᠭᠠᠷᠣᠢ ᠨᠡᠷᠡᠰ ᠲᠠᠮᠢᠷ᠎ᠤᠨ ᠪᠠᠭᠰᠢ ᠪᠠᠢ᠌ᠭᠰᠠᠨ ᠪᠣᠯ᠂ ᠲᠡᠭᠦᠨ᠎ᠤ ᠲᠣᠲᠤᠷ᠎ᠠ ᠬᠥᠯ ᠪᠥᠮᠪᠥᠭᠡ ᠵᠢᠨ ᠮᠡᠷᠭᠡᠵᠢᠯ ᠪᠦᠬᠦᠢ ᠲᠠᠮᠢᠷ᠎ᠤᠨ ᠪᠠᠭᠰᠢ᠎ᠨᠢ ᠵᠥᠪᠭᠡᠨ 725 ᠬᠥᠮᠥᠨ ᠪᠠᠢ᠍ᠢ᠍ᠵᠣ᠂ ᠬᠥᠯ ᠪᠥᠮᠪᠥᠭᠡ ᠵᠢᠨ ᠲᠣᠰᠬᠠᠢ ᠮᠡᠷᠭᠡᠵᠢᠯ ᠪᠦᠬᠦᠢ ᠪᠠᠭᠰᠢ ᠲᠥᠢ᠍ᠯ᠎ᠤᠨ ᠲᠣᠳᠠᠮᠠᠭ ᠪᠠᠢ᠍ᠢ᠍ᠪᠠ᠃
      ᠪᠠᠭᠰᠢ ᠳᠣᠲᠠᠭᠳᠠᠵᠤ ᠪᠠᠢ᠌ᠭ᠎ᠠ ᠨᠣᠴᠢᠲᠠᠢ ᠪᠠᠢ᠍ᠢ᠍ᠳᠠᠯ᠎ᠢ ᠰᠠᠢ᠍ᠢ᠍ᠵᠢᠷᠠᠭᠣᠯᠬᠣ ᠵᠢᠨ ᠲᠥᠯᠥᠭᠡ᠂ ᠦᠪᠡᠷᠲᠡᠭᠡᠨ ᠵᠠᠰᠠᠬᠤ ᠣᠷᠣᠨ᠎ᠠᠴᠠ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠦᠭᠡ ᠵᠢᠨ ᠬᠥᠭᠵᠢᠯᠳᠡ ᠵᠢ ᠬᠠᠨᠭ᠌ᠭ᠋ᠠᠬᠣ ᠬᠥᠮᠥᠨ᠎ᠤ ᠬᠥᠴᠥᠨ᠎ᠤ ᠲᠣᠭᠳᠠᠯᠴᠠᠭ᠎ᠠ ᠵᠢ ᠬᠥᠴᠥᠯᠡᠨ ᠪᠠᠢ᠍ᠢ᠍ᠭᠣᠯᠪᠠ᠃ 2015 ᠣᠨ᠎ᠳᠤ ᠡᠯ᠎ᠡ ᠲᠡᠰ᠎ᠤᠨ ᠲᠣᠰᠬᠠᠢ ᠮᠡᠷᠭᠡᠵᠢᠯ᠎ᠤᠨ ᠪᠣᠯᠪᠠᠰᠣᠷᠠᠯ᠎ᠢ ᠣᠯᠠᠨᠳᠠ ᠵᠣᠬᠢᠶᠨᠨ ᠪᠠᠢ᠍ᠢ᠍ᠭᠣᠯᠵᠣ᠂ ᠪᠣᠯᠪᠠᠰᠣᠷᠠᠯ᠎ᠨᠢ ᠵᠠᠰᠠᠭ ᠵᠠᠬᠢᠷᠭ᠋ᠠᠨ᠎ᠤ ᠬᠠᠮᠢᠶᠠᠷᠣᠯᠳᠠ ᠵᠢᠨ ᠪᠠᠢ᠍ᠢ᠍ᠭᠣᠯᠣᠮᠵᠢ᠂ ᠣᠨᠴᠠᠯᠢᠭᠳᠣ ᠰᠣᠷᠭ᠋ᠠᠭᠣᠯᠢ ᠵᠢᠨ ᠵᠠᠬᠢᠷᠣᠯ᠂ ᠲᠠᠰᠬᠠᠯᠵᠢᠭᠣᠯᠣᠭᠴᠢ᠂ ᠬᠢᠨᠠᠭᠴᠢ ᠵᠡᠷᠭᠡ ᠡᠯ᠎ᠡ ᠬᠥᠷᠢᠶ᠎ᠡ ᠬᠡᠪᠴᠢᠶ᠎ᠡ ᠵᠢ ᠬᠠᠮᠤᠷᠤᠨ᠂ ᠣᠷᠣᠯᠴᠠᠭᠰᠠᠳ᠎ᠤᠨ ᠲᠣᠭ᠎ᠠ  5100 ᠢᠯᠡᠬᠥᠥ ᠬᠥᠮᠥᠨ ᠣᠳᠠᠭ᠎ᠠ᠎ᠳᠤ ᠬᠥᠷᠥᠭᠰᠡᠨ ᠪᠠᠢ᠍ᠢ᠍ᠨ᠎ᠠ᠃
     《ᠪᠢ ᠰᠣᠷᠭ᠋ᠠᠭᠣᠯᠢ᠎ᠳᠤ ᠢᠷᠡᠵᠥ ᠵᠢᠭ᠋ᠠᠨ ᠰᠣᠷᠭ᠋ᠠᠯᠳᠠ ᠬᠢᠭᠡᠳ ᠰᠠᠶᠢ ᠬᠠᠭ᠋ᠠᠰ ᠵᠢᠯ᠎ᠤᠨ ᠬᠣᠭᠣᠴᠠᠭ᠎ᠠ ᠪᠣᠯᠵᠣ ᠪᠠᠢ᠍ᠢ᠍ᠭ᠎ᠠ ᠪᠣᠯᠪᠠᠴᠣ ᠨᠢᠭᠡᠨᠳᠡ ᠭᠣᠷᠪᠠᠨ ᠬᠣᠭᠣᠴᠠᠭ᠋ᠠᠨ᠎ᠤ ᠬᠥᠯ ᠪᠥᠮᠪᠥᠭᠡ ᠵᠢᠨ ᠲᠠᠰᠬᠠᠯᠵᠢᠭᠣᠯᠣᠭᠴᠢ ᠵᠢᠨ ᠪᠣᠯᠪᠠᠰᠣᠷᠠᠯ᠎ᠳᠤ ᠣᠷᠣᠯᠴᠠᠵᠣ᠂ ᠮᠠᠰᠢ ᠶᠡᠬᠡ ᠣᠯᠣᠯᠳᠠ᠎ᠲᠠᠢ ᠪᠣᠯᠣᠭᠰᠠᠨ》 ᠭᠡᠵᠥ ᠠᠵᠢᠯ᠎ᠤᠨ ᠴᠢᠯᠥᠭᠡᠨ᠎ᠤ ᠺᠯᠥᠢ᠍ᠪ᠎ᠠᠴᠠ ᠰᠣᠷᠭ᠋ᠠᠭᠣᠯᠢ᠎ᠳᠤ ᠰᠢᠯᠢᠭᠳᠡᠵᠥ ᠢᠷᠡᠭᠰᠡᠨ ᠬᠥᠭᠡᠬᠣᠳᠠ ᠵᠢᠨ ᠮᠣᠨᠭ᠌ᠭᠣᠯ ᠰᠣᠷᠭ᠋ᠠᠭᠣᠯᠢ ᠵᠢᠨ ᠲᠠᠰᠠᠬᠠᠯᠵᠢᠭᠣᠯᠣᠭᠴᠢ ᠵᠠᠩ ᠶᠥᠨ ᠴᠦᠨ ᠰᠣᠷᠪᠣᠯᠵᠢᠯᠠᠭᠴᠢ᠎ᠳᠤ   ᠶᠠᠷᠢᠭᠰᠠᠨ ᠪᠠᠢ᠌ᠯ᠎ᠠ᠃
      ᠣᠯᠣᠰ᠎ᠤᠨ ᠭᠠᠳᠠᠨ᠎ᠠ᠎ᠠᠴᠠ ᠮᠡᠷᠭᠡᠵᠢᠯᠳᠡᠨ ᠣᠷᠢᠬᠣ ᠪᠣᠯ ᠮᠥᠨ ᠴᠦ᠍ ᠥᠪᠥᠷ ᠮᠣᠨᠭ᠌ᠭᠣᠯ᠎ᠤᠨ ᠬᠥᠯ ᠪᠥᠮᠪᠥᠭᠡ ᠵᠢᠨ ᠲᠣᠰᠬᠠᠢ ᠮᠡᠷᠭᠡᠵᠢᠯ᠎ᠤᠨ ᠪᠠᠭᠰᠢ ᠵᠢᠨ ᠠ᠋ᠬᠢ ᠪᠠᠶᠠᠯᠢᠭ ᠲᠣᠳᠠᠭᠳᠠᠵᠣ ᠪᠠᠢ᠍ᠢ᠍ᠭ᠎ᠠ ᠪᠠᠢ᠍ᠢ᠍ᠳᠠᠯ᠎ᠢ ᠰᠢᠢ᠍ᠳᠪᠥᠷᠢᠯᠡᠬᠥ ᠴᠢᠬᠣᠯᠠ ᠨᠢᠭᠡᠨ ᠠᠷᠭ᠎ᠠ ᠵᠠᠮ ᠪᠣᠯᠣᠨ᠎ᠠ᠃ ᠵᠢᠱ᠌ᠢᠶᠡᠯᠡᠪᠡᠯ᠂ ᠰᠢᠯᠢ ᠵᠢᠨ ᠭᠣᠣᠯ ᠠᠢ᠍ᠢ᠍ᠮᠠᠭ᠎ᠤᠨ ᠬᠥᠷᠰᠢ ᠵᠡᠷᠭᠡᠯᠡᠳᠡᠭᠡ ᠮᠣᠨᠭ᠌ᠭᠣᠯ ᠣᠯᠣᠰ᠎ᠠᠴᠠ ᠣᠷᠢᠭᠰᠠᠨ ᠥᠨᠳᠥᠷ ᠮᠡᠷᠭᠡᠵᠢᠯ᠎ᠲᠠᠢ ᠬᠥᠯ ᠪᠥᠮᠪᠥᠭᠡ ᠵᠢᠨ ᠲᠠᠰᠬᠠᠯᠵᠢᠭᠣᠯᠣᠭᠴᠢ ᠵᠢᠨ ᠳᠣᠲᠣᠷ᠎ᠠ ᠮᠣᠨᠭ᠌ᠭᠣᠯ ᠣᠯᠣᠰ᠎ᠤᠨ ᠣᠯᠣᠰ᠎ᠤᠨ ᠠᠨᠭ᠌ᠭᠢ᠎ᠳᠤ ᠪᠠᠢ᠍ᠢ᠍ᠭᠰᠠᠨ ᠲᠠᠰᠬᠠᠯᠵᠢᠭᠣᠯᠣᠭᠴᠢ ᠪᠠᠢ᠌ᠬᠤ ᠪᠦᠭᠡᠳ ᠪᠣᠭᠣᠳᠣ ᠬᠣᠳᠠ᠎ᠨᠢ ᠣᠯᠠᠨ ᠣᠯᠣᠰ᠎ᠤᠨ ᠠᠯᠳᠠᠷᠳᠣ ᠠᠵᠢᠯ ᠮᠡᠷᠭᠡᠵᠢᠯ᠎ᠤᠨ ᠬᠥᠯ ᠪᠥᠮᠪᠥᠭᠡ ᠵᠢᠨ ᠲᠠᠰᠬᠠᠯᠵᠢᠭᠣᠯᠣᠭᠴᠢ ᠮᠢᠷᠣᠸᠸᠰᠢ ᠵᠢ ᠵᠠᠯᠠᠭᠣᠴᠣᠳ ᠪᠠᠭ᠋ᠠᠴᠣᠳ᠎ᠤᠨ ᠬᠥᠯ ᠪᠥᠮᠪᠥᠭᠡ ᠵᠢᠨ ᠶᠡᠷᠦᠨᠭᠭᠡᠢ ᠲᠠᠰᠬᠠᠯᠵᠢᠭᠣᠯᠣᠭᠴᠢ᠎ᠪᠠᠷ ᠣᠷᠢᠵᠣ ᠬᠡᠷᠡᠭᠯᠡᠭᠰᠡᠨ ᠶᠣᠮ᠃
      ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ ᠪᠡᠶ᠎ᠡ ᠲᠠᠮᠢᠷ᠎ᠤᠨ ᠬᠢᠷᠢ ᠲᠥᠪᠰᠢᠨ᠎ᠢ ᠲᠡᠭᠡᠭᠰᠢᠯᠡᠬᠥᠯᠬᠥ᠎ᠳᠤ ᠰᠢᠨᠵᠢᠯᠡᠬᠥ ᠣᠬᠠᠭ᠋ᠠᠨᠴᠢ ᠶᠣᠰᠣ ᠵᠢᠷᠣᠮ᠎ᠲᠠᠢ ᠣᠷᠣᠯᠳᠣᠭ᠋ᠠᠨ᠎ᠤ ᠠᠵᠢᠯ᠎ᠤᠨ ᠲᠣᠭᠳᠠᠯᠴᠠᠭ᠎ᠠ᠎ᠨᠢ ᠴᠦ᠍ ᠴᠢᠬᠣᠯᠠ ᠨᠢᠭᠡᠨ ᠭᠣᠭᠴᠣᠭ᠎ᠠ ᠪᠣᠯᠬᠣ ᠶᠣᠮ᠃ ᠥᠪᠥᠷ ᠮᠣᠨᠭ᠌ᠭᠣᠯ᠎ᠤᠨ ᠵᠠᠯᠠᠭᠣᠴᠣᠳ ᠪᠠᠭ᠋ᠠᠴᠣᠳ᠎ᠤᠨ ᠪᠠᠶ᠎ᠡ ᠮᠠᠬᠠᠪᠣᠳ᠎ᠤᠨ ᠨᠥᠬᠥᠴᠡᠯ ᠰᠠᠢ᠍ᠢ᠍ᠨ᠂ ᠰᠦᠰᠦ ᠵᠣᠷᠢᠭ᠎ᠲᠠᠢ ᠪᠠᠢ᠍ᠢ᠍ᠳᠠᠭ ᠲᠠᠪᠠᠭᠣᠯᠢᠭ ᠪᠠ ᠴᠦᠬᠡᠨ ᠲᠣᠭ᠋ᠠᠳᠣ ᠥᠨᠳᠥᠰᠥᠳᠡᠨ᠎ᠤ ᠪᠡᠶ᠎ᠡ ᠵᠢᠨ ᠲᠠᠮᠢᠷ᠎ᠲᠤ ᠣᠷᠮ᠎ᠠ ᠪᠠᠬ᠎ᠠ᠎ᠲᠠᠢ ᠪᠠᠢ᠍ᠢ᠍ᠳᠠᠭ ᠰᠣᠶᠣᠯ᠎ᠤᠨ ᠣᠯᠠᠮᠵᠢᠯᠠᠯ᠎ᠲᠠᠢ ᠣᠶᠠᠯᠳᠣᠭᠣᠯᠣᠨ᠂ ᠦᠪᠡᠷᠲᠡᠭᠡᠨ ᠵᠠᠰᠠᠬᠤ ᠣᠷᠣᠨ᠎ᠨᠢ ᠰᠣᠷᠣᠯᠭ᠎ᠠ ᠵᠢᠨ ᠴᠢᠯᠤᠭᠡᠨ᠎ᠤ ᠬᠤᠭᠤᠴᠠᠭ᠎ᠠ᠎ᠪᠠᠷ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠦᠭᠡ ᠵᠢᠨ 《4+1》 ᠵᠢᠨ ᠬᠣᠯᠪᠣᠭ᠋ᠠᠳᠣ ᠣᠷᠣᠯᠳᠣᠭ᠋ᠠᠨ (ᠪᠠᠭ᠎ᠠ ᠰᠣᠷᠭ᠋ᠠᠭᠣᠯᠢ᠂ ᠠᠨᠭ᠌ᠬ᠎ᠠ ᠳᠣᠮᠳᠠᠳᠣ᠂ ᠥᠨᠳᠥᠷ ᠲᠣᠮᠳᠠᠳᠣ᠂ ᠲᠡᠭᠡᠳᠦ ᠰᠣᠷᠭ᠋ᠠᠭᠣᠯᠢ + ᠬᠡᠥᠭᠡᠳ᠎ᠤᠨ ᠴᠡᠴᠡᠷᠯᠢᠭ)᠎ᠢ ᠲᠥᠷᠥᠯ ᠬᠣᠪᠢᠶᠠᠨ ᠲᠥᠰᠥᠪᠯᠡᠵᠥ᠂ ᠴᠡᠴᠡᠷᠯᠢᠭ᠎ᠤᠨ ᠬᠡᠥᠭᠡᠳ᠎ᠤᠨ ᠬᠥᠯ ᠪᠥᠮᠪᠥᠭᠡ ᠵᠢᠨ ᠰᠣᠨᠢᠷᠬᠠᠯᠳᠣ ᠠᠵᠢᠯᠯᠠᠭ᠋ᠠᠨ᠎ᠢ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠦᠭᠡ ᠵᠢᠨ ᠬᠣᠯᠪᠣᠭ᠋ᠠᠳᠣ ᠣᠷᠣᠯᠳᠣᠭ᠋ᠠᠨ᠎ᠤ ᠲᠣᠭᠳᠠᠯᠴᠠᠭ᠎ᠠ᠎ᠳᠤ ᠣᠷᠣᠭᠣᠯᠣᠭᠰᠠᠨ ᠪᠠᠢ᠍ᠢ᠍ᠨ᠎ᠠ᠃ ᠬᠣᠯᠪᠣᠭ᠋ᠠᠳᠣ ᠣᠷᠣᠯᠳᠣᠭ᠋ᠠᠨ᠎ᠨᠢ ᠣᠯᠣᠰ᠎ᠤᠨ ᠲᠡᠰ᠂ ᠣᠷᠣᠨ᠎ᠤ ᠲᠡᠰ᠂ ᠠᠢ᠍ᠢ᠍ᠮᠠᠭ ᠬᠣᠳᠠ ᠵᠢᠨ ᠲᠡᠰ᠂ ᠬᠣᠰᠢᠭᠣ ᠰᠢᠶᠠᠨ᠎ᠤ ᠲᠡᠰ᠎ᠤᠨ ᠲᠦᠷᠪᠡᠨ ᠲᠡᠰ᠎ᠢ ᠭᠣᠯᠳᠣ ᠴᠢᠭᠯᠡᠯ ᠵᠶ᠋ᠠᠷ ᠠᠬᠢᠭᠣᠯᠣᠨ᠂ ᠪᠠᠭ᠎ᠠ ᠰᠣᠷᠭ᠋ᠠᠭᠣᠯᠢ᠂ ᠠᠨᠭ᠌ᠬ᠎ᠠ ᠳᠣᠮᠳᠠᠳᠣ᠂ ᠥᠨᠳᠥᠷ ᠳᠣᠮᠳᠠᠳᠣ᠂ ᠲᠡᠭᠡᠳᠦ ᠰᠣᠷᠭ᠋ᠠᠭᠣᠯᠢ ᠵᠢᠨ ᠲᠦᠷᠪᠡᠨ ᠳᠡᠰ᠎ᠢ ᠬᠥᠨᠳᠡᠯᠡᠨ ᠴᠢᠭᠯᠡᠯ ᠵᠶ᠋ᠠᠷ ᠣᠷᠣᠯᠳᠣᠭᠣᠯᠵᠣ᠂ 5 ᠬᠥᠮᠥᠨ᠎ᠤ᠂ 7 ᠬᠥᠮᠥᠨ᠎ᠤ᠂ 11 ᠬᠥᠮᠥᠨ᠎ᠤ ᠲᠥᠷᠢᠮ ᠵᠶ᠋ᠠᠷ ᠲᠥᠷᠥᠯ ᠬᠣᠪᠢᠶᠠᠨ ᠲᠡᠭᠡᠭᠰᠢᠯᠡᠬᠥᠯᠬᠥ ᠵᠠᠷᠴᠢᠮ ᠵᠶ᠋ᠠᠷ ᠣᠷᠣᠯᠳᠣᠭ᠋ᠠᠨ ᠮᠥᠷᠥᠢ᠍ᠢ᠍ᠴᠡᠭᠡᠨ ᠶᠠᠪᠣᠭᠳᠠᠭᠣᠯᠵᠣ᠂ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠦᠭᠡ ᠵᠢᠨ ᠬᠣᠯᠪᠣᠭ᠋ᠠᠳᠣ ᠣᠷᠣᠯᠳᠣᠭ᠋ᠠᠨ᠎ᠤ ᠪᠥᠬᠥᠳᠡ ᠵᠢ ᠪᠥᠷᠬᠥᠬᠥ ᠵᠢ ᠪᠡᠶᠡᠯᠡᠬᠥᠯᠥᠨ᠂ 《ᠲᠡᠷᠢᠬᠥᠯᠡᠭᠴᠢ ᠬᠣᠨᠳᠠᠭ᠋ᠠᠳᠣ》᠂ 《ᠬᠣᠳᠠ (ᠠᠢ᠍ᠢ᠍ᠮᠠᠭ) ᠵᠢᠨ ᠳᠠᠷᠣᠭ᠎ᠠ ᠬᠣᠨᠳᠠᠭ᠋ᠠᠳᠣ》᠂ 《ᠬᠣᠰᠢᠭᠣᠨ (ᠰᠢᠶᠠᠨ᠂ ᠲᠣᠭᠣᠷᠢᠭ) ᠲᠠᠷᠣᠭ᠎ᠠ ᠬᠣᠨᠳᠠᠭ᠋ᠠᠳᠣ》᠂ 《ᠵᠠᠬᠢᠷᠣᠯ ᠬᠣᠨᠳᠠᠭ᠋ᠠᠳᠣ》᠂ 《ᠨᠠᠬᠢᠶ᠎ᠠ ᠬᠣᠨᠳᠠᠭ᠋ᠠᠳᠣ》 ᠭᠡᠬᠥ ᠮᠡᠲᠦ ᠵᠢᠨ ᠨᠡᠷ᠎ᠡ ᠲᠡᠮᠳᠡᠭ ᠪᠥᠬᠥᠢ ᠠᠵᠢᠯᠯᠠᠭ᠋ᠠᠨ᠎ᠢ ᠪᠣᠯᠪᠠᠰᠣᠷᠠᠭᠣᠯᠵᠣ ᠶᠠᠪᠣᠭᠳᠠᠭᠣᠯᠪᠠ᠃ ᠪᠥᠷᠢᠳᠭᠡᠯ᠎ᠢ ᠥᠨᠳᠥᠰᠥᠯᠡᠪᠡᠯ᠂ ᠣᠷᠣᠯᠳᠣᠭ᠋ᠠᠨ ᠮᠥᠷᠥᠢ᠍ᠢ᠍ᠴᠡᠭᠡᠨ᠎ᠤ ᠲᠠᠭ᠋ᠠᠭᠣᠯᠬᠣ ᠥᠢ᠍ᠯᠡᠳᠥᠯ᠎ᠢ ᠪᠠᠳᠠᠷᠠᠭᠣᠯᠬᠣ ᠵᠢᠨ ᠲᠦᠯᠥᠭᠡ᠂ 2015 ᠣᠨ᠎ᠤ ᠠ᠋ᠮᠥᠨ᠎ᠡ ᠬᠠᠭ᠋ᠠᠰ ᠵᠢᠯ᠎ᠳᠤ ᠪᠥᠬᠥ ᠣᠷᠣᠨ᠎ᠤ ᠲᠦᠷᠪᠡᠨ ᠲᠡᠰ᠎ᠤᠨ ᠬᠣᠨᠳᠠᠭ᠋ᠠᠳᠣ ᠣᠷᠣᠯᠳᠣᠭ᠋ᠠᠨ ᠪᠠ ᠲᠦᠷᠪᠡᠨ ᠳᠡᠰ᠎ᠤᠨ ᠬᠣᠯᠪᠣᠭ᠋ᠠᠳᠣ ᠣᠷᠣᠯᠳᠣᠭ᠋ᠠᠨ᠎ᠢ 8312 ᠲᠠᠯᠠᠪᠣᠷ ᠣᠳᠠᠭ᠎ᠠ ᠶᠠᠪᠣᠭᠳᠠᠭᠣᠯᠵᠣ᠂ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠦᠭᠡ ᠵᠢᠨ ᠬᠣᠯᠪᠣᠭ᠋ᠠᠳᠣ ᠣᠷᠣᠯᠳᠣᠭ᠋ᠠᠨ᠎ᠳᠤ ᠣᠷᠣᠯᠴᠠᠭᠰᠠᠨ ᠪᠥᠮᠪᠥᠭᠡᠨ ᠠᠨᠭ᠌ᠭᠢ ᠵᠢᠨ ᠲᠣᠭ᠎ᠠ᠎ᠨᠢ 3583᠎ᠳᠤ ᠬᠥᠷᠴᠦ᠂ ᠣᠷᠣᠯᠳᠣᠭ᠋ᠠᠨ᠎ᠳᠤ ᠣᠷᠣᠯᠴᠠᠭᠰᠠᠨ ᠲᠠᠮᠢᠷᠴᠢᠳ᠎ᠤᠨ ᠲᠣᠭ᠎ᠠ᠎ᠨᠢ 6.3 ᠲᠦᠮᠡᠨ ᠬᠥᠮᠥᠨ ᠣᠳᠠᠭ᠎ᠠ᠎ᠳᠤ ᠬᠥᠷᠥᠭᠰᠡᠨ ᠪᠠᠢ᠍ᠢ᠍ᠨ᠎ᠠ᠃
     613 ᠬᠥᠯ ᠪᠥᠮᠪᠥᠭᠡ ᠵᠢᠨ ᠣᠨᠴᠠᠯᠢᠭᠳᠣ ᠰᠣᠷᠭ᠋ᠠᠭᠣᠯᠢ ᠪᠥᠷᠢ᠎ᠳᠤ ᠬᠥᠯ ᠪᠥᠮᠪᠥᠭᠡ ᠵᠢᠨ ᠲᠠᠯᠠᠪᠣᠷ ᠣᠷᠳᠣᠨ᠎ᠲᠠᠢ ᠪᠣᠯᠪᠠ
      ᠥᠪᠥᠷ ᠮᠣᠨᠭ᠌ᠭᠣᠯ᠎ᠨᠢ ᠵᠣᠨ᠎ᠤ ᠣᠯᠠᠷᠢᠯ᠎ᠳᠤ ᠬᠡᠳᠥᠢ᠍ᠢ᠍ᠪᠡᠷ ᠠᠭᠣᠷ ᠠᠮᠢᠰᠬᠣᠯ ᠲᠠᠭ᠋ᠠᠯᠠᠮᠵᠢᠳᠠᠢ ᠪᠣᠯᠪᠠᠴᠣ ᠴᠠᠭ ᠣᠯᠠᠷᠢᠯ᠎ᠤᠨ ᠪᠠᠢ᠍ᠢ᠍ᠳᠠᠯ᠎ᠠᠴᠠ ᠠᠪᠴᠤ ᠦᠵᠡᠪᠡᠯ ᠶᠡᠷᠦᠨᠭᠭᠡᠢ᠎ᠳᠤ᠎ᠪᠠᠨ ᠰᠠᠯᠬᠢ ᠶᠡᠬᠡ᠂ ᠭᠠᠩ ᠬᠠᠭᠣᠷᠠᠢ᠂ ᠬᠠᠬᠢᠷ ᠬᠥᠢ᠍ᠳᠡᠨ ᠮᠥᠰᠥ ᠴᠠᠰᠣ᠎ᠲᠠᠢ ᠴᠠᠭ᠎ᠨᠢ 5 ᠰᠠᠷ᠎ᠠ ᠭᠠᠷᠣᠢ ᠵᠢᠨ ᠣᠷᠳᠣ ᠬᠣᠭᠣᠴᠠᠭ᠎ᠠ᠎ᠲᠠᠢ ᠪᠠᠢ᠍ᠢ᠍ᠵᠣ᠂ ᠵᠡᠬᠥᠨ ᠬᠣᠢ᠍ᠢ᠍ᠳᠣ ᠬᠡᠰᠡᠭ᠎ᠲᠤ᠎ᠪᠠᠨ 7 ᠰᠠᠷ᠎ᠠ ᠭᠠᠷᠣᠢ ᠵᠢᠨ ᠬᠠᠬᠢᠷ ᠬᠥᠢ᠍ᠳᠡᠨ ᠴᠠᠭ ᠬᠤᠭᠤᠴᠠᠭ᠎ᠠ᠎ᠲᠠᠢ ᠪᠠᠢ᠍ᠢ᠍ᠳᠠᠭ᠃ ᠠ᠋ᠳᠡᠭᠡᠷ ᠠᠭᠣᠷ ᠠᠮᠢᠰᠬᠣᠯ᠎ᠤᠨ ᠣᠨᠴᠠᠯᠢᠭ᠎ᠨᠢ ᠰᠣᠷᠭ᠋ᠠᠭᠣᠯᠢ ᠵᠢᠨ ᠪᠡᠶ᠎ᠡ ᠵᠢᠨ ᠲᠠᠮᠢᠷ ᠪᠠ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠦᠭᠡ ᠵᠢᠨ ᠠᠵᠢᠯᠯᠠᠭ᠋ᠠᠨ᠎ᠤ ᠥᠷᠬᠥᠯᠵᠢᠯᠡᠯ᠎ᠢ ᠶᠡᠬᠡ   ᠨᠦᠯᠦᠭᠡᠯᠡᠳᠡᠭ᠃
      ᠡ᠊ᠨᠡ ᠬᠥ᠌ ᠠᠰᠠᠭᠣᠳᠠᠯ᠎ᠢ ᠰᠢᠢ᠍ᠳᠪᠥᠷᠢᠯᠡᠬᠥ ᠵᠢᠨ ᠲᠥᠯᠥᠭᠡ᠂ 2015~2016 ᠣᠨ᠎ᠤ ᠬᠣᠭᠣᠷᠣᠨᠳᠣ᠂ ᠥᠪᠡᠷᠳᠡᠭᠡᠨ ᠵᠠᠰᠠᠬᠣ ᠣᠷᠣᠨ᠎ᠠᠴᠠ 3 ᠳ᠋ᠦᠨᠭᠰᠢᠭᠣᠷ ᠲᠥᠬᠥᠷᠢᠭ᠎ᠤᠨ ᠪᠡᠯᠡ ᠣᠷᠣᠭᠣᠯᠵᠣ᠂ ᠬᠢᠯᠢ ᠬᠢᠵᠠᠭ᠋ᠠᠷ᠂ 《ᠭᠣᠷᠪᠠᠨ ᠴᠦᠬᠡᠨ ᠥᠨᠳᠥᠰᠥᠳᠡᠨ》᠎ᠤ ᠬᠣᠰᠢᠭᠣ ᠰᠢᠶᠠᠨ (ᠬᠣᠳᠠ᠂ ᠲᠣᠭᠣᠷᠢᠭ) ᠪᠥᠷᠢ ᠵᠢ 1000 ᠲᠦᠮᠡᠨ ᠲᠥᠬᠥᠷᠢᠭ ᠵᠶ᠋ᠠᠷ ᠲᠡᠮᠵᠢᠬᠥ᠎ᠪᠠᠷ ᠲᠥᠰᠥᠪᠯᠡᠵᠥ᠂ ᠰᠣᠷᠭ᠋ᠠᠭᠣᠯᠢ ᠵᠢ ᠨᠡᠢ᠍ᠢ᠍ᠳᠡᠨ 30 ᠰᠠᠭᠤᠷᠢ ᠣᠯᠠᠨ ᠨᠡᠢ᠍ᠢ᠍ᠳᠡ ᠵᠢᠨ ᠬᠥᠯ ᠪᠥᠮᠪᠥᠭᠡᠨ ᠲᠠᠯᠠᠪᠣᠷ ᠣᠷᠳᠣᠨ᠎ᠢ ᠪᠠᠢ᠍ᠢ᠍ᠭᠣᠯᠣᠨ᠂ ᠰᠣᠷᠭ᠋ᠠᠭᠣᠯᠢ ᠪᠠ ᠨᠡᠢ᠍ᠢ᠍ᠭᠡᠮ ᠬᠠᠮᠳᠣ᠎ᠪᠠᠷ ᠬᠡᠷᠡᠭᠯᠡᠬᠦ᠎ᠳᠤ ᠵᠣᠷᠢᠭᠤᠯᠪᠠ᠃ 2015 ᠣᠨ᠎ᠤ ᠡᠴᠦᠰ ᠵᠶ᠋ᠠᠷ᠂ ᠦᠪᠡᠷᠳᠡᠭᠡᠨ ᠵᠠᠰᠠᠬᠣ ᠣᠷᠣᠨ᠎ᠠᠴᠠ ᠠ᠋ᠳ᠋᠎ᠤᠨ ᠵᠠᠰᠠᠭ᠎ᠤᠨ ᠪᠠᠯᠠ ᠮᠥᠨᠭᠭᠥ ᠵᠢ ᠲᠠᠬᠢᠨᠳᠠ ᠨᠢᠭᠡᠳᠦᠯᠳᠡᠢ ᠲᠥᠯᠥᠪᠯᠡᠨ ᠲᠣᠬᠢᠷᠠᠭᠣᠯᠵᠣ᠂ ᠵᠠᠷᠣᠳᠠᠯ᠎ᠤᠨ ᠪᠥᠳᠥᠴᠡ ᠵᠢ ᠣᠯᠠᠮ ᠨᠢᠭᠡ ᠠᠯᠬᠣᠮ ᠰᠠᠢ᠍ᠢ᠍ᠵᠢᠷᠠᠭᠣᠯᠣᠨ᠂ 6.13 ᠳ᠋ᠥᠨᠭᠰᠢᠭᠣᠷ ᠲᠥᠬᠥᠷᠢᠭ᠎ᠤᠨ ᠲᠣᠰᠬᠠᠢ ᠪᠠᠯᠠ ᠮᠥᠨᠭᠭᠥ ᠎ᠪᠠᠷ ᠣᠨᠴᠠᠯᠢᠬᠳᠣ ᠰᠣᠷᠭ᠋ᠠᠭᠣᠯᠢ ᠪᠥᠷᠢ ᠵᠢ 100 ᠲᠥᠮᠡᠨ ᠲᠥᠬᠥᠷᠢᠭ   ᠳᠡᠮᠵᠢᠬᠦ᠎ᠪᠠᠷ ᠲᠣᠬᠢᠷᠠᠭᠣᠯᠵᠣ᠂ ᠬᠥᠯ ᠪᠥᠮᠪᠦᠭᠡ ᠵᠢᠨ ᠲᠠᠯᠠᠪᠣᠷ ᠣᠷᠳᠣᠨ᠎ᠤ ᠪᠥᠳᠥᠭᠡᠨ ᠪᠠᠢ᠍ᠢ᠍ᠭᠣᠯᠣᠯᠳᠠ ᠵᠢᠨ ᠲᠠᠭ᠋ᠠᠭᠣᠯᠭ᠎ᠠ ᠵᠢᠨ ᠴᠢᠨᠠᠷ᠎ᠲᠠᠢ ᠪᠠᠯᠠ ᠣᠷᠣᠭᠣᠯᠣᠯᠳᠠ ᠪᠣᠯᠭ᠋ᠠᠨ᠂ 613 ᠰᠠᠭᠣᠷᠢ ᠪᠥᠬᠥ ᠣᠯᠣᠰ᠎ᠤᠨ ᠵᠠᠯᠠᠭᠣᠴᠣᠳ ᠪᠠᠭ᠋ᠠᠴᠣᠳ᠎ᠤᠨ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠦᠭᠡ ᠵᠢᠨ ᠣᠨᠴᠠᠯᠢᠭᠳᠣ ᠲᠠᠯᠠᠪᠣᠷ ᠣᠷᠳᠣᠨ᠎ᠤ ᠪᠥᠳᠥᠭᠡᠨ ᠪᠠᠢ᠍ᠢ᠍ᠭᠣᠯᠣᠯᠳᠠ᠎ᠳᠤ ᠬᠡᠷᠡᠭᠯᠡᠪᠡ᠃
      ᠬᠠᠢ᠍ᠢ᠍ᠨᠠᠨ ᠮᠣᠵᠢ᠎ᠳᠠᠬᠢ ᠡᠪᠦᠯ᠎ᠤᠨ ᠪᠣᠯᠪᠠᠰᠣᠷᠠᠯ᠎ᠤᠨ ᠰᠠᠭᠣᠷᠢᠨ ᠭᠠᠵᠠᠷ᠎ᠨᠢ ᠥᠪᠥᠷ ᠮᠣᠨᠭ᠌ᠭᠣᠯ᠎ᠠᠴᠠ ᠴᠢᠬᠤᠯᠠᠴᠢᠯᠠᠨ ᠪᠠᠢ᠍ᠢ᠍ᠭᠣᠯᠣᠭᠰᠠᠨ ᠨᠢᠭᠡᠨ ᠴᠤ ᠰᠢᠨ᠎ᠡ ᠲᠠᠪᠴᠠᠩ ᠪᠣᠯᠣᠨ᠎ᠠ᠃ ᠲᠠᠯᠠᠪᠣᠷ ᠪᠠ ᠰᠠᠭᠣᠷᠢᠨ ᠭᠠᠵᠠᠷ᠎ᠤᠨ ᠪᠥᠳᠥᠭᠡᠨ ᠪᠠᠢ᠍ᠢ᠍ᠭᠣᠯᠣᠯᠳᠠ᠎ᠠᠴᠠ ᠭᠠᠳᠠᠨ᠎ᠠ᠂ ᠦᠪᠡᠷᠲᠡᠭᠡᠨ ᠵᠠᠰᠠᠬᠤ ᠣᠷᠣᠨ᠎ᠠᠴᠠ ᠠᠵᠣ ᠠᠬᠣᠢ ᠨᠡᠢ᠍ᠢ᠍ᠭᠡᠮ᠎ᠤᠨ ᠬᠥᠭᠵᠢᠯᠳᠡ ᠵᠢᠨ ᠠ᠋ᠬᠥᠷᠭᠡ ᠬᠥᠨᠳᠥ᠂ ᠠ᠋ᠳ᠋᠎ᠤᠨ ᠵᠠᠰᠠᠭ᠎ᠤᠨ ᠲᠠᠷᠣᠭ᠋ᠠᠰᠣ ᠶᠡᠬᠡ ᠪᠠᠢ᠍ᠢ᠍ᠳᠠᠯ ᠲᠣᠣᠷ᠎ᠠ᠂ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠦᠭᠡ᠎ᠶᠢᠨ ᠥᠢ᠍ᠯᠡᠰ᠎ᠢ ᠣᠷᠢᠳᠠᠪᠡᠷ ᠬᠥᠭᠵᠢᠬᠥᠯᠬᠥ ᠵᠢ ᠰᠠᠨᠠᠭ᠋ᠠᠴᠢᠯᠠᠵᠣ᠂ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠦᠭᠡ᠎ᠶᠢᠨ ᠲᠣᠰᠬᠠᠢ ᠵᠠᠷᠣᠳᠠᠯ᠎ᠢ ᠲᠥᠰᠥᠪᠯᠡᠨ᠂ 2015 ᠣᠨ᠎ᠳᠤ᠂ ᠦᠪᠡᠷᠳᠡᠭᠡᠨ ᠵᠠᠰᠠᠬᠣ ᠣᠷᠣᠨ᠎ᠤ ᠠ᠋ᠳ᠋᠎ᠤᠨ ᠵᠠᠰᠠᠭ᠎ᠠᠴᠠ 10.3 ᠳ᠋ᠦᠨᠭᠰᠢᠭᠣᠷ ᠰᠢᠬᠠᠮ ᠵᠠᠷᠣᠳᠠᠯ ᠮᠦᠨᠭᠭᠦ ᠵᠢ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠦᠭᠡ ᠵᠢᠨ ᠦᠢ᠍ᠯᠡᠰ᠎ᠲᠤ ᠣᠷᠣᠭᠣᠯᠣᠭᠰᠠᠨ ᠪᠠᠢ᠍ᠢ᠍ᠨ᠎ᠠ᠃
      ᠠ᠋ᠬᠥᠨ᠎ᠠᠴᠠ ᠭᠠᠳᠠᠨ᠎ᠠ᠂ ᠰᠣᠷᠣᠭᠴᠢ ᠪᠠ ᠭᠡᠷ᠎ᠤᠨ ᠠᠬᠠᠮᠠᠳ᠎ᠤᠨ ᠰᠠᠨᠠᠭ᠋ᠠᠰᠢᠷᠠᠯ᠎ᠳᠤ ᠬᠠᠨᠳᠣᠭᠣᠯᠣᠨ᠂ ᠥᠪᠥᠷ ᠮᠣᠨᠭ᠌ᠭᠣᠯ᠎ᠨᠢ ᠪᠠᠭ᠎ᠠ ᠰᠣᠷᠭ᠋ᠠᠭᠣᠯᠢ᠂ ᠠᠨᠭ᠌ᠬ᠎ᠠ ᠳᠣᠮᠳᠠᠳᠣ᠂ ᠥᠨᠳᠥᠷ ᠲᠣᠮᠳᠠᠳᠣ᠂ ᠶᠡᠬᠡ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠦᠭᠡ ᠵᠢᠨ ᠲᠣᠰᠬᠠᠢ ᠴᠢᠳᠠᠪᠣᠷᠢ᠎ᠲᠠᠢ ᠰᠣᠷᠣᠭᠴᠢ ᠵᠢ ᠠ᠋ᠯᠰᠡᠬᠥ ᠲᠥᠷᠥ ᠵᠢᠨ ᠪᠣᠳᠣᠯᠭ᠎ᠠ ᠵᠢ ᠠᠯᠬᠣᠮ ᠠᠯᠬᠣᠮ ᠵᠶ᠋ᠠᠷ ᠲᠡᠬᠥᠯᠳᠡᠷᠵᠢᠬᠥᠯᠥᠨ᠂ ᠬᠥᠯ ᠪᠥᠮᠪᠥᠭᠡ ᠵᠢᠨ ᠴᠢᠳᠠᠪᠣᠷᠢᠳᠠᠨ᠎ᠢ ᠠ᠋ᠯᠰᠡᠨ ᠬᠡᠷᠡᠭᠯᠡᠬᠥ ᠪᠠᠷᠢᠮᠵᠢᠶ᠎ᠠ ᠪᠠ ᠰᠣᠷᠭ᠋ᠠᠭᠣᠯᠢ᠎ᠳᠤ ᠰᠢᠯᠭ᠋ᠠᠵᠣ ᠲᠠᠪᠰᠢᠬᠣ ᠬᠠᠮᠢᠶᠠᠷᠣᠯᠳᠠ ᠵᠢᠨ ᠲᠥᠷᠢᠮ᠎ᠢ ᠪᠣᠢ ᠪᠣᠯᠭ᠋ᠠᠵᠣ᠂ ᠲᠡᠭᠡᠳᠦ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠦᠭᠡ ᠵᠢᠨ ᠲᠡᠮᠢᠷᠴᠢᠨ᠎ᠢ ᠠ᠋ᠯᠰᠡᠬᠥ ᠲᠣᠭ᠎ᠠ ᠨᠣᠷᠮ᠎ᠠ ᠵᠢ ᠨᠡᠮᠡᠭᠳᠡᠬᠥᠯᠥᠨ᠂ ᠲᠡᠭᠡᠳᠦ ᠰᠣᠷᠭ᠋ᠠᠭᠣᠯᠢ᠎ᠪᠠᠷ ᠲᠥᠷᠥᠬᠥᠯᠡᠬᠥᠯᠵᠥ᠂ ᠶᠡᠬᠡ᠂ ᠲᠣᠮᠳᠠ᠂ ᠪᠠᠭ᠎ᠠ ᠰᠣᠷᠭ᠋ᠠᠭᠣᠯᠢ ᠬᠣᠯᠪᠤᠯᠳᠤᠭᠰᠠᠨ ᠬᠥᠯ ᠪᠥᠮᠪᠥᠭᠡ ᠵᠢᠨ ᠱᠠᠳᠣᠯᠢᠭ ᠠ᠋ᠨᠭ᠌ᠨᠡᠭᠡᠨ᠎ᠤ ᠪᠥᠳᠥᠭᠡᠨ ᠪᠠᠢ᠍ᠢ᠍ᠭᠣᠯᠣᠯᠳᠠ ᠪᠠ ᠠᠵᠢᠯᠯᠠᠭ᠋ᠠᠨ᠎ᠤ ᠲᠣᠭᠳᠠᠯᠴᠠᠭ᠎ᠠ ᠵᠢ ᠠᠯᠬᠣᠮ ᠠᠯᠬᠣᠮ ᠵᠶ᠋ᠠᠷ ᠲᠡᠬᠥᠯᠳᠡᠷᠵᠢᠬᠥᠯᠬᠥ᠎ᠪᠠᠷ ᠪᠠᠢ᠍ᠢ᠍ᠨ᠎ᠠ᠃
                                         
             (《ᠲᠣᠮᠳᠠᠳᠣ ᠣᠯᠣᠰ᠎ᠤᠨ ᠰᠣᠷᠭ᠋ᠠᠨ ᠬᠥᠮᠥᠵᠢᠯ᠎ᠤᠨ ᠰᠣᠨᠢᠨ》
          2016 ᠣᠨ᠎ᠤ 2 ᠰᠠᠷ᠎ᠠ ᠵᠢᠨ 23᠎ᠤ ᠠ᠋ᠳᠦᠷ)





ᠢᠷᠡᠯᠲᠡ᠄ ᠦᠪᠦᠷ ᠮᠣᠩᠭᠣᠯ᠎ᠤᠨ ᠦᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠦᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠦᠪᠦᠷ ᠮᠣᠨᠭ᠌ᠭᠣᠯ᠎ᠤᠨ ᠵᠠᠯᠠᠭᠣᠴᠣᠳ ᠪᠠᠭ᠋ᠠᠴᠣᠳ᠎ᠤᠨ ᠰᠣᠷᠭ᠋ᠠᠭᠣᠯᠢ ᠵᠢᠨ ᠬᠥᠯ ᠪᠥᠮᠪᠦᠭᠡ 《ᠪᠥᠬᠥ ᠲᠠᠯ᠎ᠠ᠎ᠪᠠᠷ ᠴᠡᠴᠡᠭᠯᠡᠨ ᠲᠡᠯᠭᠡᠷᠡᠪᠡ》
ᠶᠠᠳᠠᠷᠠᠯᠳᠠᠢ ᠪᠣᠯᠪᠠᠴᠣ ᠪᠠᠶᠠᠰᠣᠯᠳᠠᠢ ᠶᠣᠮ
ᠮᠢᠨᠤ 《ᠮᠣᠨᠭ᠌ᠭᠣᠯ ᠲᠣᠮᠳᠠᠳᠣ ᠰᠣᠷᠭ᠋ᠠᠭᠣᠯᠢ ᠵᠢᠨ ᠠᠨᠭ᠌ᠭᠢ》
ᠪᠢ ᠠᠨᠭ᠌ᠬ᠎ᠠ ᠠ᠋ᠬᠢᠯᠡᠬᠥ᠎ᠳᠤ ᠥᠬᠢᠨ᠎ᠤ᠎ᠪᠠᠨ ᠬᠥᠯ ᠪᠦᠮᠪᠦᠭᠡ ᠢᠰᠬᠥᠯᠬᠥ ᠵᠢ ᠠ᠋ᠰᠡᠷᠬᠥᠴᠡᠵᠥ ᠪᠠᠢ᠍ᠢ᠍ᠭᠰᠠᠨ
《ᠬᠡᠵᠢᠶᠡᠳᠡ ᠪᠦᠮᠪᠦᠭᠡ ᠢᠰᠬᠥᠯᠥᠭᠡᠳ ᠪᠠᠢ᠍ᠢ᠍ᠪᠠᠯ ᠶᠠᠮᠠᠷ ᠭᠣᠶᠣ ᠪᠣᠢ》
 
             蒙ICP备05000248号