ᠰᠤᠶᠤᠯᠴᠡᠴᠡᠭ

ᠰᠤᠷᠤᠭᠴᠢᠳ ᠲᠠᠶ᠋ᠢᠰᠠᠨ᠎ᠳᠤ ᠭᠠᠷᠴᠤ ᠳᠠᠭᠤᠯᠠᠵᠤ ᠣᠷᠣᠯᠳᠣᠬᠤ ᠦᠶᠡᠰ ᠲᠡᠭᠦᠨ᠎ᠤ ᠮᠡᠷᠭᠡᠵᠢᠯ ᠴᠢᠳᠠᠪᠤᠷᠢ ᠵᠢᠨ ᠪᠤᠯᠪᠠᠰᠤᠷᠠᠯ᠎ᠨᠢ ᠰᠢᠯᠭ᠋ᠠᠯᠲᠠ ᠬᠦᠯᠢᠶᠡᠬᠦ ᠮᠦᠷᠲᠡᠭᠡᠨ ᠨᠡᠩ ᠴᠦ᠍ ᠰᠡᠳᠬᠢᠴᠡ ᠵᠢᠨ ᠪᠤᠯᠪᠠᠰᠤᠷᠠᠯ᠎ᠤᠨ ᠬᠡᠮᠵᠢᠶ᠎ᠡ᠎ᠨᠢ ᠰᠢᠯᠭ᠋ᠠᠯᠲᠠ ᠬᠦᠯᠢᠶᠡᠳᠡᠭ᠃ ᠶᠡᠷᠦ ᠵᠢᠨ ᠭᠤᠴᠢᠯᠠᠯ ᠳᠠᠭᠤᠤ ᠳᠠᠭᠤᠯᠠᠭ᠍ᠤ ᠤᠷᠤᠯᠳᠤᠭ᠋ᠠᠨ᠎ᠳᠤ ᠤᠷᠤᠯᠴᠠᠭ᠍ᠤ᠎ᠪᠠᠷ ᠠᠪᠴᠤ ᠬᠡᠯᠡᠪᠡᠯ᠂ ᠤᠷᠤᠯᠳᠤᠭᠴᠢ ᠠ᠋ᠮᠦᠨᠡᠬᠢ ᠡᠵᠡᠮᠰᠢᠭᠰᠡᠨ ᠳᠠᠭᠤᠯᠠᠭ᠍ᠤ ᠠᠷᠭ᠎ᠠ ᠮᠡᠷᠭᠡᠰᠢᠯ᠂ ᠤᠷ᠎ᠠ ᠴᠢᠳᠠᠪᠤᠷᠢ᠎ᠪᠠᠨ ᠠᠰᠢᠭᠯᠠᠨ ᠲᠠᠶ᠋ᠢᠰᠠᠨ᠎ᠳᠤ ᠭᠠᠷᠴᠤ ᠳᠠᠭᠤᠯᠠᠵᠤ ᠤᠷᠤᠯᠳᠤᠨ᠎ᠠ᠃ ᠣᠷᠣᠯᠳᠤᠭ᠋ᠠᠨᠠᠴᠠ ᠠ᠋ᠮᠦᠨ᠎ᠡ ᠣᠷᠣᠯᠳᠣᠭᠴᠢ ᠦᠷᠭᠦᠯᠵᠢ ᠪᠤᠯᠪᠠᠰᠤᠷᠠᠵᠤ᠂ ᠰᠠᠶ᠋ᠢᠨ ᠬᠢᠷᠢ ᠪᠦᠲᠦᠮᠵᠢ ᠤᠯᠬᠤ᠎ᠪᠠᠷ ᠴᠢᠷᠮᠠᠶ᠋ᠢᠳᠠᠭ᠃ ᠭᠡᠲᠡᠯ᠎ᠡ ᠤᠷᠤᠯᠳᠤᠭ᠋ᠠᠨ᠎ᠳᠤ ᠵᠠᠷᠢᠮ ᠤᠷᠤᠯᠳᠤᠭᠴᠢ ᠵᠢᠨ ᠬᠢᠷᠢ ᠪᠦᠲᠦᠮᠵᠢ᠎ᠨᠢ ᠵᠦᠭᠡᠷ᠂ ᠵᠠᠷᠢᠮ ᠨᠡᠯᠢᠶᠡᠳ ᠰᠠᠶ᠋ᠢᠨ ᠬᠢᠷᠢ ᠪᠦᠲᠦᠮᠵᠢ ᠤᠯᠬᠤ ᠪᠤᠯᠤᠯᠴᠠᠭ᠎ᠠ᠎ᠲᠠᠢ ᠪᠠᠶ᠋ᠢᠭᠰᠠᠨ ᠤᠷᠤᠯᠳᠤᠭᠴᠢ᠎ᠨᠢ ᠬᠠᠷᠢᠨ ᠰᠠᠨᠠᠭ᠋ᠠᠨ᠎ᠠᠴᠠ ᠭᠠᠳᠠᠭᠤᠷ ᠪᠠᠶ᠋ᠢᠳᠠᠯ ᠭᠠᠷᠴᠤ ᠠᠨᠠᠢ ᠬᠢᠷᠢ ᠪᠦᠲᠦᠮᠵᠢ ᠤᠯᠳᠠᠭ ᠦᠵᠡᠭᠳᠡᠯ ᠭᠠᠷᠳᠠᠭ᠃ ᠵᠢᠱ᠌ᠢᠶᠡᠯᠡᠪᠡᠯ᠂ ᠤᠷᠤᠯᠳᠤᠭᠴᠢ ᠲᠠᠶ᠋ᠢᠰᠠᠨ᠎ᠳᠤ ᠭᠠᠷᠤᠭᠰᠠᠨ᠎ᠤ ᠳᠠᠷᠠᠭ᠎ᠠ ᠳᠠᠭᠤᠤ ᠵᠢᠨ ᠦᠭᠡ᠎ᠪᠠᠨ ᠮᠠᠷᠲᠠᠭ᠍ᠤ᠂ ᠬᠠᠪᠰᠤᠷᠤᠯ ᠬᠦᠭᠵᠢᠮ᠎ᠠᠴᠠ ᠰᠠᠯᠬᠤ᠂ ᠳᠠᠭᠤᠤ᠎ᠪᠠᠨ ᠰᠠᠶ᠋ᠢᠬᠠᠨ ᠳᠠᠭᠤᠯᠠᠵᠤ ᠳᠡᠶ᠋ᠢᠯᠬᠦ ᠦᠭᠡᠢ᠂ ᠰᠡᠳᠬᠢᠯᠭᠡ᠎ᠪᠠᠨ ᠰᠠᠶ᠋ᠢᠬᠠᠨ ᠢᠯᠡᠷᠡᠭᠦᠯᠵᠦ ᠴᠢᠳᠠᠭ᠍ᠤ ᠦᠭᠡᠢ ᠭᠡᠬᠦ ᠮᠡᠲᠦ ᠵᠢᠨ ᠤᠷᠤᠯᠳᠤᠭ᠋ᠠᠨ᠎ᠠᠴᠠ ᠠ᠋ᠮᠦᠨᠡᠬᠢ ᠪᠤᠯᠪᠠᠰᠤᠷᠠᠯ᠎ᠤᠨ ᠪᠠᠶ᠋ᠢᠳᠠᠯ ᠵᠶ᠋ᠠᠨ ᠬᠦᠷᠬᠦ ᠦᠭᠡᠢ ᠦᠵᠡᠭᠳᠡᠯ ᠭᠠᠷᠳᠠᠭ᠃ ᠠ᠋ᠨᠡ ᠪᠤᠯ ᠭᠤᠤᠯᠳᠠᠭᠤ ᠤᠷᠤᠯᠳᠤᠭᠴᠢ ᠵᠢᠨ ᠬᠡᠲᠦᠷᠬᠡᠢ ᠶᠡᠭᠡ ᠪᠠᠴᠢᠮᠳᠠᠨ ᠰᠠᠨᠳᠤᠷᠴᠤ᠂ ᠦᠪᠡᠷ᠎ᠤᠨ ᠰᠡᠳᠭᠢᠴᠡ᠎ᠪᠠᠨ ᠡᠵᠡᠮᠳᠡᠵᠦ ᠳᠡᠶ᠋ᠢᠯᠦᠭᠰᠡᠨ ᠦᠭᠡᠢ᠎ᠠᠴᠠ ᠪᠤᠯᠵᠠᠢ᠃ ᠰᠡᠳᠬᠢᠴᠡ ᠵᠢᠨ ᠬᠡᠪ ᠴᠢᠨᠠᠷ᠎ᠨᠢ ᠤᠷᠤᠯᠳᠤᠭ᠋ᠠᠨ᠎ᠤ ᠬᠢᠷᠢ ᠪᠦᠲᠦᠮᠵᠢ ᠵᠢ ᠰᠢᠭᠤᠳ ᠨᠥᠯᠥᠭᠡᠯᠡᠳᠡᠭ᠃ ᠤᠷᠤᠯᠳᠤᠭᠴᠢ ᠬᠡᠷᠪᠡ ᠰᠡᠳᠬᠢᠴᠡ ᠵᠢᠨ ᠲᠠᠯ᠎ᠠ ᠵᠢᠨ ᠬᠡᠪ ᠴᠢᠨᠠᠷ ᠰᠠᠶ᠋ᠢᠨ ᠪᠤᠯ ᠤᠷᠤᠯᠳᠤᠭ᠋ᠠᠨ᠎ᠤ ᠠᠬᠤᠢ ᠲᠠᠯᠠᠪᠠᠢ᠎ᠳᠤ ᠠ᠋ᠮᠦᠨᠡᠬᠢ ᠪᠤᠯᠪᠠᠰᠤᠷᠠᠯ᠎ᠤᠨ ᠦᠶ᠎ᠡ ᠵᠢᠨ ᠪᠠᠶ᠋ᠢᠳᠠᠯ ᠵᠶ᠋ᠠᠨ ᠪᠠᠲᠤᠯᠠᠵᠤ ᠴᠢᠳᠠᠨ᠎ᠠ᠂ ᠢᠩᠬᠢᠪᠡᠯ ᠰᠠᠶ᠋ᠢᠨ ᠬᠢᠷᠢ ᠪᠦᠲᠦᠮᠵᠢ ᠤᠯᠬᠤ ᠪᠤᠯᠤᠮᠵᠢ ᠶᠡᠭᠡ ᠪᠠᠶ᠋ᠢᠳᠠᠭ᠂᠂ ᠤᠷᠤᠯᠳᠤᠭᠴᠢ ᠰᠡᠳᠬᠢᠴᠡ ᠵᠢᠨ ᠬᠡᠪ ᠴᠢᠨᠠᠷ ᠠᠨᠠᠢ ᠪᠠᠶ᠋ᠢᠵᠤ᠂ ᠣᠷᠣᠯᠳᠤᠭ᠋ᠠᠨᠤ ᠠᠬᠤᠢ ᠲᠠᠯᠠᠪᠠᠢ᠎ᠳᠤ ᠳᠠᠭᠤᠯᠠᠵᠤ ᠤᠷᠤᠯᠳᠤᠬᠤ ᠦᠶ᠎ᠡ᠎ᠳᠤ ᠰᠡᠳᠬᠢᠴᠡ᠎ᠨᠢ ᠬᠠᠷᠰᠢ᠎ᠲᠠᠢ ᠪᠤᠯ ᠲᠤᠬᠠᠢ ᠵᠢᠨ ᠲᠠᠯᠠᠪᠠᠢ᠎ᠳᠤ ᠪᠤᠯᠪᠠᠰᠤᠷᠠᠯ᠎ᠤᠨ ᠦᠶ᠎ᠡ ᠵᠢᠨ ᠪᠠᠶ᠋ᠢᠳᠠᠯ ᠵᠶ᠋ᠠᠨ ᠬᠦᠷᠬᠦ ᠦᠭᠡᠢ ᠪᠤᠯᠵᠤ᠂ ᠰᠠᠶ᠋ᠢᠨ ᠬᠢᠷᠢ ᠪᠦᠲᠦᠮᠵᠢ ᠤᠯᠵᠤ ᠴᠢᠳᠠᠭ᠍ᠤ ᠦᠭᠡᠢ ᠪᠤᠯᠤᠨ᠎ᠠ᠃ ᠠ᠋ᠶ᠋ᠢᠮᠦ᠎ᠠᠴᠠ ᠳᠠᠰᠬᠠᠯᠵᠢᠭᠤᠯᠤᠭᠴᠢ ᠪᠠᠭᠰᠢ᠎ᠠᠴᠠ ᠤᠷᠤᠯᠳᠤᠬᠤ ᠰᠤᠷᠤᠭᠴᠢ ᠵᠢᠨ ᠵᠶ᠋ᠠᠨ ᠪᠠᠶ᠋ᠢᠳᠠᠯ᠎ᠢ ᠠᠵᠢᠭᠯᠠᠨ᠂ ᠳᠠᠭᠤᠯᠠᠭ᠍ᠤ ᠦᠶᠡᠰ ᠰᠡᠳᠭᠢᠴᠡ᠎ᠨᠢ ᠬᠠᠷᠰᠢ ᠪᠠᠶ᠋ᠢᠬᠤ ᠠ᠋ᠰᠡᠬᠦ ᠵᠢ᠎ᠨᠢ ᠦᠵᠡᠵᠦ ᠭᠠᠷᠬᠤ ᠮᠦᠷᠲᠡᠭᠡᠨ ᠰᠡᠳᠭᠢᠴᠡ ᠵᠢᠨ ᠬᠠᠷᠰᠢ ᠵᠢ᠎ᠨᠢ ᠠᠷᠢᠯᠭ᠋ᠠᠬᠤ ᠠᠵᠢᠯ᠎ᠢ ᠰᠠᠶ᠋ᠢᠲᠤᠷ ᠬᠢᠬᠦ ᠴᠢᠬᠤᠯᠠᠲᠠᠢ᠃ ᠳᠤᠤᠷ᠎ᠠ ᠤᠷᠤᠯᠳᠤᠭᠴᠢ᠎ᠳᠤ ᠰᠡᠳᠬᠢᠴᠡ ᠵᠢᠨ ᠬᠠᠷᠰᠢ᠎ᠲᠠᠢ ᠪᠠᠶ᠋ᠢᠬᠤ ᠢᠯᠡᠷᠡᠯ ᠪᠠ ᠠ᠋ᠶ᠋ᠢᠮᠦᠷᠬᠦᠤ ᠰᠡᠳᠭᠢᠴᠡ ᠵᠢᠨ ᠬᠠᠷᠰᠢ ᠵᠢ ᠬᠡᠷᠬᠢᠨ ᠠᠷᠢᠯᠭ᠋ᠠᠬᠤ ᠲᠤᠬᠠᠢ ᠵᠦᠪᠯᠡᠮᠵᠢ ᠥᠭᠭᠦᠶ᠎ᠡ᠃
ᠨᠢᠭᠡ᠂ ᠲᠠᠶ᠋ᠢᠰᠠᠨ᠎ᠳᠤ ᠣᠷᠣᠯᠳᠣᠬᠤ ᠰᠤᠷᠤᠭᠴᠢ ᠵᠢᠨ ᠳᠠᠭᠤᠯᠠᠭ᠍ᠤ ᠦᠶᠡᠰ᠎ᠤᠨ ᠰᠡᠳᠬᠢᠴᠡ ᠵᠢᠨ ᠬᠠᠷᠰᠢ ᠵᠢᠨ ᠢᠯᠡᠷᠡᠯ
ᠣᠷᠣᠯᠳᠣᠬᠤ ᠰᠤᠷᠤᠭᠴᠢ ᠵᠢᠨ ᠰᠡᠳᠬᠢᠴᠡ ᠵᠢᠨ ᠬᠠᠷᠰᠢ᠎ᠲᠠᠢ ᠪᠠᠶ᠋ᠢᠬᠤ ᠪᠠᠶ᠋ᠢᠳᠠᠯ᠎ᠤᠨ ᠢᠯᠡᠷᠡᠯ᠎ᠨᠢ ᠲᠠᠶ᠋ᠢᠰᠠᠨ᠎ᠳᠤ ᠭᠠᠷᠬᠤ᠎ᠠᠴᠠ ᠠ᠋ᠮᠦᠨ᠎ᠡ ᠪᠠ ᠲᠠᠶ᠋ᠢᠰᠠᠨ᠎ᠳᠤ ᠭᠠᠷᠤᠭᠰᠠᠨ᠎ᠤ ᠳᠠᠷᠠᠭ᠎ᠠ ᠪᠦᠷ ᠢᠯᠡᠷᠡᠳᠡᠭ᠃ ᠳᠠᠰᠬᠠᠯᠵᠢᠭᠤᠯᠤᠭᠴᠢ ᠪᠠᠭᠰᠢ᠎ᠠᠴᠠ ᠪᠡᠯᠡᠳᠭᠡᠯ ᠪᠤᠯᠪᠠᠰᠤᠷᠠᠯ ᠪᠤᠶᠤ ᠳᠠᠭᠤᠷᠢᠶᠠᠮᠠᠯ ᠤᠷᠤᠯᠳᠤᠭ᠋ᠠᠨ ᠬᠢᠵᠦ ᠤᠷᠤᠯᠳᠤᠭᠴᠢ ᠵᠢᠨ ᠰᠡᠳᠭᠢᠴᠡ ᠵᠢᠨ ᠬᠠᠷᠰᠢ᠎ᠲᠠᠢ ᠠ᠋ᠰᠡᠬᠦ ᠵᠢ ᠤᠷᠢᠳᠴᠢᠯᠠᠨ ᠮᠡᠳᠡᠵᠦ᠂ ᠬᠡᠷᠪᠡ ᠰᠡᠳᠭᠢᠴᠡ ᠵᠢᠨ ᠬᠠᠷᠰᠢ᠎ᠲᠠᠢ ᠪᠠᠶ᠋ᠢᠪᠠᠯ᠂ ᠠ᠋ᠨᠡ ᠬᠦ᠌ ᠬᠠᠷᠰᠢ ᠵᠢ ᠠᠷᠢᠯᠭ᠋ᠠᠬᠤ ᠪᠤᠳᠠᠲᠠᠢ ᠠᠷᠭ᠎ᠠ ᠠᠪᠬᠤ ᠴᠢᠬᠤᠯᠠ ᠲᠠᠢ᠃ ᠤᠷᠤᠯᠳᠤᠬ᠍ᠴᠢ ᠵᠢᠨ ᠰᠡᠳᠭᠢᠴᠡ ᠵᠢᠨ ᠬᠠᠷᠰᠢ ᠵᠢᠨ ᠵᠠᠷᠢᠮ᠎ᠨᠢ ᠲᠠᠶ᠋ᠢᠰᠠᠨ᠎ᠳᠤ ᠭᠠᠷᠬᠤ᠎ᠠᠴᠠ ᠠ᠋ᠮᠦᠨ᠎ᠡ ᠢᠯᠡᠷᠡᠳᠡᠭ᠂ ᠵᠠᠷᠢᠮ ᠨᠢ ᠲᠠᠶ᠋ᠢᠰᠠᠨ᠎ᠳᠤ ᠭᠠᠷᠤᠭᠰᠠᠨ᠎ᠠᠴᠠ ᠰᠡᠭᠦᠯᠡᠷ ᠢᠯᠡᠷᠡᠳᠡᠭ᠃
(ᠨᠢᠭᠡ) ᠲᠠᠶ᠋ᠢᠰᠠᠨ᠎ᠳᠤ ᠭᠠᠷᠬᠤ᠎ᠠᠴᠠ ᠠ᠋ᠮᠦᠨᠡᠬᠢ ᠰᠡᠳᠬᠢᠴᠡ ᠵᠢᠨ ᠬᠠᠷᠰᠢ ᠵᠢᠨ ᠢᠯᠡᠷᠡᠯ
1. ᠲᠠᠶ᠋ᠢᠰᠠᠨ᠎ᠳᠤ ᠭᠠᠷᠬᠤ᠎ᠠᠴᠠ ᠠ᠋ᠮᠦᠨ᠎ᠡ ᠪᠡᠶ᠎ᠡ ᠵᠠᠰᠠᠭ᠍ᠤ ᠤᠯᠠᠳᠠᠭ᠍ᠤ᠃ ᠤᠷᠤᠯᠳᠤᠭᠴᠢ ᠲᠠᠶ᠋ᠢᠰᠠᠨ᠎ᠳᠤ ᠭᠠᠷᠴᠤ ᠳᠠᠭᠤᠯᠠᠭ᠍ᠤ ᠣᠶ᠋ᠢᠷᠠᠲᠤᠭᠰᠠᠭ᠋ᠠᠷ ᠶᠡᠷᠦ ᠵᠢᠨ ᠴᠠᠭ᠎ᠠᠴᠠ᠎ᠪᠠᠨ ᠣᠯᠠᠨ ᠪᠡᠶ᠎ᠡ ᠵᠠᠰᠠᠭ᠍ᠤ ᠴᠢᠬᠤᠯᠠᠲᠠᠢ ᠪᠤᠯᠵᠤ᠂ ᠤᠬᠤᠷᠬᠠᠨ ᠴᠠᠭ᠎ᠲᠤ ᠨᠢᠭᠡ ᠯᠡ ᠤᠳᠠᠭ᠎ᠠ ᠪᠢᠰᠢ ᠬᠡᠳᠦ ᠤᠳᠠᠭ᠎ᠠ ᠵᠤᠷᠯᠤᠩ᠎ᠳᠤ ᠤᠴᠢᠳᠠᠭ᠃ ᠠ᠋ᠨᠡ᠎ᠨᠢ ᠲᠠᠶ᠋ᠢᠰᠠᠨ᠎ᠳᠤ ᠭᠠᠷᠴᠤ ᠳᠠᠭᠤᠯᠠᠭ᠍ᠤ ᠠᠴᠠ ᠠᠶᠤᠵᠤ ᠪᠠᠶ᠋ᠢᠭ᠎ᠠ ᠰᠡᠳᠭᠢᠴᠡ ᠵᠢᠨ ᠢᠯᠡᠷᠡᠯ ᠮᠥᠨ᠃ ᠲᠠᠶ᠋ᠢᠰᠠᠨ᠎ᠳᠤ ᠭᠠᠷᠴᠤ ᠳᠠᠭᠤᠯᠠᠭ᠍ᠤᠠᠴᠠᠪᠠᠨ ᠠ᠋ᠮᠦᠨ᠎ᠡ ᠰᠡᠳᠭᠢᠴᠡ᠎ᠨᠢ ᠲᠤᠭᠲᠠᠪᠤᠷᠢ ᠠᠯᠳᠠᠵᠤ᠂ ᠲᠠᠶ᠋ᠢᠰᠠᠨ᠎ᠳᠤ ᠭᠠᠷᠬᠤ ᠦᠶᠡᠰ ᠲᠤᠭᠲᠠᠪᠤᠷᠢᠵᠢᠵᠦ ᠳᠡᠶ᠋ᠢᠯᠬᠦ ᠦᠭᠡᠢ᠃ ᠲᠠᠶ᠋ᠢᠰᠠᠨ᠎ᠳᠤ ᠭᠠᠷᠤᠭᠰᠠᠭ᠋ᠠᠷ ᠨᠡᠩ ᠪᠠᠴᠢᠮᠳᠠᠨ ᠰᠠᠨᠳᠤᠷᠤᠨ᠎ᠠ᠃ ᠠ᠋ᠶ᠋ᠢᠮᠦ ᠰᠡᠳᠬᠢᠴᠡ᠎ᠨᠢ ᠣᠷᠣᠯᠳᠣᠭᠴᠢ ᠵᠢᠨ ᠤᠷᠤᠯᠳᠤᠭ᠋ᠠᠨ᠎ᠤ ᠠᠬᠤᠢ ᠲᠠᠯᠠᠪᠠᠢ᠎ᠳᠤ ᠳᠠᠭᠤᠯᠠᠭ᠍ᠤ ᠬᠢᠷᠢ ᠪᠦᠲᠦᠮᠵᠢ ᠵᠢ ᠲᠤᠩ ᠶᠡᠭᠡ ᠨᠥᠯᠥᠭᠡᠯᠡᠨ᠎ᠡ᠃
2. ᠲᠠᠶ᠋ᠢᠰᠠᠨ᠎ᠳᠤ ᠭᠠᠷᠬᠤ᠎ᠠᠴᠠ ᠠ᠋ᠮᠦᠨ᠎ᠡ ᠪᠡᠶ᠎ᠡ ᠴᠡᠴᠡᠷᠬᠢᠯᠡᠬᠦ᠂ ᠳᠠᠭᠤ ᠴᠡᠴᠡᠷᠬᠢᠯᠡᠬᠦ᠂ ᠵᠠᠷᠢᠮ᠎ᠳᠤ᠎ᠪᠠᠨ ᠤᠷᠤᠭᠤᠯ᠎ᠨᠢ ᠬᠦᠷᠲᠡᠯ᠎ᠡ ᠴᠡᠴᠡᠷᠬᠢᠯᠡᠬᠦ᠃ ᠣᠷᠣᠯᠳᠤᠭᠴᠢ ᠲᠠᠶ᠋ᠢᠰᠠᠨ᠎ᠳᠤ ᠭᠠᠷᠴᠤ ᠳᠠᠭᠤᠯᠠᠭ᠍ᠤ ᠤᠶ᠋ᠢᠷᠠᠲᠤᠭᠰᠠᠭ᠋ᠠᠷ ᠰᠠᠨᠳᠤᠷᠬᠤ ᠪᠠᠶ᠋ᠢᠳᠠᠯ ᠢᠯᠡᠷᠡᠵᠦ᠂ ᠣᠯᠠᠮ ᠤᠶ᠋ᠢᠷᠠᠳᠬᠤ ᠳᠤᠲᠤᠮ ᠣᠯᠠᠮ ᠰᠠᠨᠳᠤᠷᠴᠤ ᠪᠡᠶ᠎ᠡ᠎ᠨᠢ ᠴᠡᠴᠡᠷᠬᠢᠯᠡᠬᠦ᠂ ᠵᠤᠭᠤᠭ ᠬᠡᠯᠡᠯᠴᠡᠬᠦ᠎ᠳᠤ ᠳᠠᠭᠤᠨ᠎ᠢ ᠴᠡᠴᠡᠷᠬᠢᠯᠡᠬᠦ᠂ ᠨᠡᠩ ᠵᠠᠷᠢᠮ᠎ᠨᠢ ᠦᠭᠡ ᠵᠤᠭᠤᠭ ᠬᠡᠯᠡᠬᠦ ᠦᠭᠡᠢ ᠪᠠᠶ᠋ᠢᠲᠠᠯ᠎ᠠ ᠤᠷᠤᠭᠤᠯ᠎ᠨᠢ ᠬᠦᠷᠲᠡᠯ᠎ᠡ ᠴᠡᠴᠡᠷᠬᠢᠯᠡᠳᠡᠭ᠃ ᠠ᠋ᠨᠡ᠎ᠨᠢ ᠲᠠᠶ᠋ᠢᠰᠠᠨ᠎ᠳᠤ ᠭᠠᠷᠴᠤ ᠳᠠᠭᠤᠯᠠᠭ᠍ᠤ᠎ᠠᠴᠠ ᠲᠤᠩ ᠶᠡᠭᠡ ᠠᠶᠤᠵᠤ ᠪᠠᠶ᠋ᠢᠭ᠎ᠠ ᠵᠢᠨ ᠢᠯᠡᠷᠡᠯ ᠮᠥᠨ᠃ ᠣᠷᠣᠯᠳᠤᠭᠴᠢ ᠵᠢᠨ ᠰᠡᠳᠭᠢᠴᠡ ᠵᠢᠨ ᠭᠦᠳᠡᠯᠭᠡᠭᠡᠨ ᠲᠤᠩ ᠶᠡᠭᠡ ᠪᠠᠢ᠍ᠢ᠍ᠭ᠎ᠠ ᠵᠢᠨ ᠢᠯᠡᠷᠡᠯ ᠮᠥᠨ᠃ ᠲᠠᠶ᠋ᠢᠰᠠᠨ᠎ᠳᠤ ᠭᠠᠷᠴᠤ ᠳᠠᠭᠤᠯᠠᠭ᠍ᠤ ᠦᠶᠡᠰ ᠨᠡᠩ ᠢᠯᠡᠭᠦᠦ ᠠᠶᠤᠵᠤ ᠰᠠᠨᠳᠤᠷᠴᠤ ᠮᠡᠳᠡᠨ᠎ᠡ᠃ ᠤᠷᠤᠯᠳᠤᠭᠴᠢ ᠵᠢᠨ ᠬᠢᠷᠢ ᠪᠦᠲᠦᠮᠵᠢ᠎ᠨᠢ ᠶᠠᠷᠢᠶᠠᠨ ᠦᠭᠡᠢ ᠲᠤᠩ ᠶᠡᠭᠡ ᠳᠤᠷᠤᠭᠰᠢᠯᠠᠨ᠎ᠠ᠃
(ᠬᠤᠶᠠᠷ) ᠲᠠᠶ᠋ᠢᠰᠠᠨ᠎ᠳᠠᠬᠢ ᠰᠡᠳᠬᠢᠴᠡ ᠵᠢᠨ ᠬᠠᠷᠰᠢ ᠵᠢᠨ ᠢᠯᠡᠷᠡᠯ
1. ᠲᠠᠶ᠋ᠢᠰᠠᠨ᠎ᠳᠤ ᠭᠠᠷᠤᠭ᠋ᠠᠳ ᠬᠡᠪ᠎ᠤᠨ ᠪᠠᠶ᠋ᠢᠳᠠᠯ ᠵᠶ᠋ᠠᠨ ᠠᠯᠳᠠᠭ᠍ᠤ᠃ ᠤᠷᠤᠯᠳᠤᠭᠴᠢ ᠲᠠᠶ᠋ᠢᠰᠠᠨ᠎ᠳᠤ ᠭᠠᠷᠴᠤ ᠳᠠᠭᠤᠯᠠᠭ᠍ᠤ ᠦᠶᠡᠰ ᠳᠠᠭᠤ ᠵᠢᠨ ᠦᠭᠡ᠎ᠪᠠᠨ ᠮᠠᠷᠲᠠᠭ᠍ᠤ ᠶᠤᠮ ᠤᠤ ᠠ᠋ᠰᠭᠦᠯᠡ ᠳᠠᠭᠤᠯᠠᠭ᠍ᠤᠳᠤᠪᠠᠨ ᠠ᠋ᠮᠦᠨ᠎ᠡ ᠬᠤᠶ᠋ᠢᠨ᠎ᠠ ᠪᠠᠳᠠᠭ᠎ᠢ ᠰᠣᠯᠢᠵᠣ ᠳᠠᠭᠤᠯᠠᠭ᠍ᠤ᠂ ᠪᠤᠷᠤᠭᠤ ᠠᠶ᠎ᠠ᠎ᠪᠠᠷ ᠳᠠᠭᠤᠯᠠᠭ᠍ᠤ᠂ ᠠᠶᠠᠯᠭᠤ ᠠᠯᠳᠠᠭ᠍ᠤ᠂ ᠠᠶ᠋ᠢᠵᠠᠮ ᠴᠤᠬᠢᠯᠭ᠎ᠠ ᠪᠤᠷᠤᠭᠤᠳᠠᠭ᠍ᠤ ᠵᠡᠷᠭᠡ ᠬᠡᠪ᠎ᠤᠨ ᠪᠠᠶ᠋ᠢᠳᠠᠯ ᠵᠶ᠋ᠠᠨ ᠠᠯᠳᠠᠭ᠍ᠤ ᠦᠵᠡᠭᠳᠡᠯ ᠭᠠᠷᠳᠠᠭ᠃ ᠨᠡᠩ ᠴᠢᠨᠠᠭᠰᠢᠯᠠᠪᠠᠯ᠂ ᠤᠯᠠᠨ᠎ᠤ ᠠ᠋ᠮᠦᠨ᠎ᠡ ᠭᠠᠷᠤᠭ᠋ᠠᠳ ᠶᠠᠭ᠋ᠠᠬᠢᠵᠦ ᠠ᠋ᠬᠢᠯᠡᠵᠦ ᠳᠠᠭᠤᠯᠠᠭ᠍ᠤ᠎ᠪᠠᠨ ᠴᠦ᠍ ᠮᠠᠷᠲᠠᠭ᠍ᠤ᠂ ᠳᠠᠭᠤᠯᠠᠵᠤ ᠳᠡᠶ᠋ᠢᠯᠬᠦ ᠦᠭᠡᠢ ᠪᠤᠶᠤ ᠳᠠᠭᠤᠯᠠᠭ᠍ᠤ ᠭᠡᠳ ᠳᠠᠭᠤᠨ᠎ᠢ ᠭᠠᠷᠬᠤ ᠦᠭᠡᠢ ᠪᠠᠶ᠋ᠢᠳᠠᠯ ᠴᠦ᠍ ᠭᠠᠷᠳᠠᠭ᠃ ᠠ᠋ᠶ᠋ᠢᠮᠦᠷᠬᠦᠤ ᠦᠵᠡᠭᠳᠡᠯ᠎ᠨᠢ ᠤᠷᠤᠯᠳᠤᠭᠴᠢ ᠵᠢᠨ ᠰᠡᠳᠭᠢᠴᠡ ᠬᠠᠷᠰᠢ᠎ᠲᠠᠢ ᠪᠠᠶ᠋ᠢᠵᠤ᠂ ᠰᠡᠳᠬᠢᠴᠡ ᠵᠢᠨ ᠬᠡᠪ ᠴᠢᠨᠠᠷ ᠲᠤᠩ ᠠᠨᠠᠢ ᠪᠠᠶ᠋ᠢᠭ᠎ᠠ ᠵᠢᠨ ᠢᠯᠡᠷᠡᠯ ᠮᠥᠨ᠃ ᠤᠷᠤᠯᠳᠤᠭᠴᠢ ᠵᠢᠨ ᠲᠠᠶ᠋ᠢᠰᠠᠨ᠎ᠳᠠᠬᠢ ᠤᠷᠤᠯᠳᠤᠭ᠋ᠠᠨ᠎ᠤ ᠬᠢᠷᠢ ᠪᠦᠲᠦᠮᠵᠢ ᠬᠡᠯᠡᠯᠭᠡᠨ ᠦᠭᠡᠢ ᠶᠡᠭᠡ᠎ᠪᠠᠷ ᠨᠥᠯᠥᠭᠡᠯᠡᠭᠳᠡᠵᠦ᠂ ᠶᠡᠷᠦ ᠵᠢᠨ ᠴᠠᠭ᠎ᠤᠨ ᠪᠤᠯᠪᠠᠰᠤᠷᠠᠯ᠎ᠤᠨ ᠦᠶ᠎ᠡ ᠵᠢᠨ ᠪᠠᠶ᠋ᠢᠳᠠᠯ᠎ᠲᠠᠢ ᠬᠠᠷᠢᠴᠠᠭᠤᠯᠪᠠᠯ ᠬᠤᠯᠠ ᠠᠨᠠᠢ ᠪᠤᠯᠤᠨ᠎ᠠ᠃
2. ᠲᠠᠶ᠋ᠢᠰᠠᠨ᠎ᠳᠤ ᠭᠠᠷᠤᠭ᠋ᠠᠳ ᠬᠠᠴᠠᠷ ᠤᠯᠠᠶ᠋ᠢᠵᠦ᠂ ᠵᠢᠷᠦᠬᠡᠨ ᠲᠦᠭᠰᠢᠯᠲᠡ ᠰᠢᠷᠦᠭᠦᠰᠬᠦ᠂ ᠮᠠᠩᠨᠠᠢ ᠪᠤᠶᠤ ᠭᠠᠷᠤᠨ ᠠᠯᠠᠭ᠋ᠠᠨᠠᠴᠠᠨᠢ ᠬᠦᠢ᠍ᠲᠡᠨ ᠬᠦᠯᠦᠰᠦ ᠭᠠᠷᠬᠤ᠃ ᠤᠷᠤᠯᠳᠤᠭᠴᠢ ᠲᠠᠶ᠋ᠢᠰᠠᠨ᠎ᠳᠤ ᠭᠠᠷᠬᠤ᠎ᠠᠴᠠ ᠠ᠋ᠮᠦᠨ᠎ᠡ ᠳᠡᠮᠡᠢ ᠪᠠᠴᠢᠮᠳᠠᠨ ᠰᠠᠨᠳᠤᠷᠤᠭᠰᠠᠨ ᠪᠠᠶ᠋ᠢᠳᠠᠯ ᠮᠡᠳᠡᠭᠳᠡᠬᠦ ᠦᠭᠡᠢ᠃ ᠭᠡᠪᠡᠴᠦ ᠲᠠᠶ᠋ᠢᠰᠠᠨ᠎ᠳᠤ ᠭᠠᠷᠤᠭᠰᠠᠭ᠋ᠠᠷ ᠬᠠᠴᠠᠷ᠎ᠨᠢ ᠤᠯᠠᠶ᠋ᠢᠵᠦ᠂ ᠵᠢᠷᠦᠬᠡᠨ ᠲᠦᠭᠰᠢᠯᠲᠡ᠎ᠨᠢ ᠰᠢᠷᠦᠭᠦᠰᠬᠦ᠂ ᠮᠠᠩᠨᠠᠢ ᠪᠤᠶᠤ ᠭᠠᠷᠤᠨ ᠠᠯᠠᠭ᠋ᠠᠨᠠᠴᠠᠨᠢ ᠬᠦᠢ᠍ᠲᠡᠨ ᠬᠦᠯᠦᠰᠦ ᠭᠠᠷᠬᠤ ᠦᠵᠡᠭᠳᠡᠯ ᠭᠠᠷᠳᠠᠭ᠃ ᠢᠩᠬᠢᠵᠦ ᠪᠠᠴᠢᠮᠳᠠᠨ ᠰᠠᠨᠳᠤᠷᠬᠤ᠎ᠨᠢ ᠤᠷᠤᠯᠳᠤᠭᠴᠢ ᠵᠢ ᠲᠠᠶ᠋ᠢᠰᠠᠨ᠎ᠤ ᠠᠬᠤᠢ ᠲᠠᠯᠠᠪᠠᠢ᠎ᠳᠤ ᠳᠠᠭᠤᠯᠠᠭ᠍ᠤ ᠡᠵᠡᠮᠰᠢᠯ ᠵᠶ᠋ᠠᠨ ᠠᠯᠳᠠᠭ᠍ᠤ ᠪᠤᠯᠭ᠋ᠠᠵᠤ᠂ ᠤᠷᠤᠯᠳᠤᠭ᠋ᠠᠨ᠎ᠳᠤ ᠳᠠᠭᠤᠯᠠᠭ᠍ᠤ᠎ᠨᠢ ᠪᠤᠯᠪᠠᠰᠤᠷᠠᠯ᠎ᠤᠨ ᠦᠶ᠎ᠡ ᠵᠢᠨ ᠲᠤᠭᠲᠠᠩᠭᠤᠢ ᠪᠠᠶ᠋ᠢᠳᠠᠯ ᠵᠶ᠋ᠠᠨ ᠬᠤᠯᠠ ᠬᠦᠷᠬᠦ ᠦᠭᠡᠢ ᠪᠤᠯᠭ᠋ᠠᠳᠠᠭ᠃ ᠲᠡᠭᠦᠨ᠎ᠤ ᠤᠷᠤᠯᠳᠤᠭ᠋ᠠᠨ᠎ᠤ ᠬᠢᠷᠢ ᠪᠦᠲᠦᠮᠵᠢ ᠶᠠᠷᠢᠶᠠᠨ ᠦᠭᠡᠢ ᠨᠥᠯᠥᠭᠡᠯᠡᠭᠳᠡᠵᠦ ᠶᠡᠷᠦ ᠵᠢᠨ ᠴᠠᠭ᠎ᠤᠨ ᠪᠤᠯᠪᠠᠰᠤᠷᠠᠯ᠎ᠤᠨ ᠦᠶ᠎ᠡ ᠵᠢᠨ ᠪᠠᠶ᠋ᠢᠳᠠᠯ ᠵᠶ᠋ᠠᠨ ᠪᠠᠲᠤᠯᠠᠵᠤ ᠳᠡᠶ᠋ᠢᠯᠬᠦ ᠦᠭᠡᠢ᠃ ᠠ᠋ᠨᠡ᠎ᠨᠢ ᠤᠷᠤᠯᠳᠤᠭᠴᠢ ᠵᠢᠨ ᠰᠡᠳᠭᠢᠴᠡ᠎ᠨᠢ ᠬᠠᠷᠰᠢ᠎ᠲᠠᠢ ᠪᠠᠶ᠋ᠢᠬᠤ ᠵᠢᠨ ᠢᠯᠡᠷᠡᠯ ᠮᠥᠨ᠃
ᠬᠤᠶᠠᠷ᠂ ᠤᠷᠤᠯᠳᠤᠭᠴᠢ ᠵᠢᠨ ᠤᠷᠤᠯᠳᠤᠬᠤ ᠦᠶᠡᠰ᠎ᠤᠨ ᠰᠡᠳᠬᠢᠴᠡ ᠵᠢᠨ ᠬᠠᠷᠰᠢ ᠵᠢ ᠠᠷᠢᠯᠭ᠋ᠠᠬᠤ ᠲᠣᠬᠠᠢ
ᠳᠠᠰᠬᠠᠯᠵᠢᠭᠤᠯᠤᠭᠴᠢ ᠪᠠᠭᠰᠢ ᠤᠷᠤᠯᠳᠤᠬᠤ ᠰᠤᠷᠤᠭᠴᠢ ᠵᠢᠨ ᠰᠡᠳᠭᠢᠴᠡ ᠵᠢᠨ ᠪᠠᠶ᠋ᠢᠳᠠᠯ᠎ᠢ ᠤᠷᠢᠳ ᠵᠶ᠋ᠠᠷ ᠣᠶ᠋ᠢᠯᠠᠭ᠋ᠠᠬᠤ ᠴᠢᠬᠤᠯᠠᠲᠠᠢ᠃ ᠤᠷᠤᠯᠳᠤᠬᠤ ᠰᠤᠷᠤᠭᠴᠢ᠎ᠪᠠᠨ ᠤᠷᠤᠯᠳᠤᠬᠤ ᠲᠠᠶ᠋ᠢᠰᠠᠨ᠎ᠳᠤ ᠭᠠᠷᠬᠤ᠎ᠠᠴᠠ ᠠ᠋ᠮᠦᠨ᠎ᠡ ᠳᠠᠭᠤᠷᠢᠶᠠᠮᠠᠯ ᠤᠷᠤᠯᠳᠤᠭ᠋ᠠᠨ ᠬᠢᠬᠦ ᠪᠤᠶᠤ ᠣᠯᠠᠨ ᠬᠦᠮᠦᠨ᠎ᠤ ᠠ᠋ᠮᠦᠨ᠎ᠡ ᠳᠠᠭᠤᠯᠠᠭᠤᠯᠵᠤ᠂ ᠲᠤᠰ ᠤᠷᠤᠯᠳᠤᠭᠴᠢ ᠵᠢᠨ ᠰᠡᠳᠭᠢᠴᠡ ᠶᠠᠮᠠᠷ ᠵᠠᠷᠭᠡ ᠵᠢ ᠤᠶ᠋ᠢᠯᠠᠭ᠋ᠠᠵᠤ᠂ ᠪᠠᠶ᠋ᠢᠳᠠᠯ᠎ᠳᠤᠨᠢ ᠲᠤᠬᠢᠷᠠᠭᠤᠯᠤᠨ ᠰᠡᠳᠭᠢᠴᠡ ᠵᠢᠨ ᠬᠠᠷᠰᠢ ᠵᠢ ᠠᠷᠢᠯᠭ᠋ᠠᠬᠤ ᠵᠢᠯᠤᠭᠤᠳᠤᠯᠭ᠎ᠠ ᠬᠢᠨ᠎ᠡ᠃ ᠰᠡᠳᠭᠢᠴᠡ ᠵᠢᠨ ᠪᠠᠶ᠋ᠢᠳᠠᠯ ᠵᠦᠭᠡᠷ ᠴᠦ᠍ ᠭᠡᠰᠡᠨ᠂ ᠠᠨᠠᠢ ᠴᠦ᠍ ᠭᠡᠰᠡᠨ ᠵᠠᠪᠠᠯ ᠰᠡᠳᠭᠢᠴᠡ ᠵᠢᠨ ᠵᠢᠯᠤᠭᠤᠳᠤᠯᠭ᠎ᠠ ᠬᠢᠵᠦ᠂ ᠤᠷᠤᠯᠳᠤᠭ᠋ᠠᠨ᠎ᠤ ᠬᠢᠷᠢ ᠪᠦᠲᠦᠮᠵᠢ ᠵᠢ᠎ᠨᠢ ᠪᠠᠲᠤᠯᠠᠭ᠍ᠤ᠎ᠪᠠᠷ ᠪᠡᠯᠡᠳᠭᠡᠨ᠎ᠡ᠃ ᠬᠡᠯᠡᠯᠭᠡᠨ ᠦᠭᠡᠢ ᠰᠡᠳᠭᠢᠴᠡ᠎ᠨᠢ ᠬᠠᠷᠰᠢ᠎ᠲᠠᠢ ᠤᠷᠤᠯᠳᠤᠭᠴᠢ᠎ᠳᠤ ᠰᠡᠳᠭᠢᠴᠡ ᠵᠢᠨ ᠵᠢᠯᠤᠭᠤᠳᠤᠯᠭ᠎ᠠ ᠵᠢ ᠬᠠᠨᠳᠤᠯᠭ᠎ᠠ᠎ᠲᠠᠢ᠂ ᠨᠠᠷᠢᠯᠢᠬ ᠬᠢᠵᠦ ᠰᠡᠳᠭᠢᠴᠡ ᠵᠢᠨ ᠬᠠᠷᠰᠢ ᠵᠢ᠎ᠨᠢ ᠠᠷᠢᠯᠭ᠋ᠠᠵᠤ᠂ ᠰᠠᠶ᠋ᠢᠨ ᠰᠡᠳᠭᠢᠴᠡ᠎ᠲᠠᠢ ᠪᠤᠯᠭ᠋ᠠᠬᠤ ᠴᠢᠬᠤᠯᠠᠲᠠᠢ᠃ ᠳᠤᠤᠷᠠᠬᠢ ᠠᠷᠭ᠎ᠠ᠎ᠪᠠᠷ ᠤᠷᠤᠯᠳᠤᠭᠴᠢ ᠵᠢᠨ ᠰᠡᠳᠭᠢᠴᠡ ᠵᠢᠨ ᠬᠠᠷᠰᠢ ᠵᠢ ᠠᠷᠢᠯᠭ᠋ᠠᠵᠤ ᠪᠤᠯᠤᠨ᠎ᠠ᠃
1. ᠳᠠᠭᠤᠯᠠᠭ᠍ᠤ ᠪᠤᠯᠪᠠᠰᠣᠷᠠᠯ᠎ᠢ ᠴᠢᠩᠭ᠋ᠠᠳᠬᠠᠵᠤ ᠰᠡᠳᠭᠢᠴᠡ ᠵᠢᠨ ᠬᠠᠷᠰᠢ ᠵᠢ ᠠᠷᠢᠯᠭ᠋ᠠᠬᠤ
ᠶᠡᠷᠦ ᠵᠢᠨ ᠴᠠᠭ᠎ᠤᠨ ᠳᠠᠭᠤᠯᠠᠵᠤ ᠪᠤᠯᠪᠠᠰᠤᠷᠠᠭ᠍ᠤ ᠦᠶᠡᠰ ᠠᠮᠢᠰᠬᠤᠭ᠎ᠠ ᠠᠪᠬᠤ ᠪᠤᠯᠪᠠᠰᠤᠷᠠᠯ᠎ᠢ ᠰᠠᠶ᠋ᠢᠲᠤᠷ ᠬᠢᠯᠭᠡᠵᠦ᠂ ᠳᠠᠭᠤᠤ᠎ᠪᠠᠨ ᠰᠠᠶ᠋ᠢᠬᠠᠨ ᠳᠠᠭᠤᠯᠠᠭ᠍ᠤ ᠪᠠᠲᠤᠯᠠᠭ᠎ᠠ᠎ᠲᠠᠢ ᠪᠤᠯᠭ᠋ᠠᠨ᠎ᠠ᠂ ᠳᠠᠭᠤᠯᠠᠭ᠍ᠤ ᠳᠤᠮᠳᠠ᠎ᠪᠠᠨ ᠦᠨᠡᠨ ᠳᠠᠭᠤ ᠪᠠ ᠬᠠᠭᠤᠷᠮᠠᠭ ᠳᠠᠭᠤ ᠵᠢ ᠴᠢᠳᠠᠮᠠᠭ᠋ᠠᠢ ᠠᠰᠢᠭᠯᠠᠨ ᠳᠠᠭᠤᠯᠠᠭ᠍ᠤ ᠤᠷ᠎ᠠ ᠮᠠᠷᠭᠡᠰᠢᠯᠢᠨᠢ ᠭᠦᠢ᠍ᠴᠡᠳ ᠨᠠᠷᠢᠯᠢᠬ ᠪᠠᠶ᠋ᠢᠯᠭ᠋ᠠᠨ᠎ᠠ᠃ ᠶᠡᠷᠦ ᠵᠢᠨ ᠪᠠᠶ᠋ᠢᠳᠠᠯ᠎ᠳᠤ ᠦᠨᠳᠦᠷ ᠳᠠᠭᠤᠤ ᠳᠠᠭᠤᠯᠠᠭ᠍ᠤ ᠦᠶᠡᠰ ᠬᠠᠭᠤᠷᠮᠠᠭ ᠳᠠᠭᠤ ᠬᠡᠷᠡᠭᠯᠡᠳᠡᠭ᠎ᠨᠢ ᠤᠯᠠᠨ᠂ ᠠ᠋ᠰᠡᠷᠭᠦ᠎ᠪᠠᠷ ᠳᠤᠤᠷ᠎ᠠ ᠳᠠᠭᠤᠤ ᠳᠠᠭᠤᠯᠠᠭ᠍ᠤ ᠦᠶᠡᠰ ᠦᠨᠡᠨ ᠳᠠᠭᠤ ᠬᠡᠷᠡᠭᠯᠡᠳᠡᠭ᠎ᠨᠢ ᠤᠯᠠᠨ ᠪᠠᠶ᠋ᠢᠳᠠᠭ᠃ ᠳᠤᠮᠳᠠᠬᠢ ᠳᠠᠭᠤᠨ᠎ᠳᠤᠨᠢ ᠦᠨᠡᠨ ᠳᠠᠭᠤ ᠪᠠ ᠬᠠᠭᠤᠷᠮᠠᠭ ᠳᠠᠭᠤᠨ᠎ᠢ ᠠᠳᠠᠯᠢ᠎ᠪᠠᠷ ᠬᠡᠷᠡᠭᠯᠡᠭᠳᠡᠨ᠎ᠡ᠃ ᠳᠠᠰᠬᠠᠯᠵᠢᠭᠤᠯᠤᠭᠴᠢ ᠤᠷᠤᠯᠳᠤᠭᠴᠢ ᠵᠢᠨ ᠳᠠᠭᠤᠯᠠᠭ᠍ᠤ ᠦᠶᠡᠰ ᠤᠨ ᠠᠮᠢᠰᠬᠤᠭ᠎ᠠ᠎ᠪᠠᠨ ᠬᠡᠷᠬᠢᠨ ᠠᠪᠬᠤ᠂ ᠠᠯᠢ ᠬᠡᠰᠡᠭ᠎ᠲᠤᠨᠢ ᠶᠠᠮᠠᠷ ᠳᠠᠭᠤ᠎ᠪᠠᠷ ᠳᠠᠭᠤᠯᠠᠭ᠍ᠤ ᠵᠡᠷᠭᠡ ᠮᠡᠷᠭᠡᠰᠢᠯ᠎ᠤᠨ ᠪᠤᠯᠪᠠᠰᠤᠷᠠᠯ᠎ᠢ ᠨᠠᠷᠢᠯᠢᠬ ᠵᠢᠯᠤᠭᠤᠳᠴᠤ᠂ ᠰᠠᠶ᠋ᠢᠲᠤᠷ ᠪᠤᠯᠪᠠᠰᠣᠷᠠᠭᠤᠯᠤᠨ᠎ᠠ᠃ ᠢᠩᠭᠢᠵᠦ ᠳᠠᠭᠤᠯᠠᠭ᠍ᠤ ᠪᠤᠯᠪᠠᠰᠤᠷᠠᠯ᠎ᠢ ᠴᠢᠩᠭ᠋ᠠᠳᠬᠠᠬᠤ᠎ᠨᠢ ᠤᠷᠤᠯᠳᠤᠭᠴᠢ ᠵᠢ ᠪᠡᠶ᠎ᠡ᠎ᠳᠤ᠎ᠪᠠᠨ ᠢᠲᠡᠭᠡᠯ᠎ᠲᠠᠢ ᠪᠤᠯᠬᠤ᠎ᠳᠤᠨᠢ ᠲᠤᠰᠠ ᠪᠤᠯᠤᠨ᠎ᠠ᠃ ᠲᠡᠭᠦᠨ᠎ᠤ ᠰᠡᠳᠭᠢᠴᠡ ᠵᠢᠨ ᠬᠠᠷᠰᠢ᠎ᠨᠢ ᠠᠶᠠᠨᠳᠠᠭ᠋ᠠᠨ ᠵᠦᠭᠡᠷ ᠪᠤᠯᠬᠤ ᠪᠤᠶᠤ ᠦᠭᠡᠢ ᠪᠤᠯᠵᠤ ᠪᠤᠯᠤᠨ᠎ᠠ᠃
2. ᠠᠩᠬᠠᠷᠤᠯ ᠲᠥᠪᠯᠡᠷᠡᠭᠦᠯᠬᠦ ᠠᠷᠭ᠎ᠠ᠎ᠪᠠᠷ ᠰᠡᠳᠬᠢᠴᠡ ᠵᠢᠨ ᠬᠠᠷᠰᠢ ᠵᠢ ᠠᠷᠢᠯᠭ᠋ᠠᠬᠤ
ᠤᠷᠤᠯᠳᠤᠭᠴᠢ ᠪᠦᠬᠦ ᠤᠶᠤᠨ ᠴᠢᠳᠠᠯ᠂ ᠪᠦᠬᠦ ᠰᠡᠳᠬᠢᠯ ᠵᠶ᠋ᠠᠨ ᠦᠪᠡᠷ᠎ᠤᠨ ᠳᠠᠭᠤᠯᠠᠭ᠍ᠤ ᠠᠵᠢᠯᠯᠠᠭ᠎ᠠ᠎ᠳᠤ᠎ᠪᠠᠨ ᠲᠦᠪᠯᠡᠷᠡᠭᠦᠯᠦᠭᠰᠡᠨ ᠪᠠᠶ᠋ᠢᠵᠤ᠂ ᠪᠤᠰᠤᠳ ᠶᠠᠮᠠᠷ ᠴᠦ᠍ ᠵᠦᠢ᠍ᠯ᠎ᠢ ᠠᠩᠬᠠᠷᠬᠤ ᠦᠭᠡᠢ᠃ ᠦᠪᠡᠷ᠎ᠤᠨ ᠳᠠᠭᠤᠯᠠᠭ᠍ᠤ ᠤᠷᠮ᠎ᠠ᠎ᠪᠠᠨ ᠥᠴᠦᠬᠡᠨ ᠴᠦ᠍ ᠨᠥᠯᠥᠭᠡᠯᠡᠬᠦ ᠦᠭᠡᠢ᠃ ᠳᠠᠷᠤᠢ ᠲᠠᠶ᠋ᠢᠰᠠᠨ᠎ᠤ ᠳᠤᠤᠷ᠎ᠠ ᠪᠠᠶ᠋ᠢᠭ᠎ᠠ ᠦᠵᠡᠭᠴᠢᠳ᠎ᠢ ᠠᠩᠬᠠᠷᠬᠤ ᠦᠭᠡᠢ᠂ ᠬᠢᠨᠠᠨ ᠰᠢᠭᠦᠭᠴᠢ ᠨᠠᠷ᠎ᠢ ᠴᠦ᠍ ᠠᠩᠬᠠᠷᠬᠤ ᠦᠭᠡᠢ᠂ ᠵᠦᠪᠬᠡᠨ ᠦᠪᠡᠷ᠎ᠤᠨ ᠳᠠᠭᠤᠯᠠᠭ᠍ᠤᠳᠤᠪᠠᠨ ᠯᠠ ᠰᠡᠳᠭᠢᠯ ᠲᠠᠯᠪᠢᠨ ᠠᠩᠬᠠᠷᠴᠤ᠂ ᠲᠤᠬᠠᠢ ᠵᠢᠨ ᠦᠶ᠎ᠡ᠎ᠳᠤ ᠳᠠᠭᠤᠯᠠᠭ᠍ᠤ ᠦᠷ᠎ᠡ ᠳ᠋ᠦᠩ ᠶᠠᠮᠠᠷ ᠪᠤᠯᠬᠤ ᠵᠢ ᠴᠦ᠍ ᠪᠤᠳᠤᠯᠬᠢᠯᠠᠭ᠍ᠤ ᠦᠭᠡᠢ᠂ ᠲᠡᠭᠦᠨ᠎ᠤ ᠲᠥᠯᠥᠭᠡ ᠰᠠᠨᠠᠭ᠎ᠠ ᠪᠤᠯᠬᠤ ᠦᠭᠡᠢ᠃ ᠪᠦᠬᠦ ᠠᠩᠬᠠᠷᠤᠯ ᠵᠶ᠋ᠠᠨ ᠳᠠᠭᠤᠯᠠᠭ᠍ᠤ ᠠᠵᠢᠯᠯᠠᠭ᠎ᠠ᠎ᠳᠤ᠎ᠪᠠᠨ ᠯᠠ ᠲᠥᠪᠯᠡᠷᠡᠭᠦᠯᠦᠨ᠎ᠡ᠃ ᠢᠩᠬᠢᠪᠡᠯ ᠰᠡᠳᠭᠢᠴᠡ ᠵᠢᠨ ᠬᠠᠷᠰᠢ ᠲᠡᠭᠦᠨ᠎ᠤ ᠲᠠᠶ᠋ᠢᠰᠠᠨ᠎ᠳᠤ ᠳᠠᠭᠤᠯᠠᠭ᠍ᠤ ᠠᠵᠢᠯᠯᠠᠭ᠎ᠠ ᠵᠢ ᠨᠥᠯᠥᠭᠡᠯᠡᠬᠦ ᠪᠤᠯᠤᠯᠴᠠᠭ᠎ᠠ᠎ᠨᠢ ᠲᠤᠩ ᠪᠠᠭ᠎ᠠ ᠪᠤᠯᠬᠤ ᠶᠤᠮ ᠤᠤ ᠠ᠋ᠰᠡᠭᠦᠯ᠎ᠡ ᠨᠥᠯᠥᠭᠡᠯᠡᠬᠦ ᠦᠭᠡᠢ ᠪᠤᠯᠬᠤ ᠶᠤᠮ᠃ ᠲᠠᠰᠬᠠᠯᠵᠢᠭᠤᠯᠤᠭᠴᠢ ᠪᠠᠭᠰᠢ᠎ᠠᠴᠠ ᠤᠷᠤᠯᠳᠤᠭᠴᠢ ᠵᠢ ᠰᠠᠶ᠋ᠢᠲᠤᠷ ᠵᠢᠯᠤᠭᠤᠳᠴᠤ ᠠᠩᠬᠠᠷᠤᠯ ᠵᠶ᠋ᠠᠨ ᠲᠥᠪᠯᠡᠷᠡᠭᠦᠯᠬᠦ ᠠᠷᠭ᠎ᠠ᠎ᠪᠠᠷ ᠰᠡᠳᠭᠢᠴᠡ ᠵᠢᠨ ᠬᠠᠷᠰᠢ ᠵᠢ ᠠᠷᠢᠯᠭ᠋ᠠᠬᠤ ᠵᠢ ᠮᠡᠳᠡᠭᠦᠯᠵᠦ᠂ ᠲᠤᠰ ᠠᠷᠭ᠎ᠠ᠎ᠪᠠᠷ ᠰᠡᠳᠭᠢᠴᠡ᠎ᠪᠠᠨ ᠲᠤᠭᠲᠠᠭᠤᠨ ᠪᠤᠯᠭ᠋ᠠᠵᠤ ᠤᠷᠤᠯᠳᠤᠭ᠋ᠠᠨ᠎ᠤ ᠬᠢᠷᠢ ᠪᠦᠲᠦᠮᠵᠢ᠎ᠪᠠᠨ ᠪᠠᠲᠤᠯᠠᠵᠤ ᠪᠤᠯᠬᠤ ᠵᠢ ᠮᠡᠳᠡᠭᠦᠯᠦᠨ᠎ᠡ᠃
3. ᠦᠢ᠍ᠯᠡᠳᠦᠯᠭᠡ᠎ᠳᠤ ᠢᠯᠡᠭᠦᠦ ᠣᠷᠣᠯᠴᠠᠭᠤᠯᠵᠤ ᠰᠡᠳᠬᠢᠴᠡ ᠵᠢᠨ ᠬᠠᠷᠰᠢ ᠵᠢ ᠠᠷᠢᠯᠭ᠋ᠠᠬᠤ
ᠶᠡᠷᠦ ᠵᠢᠨ ᠴᠠᠭ᠎ᠲᠤ ᠲᠠᠶ᠋ᠢᠰᠠᠨ᠎ᠳᠤ ᠭᠠᠷᠬᠤ ᠦᠢ᠍ᠯᠡᠳᠦᠯᠭᠡ᠎ᠳᠤ ᠢᠯᠡᠭᠦᠬᠡᠨ ᠤᠷᠤᠯᠴᠠᠭᠤᠯᠬᠤ ᠴᠢᠬᠤᠯᠠ ᠲᠠᠢ᠃ ᠤᠷᠤᠯᠳᠤᠭ᠋ᠠᠨ᠎ᠤ ᠪᠤᠰᠤ ᠲᠠᠶ᠋ᠢᠰᠠᠨ᠎ᠳᠤ ᠭᠠᠷᠴᠤ ᠳᠠᠭᠤᠯᠠᠭ᠍ᠤ᠂ ᠪᠦᠵᠢᠭᠯᠡᠬᠦ᠂ ᠤᠶᠠᠩᠭ᠋ᠠᠯᠠᠭ᠍ᠤ ᠠᠵᠢᠯᠯᠠᠭ᠎ᠠ᠎ᠳᠤ ᠤᠷᠤᠯᠴᠠᠭ᠍ᠤ᠂ ᠶᠠᠷᠢᠶ᠎ᠠ ᠢᠯᠡᠳᠭᠡᠯ᠎ᠤᠨ ᠲᠤᠭᠯᠠᠯᠲᠠ᠎ᠳᠤ ᠤᠷᠤᠯᠴᠠᠭ᠍ᠤ ᠵᠡᠷᠭᠡ ᠤᠯᠠᠨ ᠲᠤᠭᠯᠠᠯᠲᠠ᠎ᠳᠤ ᠤᠷᠤᠯᠴᠠᠭᠤᠯᠵᠤ᠂ ᠲᠤᠭᠯᠠᠯᠲᠠ ᠵᠢᠨ ᠳᠤᠮᠳᠠ ᠲᠡᠳᠡᠨ᠎ᠳᠤ ᠲᠠᠶ᠋ᠢᠰᠠ ᠵᠢ ᠲᠠᠨᠢᠭᠤᠯᠵᠤ᠂ ᠦᠵᠡᠭᠴᠢᠳ᠎ᠢ ᠤᠶ᠋ᠢᠯᠠᠭ᠋ᠠᠭᠤᠯᠬᠤ ᠵᠢᠨ ᠳᠠᠭ᠋ᠠᠤ ᠦᠪᠡᠷ᠎ᠤᠨ ᠬᠢᠨᠢ ᠵᠤᠷᠢᠭ ᠰᠠᠨᠠᠭ᠎ᠠ᠂ ᠢᠲᠡᠭᠡᠯ ᠵᠤᠷᠢᠭ᠎ᠢ᠎ᠨᠢ ᠳᠠᠪᠲᠠᠨ ᠪᠤᠯᠪᠠᠰᠤᠷᠠᠭᠤᠯᠤᠨ᠎ᠠ᠃ ᠠ᠋ᠨᠡ ᠬᠦ᠌ ᠶᠠᠪᠤᠴᠠ᠎ᠳᠤ ᠤᠷᠤᠯᠳᠤᠭᠴᠢ ᠵᠢᠨ ᠢᠳᠡᠪᠬᠢᠲᠡᠢ ᠳᠠᠭᠤᠯᠠᠭ᠍ᠤ ᠰᠡᠳᠬᠢᠴᠡ ᠵᠢᠨ ᠪᠤᠯᠪᠠᠰᠤᠷᠠᠯ ᠬᠦᠮᠦᠵᠢᠭᠳᠡᠨ᠎ᠡ᠃ ᠢᠩᠬᠢᠭᠡᠳ ᠲᠠᠶ᠋ᠢᠰᠠ ᠵᠢ ᠲᠠᠨᠢᠵᠤ᠂ ᠲᠠᠶ᠋ᠢᠰᠠ ᠵᠢ ᠤᠶ᠋ᠢᠯᠠᠭ᠋ᠠᠨ᠂ ᠲᠠᠶ᠋ᠢᠰᠠ᠎ᠲᠠᠢ ᠳᠠᠰᠤᠯ ᠪᠤᠯᠤᠨ᠎ᠠ᠂ ᠳᠤᠤᠷ᠎ᠠ ᠪᠠᠶ᠋ᠢᠭ᠎ᠠ ᠦᠵᠡᠭᠴᠢᠳ᠎ᠠᠴᠠ ᠴᠦ᠍ ᠠ᠋ᠮᠢᠶᠡᠬᠦ ᠦᠭᠡᠢ ᠪᠤᠯᠴᠢᠬᠠᠨ᠎ᠠ᠃ ᠢᠩᠬᠢᠪᠡᠯ ᠤᠷᠤᠯᠳᠤᠭᠴᠢ ᠲᠠᠶ᠋ᠢᠰᠠᠨ᠎ᠳᠤ ᠭᠠᠷᠴᠤ ᠳᠠᠭᠤᠯᠠᠭ᠍ᠤ ᠦᠶᠡᠰ ᠰᠡᠳᠭᠢᠴᠡ ᠵᠢᠨ ᠬᠠᠷᠰᠢ᠎ᠳᠤ ᠤᠴᠠᠷᠠᠭ᠍ᠤᠠᠴᠠ ᠵᠠᠶ᠋ᠢᠯᠠᠰᠬᠢᠵᠦ ᠪᠤᠯᠤᠨ᠎ᠠ᠃
4. ᠰᠤᠯᠠᠳᠬᠠᠬᠤ ᠠᠷᠭ᠎ᠠ᠎ᠪᠠᠷ ᠰᠡᠳᠭᠢᠴᠡ ᠵᠢᠨ ᠬᠠᠷᠰᠢ ᠵᠢ ᠠᠷᠢᠯᠭ᠋ᠠᠬᠤ
ᠤᠷᠤᠯᠳᠤᠭᠴᠢ ᠦᠪᠡᠷ᠎ᠢ᠎ᠪᠠᠨ ᠰᠤᠯᠠᠳᠬᠠᠬᠤ ᠠᠷᠭ᠎ᠠ᠎ᠪᠠᠷ ᠰᠡᠳᠬᠢᠴᠡ ᠵᠢᠨ ᠬᠠᠷᠰᠢ᠎ᠪᠠᠨ ᠠᠷᠢᠯᠭ᠋ᠠᠵᠤ ᠰᠡᠳᠬᠢᠴᠡ ᠵᠢᠨ ᠬᠡᠪ᠎ᠤᠨ ᠪᠠᠶ᠋ᠢᠳᠠᠯ ᠵᠶ᠋ᠠᠨ ᠪᠠᠲᠤᠯᠠᠵᠤ ᠪᠤᠯᠤᠨ᠎ᠠ᠃ ᠳᠠᠷᠣᠢ ᠲᠠᠶ᠋ᠢᠰᠠᠨ᠎ᠳᠤ ᠭᠠᠷᠬᠤ᠎ᠠᠴᠠ ᠠ᠋ᠮᠦᠨ᠎ᠡ ᠦᠪᠡᠷ᠎ᠢ᠎ᠪᠠᠨ ᠦᠪᠡᠷ ᠵᠶ᠋ᠠᠨ ᠵᠤᠷᠢᠬ᠍ᠵᠢᠭᠤᠯᠤᠨ᠂ ᠪᠡᠶ᠎ᠡ᠎ᠳᠤ᠎ᠪᠠᠨ ᠢᠲᠡᠭᠡᠯ ᠠ᠋ᠷᠴᠢ ᠬᠦᠴᠦ ᠥᠭᠭᠦᠨ᠎ᠡ᠃ ᠵᠢᠱ᠌ᠢᠶᠡᠯᠡᠪᠡᠯ᠂ 《ᠪᠢ ᠬᠠᠮᠤᠭ᠎ᠤᠨ ᠰᠠᠶ᠋ᠢᠨ᠂ ᠪᠢ ᠯᠠᠪᠲᠠᠢ ᠠᠮᠵᠢᠯᠲᠠ ᠤᠯᠵᠤ ᠳᠡᠶ᠋ᠢᠯᠦᠨ᠎ᠡ᠂ ᠪᠢ ᠯᠠᠪᠲᠠᠢ ᠰᠠᠶ᠋ᠢᠬᠠᠨ ᠳᠠᠭᠤᠯᠠᠵᠤ ᠳᠡᠶ᠋ᠢᠯᠦᠨ᠎ᠡ᠂ ᠪᠢ ᠠ᠋ᠨᠡ ᠤᠳᠠᠭ᠋ᠠᠨ᠎ᠤ ᠤᠷᠤᠯᠳᠤᠭ᠋ᠠᠨ᠎ᠳᠤ ᠤᠷᠤᠯᠴᠠᠭ᠍ᠤ᠎ᠪᠠᠷ ᠪᠦᠷᠢᠨ ᠭᠦᠢ᠍ᠴᠡᠳ ᠪᠡᠯᠡᠳᠬᠡᠭᠰᠡᠨ᠂ ᠯᠠᠪᠲᠠᠢ ᠰᠠᠶ᠋ᠢᠨ ᠬᠢᠷᠢ ᠪᠦᠲᠦᠮᠵᠢ ᠤᠯᠵᠤ ᠴᠢᠳᠠᠨ᠎ᠠ ᠁》 ᠭᠡᠵᠦ ᠦᠪᠡᠷ᠎ᠤᠨ ᠪᠡᠶ᠎ᠡ᠎ᠪᠠᠨ ᠵᠤᠷᠢᠬ᠍ᠵᠢᠭᠤᠯᠵᠤ᠂ ᠦᠪᠡᠷ᠎ᠢ᠎ᠪᠠᠨ ᠲᠠᠶ᠋ᠢᠳᠬᠤᠷᠠᠭᠤᠯᠤᠨᠠ᠃ ᠤᠷᠤᠯᠳᠤᠭ᠋ᠠᠨ᠎ᠳᠤ ᠤᠷᠤᠯᠴᠠᠭ᠍ᠤ ᠭᠡᠰᠡᠨ ᠳᠠᠷᠤᠭ᠋ᠠᠰᠤ᠎ᠲᠠᠢ ᠰᠡᠳᠭᠢᠴᠡ᠎ᠪᠠᠨ ᠰᠤᠯᠠᠳᠬᠠᠬᠤ ᠠᠷᠭ᠎ᠠ ᠨᠢ ᠤᠷᠤᠯᠳᠤᠭᠴᠢ ᠵᠢᠨ ᠲᠠᠶ᠋ᠢᠰᠠᠨ᠎ᠳᠤ ᠳᠠᠭᠤᠯᠠᠭ᠍ᠤ ᠬᠡᠪ᠎ᠤᠨ ᠪᠠᠶ᠋ᠢᠳᠠᠯ᠎ᠢ ᠪᠠᠲᠤᠯᠠᠵᠤ᠂ ᠤᠷᠮ᠎ᠠ ᠰᠡᠳᠬᠢᠯᠭᠡ ᠵᠢ᠎ᠨᠢ ᠬᠦᠭᠵᠢᠭᠡᠵᠦ᠂ ᠳᠠᠭᠤᠤ ᠬᠦᠭᠵᠢᠮ᠎ᠤᠨ ᠭᠤᠸ᠎ᠠ ᠰᠠᠶ᠋ᠢᠬᠠᠨ ᠳᠦᠷᠢ ᠳᠦᠷᠬᠦ ᠵᠢ ᠪᠦᠲᠦᠭᠡᠵᠦ ᠮᠡᠳᠡᠬᠦ ᠶᠤᠮ᠃ ᠠ᠋ᠨᠡ᠎ᠨᠢ ᠰᠡᠳᠭᠢᠴᠡ ᠵᠢᠨ ᠬᠠᠷᠰᠢ ᠵᠢ ᠠᠷᠢᠯᠭ᠋ᠠᠵᠤ᠂ ᠤᠷᠤᠯᠳᠤᠭ᠋ᠠᠨ᠎ᠳᠤ ᠰᠠᠶ᠋ᠢᠨ ᠬᠢᠷᠢ ᠪᠦᠲᠦᠮᠵᠢ ᠤᠯᠬᠤ᠎ᠳᠤ ᠶᠡᠭᠡ ᠲᠤᠰᠠ ᠪᠤᠯᠤᠨ᠎ᠠ᠃
5. ᠤᠮᠳᠤᠭ᠋ᠠᠶ᠋ᠢᠯᠠᠭ᠍ᠤ ᠠᠷᠭ᠎ᠠ᠎ᠪᠠᠷ ᠰᠡᠳᠬᠢᠴᠡ ᠵᠢᠨ ᠬᠠᠷᠰᠢ ᠵᠢ ᠠᠷᠢᠯᠭ᠋ᠠᠬᠤ
ᠠ᠋ᠨᠡ ᠠᠷᠭ᠎ᠠ᠎ᠨᠢ ᠭᠤᠤᠯᠳᠠᠭᠤ ᠲᠠᠶ᠋ᠢᠰᠠᠨ ᠲᠤᠤᠷᠠᠬᠢ ᠦᠵᠡᠭᠴᠢᠳ᠂ ᠬᠢᠨᠠᠨ ᠰᠢᠭᠦᠭᠴᠢ ᠪᠠ ᠤᠷᠴᠢᠨ ᠲᠤᠭᠤᠷᠢᠨ᠎ᠢ ᠤᠮᠳᠤᠭ᠋ᠠᠶ᠋ᠢᠯᠠᠵᠤ᠂ ᠲᠡᠳᠡᠨ᠎ᠢ ᠣᠶ᠋ᠢᠰᠢᠶᠠᠭ᠍ᠤ ᠦᠭᠡᠢ᠂ ᠤᠷᠤᠯᠳᠤᠭᠴᠢ ᠭᠠᠭᠴᠠ ᠬᠦ᠌ ᠳᠠᠭᠤᠤ᠎ᠪᠠᠨ ᠶᠠᠭ᠋ᠠᠬᠢᠵᠤ ᠳᠠᠭᠤᠯᠠᠭ᠍ᠤ᠂ ᠳᠠᠭᠤᠤ ᠵᠢᠨ ᠭᠤᠶ᠋ᠢᠳᠠ ᠰᠠᠶ᠋ᠢᠬᠠᠨ᠎ᠢ ᠬᠡᠷᠬᠢᠨ ᠢᠯᠡᠷᠡᠭᠦᠯᠬᠦ ᠵᠢ ᠪᠤᠳᠤᠨ᠎ᠠ᠃ ᠬᠠᠵᠠᠭᠤ ᠬᠠᠪᠢ᠎ᠳᠤᠨᠢ ᠥᠭᠡᠷ᠎ᠡ ᠬᠦᠮᠦᠨ ᠦᠭᠡᠢ᠂ ᠭᠠᠭᠴᠠᠭ᠋ᠠᠷ ᠵᠶ᠋ᠠᠨ ᠲᠠᠶ᠋ᠢᠰᠠᠨ᠎ᠳᠤ ᠳᠠᠭᠤᠯᠠᠵᠤ ᠪᠠᠶ᠋ᠢᠬᠤ ᠭᠡᠵᠦ ᠪᠤᠳᠤᠨ᠎ᠠ᠃ ᠪᠤᠳᠤᠯ ᠰᠡᠳᠬᠢᠯ ᠵᠶ᠋ᠠᠨ ᠳᠠᠭᠤᠯᠠᠭ᠍ᠤ ᠠᠵᠢᠯᠯᠠᠭ᠎ᠠ᠎ᠳᠤ᠎ᠪᠠᠨ ᠲᠠᠯᠪᠢᠵᠤ᠂ ᠪᠤᠰᠤᠳ ᠵᠦᠢ᠍ᠯ᠎ᠢ ᠬᠠᠮᠢᠶ᠎ᠠ ᠦᠭᠡᠢ ᠵᠢᠵᠢᠭᠬᠡᠨ ᠶᠠᠪᠤᠳᠠᠯ ᠭᠡᠵᠦ ᠪᠤᠳᠤᠨ᠎ᠠ᠃ ᠢᠩᠬᠢᠵᠦ ᠦᠵᠡᠭᠴᠢᠳ ᠪᠠ ᠤᠷᠴᠢᠨ ᠲᠤᠭᠤᠷᠢᠨ᠎ᠢ ᠤᠮᠳᠤᠭ᠋ᠠᠶ᠋ᠢᠯᠠᠭ᠍ᠤ ᠠᠷᠭ᠎ᠠ᠎ᠪᠠᠷ ᠰᠡᠳᠭᠢᠴᠡ ᠵᠢᠨ ᠬᠠᠷᠰᠢ᠎ᠪᠠᠨ ᠠᠷᠢᠯᠭ᠋ᠠᠬᠤ᠎ᠨᠢ ᠤᠷᠤᠯᠳᠣᠭᠴᠢᠳᠤ ᠠᠪᠴᠤ ᠬᠡᠯᠡᠪᠡᠯ ᠮᠠᠰᠢ ᠶᠡᠭᠡ ᠪᠦᠲᠦᠮᠵᠢ᠎ᠲᠠᠢ ᠶᠤᠮ᠃ ᠠ᠋ᠶ᠋ᠢᠮᠦ ᠪᠠᠶ᠋ᠢᠳᠠᠯ ᠳᠤᠤᠷ᠎ᠠ ᠰᠡᠳᠭᠢᠴᠡ ᠵᠢᠨ ᠬᠠᠷᠰᠢ ᠲᠡᠭᠦᠨ᠎ᠠᠴᠠ ᠵᠠᠶ᠋ᠢᠳᠠᠵᠤ᠂ ᠲᠡᠭᠦᠨ᠎ᠤ ᠲᠠᠶ᠋ᠢᠰᠠᠨ᠎ᠳᠤ ᠳᠠᠭᠤᠯᠠᠭ᠍ᠤ ᠵᠢ ᠨᠥᠯᠥᠭᠡᠯᠡᠵᠦ ᠳᠡᠶ᠋ᠢᠯᠬᠦ ᠦᠭᠡᠢ᠃
6. ᠠᠶ᠎ᠠ ᠳᠠᠭᠤᠤ ᠵᠢᠨ ᠵᠶ᠋ᠠᠨ ᠰᠠᠨᠠᠭ᠎ᠠ ᠠᠬᠤᠢ ᠵᠢ ᠰᠠᠶ᠋ᠢᠲᠤᠷ ᠣᠶ᠋ᠢᠯᠠᠭ᠋ᠠᠵᠤ᠂ ᠳᠠᠭᠤᠯᠠᠭ᠍ᠤ ᠪᠠ ᠰᠡᠳᠭᠢᠯᠭᠡ᠂ ᠬᠦᠳᠡᠯᠥᠯ ᠵᠶ᠋ᠠᠨ ᠪᠦᠷ ᠳᠠᠭᠤᠤ᠎ᠳᠤ᠎ᠪᠠᠨ ᠠᠭᠤᠰᠬᠠᠵᠤ ᠰᠡᠳᠬᠢᠴᠡ ᠵᠢᠨ ᠬᠠᠷᠰᠢ ᠵᠢ ᠠᠷᠢᠯᠭ᠋ᠠᠬᠤ
ᠪᠢᠳᠡ ᠨᠢᠭᠡ ᠰᠢᠨ᠎ᠡ ᠳᠠᠭᠤᠤ ᠠ᠋ᠬᠢᠯᠡᠵᠦ ᠳᠠᠭᠤᠯᠠᠭ᠍ᠤ᠎ᠳᠤ ᠤᠷᠢᠳ ᠵᠶ᠋ᠠᠷ ᠳᠠᠭᠤᠤ ᠵᠢᠨ ᠵᠶ᠋ᠠᠨ ᠠᠭᠤᠯᠭ᠎ᠠ᠂ ᠠᠶᠠᠰ᠂ ᠠᠶᠠᠰ᠎ᠤᠨ ᠨᠤᠲ᠂ ᠠᠶ᠋ᠢᠵᠠᠮ ᠬᠡᠮᠨᠡᠯ ᠭᠡᠬᠦ ᠮᠡᠲᠦ ᠵᠢ ᠣᠶ᠋ᠢᠯᠠᠭ᠋ᠠᠵᠤ᠂ ᠳᠠᠷᠠᠭ᠎ᠠ᠎ᠳᠤ᠎ᠨᠢ ᠳᠠᠭᠤᠨ᠎ᠤ ᠦᠭᠡ ᠵᠢ ᠴᠡᠭᠡᠵᠢᠯᠡᠬᠦ᠂ ᠵᠠᠳᠠᠯᠠᠭ᠍ᠤ ᠵᠡᠷᠭᠡ ᠰᠠᠨᠠᠭ᠎ᠠ ᠠᠬᠤᠢ ᠵᠢ ᠤᠶ᠋ᠢᠯᠠᠭ᠋ᠠᠭᠰᠠᠨ ᠰᠠᠭᠤᠷᠢᠨ ᠳᠡᠭᠡᠷ᠎ᠡ ᠰᠠᠶᠢ ᠶᠠᠭ᠋ᠠᠬᠢᠵᠤ ᠳᠠᠭᠤᠯᠠᠭ᠍ᠤ᠂ ᠶᠠᠭ᠋ᠠᠬᠢᠵᠤ ᠰᠠᠨᠠᠭ᠎ᠠ ᠠᠬᠤᠢ ᠵᠢ ᠢᠯᠡᠷᠡᠭᠦᠯᠬᠦ᠂ ᠶᠠᠭ᠋ᠠᠬᠢᠵᠦ ᠰᠡᠳᠬᠢᠯᠭᠡ ᠵᠢ ᠢᠯᠡᠷᠡᠭᠦᠯᠬᠦ᠂ ᠬᠦᠮᠦᠰ᠎ᠤᠨ ᠲᠠᠭ᠋ᠠᠰᠢᠶᠠᠯ᠎ᠢ ᠬᠡᠷᠬᠢᠨ ᠣᠯᠬᠤ ᠲᠤᠬᠠᠢ ᠰᠥᠪᠡᠭᠴᠢᠯᠡᠳᠡᠭ᠃ ᠢᠩᠬᠢᠵᠦ ᠠᠶ᠎ᠠ ᠳᠠᠭᠤᠤ ᠵᠢᠨ ᠵᠶ᠋ᠠᠨ ᠰᠠᠨᠠᠭ᠎ᠠ ᠠᠬᠤᠢ ᠵᠢ ᠣᠶ᠋ᠢᠯᠠᠭ᠋ᠠᠭᠰᠠᠨ ᠰᠠᠭᠤᠷᠢᠨ ᠳᠡᠭᠡᠷ᠎ᠡ᠂ ᠲᠠᠶ᠋ᠢᠰᠠᠨ᠎ᠳᠤ ᠭᠠᠷᠴᠤ ᠳᠠᠭᠤᠯᠠᠭ᠍ᠤᠳᠤᠪᠠᠨ ᠠᠶ᠎ᠠ ᠳᠠᠭᠤᠤ᠎ᠳᠤ᠎ᠪᠠᠨ ᠪᠦᠬᠦ ᠰᠡᠳᠭᠢᠯ ᠵᠶ᠋ᠠᠷ ᠵᠶ᠋ᠠᠨ ᠠᠭᠤᠰᠴᠤ᠂ ᠳᠠᠭᠤᠨ᠎ᠤ ᠰᠠᠨᠠᠭ᠎ᠠ ᠠᠬᠤᠢ ᠵᠢ ᠦᠪᠡᠷ᠎ᠤᠨ ᠳᠠᠭᠤᠨ ᠬᠤᠭᠤᠯᠠᠢ᠎ᠪᠠᠷ ᠵᠶ᠋ᠠᠨ᠂ ᠬᠦᠳᠡᠯᠦᠯ ᠪᠠᠷᠢᠯ ᠵᠶ᠋ᠠᠷ ᠵᠶ᠋ᠠᠨ᠂ ᠣᠷᠭᠢᠯᠤᠮ᠎ᠠ ᠰᠡᠳᠬᠢᠯᠭᠡ᠎ᠪᠠᠷ ᠵᠶ᠋ᠠᠨ ᠭᠦᠢ᠍ᠴᠡᠳ ᠰᠠᠶ᠋ᠢᠨ ᠢᠯᠡᠷᠡᠭᠦᠯᠦᠨ᠎ᠡ᠃ ᠳᠠᠷᠣᠢ ᠢᠷᠠᠭᠤ ᠰᠠᠶ᠋ᠢᠬᠠᠨ ᠳᠠᠭᠤ ᠬᠤᠭᠤᠯᠡᠢ᠎ᠪᠠᠷ ᠵᠶ᠋ᠠᠨ ᠯᠠ ᠳᠠᠭᠤᠯᠠᠭ᠍ᠤ ᠪᠢᠰᠢ᠂ ᠤᠷᠭᠢᠯᠤᠮ᠎ᠠ ᠬᠠᠯᠠᠭᠤᠨ ᠰᠡᠳᠭᠢᠯᠭᠡ᠎ᠪᠠᠷ ᠵᠶ᠋ᠠᠨ᠂ ᠣᠷᠠᠨ ᠭᠤᠶ᠋ᠢᠳᠠ ᠬᠦᠳᠡᠯᠥᠯ ᠵᠶ᠋ᠠᠷ ᠵᠶ᠋ᠠᠨ᠂ ᠪᠦᠬᠦ ᠤᠶᠤᠨ ᠤᠬᠠᠭ᠋ᠠᠨ ᠵᠶ᠋ᠠᠷ ᠵᠶ᠋ᠠᠨ ᠳᠠᠭᠤᠯᠠᠨ᠎ᠠ᠃ ᠠ᠋ᠨᠡ ᠦᠶᠡᠰ ᠰᠡᠳᠭᠢᠴᠡ ᠵᠢᠨ ᠬᠠᠷᠰᠢ ᠤᠷᠤᠯᠳᠤᠭᠴᠢ᠎ᠠᠴᠠ ᠬᠤᠯᠠ ᠵᠠᠶ᠋ᠢᠳᠠᠵᠤ᠂ ᠲᠡᠭᠦᠨ᠎ᠤ ᠲᠠᠶ᠋ᠢᠰᠠᠨ᠎ᠳᠠᠬᠢ ᠳᠠᠭᠤᠯᠠᠭ᠍ᠤ ᠠᠵᠢᠯᠯᠠᠭ᠎ᠠ ᠴᠢᠯᠥᠭᠡᠲᠡᠢ᠂ ᠲᠠᠯᠪᠢᠭᠤᠨ᠂ ᠲᠤᠭᠲᠠᠭᠤᠨ᠂ ᠰᠤᠨᠤᠰᠪᠤᠷᠢᠲᠠᠢ ᠪᠤᠯᠵᠤ᠂ ᠭᠠᠳᠠᠷ ᠳᠦᠷᠢ ᠲᠥᠷᠬᠦ᠎ᠨᠢ ᠵᠢᠪᠬᠤᠭ᠋ᠠᠯᠢᠭ᠂ ᠦᠵᠡᠰᠭᠦᠯᠡᠩ ᠭᠤᠸ᠎ᠠ ᠪᠤᠯᠴᠢᠬᠠᠭᠰᠠᠨ ᠪᠠᠶ᠋ᠢᠵᠤ ᠮᠡᠳᠡᠬᠦ ᠶᠤᠮ᠃ ᠢᠨᠭᠬᠢᠭᠡᠳ ᠰᠡᠳᠭᠢᠴᠡ ᠵᠢᠨ ᠬᠠᠷᠰᠢ ᠥᠯᠥ ᠮᠡᠳᠡᠬᠦ ᠵᠢᠨ ᠳᠤᠮᠳᠠ ᠬᠤᠯᠠ ᠶᠠᠪᠤᠴᠢᠬᠠᠭᠰᠠᠨ ᠪᠠᠶ᠋ᠢᠵᠤ ᠮᠡᠳᠡᠨ᠎ᠡ᠃
ᠣᠷᠣᠯᠳᠤᠭᠴᠢ ᠲᠠᠶ᠋ᠢᠰᠠᠨ᠎ᠳᠤ ᠭᠠᠷᠴᠤ ᠳᠠᠭᠤᠯᠠᠵᠤ ᠤᠷᠤᠯᠳᠤᠬᠤ᠎ᠳᠤ ᠵᠥᠪᠬᠡᠨ ᠳᠠᠭᠤᠤ ᠳᠠᠭᠤᠯᠠᠭ᠍ᠤ ᠮᠡᠷᠭᠡᠵᠢᠯ᠎ᠳᠤ᠎ᠪᠠᠨ ᠯᠡ ᠲᠦᠰᠢᠭᠡᠳ ᠪᠤᠯᠴᠢᠬᠠᠬᠤ ᠪᠢᠰᠢ᠂ ᠪᠠᠰᠠ ᠰᠡᠳᠬᠢᠴᠡ ᠵᠢᠨ ᠬᠡᠪ ᠪᠤᠯᠪᠠᠰᠤᠷᠠᠯ᠎ᠳᠤ ᠲᠥᠰᠢᠭᠯᠡᠬᠦ ᠴᠢᠬᠤᠯᠠᠲᠠᠢ᠃ ᠨᠡᠩ ᠢᠯᠠᠩᠭᠤᠶ᠎ᠠ ᠲᠡᠳᠡᠭᠡᠷ ᠰᠡᠳᠭᠢᠴᠡ ᠵᠢᠨ ᠬᠡᠪ ᠴᠢᠨᠠᠷ ᠠᠨᠠᠢ᠂ ᠰᠡᠳᠭᠢᠴᠡ᠎ᠨᠢ ᠬᠠᠷᠰᠢ᠎ᠲᠠᠢ ᠤᠷᠤᠯᠳᠤᠭᠴᠢ ᠵᠠᠪᠠᠯ ᠰᠡᠳᠭᠢᠴᠡ ᠵᠢᠨ ᠬᠠᠷᠰᠢ᠎ᠪᠠᠨ ᠠᠷᠢᠯᠭ᠋ᠠᠵᠤ᠂ ᠰᠠᠶ᠋ᠢᠨ ᠰᠡᠳᠭᠢᠴᠡ᠎ᠲᠠᠢ ᠪᠤᠯᠬᠤ ᠴᠢᠬᠤᠯᠠ ᠲᠠᠢ᠃ ᠠ᠋ᠭᠦᠨ᠎ᠳᠤ ᠳᠠᠰᠬᠠᠯᠵᠢᠭᠤᠯᠤᠭᠴᠢ ᠪᠠᠭᠰᠢ᠎ᠠᠴᠠ ᠤᠷᠤᠯᠳᠤᠭᠴᠢ ᠵᠢᠨ ᠰᠡᠳᠭᠢᠴᠡ ᠵᠢᠨ ᠪᠠᠶ᠋ᠢᠳᠠᠯ᠎ᠢ ᠤᠷᠢᠳᠴᠢᠯᠠᠨ ᠣᠶ᠋ᠢᠯᠠᠭ᠋ᠠᠵᠤ᠂ ᠰᠡᠳᠭᠢᠴᠡ ᠵᠢᠨ ᠬᠠᠷᠰᠢ ᠵᠢ᠎ᠨᠢ ᠠᠷᠢᠯᠭ᠋ᠠᠬᠤ ᠪᠤᠳᠠᠲᠠᠢ ᠠᠷᠭ᠎ᠠ ᠠᠪᠴᠤ᠂ ᠪᠤᠯᠪᠠᠰᠤᠷᠠᠭᠤᠯᠤᠨ᠂ ᠤᠷᠤᠯᠳᠤᠭ᠋ᠠᠨ᠎ᠠᠴᠠ ᠠ᠋ᠮᠦᠨ᠎ᠡ ᠤᠷᠤᠯᠳᠤᠭᠴᠢ ᠵᠢ ᠰᠠᠨᠠᠭ᠎ᠠ ᠠᠭᠤᠵᠢᠭᠤ ᠪᠤᠯᠭ᠋ᠠᠬᠤ ᠪᠤᠶᠤ ᠰᠡᠳᠭᠢᠴᠡ ᠵᠢᠨ ᠬᠠᠷᠰᠢ᠎ᠪᠠᠨ ᠠᠷᠢᠯᠭ᠋ᠠᠵᠤ ᠴᠢᠳᠠᠭ᠍ᠤ ᠪᠤᠯᠭ᠋ᠠᠬᠤ ᠴᠢᠬᠤᠯᠠᠲᠠᠢ᠃ ᠰᠡᠳᠭᠢᠴᠡ ᠵᠢᠨ ᠬᠡᠪ ᠴᠢᠨᠠᠷ᠎ᠨᠢ ᠳᠠᠭᠤᠯᠠᠭ᠍ᠤ᠎ᠳᠤ ᠯᠠ ᠪᠢᠰᠢ᠂ ᠬᠤᠶ᠋ᠢᠰᠢᠲᠠ ᠵᠢᠨ ᠠᠮᠢᠳᠤᠷᠠᠯ᠎ᠤᠨ ᠡᠯ᠎ᠡ ᠭᠤᠭᠴᠤᠭ᠋ᠠᠨ᠎ᠳᠤ ᠴᠢᠬᠤᠯᠠ ᠦᠢ᠍ᠯᠡᠳᠦᠯ ᠦᠵᠡᠭᠦᠯᠦᠨ᠎ᠡ᠃ ᠳᠠᠰᠬᠠᠯᠵᠢᠭᠤᠯᠤᠭᠴᠢ ᠵᠢᠨ ᠰᠡᠳᠭᠢᠴᠡ ᠵᠢᠨ ᠵᠢᠯᠤᠭᠤᠳᠤᠯᠭ᠎ᠠ᠎ᠨᠢ ᠤᠷᠤᠯᠳᠤᠭᠴᠢ᠎ᠳᠤ ᠠᠪᠴᠤ ᠬᠡᠯᠡᠪᠡᠯ᠂ ᠠᠪᠤᠨ ᠳᠤᠤᠷ᠎ᠠ᠎ᠪᠠᠨ ᠠ᠋ᠶᠡᠷᠬᠦ ᠦᠢ᠍ᠯᠡᠳᠦᠯ ᠦᠵᠡᠭᠦᠯᠬᠦ ᠮᠦᠷᠲᠡᠭᠡᠨ ᠠᠯᠤᠰ ᠬᠡᠳᠦ᠎ᠳᠤ ᠴᠦ᠍ ᠠ᠋ᠶᠡᠷᠬᠦ ᠦᠢ᠍ᠯᠡᠳᠦᠯ ᠦᠵᠡᠬᠦᠯᠬᠦ ᠶᠤᠮ᠃ ᠲᠠᠶ᠋ᠢᠰᠠᠨ᠎ᠳᠤ ᠳᠠᠭᠤᠤ ᠳᠠᠭᠤᠯᠠᠭ᠍ᠤ ᠦᠶ᠎ᠡ ᠵᠢᠨ ᠠ᠋ᠷᠡᠭᠦᠯ ᠰᠠᠶ᠋ᠢᠨ ᠰᠡᠳᠭᠢᠴᠡ᠎ᠨᠢ ᠪᠤᠰᠤᠳ ᠵᠦᠢ᠍ᠯ᠎ᠤᠨ ᠠᠵᠢᠯ ᠰᠤᠷᠤᠯᠭ᠎ᠠ ᠵᠢᠨ ᠦᠶ᠎ᠡ ᠵᠢᠨ ᠰᠡᠳᠭᠢᠴᠡ ᠵᠢᠨ ᠬᠡᠪ ᠪᠤᠯᠪᠠᠰᠤᠷᠠᠯ᠎ᠢ ᠨᠥᠯᠥᠭᠡᠯᠡᠨ᠎ᠠ᠃ ᠰᠡᠳᠭᠢᠴᠡ ᠵᠢᠨ ᠪᠤᠯᠪᠠᠰᠣᠷᠠᠯ᠎ᠤᠨ ᠳᠡᠭᠡᠭᠰᠢᠯᠡᠯᠲᠡ᠎ᠨᠢ ᠬᠦᠮᠦᠨ᠎ᠤ ᠨᠢᠭᠡ ᠨᠠᠰᠤ ᠵᠢ ᠨᠥᠯᠥᠭᠡᠯᠡᠨ ᠠᠵᠢᠯ ᠦᠢ᠍ᠯᠡᠰ᠎ᠢ᠎ᠨᠢ ᠠᠮᠵᠢᠯᠲᠠ ᠤᠷᠤᠭᠤ ᠣᠶ᠋ᠢᠷᠠᠲᠤᠭᠤᠯᠬᠤᠨᠢ ᠵᠠᠶ᠋ᠢᠯᠠᠰᠢ ᠦᠭᠡᠢ᠃ ᠠ᠋ᠶ᠋ᠢᠮᠦ᠎ᠠᠴᠠ ᠲᠠᠰᠬᠠᠯᠵᠢᠭᠤᠯᠤᠭᠴᠢ ᠤᠷᠤᠯᠳᠤᠭᠴᠢ ᠵᠢᠨ ᠪᠠᠶ᠋ᠢᠳᠠᠯ᠎ᠳᠤ ᠲᠤᠬᠢᠷᠠᠭᠤᠯᠤᠨ ᠳᠠᠭᠤᠯᠠᠭ᠍ᠤ ᠮᠡᠷᠭᠡᠵᠢᠯ᠎ᠤᠨ ᠵᠢᠯᠤᠭᠤᠳᠤᠯᠭ᠎ᠠ ᠬᠢᠬᠦ ᠮᠦᠷᠲᠡᠭᠡᠨ ᠵᠠᠪᠠᠯ ᠰᠡᠳᠭᠢᠴᠡ ᠵᠢᠨ ᠵᠢᠯᠤᠭᠤᠳᠤᠯᠭ᠎ᠠ ᠬᠢᠨ᠎ᠡ᠃ ᠰᠡᠳᠭᠢᠴᠡ ᠵᠢᠨ ᠬᠠᠷᠰᠢ᠎ᠲᠠᠢ ᠰᠤᠷᠤᠭᠴᠢ ᠵᠢ ᠲᠡᠭᠦᠨ᠎ᠳᠤ ᠲᠤᠬᠢᠷᠠᠭᠰᠠᠨ ᠠᠷᠭ᠎ᠠ᠎ᠪᠠᠷ ᠵᠢᠯᠤᠭᠤᠳᠴᠤ ᠰᠡᠳᠭᠢᠴᠡ ᠵᠢᠨ ᠬᠠᠷᠰᠢ ᠵᠢ᠎ᠨᠢ ᠠᠯᠢ ᠴᠢᠳᠠᠭ᠍ᠤ᠎ᠪᠠᠷ ᠠᠷᠢᠯᠭ᠋ᠠᠬᠤ ᠴᠢᠬᠤᠯᠠᠲᠠᠢ᠃
ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠤᠨᠭ᠌ᠨᠢᠭᠤᠳ ᠬᠤᠰᠢᠭᠤᠨ᠎ᠤ ᠭᠡᠷᠰᠡᠩ
ᠭᠤᠤᠯ ᠪᠠᠭ᠎ᠠ ᠰᠤᠷᠭ᠋ᠠᠭᠤᠯᠢ
(ᠠᠯᠳᠠᠨᠰᠦᠢ᠍ᠭᠡ ᠨᠠᠢ᠍ᠢ᠍ᠷᠠᠭᠤᠯᠪᠠ)