ᠤᠷᠭᠤᠭ᠎ᠠ
ᠨᠠᠮᠳᠠᠷ ᠲᠡᠤᠬᠡ ᠵᠢᠨ ᠰᠤᠳᠤᠯᠬᠤ ᠠᠷᠭ᠎ᠠ᠎ᠨᠢ ᠨᠡᠶ᠋ᠢᠭᠡᠮ ᠲᠡᠣᠬᠡ ᠵᠢᠨ ᠰᠣᠳᠣᠯᠬᠤ ᠠᠷᠭ᠎ᠠ ᠰᠢᠬ ᠵᠤᠬᠢᠶᠠᠯ ᠪᠦᠳᠦᠬᠡᠯ᠎ᠤᠨ ᠨᠠᠶ᠋ᠢᠭᠡᠮ ᠲᠡᠣᠬᠡ ᠵᠢ ᠰᠣᠳᠣᠯᠬᠤ ᠪᠢᠰᠢ᠂ ᠬᠠᠷᠢᠨ ᠵᠤᠬᠢᠶᠠᠯ ᠪᠦᠳᠦᠬᠡᠯ ᠪᠤᠯᠤᠨ ᠵᠤᠬᠢᠶᠠᠭᠴᠢ ᠵᠢᠨ ᠬᠤᠭᠤᠷᠤᠨᠳᠤᠬᠢ ᠬᠠᠷᠢᠴᠠᠭ᠎ᠠ ᠵᠢ ᠨᠠᠷᠢᠪᠴᠢᠯᠠᠨ ᠰᠢᠨᠵᠢᠯᠠᠵᠤ᠂ ᠵᠤᠬᠢᠶᠠᠯ ᠪᠦᠳᠦᠬᠡᠯ᠎ᠠᠴᠠ ᠵᠤᠬᠢᠶᠠᠭᠴᠢ ᠵᠢᠨ ᠠᠮᠢᠳᠤᠷᠠᠯ ᠲᠤᠷᠰᠢᠯᠭ᠎ᠠ᠂ ᠵᠡᠩ ᠴᠢᠨᠠᠷ᠎ᠢ ᠰᠦᠪᠡᠭᠴᠢᠯᠠᠨ ᠭᠠᠷᠭ᠋ᠠᠬᠤ ᠪᠤᠶᠤ ᠵᠤᠬᠢᠶᠠᠭᠴᠢ ᠵᠢᠨ ᠠᠮᠢᠳᠦᠷᠠᠯ ᠲᠤᠷᠰᠢᠯᠭ᠎ᠠ᠂ ᠵᠠᠩ ᠴᠢᠨᠠᠷ᠎ᠠᠴᠠ᠎ᠨᠢ ᠤᠴᠢᠵᠤ ᠵᠤᠬᠢᠶᠠᠯ ᠪᠦᠳᠦᠬᠡᠯ᠎ᠢ᠎ᠨᠢ ᠲᠠᠶ᠋ᠢᠯᠪᠤᠷᠢᠯᠠᠭ᠍ᠤ ᠶᠠᠪᠤᠳᠠᠯ ᠪᠤᠯᠤᠨ᠎ᠠ᠃ ᠵᠤᠬᠢᠶᠠᠯ ᠪᠦᠳᠦᠭᠡᠯ᠎ᠤᠨ ᠠᠮᠢ ᠨᠠᠰᠦ ᠵᠢ ᠵᠣᠬᠢᠶᠠᠭᠴᠢ᠎ᠨᠢ ᠤᠯᠭᠤᠭᠰᠠᠨ ᠪᠠᠶ᠋ᠢᠳᠠᠭ ᠪᠤᠯᠬᠤᠷ ᠵᠤᠬᠢᠶᠠᠭᠴᠢ ᠵᠢ ᠰᠣᠳᠣᠯᠬᠤ᠎ᠪᠠᠷ ᠲᠠᠮᠵᠢᠵᠤ ᠲᠡᠬᠦᠨ᠎ᠤ ᠵᠤᠬᠢᠶᠠᠯ ᠪᠦᠳᠦᠬᠡᠯ᠎ᠢ ᠰᠣᠳᠣᠯᠬᠤ᠎ᠨᠢ ᠶᠤᠰᠤᠨ᠎ᠳᠤ ᠨᠠᠢ᠍ᠢ᠍ᠴᠡᠭᠦ ᠤᠴᠢᠷ ᠮᠦᠨ᠃ ᠲᠠᠶ᠋ᠢᠮᠦᠠᠴᠠ ᠨᠠᠮᠳᠠᠷ ᠲᠠᠤᠬᠡ ᠵᠢᠨ ᠰᠣᠳᠣᠯᠬᠤ ᠠᠷᠭ᠎ᠠ᠎ᠨᠢ ᠴᠤ᠌ ᠣᠷᠠᠨ ᠵᠤᠬᠢᠶᠠᠯ ᠰᠣᠳᠣᠯᠬᠤ ᠠᠷᠭ᠎ᠠ ᠵᠢᠨ ᠲᠤᠳᠤᠷᠠᠬᠢ ᠨᠢᠬᠡᠨ ᠠᠷᠭ᠎ᠠ ᠮᠦᠨ᠃
ᠨᠠᠮᠳᠠᠷ ᠲᠡᠤᠬᠡ ᠵᠢᠨ ᠰᠤᠳᠤᠯᠬᠤ ᠠᠷᠭ᠎ᠠ᠎ᠨᠢ ᠣᠷᠠᠨ ᠵᠤᠬᠢᠶᠠᠯ᠎ᠤᠨ ᠰᠣᠳᠣᠯᠭ᠋ᠠᠨ᠎ᠤ ᠲᠡᠤᠬᠡᠨ ᠲᠡᠭᠡᠷ᠎ᠡ ᠠ᠋ᠷᠳᠡᠨᠠᠴᠠ ᠠᠪᠤᠭ᠋ᠠᠳ ᠦᠷᠬᠡᠨ ᠵᠶ᠋ᠠᠷ ᠬᠡᠷᠡᠭᠯᠡᠭᠳᠡᠭᠰᠡᠭᠡᠷ ᠢᠷᠡᠭᠰᠡᠨ ᠶᠤᠮ᠃ ᠭᠡᠪᠡᠴᠦ ᠤᠷᠠᠨ ᠵᠤᠬᠢᠶᠠᠯ᠎ᠤᠨ ᠰᠣᠳᠣᠯᠭ᠋ᠠᠨ᠎ᠳᠤ ᠵᠢᠨᠭᠬᠢᠨᠢ᠎ᠪᠠᠷ ᠪᠠᠶ᠋ᠢᠷᠢ᠎ᠪᠠᠨ ᠤᠯᠤᠭᠰᠠᠨ ᠶᠠᠪᠤᠳᠠᠯ᠎ᠨᠢ 19 ᠳ᠋ᠤᠭᠡᠷ ᠵᠠᠭᠤᠨ᠎ᠤ ᠹᠷᠠᠨᠼᠢ ᠵᠢᠨ ᠷᠣᠮᠠᠨᠲ᠋ᠢᠭ ᠦᠵᠡᠯ᠎ᠤᠨ ᠰᠢᠭᠦᠮᠵᠢᠯᠡᠭᠴᠢ ᠱᠸᠡᠭ ᠫᠸᠢ ᠸᠸᠢ ᠵᠢᠨ ᠰᠢᠬᠦᠮᠵᠢᠯᠡᠬᠦ ᠠᠷᠭ᠎ᠠ᠎ᠪᠠᠷ ᠪᠡᠯᠭᠡ ᠲᠠᠮᠳᠡᠭ ᠵᠶ᠋ᠠᠨ ᠪᠤᠯᠭ᠋ᠠᠭᠰᠠᠨ᠎ᠠᠴᠠ ᠠ᠋ᠬᠢᠯᠡᠵᠡᠢ᠃ ᠱᠸᠡᠭ ᠫᠸᠢ ᠸᠸᠢ ᠵᠢᠨ ᠰᠢᠬᠦᠮᠵᠢᠯᠡᠬᠦ ᠠᠷᠭ᠎ᠠ᠎ᠨᠢ ᠨᠠᠮᠳᠠᠷ ᠲᠡᠤᠬᠡ ᠵᠢᠨ ᠰᠤᠳᠤᠯᠬᠤ ᠠᠷᠭ᠎ᠠ ᠵᠢᠨ ᠮᠠᠨᠳᠦᠯᠡᠭᠰᠡᠨᠢ ᠬᠠᠷᠠᠭᠤᠯᠵᠣ ᠪᠠᠶ᠋ᠢᠬᠤ ᠮᠦᠷᠳᠡᠭᠡᠨ ᠨᠠᠮᠳᠠᠷ ᠲᠡᠤᠭᠡ ᠵᠢᠨ ᠠᠷᠭ᠎ᠠ ᠵᠢ ᠲᠡᠯᠬᠡᠷᠡᠬᠦᠯᠦᠭᠰᠡᠨ ᠪᠠᠢ᠍ᠢ᠍ᠨ᠎ᠠ᠃ ᠨᠠᠮᠳᠠᠷ ᠲᠡᠤᠬᠡ ᠵᠢᠨ ᠰᠤᠳᠤᠯᠬᠤ ᠠᠷᠭ᠎ᠠ᠎ᠨᠢ ᠲᠡᠭᠦᠨ᠎ᠤ ᠬᠦᠭᠵᠢᠯᠳᠡ ᠵᠢᠨ ᠶᠠᠪᠤᠴᠠ ᠲᠤᠮᠳᠡ᠎ᠪᠠᠨ ᠵᠠᠷᠢᠮ ᠤᠷᠤᠰᠬᠠᠯ ᠪᠦᠯᠦᠭ᠎ᠤᠨ ᠠ᠋ᠰᠡᠷᠭᠦᠴᠡᠯᠳᠤ ᠣᠴᠠᠷᠠᠭᠰᠠᠨ ᠪᠤᠯᠪᠠᠴᠤ ᠲᠣᠷᠰᠢᠯᠭ᠎ᠠ ᠰᠣᠷᠭ᠋ᠠᠮᠵᠢ᠎ᠪᠠᠨ ᠬᠤᠷᠢᠶᠠᠩᠭᠤᠶ᠋ᠢᠯᠠᠵᠤ᠂ ᠪᠤᠰᠤᠳ ᠰᠣᠳᠣᠯᠬᠤ ᠠᠷᠭ᠎ᠠ ᠵᠢᠨ ᠰᠠᠶ᠋ᠢᠨ ᠲᠠᠯ᠎ᠠ ᠵᠢ ᠰᠢᠩᠭᠡᠭᠡᠵᠣ᠂ ᠦᠷᠭᠦᠯᠵᠢᠯᠡᠨ ᠭᠦᠭᠵᠢᠭᠰᠡᠭᠡᠷ ᠢᠷᠡᠵᠡᠢ᠃ ᠦᠷᠦᠨᠡᠳᠠᠬᠢᠨ᠎ᠤ ᠨᠠᠮᠳᠠᠷ ᠲᠡᠤᠬᠡ ᠵᠢᠨ ᠰᠣᠳᠣᠯᠬᠤ ᠠᠷᠭ᠎ᠠ᠎ᠨᠢ ᠵᠤᠬᠢᠶᠠᠭᠴᠢ ᠵᠢᠨ ᠠᠪᠢᠶᠠᠰ ᠪᠢᠯᠢᠭ᠂ ᠰᠠᠨᠠᠭ᠎ᠠ ᠰᠡᠳᠬᠢᠯᠭᠡ ᠵᠢᠨ ᠦᠡᠭᠭᠡᠷᠡᠯᠳᠡ ᠵᠢ ᠴᠢᠬᠤᠯᠠᠴᠢᠯᠠᠨ᠂ ᠰᠢᠰᠲᠸᠮ᠎ᠲᠠᠢ᠂ ᠰᠢᠨᠵᠢᠯᠡᠬᠦ ᠤᠬᠠᠭ᠋ᠠᠨᠴᠢ᠎ᠪᠠᠷ ᠰᠣᠳᠣᠯᠬᠤ᠎ᠪᠠᠷ ᠭᠤᠤᠯ ᠤᠨᠴᠠᠯᠢᠭ ᠵᠶ᠋ᠠᠨ ᠪᠤᠯᠭ᠋ᠠᠳᠠᠬ ᠪᠤᠯ ᠲᠤᠮᠳᠠᠳᠤ ᠤᠯᠤᠰ᠎ᠤᠨ ᠨᠠᠮᠳᠠᠷ ᠲᠡᠤᠬᠡ ᠵᠢᠨ ᠰᠤᠳᠤᠯᠬᠤ ᠠᠷᠭ᠎ᠠ᠎ᠨᠢ ᠬᠦᠮᠦᠨ ᠴᠢᠨᠠᠷ᠎ᠢ ᠰᠣᠳᠣᠯᠬᠤ᠎ᠪᠠᠷ ᠭᠤᠤᠯ ᠤᠨᠴᠠᠯᠢᠭ ᠵᠶ᠋ᠠᠨ ᠪᠤᠯᠭ᠋ᠠᠳᠠᠬ ᠬᠡᠵᠤ ᠤᠷᠠᠨ ᠵᠤᠬᠢᠶᠠᠯ᠎ᠤᠨ ᠰᠤᠳᠤᠯᠭ᠋ᠠᠳᠠᠳ ᠦᠵᠡᠳᠡᠭ ᠪᠤᠯᠪᠠᠴᠦ ᠨᠠᠮᠳᠠᠷ ᠲᠡᠤᠬᠡ ᠵᠢᠨ ᠰᠤᠳᠤᠯᠬᠤ ᠠᠷᠭ᠎ᠠ᠎ᠨᠢ 《ᠵᠤᠬᠢᠶᠠᠭᠴᠢ ᠪᠤᠯ ᠵᠤᠬᠢᠶᠠᠯ ᠪᠦᠳᠦᠬᠡᠯ᠎ᠢ ᠠ᠋ᠭᠦᠳᠤᠭ᠌ᠴᠢ ᠤᠴᠢᠷ᠎ᠠᠴᠠ ᠵᠤᠬᠢᠶᠠᠯ ᠪᠦᠳᠦᠭᠡᠯ᠎ᠤᠨ ᠦᠢ᠍ᠯᠡ ᠶᠠᠪᠤᠴᠠ ᠵᠢ ᠤᠶ᠋ᠢᠯᠠᠭ᠋ᠠᠬᠤ ᠬᠡᠪᠡᠯ ᠠ᠋ᠷᠬᠡᠪᠰᠢ ᠵᠣᠬᠢᠶᠠᠭᠴᠢ ᠵᠢᠨ ᠲᠤᠰ ᠪᠡᠶ᠎ᠡ ᠵᠢ ᠤᠷᠢᠳ ᠵᠶ᠋ᠠᠷ ᠣᠶ᠋ᠢᠯᠠᠭ᠋ᠠᠭᠰᠠᠨ ᠪᠠᠶ᠋ᠢᠬᠤ ᠬᠡᠷᠡᠭᠳᠡᠢ》 ᠬᠡᠬᠦ ᠦᠵᠡᠯᠳᠡ᠎ᠪᠠᠷ ᠢᠳᠡᠬᠡᠯ ᠪᠢᠰᠢᠷᠠᠯ ᠵᠶ᠋ᠠᠨ ᠪᠤᠯᠭ᠋ᠠᠭᠰᠠᠨ ᠪᠠᠶ᠋ᠢᠳᠠᠭ᠃
ᠠ᠋ᠩ᠎ᠤᠨ ᠪᠠᠶ᠋ᠢᠳᠠᠯ᠎ᠳᠤ᠂ ᠨᠠᠮᠳᠠᠷ ᠲᠡᠤᠬᠡ ᠵᠢᠨ ᠰᠣᠳᠣᠯᠬᠤ ᠠᠷᠭ᠎ᠠ᠎ᠨᠢ ᠵᠤᠬᠢᠶᠠᠭᠴᠢ ᠵᠢᠨ ᠪᠦᠬᠦᠶ᠋ᠢᠯᠠ ᠠᠮᠢᠳᠤᠷᠠᠯ ᠲᠤᠷᠰᠢᠯᠭ᠎ᠠ ᠵᠢᠨ ᠲᠤᠮᠳᠠ᠎ᠠᠴᠠ ᠵᠤᠬᠢᠶᠠᠯ ᠪᠦᠳᠦᠭᠡᠯ᠎ᠢ ᠰᠤᠳᠤᠯᠬᠤ᠂ ᠵᠤᠬᠢᠶᠠᠭᠴᠢ ᠵᠢᠨ ᠨᠠᠮᠳᠠᠷ ᠪᠤᠯᠤᠨ ᠵᠤᠬᠢᠶᠠᠯ ᠪᠦᠳᠦᠭᠡᠯ᠎ᠤᠨ ᠬᠠᠷᠢᠴᠠᠭ᠎ᠠ ᠵᠢ ᠰᠣᠳᠣᠯᠬᠤ᠎ᠪᠠᠷ ᠭᠤᠤᠯ ᠪᠤᠯᠭ᠋ᠠᠳᠠᠭ᠃ ᠳᠤᠤᠷ᠎ᠠ ᠨᠠᠮᠳᠠᠷ ᠲᠡᠤᠬᠡ ᠵᠢᠨ ᠰᠤᠳᠤᠯᠬᠤ ᠠᠷᠭ᠎ᠠ ᠵᠢᠨ ᠦᠨᠳᠦᠰᠦᠨ ᠤᠨᠴᠠᠯᠢᠭ ᠵᠶ᠋ᠠᠷ ᠢᠨᠵᠠᠨᠨᠠᠰᠢ ᠪᠠ ᠲᠡᠭᠦᠨ᠎ᠤ ᠵᠤᠬᠢᠶᠠᠯ ᠪᠦᠳᠦᠭᠡᠯ᠎ᠢ ᠲᠦᠭᠦᠮ ᠲᠠᠨᠢᠯᠴᠠᠭᠤᠯᠤᠶ᠎ᠠ᠃
ᠨᠢᠭᠡ᠂ ᠨᠠᠮᠳᠠᠷ ᠲᠡᠤᠬᠡ ᠵᠢᠨ ᠰᠣᠳᠣᠯᠬᠤ ᠠᠷᠭ᠎ᠠ᠎ᠨᠢ ᠵᠤᠬᠢᠶᠠᠭᠴᠢ ᠵᠢᠨ ᠲᠤᠰ ᠪᠡᠶ᠎ᠡ ᠵᠢᠨ ᠠᠮᠢᠳᠦᠷᠠᠯ ᠲᠤᠷᠰᠢᠯᠭ᠎ᠠ ᠵᠢ ᠦᠨᠳᠦᠰᠦᠯᠡᠵᠤ ᠵᠣᠬᠢᠶᠠᠯ ᠪᠦᠳᠦᠬᠡᠯ᠎ᠢ᠎ᠨᠢ ᠲᠠᠶ᠋ᠢᠯᠪᠣᠷᠢᠯᠠᠨᠠ᠃ ᠵᠣᠬᠢᠶᠠᠯ ᠪᠦᠳᠦᠭᠡᠯ᠎ᠨᠢ ᠵᠤᠬᠢᠶᠠᠭᠴᠢ ᠵᠢᠨ ᠠᠮᠢᠳᠦᠷᠠᠯ᠎ᠤᠨ ᠦᠡᠭᠭᠡᠷᠡᠯᠳᠡ ᠵᠢ ᠵᠤᠬᠢᠬᠤ ᠬᠡᠮᠵᠢᠶ᠎ᠠ᠎ᠪᠠᠷ ᠢᠯᠡᠷᠡᠬᠦᠯᠵᠤ ᠪᠠᠶ᠋ᠢᠳᠠᠭ᠃ ᠲᠠᠶ᠋ᠢᠮᠦᠠᠴᠠ ᠵᠤᠬᠢᠶᠠᠭᠴᠢ ᠵᠢᠨ ᠲᠤᠰ ᠪᠡᠶ᠎ᠡ ᠵᠢᠨ ᠠᠮᠢᠳᠤᠷᠠᠯ᠎ᠤᠨ ᠦᠡᠭᠭᠡᠷᠡᠯᠳᠡ ᠵᠢᠨ ᠲᠤᠮᠳᠠ᠎ᠠᠴᠠ ᠵᠤᠬᠢᠶᠠᠯ ᠪᠦᠳᠦᠭᠡᠯ᠎ᠢ᠎ᠨᠢ ᠲᠠᠶ᠋ᠢᠯᠪᠤᠷᠢᠯᠠᠭ᠍ᠤ ᠰᠦᠪᠡᠭᠴᠢ ᠵᠢ ᠠ᠋ᠷᠢᠵᠤ ᠪᠤᠯᠤᠨ᠎ᠠ᠃
ᠢᠨᠵᠠᠨᠨᠠᠰᠢ ᠪᠤᠯ ᠮᠤᠩᠭᠤᠯ᠎ᠤᠨ ᠭᠠᠷᠮᠠᠭ᠋ᠠᠢ ᠵᠤᠬᠢᠶᠠᠭᠴᠢ᠂ ᠮᠤᠩᠭᠤᠯ᠎ᠤᠨ ᠤᠷᠠᠨ ᠵᠤᠬᠢᠶᠠᠯ᠎ᠤᠨ ᠦᠪ ᠤᠯᠠᠮᠵᠢᠯᠠᠯ᠎ᠢ ᠵᠠᠯᠭ᠋ᠠᠮᠵᠢᠯᠠᠨ ᠬᠦᠭᠵᠢᠬᠦᠯᠦᠭᠴᠢ ᠮᠦᠨ᠃ ᠢᠨᠵᠠᠨᠨᠠᠰᠢ ᠵᠢᠨ ᠪᠠᠭ᠎ᠠ ᠵᠢᠨ ᠨᠠᠷᠠᠨᠢ ᠬᠠᠰᠴᠢᠯᠠᠭᠤ᠂ ᠬᠢᠳᠠᠳ ᠨᠠᠷᠠᠨᠢ ᠪᠤᠤ ᠶᠢᠩ᠂ ᠠ᠋ᠷᠭᠦᠭᠰᠡᠨ ᠨᠡᠷ᠎ᠡ᠎ᠨᠢ ᠯᠦᠨ ᠲᠢᠩ᠂ ᠴᠤᠯᠠ ᠠ᠋ᠾᠸᠡᠭ ᠱᠠᠨ᠃ ᠴᠢᠩ ᠤᠯᠤᠰ᠎ᠤᠨ ᠲᠦᠷᠦ ᠬᠡᠷᠡᠯᠳᠦ ᠵᠢᠨ ᠠᠷᠪᠠᠨ ᠲᠤᠯᠤᠳᠤᠭ᠋ᠠᠷ ᠤᠨ᠎ᠤ ᠲᠦᠷᠪᠡᠨ ᠰᠠᠷ᠎ᠠ ᠵᠢᠨ ᠠᠷᠪᠠᠨ ᠵᠢᠷᠭᠤᠭ᠋ᠠᠨ᠎ᠤ ᠠ᠋ᠳᠦᠷ ᠵᠤᠰᠤ᠎ᠳᠦ ᠵᠢᠨ ᠴᠢᠭᠤᠯᠭ᠋ᠠᠨ᠎ᠤ ᠲᠦᠮᠠᠳ ᠪᠠᠷᠠᠭᠤᠨ ᠬᠤᠰᠢᠭᠤᠨ᠎ᠤ 《ᠰᠢᠳᠤᠷᠭᠤ ᠪᠠᠳᠦ ᠬᠤᠷᠤᠭ᠎ᠠ》 ᠬᠡᠮᠡᠨ ᠨᠢᠭᠡᠨ ᠮᠤᠩᠭᠤᠯ ᠢᠵᠡᠭᠤᠷᠳᠠᠨᠤ ᠭᠡᠷ᠎ᠲᠤ ᠲᠦᠷᠦᠵᠠᠢ᠃ ᠲᠡᠭᠦᠨ᠎ᠤ ᠦᠰᠴᠦ ᠲᠦᠷᠦᠭᠰᠡᠨ ᠴᠠᠭ ᠦᠶ᠎ᠠ ᠪᠤᠯ ᠮᠠᠨᠵᠤ ᠮᠤᠩᠭᠤᠯ᠎ᠤᠨ ᠬᠤᠭᠤᠷᠤᠨᠳᠤᠬᠢ ᠵᠦᠷᠢᠴᠡᠯ ᠵᠢᠴᠢ ᠠ᠋ᠬᠦᠨᠯᠦᠭᠡ ᠬᠤᠯᠪᠤᠭ᠎ᠠ ᠪᠦᠬᠦᠢ ᠮᠤᠩᠭᠤᠯ ᠦᠨᠳᠦᠰᠦᠳᠠᠨ᠎ᠤ ᠲᠣᠳᠣᠭ᠋ᠠᠳᠦᠬᠢ ᠠᠶ᠋ᠢᠮᠠᠭ ᠤᠭᠰᠠᠭ᠋ᠠᠳᠠᠨᠤ ᠬᠤᠭᠤᠷᠤᠨᠳᠣᠬᠢ ᠵᠦᠷᠢᠴᠠᠯ ᠬᠤᠷᠴᠠ ᠰᠢᠷᠦᠬᠦᠨ ᠪᠠᠶ᠋ᠢᠵᠤ ᠬᠢᠮᠤᠷᠡᠯ ᠵᠶ᠋ᠠᠷ ᠲᠦᠭᠦᠷᠦᠭᠰᠡᠨ ᠴᠠᠭ ᠠ᠋ᠷᠢᠨ ᠪᠠᠶ᠋ᠢᠪᠠ᠃ ᠢᠨᠵᠠᠨᠨᠠᠰᠢ ᠲᠦᠷᠦᠯᠬᠢ ᠵᠢᠨ ᠬᠤᠷᠴᠠ ᠰᠡᠷᠬᠦᠯᠡᠩ ᠠᠪᠬᠠᠯᠵᠢᠳᠠᠢ ᠬᠦᠮᠦᠨ ᠪᠠᠶ᠋ᠢᠭᠰᠠᠨ ᠲᠤᠯᠠ ᠪᠠᠭ᠎ᠠ᠎ᠠᠴᠠ᠎ᠪᠠᠨ ᠠ᠋ᠷᠳᠡᠮᠳᠡᠨ ᠪᠠᠭᠰᠢ ᠨᠡᠷ᠎ᠢ ᠵᠠᠯᠠᠵᠤ ᠮᠤᠩᠭᠤᠯ᠂ ᠬᠢᠳᠡᠳ᠂ ᠮᠠᠨᠵᠤ᠂ ᠲᠦᠪᠡᠳ ᠪᠢᠴᠢᠭ ᠰᠣᠷᠣᠭᠰᠠᠨ ᠪᠠ ᠢᠯᠡᠩᠭᠤᠶ᠎ᠠ ᠮᠤᠩᠭᠤᠯ ᠬᠢᠳᠡᠳ᠎ᠤᠨ ᠰᠣᠩᠭᠤᠳᠠᠭ ᠵᠤᠬᠢᠶᠠᠯ ᠪᠤᠯᠤᠨ ᠲᠤᠮᠳᠠᠳᠤ ᠤᠯᠤᠰ᠎ᠤᠨ ᠲᠡᠤᠬᠡᠨ᠎ᠳᠤ ᠬᠦᠨ ᠨᠠᠪᠳᠡᠷᠡᠭᠰᠡᠨ ᠶᠤᠮ᠃ ᠠ᠋ᠭᠦᠨ᠎ᠤ ᠲᠡᠭᠡᠷ᠎ᠠ ᠣᠷᠠᠨ ᠵᠢᠷᠤᠭᠲᠤ ᠠᠪᠢᠶᠠᠰ᠎ᠲᠠᠢ ᠬᠦᠮᠦᠨ ᠪᠠᠶ᠋ᠢᠵᠤ᠂ ᠬᠤᠷᠢᠨ ᠶᠢᠰᠦᠨ ᠨᠠᠰᠣᠯᠠᠳᠠᠯ᠎ᠠ ᠨᠠᠶ᠋ᠢᠬᠡᠮ ᠲᠡᠭᠡᠷ᠎ᠡ ᠲᠡᠮᠡᠢ ᠠᠵᠢᠯᠯᠠᠭᠰᠠᠨ ᠦᠭᠡᠢ᠂ ᠭᠤᠤᠯᠳᠠᠭᠤ ᠠ᠋ᠷᠳᠡᠮ ᠨᠤᠮ ᠰᠣᠷᠴᠦ ᠵᠤᠬᠢᠶᠠᠯ ᠪᠦᠳᠦᠭᠡᠯ ᠤᠷᠤᠯᠳᠣᠵᠣ ᠪᠠᠶ᠋ᠢᠵᠠᠢ᠃ ᠬᠡᠳᠡᠯ᠎ᠠ ᠭᠤᠴᠢᠨ ᠨᠠᠰᠤᠨ᠎ᠠᠴᠠ ᠨᠡᠶ᠋ᠢᠭᠡᠮ᠎ᠤᠨ ᠡᠯ᠎ᠡ ᠵᠦᠢ᠍ᠯ᠎ᠤᠨ ᠵᠦᠷᠢᠴᠡᠯ ᠬᠤᠷᠴᠠᠳᠴᠦ᠂ ᠢᠨᠵᠡᠨᠨᠠᠰᠢ ᠵᠢᠨ ᠭᠡᠷ᠎ᠤᠨ ᠠᠮᠢᠳᠦᠷᠠᠯ᠎ᠨᠢ ᠲᠤᠷᠤᠶ᠋ᠢᠳᠡᠨ ᠪᠠᠭᠤᠷᠠᠵᠤ᠂ ᠢᠨᠵᠠᠨᠨᠠᠰᠢ ᠵᠢᠨ ᠦᠵᠡᠯ ᠰᠠᠨᠠᠭ᠎ᠠ ᠵᠢᠴᠢ ᠵᠤᠬᠢᠶᠠᠨ ᠪᠦᠳᠦᠭᠡᠬᠦ ᠠᠭᠤᠯᠭ᠎ᠠ ᠬᠡᠯᠪᠡᠷᠢ᠎ᠳᠤ ᠪᠦᠷ ᠬᠤᠪᠢᠷᠠᠯᠳᠠ ᠭᠠᠷᠤᠭᠰᠠᠨ ᠪᠠᠶ᠋ᠢᠨ᠎ᠠ᠃
ᠢᠨᠵᠠᠨᠨᠠᠰᠢ ᠵᠢᠨ 《ᠨᠢᠯᠬ᠎ᠠ ᠵᠢᠨ ᠰᠤᠷᠤᠯᠴᠠᠭᠰᠠᠨ ᠰᠣᠯᠢᠭᠤ ᠰᠢᠯᠦᠭ》᠎ᠤᠨ ᠲᠤᠪᠬᠢᠮᠠᠯ᠎ᠳᠤ ᠤᠷᠤᠭᠰᠠᠨ ᠰᠢᠯᠦᠭ᠎ᠤᠳ ᠪᠤᠯ ᠢᠨᠵᠡᠨᠨᠠᠰᠢ ᠵᠢᠨ ᠰᠢᠯᠦᠭ᠎ᠤᠨ ᠵᠠᠮ᠎ᠳᠤ᠎ᠬᠢ ᠠᠩᠬᠠᠨ᠎ᠤ ᠤᠯᠠ ᠮᠦᠨ᠃ ᠠ᠋ᠳᠡᠭᠡᠷ ᠠᠷᠪᠠᠨ ᠬᠤᠶᠠᠷ ᠰᠢᠯᠦᠭ᠎ᠲᠤ ᠲᠡᠬᠦᠨ᠎ᠤ ᠪᠠᠭ᠎ᠠ ᠵᠢᠨ ᠦᠶ᠎ᠠ ᠵᠢᠨ ᠣᠴᠠᠷᠠᠯ ᠭᠤᠮᠤᠳᠠᠯ᠂ ᠪᠤᠳᠤᠯ ᠰᠡᠳᠬᠢᠯ᠂ ᠬᠦᠰᠡᠯ ᠮᠦᠷᠦᠭᠡᠳᠦᠯ ᠶᠡᠭᠡ ᠲᠤᠳᠤᠷᠬᠠᠢ ᠲᠤᠰᠬᠠᠭᠳᠠᠵᠤ ᠪᠠᠢ᠍ᠢ᠍ᠳᠠᠬ᠃
ᠢᠨᠵᠠᠨᠨᠠᠰᠢ ᠵᠢᠨ ᠪᠠᠭ᠎ᠠ ᠵᠢᠨ ᠦᠶ᠎ᠠ ᠵᠢᠨ ᠤᠷᠤᠭ᠎ᠤᠨ ᠬᠡᠷᠡᠭ᠎ᠨᠢ ᠪᠦᠳᠦᠭᠰᠡᠨ ᠦᠭᠡᠢ ᠶᠠᠪᠤᠳᠡᠯ ᠲᠡᠭᠦᠨ᠎ᠤ ᠦᠵᠡᠯ ᠰᠠᠨᠠᠭ᠋ᠠᠨ᠎ᠳᠤ ᠶᠡᠭᠡ ᠴᠤᠬᠢᠯᠳᠠ ᠪᠤᠯᠤᠭᠰᠠᠨ ᠪᠠᠶ᠋ᠢᠨ᠎ᠠ᠃ ᠲᠡᠭᠦᠨ᠎ᠤ ᠪᠢᠴᠢᠭᠰᠡᠨ ᠠᠷᠪᠠᠨ ᠬᠤᠶᠠᠷ ᠰᠢᠯᠦᠭ ᠲᠤᠳᠤᠷ᠎ᠠ᠎ᠠᠴᠠ 《ᠠ᠋ᠬᠡ᠎ᠪᠠᠨ ᠮᠦᠷᠦᠬᠡᠳᠦᠭᠰᠡᠨ ᠰᠤᠯᠠ ᠰᠢᠯᠤᠭ᠍ᠯᠠᠯ》᠂ 《ᠦᠡᠭᠬᠡᠳᠦ ᠰᠣᠯᠣᠩᠭ᠎ᠠ ᠰᠢᠩᠬᠡᠪᠠᠢ》᠂ 《ᠤᠯᠠᠭ᠋ᠠᠨ ᠲᠤᠭᠤᠰᠤᠳᠤ ᠤᠷᠰᠢᠭᠳᠤ ᠶᠢᠷᠳᠢᠨᠴᠦ》᠂ 《ᠦᠡᠭᠬᠡᠳᠦ ᠶᠢᠷᠳᠢᠨᠴᠦ ᠵᠢ ᠲᠡᠪᠴᠢᠮᠤᠢ》᠂ 《ᠴᠠᠭ᠋ᠠᠨ ᠠ᠋ᠬᠦᠯᠡ》᠂ 《ᠵᠢᠭᠰᠢᠮᠦᠷᠢᠳᠦ ᠵᠢᠪᠭᠦᠨ ᠬᠦᠮᠦᠨ》᠂ 《ᠰᠡᠷᠬᠦᠬᠡᠪᠠᠢ》 ᠬᠡᠳᠡᠭ ᠲᠤᠯᠤᠭ᠋ᠠᠨ ᠰᠢᠯᠦᠭ᠎ᠨᠢ ᠪᠦᠷ ᠡ᠊ᠨᠡ ᠶᠠᠪᠤᠳᠠᠯ᠎ᠳᠤ ᠴᠢᠭᠯᠡᠭᠳᠡᠭᠰᠠᠨ ᠪᠠᠶ᠋ᠢᠳᠠᠭ᠃ ᠠ᠋ᠬᠦᠨ᠎ᠳᠤ 《ᠦᠡᠭᠬᠡᠳᠦ ᠰᠣᠯᠣᠩᠭ᠎ᠠ ᠰᠢᠩᠬᠡᠪᠠᠢ》 ᠬᠡᠳᠡᠭ ᠰᠢᠯᠦᠭ᠎ᠲᠤ ᠲᠡᠬᠦᠨ᠎ᠤ ᠤᠷᠤᠭ᠎ᠤᠨ ᠶᠠᠪᠤᠳᠠᠯ᠎ᠨᠢ ᠪᠦᠳᠦᠭᠰᠡᠨ ᠦᠭᠡᠢ ᠪᠠ ᠠ᠋ᠬᠦᠨ᠎ᠠᠴᠠ ᠪᠤᠯᠤᠭᠰᠠᠨ ᠭᠤᠮᠤᠳᠠᠯ ᠭᠤᠳᠤᠷᠠᠯ ᠪᠤᠬᠢᠨᠢᠳᠤᠭᠰᠠᠨ ᠰᠡᠳᠬᠢᠯ ᠵᠶ᠋ᠠᠨ ᠤᠶᠠᠩᠭ᠋ᠠᠯᠠᠭᠰᠠᠨ ᠪᠠᠶ᠋ᠢᠨ᠎ᠠ᠃ ᠰᠢᠯᠦᠭ᠎ᠲᠤ ᠢᠨᠵᠠᠨᠨᠠᠰᠢ ᠵᠢ 《ᠬᠤᠶᠠᠷ ᠠᠷᠪᠠᠨᠳᠤᠷ ᠤᠶ᠋ᠢᠷᠡᠳᠤᠵᠤ》 ᠪᠠᠶ᠋ᠢᠭ᠎ᠠ ᠨᠠᠰᠤᠨ᠎ᠳᠤ᠎ᠨᠢ ᠡᠵᠢ᠎ᠨᠢ ᠲᠡᠬᠦᠨ᠎ᠳᠤ 《ᠠ᠋ᠷᠬᠢᠮ ᠬᠠᠳᠣᠨ ᠠ᠋ᠶᠡᠪᠡᠷᠬᠦᠤ ᠨᠦᠬᠦᠷ》᠎ᠢ ᠬᠡᠯᠡᠯᠴᠠᠵᠤ ᠦᠭᠬᠦᠭᠰᠡᠨ ᠪᠠ ᠤᠷᠤᠭ᠎ᠤᠨ ᠶᠠᠪᠤᠳᠠᠯ᠎ᠨᠢ ᠪᠦᠳᠦᠮᠡᠷ ᠪᠠᠢ᠍ᠢ᠍ᠭ᠋ᠠᠳ ᠬᠡᠨᠡᠳᠳᠡ ᠢᠯᠠᠭᠳᠠᠭᠰᠠᠨ᠎ᠳᠤ ᠰᠢᠯᠤᠭ᠌ᠴᠢ ᠦᠪᠡᠷ᠎ᠤᠨ 《ᠵᠠᠶᠠᠭ᠎ᠠ ᠨᠢᠮᠭᠡᠨ》᠎ᠳᠤ᠎ᠪᠠᠨ ᠠ᠋ᠮᠬᠡᠨᠢᠨ᠂ ᠠᠮᠢᠳᠦᠷᠠᠯ᠎ᠤᠨ ᠢᠷᠡᠬᠡᠳᠦᠢ᠎ᠪᠠᠨ 《ᠦᠡᠭᠭᠡᠳᠦ ᠰᠣᠯᠣᠩᠭ᠎ᠠ ᠰᠢᠩᠭᠡᠭᠰᠡᠨ》 ᠵᠶ᠋ᠠᠷ ᠦᠵᠡᠵᠦ᠂ ᠠ᠋ᠭᠦᠨ᠎ᠤ ᠤᠯᠠᠮ᠎ᠠᠴᠠ 《ᠦᠮᠡᠬᠡᠢ ᠶᠢᠷᠳᠢᠨᠴᠦ》 ᠵᠢ ᠵᠢᠭ᠌ᠰᠢᠵᠤ᠂ 《ᠠ᠋ᠷᠢᠪᠡᠴᠦ ᠠ᠋ᠰᠡ ᠤᠯᠳᠠᠭ᠍ᠤ ᠠᠭᠤᠯᠠ ᠵᠠᠪᠠ》᠎ᠳᠤ ᠰᠢᠷᠭᠤᠭ᠋ᠠᠳ ᠯᠠᠮᠠ ᠪᠤᠯᠬᠤ᠎ᠪᠠᠷ ᠵᠤᠷᠢᠪᠠ᠃ ᠣᠷᠤᠭ᠎ᠤᠨ ᠶᠠᠪᠤᠳᠡᠯ᠎ᠨᠢ ᠪᠦᠳᠦᠭᠰᠡᠨ ᠦᠬᠡᠢ᠎ᠳᠤ ᠢᠨᠵᠠᠨᠨᠠᠰᠢ ᠠᠮᠢᠳᠦᠷᠡᠯᠳᠤᠪᠠᠨ ᠢᠳᠡᠭᠡᠯ ᠠᠯᠳᠠᠭ᠍ᠤ᠂ ᠰᠠᠶ᠋ᠢᠨ ᠰᠠᠶ᠋ᠢᠬᠠᠨ ᠬᠦᠰᠯᠡᠩ ᠵᠶ᠋ᠠᠨ 《ᠦᠡᠭᠬᠡᠳᠦ ᠰᠣᠯᠣᠩᠭ᠎ᠠ ᠰᠢᠩᠬᠡᠭᠰᠡᠨ》᠎ᠲᠠᠢ ᠠᠳᠠᠯᠢ ᠦᠴᠦᠬᠡᠨ ᠴᠤ᠌ ᠠ᠋ᠷᠡᠮᠡᠯᠵᠡᠯ ᠦᠭᠡᠢ ᠪᠤᠯᠤᠭᠰᠠᠨ ᠵᠶ᠋ᠠᠷ ᠦᠵᠡᠵᠦ᠂ ᠴᠠᠭ᠋ᠠᠰᠢᠯᠠᠪᠠᠯ ᠶᠢᠷᠳᠢᠨᠴᠦ᠎ᠠᠴᠠ ᠠᠨᠭ᠌ᠬᠢᠵᠢᠷᠠᠬᠤ ᠪᠤᠳᠤᠯ ᠤᠷᠤᠵᠠᠢ᠃ ᠲᠤᠰ ᠣᠳᠠᠭ᠋ᠠᠨ᠎ᠤ ᠤᠷᠤᠭ᠎ᠤᠨ ᠶᠠᠪᠤᠳᠠᠯ᠎ᠨᠢ ᠲᠡᠭᠦᠨ᠎ᠤ ᠰᠡᠳᠬᠢᠯ ᠰᠠᠨᠠᠭ᠎ᠠ ᠵᠢ ᠲᠦᠢ᠍ᠯ᠎ᠤᠨ ᠶᠡᠭᠡ᠎ᠪᠠᠷ ᠲᠡᠷᠴᠢᠯᠭ᠋ᠠᠵᠤ ᠵᠤᠪᠠᠭ᠋ᠠᠭᠰᠠᠨᠨᠢ ᠢᠯᠠᠬᠡᠨ ᠪᠠᠶ᠋ᠢᠳᠠᠭ᠃ ᠰᠡᠬᠦᠯᠡᠷᠬᠢ 《ᠤᠯᠠᠭ᠋ᠠᠨ ᠲᠤᠭᠤᠰᠣ᠎ᠳᠦ ᠣᠷᠰᠢᠬᠳᠦ ᠶᠢᠷᠳᠢᠨᠴᠦ》᠂ 《ᠦᠡᠭᠬᠡᠳᠦ ᠶᠢᠷᠳᠢᠨᠴᠦ ᠵᠢ ᠲᠡᠪᠴᠢᠮᠦᠢ》᠂ 《ᠴᠠᠭ᠋ᠠᠨ ᠠ᠋ᠭᠦᠯᠡ》 ᠬᠡᠳᠡᠭ ᠰᠢᠯᠦᠭ᠎ᠲᠤ᠎ᠪᠠᠨ ᠴᠤ᠌ ᠣᠷᠤᠭ᠎ᠤᠨ ᠶᠠᠪᠤᠳᠠᠯ᠎ᠠᠴᠠ ᠪᠤᠯᠤᠭᠰᠠᠨ ᠬᠦᠨᠳᠦ ᠨᠦᠰᠡᠷ ᠰᠡᠳᠬᠢᠯ ᠵᠶ᠋ᠠᠨ ᠤᠯᠠᠮ ᠨᠢᠬᠡ ᠠᠯᠬᠤᠮ ᠯᠠᠪᠰᠢᠷᠠᠭᠤᠯᠣᠨ ᠤᠶᠠᠩᠭ᠋ᠠᠯᠠᠵᠤ᠂ ᠤᠷᠤᠭ᠎ᠤᠨ ᠶᠠᠪᠤᠳᠠᠯ᠎ᠤᠨ ᠢᠯᠠᠭᠳᠠᠭᠰᠠᠨ ᠵᠶ᠋ᠠᠨ 《ᠬᠠᠭᠤᠷᠮᠠᠭ ᠦᠭᠡᠰ᠎ᠢ ᠬᠠᠭᠤᠷᠠᠢ ᠬᠤᠭᠤᠯᠠᠢ᠎ᠪᠠᠷ ᠫᠠᠷᠴᠢᠬᠢᠨᠠᠭᠤᠯᠳᠠᠭ》᠂ 《ᠵᠢᠭᠰᠢᠮᠦᠷᠢᠳᠦ ᠵᠢᠪᠬᠦᠨ ᠬᠦᠮᠦᠨ》᠎ᠤ ᠡᠪᠳᠡᠯᠬᠡ᠎ᠠᠴᠠ ᠪᠤᠯᠤᠯ᠎ᠠ ᠬᠡᠵᠤ ᠵᠢᠭ᠋ᠠᠵᠤ ᠭᠠᠷᠭ᠋ᠠᠭᠰᠠᠨ ᠪᠤᠯᠪᠠᠴᠦ᠂ ᠠ᠋ᠶ᠋ᠢᠮᠦ ᠬᠡᠷᠡᠭ᠎ᠨᠢ ᠲᠤᠬᠠᠢ ᠵᠢᠨ ᠠᠬᠤᠢ ᠨᠡᠶ᠋ᠢᠬᠡᠮ᠎ᠳᠤ ᠲᠦᠬᠡᠮᠡᠯ ᠤᠷᠤᠰᠢᠵᠤ ᠪᠠᠶ᠋ᠢᠭᠰᠠᠨ ᠪᠤᠯᠬᠤᠷ ᠮᠦᠨ ᠴᠢᠨᠡᠷ ᠲᠡᠭᠡᠷ᠎ᠠ᠎ᠪᠠᠨ 《ᠦᠮᠡᠭᠡᠢ ᠶᠢᠷᠳᠢᠨᠴᠦ》 ᠵᠢᠨ ᠤᠷᠰᠢᠭ ᠬᠡᠵᠤ ᠲᠠᠨᠢᠭ᠋ᠠᠳ᠂ 《ᠷᠠᠩ ᠲᠠᠩᠱ᠌ᠠᠪ ᠠ᠋ᠮᠦᠰᠴᠦ ᠦᠮᠡᠬᠡᠢ ᠶᠢᠷᠳᠢᠨᠴᠦ᠎ᠠᠴᠠ ᠤᠳᠤᠬᠠᠨ᠎ᠳᠤ ᠲᠤᠨᠢᠯᠰᠤᠭ᠋ᠠᠢ》᠂ 《ᠰᠡᠬᠦᠷᠡᠰᠦ ᠠᠯᠳᠠᠭ᠍ᠤ ᠨᠢᠬᠡᠨ ᠠᠮᠢᠰᠬᠤᠯᠳᠤᠷ ᠦᠡᠭᠬᠡᠳᠦ ᠶᠢᠷᠳᠢᠨᠴᠦ ᠵᠢ ᠲᠡᠪᠴᠢᠮᠦᠢ》᠂ 《ᠤᠳᠤᠬᠠᠨ ᠴᠤ᠌ ᠶᠢᠷᠳᠢᠨᠴᠦ ᠵᠢ ᠬᠡᠬᠡᠵᠤ ᠭᠡᠷ᠎ᠠᠴᠠ ᠭᠠᠷᠰᠤ》 ᠬᠡᠮᠡᠨ ᠬᠢᠯᠢᠩ᠎ᠳᠦ ᠲᠠᠭᠤᠨ ᠵᠶ᠋ᠠᠷ ᠪᠠᠶ᠋ᠢᠨ ᠲᠠᠬᠢᠨ ᠦᠨᠳᠦᠷ ᠬᠠᠰᠬᠢᠷᠴᠦ᠂ ᠦᠬᠢᠳ ᠬᠦᠪᠡᠬᠦᠳ᠎ᠤᠨ ᠤᠷᠤᠭ᠎ᠤᠨ ᠶᠠᠪᠤᠳᠠᠯ᠎ᠢ ᠲᠡᠬᠢᠵᠤ ᠦᠯᠤ ᠬᠡᠯᠡᠯᠴᠡᠨ᠂ 《ᠤᠯᠠᠭ᠋ᠠᠨ ᠲᠤᠭᠤᠰᠤ᠎ᠳᠦ ᠤᠷᠰᠢᠬ᠎ᠳᠦ ᠶᠢᠷᠳᠢᠨᠴᠦ》᠎ᠠᠴᠠ ᠲᠦᠷᠭᠡᠨ ᠵᠠᠶ᠋ᠢᠯᠠᠭ᠍ᠤ ᠵᠢ ᠤᠷᠤᠯᠳᠤᠭᠰᠠᠨ ᠪᠠᠶ᠋ᠢᠨ᠎ᠠ᠃
ᠢᠨᠵᠠᠨᠨᠠᠰᠢ ᠵᠢᠨ ᠡ᠊ᠨᠡ ᠭᠦ᠌ ᠲᠤᠯᠤᠭ᠋ᠠᠨ ᠰᠢᠯᠦᠭ᠎ᠨᠢ ᠲᠡᠬᠦᠨ᠎ᠤ ᠪᠠᠭ᠎ᠠ ᠵᠢᠨ ᠦᠶ᠎ᠠ ᠵᠢᠨ ᠤᠷᠤᠭ᠎ᠤᠨ ᠶᠠᠪᠤᠳᠠᠯ᠎ᠤᠨ ᠦᠡᠭᠭᠡᠷᠡᠯᠳᠠ ᠲᠤᠭ᠋ᠠᠴᠢᠯᠳᠠ ᠮᠦᠨ᠃ ᠪᠠᠭ᠎ᠠ ᠵᠢᠨ ᠦᠶ᠎ᠠ ᠵᠢᠨ ᠠᠮᠢᠳᠦᠷᠠᠯ ᠲᠤᠮᠳᠠᠬᠢ ᠠᠵᠠ ᠪᠤᠰᠤ ᠣᠴᠠᠷᠠᠯ ᠲᠤᠬᠢᠶᠠᠯᠳᠤᠯ᠎ᠤᠨ ᠲᠦᠪᠯᠡᠷᠠᠩᠬᠦᠢ ᠲᠤᠰᠬᠠᠯ ᠮᠦᠨ᠃
ᠢᠨᠵᠠᠠᠨᠠᠰᠢ ᠵᠢᠨ ᠢᠳᠡᠷ ᠨᠠᠰᠤᠨ᠎ᠤ ᠦᠶ᠎ᠠ᠎ᠳᠤ᠂ ᠨᠡᠶ᠋ᠢᠬᠡᠮ ᠲᠡᠤᠬᠡ ᠵᠢᠨ ᠨᠦᠯᠦᠬᠡ᠎ᠠᠴᠠ ᠪᠤᠯᠵᠤ᠂ ᠭᠡᠷ᠎ᠤᠨ ᠠᠵᠤ ᠠᠮᠢᠳᠤᠷᠠᠯ ᠨᠠᠯᠢᠶᠠᠳ ᠲᠤᠷᠤᠶ᠋ᠢᠳᠠᠵᠤ᠂ ᠡᠮ᠎ᠡ ᠦᠷ᠎ᠡ ᠦᠭᠦᠵᠤ ᠦᠯᠵᠡᠢ ᠪᠤᠰᠤ ᠶᠠᠪᠤᠳᠠᠯ ᠲᠠᠪᠬᠤᠴᠠᠭᠰᠠᠨ᠎ᠠᠴᠠ ᠦᠨᠳᠦᠰᠦᠳᠠᠨ᠎ᠤ᠎ᠪᠠᠨ ᠲᠡᠤᠬᠡ ᠵᠢ ᠰᠣᠳᠣᠯᠵᠣ ᠪᠢᠴᠢᠭ᠎ᠤᠨ ᠵᠤᠬᠢᠶᠠᠯ ᠵᠶ᠋ᠠᠷ ᠰᠡᠳᠬᠢᠯ ᠵᠶ᠋ᠠᠨ ᠰᠠᠭ᠋ᠠᠳᠠᠭᠤᠯᠬᠤ ᠪᠤᠯᠵᠠᠢ᠃ ᠠ᠋ᠭᠦᠨ᠎ᠠᠴᠠ ᠦᠨᠳᠦᠰᠦᠳᠠᠨ᠎ᠤ᠎ᠪᠠᠨ ᠠᠷᠠᠳ ᠲᠦᠮᠡᠨ᠎ᠢ ᠰᠡᠬᠡᠬᠡᠷᠡᠬᠦᠯᠵᠤ ᠦᠨᠳᠦᠰᠦᠳᠠᠨ᠎ᠤ ᠲᠠᠷᠤᠯᠠᠯᠢ ᠠ᠋ᠰᠡᠷᠬᠦᠴᠠᠵᠣ ᠪᠤᠯᠬᠤ ᠵᠢᠮ᠎ᠠ ᠬᠠᠤᠯᠢ ᠵᠢ ᠮᠡᠳᠡᠵᠤ᠂ 《ᠬᠦᠬᠡ ᠰᠣᠳᠣᠷ》᠎ᠢ ᠪᠢᠴᠢᠭᠰᠡᠨ ᠪᠦᠭᠡᠳ ᠢᠯᠡ᠎ᠪᠠᠷ ᠬᠡᠯᠡᠵᠤ ᠴᠢᠳᠠᠳᠠᠭ ᠦᠭᠡᠢ ᠦᠭᠡ᠎ᠪᠠᠨ 《ᠨᠢᠬᠡᠨ ᠲᠠᠪᠬᠤᠷ ᠠᠰᠠᠷ》᠎ᠤᠨ ᠤᠷᠠᠨ ᠲᠦᠷᠰᠦᠯᠡᠯ ᠵᠶ᠋ᠠᠷ ᠲᠠᠮᠵᠢᠭᠤᠯᠵᠤ ᠬᠡᠷᠡᠭᠯᠡᠬᠦ ᠭᠠᠵᠠᠷ ᠠ᠋ᠰᠡ ᠤᠯᠳᠠᠭᠰᠠᠨ ᠠ᠋ᠷᠳᠡᠮ ᠵᠶ᠋ᠠᠨ ᠤᠷᠠᠨ ᠵᠤᠬᠢᠶᠠᠯ ᠵᠶ᠋ᠠᠷ ᠦᠵᠡᠬᠦᠯᠦᠭᠰᠡᠨ ᠪᠠᠶ᠋ᠢᠨ᠎ᠠ᠃ ᠲᠡᠭᠦᠨᠴᠢᠯᠠᠨ ᠲᠤᠰ ᠵᠤᠬᠢᠶᠠᠯ᠎ᠳᠤ᠎ᠪᠠᠨ ᠵᠦᠪᠬᠡᠨ ᠨᠠᠶ᠋ᠢᠬᠡᠮ᠎ᠤᠨ ᠵᠢᠵᠢᠭ ᠰᠡᠵᠢᠭ ᠦᠵᠡᠭᠳᠡᠯᠤᠳᠢ ᠲᠡᠭᠦᠪᠦᠷᠢᠯᠡᠨ ᠪᠢᠴᠢᠭᠰᠡᠨ ᠪᠢᠰᠢ᠂ ᠬᠠᠷᠢᠨ ᠲᠡᠷᠡ ᠦᠶ᠎ᠠ ᠵᠢᠨ ᠦᠪᠦᠷ ᠮᠤᠩᠭᠤᠯ ᠤᠷᠤᠨ᠂ ᠭᠤᠪᠢ ᠵᠢᠨ ᠠ᠋ᠮᠦᠨ᠎ᠡ᠎ᠳᠦ ᠤᠷᠤᠨ᠎ᠤ ᠹᠸᠤᠳᠠᠯ ᠢᠵᠠᠭᠤᠷᠳᠠᠨᠤ ᠲᠦᠪᠯᠡᠷᠡᠭᠰᠡᠨ ᠰᠢᠨᠵᠢ ᠪᠤᠯᠤᠭᠴᠢ ᠦᠪᠡᠷ᠎ᠤᠨ ᠭᠡᠷ — 《ᠰᠢᠳᠤᠷᠭᠤ ᠪᠠᠳᠦ ᠬᠤᠷᠤᠭ᠎ᠠ》 ᠵᠢ ᠲᠦᠷᠰᠣᠯᠡᠨ ᠪᠢᠴᠢᠪᠠ᠃
《ᠨᠢᠬᠡᠨ ᠲᠠᠪᠬᠤᠷ ᠠᠰᠠᠷ》᠎ᠲᠤ ᠢᠨᠵᠠᠨᠨᠠᠰᠢ ᠵᠢᠨ ᠬᠡᠷ ᠪᠦᠯᠢ ᠵᠢᠨ᠎ᠬᠢᠨ᠎ᠤ ᠰᠠᠭᠦᠳᠡᠷ ᠬᠠᠷᠠᠭᠳᠠᠵᠤ ᠪᠠᠢ᠍ᠢ᠍ᠳᠠᠬ᠃ ᠵᠢᠱ᠌ᠢᠶᠠᠯᠠᠪᠠᠯ᠂ ᠪᠸᠢ ᠠ᠋ᠾᠸᠤ ᠵᠢᠨ ᠠᠪᠤ ᠪᠸᠢ ᠳ᠋ᠤᠸᠠᠨ ᠪᠣᠯ ᠢᠨᠵᠠᠨᠨᠠᠰᠢ ᠵᠢᠨ ᠠ᠋ᠯᠤᠴᠠ ᠡᠪᠦᠭᠡ ᠲᠤᠨᠳᠤᠪᠢ ᠵᠢᠭ᠋ᠠᠭᠰᠠᠨ᠂ ᠫᠦ᠋ ᠢᠤᠢ ᠵᠢᠨ ᠬᠠᠳᠠᠮ ᠠᠪᠤ ᠰᠦ᠍ ᠵᠢᠶᠸ ᠳ᠋ᠦ᠋ ᠪᠤᠯ ᠢᠨᠵᠠᠨᠨᠠᠰᠢ ᠵᠢᠨ ᠲᠡᠭᠡᠳᠦᠰ᠎ᠤᠨ ᠬᠠᠳᠠᠮ ᠪᠤᠯᠬᠤ ᠵᠡᠭᠦᠨ ᠲᠦᠮᠡᠳ᠎ᠤᠨ ᠸᠠᠩ ᠰᠣᠳᠨᠤᠮᠪᠠᠯᠵᠣᠷᠤᠨ ᠨᠠᠷᠠ᠎ᠠᠴᠠ ᠠᠰᠢᠭᠯᠠᠭᠰᠠᠨ᠃ ᠰᠦ᠍ ᠵᠢᠶᠸ ᠳ᠋ᠦ᠋ ᠵᠢᠨ ᠬᠦᠪᠡᠬᠦᠨ ᠭᠤᠤ ᠯᠦᠢ᠎ᠨᠢ ᠲᠦᠮᠡᠳ᠎ᠤᠨ ᠲᠤᠤᠷ᠎ᠠ ᠦᠶ᠎ᠠ ᠵᠢᠨ ᠸᠠᠩ ᠭᠤᠴᠤᠷᠠᠨᠭ᠌ᠪᠠ ᠪᠤᠯᠤᠨ᠎ᠠ᠃ ᠫᠦ᠋ ᠢᠤᠢ ᠵᠢᠨ ᠲᠦᠷᠦᠭᠰᠠᠨ ᠠ᠋ᠳᠦᠷ ᠪᠤᠯᠬᠤ᠂ ᠢᠯᠠᠩᠭᠤᠶ᠎ᠠ ᠪᠸᠢ ᠠ᠋ᠾᠸᠤ ᠵᠢᠨ ᠴᠡᠷᠢᠭ᠎ᠤᠨ ᠲᠦᠰᠢᠮᠠᠯ ᠪᠤᠯᠤᠭᠰᠠᠨ ᠬᠢᠬᠡᠳ ᠫᠦ᠋ ᠢᠤᠢ ᠵᠢᠨ ᠭᠤᠷᠪᠠᠨ ᠠ᠋ᠬᠡᠨᠡᠷ ᠠᠪᠤᠭᠰᠠᠨ ᠯᠦ᠍ ᠮᠸᠢ᠂ ᠴᠢᠨ ᠮᠦᠸᠸ ᠨᠡᠷ ᠴᠦᠮ ᠵᠢᠶᠠᠨ ᠴᠠᠩ ᠭᠠᠵᠠᠷ ᠨᠤᠳᠤᠭ᠎ᠲᠠᠢ᠂ ᠫᠦ᠋ ᠢᠤᠢ ᠲᠡᠭᠡᠳᠦᠰ᠎ᠤᠨ ᠵᠶ᠋ᠠᠨ ᠨᠠᠰᠤ ᠨᠦᠭᠴᠢᠭᠰᠡᠨ ᠤᠢ᠎ᠳᠤ 《ᠠ᠋ᠾᠦ᠋ᠢ ᠨᠢᠩ ᠰᠸ ᠰᠦᠮ᠎ᠠ》᠎ᠳᠤ ᠬᠦᠵᠢ ᠰᠢᠳᠡᠭ᠋ᠠᠷᠠ ᠣᠴᠢᠭᠰᠠᠨ ᠬᠡᠰᠡᠨ ᠪᠠ ᠵᠢᠴᠢ ᠡ᠊ᠨᠡ ᠵᠤᠬᠢᠶᠠᠯ᠎ᠢ ᠤᠯᠠᠨ ᠵᠢᠯ ᠰᠣᠳᠣᠯᠣᠨ ᠣᠡᠭᠰᠢᠭ᠍ᠰᠠᠨ ᠡᠪᠣᠭᠡᠳ ᠨᠠᠰᠤᠳᠠᠨ᠎ᠠᠴᠠ ᠦᠪᠡᠷ᠎ᠠ ᠪᠤᠰᠤᠳ ᠬᠦᠮᠦᠰ᠎ᠤᠨ ᠤᠭ ᠢᠷᠠᠯᠢ ᠮᠠᠰᠢ ᠤᠯᠠᠨ ᠠᠷᠪᠢᠨ ᠢᠯᠡᠴᠢᠯᠡᠨ ᠭᠠᠷᠭ᠋ᠠᠵᠤ ᠪᠠᠶ᠋ᠢᠳᠠᠭ ᠪᠢᠯᠡ᠃
ᠠ᠋ᠬᠦᠨ᠎ᠤ ᠬᠠᠮᠳᠤ᠂ ᠢᠨᠵᠠᠨᠨᠠᠰᠢ ᠦᠪᠡᠷ᠎ᠤᠨ ᠦᠡᠭᠭᠡᠷᠡᠯᠳᠡ᠎ᠪᠠᠷ ᠵᠶ᠋ᠠᠨ ᠰᠡᠳᠤᠪᠯᠠᠨ 《ᠤᠯᠠᠭ᠋ᠠᠨ ᠠ᠋ᠭᠦᠯᠡᠨᠤ ᠨᠢᠯᠪᠣᠰᠤᠨ》 ᠬᠡᠬᠦ ᠤᠤᠭ᠋ᠠᠨ ᠷᠤᠮᠠᠨ ᠵᠶ᠋ᠠᠨ ᠪᠢᠴᠢᠭᠰᠡᠨ᠎ᠠᠴᠠ ᠭᠠᠳᠠᠨ᠎ᠠ ᠪᠠᠰᠠ 《ᠰᠠᠷᠠᠨ ᠬᠦᠬᠦᠬᠡ ᠵᠢᠨ ᠱᠠᠰᠳᠢᠷ》 ᠬᠡᠬᠦ ᠲᠤᠭᠤᠵᠢ ᠵᠢ ᠲᠤᠭᠤᠷᠪᠢᠨ ᠪᠢᠴᠢᠪᠠ᠃ ᠡ᠊ᠨᠠ ᠬᠦ᠌ ᠷᠤᠮᠠᠨ ᠪᠠ ᠲᠤᠭᠤᠵᠢᠳᠤᠪᠠᠨ ᠲᠤᠬᠠᠢ ᠵᠢᠨ ᠦᠶ᠎ᠠ ᠵᠢᠨ ᠢᠨᠠᠭ ᠲᠤᠷᠠᠯᠠᠯ ᠪᠠ ᠦᠵᠡᠯᠳᠡ ᠲᠠᠨᠢᠯᠳᠠ᠎ᠪᠠᠨ ᠦᠨᠠᠨ ᠪᠤᠳᠠᠳᠠᠢ᠎ᠪᠠᠷ ᠵᠢᠷᠤᠭᠯᠠᠨ ᠬᠠᠷᠠᠭᠤᠯᠵᠤ ᠲᠤᠭᠤᠵᠢᠰ᠎ᠤᠨ ᠵᠤᠬᠢᠶᠠᠯ᠎ᠤᠨ ᠲᠠᠯ᠎ᠠ᠎ᠪᠠᠷ᠎ᠬᠢ ᠠᠪᠢᠶᠠᠰ ᠪᠢᠯᠢᠭ ᠵᠶ᠋ᠠᠨ ᠢᠯᠠᠷᠠᠬᠦᠯᠵᠠᠢ᠃
ᠠ᠋ᠬᠦᠨ᠎ᠠᠴᠠ ᠦᠵᠡᠬᠦ᠎ᠳᠤ᠂ ᠢᠨᠵᠠᠨᠨᠠᠰᠢ ᠵᠢᠨ ᠲᠣᠰ ᠪᠡᠶ᠎ᠠ ᠵᠢᠨ ᠠᠮᠢᠳᠤᠷᠠᠯ᠎ᠤᠨ ᠦᠡᠭᠭᠡᠷᠡᠯᠳᠠ ᠵᠢ ᠮᠡᠳᠡᠪᠡᠯ ᠲᠡᠬᠦᠨ᠎ᠤ ᠠᠳᠠᠯᠢ ᠪᠤᠰᠤ ᠴᠠᠭ ᠦᠶ᠎ᠠ᠎ᠳᠤ᠎ᠬᠢ ᠵᠤᠬᠢᠶᠠᠯ ᠪᠦᠳᠦᠭᠡᠯ᠎ᠤᠨ ᠠᠭᠤᠯᠭ᠎ᠠ᠂ ᠦᠵᠡᠯ ᠰᠠᠨᠠᠭ᠎ᠠ ᠵᠢ ᠰᠣᠳᠣᠯᠵᠣ ᠤᠶ᠋ᠢᠯᠠᠭ᠋ᠠᠬᠤ᠎ᠳᠤ ᠴᠢᠬᠤᠯᠠ ᠦᠢ᠍ᠯᠠᠳᠣᠯ ᠦᠵᠡᠬᠦᠯᠦᠨ᠎ᠠ᠃
ᠬᠤᠶᠠᠷ᠂ ᠨᠠᠮᠳᠠᠷ ᠲᠡᠤᠬᠡ ᠵᠢᠨ ᠰᠣᠳᠣᠯᠬᠤ ᠠᠷᠭ᠎ᠠ᠎ᠨᠢ ᠵᠤᠬᠢᠶᠠᠭᠴᠢ ᠵᠢᠨ ᠶᠢᠷᠳᠢᠨᠴᠦ᠎ᠳᠤ ᠬᠠᠨᠳᠤᠬᠤ ᠤᠪᠤᠷ ᠵᠶ᠋ᠠᠷ᠎ᠨᠢ ᠲᠠᠮᠵᠢᠭᠤᠯᠵᠤ ᠵᠤᠬᠢᠶᠠᠯ ᠪᠦᠳᠦᠭᠡᠯ᠎ᠢ᠎ᠨᠢ ᠰᠣᠳᠣᠯᠤᠨ᠎ᠠ᠃ ᠭᠤᠤᠯᠳᠠᠭᠤ ᠵᠤᠬᠢᠶᠠᠭᠴᠢ ᠵᠢᠨ ᠠᠮᠢᠳᠤᠷᠠᠭ᠍ᠤᠢ ᠵᠢᠨ ᠦᠵᠡᠯᠳᠠ᠂ ᠤᠯᠤᠰ ᠲᠦᠷᠦ ᠵᠢᠨ ᠦᠵᠡᠯᠳᠡ᠂ ᠤᠨᠤᠯ ᠰᠢᠬᠦᠮᠵᠢᠯᠡᠬᠦᠢ ᠵᠢᠨ ᠦᠵᠡᠯᠳᠡ᠎ᠪᠠᠷ ᠲᠡᠮᠵᠢᠵᠤ ᠵᠤᠬᠢᠶᠠᠯ ᠪᠦᠳᠦᠬᠡᠯ᠎ᠢ᠎ᠨᠢ ᠰᠣᠳᠣᠯᠬᠤ ᠵᠢ ᠬᠡᠯᠡᠨ᠎ᠡ᠃ ᠵᠤᠬᠢᠶᠠᠭᠴᠢ ᠵᠢᠨ ᠦᠪᠡᠷ᠎ᠤᠨ ᠪᠡᠶ᠎ᠠ᠎ᠪᠠᠷ ᠦᠡᠭᠭᠡᠷᠡᠬᠦᠯᠦᠭᠰᠡᠨ ᠦᠡᠭᠭᠡᠷᠡᠯᠳᠡ᠎ᠨᠢ ᠲᠡᠬᠦᠨ᠎ᠤ ᠦᠪᠡᠷ᠎ᠤᠨ ᠪᠡᠶ᠎ᠠ ᠵᠢᠨ ᠪᠤᠳᠠᠳᠠᠢ ᠦᠢ᠍ᠯᠡᠳᠦᠯᠬᠡ ᠮᠦᠨ᠃ ᠬᠡᠭᠦᠳᠤᠪᠠᠨ ᠵᠤᠬᠢᠶᠠᠭᠴᠢ ᠦᠪᠡᠷ᠎ᠤᠨ ᠠᠮᠢᠳᠤᠷᠠᠯ᠎ᠤᠨ ᠲᠤᠮᠳᠠᠬᠢ ᠵᠡᠷᠢᠮ ᠦᠡᠭᠭᠡᠷᠡᠯᠳᠡ ᠵᠢ ᠵᠤᠷᠢᠯᠭ᠎ᠠ᠎ᠲᠠᠢ ᠪᠤᠶᠤ ᠵᠤᠷᠢᠯᠭ᠎ᠠ ᠦᠭᠡᠢ᠎ᠪᠠᠷ ᠰᠣᠩᠭᠤᠯᠳᠠ ᠬᠢᠬᠦ ᠪᠤᠶᠤ ᠬᠡᠰᠡᠭᠯᠡᠨ ᠠᠪᠴᠦ ᠵᠤᠬᠢᠶᠠᠯ ᠪᠦᠳᠦᠭᠡᠯ᠎ᠳᠤ᠎ᠪᠠᠨ ᠬᠡᠷᠡᠭᠯᠡᠳᠡᠭ ᠪᠠᠶ᠋ᠢᠨ᠎ᠠ᠃ ᠠ᠋ᠭᠦᠨ᠎ᠢ ᠵᠤᠬᠢᠶᠠᠭᠴᠢ ᠵᠢᠨ ᠨᠠᠮᠳᠠᠷ ᠲᠡᠤᠬᠡ᠎ᠠᠴᠠ ᠠ᠋ᠳᠦᠢ ᠲᠡᠳᠦᠢ ᠤᠯᠵᠤ ᠬᠠᠷᠠᠳᠠᠭ᠃ ᠬᠡᠳᠡᠯ᠎ᠡ ᠵᠤᠬᠢᠶᠠᠭᠴᠢ ᠵᠢᠨ ᠶᠢᠷᠳᠢᠨᠴᠦ᠎ᠳᠤ ᠬᠠᠨᠳᠣᠬᠤ ᠦᠵᠡᠯᠳᠡ ᠵᠢ ᠪᠤᠯ ᠶᠠᠮᠠᠷ ᠨᠢᠬᠡᠨ ᠠᠷᠭ᠎ᠠ ᠵᠶ᠋ᠠᠷ ᠲᠡᠮᠵᠢᠭᠤᠯᠵᠤ ᠢᠯᠡᠳᠬᠡᠵᠤ ᠪᠤᠯᠳᠠᠭ᠃ ᠵᠤᠬᠢᠶᠠᠭᠴᠢ ᠶᠢᠷᠳᠢᠨᠴᠤ ᠵᠢᠨ ᠦᠵᠡᠯᠳᠡ᠎ᠪᠠᠨ ᠶᠠᠮᠠᠷ ᠨᠢᠬᠡᠨ ᠲᠠᠯᠠᠪᠤᠷ᠎ᠲᠤ ᠰᠢᠭᠤᠳ ᠢᠯᠡᠳᠬᠡᠭᠦ ᠪᠤᠶᠤ ᠠ᠋ᠰᠡᠬᠦᠯ᠎ᠡ ᠵᠤᠬᠢᠶᠠᠯ ᠪᠦᠳᠦᠭᠡᠯ᠎ᠤᠨ ᠦᠵᠡᠯ ᠰᠡᠳᠬᠢᠯᠭᠡ ᠵᠢᠨ ᠲᠤᠮᠳᠠ᠎ᠪᠠᠨ ᠰᠢᠭᠤᠳ ᠪᠤᠶᠤ ᠲᠠᠮ ᠵᠶ᠋ᠠᠷ ᠢᠯᠡᠷᠡᠬᠦᠯᠦᠨ ᠭᠠᠷᠭ᠋ᠠᠳᠠᠭ᠃ ᠶᠠᠷᠢᠶᠠᠨ ᠦᠭᠡᠢ ᠮᠡᠷᠬᠡᠨ ᠵᠤᠬᠢᠶᠠᠭᠴᠢ ᠶᠡᠷᠣᠨᠢ ᠦᠪᠡᠷ᠎ᠤᠨ ᠤᠯᠤᠰ ᠲᠦᠷᠦ ᠵᠢᠨ ᠦᠵᠡᠯ᠂ ᠠᠮᠢᠳᠦᠷᠠᠬᠤᠢ ᠵᠢᠨ ᠦᠵᠡᠯ ᠵᠶ᠋ᠠᠨ ᠦᠪᠡᠷ᠎ᠤᠨ ᠵᠤᠬᠢᠶᠠᠯ ᠪᠦᠳᠦᠭᠡᠯ᠎ᠤᠨ ᠦᠢ᠍ᠯᠡ ᠶᠠᠪᠤᠳᠠᠯ ᠪᠤᠯᠤᠨ ᠲᠦᠷᠢ ᠵᠢᠨ ᠬᠠᠷᠢᠴᠠᠭ᠋ᠠᠨ᠎ᠤ ᠲᠤᠮᠳᠠ ᠠᠭᠤᠰᠬᠠᠨ ᠰᠢᠩᠭᠡᠭᠡᠳᠡᠭ᠃ ᠲᠠᠶ᠋ᠢᠮᠦᠠᠴᠠ ᠵᠤᠬᠢᠶᠠᠭᠴᠢ ᠵᠢᠨ ᠶᠢᠷᠳᠢᠨᠴᠦ᠎ᠳᠤ ᠬᠠᠨᠳᠤᠬᠤ ᠦᠵᠡᠯᠳᠡ ᠵᠢ ᠨᠡᠬᠡᠮᠵᠢᠯᠡᠨ ᠠᠰᠠᠭᠤᠬᠤ᠎ᠨᠢ ᠵᠤᠬᠢᠶᠠᠯ ᠪᠦᠳᠦᠭᠡᠯ᠎ᠢ ᠲᠠᠶ᠋ᠢᠯᠪᠤᠷᠢᠯᠠᠭ᠍ᠤ᠎ᠳᠤ ᠠᠰᠢᠭᠳᠠᠢ ᠪᠠᠶ᠋ᠢᠳᠠᠭ᠃
ᠢᠨᠵᠠᠨᠨᠠᠰᠢ ᠪᠤᠯ ᠪᠢᠴᠢᠭ᠎ᠤᠨ ᠰᠤᠷᠭ᠋ᠠᠯ᠎ᠤᠨ ᠨᠦᠯᠦᠭᠡ ᠵᠢ ᠬᠦᠷᠳᠡᠭᠰᠡᠨ ᠶᠤᠮ᠂ ᠲᠤᠬᠠᠢ ᠵᠢᠨ ᠦᠶ᠎ᠠ ᠵᠢᠨ ᠨᠠᠶ᠋ᠢᠬᠡᠮ᠂ ᠠᠩᠬᠢ ᠵᠢᠨ ᠪᠠᠶ᠋ᠢᠷᠢ ᠵᠢᠨ ᠬᠤᠪᠢᠷᠠᠯᠳᠠ ᠬᠢᠭᠡᠳ ᠬᠤᠪᠢ ᠪᠡᠶ᠎ᠠ ᠵᠢᠨ ᠤᠴᠠᠷᠠᠯ ᠲᠤᠬᠢᠶᠠᠯᠳᠣᠯ᠎ᠨᠢ ᠢᠨᠵᠠᠨᠨᠠᠰᠢ ᠵᠢᠨ ᠵᠤᠬᠢᠶᠠᠯ ᠪᠦᠳᠦᠭᠡᠯ᠎ᠤᠨ ᠠ᠋ᠬᠢ ᠰᠤᠷᠪᠤᠯᠵᠢ ᠪᠠ ᠤᠨᠤᠯ᠎ᠤᠨ ᠰᠠᠭᠤᠷᠢ ᠪᠤᠯᠤᠭᠰᠠᠨ ᠶᠤᠮ᠃ ᠬᠡᠬᠦ᠎ᠳᠤ᠎ᠪᠠᠨ ᠢᠨᠵᠡᠨᠨᠠᠰᠢ ᠵᠢᠨ ᠦᠭᠦᠯᠡᠯ ᠰᠢᠬᠦᠮᠵᠢ᠎ᠳᠤ ᠢᠯᠡᠷᠬᠡᠶ᠋ᠢᠯᠡᠭᠰᠡᠨ ᠦᠵᠡᠯ ᠬᠢᠭᠡᠳ ᠤᠷᠠᠨ ᠪᠦᠳᠦᠭᠡᠯ᠎ᠳᠤ᠎ᠪᠠᠨ ᠲᠡᠪᠰᠢᠬᠦᠯᠦᠭᠰᠡᠨ ᠰᠠᠨᠠᠭ᠎ᠠ ᠵᠢᠴᠢ ᠬᠤᠯᠪᠤᠭᠳᠠᠯ ᠪᠦᠭᠦᠢ ᠪᠤᠰᠤᠳ ᠮᠠᠲᠸᠷᠢᠶᠠᠯ᠎ᠢ ᠠᠵᠢᠭᠯᠠᠪᠠᠯ᠂ ᠢᠨᠵᠠᠨᠨᠠᠰᠢ ᠵᠢᠨ ᠦᠵᠡᠯᠳᠠ᠎ᠨᠢ ᠨᠡᠯᠢᠶᠡᠳ ᠠ᠋ᠬᠡᠳᠡᠷᠡᠬᠡᠨ ᠪᠤᠳᠤᠯᠢᠶᠠᠨᠳᠠᠢ ᠪᠠᠶ᠋ᠢᠳᠠᠬ᠃
ᠠ᠋ᠩ ᠲᠡᠷᠢᠬᠦᠨ᠎ᠳᠤ᠂ ᠢᠨᠵᠠᠨᠨᠠᠰᠢ ᠪᠤᠯ ᠨᠢᠭᠡᠨ ᠦᠨᠳᠦᠰᠦᠳᠡᠨ᠎ᠤ ᠠ᠋ᠷᠬᠡ ᠴᠢᠯᠦᠬᠡ᠂ ᠦᠨᠳᠦᠰᠦᠳᠡᠨ᠎ᠤ ᠬᠦᠴᠦᠷᠬᠡᠭᠵᠢᠯᠢ ᠬᠦᠰᠡᠨ ᠠ᠋ᠷᠡᠮᠡᠯᠵᠡᠯᠡᠭᠰᠡᠨ ᠦᠨᠳᠦᠰᠦᠳᠠᠨ᠎ᠤ ᠦᠵᠡᠯᠳᠡᠨ ᠮᠦᠨ᠃ 《ᠬᠦᠬᠡ ᠰᠤᠳᠤᠷ》᠎ᠤᠨ ᠲᠤᠪᠴᠢᠳᠦ ᠲᠤᠯᠳᠤ ᠵᠢᠨ ᠭᠤᠳᠠᠭ᠋ᠠᠷ ᠠᠩᠬᠢ᠎ᠳᠤ᠂ ᠮᠠᠨᠵᠤ ᠴᠢᠩ᠎ᠤᠨ ᠹᠸᠣᠳᠡᠯ ᠨᠤᠶᠠᠷᠬᠠᠭᠴᠢᠳ᠎ᠤᠨ ᠶᠠᠯ᠎ᠠ ᠭᠡᠮ᠎ᠢ ᠢᠯᠡᠴᠢᠯᠡᠨ ᠰᠢᠬᠦᠮᠵᠢᠯᠡᠬᠦᠳᠤᠪᠠᠨ᠄ ᠴᠢᠩ ᠤᠯᠤᠰ᠎ᠤᠨ ᠵᠠᠰᠠᠭ᠎ᠤᠨ ᠭᠠᠵᠠᠷ᠂ ᠮᠤᠩᠭᠤᠯᠴᠤᠳ᠎ᠤᠨ ᠲᠣᠳᠣᠷᠠᠬᠢ ᠹᠸᠤᠳᠠᠯ ᠢᠵᠠᠭᠤᠷᠳᠠᠨᠨᠤᠭᠤᠳᠢ 《ᠸᠠᠩ᠂ ᠪᠠᠶ᠋ᠢᠯ᠎ᠠ᠂ ᠪᠠᠶ᠋ᠢᠰᠠ᠂ ᠬᠦᠡᠭ ᠠ᠋ᠷᠬᠦᠮᠵᠢᠯᠡᠨ᠂ ᠬᠤᠭᠤᠰᠤᠨ ᠶᠡᠭᠡ ᠨᠡᠷ᠎ᠡ ᠠ᠋ᠷᠭᠦᠬᠡᠳ ᠬᠤᠪᠳᠤᠬᠯᠠᠭᠤᠯᠤᠨ ᠵᠠᠷᠤᠴᠠᠯᠠᠮᠦᠢ》 ᠬᠡᠵᠤ᠂ ᠮᠠᠨᠵᠣ ᠴᠢᠩ ᠤᠯᠤᠰ᠎ᠤᠨ ᠠ᠋ᠷᠬᠡ ᠲᠡᠭᠰᠢ ᠪᠤᠰᠤ ᠰᠢᠯᠭ᠋ᠠᠭᠤᠯᠢ ᠵᠢᠨ ᠲᠦᠷᠢᠮ᠎ᠳᠤ ᠠ᠋ᠭ᠌ᠳᠡᠭᠦᠦ ᠬᠦᠷᠴᠦ 《ᠡ᠊ᠨᠡ ᠲᠠᠶ᠋ᠢᠴᠢᠩ ᠤᠯᠤᠰᠲᠤᠷ ᠁ ᠤᠨᠴᠠ ᠮᠤᠩᠭᠤᠯ ᠲᠤᠭ᠋ᠠᠳᠠᠨ ᠪᠦᠬᠦᠨ᠎ᠢ ᠨᠢᠬᠡᠮᠦᠰᠦᠨ ᠦᠯᠦ ᠰᠢᠯᠭ᠋ᠠᠭᠤᠯᠬᠤ ᠠᠨ᠎ᠤ ᠶᠠᠮᠠᠷ ᠣᠴᠢᠷ ᠪᠤᠯᠪᠠ?》 ᠬᠡᠮᠡᠨ ᠬᠠᠰᠬᠢᠷᠣᠨ᠂ 《ᠮᠤᠩᠭᠤᠯ᠎ᠠᠴᠠ ᠪᠢᠳᠠᠭᠤ ᠮᠤᠩᠬᠠᠭ ᠴᠦᠯᠢᠰ ᠪᠢᠳᠠᠭᠦᠯᠢᠬ᠂ ᠰᠢᠯᠭ᠋ᠠᠪᠡᠴᠦ ᠭᠠᠷᠬᠤ ᠬᠦᠮᠦᠨ ᠦᠬᠡᠢ ᠬᠡᠵᠤ ᠰᠢᠯᠭ᠋ᠠᠬᠤ ᠬᠠᠤᠯᠢ ᠠ᠋ᠰᠡ ᠲᠣᠭᠳᠠᠭ᠋ᠠᠪᠠ ᠬᠡᠬᠦᠯᠡ᠂ ᠪᠠᠰᠠ ᠡ᠊ᠨᠡ ᠶᠤᠸᠠᠨ ᠤᠯᠤᠰ᠎ᠤᠨ ᠦᠶᠠᠳᠤᠷ ᠪᠤᠭᠳᠠ ᠬᠠᠳᠤᠳ ᠲᠦᠷᠦᠵᠤ᠂ ᠲᠡᠯᠡᠬᠡᠢ ᠳ᠋ᠠᠬᠢᠨ᠎ᠢ ᠨᠢᠬᠡ ᠵᠠᠭᠤ ᠵᠢᠷᠠᠨ ᠬᠤᠶᠠᠷ ᠤᠨ ᠠᠮᠤᠭᠤᠯᠤᠨ ᠵᠠᠰᠠᠵᠤᠬᠤᠢ》᠂ 《ᠠ᠋ᠬᠦᠨ᠎ᠢ ᠪᠠᠰᠠ ᠪᠠᠶ᠋ᠢᠳᠣᠭ᠋ᠠᠢ᠂ ᠲᠠᠷᠤᠢ ᠮᠤᠩᠭᠤᠯ᠎ᠢ ᠰᠢᠭᠤᠳ ᠮᠤᠩᠬᠠᠭᠳᠤᠷ ᠠᠨ᠎ᠤ ᠰᠢᠭᠤᠳᠬᠠᠵᠤ ᠨᠢᠬᠡᠨ ᠲᠠᠰ᠎ᠢ ᠲᠠᠯᠪᠢᠭ᠋ᠠᠳ᠂ ᠤᠳᠤ ᠴᠡᠷᠢᠭ᠎ᠤᠨ ᠰᠤᠷᠭ᠋ᠠᠭᠤᠯᠢ᠎ᠪᠠᠷ ᠠᠪᠴᠤ ᠬᠡᠯᠡᠯᠴᠠᠪᠠᠰᠦ᠂ ᠮᠤᠩᠭᠤᠯ ᠬᠡᠳᠦᠢ ᠰᠡᠴᠡᠨ ᠮᠡᠷᠬᠡᠨ ᠤᠶᠤᠨ ᠪᠢᠯᠢᠭ ᠦᠭᠡᠢ ᠪᠤᠯᠪᠠᠴᠦ᠂ ᠬᠤᠨᠢᠨ᠎ᠤ ᠮᠢᠬ᠎ᠠ ᠵᠢᠨ ᠲᠠᠨᠡᠭ ᠲᠦᠬᠦᠬᠡᠢ ᠬᠦᠴᠦᠨ ᠢᠨᠤ ᠮᠠᠰᠢ ᠪᠡᠯᠡᠬᠡᠨ ᠪᠠᠶ᠋ᠢᠬᠤ ᠦᠭᠡᠢ ᠤᠤ? ᠣᠳᠣ ᠴᠡᠷᠢᠭ᠎ᠤᠨ ᠠ᠋ᠷᠳᠡᠮ ᠵᠶ᠋ᠠᠷ ᠮᠦᠨᠴᠦ ᠦᠯᠦ ᠰᠢᠯᠭ᠋ᠠᠭᠤᠯᠬᠤ ᠠᠨ᠎ᠤ ᠡ᠊ᠨᠡ ᠠ᠋ᠬᠡᠨᠡᠭᠳᠡ ᠶᠠᠭᠤᠨ᠎ᠤ ᠰᠢᠯᠳᠠᠭ᠋ᠠᠨ ᠪᠤᠯᠪᠠ》 ᠬᠡᠵᠤ 《ᠰᠤᠷᠴᠦ ᠮᠡᠳᠡᠬᠦᠢ ᠵᠢᠨ ᠵᠠᠮ᠎ᠢ ᠲᠠᠰᠦ ᠬᠠᠭ᠋ᠠᠭ᠋ᠠᠭᠰᠠᠨ ᠠᠨ᠎ᠤ ᠲᠦᠢ᠍ᠯ᠎ᠤᠨ ᠪᠤᠷᠤᠭᠤ》 ᠬᠡᠮᠡᠨ ᠪᠤᠷᠤᠭᠤᠰᠢᠶᠠᠭᠰᠠᠨ ᠪᠠᠶ᠋ᠢᠨ᠎ᠠ᠃ 《ᠤᠭ ᠢᠵᠠᠭᠤᠷ ᠵᠶ᠋ᠠᠨ ᠮᠠᠷᠳᠠᠵᠤ ᠪᠤᠯᠬᠤ ᠦᠭᠡᠢ》 ᠬᠡᠳᠡᠭ ᠵᠣᠬᠢᠶᠠᠯ᠎ᠳᠤ᠎ᠪᠠᠨ 《〈ᠮᠠᠨ᠎ᠤ ᠡ᠊ᠨᠡ ᠵᠡᠭᠦᠨ ᠭᠤᠷᠪᠠᠨ ᠴᠢᠭᠤᠯᠭ᠋ᠠᠨ ᠪᠠ ᠲᠠᠪᠤᠨ ᠬᠠᠷᠠᠴᠢᠨ᠎ᠤ ᠲᠠᠶ᠋ᠢᠵᠢ ᠲᠠᠪᠤᠨᠠᠩ᠎ᠤᠨ ᠲᠣᠳᠣᠷᠠᠬᠢ ᠸᠠᠩ ᠬᠦᠡᠭ ᠪᠠᠶ᠋ᠢᠯ᠎ᠠ ᠪᠠᠶ᠋ᠢᠰᠠ ᠵᠡᠷᠭᠡᠳᠡᠨ᠎ᠠᠴᠠ ᠲᠠᠷᠠᠭ᠋ᠠᠯᠠᠨ ᠲᠡᠷᠢᠭᠦᠨ ᠲᠡᠳ᠋ ᠭᠤᠳᠠᠭ᠋ᠠᠷ ᠲᠦᠳᠦᠭᠡᠷ ᠵᠡᠷᠭᠡ〉᠎ᠳᠤ ᠬᠦᠷᠳᠡᠯᠠᠬᠢ ᠬᠦᠮᠦᠰ᠎ᠠᠴᠠ ᠣᠭ ᠢᠵᠠᠭᠤᠷᠢᠨᠢ 〈ᠨᠡᠬᠡᠮᠵᠢᠯᠡᠨ ᠠᠰᠠᠭᠤᠪᠠᠰᠦ〉 ᠲᠡᠳᠡ ᠠ᠋ᠭᠡᠨᠡᠭᠳᠡ 〈ᠴᠦᠮ ᠪᠦᠷᠢᠨ ᠵᠶ᠋ᠠᠷ ᠪᠦᠭᠯᠡᠷᠡᠨ ᠴᠢᠭᠯᠡᠷᠡᠭᠦᠨ᠂ ᠲᠦᠳᠡᠵᠣ ᠲᠦᠷᠪᠢᠨ᠂ ᠠ᠋ᠶ᠋ᠢᠮᠦ ᠬᠡᠯᠦ᠂ ᠲᠡᠶ᠋ᠢᠮᠦ ᠬᠡᠯᠦ᠂ ᠬᠡᠯᠡᠢ ᠬᠡᠬᠦ᠎ᠠᠴᠠ ᠤᠭᠳᠦ ᠭᠠᠷᠴᠦ ᠴᠢᠳᠠᠭ᠍ᠤ ᠦᠭᠡᠢ》 ᠪᠠᠶ᠋ᠢᠳᠠᠭ ᠬᠡᠵᠤ ᠦᠨᠳᠦᠰᠦᠳᠡᠨ᠎ᠤ ᠮᠡᠳᠡᠷᠡᠯ ᠵᠶ᠋ᠠᠨ ᠠᠯᠳᠠᠭ᠋ᠠᠳ᠂ ᠤᠭ ᠢᠵᠠᠭᠤᠷ ᠵᠶ᠋ᠠᠨ ᠮᠡᠷᠳᠠᠭᠰᠠᠨ ᠬᠦᠮᠦᠰᠤᠳᠢ ᠦᠵᠡᠨ ᠶᠡᠳᠡᠵᠤ ᠵᠢᠭᠰᠢᠭᠰᠡᠨ ᠪᠠᠶ᠋ᠢᠨ᠎ᠠ᠃ ᠠ᠋ᠶ᠋ᠢᠮᠦ᠎ᠠᠴᠠ 《ᠬᠦᠬᠡ ᠰᠣᠳᠣᠷ》᠎ᠤᠨ ᠵᠶ᠋ᠠᠨ ᠲᠤᠪᠴᠢᠳᠦ ᠲᠤᠯᠳᠤ ᠵᠢᠨ ᠭᠤᠳᠠᠭ᠋ᠠᠷ ᠠᠩᠬᠢ᠎ᠳᠤ 《ᠬᠦᠮᠦᠨ ᠪᠦᠭᠡᠳ ᠦᠨᠳᠦᠰᠦᠳᠡᠨ ᠵᠶ᠋ᠠᠨ ᠦᠯᠦ ᠮᠡᠳᠡᠬᠦ ᠢᠨᠦ ᠠᠳᠤᠭᠤᠰᠤᠨ ᠪᠤᠶᠤ ᠲᠠᠶ᠋ᠢᠵᠢ ᠪᠦᠭᠡᠳ ᠡᠪᠦᠭᠡᠶᠦᠭᠡᠨ ᠦᠯᠦ ᠮᠡᠳᠡᠬᠦ ᠢᠨᠦ ᠮᠠᠯ ᠪᠤᠶᠤ᠂ ᠨᠢᠳᠦ ᠪᠤᠢ ᠪᠦᠭᠡᠳ ᠲᠡᠤᠬᠡᠶᠦᠭᠡᠨ ᠦᠯᠦ ᠦᠵᠡᠬᠦ ᠢᠨᠦ ᠰᠣᠬᠤᠷ ᠨᠤᠮ᠎ᠤᠨ ᠪᠤᠶᠤ᠂ ᠮᠡᠳᠡᠯᠳᠡᠢ ᠪᠦᠭᠡᠳ ᠢᠵᠠᠭᠤᠷ ᠵᠶ᠋ᠠᠨ ᠦᠯᠦ ᠰᠡᠳᠬᠢᠬᠦ ᠢᠨᠦ ᠮᠤᠩᠬᠠᠭ ᠭᠠᠭ᠍ᠠᠢ ᠪᠤᠶᠤ》 ᠬᠡᠪᠡ᠃ ᠡ᠊ᠨᠡ ᠮᠡᠳᠦ᠎ᠪᠠᠷ ᠢᠨᠵᠠᠨᠨᠠᠰᠢ ᠦᠪᠡᠷ᠎ᠤᠨ ᠦᠨᠳᠦᠰᠦᠳᠡᠨ ᠵᠶ᠋ᠠᠨ ᠬᠠᠶ᠋ᠢᠷᠠᠯᠠᠭ᠍ᠤ ᠰᠡᠳᠬᠢᠯᠬᠡ ᠦᠨᠳᠦᠰᠦᠳᠡᠨ᠎ᠤ᠎ᠪᠠᠨ ᠲᠦᠯᠦᠬᠡ ᠬᠡᠬᠦ ᠰᠡᠳᠬᠢᠯᠬᠡ᠎ᠪᠠᠨ ᠦᠪᠡᠷ᠎ᠤᠨ ᠵᠤᠬᠢᠶᠠᠯ ᠪᠦᠳᠦᠬᠡᠯᠳᠤᠪᠠᠨ ᠠᠭᠤᠰᠬᠠᠨ ᠰᠢᠩᠬᠡᠬᠡᠵᠤ᠂ ᠦᠨᠳᠦᠰᠦᠳᠡᠨ᠎ᠤ ᠲᠠᠷᠦᠯᠡᠯᠢ ᠠ᠋ᠰᠡᠷᠭᠦᠴᠡᠵᠤ᠂ ᠦᠨᠳᠦᠰᠦᠳᠡᠨ᠎ᠤ ᠠ᠋ᠷᠬᠡ ᠲᠡᠭᠰᠢ᠂ ᠦᠨᠳᠦᠰᠦᠳᠡᠨ᠎ᠤ ᠬᠦᠴᠦᠷᠬᠡᠭᠵᠢᠯᠢ ᠬᠦᠰᠡᠨ ᠠ᠋ᠷᠡᠮᠡᠯᠵᠡᠭᠰᠡᠨ ᠦᠵᠡᠯ ᠰᠡᠳᠬᠢᠯᠬᠡ᠎ᠪᠠᠨ ᠢᠯᠡᠳᠬᠡᠭᠰᠡᠨ ᠶᠤᠮ᠃
ᠲᠠᠷᠠᠭ᠋ᠠᠯᠠᠪᠠᠯ᠂ ᠢᠨᠵᠠᠨᠨᠠᠰᠢ ᠪᠤᠯ ᠨᠢᠬᠡᠨ ᠠᠷᠠᠳᠴᠢᠯᠠᠭᠰᠠᠨ ᠦᠵᠡᠯᠳᠡᠨ ᠮᠦᠨ᠃ ᠢᠨᠵᠠᠨᠨᠠᠰᠢ ᠵᠢᠨ ᠦᠵᠡᠯ ᠰᠠᠨᠠᠭ᠋ᠠᠨ᠎ᠤ ᠲᠤᠳᠤᠷ᠎ᠡ ᠬᠦᠮᠦᠰ᠎ᠤᠨ ᠬᠤᠭᠤᠷᠤᠨᠳᠤᠬᠢ ᠠ᠋ᠷᠬᠡ ᠲᠡᠭᠰᠢ ᠵᠢ ᠠ᠋ᠷᠬᠢᠮᠯᠡᠭᠰᠡᠨ ᠠᠷᠠᠳᠴᠢᠯᠠᠬᠰᠠᠨ ᠦᠵᠡᠯ ᠴᠤ᠌ ᠲᠤᠩ ᠴᠢᠬᠤᠯᠠ ᠪᠠᠶ᠋ᠢᠷᠢ ᠵᠢ ᠡᠵᠡᠯᠡᠨ᠎ᠠ᠃ ᠲᠡᠭᠦᠨ᠎ᠤ ᠠᠷᠠᠳᠴᠢᠯᠠᠬᠰᠠᠨ ᠦᠵᠡᠯ ᠪᠤᠯ ᠲᠤᠬᠠᠢ ᠵᠢᠨ ᠦᠶ᠎ᠡ᠎ᠳᠤ᠎ᠬᠢ ᠨᠠᠶ᠋ᠢᠬᠡᠮ᠎ᠤᠨ ᠵᠦᠷᠢᠴᠡᠯ ᠲᠡᠮᠡᠴᠡᠯ ᠪᠠ ᠲᠡᠭᠦᠨ᠎ᠤ ᠲᠤᠰ ᠪᠡᠶ᠎ᠠ ᠵᠢᠨ ᠬᠢᠨᠢ ᠤᠴᠠᠷᠠᠯ ᠲᠤᠬᠢᠶᠠᠯᠳᠣᠯ᠎ᠲᠠᠢ ᠬᠠᠷᠢᠴᠠᠭ᠎ᠠ᠎ᠲᠠᠢ ᠪᠠᠢ᠍ᠢ᠍ᠳᠠᠬ᠃
ᠢᠨᠵᠠᠨᠨᠠᠰᠢ 《ᠬᠦᠬᠡ ᠰᠤᠳᠤᠷ》᠎ᠲᠤ᠎ᠪᠠᠨ ᠠ᠋ᠮᠡᠭᠳᠡᠢ ᠬᠦᠮᠦᠨ᠎ᠤ ᠬᠢᠯᠡᠯᠵᠠᠨᠭ᠌ᠰᠠᠨ ᠲᠦᠷᠢ ᠵᠢ ᠨᠡᠯᠢᠶᠠᠳ ᠪᠢᠴᠢᠵᠤ ᠤᠷᠤᠭᠤᠯᠤᠭᠰᠠᠨ ᠪᠠᠶ᠋ᠢᠨ᠎ᠠ᠃ ᠨᠠᠢ᠍ᠮᠠᠨ᠎ᠤ ᠬᠤᠭ᠌ᠭᠤᠷᠵᠤᠯᠠ᠂ ᠬᠡᠷᠡᠶ᠋ᠢᠳ᠎ᠤᠨ ᠰᠤᠯᠤᠩᠭᠤᠸ᠎ᠠ ᠪᠠ ᠰᠤᠯᠤᠩᠭᠤᠰ᠎ᠤᠨ ᠰᠡᠷᠡᠨ ᠬᠦᠡᠭᠵᠤ ᠵᠢᠨ ᠲᠦᠷᠢ᠎ᠪᠠᠷ ᠲᠡᠮᠵᠢᠵᠦ᠂ ᠠ᠋ᠮᠡᠭᠳᠡᠶ᠋ᠢᠴᠤᠳᠤᠨ ᠠ᠋ᠷᠡᠰ ᠵᠤᠷᠢᠭ᠂ ᠠ᠋ᠷᠡᠯᠬᠡᠭ ᠪᠠᠭ᠋ᠠᠳᠦᠷ᠂ ᠤᠶᠤᠨ ᠤᠬᠠᠭ᠋ᠠᠨ ᠪᠠ ᠠ᠋ᠷᠳᠡᠮ ᠴᠢᠳᠡᠯᠢ ᠪᠢᠴᠢᠵᠠᠢ᠃ ᠬᠤᠭ᠌ᠭᠤᠷᠵᠤᠯᠠ ᠪᠠ ᠰᠤᠯᠤᠩᠭᠤᠸ᠎ᠠ ᠬᠡᠤᠬᠡᠨ ᠠ᠋ᠷᠡᠭᠳᠡᠢ ᠬᠦᠮᠦᠨ᠎ᠲᠠᠢ ᠠᠳᠠᠯᠢ᠎ᠪᠠᠷ ᠲᠠᠶ᠋ᠢᠨ ᠪᠠᠶ᠋ᠢᠯᠳᠣᠭ᠋ᠠᠨᠳᠤ ᠤᠷᠤᠯᠴᠠᠳᠠᠭ ᠪᠦᠭᠡᠳ ᠰᠤᠯᠤᠩᠭᠤᠸ᠎ᠠ᠂ ᠰᠠᠷᠠᠨ ᠭᠦᠡᠭᠵᠤ ᠬᠤᠶᠠᠭᠤᠯᠠ ᠲᠦᠷᠦ ᠵᠢᠨ ᠶᠡᠭᠡ ᠬᠡᠷᠡᠭ᠎ᠢ ᠠ᠋ᠷᠡᠭᠳᠡᠶ᠋ᠢᠴᠤᠳᠠᠴᠠ ᠴᠤ᠌ ᠢᠯᠡᠭᠦᠦ ᠰᠢᠢ᠍ᠳᠪᠦᠷᠢᠯᠡᠵᠤ ᠴᠢᠳᠡᠨ᠎ᠠ᠃ ᠢᠡᠭᠬᠢᠵᠤ ᠢᠨᠵᠠᠨᠨᠠᠰᠢ ᠠ᠋ᠮᠡᠭᠳᠠᠢ ᠬᠦᠮᠦᠨ᠎ᠤ ᠠ᠋ᠷᠳᠡᠮ ᠴᠢᠳᠠᠯ᠎ᠢ ᠦᠨᠡᠯᠡᠭᠰᠡᠨ ᠶᠠᠪᠤᠳᠡᠯ ᠪᠤᠯ ᠢᠨᠵᠠᠨᠨᠠᠰᠢ ᠵᠢᠨ ᠠ᠋ᠷᠡᠭᠳᠡᠢ ᠠ᠋ᠮᠡᠭᠳᠡᠢ ᠵᠢᠨ ᠠ᠋ᠷᠬᠡ ᠲᠡᠭᠰᠢ ᠪᠠᠶ᠋ᠢᠬᠤ ᠬᠡᠷᠡᠭᠳᠡᠢ ᠬᠡᠰᠡᠨ ᠠᠷᠠᠳᠴᠢᠯᠠᠭᠰᠠᠨ ᠦᠵᠡᠯ᠎ᠤᠨ ᠬᠢᠨᠢ ᠢᠯᠡᠷᠠᠯ ᠪᠤᠯᠤᠨ᠎ᠠ᠃ ᠢᠨᠵᠠᠨᠨᠠᠰᠢ ᠵᠢᠨ 《ᠨᠢᠬᠡᠨ ᠲᠠᠪᠬᠤᠷ ᠠᠰᠠᠷ》᠂ 《ᠤᠯᠠᠭ᠋ᠠᠨᠠ ᠤᠬᠢᠯᠠᠭ᠍ᠤ ᠲᠢᠩᠬᠢᠮ》 ᠪᠤᠯ ᠢᠨᠠᠭ᠎ᠤᠨ ᠠᠰᠠᠭᠤᠳᠠᠯ ᠵᠶ᠋ᠠᠷ ᠭᠤᠤᠯ ᠰᠡᠳᠦᠪ ᠪᠤᠯᠭ᠋ᠠᠭᠰᠠᠨ ᠵᠤᠬᠢᠶᠠᠯ ᠶᠤᠮ᠃ ᠫᠦ᠋ ᠢᠤᠢ ᠭᠤᠷᠪᠠᠨ ᠬᠡᠤᠬᠡᠨ᠎ᠲᠠᠢ ᠢᠨᠠᠭᠯᠠᠭᠰᠠᠨ ᠪᠤᠯᠪᠠᠴᠦ ᠡᠴᠦᠰ᠎ᠲᠤ᠎ᠪᠠᠨ ᠠᠯᠢᠨᠲᠠᠢᠨᠢ ᠴᠤ᠌ ᠤᠷᠤᠭᠯᠠᠵᠤ ᠴᠢᠳᠠᠭᠰᠠᠨ ᠦᠭᠡᠢ᠂ ᠬᠦᠰᠡᠭᠰᠡᠨ ᠪᠤᠳᠤᠯ ᠰᠠᠨᠠᠭᠰᠠᠨ ᠭᠡᠷᠡᠭ᠎ᠨᠢ ᠵᠡᠬᠦᠳᠦᠨ᠎ᠳᠤ ᠪᠡᠶᠡᠯᠡᠭᠳᠡᠬᠦ᠎ᠠᠴᠠ ᠪᠢᠰᠢ ᠪᠤᠳᠠᠳᠠᠢ ᠲᠡᠭᠡᠷ᠎ᠡ᠎ᠪᠠᠨ ᠪᠡᠶᠡᠯᠡᠭᠳᠡᠵᠤ ᠴᠢᠳᠠᠭ᠍ᠤ ᠦᠭᠡᠢ ᠭᠤᠨᠢᠭᠳᠤ ᠲᠡᠭᠦᠰᠭᠡᠯ ᠪᠤᠯᠤᠭᠰᠠᠨ ᠪᠠᠶ᠋ᠢᠨ᠎ᠠ᠃ ᠠ᠋ᠶ᠋ᠢᠮᠦᠷᠬᠦᠦ ᠭᠤᠨᠢᠬ᠎ᠳᠦ ᠲᠡᠭᠦᠰᠭᠡᠯ᠎ᠨᠢ ᠢᠨᠵᠡᠨᠨᠡᠰᠢ ᠵᠢᠨ ᠪᠤᠳᠠᠭ᠋ᠠᠯᠢ ᠴᠢᠨᠡᠷ᠎ᠢ ᠴᠢᠯᠦᠬᠡᠯᠡᠬᠦ ᠦᠵᠡᠯ ᠵᠶ᠋ᠠᠷ ᠹᠸᠤᠳᠡᠯᠤᠨ ᠣᠷᠤᠭ᠎ᠤᠨ ᠶᠣᠰᠣᠨ᠎ᠤ ᠶᠠᠯ᠎ᠠ ᠬᠡᠮ᠎ᠢ ᠢᠯᠡᠴᠢᠯᠡᠨ᠂ ᠠ᠋ᠷᠬᠡ ᠴᠢᠯᠦᠬᠡᠲᠠᠢ᠎ᠪᠠᠷ ᠣᠷᠤᠭ ᠪᠠᠷᠢᠯᠳᠣᠬᠤ ᠵᠢ ᠬᠦᠰᠡᠭᠰᠡᠨ ᠦᠵᠡᠯᠳᠡ᠎ᠨᠢ ᠪᠦᠬᠦ ᠵᠤᠬᠢᠶᠠᠯ᠎ᠤᠨ ᠦᠢ᠍ᠯᠡ ᠶᠠᠪᠤᠳᠠᠯ ᠪᠠ ᠵᠤᠬᠢᠶᠠᠯ᠎ᠤᠨ ᠪᠠᠭ᠋ᠠᠳᠤᠷ᠎ᠤᠨ ᠵᠠᠩ ᠴᠢᠨᠠᠷ ᠲᠡᠭᠡᠷ᠎ᠡ ᠢᠯᠡᠷᠡᠬᠦ ᠪᠦᠬᠡᠳ 《ᠨᠢᠬᠡᠨ ᠲᠠᠪᠬᠤᠷ ᠠᠰᠠᠷ》᠎ᠤᠨ ᠬᠤᠷᠢᠨ ᠶᠢᠰᠦᠳᠦᠭᠡᠷ ᠪᠦᠯᠦᠭ᠎ᠲᠤ ᠰᠦ᠍ ᠵᠢᠶᠸ ᠳ᠋ᠦ᠋ᠳᠤ ᠫᠦ᠋ ᠢᠤᠢ ᠵᠢᠨ ᠵᠤᠬᠢᠶᠠᠵᠤ ᠦᠵᠡᠭᠦᠯᠦᠭᠰᠡᠨ 《ᠴᠠᠭ᠋ᠠᠨ ᠠ᠋ᠭᠦᠯᠡᠨᠤ ᠰᠢᠯᠦᠭ》᠎ᠲᠤ ᠲᠦᠪᠯᠡᠷᠡᠨ ᠬᠠᠷᠠᠭᠳᠠᠨ᠎ᠠ᠃
ᠢᠨᠵᠡᠨᠨᠠᠰᠢ ᠵᠢᠨ ᠠᠷᠠᠳᠴᠢᠯᠠᠭᠰᠡᠨ ᠦᠵᠡᠯ ᠪᠤᠯ ᠬᠠᠭᠤᠴᠢᠨ ᠠᠷᠠᠳᠴᠢᠯᠠᠭᠰᠠᠨ ᠬᠤᠪᠢᠰᠬᠠᠯ᠎ᠤᠨ ᠦᠵᠡᠯ ᠰᠠᠨᠠᠭ᠋ᠠᠨ᠎ᠤ ᠤᠷᠤᠰᠬᠠᠯ᠎ᠳᠤ ᠪᠠᠭᠳᠠᠭ᠍ᠤ ᠠᠷᠠᠳᠴᠢᠯᠠᠭᠰᠠᠨ ᠦᠵᠡᠯ ᠮᠦᠨ᠃ ᠲᠡᠭᠦᠨ᠎ᠤ ᠡ᠊ᠨᠡ ᠠᠷᠠᠳᠴᠢᠯᠠᠭᠰᠠᠨ ᠦᠵᠡᠯ᠎ᠨᠢ ᠹᠸᠤᠳᠡᠯᠤᠨ ᠲᠠᠷᠤᠯᠠᠯ ᠪᠠ ᠶᠤᠰᠦ ᠰᠤᠷᠳᠠᠬᠤᠨ᠎ᠤ ᠠ᠋ᠰᠡᠷᠬᠦ ᠴᠢᠭᠯᠡᠭᠰᠡᠨᠤ ᠬᠤᠪᠢ᠎ᠳᠤ ᠲᠤᠬᠠᠢ ᠵᠢᠨ ᠦᠶ᠎ᠠ᠎ᠳᠤ᠎ᠪᠠᠨ ᠲᠠᠪᠰᠢᠩᠭᠤᠢ ᠠᠴᠢ ᠬᠤᠯᠪᠤᠭᠳᠠᠯ᠎ᠲᠠᠢ ᠪᠠᠶ᠋ᠢᠵᠤ ᠵᠤᠬᠢᠶᠠᠯ ᠪᠦᠳᠦᠭᠡᠯ᠎ᠳᠤ᠎ᠪᠠᠨ ᠤᠷᠠᠯᠢᠭ ᠵᠶ᠋ᠠᠷ ᠢᠯᠡᠷᠡᠬᠦᠯᠦᠭᠰᠡᠨ ᠪᠠᠶ᠋ᠢᠨ᠎ᠠ᠃
ᠭᠤᠷᠪᠠ᠂ ᠨᠠᠮᠳᠠᠷ ᠲᠡᠦᠭᠡ ᠵᠢᠨ ᠰᠤᠳᠤᠯᠬᠤ ᠠᠷᠭ᠎ᠠ᠎ᠨᠢ ᠵᠤᠬᠢᠶᠠᠭᠴᠢ ᠵᠢᠨ ᠠ᠋ᠬᠦᠳᠦᠨ ᠪᠦᠳᠦᠭᠡᠬᠦ ᠵᠤᠷᠢᠯᠭ᠎ᠠ᠎ᠠᠴᠠ ᠵᠤᠬᠢᠶᠠᠯ ᠪᠦᠳᠦᠭᠡᠯ᠎ᠢ ᠲᠠᠶ᠋ᠢᠯᠪᠤᠷᠢᠯᠠᠭ᠍ᠤ᠃ ᠵᠤᠬᠢᠶᠠᠭᠴᠢ ᠵᠤᠬᠢᠶᠠᠯ ᠪᠦᠳᠦᠭᠡᠯ ᠵᠶ᠋ᠠᠨ ᠠ᠋ᠬᠦᠳᠦᠨ ᠪᠦᠳᠦᠭᠡᠬᠦ᠎ᠠᠴᠠ ᠭᠠᠳᠠᠨ᠎ᠠ᠂ ᠦᠬᠦᠯᠡᠨ ᠪᠢᠴᠢᠬᠦ᠂ ᠠ᠋ᠳᠦᠷ᠎ᠤᠨ ᠲᠡᠮᠳᠡᠭᠯᠡᠯ᠂ ᠵᠡᠬᠢᠳᠡᠯ ᠪᠢᠴᠢᠬᠦ᠂ ᠶᠠᠷᠢᠯᠴᠠᠭ᠎ᠠ ᠵᠡᠷᠬᠡ ᠬᠡᠯᠪᠡᠷᠢ᠎ᠪᠠᠷ ᠲᠡᠮᠵᠢᠵᠣ ᠦᠪᠡᠷ᠎ᠤᠨ ᠠ᠋ᠭᠦᠳᠦᠨ ᠪᠦᠳᠦᠭᠡᠬᠦ ᠵᠤᠷᠢᠯᠭ᠎ᠠ᠎ᠪᠠᠨ ᠢᠯᠡᠳᠬᠡᠨ ᠭᠠᠷᠭ᠋ᠠᠳᠠᠭ᠃ ᠲᠡᠶ᠋ᠢᠮᠦ᠎ᠠᠴᠠ ᠵᠤᠬᠢᠶᠠᠭᠴᠢ ᠵᠢᠨ ᠠ᠋ᠭᠦᠳᠦᠨ ᠪᠦᠳᠦᠭᠡᠬᠦ ᠵᠤᠷᠢᠯᠭ᠎ᠠ ᠵᠢ ᠰᠣᠳᠣᠯᠬᠤ᠎ᠨᠢ ᠵᠤᠬᠢᠶᠠᠯ ᠪᠦᠳᠦᠬᠡᠯ᠎ᠤᠨ ᠭᠤᠤᠯ ᠰᠠᠨᠠᠭ᠎ᠠ ᠵᠢ ᠤᠯᠬᠤ᠎ᠳᠤ ᠠᠰᠢᠭᠳᠠᠢ᠃ ᠬᠡᠳᠦᠶ᠋ᠢᠪᠡᠷ ᠠ᠋ᠷᠳᠡᠨ᠎ᠤ ᠵᠤᠬᠢᠶᠠᠯᠴᠢᠳ ᠲᠤᠬᠠᠢ ᠵᠢᠨ ᠦᠶ᠎ᠡ ᠵᠢᠨ ᠨᠦᠬᠦᠴᠡᠯ ᠰᠢᠯᠳᠠᠭ᠋ᠠᠨ᠎ᠠᠴᠠ ᠪᠤᠯᠵᠤ ᠠ᠋ᠭᠦᠳᠦᠨ ᠪᠦᠳᠦᠭᠡᠯᠳᠡ ᠵᠢᠨ ᠲᠠᠨᠢᠯᠴᠠᠭᠤᠯᠭ᠎ᠠ ᠪᠠᠶ᠋ᠢᠬᠤ ᠦᠭᠡᠢ ᠪᠤᠯᠪᠠᠴᠦ ᠣᠳᠣᠬᠠᠨ᠎ᠤ ᠤᠯᠠᠩᠬᠢ ᠵᠤᠬᠢᠶᠠᠭᠴᠢᠳ ᠠ᠋ᠬᠦᠳᠦᠨ ᠪᠦᠳᠦᠭᠡᠬᠦ ᠵᠤᠷᠢᠯᠭ᠎ᠠ᠎ᠪᠠᠨ ᠰᠢᠭᠤᠳ ᠢᠯᠡᠳᠬᠡᠵᠤ᠂ ᠨᠠᠮᠳᠠᠷ ᠲᠡᠤᠬᠡ ᠵᠢᠨ ᠰᠣᠳᠣᠯᠭ᠋ᠠᠨ᠎ᠳᠤ ᠲᠦᠭᠦᠮ ᠦᠵᠡᠭᠦᠯᠵᠠᠢ᠃
ᠢᠨᠵᠠᠨᠨᠠᠰᠢ᠎ᠠᠴᠠ ᠦᠪᠡᠷ᠎ᠤᠨ ᠵᠶ᠋ᠠᠨ ᠬᠤᠯᠪᠤᠭᠳᠠᠯ ᠪᠦᠬᠦᠢ ᠵᠤᠬᠢᠶᠠᠯ ᠦᠬᠦᠯᠡᠯ᠎ᠤᠨ ᠲᠤᠳᠤᠷ᠎ᠠ᠂ ᠦᠪᠡᠷ᠎ᠤᠨ ᠦᠵᠡᠯᠳᠡ ᠲᠠᠨᠢᠯᠳᠠ᠎ᠪᠠᠨ ᠴᠦᠬᠡᠨ ᠪᠤᠰᠤ ᠲᠤᠷᠠᠳᠤᠭᠰᠠᠨ ᠪᠠᠶ᠋ᠢᠳᠠᠭ᠃ ᠢᠨᠵᠡᠨᠡᠰᠢ ᠵᠢᠨ ᠲᠡᠳᠡᠭᠡᠷ ᠦᠭᠡ ᠶᠠᠷᠢᠶ᠎ᠠ᠎ᠨᠢ ᠲᠡᠬᠦᠨ᠎ᠤ 《ᠬᠦᠬᠡ ᠰᠤᠳᠤᠷ》᠂ 《ᠨᠢᠬᠡᠨ ᠲᠡᠪᠬᠤᠷ ᠠᠰᠠᠷ》᠂ 《ᠤᠯᠠᠭ᠋ᠠᠨᠠ ᠤᠬᠢᠯᠠᠭ᠍ᠤ ᠲᠢᠩᠬᠢᠮ》 ᠮᠡᠳᠦ ᠵᠢᠨ ᠵᠤᠬᠢᠶᠠᠯ ᠪᠦᠳᠦᠭᠡᠯ᠎ᠢ ᠰᠣᠳᠣᠯᠬᠤ᠎ᠳᠤ ᠴᠢᠬᠤᠯᠠ ᠬᠢᠨᠠᠯᠳᠠ ᠵᠢᠨ ᠮᠠᠲᠸᠷᠢᠶᠠᠯ ᠪᠤᠯᠬᠤ ᠮᠦᠷᠳᠡᠬᠡᠨ ᠵᠡᠷᠢᠮ ᠤᠳᠬ᠎ᠠ ᠤᠷᠠᠯᠢᠭ᠎ᠤᠨ ᠤᠨᠤᠯ᠎ᠤᠨ ᠲᠠᠯ᠎ᠠ᠎ᠪᠠᠷ᠎ᠬᠢ ᠦᠵᠡᠯᠳᠡ᠎ᠨᠢ ᠮᠠᠨ᠎ᠤ ᠮᠤᠩᠭᠤᠯ ᠦᠨᠳᠦᠰᠦᠳᠠᠨ᠎ᠤ ᠤᠳᠬ᠎ᠠ ᠤᠷᠠᠯᠢᠭ᠎ᠤᠨ ᠤᠨᠤᠯ᠎ᠤᠨ ᠬᠦᠭᠵᠢᠯᠳᠠ᠎ᠳᠤ ᠴᠢᠬᠤᠯᠠ ᠬᠤᠪᠢ ᠨᠠᠮᠠᠷᠢ ᠦᠵᠡᠬᠦᠯᠦᠭᠰᠡᠨ ᠶᠤᠮ᠃
ᠢᠨᠵᠠᠨᠨᠠᠰᠢ 《ᠬᠦᠬᠡ ᠰᠤᠳᠤᠷ》᠎ᠤᠨ ᠲᠤᠪᠴᠢᠳᠤ ᠲᠤᠯᠳᠤ ᠵᠢᠨ ᠬᠤᠶᠠᠳᠣᠭ᠋ᠠᠷ ᠠᠩᠬᠢ᠎ᠳᠤ ᠬᠡᠯᠡᠬᠦ᠎ᠳᠤ᠎ᠪᠠᠨ᠄ 《ᠮᠢᠨᠤ ᠪᠠᠶ᠎ᠠ ᠭᠤᠴᠢᠨ ᠨᠠᠰᠦᠨ᠎ᠠᠴᠠ ᠤᠯᠠᠷᠢᠯ ᠮᠠᠭᠤᠳᠠᠵᠤ᠂ ᠢᠳᠡᠭᠡᠵᠤ ᠵᠠᠷᠤᠴᠠᠯᠠᠭᠰᠠᠨ ᠭᠡᠷ᠎ᠤᠨ ᠪᠤᠭᠤᠯ ᠨᠡᠷ ᠭᠡᠷ᠎ᠤᠨ ᠬᠦᠷᠦᠩᠭᠡ ᠵᠢ ᠵᠠᠭᠤᠨ ᠵᠦᠢ᠍ᠯ ᠵᠶ᠋ᠠᠷ ᠬᠤᠯᠭᠤᠨ ᠬᠤᠨᠵᠢᠵᠤ᠂ ᠪᠠᠰᠠ ᠭᠠᠳᠠᠨ᠎ᠠ ᠪᠤᠯᠪᠠᠰᠦ ᠬᠤᠳᠠᠯᠳᠤᠭ᠎ᠠ ᠠᠷᠠᠯᠵᠢᠶ᠎ᠠ ᠠ᠋ᠬᠡ ᠦᠨ᠎ᠡ ᠵᠢ ᠠᠯᠳᠠᠵᠤ᠂ ᠲᠠᠷᠢᠶ᠎ᠠ ᠲᠦᠮᠦᠰᠦ ᠭᠠᠷᠴᠦ᠂ ᠲᠤᠳᠤᠷ᠎ᠠ ᠪᠦᠬᠡᠰᠦ ᠡᠮ᠎ᠡ ᠦᠷ᠎ᠡ ᠦᠬᠦᠵᠤ᠂ ᠭᠡᠷ᠎ᠤᠨ ᠪᠤᠭᠤᠯ ᠴᠡᠬᠡᠮᠢᠭ᠂ ᠵᠢᠨᠪᠦᠦ ᠨᠡᠷ ᠲᠡᠷᠰᠯᠡᠨ ᠬᠤᠯᠭᠤᠵᠤ᠂ ᠵᠠᠭᠤᠨ ᠵᠦᠢ᠍ᠯ ᠵᠶ᠋ᠠᠷ ᠡᠯ᠎ᠡ ᠦᠢ᠍ᠯᠡᠳᠤᠷ ᠦᠴᠦᠬᠡᠨ ᠴᠤ᠌ ᠠ᠋ᠰᠡᠷᠡᠭ ᠦᠭᠡᠢ᠃ ᠭᠤᠴᠢᠨ ᠲᠦᠷᠪᠡᠨ ᠨᠠᠰᠤᠯᠡᠵᠤ᠂ ᠦᠪᠡᠷ᠎ᠤᠨ ᠦᠢ᠍ᠯᠡᠳᠤᠷ ᠲᠠᠨᠴᠢᠬᠦᠷᠡᠨ ᠬᠤᠷᠤᠰᠴᠦ᠂ ᠨᠠᠩ ᠪᠤᠳᠤᠬᠤᠢᠳᠤᠷ ᠨᠠᠩ ᠴᠢᠬᠤᠯᠳᠠᠵᠤ᠂ ᠤᠯᠡᠮ ᠰᠠᠨᠠᠭ᠍ᠤᠢᠳᠤᠷ ᠤᠯᠠᠮ ᠪᠠᠴᠢᠮᠳᠠᠨ᠂ ᠠᠷᠠᠢ ᠡᠪᠡᠳᠴᠢᠨ ᠪᠤᠯᠬᠤᠢᠳᠤᠷ ᠬᠦᠷᠦᠯ᠎ᠠ》 ᠬᠡᠵᠡᠢ᠃ ᠢᠨᠵᠡᠨᠨᠠᠰᠢ 《ᠭᠤᠴᠢᠨ ᠨᠠᠰᠦᠨ᠎ᠠᠴᠠ ᠤᠯᠠᠷᠢᠯ ᠮᠠᠭᠤᠳᠠᠵᠤ》 ᠠ᠋ᠬᠢᠯᠡᠭᠰᠡᠨ 《ᠦᠪᠡᠷ᠎ᠤᠨ ᠦᠢ᠍ᠯᠡ》᠎ᠪᠠᠨ ᠢᠡᠭᠬᠢᠵᠤ ᠠ᠋ᠷᠬᠢᠴᠡᠭᠦᠯᠦᠨ ᠪᠤᠳᠤᠬᠤ ᠶᠠᠪᠤᠴᠠ᠎ᠳᠤ᠎ᠪᠠᠨ ᠰᠤᠯᠠ ᠰᠠᠭᠤᠵᠤ ᠵᠢᠷᠭ᠋ᠠᠵᠤ ᠴᠡᠩᠬᠡᠬᠦ ᠶᠠᠪᠤᠳᠠᠯ᠎ᠢ ᠴᠡᠭᠡᠷᠯᠡᠬᠦ ᠪᠤᠯᠤᠭᠰᠠᠨ ᠪᠠᠶ᠋ᠢᠨ᠎ᠠ᠃ ᠲᠡᠬᠦᠨ᠎ᠤ ᠦᠵᠡᠯ ᠰᠠᠨᠠᠭ᠋ᠠᠨ ᠲᠡᠭᠡᠷᠡᠬᠢ ᠡ᠊ᠨᠡ ᠬᠤᠪᠢᠷᠠᠯᠳᠠ᠎ᠨᠢ 《ᠬᠦᠬᠡ ᠰᠣᠳᠣᠷ》᠎ᠤᠨ ᠲᠤᠪᠴᠢᠳᠦ ᠲᠤᠯ᠎ᠳᠦ ᠵᠢᠨ ᠵᠢᠷᠭᠤᠳᠤᠭ᠋ᠠᠷ ᠠᠩᠬᠢ᠎ᠳᠤ ᠲᠤᠳᠤᠷᠬᠠᠢ ᠢᠯᠡᠷᠡᠵᠤ ᠪᠤᠢ᠃ ᠲᠤᠬᠠᠶ᠋ᠢᠯᠠᠪᠠᠯ᠂ ᠢᠨᠵᠠᠨᠨᠠᠰᠢ᠎ᠠᠴᠠ᠄ 《ᠭᠠᠷ ᠵᠶ᠋ᠠᠨ ᠪᠡᠷᠢᠵᠤ ᠡᠪᠤᠳᠦᠭ ᠵᠶ᠋ᠠᠨ ᠲᠡᠪᠡᠷᠢᠨ ᠪᠡᠶ᠎ᠡ᠎ᠪᠠᠨ ᠰᠤᠪᠢᠯᠠᠨ ᠬᠡᠪᠡᠯᠢ᠎ᠪᠠᠨ ᠬᠡᠯᠪᠢᠵᠣ ᠰᠣᠯᠠ ᠰᠠᠭᠤᠨ ᠵᠢᠷᠭ᠋ᠠᠬᠤᠢ ᠵᠢ ᠪᠢ ᠬᠠᠷᠢᠨ ᠵᠢᠷᠭ᠋ᠠᠯᠳᠤᠷ ᠦᠵᠡᠬᠦ ᠦᠬᠡᠢ》 ᠬᠡᠵᠡᠢ᠃ ᠲᠡᠬᠦᠨ᠎ᠤ ᠦᠵᠡᠬᠦ᠎ᠪᠠᠷ᠂ ᠰᠤᠯᠠ ᠰᠠᠭᠤᠵᠤ ᠵᠢᠷᠭ᠋ᠠᠬᠤ᠎ᠪᠠᠨ ᠪᠤᠯᠢᠭ᠋ᠠᠳ ᠬᠠᠷᠢᠨ 《ᠪᠢᠷ ᠪᠡᠬᠡᠰ᠎ᠤᠨ ᠨᠦᠵᠢᠳ ᠴᠠᠩᠬᠡᠯ》᠎ᠳᠤ ᠤᠷᠤᠵᠤ᠂ 《ᠵᠦᠪ ᠵᠦᠭᠡᠷ ᠲᠡᠪ ᠲᠡᠯᠡᠭ᠋ᠠᠷ ᠨᠢᠭᠡᠨ ᠲᠦᠷᠦᠭᠰᠡᠨ ᠪᠠᠶ᠎ᠠ ᠵᠢ ᠦᠡᠭᠭᠡᠷᠡᠭᠦᠯᠵᠤ ᠲᠦᠪᠳᠡᠬᠦ ᠦᠭᠡᠢ》᠎ᠳᠤ᠎ᠪᠠᠨ ᠵᠤᠬᠢᠶᠠᠨ ᠪᠦᠳᠦᠭᠡᠬᠦ ᠠᠵᠢᠯᠯᠠᠭ᠎ᠠ᠎ᠪᠠᠷ ᠲᠠᠮᠵᠢᠭᠤᠯᠤᠨ ᠨᠡᠶ᠋ᠢᠭᠡᠮ᠎ᠤᠨ ᠠᠰᠠᠭᠤᠳᠠᠯ᠎ᠢ ᠨᠠᠷᠢᠪᠴᠢᠯᠠᠨ ᠰᠢᠨᠵᠢᠯᠡᠵᠠᠢ᠃ 《ᠬᠦᠬᠡ ᠰᠤᠳᠤᠷ》᠎ᠢ ᠵᠤᠬᠢᠶᠠᠭᠰᠠᠨ ᠶᠠᠪᠣᠳᠠᠯ᠎ᠨᠢ ᠲᠠᠷᠤᠢ ᠠ᠋ᠭᠦᠨ᠎ᠤ ᠪᠤᠳᠠᠳᠠᠢ ᠭᠡᠷᠡᠴᠢ ᠪᠤᠯᠤᠨ᠎ᠠ᠃
ᠢᠨᠵᠠᠨᠨᠠᠰᠢ ᠵᠢᠨ 《ᠨᠢᠬᠡᠨ ᠲᠡᠪᠬᠤᠷ ᠠᠰᠠᠷ》᠎ᠲᠤ ᠠ᠋ᠶ᠋ᠢᠮᠦ ᠪᠠᠳᠠᠭ ᠰᠢᠯᠦᠭ ᠪᠤᠢ᠄ 《ᠬᠦᠯᠳᠡᠵᠤ ᠬᠡᠮᠬᠡᠷᠡᠭᠰᠡᠨ ᠴᠠᠭ᠋ᠠᠨ ᠬᠠᠰ ᠶᠠᠭᠤᠳᠠᠢ ᠠ᠋ᠶ᠋ᠢᠮᠦ ᠪᠤᠯᠪᠠᠷᠠᠢ / ᠬᠦᠨᠳᠦᠷᠴᠦ ᠠᠰᠬᠠᠭᠰᠠᠨ ᠰᠢᠷ᠎ᠠ ᠮᠦᠬᠦᠯᠢᠭ ᠦᠨᠡᠭᠡᠷ ᠮᠠᠰᠢ ᠵᠦᠭᠡᠯᠡᠨ / ᠬᠦᠢ᠍ᠳᠡᠨ᠎ᠢ ᠠ᠋ᠰᠡᠷᠬᠦᠯᠡᠨ ᠮᠡᠳᠡᠭᠡ ᠵᠢ ᠤᠯᠰᠤᠭ᠋ᠠᠢ ᠬᠡᠮᠡᠨ ᠡᠴᠢᠭᠰᠡᠨᠳᠤᠷ / ᠬᠦᠷᠢᠶᠠᠨ᠎ᠤ ᠲᠤᠳᠤᠷᠠᠬᠢ ᠮᠦᠡᠭᠭᠦᠨ ᠬᠤᠮᠠᠭᠲᠤᠷ ᠬᠦᠯᠤᠨ ᠬᠡᠪ ᠲᠦᠭᠦᠷᠢᠭ》 ᠁ ᠡ᠊ᠨᠡ ᠪᠤᠯ ᠵᠤᠬᠢᠶᠠᠯ᠎ᠤᠨ ᠲᠤᠳᠤᠷᠡᠬᠢ ᠳ᠋ᠸ ᠴᠢᠩ᠂ ᠱ᠌ᠢ ᠴᠢᠩ᠂ ᠫᠦ᠋ ᠢᠤᠢ᠂ ᠴᠢᠨ ᠮᠦᠸᠸ ᠵᠡᠷᠬᠡ ᠵᠢᠨ ᠲᠦᠷᠪᠡᠨ ᠬᠦᠮᠦᠨ᠂ ᠴᠠᠰᠤ ᠤᠷᠤᠵᠤ ᠰᠠᠯᠬᠢ ᠰᠢᠭᠤᠷᠤᠭᠰᠠᠨ ᠡᠪᠤᠯ᠎ᠤᠨ ᠨᠢᠬᠡᠨ ᠠ᠋ᠳᠦᠷ᠎ᠲᠤ ᠲᠡᠯᠭᠡᠷᠡᠭᠰᠡᠨ ᠲᠡᠷᠢᠬᠦᠯᠡᠭᠴᠢ ᠴᠡᠴᠡᠭ ᠪᠠ ᠲᠡᠬᠦᠨ᠎ᠤ ᠤᠷᠴᠢᠨ ᠲᠤᠭᠤᠷᠢᠨ᠎ᠤ ᠪᠠᠶ᠋ᠢᠳᠠᠯ᠎ᠢ ᠦᠵᠡᠵᠤ ᠪᠠᠶ᠋ᠢᠭ᠋ᠠᠳ ᠬᠠᠮᠳᠤ᠎ᠳᠤ᠎ᠪᠠᠨ ᠵᠤᠬᠢᠶᠠᠭᠰᠠᠨ 《ᠬᠦᠢ᠍ᠳᠡᠨ》 ᠬᠡᠮᠡᠬᠦ ᠰᠢᠯᠦᠭ ᠪᠤᠯᠤᠨ᠎ᠠ᠃ ᠠ᠋ᠩ ᠲᠡᠷᠢᠬᠦᠨ᠎ᠳᠤ᠂ ᠳ᠋ᠸ ᠴᠢᠩ᠎ᠠᠴᠠ ᠲᠡᠷᠢᠬᠦᠯᠡᠭᠴᠢ ᠴᠡᠴᠡᠭ᠎ᠤᠨ ᠬᠡᠰᠡᠷᠢ ᠦᠵᠡᠬᠡᠳ᠂ 《ᠬᠦᠯᠳᠡᠵᠤ ᠬᠡᠮᠬᠡᠷᠡᠭᠰᠡᠨ ᠴᠠᠭ᠋ᠠᠨ ᠬᠠᠰ ᠶᠠᠭᠤᠳᠠᠢ ᠠ᠋ᠶ᠋ᠢᠮᠦ ᠪᠤᠯᠪᠠᠷᠠᠢ》 ᠬᠡᠮᠡᠨ ᠰᠢᠯᠦᠭᠯᠡᠵᠠᠢ᠃ ᠲᠠᠷᠠᠭ᠎ᠠ᠎ᠨᠢ ᠱ᠌ᠢ ᠴᠢᠩ᠎ᠠᠴᠠ ᠲᠡᠷᠢᠬᠦᠯᠡᠭᠴᠢ ᠴᠡᠴᠡᠭ᠎ᠤᠨ ᠰᠢᠷ᠎ᠠ ᠭᠤᠤᠯ᠎ᠢ ᠦᠵᠡᠭᠡᠳ 《ᠬᠦᠨᠳᠦᠷᠴᠦ ᠠᠰᠬᠠᠭᠰᠠᠨ ᠰᠢᠷ᠎ᠠ ᠮᠦᠬᠦᠯᠢᠭ ᠦᠨᠡᠭᠡᠷ ᠮᠠᠰᠢ ᠵᠦᠭᠡᠯᠡᠨ》 ᠬᠡᠵᠤ ᠤᠶᠠᠩᠭ᠋ᠠᠯᠠᠵᠠᠢ᠃ ᠭᠤᠳᠠᠭ᠋ᠠᠷ᠎ᠳᠤ᠂ ᠫᠦ᠋ ᠢᠤᠢ᠎ᠠᠴᠠ 《ᠬᠦᠢ᠍ᠳᠡᠨ᠎ᠢ ᠠ᠋ᠰᠡᠷᠬᠦᠯᠡᠨ ᠮᠡᠳᠡᠭᠡ ᠵᠢ ᠤᠯᠰᠤᠭ᠋ᠠᠢ ᠬᠡᠮᠡᠨ ᠡᠴᠢᠭᠰᠡᠨᠳᠤᠷ》 ᠬᠡᠮᠡᠨ ᠰᠢᠯᠤᠭ᠍ᠯᠡᠭᠰᠡᠨᠳᠤ᠂ ᠴᠢᠨ ᠮᠦᠸᠸ ᠠ᠋ᠭᠦᠨ᠎ᠢ᠎ᠨᠢ ᠠ᠋ᠯᠬᠦᠵᠤ ᠠᠪᠤᠭ᠋ᠠᠳ 《ᠬᠦᠷᠢᠶᠠᠨ᠎ᠤ ᠲᠤᠳᠤᠷᠠᠬᠢ ᠮᠦᠡᠭᠭᠦᠨ ᠬᠤᠮᠠᠭᠲᠤᠷ ᠬᠦᠯᠤᠨ ᠬᠡᠪ ᠲᠦᠭᠦᠷᠡᠩ》 ᠬᠡᠵᠠᠢ᠃ ᠴᠢᠨ ᠮᠦᠸᠸ ᠵᠢᠨ ᠨᠡᠶ᠋ᠢᠯᠡᠬᠦᠯᠦᠭᠰᠡᠨ ᠡ᠊ᠨᠡ ᠮᠦᠷ 《ᠬᠦᠯᠤᠨ ᠬᠡᠪ ᠲᠦᠭᠦᠷᠢᠭ》 ᠬᠡᠰᠡᠨ ᠦᠬᠡ ᠵᠢ ᠫᠦ᠋ ᠢᠣᠢ ᠰᠣᠨᠣᠰᠣᠭᠰᠠᠨ᠎ᠤ ᠰᠡᠭᠦᠯᠡᠷ ᠮᠢᠨᠦ ᠬᠦᠯᠤᠨ ᠮᠦᠷ ᠴᠢᠮ᠎ᠠ᠎ᠳᠦ 《ᠠ᠋ᠯᠵᠢᠭᠡ ᠮᠠᠳᠣ ᠦᠵᠡᠭᠳᠡᠪᠠᠤ》 ᠬᠡᠮᠡᠨ ᠠ᠋ᠭ᠌ᠳᠡᠬᠦᠴᠡᠵᠠᠢ᠃ ᠴᠢᠨ ᠮᠦᠸᠸ ᠶᠠᠭᠤᠨ᠎ᠤ ᠤᠴᠢᠷ᠎ᠲᠤ 《ᠬᠦᠯᠤᠨ ᠬᠡᠪ ᠲᠦᠭᠦᠷᠢᠭ》 ᠬᠡᠵᠤ ᠰᠢᠯᠦᠭᠯᠡᠭᠰᠡᠨ ᠵᠶ᠋ᠠᠨ ᠲᠠᠶ᠋ᠢᠯᠪᠤᠷᠢᠯᠡᠨ ᠬᠡᠯᠡᠬᠦ᠎ᠳᠤ᠎ᠪᠠᠨ᠄ 《ᠡ᠊ᠨᠡ ᠰᠢᠯᠦᠭ᠎ᠤᠨ ᠲᠡᠷᠢᠬᠦᠨ ᠪᠠᠳᠠᠭᠲᠤᠷ ᠴᠡᠴᠡᠭ᠎ᠤᠨ ᠬᠡᠯᠳᠡᠰ᠎ᠢ ᠦᠬᠦᠯᠡᠪᠡ᠃ ᠲᠡᠳ᠋ ᠪᠠᠳᠠᠭᠲᠤᠷ ᠮᠦᠨ ᠭᠠᠭᠴᠠ ᠴᠡᠴᠡᠭ᠎ᠤᠨ ᠦᠷ᠎ᠡ ᠭᠤᠤᠯ᠎ᠢ ᠭᠠᠷᠭ᠋ᠠᠪᠠ᠃ ᠭᠤᠳᠠᠭ᠋ᠠᠷ ᠪᠠᠳᠠᠭᠲᠤᠷ ᠰᠡᠶᠢ ᠬᠦᠢ᠍ᠳᠡᠨ ᠪᠠ ᠡᠴᠢᠭᠰᠡᠨ ᠤᠴᠢᠷ᠎ᠲᠠᠢ ᠬᠠᠮᠳᠦ᠎ᠪᠠᠷ ᠲᠤᠭ᠋ᠠᠴᠠᠴᠢᠵᠤᠬᠤᠢ᠃ ᠡ᠊ᠨᠡ ᠭᠤᠷᠪᠠᠨ ᠪᠠᠳᠠᠭᠲᠤᠷ ᠶᠡᠷᠦ ᠰᠡᠯᠬᠢᠨ ᠪᠠ ᠴᠠᠰᠤ᠎ᠨᠢ ᠤᠭᠳᠦ ᠲᠤᠷᠠᠳᠤᠭᠰᠠᠨ ᠦᠭᠡᠢ᠃ ᠲᠡᠶ᠋ᠢᠨ ᠬᠦ᠌ ᠲᠦᠳᠦᠬᠡᠷ ᠪᠠᠳᠠᠭᠲᠤᠷ ᠬᠦᠷᠢᠶ᠎ᠠ ᠪᠠ ᠴᠠᠰᠦ᠂ ᠬᠦᠮᠦᠨ᠎ᠢ ᠴᠦᠮ ᠪᠢᠴᠢᠭᠰᠡᠨ ᠪᠤᠯᠪᠠᠴᠦ ᠭᠠᠭᠴᠠ ᠰᠠᠯᠬᠢᠨ᠎ᠢ ᠲᠡᠯᠭᠡᠷᠡᠩᠭᠦᠢ ᠪᠢᠴᠢᠵᠤ ᠠ᠋ᠰᠡ ᠴᠢᠳᠠᠭᠰᠠᠨ ᠲᠤᠯᠠ᠂ ᠲᠠᠶ᠋ᠢᠨ ᠬᠦ᠌ ᠬᠦᠯᠤᠨ ᠮᠦᠷ᠎ᠤᠨ ᠲᠠᠰᠢᠷᠡᠮᠠ ᠲᠦᠬᠦᠷᠢᠭ ᠬᠡᠮᠡᠭᠦ ᠨᠢᠭᠡᠨ ᠦᠰᠦᠭᠲᠤᠷ ᠬᠤᠷᠢᠶᠠᠩᠭᠤᠶ᠋ᠢᠯᠠᠨ ᠭᠠᠷᠭ᠋ᠠᠵᠤᠬᠤᠢ᠃ ᠬᠦᠯᠤᠨ ᠬᠡᠪ ᠬᠡᠮᠡᠭᠴᠢ ᠤᠷᠳᠦ ᠲᠦᠷᠪᠡᠯᠵᠢᠨ ᠪᠦᠬᠡᠳᠡᠯ᠎ᠡ ᠶᠠᠭᠤᠨ᠎ᠤ ᠣᠴᠢᠷᠲᠤᠷ ᠲᠦᠭᠦᠷᠢᠭ ᠪᠤᠯᠬᠤ ᠠᠵᠢ᠃ ᠠ᠋ᠭᠦᠨ᠎ᠤ ᠪᠤᠳᠤᠭᠰᠠᠨᠳᠤᠷ ᠲᠠᠷᠤᠢ ᠬᠢᠰᠬᠢᠭᠰᠡᠨ ᠬᠤᠶ᠋ᠢᠨ᠎ᠠ ᠬᠦᠯᠤᠨ ᠤᠷᠤᠮ᠎ᠤᠨ ᠴᠠᠰᠤ ᠵᠢ ᠰᠠᠯᠬᠢᠨ ᠬᠡᠶ᠋ᠢᠰᠬᠡᠵᠤ᠂ ᠬᠠᠭ᠋ᠠᠰ᠎ᠢ ᠠᠨ᠎ᠤ ᠪᠠᠯᠠᠷᠠᠭᠤᠯᠣᠭᠰᠠᠨᠢ ᠮᠠᠳᠠᠪᠠᠰᠦ ᠪᠤᠯᠬᠤ ᠪᠤᠯᠠᠢ᠃ ᠠ᠋ᠭᠦᠨ᠎ᠢ ᠲᠠᠷᠤᠢ ᠤᠳᠬ᠎ᠠ ᠤᠶᠠᠩᠭ᠎ᠠ ᠵᠢ ᠲᠠᠪᠬᠤᠴᠠᠭᠤᠯᠤᠨ ᠢᠯᠡᠳᠬᠡᠬᠦ ᠠᠷᠭ᠎ᠠ ᠬᠡᠮᠡᠮᠦᠢ》 ᠬᠡᠰᠡᠨ ᠪᠠᠶ᠋ᠢᠨ᠎ᠠ᠃ ᠡ᠊ᠨᠳᠡ ᠢᠨᠵᠠᠨᠨᠠᠰᠢ᠎ᠠᠴᠠ ᠴᠢᠨ ᠮᠦᠸᠸ ᠵᠢᠨ ᠦᠬᠡ᠎ᠪᠠᠷ ᠲᠡᠮᠵᠢᠭᠤᠯᠤᠨ ᠰᠢᠯᠦᠭ᠎ᠤᠨ ᠤᠷᠠᠨ ᠰᠠᠨᠠᠭ᠋ᠠᠨ᠎ᠤ ᠲᠤᠬᠠᠢ ᠦᠪᠡᠷ᠎ᠤᠨ ᠵᠶ᠋ᠠᠨ ᠨᠢᠬᠡᠨ ᠵᠤᠶ᠋ᠢᠯ᠎ᠤᠨ ᠪᠤᠳᠠᠳᠠᠢ ᠦᠵᠡᠯᠳᠡ ᠵᠢ ᠮᠠᠰᠢ ᠭᠦᠨ ᠭᠦᠨᠵᠡᠭᠡᠢ ᠢᠯᠡᠳᠬᠡᠭᠰᠡᠨ ᠪᠠᠶ᠋ᠢᠨ᠎ᠠ᠃ ᠠ᠋ᠬᠦᠨ᠎ᠠᠴᠠ ᠭᠠᠳᠠᠨ᠎ᠠ᠂ ᠢᠨᠵᠠᠨᠨᠠᠰᠢ ᠦᠪᠡᠷ᠎ᠤᠨ ᠦᠵᠡᠯᠳᠡ ᠵᠤᠷᠢᠯᠳᠠ᠎ᠪᠠᠨ ᠦᠪᠡᠷ᠎ᠤᠨ ᠵᠤᠬᠢᠶᠠᠯ ᠪᠦᠳᠦᠭᠡᠯ᠎ᠳᠤ᠎ᠪᠠᠨ ᠠᠳᠠᠯᠢ ᠪᠤᠰᠤ ᠬᠡᠯᠪᠡᠷᠢ᠎ᠪᠠᠷ ᠤᠷᠤᠭᠤᠯᠤᠭᠰᠠᠨ ᠪᠠᠶ᠋ᠢᠳᠠᠭ᠃ ᠵᠢᠱ᠌ᠢᠶᠡᠯᠡᠪᠡᠯ᠄ 《ᠨᠤᠮ ᠪᠠ ᠪᠢᠴᠢᠭ》᠎ᠲᠤ 《ᠪᠢᠴᠢᠭ ᠰᠣᠳᠣᠷ᠂ ᠱᠠᠰᠳᠢᠷ ᠲᠡᠮᠳᠡᠭᠯᠡᠯ ᠬᠡᠮᠡᠭᠴᠢ ᠠ᠋ᠬᠡᠨᠡᠭᠳᠡ ᠨᠢᠭᠡᠭᠡᠨ ᠦᠨᠡᠨ ᠬᠡᠷᠡᠭ ᠦᠢ᠍ᠯᠡᠰ᠎ᠤᠨ ᠵᠠᠩ ᠲᠠᠩᠰᠠ᠂ ᠦᠢ᠍ᠯᠡᠳᠪᠦᠷᠢ ᠲᠡᠪᠳᠡᠷ᠎ᠤᠳ ᠪᠤᠶᠤ》᠂ 《ᠨᠣᠮᠴᠢ ᠵᠢᠨ ᠬᠠᠭᠤᠷᠮᠠᠭ》᠎ᠲᠤ 《ᠪᠢᠴᠢᠭ ᠪᠤᠯᠪᠠᠰᠤ ᠦᠨᠡᠨ ᠬᠡᠷᠡᠴᠢ ᠪᠠᠷᠢᠮᠳᠠ᠎ᠲᠠᠢ ᠪᠠᠶ᠋ᠢᠬᠤ ᠬᠡᠷᠡᠭᠳᠠᠢ》 ᠬᠡᠬᠦ ᠮᠡᠳᠦ᠃
ᠠ᠋ᠬᠦᠨ᠎ᠠᠴᠠ ᠦᠵᠡᠬᠦ᠎ᠳᠤ᠂ ᠢᠨᠵᠠᠨᠨᠠᠰᠢ ᠵᠢᠨ ᠦᠵᠡᠯᠳᠡ ᠵᠤᠷᠢᠯᠭ᠎ᠠ ᠦᠬᠦᠯᠡᠯ ᠲᠡᠮᠳᠡᠭᠯᠡᠯ᠂ ᠦᠬᠡ ᠶᠠᠷᠢᠶ᠎ᠠ᠎ᠠᠴᠠ ᠲᠡᠭᠦᠨ᠎ᠤ ᠵᠤᠬᠢᠶᠠᠯ ᠪᠦᠳᠦᠭᠡᠯ᠎ᠢ ᠨᠠᠩ ᠬᠦᠨᠵᠡᠬᠡᠢ ᠤᠶ᠋ᠢᠯᠡᠭ᠋ᠠᠵᠤ ᠪᠤᠯᠤᠨ᠎ᠠ᠃
ᠤᠷᠠᠨ ᠵᠤᠬᠢᠶᠠᠯ᠎ᠤᠨ ᠰᠤᠳᠤᠯᠭ᠋ᠠᠨ ᠪᠤᠯ ᠤᠷᠠᠨ ᠪᠦᠳᠦᠭᠡᠯ ᠵᠶ᠋ᠠᠷ ᠭᠤᠤᠯ ᠰᠣᠳᠣᠯᠣᠭᠳᠠᠭ᠍ᠤᠨ ᠵᠶ᠋ᠠᠨ ᠪᠤᠯᠭ᠋ᠠᠵᠤ᠂ ᠵᠤᠬᠢᠶᠠᠭᠴᠢ — ᠵᠤᠬᠢᠶᠠᠯ ᠪᠦᠳᠦᠭᠡᠯ — ᠤᠡᠭᠰᠢᠭ᠍ᠴᠢ ᠵᠢᠨ ᠨᠢᠬᠡᠳᠦᠮᠡᠯ ᠴᠤᠭᠴᠠ᠎ᠠᠴᠠ ᠤᠴᠢᠵᠤ ᠤᠷᠠᠨ ᠪᠦᠳᠦᠬᠡᠯ᠎ᠢ ᠰᠣᠳᠣᠯᠬᠤ᠎ᠠᠴᠠ ᠪᠢᠰᠢ᠂ ᠭᠠᠭᠴᠠ ᠨᠠᠮᠳᠠᠷ ᠲᠡᠤᠬᠡ ᠵᠢᠨ ᠰᠣᠳᠣᠯᠬᠤ ᠠᠷᠭ᠎ᠠ᠎ᠪᠠᠷ ᠤᠷᠠᠨ ᠪᠦᠳᠦᠭᠡᠯ᠎ᠢ ᠰᠣᠳᠣᠯᠬᠤ ᠪᠢᠰᠢ ᠶᠤᠮ᠃ ᠨᠠᠮᠳᠠᠷ ᠲᠡᠤᠬᠡ ᠵᠢᠨ ᠰᠣᠳᠣᠯᠬᠤ ᠠᠷᠭ᠎ᠠ᠎ᠨᠢ ᠵᠦᠪᠬᠡᠨ ᠣᠷᠠᠨ ᠪᠦᠳᠦᠬᠡᠯ᠎ᠢ ᠰᠣᠳᠣᠯᠬᠤ ᠠᠷᠭ᠎ᠠ ᠵᠢᠨ ᠨᠢᠬᠡᠨ ᠠᠷᠭ᠎ᠠ ᠠᠪᠴᠠᠯ ᠲᠡᠳᠦᠢ᠃ ᠨᠠᠮᠳᠠᠷ ᠲᠡᠤᠬᠡ ᠵᠢᠨ ᠰᠣᠳᠣᠯᠬᠤ ᠠᠷᠭ᠎ᠠ᠎ᠨᠢ ᠤᠷᠠᠨ ᠵᠤᠬᠢᠶᠠᠯ᠎ᠢ ᠰᠣᠳᠣᠯᠬᠤ ᠨᠢᠬᠡᠨ ᠠᠷᠭ᠎ᠠ ᠪᠤᠯᠤᠭᠰᠠᠨ᠎ᠤ ᠬᠤᠪᠢ᠎ᠳᠤ ᠲᠡᠷᠡ᠎ᠨᠢ ᠦᠪᠡᠷ᠎ᠤᠨ ᠵᠤᠬᠢᠬᠤ ᠠᠴᠢ ᠬᠤᠯᠪᠤᠭᠳᠠᠯ᠎ᠲᠠᠢ ᠪᠠᠢ᠍ᠢ᠍ᠳᠠᠬ᠃ ᠨᠠᠮᠳᠠᠷ ᠲᠡᠤᠬᠡ ᠵᠢᠨ ᠰᠣᠳᠣᠯᠬᠤ ᠠᠷᠭ᠎ᠠ᠎ᠨᠢ ᠵᠤᠬᠢᠶᠠᠭᠴᠢ ᠪᠤᠯᠤᠨ ᠵᠤᠬᠢᠶᠠᠯ ᠪᠦᠳᠦᠬᠡᠯ᠎ᠤᠨ ᠬᠠᠷᠢᠴᠠᠭ᠋ᠠᠨ᠎ᠠᠴᠠ ᠤᠷᠠᠨ ᠪᠦᠳᠦᠬᠡᠯ᠎ᠢ ᠰᠣᠳᠣᠯᠬᠤ᠎ᠪᠠᠷ ᠭᠤᠤᠯ ᠤᠨᠴᠠᠯᠢᠭ ᠪᠤᠯᠭ᠋ᠠᠳᠠᠭ᠃ ᠬᠡᠪᠡᠴᠦ ᠵᠤᠬᠢᠶᠠᠭᠴᠢ ᠵᠢᠨ ᠨᠠᠮᠳᠠᠷ᠎ᠲᠤ ᠭᠠᠷᠤᠭᠰᠠᠨ ᠠᠮᠢᠳᠦᠷᠠᠯ᠎ᠤᠨ ᠦᠡᠭᠭᠡᠷᠡᠯᠳᠡ᠂ ᠵᠤᠬᠢᠶᠠᠭᠴᠢ ᠵᠢᠨ ᠨᠠᠮᠳᠠᠷ ᠪᠤᠯᠤᠨ ᠤᠷᠠᠨ ᠵᠤᠬᠢᠶᠠᠯ᠎ᠨᠢ ᠪᠦᠷᠢᠮᠦᠰᠦᠨ ᠲᠡᠩᠴᠡᠬᠦᠦ ᠪᠢᠰᠢ᠃ ᠤᠷᠠᠨ ᠵᠤᠬᠢᠶᠠᠯ ᠲᠤᠳᠤᠷᠠᠬᠢ ᠦᠢ᠍ᠯᠡ ᠶᠠᠪᠤᠳᠠᠯ᠂ ᠤᠷᠠᠨ ᠲᠦᠷᠢ᠎ᠨᠢ ᠵᠤᠬᠢᠶᠠᠭᠴᠢ ᠵᠢᠨ ᠨᠡᠮᠳᠠᠷᠲᠤ ᠭᠠᠷᠤᠭᠰᠠᠨ ᠠᠮᠢᠳᠦᠷᠠᠯ᠎ᠤᠨ ᠦᠡᠭᠭᠡᠷᠡᠯᠳᠡ᠂ ᠵᠤᠬᠢᠶᠠᠭᠴᠢ ᠵᠢᠨ ᠲᠤᠰ ᠪᠠᠶ᠎ᠠ᠎ᠲᠠᠢ ᠪᠦᠷᠢᠮᠦᠰᠦᠨ ᠲᠡᠩᠴᠡᠭᠦᠦ ᠪᠢᠰᠢ᠃ ᠤᠴᠢᠷ᠎ᠨᠢ ᠵᠤᠬᠢᠶᠠᠭᠴᠢ ᠪᠤᠯ ᠵᠤᠬᠢᠶᠠᠯ᠎ᠤᠨ ᠲᠤᠰ ᠪᠠᠶ᠎ᠠ᠂ ᠤᠷᠠᠨ ᠪᠦᠳᠦᠭᠡᠯ ᠪᠤᠯ ᠵᠤᠬᠢᠶᠠᠭᠴᠢ ᠵᠢᠨ ᠵᠤᠬᠢᠶᠠᠵᠤ ᠪᠦᠳᠦᠭᠡᠭᠰᠡᠨ ᠪᠦᠳᠦᠭᠡᠯ ᠮᠦᠨ᠃ ᠨᠡᠮᠳᠡᠷ ᠲᠡᠤᠬᠡ ᠵᠢᠨ ᠰᠣᠳᠣᠯᠬᠤ ᠠᠷᠭ᠎ᠠ᠎ᠨᠢ ᠬᠡᠳᠦᠶ᠋ᠢᠪᠡᠷ ᠵᠤᠬᠢᠶᠠᠬ᠍ᠴᠢ ᠵᠢᠨ ᠨᠠᠮᠳᠠᠷ ᠪᠤᠯᠤᠨ ᠵᠤᠬᠢᠶᠠᠯ ᠪᠦᠳᠦᠭᠡᠯ᠎ᠤᠨ ᠬᠠᠷᠢᠴᠠᠭ᠎ᠠ ᠵᠢ ᠰᠣᠳᠣᠯᠬᠤ᠎ᠪᠠᠷ ᠭᠤᠤᠯ ᠤᠨᠴᠠᠯᠢᠭ ᠵᠶ᠋ᠠᠨ ᠪᠤᠯᠭ᠋ᠠᠳᠠᠭ ᠪᠤᠯᠪᠠᠴᠦ᠂ ᠵᠤᠬᠢᠶᠠᠭᠴᠢ ᠵᠢᠨ ᠨᠠᠮᠳᠠᠷ ᠪᠤᠯᠤᠨ ᠵᠤᠬᠢᠶᠠᠯ ᠪᠦᠳᠦᠭᠡᠯ᠎ᠢ᠎ᠨᠢ ᠨᠢᠬᠡ ᠨᠢᠬᠡ ᠵᠢᠨ ᠬᠠᠷᠠᠭ᠋ᠠᠯᠵᠠᠯ ᠵᠶ᠋ᠠᠷ ᠰᠣᠳᠣᠯᠳᠠᠭ ᠪᠢᠰᠢ᠂ ᠬᠠᠷᠢᠨ ᠵᠤᠬᠢᠶᠠᠭᠴᠢ ᠵᠢᠨ ᠨᠠᠮᠳᠠᠷ ᠵᠶ᠋ᠠᠷ ᠲᠠᠮᠵᠢᠵᠤ ᠵᠤᠬᠢᠶᠠᠯ ᠪᠦᠳᠦᠭᠡᠯ᠎ᠤᠨ᠎ᠬᠢᠨ ᠤᠳᠬ᠎ᠠ ᠰᠠᠨᠠᠭ᠎ᠠ ᠵᠢ᠎ᠨᠢ ᠤᠶ᠋ᠢᠯᠠᠭ᠋ᠠᠬᠤ᠎ᠪᠠᠷ ᠭᠤᠤᠯ ᠵᠤᠷᠢᠯᠭ᠎ᠠ᠎ᠪᠠᠨ ᠪᠤᠯᠭ᠋ᠠᠳᠠᠭ᠃ ᠨᠠᠮᠳᠡᠷ ᠲᠡᠦᠭᠡ ᠵᠢᠨ ᠰᠤᠳᠤᠯᠬᠤ ᠠᠷᠭ᠎ᠠ᠎ᠨᠢ ᠦᠪᠡᠷ᠎ᠤᠨ ᠵᠶ᠋ᠠᠨ ᠲᠤᠳᠠᠭᠳᠠᠯ᠎ᠲᠠᠢ ᠲᠠᠯ᠎ᠠ᠎ᠲᠠᠢ ᠪᠠᠢ᠍ᠢ᠍ᠳᠠᠬ ᠪᠤᠯᠪᠠᠴᠤ ᠤᠷᠠᠨ ᠵᠤᠬᠢᠶᠠᠯ᠎ᠤᠨ ᠰᠤᠳᠤᠯᠬᠤ ᠠᠷᠭ᠎ᠠ ᠵᠢᠨ ᠨᠢᠭᠡ ᠪᠤᠯᠤᠭᠰᠠᠨ᠎ᠤ ᠬᠤᠪᠢ᠎ᠳᠤ ᠮᠦᠨ ᠴᠦ᠍ ᠲᠡᠭᠦᠨ᠎ᠤ᠎ᠪᠠᠨ ᠦᠨ᠎ᠠ ᠦᠷᠳᠡᠭ᠎ᠲᠠᠢ ᠪᠠᠢ᠍ᠢ᠍ᠳᠠᠬ᠃
ᠵᠡᠬᠦᠯᠳᠡ᠄
① ᠸᠠᠩ ᠶᠤᠸᠠᠢ ᠴᠤᠸᠠᠨ᠂ ᠬᠤ᠌ ᠵᠢᠨ ᡁᠢ 《ᠤᠳᠬ᠎ᠠ ᠵᠤᠬᠢᠶᠠᠯ ᠭᠤᠸ᠎ᠠ ᠵᠦᠢ ᠵᠢᠨ ᠠᠷᠭ᠎ᠠ ᠵᠢᠨ ᠤᠨᠤᠯ》 ᠪᠡᠬᠡᠵᠢᠩ ᠶᠡᠭᠡ ᠰᠣᠷᠭ᠋ᠠᠭᠤᠯᠢ ᠵᠢᠨ ᠬᠡᠪᠯᠡᠯ᠎ᠤᠨ ᠬᠤᠷᠢᠶ᠎ᠠ᠂ p54᠂ p57᠂ p60
② ᠵᠡᠯᠭᠠ 《ᠢᠨᠵᠡᠨᠨᠠᠰᠢ ᠵᠢᠨ ᠤᠨ᠎ᠤ ᠪᠢᠴᠢᠭ》 ᠦᠪᠦᠷ ᠮᠤᠩᠭᠤᠯ᠎ᠤᠨ ᠠᠷᠠᠳ᠎ᠤᠨ ᠬᠡᠪᠯᠡᠯ᠎ᠤᠨ ᠬᠤᠷᠢᠶ᠎ᠠ᠂ 1995 ᠤᠨ᠂ p1
③ 《ᠢᠨᠵᠡᠨᠨᠡᠰᠢ ᠵᠢᠨ ᠲᠤᠬᠠᠢ ᠰᠣᠳᠣᠯᠭ᠋ᠠᠨ᠎ᠤ ᠦᠬᠦᠯᠡᠯ᠎ᠤᠨ ᠲᠡᠬᠦᠪᠦᠷᠢ》 ᠦᠪᠦᠷ ᠮᠤᠩᠭᠤᠯ᠎ᠤᠨ ᠠᠷᠠᠳ᠎ᠤᠨ ᠬᠡᠪᠯᠡᠯ᠎ᠤᠨ ᠬᠤᠷᠢᠶ᠎ᠠ᠂ 1982 ᠤᠨ᠂ p249
ᠬᠠᠶᠢᠬ᠄ ᠤᠯᠠᠭ᠋ᠠᠠᠭ᠍ᠠᠳᠠᠳᠤᠬᠢ ᠮᠤᠩᠭᠤᠯ ᠦᠨᠳᠦᠰᠦᠳᠡᠨ᠎ᠤ ᠲᠤᠮᠳᠠᠳᠤ ᠰᠤᠷᠭ᠋ᠠᠭᠤᠯᠢ
(ᠰᠠᠨᠭ᠌ᠵᠠᠢ ᠨᠠᠢ᠍ᠢ᠍ᠷᠠᠭᠤᠯᠪᠠ)
2018 ᠣᠨ᠎ᠤ 10 ᠳ᠋ᠤᠭ᠋ᠠᠷ ᠬᠤᠭᠤᠴᠠᠭ᠎ᠠ